ᠡᠧᠡᠩᠬᠢ ᠬᠤᠰᠢᠭᠤ ᠤᠨᠳᠤᠤ ᠭᠠᠵᠠᠷ ᠲᠤ ᠨᠡᠬᠦᠯᠬᠡᠬᠦ ᠪᠡ ᠶᠠᠳᠠᠭᠤ ᠶᠢ ᠲᠡᠳᠬᠦᠬᠦ ᠠᠵᠢᠯ‌ᠢ ᠴᠤᠭ ᠲᠤᠨᠢ ᠠᠳᠬᠤᠵᠦ ᠠᠮᠢᠳᠤᠷᠠᠯ ᠬᠦᠴᠢᠷᠳᠠᠢ ᠡᠷᠤᠬᠡ ᠶᠢᠨ ᠶᠠᠳᠠᠭᠤ ᠠᠴᠠ ᠠᠩᠬᠢᠵᠢᠷᠠᠬᠤ ᠶᠢ ᠪᠠᠳᠤᠯᠠᠵᠦ ᠪᠤᠢ
ᠨᠡᠶᠢᠲᠡᠯᠡᠭᠰᠡᠨ ᠴᠠᠭ᠄
2018/7/26
     ᠰᠤᠷᠪᠤᠯᠵᠢᠯᠠᠭᠴᠢ ᠤᠢᠢᠷ᠎ᠠ ᠳᠤ ᠧᠡᠩᠬᠢ ᠬᠤᠰᠢᠭᠤᠨ ᠤ ᠪᠠᠶᠠᠡᠳᠤᠬᠤᠢ ᠭᠠᠴᠠᠭᠠᠨ ᠤ ᠠᠮᠢᠳᠤᠷᠠᠯ ᠬᠦᠴᠢᠷᠳᠠᠢ ᠡᠷᠤᠬᠡ ᠾᠧ ᠮᠧᠢ ᠷᠦᠩ ᠪᠤᠯᠤᠨ ᠶᠢᠨ ᠬᠤᠸᠠ ᠶᠢᠨ ᠬᠦᠷᠬᠦ ᠳᠤ ᠭᠠᠴᠠᠭᠠᠨ ᠤ ᠨᠢᠬᠡᠳᠤᠬᠡᠷ ᠱᠦᠵᠢ ᠵᠢᠶᠠᠩ ᠶᠠᠩ ᠪᠠᠶᠠᠡᠳᠤᠬᠤᠢ ᠪᠠᠯᠭᠠᠰᠤᠡ ᠤ ᠵᠠᠰᠠᠬ ᠤᠨ ᠤᠷᠳᠤᠡ ᠤ ᠨᠠᠮ ᠤᠨ ᠬᠡᠰᠢᠬᠦᠳ ᠵᠢᠴᠢ ᠭᠠᠴᠠᠭᠠᠨ ᠤ ︽ᠬᠤᠶᠠᠷ ᠵᠦᠪᠯᠠᠯ ︾  ᠤᠨ ᠬᠡᠰᠢᠬᠦᠳ ᠲᠠᠢ ᠬᠠᠮᠳᠤᠪᠠᠷ ᠲᠡᠳᠡᠨ ᠤ ᠬᠢᠨ ᠢ ᠬᠠᠪᠰᠤᠷᠴᠦ ᠭᠤᠧᠡ ᠶᠢᠨ ᠴᠢᠬᠢ ᠶᠢ ᠫᠧᠩ ᠳᠤ ᠤᠷᠤᠭᠤᠯᠤᠭᠠᠳ ᠶᠠᠭᠠᠷᠠᠵᠦ ᠪᠠᠶᠢᠯ᠎ᠠ᠃ ᠪᠦᠭᠴᠢᠮ᠎ᠠ ᠬᠠᠯᠠᠭᠤᠨ ᠡᠳᠦᠷ ᠫᠧᠩ ᠲᠤᠳᠤᠷ᠎ᠠ ᠨᠢᠯ ᠬᠢᠬᠡᠳ ᠠᠮᠢᠰᠬᠤᠭ᠎ᠠ ᠠᠪᠬᠤ ᠳᠤ ᠬᠦᠷᠳᠡᠯ᠎ᠡ ᠬᠦᠴᠢᠷᠳᠡᠵᠦ ᠪᠠᠶᠢᠬᠤ ᠳᠤ ᠤᠯᠠᠨ ᠢᠶᠠᠷ ᠢᠶᠠᠨ ᠰᠡᠳᠬᠢᠯ ᠨᠢᠬᠡᠳᠡᠢ ᠬᠠᠮᠵᠢᠯᠴᠠᠨ᠂ ᠮᠠᠷᠬᠡᠵᠢᠯᠳᠡᠡ ᠤ ᠵᠢᠯᠦᠭᠤᠳᠤᠯᠭ᠎ᠠ ᠲᠤᠤᠷ᠎ᠠ ᠴᠢᠬᠢ ᠵᠠᠶᠢᠯᠠᠵᠦ ᠪᠠᠶᠢᠪᠠ᠃      ᠪᠠᠶᠡᠡᠳᠤᠬᠤᠢ ᠭᠠᠴᠠᠭᠠᠨ ᠳᠤ 4 ᠲᠠᠩᠰᠠᠯᠠᠵᠤ ᠺᠡᠷᠳ᠋ᠯᠡᠬᠰᠠᠨ ᠠᠮᠢᠳᠤᠷᠠᠯ ᠬᠦᠴᠢᠷᠳᠠᠢ ᠡᠷᠤᠬᠡ ᠲᠠᠢ ᠪᠠᠶᠢᠵᠤ᠂ ᠪᠦᠷ ᠲᠤᠭᠳᠠᠭᠰᠠᠨ ᠤᠷᠤᠡ ᠰᠠᠭᠤᠴᠡ ᠦᠬᠡᠢ ᠪᠤᠯᠬᠤᠷ᠂ ᠨᠢᠳᠤᠨᠤᠡ ᠭᠠᠴᠠᠭᠠᠨ ᠠᠴᠠ ᠤᠡᠳᠤᠤ ᠭᠠᠵᠠᠷ ᠨᠡᠬᠦᠯᠬᠡᠨ ᠰᠢᠯᠵᠢᠬᠦᠯᠬᠦ ᠲᠦᠷᠤᠯ ᠵᠦᠢᠯ ᠢ ᠠᠰᠢᠬᠯᠡᠨ ᠡᠷᠤᠬᠡ ᠪᠦᠷᠢ ᠳᠤ ᠰᠢᠨ᠎ᠡ ᠬᠡᠷ ᠪᠠᠷᠢᠵᠦ ᠦᠭᠬᠦᠭᠰᠡᠨ ᠪᠦᠬᠡᠳ ᠢᠳᠡᠰᠢᠨ ᠨᠤᠭᠤᠭᠠᠠ ᠤ ᠲᠤᠮᠤ ᠫᠧᠩ ᠪᠠᠶᠢᠭᠤᠯᠵᠦ ᠦᠭᠴᠡᠢ᠃ ᠡᠨᠡ ᠵᠢᠯ ᠭᠠᠴᠠᠭᠠᠨ ᠤ ᠨᠢᠬᠡᠳᠤᠬᠡᠷ ᠱᠦᠵᠢ ᠵᠢᠶᠠᠩ ᠶᠠᠩ ᠭᠠᠴᠠᠭᠠᠨ ᠤ ᠠᠮᠢᠳᠤᠷᠠᠯ ᠬᠦᠴᠢᠷᠳᠠᠢ ᠬᠡᠷ ᠪᠦᠯᠢ ᠶᠢᠨ ᠬᠢᠨ ᠲᠠᠢ ᠵᠦᠪᠳᠡᠯᠴᠡᠭᠰᠡᠨ ᠤ ᠲᠠᠷᠠᠭ᠎ᠠ᠂ ᠭᠠᠴᠠᠭᠠᠨ ᠤ ᠤᠡᠳᠤᠤ ᠭᠠᠵᠠᠷ ᠨᠡᠬᠦᠯᠬᠡᠨ ᠰᠢᠯᠵᠢᠬᠦᠯᠬᠦ ᠲᠦᠷᠤᠯ ᠵᠦᠢᠯ ᠤᠨ ᠢᠳᠡᠰᠢᠨ ᠨᠤᠭᠤᠭ᠎ᠠ ᠶᠢᠨ ᠫᠧᠩ ᠢ ᠪᠠᠶᠢᠭᠤᠯᠤᠡ ᠲᠠᠷᠪᠤᠰ ᠪᠤᠯᠤᠨ ᠠᠮᠳᠠᠳᠤ ᠬᠡᠮᠬᠡ ᠶᠢ ᠲᠠᠷᠢᠬᠤ ᠪᠠᠷ ᠪᠤᠯᠪᠠ᠃ ᠭᠠᠴᠠᠭᠠᠨ ᠤ 4 ᠠᠮᠢᠳᠤᠷᠠᠯ ᠬᠦᠴᠢᠷᠳᠠᠢ ᠡᠷᠤᠬᠡ ᠶᠢᠨ ᠬᠤᠶᠠᠷ ᠡᠷᠤᠬᠡ ᠨᠢ ᠭᠠᠭᠴᠡ ᠪᠡᠶ᠎ᠡ ᠬᠦᠮᠤᠨ᠂ ᠲᠠᠳᠡ ᠦᠪᠡᠷ ᠲᠡᠭᠡᠨ ᠭᠠᠳᠠᠬᠰᠢ ᠭᠠᠷᠴᠤ ᠬᠦᠯᠦᠰᠤᠡ ᠠᠵᠢᠯ ᠬᠢᠵᠦ᠂ ᠬᠦᠷᠢᠶᠠᠨ ᠲᠤᠳᠤᠷᠡᠬᠢ ᠢᠳᠡᠰᠢᠨ ᠨᠤᠭᠤᠭ᠎ᠠ ᠶᠢᠨ ᠫᠧᠩ ᠢᠶᠠᠨ ᠵᠢᠯ ᠤᠨ 1000 ᠲᠦᠬᠦᠷᠢᠭ ᠢᠶᠠᠷ ᠨᠦᠬᠦᠬᠡ ᠠᠮᠢᠳᠤᠷᠠᠯ ᠬᠦᠴᠢᠷᠳᠠᠢ ᠡᠷᠤᠬᠡ ᠾᠧ ᠮᠧᠢ ᠷᠦᠩ ᠪᠤᠯᠤᠨ ᠶᠢᠨ ᠬᠤᠧᠡ ᠳᠤ ᠲᠦᠷᠢᠶᠡᠰᠤᠯᠠᠨ ᠦᠭᠬᠦᠭᠰᠡᠨ ᠠᠴᠠ ᠾᠧ ᠮᠧᠢ ᠷᠦᠩ ᠪᠤᠯᠤᠨ ᠶᠢᠨ ᠬᠤᠧᠡ ᠶᠢᠨ ᠬᠢ ᠡᠷᠤᠬᠡ ᠪᠦᠷᠢ ᠬᠤᠶᠠᠷ ᠲᠤᠮᠤ ᠢᠳᠡᠰᠢᠨ ᠨᠤᠭᠤᠭ᠎ᠠ ᠶᠢᠨ ᠫᠧᠩ ᠲᠠᠢ ᠪᠤᠯᠵᠦ ᠢᠳᠡᠰᠢᠨ ᠨᠤᠭᠤᠭ᠎ᠠ ᠲᠠᠷᠢᠬᠤ ᠪᠤᠯᠵᠠᠢ᠃ ︽ᠦᠪᠡᠷ ᠢᠶᠠᠨ ᠰᠢᠨ᠎ᠡ ᠬᠡᠷ ᠲᠠᠢ ᠪᠤᠯᠵᠦ᠂ ᠬᠦᠷᠢᠶᠡᠨ ᠳᠡᠭᠡᠨ ᠨᠤᠭᠤᠭ᠎ᠠ ᠲᠠᠷᠢᠵᠦ ᠵᠤᠭᠤᠰ ᠤᠯᠵᠦ ᠪᠠᠶᠢᠨ᠎ᠠ︾ ᠬᠡᠵᠦ ᠾᠧ ᠮᠧᠢ ᠷᠦᠩ ᠮᠠᠰᠢ ᠪᠠᠶᠠᠷᠳᠠᠢ ᠶᠠᠷᠢᠨ᠎ᠠ᠃      ᠭᠠᠴᠠᠭᠠᠨ ᠤ ᠨᠢᠬᠡᠳᠤᠬᠡᠷ ᠱᠦᠵᠢ ᠵᠢᠶᠠᠩ ᠶᠠᠩ᠄ ︽ᠨᠡᠬᠦᠯᠬᠡᠡ ᠰᠢᠯᠵᠢᠬᠦᠯᠬᠦ ᠨᠢ ᠵᠦᠪᠬᠡᠨ ᠨᠢᠬᠡ ᠵᠦᠢᠯ ᠤᠨ ᠠᠷᠭ᠎ᠠ ᠪᠠᠷᠢᠯ᠂ ᠶᠠᠳᠠᠭᠤ ᠶᠢ ᠲᠡᠳᠬᠦᠬᠦ ᠨᠢ ᠰᠠᠶ᠋ᠢ ᠭᠤᠤᠯ ᠬᠠᠷᠠᠯᠳᠡ ᠮᠦᠨ᠃ ᠤᠡᠳᠤᠤ ᠭᠠᠵᠠᠷ ᠨᠡᠬᠦᠯᠬᠡᠨ ᠰᠢᠯᠵᠢᠬᠦᠯᠬᠦ ᠲᠦᠷᠤᠯ ᠵᠦᠢᠯ ᠨᠢ ᠶᠠᠳᠠᠭᠤ ᠬᠦᠴᠢᠷᠳᠠᠢ ᠡᠷᠤᠬᠡ ᠶᠢ ᠨᠡᠬᠦᠯᠬᠡᠨ᠂ ᠰᠠᠭᠤᠬᠤ ᠤᠷᠤᠡ ᠰᠠᠭᠤᠴᠡ ᠲᠠᠢ ᠪᠤᠯᠭᠠᠵᠤ᠂ ᠪᠠᠶᠠᠵᠢᠯ ᠤᠨ ᠵᠠᠮ ᠢᠶᠠᠷ ᠵᠠᠮᠨᠠᠭᠤᠯᠤᠨ᠂ ᠤᠨᠳᠤᠤ ᠭᠠᠵᠠᠷ ᠲᠤ ᠨᠡᠬᠦᠯᠬᠡᠨ ᠰᠢᠯᠵᠢᠬᠦᠯᠬᠦ ᠪᠤᠯᠤᠨ ᠶᠠᠳᠠᠭᠤ ᠠᠴᠠ ᠠᠩᠬᠢᠵᠢᠷᠡᠭᠤᠯᠬᠤ ᠶᠢ ᠴᠤᠭ ᠲᠤᠨᠢ ᠠᠳᠬᠤᠵᠦ᠂ ᠶᠠᠳᠠᠭᠤ ᠬᠦᠴᠢᠷᠳᠠᠢ ᠡᠷᠤᠬᠡ ᠶᠢ ᠡᠷᠳᠡ ᠡᠳᠤᠷ ᠪᠠᠶᠠᠵᠢᠭᠤᠯᠬᠤ ᠶᠢᠨ ᠲᠦᠯᠦᠬᠡ ᠰᠢᠤ︾ ᠬᠡᠵᠦ ᠪᠠᠶᠢᠯ᠎ᠠ᠃      ᠤᠢᠢᠯᠠᠭᠠᠬᠰᠠᠨ ᠢᠶᠠᠷ᠂ ᠨᠢᠳᠤᠨᠤᠡ ᠡᠧᠡᠩᠬᠢ ᠬᠤᠰᠢᠭᠤ ᠨᠠᠶᠢᠳᠡ 5 ᠰᠤᠮᠤ ᠪᠠᠯᠭᠠᠰᠤ᠂ 12 ᠵᠠᠰᠠᠬ ᠵᠡᠬᠢᠷᠭᠠᠨ ᠤ ᠭᠠᠴᠠᠭᠠᠨ ᠤ 96 ᠡᠷᠤᠬᠡ 195 ᠬᠦᠮᠤᠨ ᠢ ᠤᠡᠳᠤᠤ ᠭᠠᠵᠠᠷ ᠨᠡᠬᠦᠯᠬᠡᠨ ᠰᠢᠯᠵᠢᠬᠦᠯᠵᠠᠢ᠃ ᠨᠠᠶᠢᠳᠡ 83 ᠡᠷᠤᠬᠡ 172 ᠬᠦᠮᠤᠡ ᠢ ᠲᠦᠪᠯᠠᠷᠡᠬᠦᠯᠤᠨ ᠰᠠᠭᠤᠷᠢᠰᠢᠭᠤᠯᠪᠠ᠃ ᠨᠡᠬᠦᠯᠬᠡᠨ ᠰᠢᠯᠵᠢᠬᠦᠯᠬᠦ ᠡᠳᠡᠬᠡᠳ ᠤᠨ ᠪᠤᠳᠠᠳᠠᠢ ᠪᠠᠶᠢᠳᠠᠯ ᠢ ᠦᠡᠳᠤᠰᠤᠯᠠᠵᠦ᠂ ᠡᠳ᠋ ᠤᠨ ᠵᠠᠰᠠᠬ ᠤᠨ ᠶᠠᠳᠠᠭᠤ ᠶᠢ ᠲᠡᠳᠬᠦᠬᠦ ᠲᠤᠰᠬᠠᠢ ᠪᠠᠯᠡ ᠮᠦᠩᠬᠦ ᠪᠤᠯᠤᠨ ᠬᠠᠮᠢᠶ᠎ᠠ ᠪᠦᠬᠦᠢ ᠲᠠᠷᠢᠶᠠᠯᠠᠩ ᠲᠠᠢ ᠬᠤᠯᠪᠤᠭᠳᠠᠭᠰᠠᠨ ᠪᠠᠯᠡ ᠮᠦᠩᠬᠦ ᠶᠢ ᠨᠢᠬᠡᠳᠤᠯᠳᠠᠢ ᠲᠤᠬᠢᠷᠡᠭᠤᠯᠬᠤ ᠪᠠᠷ ᠲᠠᠮᠵᠢᠨ᠂ ᠤᠡᠴᠠᠯᠢᠬᠳᠤ ᠠᠵᠤ ᠦᠢᠯᠡᠰ᠂ ᠬᠦᠳᠠᠯᠮᠤᠷᠢ ᠦᠢᠯᠡᠴᠢᠯᠡᠬᠡᠨ ᠤ ᠠᠵᠤ ᠠᠬᠤᠢ ᠶᠢ ᠬᠦᠭᠵᠢᠬᠦᠯᠬᠦ᠂ ᠨᠠᠶᠢᠬᠡᠮ ᠤᠨ ᠪᠡᠳᠤᠯᠠᠪᠤᠷᠢ ᠶᠢ ᠲᠡᠬᠦᠯᠳᠡᠷᠵᠢᠬᠦᠯᠬᠦ ᠶᠢ ᠲᠠᠮᠵᠢᠵᠤ᠂ ᠡᠳ᠋ ᠬᠦᠷᠤᠩᠬᠡ ᠶᠢᠨ ᠠᠰᠢᠬ ᠤᠯᠵᠠᠪᠤᠷᠢ ᠪᠠᠷ ᠶᠠᠳᠠᠭᠤ ᠶᠢ ᠲᠡᠳᠬᠦᠬᠦ ᠵᠡᠷᠬᠡ ᠠᠷᠭ᠎ᠠ ᠬᠡᠯᠪᠠᠷᠢ ᠶᠢ ᠰᠦᠪᠡᠭᠴᠢᠯᠠᠨ᠂ ᠠᠮᠢᠳᠤᠷᠠᠯ ᠬᠦᠴᠢᠷᠳᠠᠢ ᠬᠦᠮᠤᠨ ᠠᠮᠡ ᠲᠤᠭᠳᠠᠭᠤᠨ ᠤᠷᠤᠯᠭ᠎ᠠ ᠲᠠᠢ ᠪᠤᠯᠵᠦ ᠶᠠᠳᠠᠭᠤ‌ᠡᠴᠠ ᠠᠩᠬᠢᠵᠢᠷᠡᠬᠤ ᠶᠢ ᠪᠠᠶᠠᠯᠠᠬᠦᠯᠬᠦ ᠶᠢ ᠪᠠᠳᠤᠯᠠᠵᠦ ᠪᠤᠢ᠃
 
ᠢᠷᠡᠯᠲᠡ᠄ ᠬᠦᠯᠤᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号