ᠭᠡᠷ ᠤᠨ ᠰᠤᠷᠭᠠᠯ ᠪᠤᠯ ᠠᠩᠬᠠᠨ ᠤ ᠬᠦᠮᠤᠵᠢᠯ ᠮᠦᠨ᠃ ᠮᠦᠨ ᠴᠤ ᠨᠢᠭᠡ ᠬᠦᠮᠤᠨ ᠤ ᠨᠠᠰᠤᠨ ᠲᠤᠷᠰᠢᠬᠢ ᠦᠢᠯᠡ ᠠᠵᠢᠯᠯᠠᠭᠠᠨ ᠤ ᠡᠬᠢᠯᠡᠯᠳᠠ ᠶᠢᠨ ᠴᠡᠭ | ᠮᠦᠨ᠃ ᠡᠶᠢᠮᠤ ᠠᠴᠠ ᠪᠠᠷᠭᠤ ᠮᠠᠯᠴᠢᠳ ᠡᠷᠳᠡ ᠲᠡᠭᠡᠳᠤ ᠦᠶ᠎ᠠ ᠠᠴᠠ ᠠᠪᠤᠭᠠᠳ᠂ ᠭᠡᠷ ᠤᠨ ᠰᠤᠷᠭᠠᠯ ᠢ ᠡᠷᠬᠢᠮᠯᠡᠨ ᠬᠦᠡᠳᠤᠳᠭᠡᠭᠰᠡᠭᠡᠷ ᠢᠷᠡᠭᠰᠡᠨ ᠶᠤᠮ᠃ ᠪᠠᠷᠭᠤ | ᠮᠠᠯᠴᠢᠳ ᠦᠪᠡᠷᠰᠡᠳ ᠤᠨ ᠦᠷ᠎ᠠ ᠭᠡᠤᠭᠡᠳ ᠢᠶᠠᠨ᠂ ᠰᠤᠶᠤᠯ ᠪᠤᠯᠪᠠᠰᠤᠷᠠᠯ ᠲᠠᠢ᠂ ᠮᠠᠯᠴᠢᠨ ᠠᠮᠢᠳᠤᠷᠠᠬᠤ ᠮᠠᠳᠡᠯᠭᠡ ᠮᠠᠷᠭᠡᠵᠢᠯ ᠲᠠᠢ᠂ ᠦᠡᠳᠤᠰᠤᠳᠡᠨ | ᠤᠭᠰᠠᠭᠠᠳᠠᠨ ᠤ ᠪᠠᠨ ᠶᠤᠰᠤ ᠰᠤᠷᠳᠠᠬᠤᠨ ᠢ ᠤᠢᠢᠯᠠᠭᠠᠵᠤ ᠪᠠᠷᠢᠮᠳᠠᠯᠠᠳᠠᠭ᠂ ︽ᠤᠯᠤᠰ ᠲᠤ ᠭᠡᠷᠡᠭᠴᠡᠭᠡ ᠲᠠᠢ᠂ ᠠᠷᠠᠳ ᠲᠤ ᠲᠤᠰᠠᠳᠠᠢ᠂ ᠡᠴᠢᠭᠡ ᠡᠭᠡ ᠳᠡᠭᠡᠨ | ᠠᠴᠢᠯᠠᠯᠳᠠᠢ ᠬᠦᠮᠤᠨ︾ ᠪᠤᠯᠭᠠᠨ ᠬᠦᠮᠤᠵᠢᠬᠦᠯᠬᠦ ᠪᠠᠷ ᠵᠤᠷᠢᠯᠳᠠ ᠪᠠᠨ ᠪᠤᠯᠭᠠᠳᠠᠭ᠃ ᠡᠨᠡ ᠪᠤᠯ ᠠᠯᠢ ᠴᠤ ᠠᠶᠢᠯ ᠭᠡᠷ ᠪᠥᠯᠢ ᠶᠢᠨ ᠨᠠᠶᠢᠳᠠᠮ ᠪᠠᠷᠢᠮᠳᠠᠯᠠᠭᠰᠠᠭᠠᠷ | ᠢᠷᠡᠭᠰᠡᠨ ᠤᠳᠤᠮᠰᠢᠯᠳᠤ ᠵᠠᠩ ᠲᠠᠳᠬᠠᠯ ᠪᠤᠯᠤᠨ᠎ᠠ᠃ | ᠪᠠᠷᠭᠤ ᠮᠠᠯᠴᠢᠳ᠂ ᠲᠠᠤᠭᠡ ᠠᠴᠠ ᠪᠠᠨ ᠠᠪᠤᠭᠠᠳ ᠮᠠᠯ ᠠᠵᠤ ᠠᠬᠤᠢ ᠡᠷᠬᠢᠯᠡᠵᠤ᠂ ᠨᠡᠬᠦᠳᠡᠯᠯᠡᠨ ᠮᠠᠯᠵᠢᠭᠰᠠᠭᠠᠷ ᠢᠷᠡᠭᠰᠡᠨ ᠲᠤᠯᠠ ᠲᠠᠳᠠ ᠨᠠᠷ ᠤᠨ ᠦᠷ᠎ᠠ | ᠭᠡᠤᠭᠡᠳ ᠢᠶᠠᠨ ᠰᠤᠷᠭᠠᠨ ᠬᠦᠮᠤᠵᠢᠬᠦᠯᠬᠦ ᠬᠠᠨᠳᠤᠰᠢ᠂ ᠠᠭᠤᠯᠭ᠎ᠠ᠂ ᠠᠷᠭ᠎ᠠ ᠪᠠᠷᠢᠯ ᠨᠢ ᠪᠤᠰᠤᠳ ᠦᠡᠳᠤᠰᠤᠳᠡᠨ᠂ ᠪᠤᠰᠤᠳ ᠭᠠᠵᠠᠷ ᠤᠷᠤᠨ ᠲᠠᠢ ᠠᠳᠠᠯᠢᠳᠬᠠᠪᠡᠯ | ᠠᠳᠠᠯᠢ ᠪᠤᠰᠤ ᠦᠪᠡᠷ ᠤᠨ ᠬᠢᠨᠢ ᠦᠪᠡᠷᠮᠢᠴᠡ ᠤᠡᠴᠠᠯᠢᠭ ᠲᠠᠢ ᠪᠠᠶᠢᠳᠠᠭ᠃ ᠲᠠᠳᠠ ᠨᠠᠷ ᠦᠪᠡᠷᠰᠡᠳ ᠤᠨ ᠡᠵᠡᠩᠨᠡᠨ ᠡᠷᠬᠢᠯᠡᠵᠤ ᠪᠠᠶᠢᠭ᠎ᠠ ᠦᠢᠯᠡᠳᠪᠤᠷᠢᠯᠡᠯ᠂ | ᠠᠮᠢᠳᠤᠷᠠᠯ ᠤᠨ ᠪᠤᠳᠠᠳᠠᠢ ᠠᠴᠠ ᠡᠬᠦᠰᠴᠤ᠂ ᠲᠠᠬᠦᠨ ᠤ ᠪᠠᠨ ᠭᠡᠷᠡᠭᠴᠡᠭᠡ ᠪᠤᠯᠤᠨ ᠱᠠᠭᠠᠷᠳᠠᠯᠭ᠎ᠠ ᠳᠤ ᠵᠤᠬᠢᠴᠠᠭᠤᠯᠤᠨ᠂ ᠭᠡᠤᠭᠡᠳ ᠢ ᠭᠤᠤᠯᠳᠠᠭᠤ ᠮᠠᠯ ᠮᠠᠯᠵᠢᠬᠤ᠂ | ᠨᠡᠬᠦᠳᠡᠯ ᠠᠮᠢᠳᠤᠷᠠᠯ ᠬᠢᠬᠦ ᠠᠷᠭ᠎ᠠ ᠮᠡᠳᠡᠯᠭᠡ ᠠᠴᠠ ᠡᠬᠢᠯᠡᠨ ᠰᠤᠷᠭᠠᠳᠠᠭ ᠪᠠᠶᠢᠨ᠎ᠠ᠃ ᠭᠡᠤᠭᠡᠳ ᠢ ᠪᠠᠭ᠎ᠠ ᠠᠴᠠ ᠨᠢ ᠰᠤᠷᠭᠠᠵᠤ᠂ ︽ᠨᠠᠶᠢᠭᠡᠮ ᠳᠤ ᠭᠡᠷᠡᠭᠴᠡᠭᠡ ᠲᠠᠢ | ᠬᠦᠮᠤᠨ︾ ᠪᠤᠯᠭᠠᠨ ᠬᠦᠮᠤᠵᠢᠬᠦᠯᠬᠦ ᠶᠠᠪᠤᠳᠠᠯ ᠨᠢ ᠨᠠᠶᠢᠭᠡᠮ ᠤᠨ ᠪᠥᠬᠦ ᠲᠠᠯ᠎ᠠ ᠳᠤ ᠬᠤᠯᠪᠤᠭᠳᠠᠬᠤ ᠲᠤᠯᠠ ᠵᠢᠭᠠᠨ ᠰᠤᠷᠭᠠᠬᠤ ᠪᠤᠳᠠᠳᠠᠢ ᠠᠭᠤᠯᠭ᠎ᠠ ᠶᠢᠨ ᠲᠠᠯ᠎ᠠ ᠠᠴᠠ | ᠭᠡᠯᠡᠪᠡᠯ᠂ ᠶᠡᠭᠡ ᠲᠦᠯᠦᠪ᠄ ᠮᠠᠯ ᠮᠠᠯᠵᠢᠯ ᠤᠨ ᠰᠤᠷᠭᠠᠯ᠂ ᠪᠢᠴᠢᠭ ᠰᠤᠶᠤᠯ ᠤᠨ ᠰᠤᠷᠭᠠᠯ᠂ ᠠᠵᠤ ᠠᠮᠢᠳᠤᠷᠠᠯ ᠤᠨ ᠰᠤᠷᠭᠠᠯ᠂ ᠤᠷᠴᠢᠨ ᠠᠬᠤᠢ ᠶᠢᠨ ᠰᠤᠷᠭᠠᠯ᠂ | ᠶᠤᠰᠤ ᠰᠤᠷᠳᠠᠬᠤᠨ ᠤ ᠰᠤᠷᠭᠠᠯ᠂ ᠬᠠᠤᠯᠢ ᠲᠥᠷᠢᠮ ᠤᠨ ᠰᠤᠷᠭᠠᠯ᠂ ᠬᠦᠮᠤᠰ ᠤᠨ ᠬᠠᠷᠢᠯᠴᠠᠭᠠᠨ ᠤ ᠰᠤᠷᠭᠠᠯ ᠭᠡᠬᠦ ᠮᠡᠳᠤᠴᠢᠯᠡᠨ ᠨᠠᠩ ᠨᠠᠷᠢᠯᠢᠭ ᠰᠢᠬ ᠬᠤᠪᠢᠶᠠᠨ | ᠢᠯᠭᠠᠪᠤᠷᠢᠯᠠᠵᠤ ᠪᠤᠯᠳᠠᠭ᠃ ᠮᠦᠨ ᠴᠤ ᠬᠦᠮᠤᠰ ᠤᠨ ᠴᠢᠨᠠᠷ ᠤᠨ ᠢᠯᠭᠠᠯ ᠠᠴᠠ ᠪᠤᠯᠵᠤ᠂ ᠡᠷᠡᠭᠳᠡᠢ ᠡᠮᠡᠭᠳᠡᠢ ᠭᠡᠤᠭᠡᠳ ᠲᠤ ᠠᠳᠠᠯᠢ ᠪᠤᠰᠤ ᠬᠠᠨᠳᠤᠰᠢ ᠪᠠᠷ ᠵᠢᠭᠠᠨ | ᠰᠤᠷᠭᠠᠳᠠᠭ ᠪᠠᠶᠢᠨ᠎ᠠ᠃ ᠡᠶᠢᠮᠤ ᠠᠴᠠ ᠤᠳᠤ ᠪᠢ ᠡᠨᠡ ᠭᠡᠳᠤᠨ ᠲᠠᠯ᠎ᠠ ᠪᠠᠷ ᠭᠤᠤᠯ ᠰᠥᠪᠡᠭᠴᠢ ᠪᠤᠯᠭᠠᠵᠤ᠂ ᠪᠠᠷᠭᠤ ᠮᠠᠯᠴᠢᠳ ᠤᠨ ᠦᠷ᠎ᠠ ᠭᠡᠤᠭᠡᠳ ᠢᠶᠠᠨ ᠰᠤᠷᠭᠠᠨ | ᠬᠦᠮᠤᠵᠢᠬᠦᠯᠵᠤ ᠢᠷᠡᠭᠰᠡᠨ ᠪᠠᠶᠢᠳᠠᠯ ᠢ ᠲᠤᠤᠷᠠᠬᠢ ᠮᠡᠳᠤ ᠲᠤᠪᠴᠢ ᠪᠠᠷ ᠦᠬᠦᠯᠡᠰᠥᠭᠡᠢ︕ | ᠨᠢᠭᠡ᠂ ᠪᠠᠷᠭᠤ ᠮᠠᠯᠴᠢᠳ ᠭᠡᠤᠭᠡᠳ ᠢᠶᠠᠨ ᠬᠠᠷᠠᠬᠠᠨ ᠪᠠᠭ᠎ᠠ ᠠᠴᠠ ᠨᠢ ᠬᠤᠷᠠᠭ᠎ᠠ ᠢᠰᠢᠭᠡ ᠵᠦᠭᠡᠭᠡᠯᠭᠡᠬᠦ᠂ ᠨᠢᠳᠤᠯᠡᠬᠦᠯᠬᠦ᠂ ᠤᠭᠵᠢᠬᠤ ᠵᠠᠷᠭᠡ ᠪᠠᠷ ᠮᠠᠯ ᠳᠤ | ᠲᠠᠰᠬᠠᠵᠤ᠂ ᠴᠢᠨᠠᠭᠰᠢᠳᠠ ᠮᠠᠯ ᠤᠨ ᠢᠮ ᠲᠠᠮᠠᠭ᠎ᠠ ᠪᠤᠯᠤᠨ ᠲᠦᠷᠥᠭᠰᠡᠨ ᠦᠡᠭᠭᠡ ᠵᠢᠰᠤ᠂ ᠤᠡᠴᠠᠯᠢᠭ ᠢ ᠮᠡᠳᠡᠬᠦᠯᠵᠤ᠂ ᠦᠪᠡᠷ ᠲᠤᠨᠢ ᠬᠤᠪᠢᠯᠠᠵᠤ ᠦᠭᠬᠦᠭᠰᠡᠨ ᠮᠠᠯ ᠢ | ᠦᠪᠡᠷ ᠢᠶᠠᠷ ᠨᠢ ᠲᠠᠵᠢᠭᠡᠯᠭᠡᠬᠦ᠂ ᠠᠷᠠᠴᠢᠯᠠᠭᠤᠯᠬᠤ ᠵᠠᠷᠭᠡ ᠶᠠᠪᠤᠳᠠᠯ ᠢᠶᠠᠷ ᠲᠠᠮᠵᠢᠭᠤᠯᠤᠨ ᠠᠯᠬᠤᠮ ᠠᠯᠬᠤᠮ ᠢᠶᠠᠷ ᠮᠠᠯ ᠳᠤ ᠬᠦᠨ ᠵᠤᠵᠠᠭᠠᠨ ᠬᠠᠶᠢᠷ᠎ᠠ ᠰᠠᠳᠬᠢᠯᠭᠡ ᠲᠠᠢ | ᠪᠤᠯᠭᠠᠨ ᠬᠦᠮᠤᠵᠢᠬᠦᠯᠳᠡᠭ᠃ ᠭᠡᠤᠭᠡᠳ ᠢᠶᠠᠷ ᠮᠤᠷᠢ ᠪᠠᠷᠢᠵᠤ ᠲᠠᠯᠪᠢᠬᠤ᠂ ᠲᠤᠭᠤᠯ ᠤᠰᠤᠯᠠᠬᠤ᠂ ᠦᠳᠤ ᠲᠤᠭᠤᠯ ᠬᠠᠷᠠᠭᠤᠯᠬᠤ᠂ ᠦᠨᠢᠶ᠎ᠠ ᠢᠪᠢᠯᠡᠬᠦᠯᠬᠦ᠂ ᠮᠠᠯ | ᠪᠤᠴᠠᠭᠠᠬᠤ᠂ ᠬᠤᠳᠠ ᠬᠤᠷᠢᠶ᠎ᠠ ᠴᠡᠪᠡᠷᠯᠡᠬᠦ ᠵᠡᠷᠭᠡ ᠠᠵᠢᠯ ᠢ ᠪᠠᠶᠢᠡᠭᠭᠤ ᠬᠢᠯᠭᠡᠵᠤ᠂ ᠪᠠᠭ᠎ᠠ ᠠᠴᠠ ᠨᠢ ᠮᠠᠯ ᠠᠵᠤ ᠠᠬᠤᠢ ᠶᠢᠨ ᠦᠡᠳᠤᠰᠤᠨ ᠮᠡᠳᠡᠯᠭᠡ ᠮᠠᠷᠭᠡᠵᠢᠯ ᠲᠠᠢ | ᠪᠤᠯᠭᠠᠬᠤ ᠶᠢ ᠡᠷᠬᠢᠮᠯᠡᠳᠡᠭ᠃ ᠭᠡᠤᠭᠡᠳ ᠢ ᠪᠠᠭ᠎ᠠ ᠠᠴᠠ ᠨᠢ ᠮᠤᠷᠢ ᠤᠨᠤᠭᠤᠯᠵᠤ ᠰᠤᠷᠭᠠᠨ᠂ ᠠᠷᠪᠠᠭᠠᠳ ᠨᠠᠰᠤᠳᠡᠢ ᠪᠤᠯᠤᠮᠠᠭᠴᠠ ᠬᠦᠤ᠂ ᠭᠡᠤᠭᠡᠨ ᠢᠯᠭᠠᠯ ᠦᠭᠡᠢ | ᠤᠷᠤᠯᠳᠤᠭᠠᠨ ᠤ ᠮᠤᠷᠢ ᠤᠨᠤᠵᠤ ᠴᠢᠳᠠᠬᠤ ᠪᠤᠯᠳᠠᠭ᠃ ᠭᠡᠤᠭᠡᠳ ᠢ ᠪᠠᠭ᠎ᠠ ᠠᠴᠠ ᠨᠢ ᠡᠷᠳᠡ ᠪᠤᠰᠬᠠᠨ ᠰᠤᠷᠭᠠᠵᠤ᠂ ᠤᠡᠳᠠᠩᠬᠠᠢ ᠪᠤᠯᠬᠤ ᠠᠴᠠ ᠰᠠᠷᠭᠡᠶᠢᠯᠡᠳᠡᠭ᠃ | ᠡᠷᠳᠡ ᠪᠤᠰᠤᠮᠠᠭᠴᠠ ᠭᠠᠳᠠᠨ᠎ᠠ ᠭᠠᠷᠭᠠᠵᠤ᠂ ︽ᠰᠠᠯᠬᠢ ᠬᠠᠮᠢᠭ᠎ᠠ ᠠᠴᠠ ᠪᠠᠶᠢᠬᠤ︾᠂ ︽ᠲᠡᠭᠷᠢ ᠡᠬᠦᠯᠡ ᠲᠠᠢ ᠪᠠᠶᠢᠬᠤ ᠡᠰᠡᠬᠦ︾᠂ ︽ᠬᠡᠷᠥᠭᠡ ᠲᠠᠢ ᠮᠤᠷᠢ ᠬᠠᠮᠢᠭ᠎ᠠ | ᠪᠠᠶᠢᠬᠤ︾᠂ ︽ᠦᠭᠡᠷ ᠬᠠᠮᠢᠭᠠᠰᠢ ᠪᠠᠨ ᠪᠠᠯᠴᠢᠭᠰᠡᠨ︾ ᠵᠠᠷᠭᠡ ᠶᠢ ᠠᠰᠠᠭᠤᠵᠤ᠂ ᠭᠡᠤᠭᠡᠳ ᠢ ᠪᠠᠭ᠎ᠠ ᠠᠴᠠ ᠨᠢ ᠪᠠᠶᠢᠭᠠᠯᠢ ᠶᠢᠨ ᠪᠠᠶᠢᠳᠠᠯ ᠢ ᠠᠵᠢᠭᠯᠠᠨ ᠰᠢᠡᠵᠢᠯᠡᠬᠦ᠂ | ᠠᠳᠤᠭᠤ ᠮᠠᠯ ᠳᠠᠭᠠᠨ ᠬᠠᠷᠢᠭᠤᠴᠠᠯᠭᠠᠳᠤ ᠰᠠᠳᠬᠢᠯᠭᠡ ᠲᠠᠢ ᠪᠤᠯᠭᠠᠬᠤ ᠶᠢ ᠤᠡᠴᠠ ᠠᠩᠬᠠᠷᠳᠠᠭ᠃ | ᠬᠤᠶᠠᠷ᠂ ᠪᠠᠷᠭᠤ ᠮᠠᠯᠴᠢᠳ ᠬᠦᠤ ᠪᠠᠨ ᠲᠤᠯᠤᠭᠠᠨ ᠨᠠᠰᠤ ᠬᠦᠷᠥᠮᠡᠭᠴᠡ ᠭᠡᠷ ᠤᠨ ᠤᠢᠢᠷᠠᠯᠴᠠᠭ᠎ᠠ ᠪᠠᠶᠢᠬᠤ ᠪᠢᠴᠢᠭ ᠰᠤᠶᠤᠯ ᠲᠠᠢ᠂ ᠨᠠᠶᠢᠭᠡᠮ ᠳᠤ ᠬᠦᠡᠳᠤᠳᠡᠢ | ᠬᠦᠮᠤᠨ ᠢ ᠰᠤᠩᠭᠤᠵᠤ ᠪᠠᠭᠰᠢ ᠪᠤᠯᠭᠠᠨ᠂ ᠬᠠᠳᠠᠭ ᠪᠠᠷᠢᠵᠤ ᠭᠠᠷ ᠤᠨ ᠪᠡᠯᠡᠭ ᠬᠦᠷᠭᠡᠨ᠂ ᠭᠡᠤᠭᠡᠳ ᠢᠶᠠᠨ ᠮᠦᠷᠬᠦᠬᠦᠯᠵᠤ᠂ ᠪᠢᠴᠢᠭ ᠵᠢᠭᠠᠯᠭᠠᠨ ᠡᠬᠢᠯᠡᠳᠡᠭ᠃ ᠡᠨᠡ ᠬᠦ | ᠭᠡᠷ ᠤᠨ ᠪᠠᠭᠰᠢ ᠨᠢ ᠦᠡᠭᠭᠡᠷᠡᠭᠰᠡᠨ ᠳᠤ ᠮᠠᠡᠵᠤ ᠪᠢᠴᠢᠭ ᠵᠢᠭᠠᠳᠠᠭ ᠪᠠᠶᠢᠭᠰᠠᠨ ᠢᠶᠠᠨ ᠪᠠᠷᠤᠭ ᠬᠤᠷᠢᠳᠤᠭᠠᠷ ᠵᠠᠭᠤᠨ ᠤ ᠭᠤᠴᠢᠭᠠᠳ ᠤᠨ ᠠᠴᠠ ᠡᠬᠢᠯᠡᠨ ᠮᠤᠩᠭᠤᠯ | ᠪᠢᠴᠢᠭ ᠵᠢᠭᠠᠬᠤ ᠪᠤᠯᠤᠭᠰᠠᠨ ᠶᠤᠮ᠃ ᠭᠡᠤᠭᠡᠳ ᠡᠳᠤᠷ ᠪᠥᠷᠢ ᠪᠢᠴᠢᠭ ᠪᠤᠯᠤᠨ ᠵᠢᠵᠢᠭ ᠬᠠᠪᠳᠠᠰᠤ ᠪᠠᠷ ᠬᠢᠭᠰᠡᠨ ᠦᠨᠡᠰᠤᠨ ᠰᠠᠮᠪᠠᠷ᠎ᠠ ᠪᠠᠨ ᠠᠪᠴᠤ᠂ ᠮᠤᠷᠢ ᠪᠠᠷ | ᠪᠠᠭᠰᠢ ᠶᠢᠨ ᠢᠶᠠᠨ ᠭᠡᠷ ᠲᠤ ᠬᠦᠷᠴᠤ᠂ ᠤᠷᠢᠳᠠ ᠡᠳᠤᠷ ᠤᠨ ᠵᠢᠭᠠᠭᠰᠠᠨ ᠦᠰᠥᠭ ᠢ ᠤᠡᠭᠰᠢᠵᠤ᠂ ᠪᠢᠴᠢᠵᠤ ᠦᠭᠬᠦᠨ᠂ ᠪᠠᠭᠰᠢ ᠶᠢᠨ ᠰᠢᠯᠭᠠᠯᠳᠠ ᠶᠢ ᠦᠡᠭᠭᠡᠷᠡᠭᠰᠡᠨ ᠤ | ᠲᠠᠷᠠᠭ᠎ᠠ᠂ ᠲᠠᠬᠢᠨ ᠰᠢᠨ᠎ᠠ ᠦᠰᠦᠭ ᠢ ᠵᠠᠯᠭᠠᠨ ᠵᠢᠭᠠᠳᠠᠭ ᠪᠠᠶᠢᠪᠡ᠃ ᠡᠨᠡ ᠮᠡᠳᠤ ᠪᠠᠷ ᠠᠬᠢᠨ ᠲᠠᠬᠢᠨ ᠲᠠᠪᠳᠠᠵᠤ᠂ ᠬᠤᠨᠤᠭ ᠤᠨ ᠤᠷᠳᠤ᠂ ᠡᠳᠤᠷ ᠤᠨ | ᠤᠳᠠᠭᠠᠨ ᠳᠠᠭᠠᠨ ᠰᠤᠶᠤᠯ ᠤᠨ ᠵᠠᠮ ᠮᠦᠷ ᠢᠶᠠᠨ ᠤᠯᠳᠠᠭ ᠪᠠᠶᠢᠨ᠎ᠠ᠃ ᠠᠩᠬᠠᠨ ᠤ ᠠ ᠦᠰᠥᠭ ᠵᠢᠭᠠᠭᠰᠠᠨ ᠪᠠᠭᠰᠢ ᠪᠠᠨ ᠠᠪᠤ ᠡᠵᠢ ᠲᠠᠢ ᠪᠠᠨ ᠠᠳᠠᠯᠢ ᠪᠠᠷ | ᠬᠦᠡᠳᠤᠳᠭᠡᠨ ᠦᠵᠡᠵᠤ᠂ ᠵᠢᠯ ᠴᠠᠭᠠᠨ ᠰᠠᠷ᠎ᠠ ᠳᠤ ᠤᠷᠢᠳᠠᠪᠠᠷ ᠤᠴᠢᠵᠤ ᠵᠤᠯᠭᠠᠳᠠᠭ ᠪᠥᠭᠡᠳ ᠪᠠᠶᠠᠷ ᠲᠤᠷᠠᠰᠬᠠᠯ ᠤᠨ ᠡᠳᠤᠷ ᠡᠷᠬᠢᠨ ᠦᠵᠡᠵᠤ ᠪᠤᠯᠭᠤᠭᠠᠨ | ᠲᠤᠬᠤᠨᠢᠭᠤᠯᠵᠤ᠂ ᠨᠠᠰᠤᠨ ᠲᠤᠷᠰᠢ ᠳᠠᠭᠠᠨ ᠮᠠᠷᠳᠠᠳᠠᠭ ᠦᠭᠡᠢ ᠶᠤᠰᠤᠳᠡᠢ ᠪᠢᠯᠡ᠃ ᠭᠡᠷ ᠤᠨ ᠪᠠᠭᠰᠢ ᠠᠴᠠ ᠪᠢᠴᠢᠭ ᠰᠤᠷᠤᠭᠰᠠᠨ ᠬᠦᠮᠤᠰ ᠤᠨ ᠲᠤᠳᠤᠷ᠎ᠠ ᠠᠴᠠ | ᠤᠯᠠᠨ ᠲᠤᠭᠠᠨ ᠤ ᠡᠷᠳᠡᠮᠳᠡᠨ ᠴᠢᠳᠠᠪᠤᠷᠢᠳᠠᠨ ᠴᠤᠯᠭᠤᠷᠠᠨ ᠭᠠᠷᠤᠭᠰᠠᠨ ᠶᠤᠮ᠃ ᠮᠤᠩᠭᠤᠯᠴᠤᠳ ᠰᠢᠷ᠎ᠠ ᠶᠢᠨ ᠱᠠᠰᠢᠨ ᠢ ᠰᠢᠳᠤᠬᠦ ᠪᠤᠯᠤᠭᠰᠠᠨ ᠠᠴᠠ ᠬᠤᠶᠢᠰᠢ᠂ | ᠬᠤᠶᠠᠷ ᠬᠦᠤ ᠲᠠᠢ ᠠᠶᠢᠯ ᠪᠤᠯ ᠨᠢᠭᠡ ᠬᠦᠤ ᠪᠠᠨ ᠯᠠᠮᠠ ᠪᠤᠯᠭᠠᠬᠤ ᠱᠠᠭᠠᠷᠳᠠᠯᠭ᠎ᠠ ᠲᠠᠢ ᠪᠤᠯᠤᠭᠰᠠᠨ ᠲᠤᠯᠠ ᠰᠥᠮ᠎ᠠ ᠳᠤ ᠤᠴᠢᠵᠤ᠂ ᠬᠦᠤ ᠪᠠᠨ ᠪᠠᠭᠰᠢ ᠯᠠᠮᠠ ᠳᠤ | ᠮᠦᠷᠬᠦᠬᠦᠯᠦᠨ᠂ ᠰᠠᠬᠢᠯ ᠠᠪᠤᠭᠤᠯᠵᠤ᠂ ᠰᠥᠮ᠎ᠠ ᠳᠤ ᠪᠠᠶᠢᠡᠭᠭᠤ ᠰᠠᠭᠤᠯᠭᠠᠨ᠂ ᠨᠤᠮ ᠰᠤᠷᠭᠠᠬᠤ ᠪᠤᠯᠤᠭᠰᠠᠨ ᠪᠠᠶᠢᠪᠡ᠃ | ᠬᠤᠷᠢᠳᠤᠭᠠᠷ ᠵᠠᠭᠤᠨ ᠤ ᠲᠥᠴᠢᠭᠡᠳ ᠤᠨ ᠤ ᠲᠤᠮᠳᠠᠴᠢ ᠦᠶ᠎ᠠ ᠪᠠᠷ ᠮᠡᠨ ᠤ ᠭᠠᠵᠠᠷ ᠤᠷᠤᠨ ᠨᠠᠶᠢᠳᠠᠮ ᠴᠢᠯᠦᠭᠡᠯᠡᠭᠳᠡᠵᠤ᠂ ᠡᠯ᠎ᠠ ᠰᠤᠮᠤ ᠪᠥᠷᠢ ᠳᠤ | ᠰᠤᠷᠭᠠᠭᠤᠯᠢ ᠲᠠᠢ ᠪᠤᠯᠤᠭᠰᠠᠨ ᠠᠴᠠ ᠭᠡᠤᠭᠡᠳ ᠡᠷᠡᠭᠳᠡᠢ ᠡᠮᠡᠭᠳᠡᠢ ᠢᠯᠭᠠᠯ ᠦᠭᠡᠢ ᠪᠠᠷ ᠴᠦᠮ ᠠᠯᠪᠡᠨ ᠠᠴᠠ ᠪᠠᠶᠢᠭᠤᠯᠤᠭᠰᠠᠨ ᠰᠤᠷᠭᠠᠭᠤᠯᠢ ᠳᠤ ᠤᠷᠤᠵᠤ᠂ ᠪᠢᠴᠢᠭ | ᠰᠤᠶᠤᠯ ᠤᠨ ᠰᠤᠷᠭᠠᠯ ᠪᠥᠬᠦᠨ ᠢ ᠰᠤᠷᠭᠠᠭᠤᠯᠢ ᠶᠢᠨ ᠬᠦᠮᠤᠵᠢᠯ ᠳᠤ ᠲᠦᠰᠢᠭᠯᠡᠬᠦ ᠪᠤᠯᠤᠭᠰᠠᠨ ᠪᠠᠶᠢᠨ᠎ᠠ᠃ | ᠭᠤᠷᠪᠡ᠂ ᠪᠠᠷᠭᠤ ᠮᠠᠯᠴᠢᠳ ᠤᠨ ᠲᠤᠪᠤᠶᠢᠭᠰᠠᠨ ᠤᠡᠴᠠᠯᠢᠭ ᠪᠤᠯ᠂ ︽ᠠᠵᠢᠯᠴᠢ ᠪᠤᠷᠤᠭᠵᠢᠭᠤᠨ᠂ ᠲᠠᠰᠪᠤᠷᠢ ᠬᠠᠳᠠᠭᠤᠵᠢᠯᠳᠠᠢ︾ ᠠᠮᠢᠳᠤᠷᠠᠯ ᠤᠨ ᠰᠤᠷᠳᠠᠯ | ᠪᠤᠯᠤᠨ᠎ᠠ᠃ ᠲᠠᠳᠠ ᠨᠠᠷ ᠤᠨ ᠡᠨᠡ ᠬᠦ ᠰᠤᠷᠳᠠᠯ ᠢᠶᠠᠷ ᠭᠡᠤᠭᠡᠳ ᠢᠶᠠᠨ ᠬᠦᠮᠤᠵᠢᠬᠦᠯᠵᠤ᠂ ᠦᠶ᠎ᠠ ᠶᠢᠨ ᠦᠶ᠎ᠠ ᠳᠤ ᠵᠠᠯᠭᠠᠮᠵᠢᠯᠠᠬᠤ ᠶᠢ ᠵᠤᠷᠢᠳᠠᠭ᠃ ᠡᠶᠢᠮᠤ ᠠᠴᠠ ᠪᠠᠭ᠎ᠠ | ᠨᠠᠰᠤᠨ ᠤ ᠭᠡᠤᠭᠡᠳ ᠤᠨ ︽ᠢᠳᠡᠵᠤ ᠤᠤᠭᠤᠬᠤ᠂ ᠡᠮᠤᠰᠴᠤ ᠵᠡᠬᠦᠬᠦ᠂ ᠡᠳ᠋ᠯᠡᠵᠤ ᠭᠡᠷᠡᠭᠯᠡᠬᠦ︾ ᠶᠠᠪᠤᠳᠠᠯ ᠳᠤ ᠡᠭᠡᠯ ᠪᠤᠷᠤᠭᠵᠢᠭᠤᠨ ᠪᠠᠶᠢᠬᠤ ᠶᠢ ᠱᠠᠭᠠᠷᠳᠠᠨ᠎ᠠ᠃ | ᠮᠤᠩᠭᠤᠯ ᠠᠷᠠᠳ ᠤᠨ ᠰᠡᠴᠡᠨ ᠦᠭᠡᠨ ᠳᠤ ︽ᠡᠷᠭᠡ ᠶᠢ ᠰᠤᠷᠬᠤ ᠪᠠᠷ᠂ ᠪᠠᠷᠭᠡ ᠶᠢ ᠰᠤᠷ︾ ᠭᠡᠰᠡᠨ ᠢᠶᠠᠷ ᠰᠤᠷᠭᠠᠯ ᠪᠤᠯᠭᠠᠵᠤ᠂ ᠪᠠᠭ᠎ᠠ ᠭᠡᠤᠭᠡᠳ ᠢ ᠡᠬᠢᠨ ᠠᠴᠠ ᠨᠢ | ᠴᠢᠩᠭ᠎ᠠ ᠬᠠᠮᠢᠶᠠᠷᠴᠤ᠂ ᠠᠯᠵᠠᠭᠤ ᠵᠠᠯᠬᠠᠭᠤ᠂ ᠡᠷᠭᠡ ᠲᠠᠩᠬᠢ᠂ ᠲᠤᠷ᠎ᠠ ᠲᠠᠪᠠ ᠪᠠᠷ ᠠᠭᠠᠰᠢᠯᠠᠬᠤ ᠮᠠᠭᠤ ᠰᠤᠷᠳᠠᠯ ᠲᠠᠢ ᠪᠤᠯᠬᠤ ᠶᠢ ᠴᠡᠭᠡᠷᠯᠡᠨ᠂ ᠬᠦᠢᠳᠡᠨ ᠳᠤ | ᠲᠠᠭᠠᠷᠠᠵᠤ᠂ ᠬᠠᠯᠠᠭᠤᠨ ᠳᠤ ᠬᠠᠯᠠᠵᠤ᠂ ᠡᠭᠡ ᠪᠠᠶᠢᠭᠠᠯᠢ ᠶᠢᠨ ᠬᠠᠬᠢᠷ ᠬᠠᠳᠠᠭᠤ ᠤᠷᠴᠢᠨ ᠳᠤ ᠬᠦᠳᠡᠷᠰᠢᠨ ᠵᠤᠬᠢᠴᠠᠬᠤ ᠶᠢ ᠡᠷᠬᠢᠮᠯᠡᠳᠡᠭ᠃ | ᠮᠢᠬ᠎ᠠ ᠢᠳᠡᠬᠦ ᠳᠤ ᠭᠡᠤᠭᠡᠳ ᠲᠤ ᠪᠥᠭᠡᠷ᠎ᠠ᠂ ᠵᠢᠷᠤᠭᠡ᠂ ᠴᠢᠰᠤ᠂ ᠬᠦᠵᠡᠭᠡ ᠢᠳᠡᠬᠦᠯᠵᠤ᠂ ᠮᠢᠬᠠᠨ ᠤ ᠰᠠᠶᠢᠨ ᠢ ᠰᠢᠯᠢᠨ ᠢᠳᠡᠬᠦ ᠮᠠᠭᠤ ᠰᠤᠷᠳᠠᠯ ᠲᠠᠢ | ᠪᠤᠯᠬᠤ ᠶᠢ ᠰᠡᠷᠭᠡᠶᠢᠯᠡᠨ᠎ᠠ᠃ ︽ᠴᠢᠮᠤᠭᠡ ᠢᠳᠡᠪᠡᠯ ᠨᠢᠰᠤᠳᠡᠢ ᠪᠤᠯᠤᠨ᠎ᠠ︾᠂ ︽ᠰᠠᠷᠬᠢᠨᠴᠠᠭ ᠢᠳᠡᠪᠡᠯ ᠰᠠᠯᠠᠩ ᠪᠤᠯᠤᠨ᠎ᠠ︾᠂ ︽ᠲᠥᠭᠰᠢᠬᠦᠷ ᠢᠳᠡᠪᠡᠯ ᠮᠤᠷᠢ | ᠲᠥᠭᠰᠢᠨᠠ︾᠂ ︽ᠦᠨᠤᠴᠢᠨ ᠬᠠᠪᠢᠷᠭ᠎ᠠ ᠢᠳᠡᠪᠡᠯ ᠦᠨᠤᠴᠢᠨ ᠪᠤᠯᠤᠨ᠎ᠠ︾ ᠭᠡᠬᠦ ᠵᠡᠷᠭᠡ ᠴᠡᠭᠡᠷ ᠲᠠᠢ ᠢᠳᠡᠭᠡᠨ ᠤᠯᠠᠨ ᠪᠠᠶᠢᠬᠤ ᠨᠢ ᠭᠡᠤᠭᠡᠳ ᠢ ᠪᠠᠭ᠎ᠠ ᠠᠴᠠ ᠪᠠᠨ | ᠢᠳᠡᠰᠢ ᠭᠤᠯᠤᠬᠤ ᠮᠠᠭᠤ ᠵᠠᠩ ᠲᠠᠢ ᠪᠤᠯᠬᠤ ᠠᠴᠠ ᠰᠠᠷᠭᠡᠶᠢᠯᠡᠵᠤ ᠪᠠᠶᠢᠭ᠎ᠠ ᠶᠠᠪᠤᠳᠠᠯ ᠮᠦᠨ᠃ ᠪᠠᠭ᠎ᠠ ᠭᠡᠤᠭᠡᠳ ᠲᠤ ᠲᠤᠷᠭ᠎ᠠ᠂ ᠬᠤᠷᠭᠤᠢ ᠵᠠᠷᠭᠡ ᠦᠨ᠎ᠠ ᠲᠠᠢ ᠪᠥᠰ | ᠪᠠᠷᠠᠬᠠ ᠪᠠᠷ ᠬᠤᠪᠴᠠᠰᠤ ᠬᠤᠨᠠᠷ ᠬᠢᠬᠦ ᠶᠢ ᠴᠡᠭᠡᠷᠯᠡᠵᠤ᠂ ᠶᠠᠷᠤ ᠶᠢᠨ ᠪᠥᠳᠥᠬᠦᠯᠢᠭ ᠬᠦᠪᠤᠡᠭ ᠪᠥᠰ ᠪᠤᠶᠤ ᠦᠪᠡᠷ ᠲᠡᠭᠡᠨ ᠡᠯᠳᠡᠭᠰᠡᠨ ᠠᠷᠠᠰᠤ ᠪᠠᠷ ᠬᠤᠪᠴᠠᠰᠤ ᠬᠢᠵᠤ | ᠂ ᠰᠢᠨ᠎ᠠ ᠬᠢᠭᠰᠡᠨ ᠬᠤᠪᠴᠠᠰᠤ ᠶᠢ ᠭᠡᠳᠤᠨ ᠵᠢᠯ ᠡᠮᠥᠰᠳᠡᠭ᠃ ︽ᠬᠤᠪᠴᠠᠰᠤᠨ ᠤ ᠭᠤᠶᠤ ᠠᠴᠠ ᠰᠠᠨᠠᠭᠠᠨ ᠤ ᠭᠤᠶᠤ ᠰᠠᠶᠢᠬᠠᠨ︾ ᠭᠡᠵᠤ ᠰᠤᠷᠭᠠᠳᠠᠭ᠃ | ᠠᠵᠢᠯ ᠬᠦᠳᠡᠯᠮᠤᠷᠢ ᠬᠢᠬᠦ ᠳᠡᠭᠡᠨ ᠡᠪ ᠲᠦᠢᠳᠠᠢ᠂ ᠡᠷᠡᠳᠡᠬᠦᠨ ᠱᠠᠯᠠᠮᠠᠭᠠᠢ᠂ ᠪᠥᠷᠢᠨ ᠬᠥᠢᠴᠡᠳ ᠬᠢᠵᠤ᠂ ᠲᠤᠳᠠᠭᠤ ᠲᠤᠷᠭᠤᠨ᠂ ᠬᠠᠰᠢ ᠶᠠᠰᠢ ᠤᠷᠬᠢᠨ | ᠠᠯᠵᠠᠭᠤ ᠵᠠᠯᠬᠠᠭᠤ ᠪᠠᠶᠢᠵᠤ ᠪᠤᠯᠬᠤ ᠦᠭᠡᠢ ᠭᠡᠮᠡᠨ ᠰᠠᠨᠠᠭᠤᠯᠳᠠᠭ᠃ ᠭᠡᠤᠭᠡᠳ ᠢ ᠪᠠᠭ᠎ᠠ ᠠᠴᠠ ᠨᠢ ᠬᠤᠪᠴᠠᠰᠤ ᠬᠤᠨᠠᠷ ᠢᠶᠠᠨ ᠤᠬᠢᠶᠠᠬᠤ᠂ ᠭᠡᠷ ᠢᠶᠠᠨ ᠴᠡᠪᠡᠷᠯᠡᠬᠦ᠂ | ᠡᠳ᠋ᠯᠡᠯ ᠭᠡᠷᠡᠭᠰᠡᠯ ᠢᠶᠠᠨ ᠴᠡᠪᠡᠷ ᠲᠡᠭᠰᠢ ᠬᠤᠷᠢᠶᠠᠬᠤ ᠵᠠᠷᠭᠡ ᠠᠵᠢᠯ ᠢ ᠪᠠᠶᠢᠡᠭᠭᠤ ᠬᠢᠯᠭᠡᠵᠤ᠂ ᠠᠷᠢᠭᠤᠨ ᠴᠡᠪᠡᠷ ᠠᠮᠢᠳᠤᠷᠠᠬᠤ ᠲᠠᠳᠬᠠᠯ ᠲᠠᠢ ᠪᠤᠯᠭᠠᠨ᠎ᠠ᠃ ᠢᠯᠠᠩᠭᠤᠶ᠎ᠠ | ᠦᠬᠢᠨ ᠭᠡᠤᠭᠡᠳ ᠲᠤ ᠪᠠᠭ᠎ᠠ ᠠᠴᠠ ᠨᠢ ᠰᠢᠯᠪᠢ ᠡᠮᠭᠡᠷᠢᠳᠬᠦ᠂ ᠴᠢᠭᠳᠠ ᠤᠶᠤᠬᠤ᠂ ᠬᠤᠪᠴᠠᠰᠤ ᠬᠤᠨᠠᠷ ᠨᠦᠬᠦᠬᠦ ᠵᠠᠷᠭᠡ ᠤᠶᠤᠳᠠᠯ ᠵᠢᠭᠠᠵᠤ᠂ ᠦᠨᠢᠶ᠎ᠠ ᠰᠠᠭᠠᠬᠤ᠂ | ᠰᠥ᠋ ᠬᠦᠰᠢᠶᠡᠬᠦ᠂ ᠲᠠᠷᠠᠭ ᠪᠥᠷᠢᠬᠦ᠂ ᠠᠭᠠᠷᠤᠤᠯ ᠲᠠᠯᠪᠢᠬᠤ ᠵᠠᠷᠭᠡ ᠮᠠᠷᠭᠡᠵᠢᠯ ᠰᠤᠷᠭᠠᠵᠤ᠂ ᠦᠬᠢᠨ ᠢᠶᠠᠨ ︽ᠤᠶᠤᠳᠠᠯ ᠳᠤ ᠤᠷᠠᠨ᠂ ᠠᠷᠢᠭᠤᠨ ᠴᠡᠪᠡᠷᠴᠢ᠂ | ᠠᠵᠢᠯ ᠳᠤ ᠪᠤᠯᠪᠠᠰᠤᠷᠠᠩᠭᠤᠢ︾ ᠬᠦᠮᠤᠨ ᠪᠤᠯᠭᠠᠬᠤ ᠪᠠᠷ ᠬᠦᠳᠥᠯᠤᠨ ᠲᠠᠭᠠᠭᠤᠯᠳᠠᠭ᠃ ᠪᠠᠷᠭᠤ ᠮᠠᠯᠴᠢᠳ ᠤᠨ ᠪᠠᠰᠠ ᠨᠢᠭᠡᠨ ᠤᠡᠴᠠᠯᠢᠭ ᠪᠤᠯ᠂ ᠦᠷ᠎ᠠ ᠭᠡᠤᠭᠡᠳ ᠢᠶᠠᠨ | ᠰᠤᠷᠭᠠᠨ ᠬᠦᠮᠤᠵᠢᠬᠦᠯᠬᠦ ᠶᠠᠪᠤᠳᠠᠯ ᠢ ᠵᠦᠪᠭᠡᠨ ᠭᠡᠷ ᠤᠨ ᠠᠬᠠᠮᠠᠳ ᠯᠡ ᠡᠬᠦᠷᠭᠡᠯᠡᠳᠡᠭ ᠪᠢᠰᠢ᠂ ᠬᠠᠷᠢᠨ ᠠᠶᠢᠯ ᠬᠦᠷᠰᠢ᠂ ᠲᠥᠷᠤᠯ ᠰᠠᠳᠤᠨ᠂ ᠠᠶᠢᠮᠠᠭ | ᠤᠭᠰᠠᠭᠠᠳᠠᠨ ᠤ ᠠᠬᠠᠮᠠᠳ ᠤᠳ ᠬᠠᠮᠳᠤ ᠪᠠᠷ ᠡᠬᠦᠷᠭᠡᠯᠡᠵᠤ᠂ ᠬᠦᠮᠤᠨ ᠤ ᠦᠪᠡᠷ ᠤᠨ ᠭᠡᠵᠤ ᠢᠯᠭᠠᠯ ᠦᠭᠡᠢ ᠭᠡᠯᠡᠵᠤ ᠰᠤᠷᠭᠠᠵᠦ ᠪᠠᠶᠢᠳᠠᠭ᠃ ᠪᠠᠷᠭᠤᠴᠤᠳ | ᠭᠡᠤᠭᠡᠳ ᠲᠡᠭᠡᠨ ᠪᠠᠭ᠎ᠠ ᠠᠴᠠ ᠨᠢ ᠤᠨᠢᠰᠤᠭ᠎ᠠ ᠲᠠᠭᠠᠯᠭᠠᠬᠤ᠂ ᠥᠯᠢᠭᠡᠷ ᠴᠡᠭᠡᠵᠢᠯᠡᠬᠦᠯᠬᠦ᠂ ᠵᠥᠢᠷ ᠰᠡᠴᠡᠨ ᠦᠭᠡ ᠵᠢᠭᠠᠬᠤ ᠵᠠᠷᠭᠡ ᠪᠠᠷ ᠭᠡᠤᠭᠡᠳ ᠤᠨ ᠰᠡᠳᠬᠢᠬᠦᠢ ᠶᠢᠨ | ᠴᠢᠳᠠᠪᠤᠷᠢ ᠶᠢ ᠨᠡᠮᠡᠭᠳᠡᠬᠦᠯᠵᠤ᠂ ᠤᠢ ᠤᠬᠠᠭᠠᠨ ᠢ ᠨᠡᠮᠡᠭᠳᠡᠬᠦᠯᠬᠦ᠂ ᠦᠭᠡ ᠭᠡᠯᠡ ᠶᠢ ᠪᠠᠶᠠᠯᠢᠭᠵᠢᠭᠤᠯᠬᠤ ᠠᠵᠢᠯ ᠢ ᠬᠢᠳᠡᠭ᠃ ᠪᠠᠷᠭᠤ ᠮᠠᠯᠴᠢᠳ ᠤᠨ ᠦᠷᠬᠦᠯᠵᠢ | ᠭᠡᠷᠡᠭᠯᠡᠳᠡᠭ ᠭᠡᠷ ᠤᠨ ᠰᠤᠷᠭᠠᠯ ᠦᠭᠡ ᠠᠴᠠ ᠵᠢᠱᠢᠶ᠎ᠠ ᠪᠤᠯᠭᠠᠵᠤ ᠲᠤᠷᠠᠳᠪᠡᠯ᠄ | 1. ᠡᠷᠡᠭᠡᠢ ᠬᠤᠷᠤᠭᠤ ᠪᠠᠨ ᠪᠢᠳᠡᠭᠡᠢ ᠠᠮᠠᠨ ᠳᠠᠭᠠᠨ ᠬᠢ᠂ ᠡᠭᠡ ᠦᠬᠦᠨ᠎ᠠ᠃ | 2. ᠨᠢᠰᠤ ᠪᠠᠨ ᠪᠢᠳᠡᠭᠡᠢ ᠢᠳᠡ᠂ ᠮᠠᠷᠳᠠᠮᠠᠬᠠᠢ ᠪᠤᠯᠤᠨ᠎ᠠ᠃ | 3. ᠬᠦᠮᠤᠨ ᠤ ᠦᠭᠡᠳᠡ ᠪᠢᠳᠡᠭᠡᠢ ᠨᠤᠯᠮᠤ᠂ ᠠᠮᠠᠨ ᠭᠡᠰᠢᠭ ᠠᠷᠢᠯᠤᠨ᠎ᠠ᠃ | 4. ᠢᠳᠡᠭᠡ ᠪᠢᠳᠡᠭᠡᠢ ᠭᠤᠯᠤ᠂ ᠠᠮᠠᠨ ᠭᠡᠰᠢᠭ ᠪᠠᠭᠤᠷᠠᠨ᠎ᠠ᠃ | 5. ᠡᠪᠡᠰᠤ ᠪᠢᠳᠡᠭᠡᠢ ᠵᠠᠩᠬᠢᠳᠤ᠂ ᠦᠭᠡᠷ ᠤᠨ ᠭᠡᠳᠡᠰᠤ ᠵᠠᠩᠬᠢᠷᠠᠨᠠ᠃ | 6. ᠠᠬᠠᠮᠠᠳ ᠢ ᠪᠢᠳᠡᠭᠡᠢ ᠲᠦᠰᠢᠵᠤ ᠪᠤᠰ᠂ ᠪᠤᠶᠠᠨ ᠢᠶᠠᠨ ᠪᠠᠷᠠᠨ᠎ᠠ᠃ | 7. ᠬᠦᠮᠤᠨ ᠢ ᠪᠢᠳᠡᠭᠡᠢ ᠬᠦᠯᠦ᠋ᠢᠵᠤ ᠬᠠᠷ᠎ᠠ᠂ ᠬᠢᠯᠠᠷ ᠪᠤᠯᠤᠨ᠎ᠠ᠃ | 8. ᠭᠠᠯ ᠪᠢᠳᠡᠭᠡᠢ ᠭᠠᠳᠠᠭᠰᠢ ᠭᠠᠷᠭ᠎ᠠ᠂ ᠭᠠᠷᠤᠵᠠ ᠭᠠᠷᠤᠨ᠎ᠠ᠃ | 9. ᠪᠤᠷᠤᠭᠤ ᠡᠬᠦᠳᠡ ᠪᠠᠷ ᠪᠢᠳᠡᠭᠡᠢ ᠤᠷᠤ᠂ ᠴᠢᠳᠬᠦᠷ ᠲᠠᠭᠠᠨ᠎ᠠ᠃ | 10. ᠲᠤᠯᠭ᠎ᠠ ᠲᠤᠭᠤᠭ᠎ᠠ ᠪᠢᠳᠡᠭᠡᠢ ᠴᠤᠬᠢ᠂ ᠭᠠᠯ ᠤᠨ ᠪᠤᠷᠬᠠᠨ ᠠᠭᠤᠷᠯᠠᠨ᠎ᠠ᠃ | 11. ᠰᠢᠪᠠᠭᠤᠨ ᠤ ᠦᠳᠤ ᠪᠢᠳᠡᠭᠡᠢ ᠰᠢᠳᠠᠭ᠎ᠠ᠂ ᠬᠤᠵᠢᠬᠢᠷ ᠪᠤᠯᠤᠨ᠎ᠠ᠃ | 12. ᠲᠠᠪᠬᠤᠷ ᠮᠠᠯᠠᠭᠠᠢ ᠪᠢᠳᠡᠭᠡᠢ ᠡᠮᠤᠰ᠂ ᠰᠢᠭᠤᠷᠭ᠎ᠠ ᠰᠢᠭᠤᠷᠤᠨ᠎ᠠ᠃ | 13. ᠨᠤᠮ ᠰᠤᠳᠤᠷ ᠲᠡᠭᠡᠬᠦᠷ ᠪᠢᠳᠡᠭᠡᠢ ᠭᠠᠷᠤ᠂ ᠲᠦᠢᠷᠠᠩ ᠪᠤᠯᠤᠨ᠎ᠠ᠃ | 14. ᠰᠢᠬᠢᠷ᠎ᠠ ᠶᠢᠨ ᠤᠯᠠ ᠪᠢᠳᠡᠭᠡᠢ ᠢᠳᠡ᠂ ᠭᠤᠳᠤᠯ ᠵᠠᠯᠵᠢᠬᠢ ᠪᠤᠯᠤᠨ᠎ᠠ᠃ | 15. ᠵᠡᠮᠳᠡᠭ ᠬᠦᠮᠤᠨ ᠢ ᠪᠢᠳᠡᠭᠡᠢ ᠲᠠᠭᠤᠷᠢᠶᠠ᠂ ᠵᠡᠮᠳᠡᠭ ᠪᠤᠯᠤᠨ᠎ᠠ᠃ | 16. ᠭᠠᠵᠠᠷ ᠭᠡᠪᠳᠡᠭᠡ ᠤᠷᠭ᠎ᠠ ᠶᠢᠨ ᠲᠡᠭᠡᠬᠦᠷ ᠪᠢᠳᠡᠭᠡᠢ ᠭᠠᠷᠤ᠂ ᠮᠠᠯ ᠤᠨ ᠪᠤᠶᠠᠨ ᠪᠠᠭᠤᠷᠠᠨ᠎ᠠ᠃ | ᠲᠦᠷᠪᠡ᠂ ᠪᠠᠷᠭᠤ ᠮᠠᠯᠴᠢᠳ ᠭᠡᠤᠭᠡᠳ ᠲᠡᠭᠡᠨ ᠠᠭᠤᠯᠠ ᠤᠪᠤᠭ᠎ᠠ᠂ ᠭᠤᠤᠯ ᠭᠤᠷᠤᠬ᠎ᠠ᠂ ᠭᠠᠵᠠᠷ ᠨᠤᠳᠤᠭ᠂ ᠡᠪᠡᠰᠤ ᠤᠷᠭᠤᠮᠠᠯ ᠤᠨ ᠨᠠᠷᠠ ᠶᠢ ᠵᠢᠭᠠᠨ | ᠦᠭᠴᠤ᠂ ᠡᠨᠡ ᠬᠦ ᠤᠷᠴᠢᠨ ᠠᠬᠤᠢ ᠶᠢᠨ ᠰᠠᠶᠢᠨ ᠢᠶᠠᠷ ᠬᠦᠮᠤᠨ ᠠᠮᠢᠳᠤᠷᠠᠵᠤ ᠪᠠᠶᠢᠬᠤ ᠶᠤᠰᠤ ᠤᠴᠢᠷ ᠢ ᠮᠡᠳᠡᠬᠦᠯᠦᠨ᠂ ᠪᠠᠭ᠎ᠠ ᠠᠴᠠ ᠪᠠᠨ ᠦᠪᠡᠷ ᠤᠨ ᠲᠥᠷᠥᠭᠰᠡᠨ | ᠭᠠᠵᠠᠷ ᠨᠤᠳᠤᠭ ᠢᠶᠠᠨ ᠬᠠᠶᠢᠷᠠᠯᠠᠬᠤ᠂ ᠡᠭᠡ ᠪᠠᠶᠢᠭᠠᠯᠢ ᠶᠢᠨ ᠭᠤᠶᠤ ᠰᠠᠶᠢᠬᠠᠨ ᠢ ᠬᠠᠮᠠᠭᠠᠯᠠᠬᠤ ᠰᠡᠳᠬᠢᠯᠭᠡ ᠲᠠᠢ ᠪᠤᠯᠭᠠᠬᠤ ᠶᠢ ᠵᠤᠷᠢᠳᠠᠭ᠃ ᠡᠶᠢᠮᠤ ᠠᠴᠠ ᠭᠡᠤᠭᠡᠳ ᠢ | ᠲᠤᠷ᠎ᠠ ᠪᠠᠷ ᠨᠦᠭᠡ ᠮᠠᠯᠳᠠᠵᠤ᠂ ᠭᠠᠵᠠᠷ ᠤᠨ ᠬᠦᠷᠥᠰᠤ ᠶᠢ ᠡᠪᠳᠡᠵᠤ ᠪᠤᠯᠬᠤ ᠦᠭᠡᠢ᠃ ᠬᠤᠸᠠᠷ ᠴᠡᠴᠡᠭ ᠢ ᠲᠠᠰᠤᠯᠵᠤ ᠪᠤᠯᠬᠤ ᠦᠭᠡᠢ᠃ ᠮᠤᠳᠤᠨ ᠤ ᠰᠠᠯᠠᠭ᠎ᠠ | ᠮᠥᠴᠢᠷ ᠢ ᠬᠤᠭᠤᠯᠵᠤ ᠪᠤᠯᠬᠤ ᠦᠭᠡᠢ᠃ ᠭᠤᠤᠯ ᠭᠤᠷᠤᠬ᠎ᠠ᠂ ᠬᠤᠳᠳᠤᠭ ᠤᠰᠤᠨ ᠤ ᠲᠡᠷᠭᠡᠳᠡ ᠪᠡᠶ᠎ᠠ ᠵᠠᠰᠠᠵᠤ ᠪᠤᠯᠬᠤ ᠦᠭᠡᠢ᠃ ᠤᠷᠤᠰᠬᠠᠯ ᠤᠰᠤᠨ ᠳᠤ ᠪᠤᠵᠠᠷ | ᠪᠤᠷᠳᠠᠭ ᠢᠶᠠᠨ ᠤᠬᠢᠶᠠᠵᠤ ᠪᠤᠯᠬᠤ ᠦᠭᠡᠢ᠃ ᠦᠨᠡᠰᠤ ᠬᠤᠭ ᠨᠤᠪᠰᠢ ᠪᠠᠨ ᠬᠠᠮᠢᠶ᠎ᠠ ᠦᠭᠡᠢ ᠭᠠᠵᠠᠷ ᠬᠠᠶᠠᠵᠤ ᠪᠤᠯᠬᠤ ᠦᠭᠡᠢ ᠭᠡᠮᠡᠨ ᠴᠢᠩᠭ᠎ᠠ ᠱᠠᠭᠠᠷᠳᠠᠵᠤ᠂ ᠤᠷᠴᠢᠨ | ᠠᠬᠤᠢ ᠶᠢᠨ ᠪᠤᠵᠠᠷᠳᠠᠯ ᠢ ᠰᠠᠷᠭᠡᠶᠢᠯᠡᠬᠦ᠂ ᠭᠠᠨᠭ᠍ᠭᠠᠡᠭ ᠪᠠᠶᠢᠭᠠᠯᠢ ᠶᠢᠨ ᠭᠤᠶᠤ ᠰᠠᠶᠢᠬᠠᠨ ᠢ ᠡᠷᠬᠢᠮᠯᠡᠨ ᠬᠠᠮᠠᠭᠠᠯᠠᠬᠤ ᠬᠦᠮᠤᠵᠢᠯ ᠬᠢᠳᠡᠭ᠃ | ᠲᠠᠪᠤ᠂ ᠪᠠᠷᠭᠤ ᠮᠠᠯᠴᠢᠳ ︽ᠬᠦᠮᠤᠨ ᠪᠤᠯᠬᠤ ᠪᠠᠭ᠎ᠠ ᠠᠴᠠ ᠪᠠᠨ᠂ ᠬᠦᠯᠥᠭ ᠪᠤᠯᠬᠤ ᠤᠨᠠᠭᠠᠨ ᠠᠴᠠ ᠪᠠᠨ︾ ᠭᠡᠬᠦ ᠮᠤᠩᠭᠤᠯ ᠠᠷᠠᠳ ᠤᠨ ᠰᠡᠴᠡᠨ ᠦᠭᠡ ᠪᠠᠷ | ᠰᠤᠷᠭᠠᠯ ᠪᠤᠯᠭᠠᠵᠤ᠂ ᠦᠷ᠎ᠠ ᠭᠡᠤᠭᠡᠳ ᠲᠡᠭᠡᠨ ᠬᠠᠷᠠᠬᠠᠨ ᠪᠠᠭ᠎ᠠ ᠠᠴᠠ ᠨᠢ᠂ ᠦᠡᠳᠤᠰᠤᠳᠡᠨ ᠶᠠᠰᠤᠳᠡᠨ ᠤ ᠪᠠᠨ ᠶᠤᠰᠤ ᠰᠤᠷᠳᠠᠬᠤᠨ᠂ ᠵᠠᠩ ᠲᠠᠳᠬᠠᠯ ᠢ ᠮᠡᠳᠡᠬᠦᠯᠵᠤ | ᠡᠵᠡᠮᠰᠢᠬᠦᠯᠬᠦ ᠪᠠᠷ ᠴᠢᠷᠮᠠᠶᠢᠳᠠᠭ᠃ ᠨᠠᠰᠤᠳᠡᠨ ᠲᠤᠮᠤᠭᠠᠳᠠᠨ ᠪᠤᠯᠤᠨ ᠦᠪᠡᠷ ᠤᠨ ᠪᠡᠶ᠎ᠠ ᠠᠴᠠ ᠠᠬ᠎ᠠ ᠬᠦᠮᠤᠨ ᠪᠥᠬᠦᠨ ᠢ ᠬᠦᠡᠳᠥᠳᠭᠡᠬᠦ ᠶᠢ ᠤᠡᠴᠠ ᠠᠩᠬᠠᠷᠳᠠᠭ᠃ | ᠠᠬ᠎ᠠ ᠬᠦᠮᠤᠨ ᠤ ᠭᠡᠯᠡᠭᠰᠡᠨ ᠦᠭᠡ ᠶᠢ ᠭᠡᠤᠭᠡᠳ ᠬᠦᠮᠤᠨ ᠵᠠᠪᠡᠯ ︽ᠵᠠ︾ ᠭᠡᠮᠡᠨ ᠬᠦᠯᠢᠶᠡᠨ ᠰᠤᠨᠤᠰᠴᠦ᠂ ᠵᠦᠪᠰᠢᠶᠡᠷᠡᠵᠤ ᠪᠠᠶᠢᠬᠤ ᠪᠠᠨ ᠢᠯᠡᠳᠭᠡᠬᠦ | ᠪᠥᠭᠡᠳ ᠮᠥᠨ ᠴᠤ ᠭᠡᠯᠡᠭᠰᠡᠨ ᠶᠤᠰᠤᠭᠠᠷ ᠬᠢᠵᠤ ᠬᠥᠢᠴᠡᠳᠭᠡᠬᠦ ᠶᠤᠰᠤᠳᠡᠢ᠃ ᠠᠬ᠎ᠠ ᠬᠦᠮᠤᠨ ᠲᠤᠬᠢᠶᠠᠯᠳᠤᠪᠡᠯ᠂ ᠤᠷᠢᠳᠠᠪᠡᠷ ᠮᠤᠷᠢ ᠠᠴᠠ ᠪᠠᠨ ᠪᠠᠭᠤᠵᠤ᠂ ᠮᠠᠡᠳᠤ | ᠠᠰᠠᠭᠤᠬᠤ ᠭᠡᠷᠡᠭᠳᠡᠢ᠃ ᠲᠤᠮᠤᠭᠠᠳᠠᠨ ᠬᠦᠮᠤᠰ ᠶᠠᠷᠢᠯᠴᠠᠵᠤ ᠰᠠᠭᠤᠵᠤ ᠪᠠᠶᠢᠬᠤ ᠳᠤ ᠭᠡᠤᠭᠡᠳ ᠬᠦᠮᠤᠨ ᠵᠦᠪᠭᠡᠨ ᠰᠤᠨᠤᠰᠴᠤ ᠪᠤᠯᠬᠤ ᠠᠴᠠ ᠪᠢᠰᠢ᠂ ᠲᠤᠮᠳᠠᠭᠤᠷ ᠨᠢ | ᠦᠭᠡ ᠡᠯᠬᠦᠵᠤ ᠲᠤᠷ᠎ᠠ ᠪᠠᠷ ᠢᠶᠠᠨ ᠶᠠᠷᠢᠵᠦ ᠪᠤᠯᠬᠤ ᠦᠭᠡᠢ᠃ ᠠᠬ᠎ᠠ ᠬᠦᠮᠤᠨ ᠤ ᠡᠮᠥᠨᠡᠬᠦᠷ ᠠᠯᠬᠤᠵᠤ ᠭᠠᠷᠴᠤ ᠪᠤᠯᠬᠤ ᠦᠭᠡᠢ᠃ ᠠᠶᠢᠯ ᠳᠤ ᠤᠷᠤᠪᠡᠯ᠂ ᠮᠤᠩᠭᠤᠯ | ᠭᠡᠷ ᠤᠨ ᠬᠤᠶᠢᠮᠤᠷ ᠲᠤ ᠰᠠᠭᠤᠵᠤ ᠪᠤᠯᠬᠤ ᠦᠭᠡᠢ᠃ ᠪᠠᠯᠴᠢᠵᠤ ᠪᠠᠶᠢᠭ᠎ᠠ ᠮᠠᠯ ᠲᠤᠬᠢᠶᠠᠯᠳᠤᠪᠡᠯ᠂ ᠲᠤᠭᠤᠷᠢᠵᠤ ᠭᠠᠷᠬᠤ ᠠᠴᠠ ᠪᠢᠰᠢ ᠲᠤᠮᠳᠠᠭᠤᠷ ᠨᠢ ᠭᠠᠷᠴᠤ ᠪᠤᠯᠬᠤ | ᠦᠭᠡᠢ᠃ ᠠᠶᠢᠯ ᠳᠤ ᠤᠷᠤᠬᠤ ᠳᠤ ᠬᠤᠷᠮᠤᠢ ᠰᠢᠭᠤᠯᠳᠠᠳᠠᠢ ᠪᠤᠶᠤ ᠲᠠᠰᠢᠭᠤᠷ ᠪᠠᠷᠢᠵᠤ ᠤᠷᠤᠵᠤ ᠪᠤᠯᠬᠤ ᠦᠭᠡᠢ᠃ ᠠᠶᠢᠯ ᠳᠤ ᠮᠤᠷᠢᠳᠠᠢ ᠤᠴᠢᠬᠤ ᠳᠤ | ᠲᠠᠪᠬᠢᠭ᠎ᠠ ᠪᠠᠷ ᠬᠦᠷᠴᠤ ᠪᠤᠯᠬᠤ ᠦᠭᠡᠢ᠃ ᠶᠠᠪᠤᠬᠤ ᠦᠶ᠎ᠠ ᠳᠤ ᠮᠤᠷᠳᠠᠭᠰᠠᠭᠠᠷ ᠬᠦᠶᠤᠯᠭᠡᠵᠤ ᠪᠤᠯᠬᠤ ᠦᠭᠡᠢ᠃ ᠵᠠᠮ ᠶᠠᠪᠤᠬᠤ ᠦᠶᠡᠰ ᠠᠶᠢᠯ ᠲᠤᠬᠢᠶᠠᠯᠳᠤᠪᠡᠯ᠂ | ᠡᠮᠤᠨᠡᠬᠦᠷ ᠨᠢ ᠭᠠᠷᠬᠤ ᠠᠴᠠ ᠪᠢᠰᠢ᠂ ᠬᠤᠶᠢᠭᠤᠷ ᠨᠢ ᠭᠠᠷᠳᠠᠭ ᠦᠭᠡᠢ ᠵᠠᠷᠭᠡ ᠮᠠᠰᠢ ᠤᠯᠠᠨ ᠵᠢᠷᠤᠮ ᠶᠤᠰᠤ ᠪᠠᠶᠢᠳᠠᠭ ᠢ ᠮᠡᠳᠡᠬᠦᠯᠵᠤ᠂ ᠵᠠᠪᠡᠯ ᠪᠡᠶᠡᠯᠡᠬᠦᠯᠬᠦ ᠭᠡᠷᠡᠭᠳᠡᠢ | ᠭᠡᠮᠡᠨ ᠴᠢᠩᠭ᠎ᠠ ᠰᠤᠷᠭᠠᠳᠠᠭ᠃ | ᠵᠢᠷᠭᠤᠭ᠎ᠠ᠂ ᠪᠠᠷᠭᠤ ᠮᠠᠯᠴᠢᠳ ᠤᠤᠯ ᠠᠴᠠ ᠴᠢᠩ ᠦᠨᠡᠡᠴᠢ᠂ ᠲᠥᠪ ᠭᠤᠤᠯᠴᠢ ᠪᠠᠶᠢᠵᠤ᠂ ︽ᠬᠤᠳᠠᠯ ᠭᠡᠯᠡᠬᠦ᠂ ᠬᠤᠯᠠᠭᠠᠢ ᠬᠢᠬᠦ᠂ ᠬᠠᠭᠤᠷᠴᠤ ᠮᠡᠭᠡᠯᠡᠬᠦ︾ | ᠶᠢ ᠲᠤᠩ ᠵᠢᠭᠰᠢᠳᠡᠭ᠃ ᠲᠠᠳᠠ ᠭᠡᠤᠭᠡᠳ ᠢᠶᠠᠨ ᠪᠠᠭ᠎ᠠ ᠠᠴᠠ ᠨᠢ ᠴᠢᠩᠭ᠎ᠠ ᠬᠠᠮᠢᠶᠠᠷᠴᠤ᠂ ᠬᠦᠮᠤᠨ ᠤ ᠶᠠᠭᠤᠮ᠎ᠠ ᠶᠢ ᠬᠦᠳᠡᠯᠭᠡᠵᠤ ᠪᠤᠯᠬᠤ ᠦᠭᠡᠢ᠂ ᠠᠯᠳᠠ ᠤᠯᠪᠠᠴᠤ | ᠡᠵᠡᠨ ᠳᠤᠨᠢ ᠪᠤᠴᠠᠭᠠᠵᠤ᠂ ᠬᠤᠳᠠᠯ ᠭᠡᠯᠡᠬᠦ ᠮᠠᠭᠤᠬᠠᠢ᠂ ᠬᠤᠯᠠᠭᠠᠢ ᠬᠢᠬᠦ ᠪᠤᠵᠠᠷ᠂ ᠬᠠᠭᠤᠷᠴᠤ ᠮᠡᠭᠡᠯᠡᠬᠦ ᠵᠢᠭᠰᠢᠬᠦᠷᠢᠳᠡᠢ ᠭᠡᠮᠡᠨ ᠰᠤᠷᠭᠠᠳᠠᠭ᠃ | ᠮᠤᠷᠢᠳᠠᠢ ᠪᠤᠶᠤ ᠮᠤᠲ᠋ᠤᠷ ᠲᠠᠢ ᠬᠦᠮᠤᠨ᠂ ᠲᠷᠠᠺᠲ᠋ᠤᠷ᠂ ᠮᠠᠰᠢᠨ ᠢᠷᠡᠪᠡᠯ ᠵᠠᠮ ᠵᠠᠶᠢᠯᠠᠵᠤ ᠦᠭᠬᠦᠨ᠂ ᠭᠤᠳᠤᠮᠵᠢ ᠪᠠᠷ ᠶᠠᠪᠤᠪᠡᠯ ᠪᠠᠷᠠᠭᠤᠨ ᠮᠦᠷᠤ ᠪᠠᠨ ᠲᠠᠭᠠᠵᠤ | ᠶᠠᠪᠤᠬᠤ ᠭᠡᠷᠡᠭᠳᠡᠢ ᠭᠡᠵᠤ ᠵᠠᠬᠢᠳᠠᠭ᠃ ᠪᠠᠭ᠎ᠠ ᠭᠡᠤᠭᠡᠳ ᠭᠠᠯ ᠢᠶᠠᠷ ᠨᠠᠭᠠᠳᠬᠤ᠂ ᠬᠤᠳᠳᠤᠭ ᠤᠰᠤᠨ ᠤ ᠲᠠᠷᠭᠡᠳᠡ ᠨᠠᠭᠠᠳᠬᠤ᠂ ᠦᠡᠳᠤᠷ ᠠᠰᠠᠷ᠂ ᠭᠡᠷ | ᠪᠠᠷᠢᠯᠭ᠎ᠠ ᠶᠢᠨ ᠲᠤᠤᠷ᠎ᠠ ᠨᠠᠭᠠᠳᠬᠤ᠂ ᠬᠤᠳᠠ ᠶᠢᠨ ᠭᠤᠳᠤᠮᠵᠢ ᠪᠡ ᠵᠡᠮ ᠲᠡᠭᠡᠷ᠎ᠠ ᠨᠠᠭᠠᠳᠬᠤ ᠨᠢ ᠬᠢᠯᠪᠠᠷᠬᠠᠨ ᠤᠰᠤᠯ ᠠᠳᠡᠯ ᠭᠠᠷᠴᠤ ᠮᠡᠳᠡᠬᠦ ᠲᠤᠯᠠ ᠡᠶᠢᠮᠤ ᠭᠠᠵᠠᠷ | ᠨᠠᠭᠠᠳᠴᠤ ᠪᠤᠯᠬᠤ ᠦᠭᠡᠢ ᠭᠡᠮᠡᠨ ᠴᠢᠩᠭ᠎ᠠ ᠬᠠᠮᠢᠶᠠᠷᠳᠠᠭ᠃ ᠡᠳᠡᠭᠡᠷ ᠨᠢ ᠪᠠᠭ᠎ᠠ ᠭᠡᠤᠭᠡᠳ ᠢ ᠤᠯᠤᠰ ᠤᠨ ᠬᠠᠤᠯᠢ᠂ ᠨᠠᠶᠢᠭᠡᠮ ᠤᠨ ᠲᠥᠷᠢᠮ ᠲᠤᠭᠳᠠᠭᠠᠯ ᠢ | ᠤᠬᠠᠮᠰᠠᠷ ᠠᠴᠠ ᠪᠠᠨ ᠰᠠᠬᠢᠬᠤ ᠰᠠᠶᠢᠨ ᠰᠠᠭᠤᠷᠢ ᠲᠠᠢ ᠪᠤᠯᠭᠠᠵᠤ᠂ ᠲᠠᠳᠠ ᠨᠠᠷ ᠤᠨ ᠠᠮᠤᠷ ᠠᠮᠤᠷᠯᠢᠩᠭᠤᠢ ᠶᠢ ᠪᠠᠳᠤᠯᠠᠭ᠎ᠠ ᠲᠠᠢ ᠪᠤᠯᠭᠠᠬᠤ ᠶᠢᠨ ᠲᠦᠯᠦᠭᠡ ᠶᠤᠮ᠃ | ᠲᠤᠯᠤᠭ᠎ᠠ᠂ ᠪᠠᠷᠭᠤ ᠮᠠᠯᠴᠢᠳ ᠶᠠᠷᠤ ᠠᠴᠠ ᠵᠤᠴᠢᠡᠰᠠᠭ ᠪᠠᠶᠢᠵᠤ᠂ ᠬᠦᠮᠤᠨ ᠢ ᠬᠦᠡᠳᠤᠳᠭᠡᠬᠦ ᠶᠠᠪᠤᠳᠠᠯ ᠢ ᠤᠡᠴᠠᠭᠠᠢ ᠡᠷᠬᠢᠮᠯᠡᠳᠡᠭ᠃ ᠭᠡᠷ ᠲᠤ ᠵᠤᠴᠢᠨ | ᠢᠷᠡᠪᠡᠯ ᠨᠤᠬᠠᠢ ᠬᠤᠷᠢᠨ᠂ ᠮᠤᠷᠢ ᠶᠢ ᠨᠢ ᠲᠤᠰᠤᠨ ᠤᠶᠠᠵᠤ᠂ ᠡᠬᠦᠳᠡ ᠪᠠᠨ ᠨᠡᠭᠡᠭᠡᠨ ᠤᠷᠤᠭᠤᠯᠵᠤ᠂ ᠭᠡᠷ ᠤᠨ ᠪᠠᠷᠠᠭᠤᠨ ᠲᠠᠯ᠎ᠠ ᠳᠤ ᠲᠠᠯᠪᠠᠭ ᠲᠠᠯᠪᠢᠨ ᠰᠠᠭᠤᠯᠭᠠᠵᠤ | ᠂ ᠠᠮᠤᠷ ᠮᠡᠡᠳᠤ ᠠᠰᠠᠭᠤᠯᠴᠠᠨ᠂ ᠰᠥ᠋ ᠲᠠᠢ ᠴᠠᠢ ᠠᠶᠠᠭᠠᠯᠠᠵᠤ᠂ ᠴᠠᠭᠠᠨ ᠢᠳᠡᠭᠡ ᠲᠠᠯᠪᠢᠵᠤ᠂ ᠬᠠᠯᠠᠭᠤᠨ ᠲᠤᠳᠤᠨᠤ ᠪᠠᠷ ᠤᠭᠳᠤᠵᠤ ᠪᠠᠶᠢᠭ᠎ᠠ ᠪᠠᠨ ᠢᠯᠡᠳᠭᠡᠳᠡᠭ᠃ | ᠭᠡᠤᠭᠡᠳ ᠲᠡᠭᠡᠨ ︽ᠭᠡᠨ ᠤ ᠠᠪᠤ᠂ ᠭᠡᠨ ᠤ ᠮᠦᠮᠤ︾ ᠢᠷᠡᠯ᠎ᠠ᠂ ᠭᠡᠷ ᠲᠤᠨᠢ ᠶᠠᠮᠠᠷ ᠶᠠᠮᠠᠷ ᠭᠡᠤᠭᠡᠳ ᠪᠤᠢ ᠭᠡᠮᠡᠨ ᠢᠷᠡᠭᠰᠡᠨ ᠵᠤᠴᠢᠨ ᠢ ᠲᠠᠨᠢᠯᠴᠠᠭᠤᠯᠳᠠᠭ᠃ ᠮᠤᠩᠭᠤᠯ | ᠠᠷᠠᠳ ᠤᠨ ︽ᠠᠶᠢᠯ ᠠᠶᠢᠯ ᠤᠨ ᠠᠮᠢ ᠨᠢᠭᠡ᠂ ᠰᠠᠭᠠᠬᠠᠯᠳᠠ ᠠᠶᠢᠯ ᠤᠨ ᠰᠠᠨᠠᠭ᠎ᠠ ᠨᠢᠭᠡ︾ ᠭᠡᠮᠡᠬᠦ ᠰᠡᠴᠡᠨ ᠦᠭᠡ ᠪᠠᠷ ᠰᠤᠷᠭᠠᠯ ᠪᠤᠯᠭᠠᠵᠤ᠂ ᠤᠢᠢᠷ᠎ᠠ ᠵᠠᠷᠭᠡᠯᠡᠳᠡᠭᠡ | ᠰᠠᠭᠤᠭ᠎ᠠ ᠠᠶᠢᠯ ᠤᠳ ᠬᠠᠷᠢᠯᠴᠠᠨ ᠶᠠᠪᠤᠯᠴᠠᠵᠤ᠂ ᠬᠠᠷᠢᠯᠴᠠᠨ ᠬᠠᠪᠰᠤᠷᠤᠯᠴᠠᠵᠤ᠂ ᠬᠠᠮᠳᠤᠷᠠᠨ ᠠᠵᠢᠯᠯᠠᠳᠠᠭ᠃ ᠮᠥᠨ ᠴᠤ ᠤᠢᠢᠷᠠᠯᠴᠠᠭ᠎ᠠ ᠰᠠᠭᠤᠭ᠎ᠠ ᠠᠶᠢᠯ | ᠬᠦᠷᠰᠢ ᠶᠢᠨ ᠭᠡᠤᠭᠡᠳ ᠤᠳ ᠦᠷᠬᠦᠯᠵᠢ ᠬᠠᠮᠳᠤ ᠨᠠᠭᠠᠳᠤᠳᠠᠭ᠃ ᠭᠡᠷ ᠤᠨ ᠠᠬᠠᠮᠠᠳ ᠨᠢ ᠦᠪᠡᠷ ᠤᠨ ᠭᠡᠤᠭᠡᠳ ᠲᠡᠭᠡᠨ ᠠᠶᠢᠯ ᠤᠨ ᠭᠡᠤᠭᠡᠳ ᠢ ᠮᠠᠭᠤᠯᠠᠵᠤ ᠪᠤᠯᠬᠤ | ᠦᠭᠡᠢ᠂ ᠭᠡᠷᠡᠯᠳᠤᠵᠤ ᠪᠤᠯᠬᠤ ᠦᠭᠡᠢ᠂ ᠴᠤᠬᠢᠯᠳᠤᠵᠤ ᠪᠤᠯᠬᠤ ᠦᠭᠡᠢ ᠭᠡᠵᠤ ᠦᠷᠬᠦᠯᠵᠢ ᠵᠠᠬᠢᠳᠠᠭ᠃ ᠲᠡᠷᠡ ᠦᠶ᠎ᠠ ᠶᠢᠨ ᠭᠡᠤᠭᠡᠳ ᠤᠨ ᠨᠠᠭᠠᠳᠬᠤ ᠭᠤᠤᠯ ᠨᠠᠭᠠᠳᠤᠮ | ᠪᠤᠯ᠄ ᠱᠠᠭᠠᠢ ᠨᠠᠭᠠᠳᠬᠤ ︵ᠱᠠᠭᠠᠢ ᠬᠠᠷᠪᠤᠬᠤ᠂ ᠮᠤᠷᠢ ᠤᠷᠤᠯᠳᠤᠬᠤ᠂ ᠱᠠᠭᠠᠢ ᠰᠤᠮᠤᠯᠠᠬᠤ᠂ ᠲᠠᠭ᠎ᠠ ᠪᠠᠷᠢᠬᠤ᠂ ᠬᠠᠰ ᠬᠠᠷᠪᠤᠬᠤ᠂ ᠰᠧᠶᠧᠷ ᠤᠷᠬᠢᠬᠤ᠂ ᠲᠠᠭᠤ | ᠦᠭᠡᠢ ᠲᠤᠯᠤᠭ᠎ᠠ᠂ ᠮᠤᠷᠢ ᠰᠠᠭᠤᠯᠭᠠᠬᠤ ᠵᠠᠷᠭᠡ ᠠᠷᠪᠡᠨ ᠭᠡᠳᠤᠨ ᠵᠦᠢᠯ ᠪᠤᠯᠭᠠᠨ ᠬᠤᠪᠢᠷᠠᠭᠤᠯᠵᠤ ᠨᠠᠭᠠᠳᠳᠠᠭ ᠪᠠᠶᠢᠭᠰᠠᠨ︶᠂ ᠨᠢᠭᠤᠭᠳᠠᠵᠦ ᠨᠠᠭᠠᠳᠬᠤ᠂ ᠴᠥ᠋ | ᠬᠠᠶᠠᠬᠤ᠂ ᠠᠶᠢᠯ ᠭᠡᠷ ᠪᠤᠯᠤᠯᠴᠠᠬᠤ᠂ ᠲᠠᠪᠡᠭ ᠢᠰᠬᠦᠯᠬᠦ᠂ ᠠᠯᠴᠢᠭᠤᠷ ᠬᠠᠶᠠᠬᠤ᠂ ᠲᠡᠭᠡᠰᠤ ᠦᠰᠥᠷᠬᠦ᠂ ᠴᠢᠨ᠋᠊ ᠤᠠ᠋ ᠬᠦᠷᠥᠭᠡᠰᠤ ᠪᠠᠷᠢᠬᠤ ᠵᠠᠷᠭᠡ ᠮᠠᠰᠢ ᠠᠷᠪᠢᠨ | ᠨᠠᠭᠠᠳᠤᠮ ᠪᠠᠶᠢᠳᠠᠭ᠃ ᠨᠠᠭᠠᠳᠬᠤ ᠪᠤᠯ ᠭᠡᠤᠭᠡᠳ ᠤᠨ ᠨᠢᠭᠡ ᠡᠳᠤᠷ ᠤᠨ ᠭᠤᠤᠯ ᠠᠵᠢᠯ ᠮᠦᠨ᠃ ᠡᠳᠡᠭᠡᠷ ᠨᠠᠭᠠᠳᠤᠮ ᠢᠶᠠᠷ ᠲᠠᠮᠵᠢᠨ ᠭᠡᠤᠭᠡᠳ ᠤᠨ ᠪᠡᠶ᠎ᠠ ᠶᠢᠨ | ᠦᠰᠥᠯᠳᠡ ᠲᠥᠷᠭᠡᠨ ᠪᠤᠯᠬᠤ᠂ ᠬᠦᠳᠡᠯᠦᠯ ᠪᠠᠷᠢᠯ ᠭᠠᠪᠰᠢᠭᠠᠢ ᠪᠤᠯᠬᠤ᠂ ᠤᠶᠤᠨ ᠪᠢᠯᠢᠭ ᠤᠨ ᠨᠡᠭᠡᠭᠡᠯᠳᠡ ᠬᠤᠷᠳᠤᠨ ᠪᠤᠯᠬᠤ ᠵᠠᠷᠭᠡ ᠠᠷᠪᠢᠨ ᠰᠠᠶᠢᠡᠳᠡᠢ ᠭᠠᠵᠠᠷ | ᠪᠠᠶᠢᠳᠠᠭ ᠪᠠᠶᠢᠵᠠᠢ᠃ ᠠᠶᠢᠯ ᠬᠦᠷᠰᠢ ᠶᠢᠨ ᠬᠦᠮᠤᠰ ᠭᠠᠳᠠᠭᠰᠢ ᠭᠠᠷᠬᠤ ᠶᠠᠪᠤᠳᠠᠯ ᠲᠠᠢ ᠪᠤᠯᠪᠡᠯ᠂ ᠲᠡᠳᠡᠨ ᠢ ᠤᠷᠤᠯᠠᠨ ᠭᠡᠷ ᠤᠨ ᠠᠵᠢᠯ ᠢ ᠨᠢ ᠬᠢᠬᠦ᠂ ᠮᠠᠯ | ᠤᠨᠤᠭ᠎ᠠ ᠶᠢ ᠨᠢ ᠠᠷᠠᠴᠢᠯᠡᠨ ᠬᠠᠮᠢᠶᠠᠷᠬᠤ᠂ ᠡᠳ᠋ᠯᠡᠯ ᠭᠡᠷᠡᠭᠰᠡᠯ ᠢ ᠨᠢ ᠬᠠᠮᠠᠭᠠᠯᠠᠵᠤ ᠦᠭᠳᠡᠭ᠃ ᠢᠯᠠᠩᠭᠤᠶ᠎ᠠ ᠨᠠᠰᠤᠳᠡᠨ ᠲᠤᠮᠤᠭᠠᠳᠠᠨ ᠲᠠᠢ ᠠᠶᠢᠯ ᠬᠦᠷᠰᠢ ᠶᠢᠨ ᠳᠤ ᠪᠠᠨ | ᠦᠪᠡᠷ ᠤᠨ ᠭᠡᠤᠭᠡᠳ ᠢᠶᠠᠷ ᠢᠶᠠᠨ ᠴᠠᠢ ᠶᠢᠨ ᠰᠥ᠋᠂ ᠱᠥᠯᠦᠨ ᠤ ᠮᠢᠬ᠎ᠠ ᠬᠦᠷᠭᠡᠭᠡᠯᠬᠡᠳᠡᠭ᠃ ᠡᠪᠤᠭᠡᠳ ᠬᠦᠭᠰᠢᠳ᠂ ᠡᠪᠡᠳᠴᠢᠨ ᠲᠠᠢ ᠬᠦᠮᠤᠨ᠂ ᠶᠠᠳᠠᠭᠤ | ᠬᠦᠴᠢᠷᠳᠡᠯ ᠲᠠᠢ ᠠᠶᠢᠯ ᠤᠨ ᠭᠡᠤᠭᠡᠳ ᠢ ᠠᠯᠢ ᠪᠤᠯᠬᠤ ᠪᠠᠷ ᠬᠠᠪᠰᠤᠷᠤᠨ ᠲᠠᠮᠵᠢᠵᠤ᠂ ᠬᠡᠤᠬᠡᠳ ᠢᠶᠠᠨ ᠬᠦᠮᠤᠨ ᠲᠠᠢ ᠡᠪ ᠨᠠᠶᠢᠷ ᠲᠠᠢ᠂ ᠡᠶ᠎ᠡ ᠪᠥᠯᠬᠦᠮᠳᠡᠯ ᠲᠠᠢ ᠪᠠᠶᠢᠬᠤ | ᠰᠠᠶᠢᠬᠠᠨ ᠵᠠᠩ ᠲᠠᠳᠬᠠᠯ ᠲᠠᠢ ᠬᠦᠮᠤᠨ ᠪᠤᠯᠭᠠᠬᠤ ᠪᠠᠷ ᠴᠢᠷᠮᠠᠶᠢᠳᠠᠭ᠃ ᠶᠡᠷᠥᠩᠭᠡᠶᠢᠯᠡᠪᠡᠯ᠂ ᠭᠡᠤᠭᠡᠳ ᠪᠤᠯ ᠮᠡᠨ ᠤ ᠢᠷᠡᠭᠡᠳᠥᠢ ᠮᠦᠨ᠃ ᠭᠡᠤᠭᠡᠳ ᠢ ᠬᠦᠮᠤᠵᠢᠬᠦᠯᠬᠦ | ᠶᠠᠪᠤᠳᠠᠯ ᠨᠢ᠂ ᠠᠶᠢᠯ ᠡᠷᠥᠭᠡ᠂ ᠦᠡᠳᠤᠰᠤᠳᠡᠨ ᠶᠠᠰᠤᠳᠡᠨ᠂ ᠤᠯᠤᠰ ᠭᠡᠷ ᠤᠨ ᠢᠷᠡᠭᠡᠳᠥᠢ ᠳᠤ ᠬᠤᠯᠪᠤᠭᠳᠠᠬᠤ ᠲᠤᠮᠤ ᠶᠡᠭᠡ ᠠᠰᠠᠭᠤᠳᠠᠯ ᠮᠦᠨ᠃ ᠡᠶᠢᠮᠤ ᠠᠴᠠ | ᠭᠡᠤᠭᠡᠳ ᠪᠠᠭᠠᠴᠤᠳ ᠢ ᠰᠤᠷᠭᠠᠨ ᠬᠦᠮᠤᠵᠢᠬᠦᠯᠬᠦ᠂ ᠵᠢᠭᠠᠨ ᠲᠤᠳᠤᠮᠳᠠᠬᠤ ᠶᠠᠪᠤᠳᠠᠯ ᠨᠢ ᠪᠥᠬᠦ ᠨᠠᠮ ᠵᠠᠰᠠᠭ᠂ ᠪᠥᠬᠦ ᠨᠠᠶᠢᠭᠡᠮ ᠤᠨ ᠬᠠᠮᠳᠤ ᠶᠢᠨ ᠬᠠᠷᠢᠭᠤᠴᠠᠯᠭ᠎ᠠ᠂ | ᠬᠠᠮᠳᠤ ᠶᠢᠨ ᠡᠬᠦᠷᠭᠡ ᠪᠠᠨ ᠪᠤᠯᠭᠠᠬᠤ ᠭᠡᠷᠡᠭᠳᠡᠢ᠃ ︵ᠰᠸᠠᠳᠠᠵᠠᠪ︶ |