ᠴᠠᠰᠤᠨ ᠤ ᠪᠣᠳᠣᠯ
ᠨᠡᠶᠢᠲᠡᠯᠡᠭᠰᠡᠨ ᠴᠠᠭ᠄
2018/9/11
ᠭᠤᠴᠢᠳ ᠬᠠᠳᠠ         ᠴᠠᠰᠤᠨ ᠤ ᠪᠣᠳᠣᠯ ᠠᠭᠤᠯᠠ ᠲᠠᠯ᠎ᠠ᠂ ᠭᠠᠩᠭ᠎ᠠ ᠵᠢᠯᠠᠭ᠎ᠠ ᠪᠠᠨ ᠵᠤᠯᠠᠨ ᠬᠤᠴᠢᠵᠤ ᠪᠠᠶᠢᠭᠰᠠᠨ ᠴᠦ ᠠᠮᠢᠳᠤᠷᠠᠯ ᠲᠤᠭᠤᠯᠤᠭᠰᠠᠨ ᠬᠤᠷᠸ᠎ᠠ ᠶᠢᠨ ᠠᠯᠠᠭ ᠴᠤᠭᠤᠭ ᠢ ᠳᠠᠷᠤᠵᠤ ᠴᠢᠳᠠᠬᠤ ᠴᠦ ᠪᠢᠰᠢ ᠳ᠋ᠠ ᠪᠢ ᠤᠲᠤᠭ᠎ᠠ ᠲᠣᠷᠳᠤᠭ ᠢ ᠨᠢ ᠠᠷᠴᠢᠵᠤ᠂ ᠠᠭᠠᠷ ᠢ ᠨᠢ ᠬᠡᠳᠦᠢ ᠴᠡᠩᠭᠡᠭ ᠪᠠᠶᠢᠯᠭᠠᠭᠰᠠᠨ ᠴᠦ ᠥᠭᠴᠡᠭᠡ ᠠᠪᠴᠠᠭᠠᠨ ᠳᠤ ᠬᠡᠨᠡᠭᠡᠷᠬᠡᠭᠰᠡᠨ ᠤᠯᠤᠰ ᠤᠨ ᠰᠡᠳᠬᠢᠯ ᠤᠨ ᠭᠬᠢᠷ ᠢ ᠠᠷᠢᠯᠭᠠᠵᠤ ᠴᠢᠳᠠᠬᠤ ᠴᠦ ᠪᠢᠰᠢ ᠳ᠋ᠠ ᠪᠢ ᠤᠮᠠᠷ᠎ᠠ ᠶᠢᠨ ᠰᠠᠯᠬᠢᠨ ᠤ ᠡᠷᠴᠢᠨ ᠳᠤ ᠬᠤᠷᠸ᠎ᠠ ᠵᠠᠯᠭᠢᠮᠠᠷ ᠰᠢᠭᠤᠷᠴᠤ ᠪᠠᠶᠢᠭᠰᠠᠨ ᠴᠦ ᠤᠷᠪᠠᠭᠠᠨᠲᠤ ᠬᠤᠷᠸ᠎ᠠ ᠶᠢᠨ ᠬᠥᠮᠥᠰ ᠤᠨ ᠰᠠᠨᠠᠭᠠᠨ ᠤ ᠵᠡᠷᠯᠢᠭ ᠢ ᠭᠦᠢᠴᠡᠬᠦ ᠴᠦ ᠪᠢᠰᠢ ᠳ᠋ᠠ ᠪᠢ ᠤᠯᠠᠷᠢᠯ ᠳᠠᠭᠠᠵᠤ ᠴᠠᠭ ᠤᠨ ᠡᠷᠬᠡᠨ ᠳᠤ ᠪᠦᠬᠦᠨ ᠢ ᠤᠮᠳᠠᠯᠠᠨ ᠤᠶᠠᠷᠠᠵᠤ ᠪᠠᠶᠢᠭᠰᠠᠨ ᠴᠦ ᠦᠵᠦᠭᠦᠷ ᠦᠭᠡᠢ ᠰᠢᠨᠤᠯ ᠳᠠᠭᠠᠨ ᠬᠤᠷᠣ ᠰᠠᠭᠤᠭᠰᠠᠨ ᠬᠥᠮᠥᠨ ᠤ ᠰᠡᠳᠬᠢᠯ ᠤᠨ ᠴᠡᠪᠳᠡᠭ ᠢ ᠵᠥᠭᠡᠯᠡᠯᠡᠵᠦ ᠴᠢᠳᠠᠬᠤ ᠴᠦ ᠪᠢᠰᠢ ᠳ᠋ᠠ ᠪᠢ᠃
 
ᠢᠷᠡᠯᠲᠡ᠄ ᠰᠢᠨ᠎ᠡ ᠪᠠᠷᠭᠤ ᠪᠠᠷᠠᠭᠤᠨ ᠬᠤᠰᠢᠭᠤᠨ ᠤ ᠣᠤᠠᠬ᠎ᠠ ᠤᠷᠠᠯᠢᠭ ᠤᠨ ᠬᠢᠨ ᠤ ᠬᠤᠯᠪᠤᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号