ᠦᠪᠡᠷ ᠢ ᠪᠠᠨ ᠲᠡᠭᠡᠭᠰᠢᠯᠡᠬᠦᠯᠬᠦ 5 ᠵᠦᠢᠯ ᠤᠨ ᠠᠷᠭ᠎ᠠ
ᠨᠡᠶᠢᠲᠡᠯᠡᠭᠰᠡᠨ ᠴᠠᠭ᠄
2019/10/12
     ᠴᠠᠭ ᠤᠨ ᠣᠷᠣᠰᠬᠠᠯ ᠢ ᠲᠠᠭᠠᠵᠦ ᠦᠪᠡᠷ ᠢ ᠪᠠᠨ ᠦᠴᠦᠬᠡᠨ ᠴᠣ᠋ ᠭᠡᠰᠡᠨ ᠲᠡᠭᠡᠭᠰᠢᠯᠡᠬᠦᠯᠦᠶ᠎ᠠ ᠬᠡᠰᠡᠨ ᠬᠦᠰᠡᠯ ᠬᠡᠨ ᠳᠤ ᠴᠦ ᠪᠠᠶᠢᠳᠠᠭ᠃ ᠭᠡᠬᠦ ᠳᠤ ᠦᠪᠡᠷ ᠢ ᠪᠠᠨ ᠲᠡᠭᠡᠭᠰᠢᠯᠡᠬᠦᠯᠬᠦ ᠳᠤ ᠠᠷᠭ᠎ᠠ ᠪᠠᠷᠢᠯ ᠬᠡᠷᠡᠭᠳᠠᠢ᠃ ᠲᠠᠷᠠᠭ᠎ᠠ ᠶᠢᠨ ᠲᠠᠪᠣᠨ ᠵᠦᠢᠯ ᠤᠨ ᠠᠷᠭ᠎ᠠ ᠨᠢ ᠲᠠᠨ ᠤ ᠦᠪᠡᠷ ᠢ ᠪᠠᠨ ᠲᠡᠭᠡᠭᠰᠢᠯᠡᠬᠦᠯᠬᠦ ᠳᠤ ᠮᠠᠰᠢ ᠲᠤᠰᠠᠲᠠᠢ ᠭᠡᠳᠡᠭ ᠢ ᠢᠲᠡᠭᠡᠵᠦ ᠪᠠᠶᠢᠨ᠎ᠠ᠃      ᠨᠢᠬᠡ᠂ ᠭᠤᠮᠣᠷᠬᠠᠬᠤ ᠪᠠᠨ ᠪᠣᠯᠢ᠃ ᠣᠳᠣ ᠶᠢᠨ ᠪᠠᠶᠢᠳᠠᠯ ᠬᠡᠳᠦᠢ ᠬᠦᠴᠢᠷ ᠪᠡᠷᠬᠡᠳᠠᠢ ᠪᠠᠶᠢᠭᠰᠠᠨ ᠴᠣ᠋᠂ ᠡᠬᠦᠨ ᠢ ᠲᠠ ᠦᠪᠡᠷᠳᠡᠬᠡᠨ ᠪᠣᠢ ᠪᠣᠯᠭᠠᠭᠰᠠᠨ ᠪᠠᠶᠢᠳᠠᠭ᠃ ᠭᠤᠮᠣᠷᠬᠠᠬᠤ ᠨᠢ ᠪᠠᠶᠢᠳᠠᠯ ᠢᠶᠠᠨ ᠨᠡᠩ ᠬᠦᠨᠳᠣ ᠨᠣᠴᠢᠳᠠᠢ ᠪᠣᠯᠭᠠᠬᠤ ᠪᠠᠷ ᠪᠠᠷᠠᠬᠤ ᠦᠭᠡᠢ᠂ ᠲᠠᠨ ᠳᠤ ᠶᠠᠮᠠᠷ ᠴᠦ ᠬᠤᠪᠢᠷᠠᠯᠳᠠ ᠶᠢ ᠠᠪᠴᠢᠷᠠᠬᠤ ᠦᠬᠡᠢ ᠶᠣᠮ᠃ ᠰᠡᠳᠬᠢᠴᠨ ᠵᠦᠢ ᠳᠤ ᠡᠶᠢᠮᠦ ᠨᠢᠬᠡᠨ ᠣᠨᠣᠯ ᠪᠣᠢ᠄ ᠲᠠᠷᠣᠢ ᠠᠮᠢᠳᠣᠷᠠᠯ ᠤᠨ 10% ᠨᠢ ᠲᠠᠨ ᠤ ᠪᠡᠶ᠎ᠡ ᠲᠡᠭᠡᠷᠡᠬᠢ ᠬᠡᠷᠡᠭ ᠶᠠᠪᠣᠳᠠᠯ ᠠᠴᠠ ᠪᠦᠷᠢᠯᠳᠦᠵᠦ᠂ ᠪᠣᠰᠣᠳ 90% ᠨᠢ ᠲᠠᠨ ᠤ ᠬᠡᠷᠡᠭ ᠶᠠᠪᠣᠳᠠᠯ ᠳᠤ ᠬᠠᠨᠳᠤᠭᠰᠠᠨ ᠣᠪᠣᠷ ᠠᠴᠠ ᠰᠢᠯᠳᠠᠭᠠᠯᠠᠭᠳᠠᠨ᠎ᠠ ᠬᠡᠵᠦ ᠪᠣᠢ᠃ ᠡᠶᠢᠮᠦ ᠠᠴᠠ ᠶᠠᠮᠠᠷ ᠨᠢᠬᠡ ᠶᠠᠭᠤᠮᠠᠨ ᠳᠤ ᠭᠤᠮᠣᠷᠬᠠᠬᠤ ᠶᠢᠨ ᠣᠷᠣᠨ ᠳᠤ᠂ ᠲᠣᠳᠠᠭᠤ ᠲᠣᠣᠭᠠᠷᠴᠦ᠂ ᠠᠮᠢᠳᠣᠷᠠᠯ ᠢᠶᠠᠨ ᠬᠤᠪᠢᠷᠠᠭᠤᠯᠬᠤ ᠶᠠᠮᠠᠷ ᠨᠢᠬᠡᠨ ᠵᠦᠢᠯ ᠢ ᠬᠢᠬᠦ ᠨᠢ ᠲᠦᠢᠯ ᠤᠨ ᠴᠢᠬᠤᠯᠨ ᠶᠣᠮ᠃ ᠲᠣᠬᠠᠶᠢᠯᠠᠪᠠᠯ᠂ ᠬᠢᠨᠠᠮᠠᠭᠠᠢ ᠠᠵᠢᠯᠯᠠᠵᠦ᠂ ᠴᠢᠳᠠᠪᠣᠷᠢ ᠪᠠᠨ ᠲᠡᠭᠡᠭᠰᠢᠯᠡᠬᠦᠯᠬᠦ︔ ᠨᠣᠮ ᠣᠩᠰᠢᠵᠦ᠂ ᠮᠡᠳᠡᠯᠬᠡ ᠬᠤᠷᠠᠮᠳᠣᠭᠤᠯᠣᠨ᠂ ᠰᠡᠳᠬᠢᠬᠦᠢ ᠪᠠᠨ ᠵᠣᠬᠢᠴᠠᠭᠤᠯᠬᠤ᠃ᠲᠠᠨ ᠤ ᠬᠢᠭᠰᠡᠨ ᠣᠶᠢᠯᠨ ᠠᠵᠢᠯᠯᠠᠭ᠎ᠠ ᠪᠦᠲᠦᠮᠵᠢᠳᠠᠢ ᠮᠦᠷᠳᠡᠬᠡᠨ ᠪᠣᠳᠠᠳᠠᠢ ᠪᠣᠯᠬᠤ ᠲᠣᠳᠣᠮ ᠠᠮᠢᠳᠣᠷᠠᠯ ᠤᠨ ᠪᠠᠶᠢᠳᠠᠯ ᠲᠦᠷᠬᠡᠨ ᠢᠶᠠᠷ ᠵᠦᠪ ᠵᠠᠮ ᠳᠠᠭᠠᠨ ᠣᠷᠣᠵᠦ᠂ ᠡᠳᠦᠷ ᠠᠴᠠ ᠡᠳᠦᠷ ᠰᠠᠶᠢᠨ ᠪᠣᠯᠬᠤ ᠶᠣᠮ᠃      ᠬᠤᠶᠠᠷ᠂ ᠬᠤᠶᠢᠷᠭᠤᠰᠢᠨ ᠬᠤᠶᠢᠰᠢᠯᠠᠭᠤᠯᠬᠤ ᠶᠢ ᠲᠡᠪᠴᠢᠬᠡᠷᠠᠢ᠃ ᠰᠦᠯᠵᠢᠶᠠᠨ ᠲᠡᠭᠡᠷ᠎ᠡ ᠨᠢᠬᠡᠨ ᠵᠢᠷᠤᠭ ᠪᠠᠶᠢᠳᠠᠭ᠂ ᠲᠤᠬᠠᠶᠢᠯᠠᠪᠠᠯ᠄ ᠪᠣᠰᠣᠳ ᠬᠦᠮᠦᠨ ᠤ ᠠᠵᠢᠯᠯᠠᠬᠤ ᠠᠷᠭ᠎ᠠ ᠪᠠᠷᠢᠯ ᠨᠢ ᠲᠦᠯᠦᠪᠯᠡᠬᠦ ᠠᠴᠠ ᠬᠡᠷᠡᠭᠵᠢᠬᠦᠯᠬᠦ᠂ ᠵᠠᠰᠠᠬᠤ᠂ ᠵᠦᠪᠳᠡᠯᠴᠡᠬᠦ᠂ ᠲᠦᠰᠦᠪ ᠲᠣᠭᠳᠠᠭᠠᠬᠤ᠂ ᠪᠡᠶᠡᠯᠡᠬᠦᠯᠬᠦ ᠵᠡᠷᠬᠡ ᠨᠢᠬᠡ ᠨᠢᠬᠡ ᠠᠯᠬᠤᠮ ᠢᠶᠠᠷ ᠵᠠᠷᠴᠢᠮᠵᠢᠭᠤᠯᠣᠨ ᠬᠢᠵᠦ ᠪᠠᠶᠢᠬᠤ ᠳᠤ᠂ ᠲᠠᠨ ᠤ ᠠᠵᠢᠯᠯᠠᠬᠤ ᠠᠷᠭ᠎ᠠ ᠪᠠᠷᠢᠯ ᠨᠢ ᠣᠯᠠᠩᠬᠢ ᠴᠠᠭ ᠢᠶᠠᠨ ᠵᠤᠭ᠎ᠠ ᠴᠡᠩᠬᠡᠬᠦᠨ ᠳᠤ ᠠᠰᠢᠭᠯᠠᠵᠦ᠂ ᠲᠣᠭᠳᠠᠭᠰᠠᠨ ᠡᠳᠦᠷ ᠨᠢ ᠣᠶᠢᠷᠠᠳᠣᠬᠤ ᠳᠤ ᠰᠠᠶ᠋ᠢ ᠣᠳᠣ ᠬᠢᠬᠦ ᠦᠬᠡᠢ ᠪᠣᠯ ᠠᠮᠵᠢᠬᠤ ᠦᠬᠡᠢ ᠪᠣᠯᠣᠭᠰᠠᠨ ᠬᠡᠮᠡᠨ ᠪᠠᠴᠢᠮᠳᠠᠵᠦ ᠰᠣᠴᠢᠭᠰᠠᠨ ᠰᠡᠳᠬᠢᠯᠬᠡ ᠪᠠᠷ ᠠᠵᠢᠯ ᠪᠡᠶᠡᠯᠡᠭᠦᠯᠬᠦ᠃ᠬᠤᠶᠢᠰᠢᠯᠠᠭᠤᠯᠬᠤ ᠲᠠᠳᠬᠠᠯ ᠨᠢ ᠬᠦᠮᠦᠨ ᠤ ᠵᠣᠯ ᠵᠢᠷᠭᠠᠯ ᠢ ᠶᠡᠬᠡᠬᠡᠨ ᠨᠦᠯᠦᠬᠡᠯᠡᠳᠡᠭ᠂ ᠦᠪᠡᠷ ᠢ ᠪᠠᠨ ᠲᠡᠭᠡᠭᠰᠢᠯᠡᠬᠦᠯᠬᠦ ᠳᠤ ᠵᠠᠪᠠᠯ ᠬᠤᠶᠢᠰᠢᠯᠠᠭᠤᠯᠬᠤ ᠲᠠᠳᠬᠠᠯ ᠢ ᠲᠡᠪᠴᠢᠵᠦ ᠣᠷᠬᠢᠬᠤ ᠬᠡᠷᠡᠭᠳᠠᠢ ᠶᠣᠮ᠃ ᠲᠠ ᠲᠠᠪᠣᠨ ᠮᠢᠨᠦ᠋ᠲ‌‍ᠤᠨ ᠵᠢᠮ᠎ᠠ ᠶᠢ ᠲᠣᠷᠰᠢᠵᠦ ᠦᠵᠡᠬᠡᠷᠠᠢ᠃ ᠶᠠᠭᠤ ᠴᠣ᠋ ᠬᠢᠬᠦ ᠲᠣᠷ᠎ᠠ ᠦᠬᠡᠢ ᠦᠶ᠎ᠡ ᠳᠤ᠂ ᠲᠠᠪᠣᠨ ᠮᠢᠨᠦ᠋ᠲ ᠣᠷᠢᠳᠴᠢᠯᠠᠵᠦ ᠬᠢᠬᠦ ᠶᠢ ᠲᠣᠷᠰᠢᠭᠠᠷᠠᠢ᠃ ᠡᠨᠡ ᠬᠦ ᠣᠬᠤᠷᠬᠠᠨ ᠲᠠᠪᠣᠨ ᠮᠢᠨᠦ᠋ᠲ ᠲᠠᠨ ᠤ ᠠᠵᠢᠯ ᠰᠣᠷᠣᠯᠭ᠎ᠠ ᠶᠢ ᠬᠡᠪ ᠤᠨ ᠪᠠᠶᠢᠳᠠᠯ ᠳᠤ ᠣᠷᠣᠭᠤᠯᠵᠦ ᠴᠢᠳᠠᠬᠤ ᠶᠣᠮ᠃ ᠬᠡᠷᠪᠡ ᠡᠬᠢᠯᠡᠬᠦᠯᠳᠡᠭ ᠯᠨ ᠶᠣᠮ ᠪᠣᠯ ᠠᠮᠵᠢᠯᠳᠠ ᠶᠢᠨ ᠬᠠᠭᠠᠰ ᠲᠤ ᠬᠦᠷᠦᠭᠰᠡᠨ ᠬᠡᠰᠡᠨ ᠦᠬᠡ᠃ ᠮᠦᠨ ᠴᠣ᠋ ᠭᠠᠷ ᠣᠳᠠᠰᠣ ᠮᠡᠳᠣ ᠶᠢᠨ ᠠᠩᠬᠠᠷᠣᠯ ᠰᠠᠷᠨᠢᠭᠤᠯᠬᠤ ᠵᠦᠢᠯ ᠠᠴᠠ ᠰᠠᠯᠵᠦ᠂ ᠭᠠᠭᠴᠠ ᠬᠤᠷᠣᠮ ᠤᠨ ᠠᠩᠬᠠᠷᠣᠯ ᠢ ᠲᠡᠰᠪᠣᠷᠢᠯᠡᠭᠰᠡᠨ ᠤ ᠰᠡᠬᠦᠯᠡᠷ ᠦᠪᠡᠷ ᠢ‌‍ᠪᠠᠨ ᠱᠠᠩᠨᠠᠨ ᠵᠣᠷᠢᠭᠵᠢᠭᠤᠯᠪᠠᠯ᠂ ᠲᠠᠷᠠᠭ᠎ᠠ ᠣᠳᠠᠭ᠎ᠠ ᠠᠩᠬᠠᠷᠣᠯ ᠲᠦᠪᠯᠡᠷᠡᠬᠦᠯᠬᠦ ᠦᠶᠡᠰ ᠲᠡᠶᠢᠮᠦ ᠬᠦᠴᠢᠷ ᠰᠠᠨᠠᠭᠳᠠᠬᠤ ᠦᠬᠡᠢ ᠪᠣᠯᠣᠨ᠎ᠠ᠃      ᠭᠤᠷᠪᠠ᠂ ᠪᠡᠶ᠎ᠡ ᠪᠠᠨ ᠴᠢᠭᠢᠷᠠᠭᠵᠢᠭᠤᠯᠬᠤ᠃ ᠬᠡᠷᠪᠡ ᠲᠠ ᠦᠪᠡᠷ ᠢ ᠪᠠᠨ ᠶᠠᠭᠤ ᠴᠣ᠋ ᠪᠢᠰᠢ ᠬᠡᠮᠡᠨ ᠦᠵᠡᠵᠦ᠂ ᠠᠮᠢᠳᠣᠷᠠᠯ ᠳᠠᠭᠠᠨ ᠲᠦᠭᠦᠷᠡᠩ ᠭᠤᠮᠣᠷᠬᠠᠯ ᠲᠠᠢ ᠪᠠᠶᠢᠪᠠᠯ ᠪᠡᠶ᠎ᠡ ᠪᠠᠨ ᠴᠢᠬᠢᠷᠠᠭᠵᠢᠭᠤᠯᠵᠦ ᠪᠠᠢ᠃ ᠨᠢᠬᠡ ᠦᠶ᠎ᠡ ᠪᠡᠶ᠎ᠡ ᠪᠠᠨ ᠴᠢᠬᠢᠷᠠᠭᠵᠢᠭᠤᠯᠬᠤ ᠶᠢ ᠪᠠᠷᠢᠮᠳᠠᠯᠠᠪᠠᠯ᠂ ᠠᠮᠢᠳᠣᠷᠠᠯ ᠲᠠᠨᠢ ᠬᠤᠪᠢᠷᠠᠯᠲᠠ ᠭᠠᠷᠤᠭᠰᠠᠨ ᠬᠡᠳᠡᠭ ᠢ ᠮᠡᠳᠡᠷᠡᠬᠦ ᠶᠣᠮ᠃ ᠲᠠᠨ ᠤ ᠪᠢᠷ᠎ᠠ ᠲᠡᠩᠬᠡᠬᠡ ᠨᠡᠮᠡᠭᠳᠡᠵᠦ᠂ ᠵᠢᠷᠣᠬᠡ ᠠᠭᠤᠰᠬᠢ ᠲᠠᠮᠢᠷᠵᠢᠨ᠂ ᠦᠬᠡ ᠬᠡᠯᠡᠵᠦ ᠣᠶᠢᠯᠨ ᠬᠢᠬᠦ ᠳᠤ ᠬᠦᠴᠢᠷᠳᠡᠬᠦ ᠦᠬᠡᠢ ᠪᠣᠯᠬᠤ ᠶᠣᠮ︔ ᠰᠦᠷ ᠰᠦᠯᠳᠡ ᠲᠠᠢ ᠪᠣᠯᠵᠦ᠂ ᠠᠩᠬᠠᠷᠣᠯ ᠢᠶᠠᠨ ᠲᠦᠪᠯᠡᠷᠡᠬᠦᠯᠬᠦ ᠴᠠᠭ ᠴᠣ᠋ ᠣᠷᠳᠣᠳᠣᠨ᠂ ᠠᠵᠢᠯ ᠰᠣᠷᠣᠯᠭ᠎ᠠ ᠶᠢᠨ ᠠᠯᠢ ᠨᠢ ᠴᠣ᠋ ᠬᠡᠰᠡᠨ ᠪᠦᠲᠦᠮᠵᠢᠳᠠᠢ ᠪᠣᠯᠣᠨ᠎ᠠ︔ ᠪᠡᠶ᠎ᠡ ᠪᠢᠯᠳᠠᠷ ᠰᠠᠶᠢᠵᠢᠷᠠᠪᠠᠯ ᠦᠪᠡᠷ ᠢ ᠪᠠᠨ ᠣᠯᠠᠮ ᠠᠴᠠ ᠣᠯᠠᠮ ᠬᠠᠶᠢᠷᠠᠯᠠᠬᠤ ᠪᠣᠯᠣᠨ᠎ᠠ᠃ ᠵᠦᠪᠬᠡᠨ ᠦᠪᠡᠷ ᠢ ᠪᠠᠨ ᠦᠬᠡᠷᠡᠴᠢᠯᠡᠵᠦ ᠡᠬᠢᠯᠡᠪᠡᠯ ᠲᠠᠨ ᠤ ᠪᠡᠶ᠎ᠡ ᠰᠡᠳᠬᠢᠯ᠂ ᠠᠮᠢᠳᠣᠷᠠᠯ ᠪᠦᠬᠦᠳᠡ ᠰᠠᠶᠢᠨ ᠵᠦᠭ ᠴᠢᠭᠯᠡᠬᠦ ᠶᠣᠮ᠃      ᠲᠦᠷᠪᠡ᠂ ᠦᠪᠡᠷ ᠢ ᠪᠠᠨ ᠬᠢᠨᠠᠭᠠᠷᠠᠢ᠃ ᠰᠦᠨᠢ ᠪᠣᠯᠭᠠᠨ ᠣᠨᠳᠠᠬᠤ ᠠᠴᠠ ᠪᠠᠨ ᠡᠮᠦᠨ᠎ᠡ᠂ ᠦᠪᠡᠷ ᠢ‌‍ᠪᠠᠨ ᠪᠦᠷᠢᠮᠦᠰᠦᠨ ᠨᠠᠮᠵᠢᠭᠤᠨ ᠪᠠᠶᠢᠳᠠᠯ ᠳᠤ ᠲᠠᠯᠪᠢᠵᠦ᠂ ᠲᠣᠬᠠᠢ ᠶᠢᠨ ᠡᠳᠦᠷ ᠤᠨ ᠠᠵᠢᠯ ᠰᠤᠷᠤᠯᠭ᠎ᠠ᠂ ᠬᠦᠮᠦᠨ ᠲᠠᠢ ᠬᠠᠷᠢᠯᠴᠠᠭᠰᠠᠨ ᠲᠠᠯ᠎ᠠ ᠪᠠᠷ ᠶᠠᠮᠠᠷ ᠨᠢᠬᠡᠨ ᠵᠣᠬᠢᠰ ᠦᠬᠡᠢ ᠵᠦᠢᠯ ᠪᠠᠶᠢᠬᠤ ᠪᠠᠨ ᠰᠡᠳᠬᠢᠬᠡᠷᠠᠢ᠃ ᠬᠡᠷᠪᠡ ᠡᠨᠡ ᠡᠳᠦᠷ ᠲᠠᠨ ᠤ ᠣᠷᠮ᠎ᠠ ᠰᠡᠳᠬᠢᠯ ᠢ ᠨᠦᠯᠦᠬᠡᠯᠡᠭᠰᠡᠨ ᠬᠡᠷᠡᠭ ᠡᠬᠦᠰᠦᠭᠰᠡᠨ ᠪᠣᠯ ᠦᠪᠡᠷ ᠤᠨ ᠣᠶᠢᠯᠨ ᠠᠵᠢᠯᠯᠠᠭ᠎ᠠ ᠶᠢᠨ ᠢᠶᠠᠨ ᠵᠣᠬᠢᠰ ᠲᠠᠢ ᠡᠰᠡᠬᠦ᠂ ᠵᠠᠷᠴᠢᠮ ᠠᠴᠠ ᠪᠠᠨ ᠲᠡᠷᠰᠯᠡᠭᠰᠡᠨ ᠡᠰᠡᠬᠦ᠂ ᠪᠣᠰᠣᠳ ᠬᠦᠮᠦᠨ ᠢ ᠶᠠᠮᠠᠷ ᠨᠢᠬᠡᠨ ᠬᠡᠮᠵᠢᠶᠠᠨ ᠳᠤ ᠰᠡᠪᠳᠣᠭᠡᠭᠰᠡᠨ ᠡᠰᠡᠬᠦ ᠲᠣᠬᠠᠢ ᠪᠣᠳᠣᠯᠬᠢᠯᠠᠭᠠᠷᠠᠢ᠃ ᠦᠪᠡᠷ ᠢ ᠪᠠᠨ ᠬᠢᠨᠠᠵᠦ ᠴᠢᠳᠠᠪᠠᠯ ᠰᠠᠶ᠋ᠢ ᠦᠪᠡᠷ ᠤᠨ ᠢᠶᠠᠨ ᠰᠠᠶᠢᠨ  ᠲᠠᠢ ᠲᠠᠯ᠎ᠠ᠂ ᠲᠣᠳᠠᠭᠳᠠᠯ ᠲᠠᠢ ᠲᠠᠯ᠎ᠠ ᠶᠢ ᠣᠯᠵᠦ ᠮᠡᠳᠡᠬᠦ ᠶᠣᠮ᠃ ᠣᠶᠣᠨᠯᠢᠭ ᠮᠦᠷᠳᠡᠬᠡᠨ ᠪᠣᠰᠣᠳᠴᠢ ᠲᠠᠯ᠎ᠠ ᠠᠴᠠ ᠥᠪᠡᠷ ᠤᠨ ᠳᠤ ᠪᠠᠨ ᠬᠠᠨᠳᠣᠬᠤ ᠨᠢ ᠦᠪᠡᠷ ᠢ ᠪᠠᠨ ᠲᠡᠭᠡᠭᠰᠢᠯᠡᠬᠦᠯᠬᠦ ᠣᠷᠢᠳᠠᠯ ᠪᠣᠯᠣᠨ᠎ᠠ᠃ ᠨᠢᠬᠡ ᠬᠦᠮᠦᠨ ᠬᠡᠷᠪᠡ ᠥᠪᠡᠷ ᠢ ᠪᠠᠨ ᠲᠣᠳᠣᠷᠬᠠᠢ ᠣᠶᠢᠯᠠᠭᠠᠪᠠᠯ ᠰᠠᠶ᠋ᠢ ᠵᠢᠭᠤᠷᠭᠠᠨ᠂ ᠲᠦᠭᠡᠷᠢᠯ᠂ ᠴᠢᠬᠤᠯᠳᠠᠯ ᠠᠴᠠ ᠰᠠᠯᠵᠦ ᠴᠢᠳᠠᠨ᠂ ᠰᠢᠨ᠎ᠡ ᠲᠠᠪᠠᠯᠳᠠ ᠶᠢ ᠪᠡᠶᠡᠯᠡᠬᠦᠯᠬᠦ ᠪᠣᠯᠣᠨ᠎ᠠ᠃      ᠲᠠᠪᠤ᠂ ᠰᠢᠨ᠎ᠡ ᠮᠡᠷᠬᠡᠵᠢᠯ ᠢ ᠰᠣᠷᠣᠯᠴᠠᠭᠠᠷᠠᠢ᠃ ᠦᠪᠡᠷ ᠢ ᠪᠠᠨ ᠲᠡᠪᠰᠢᠬᠦᠯᠬᠦ ᠬᠠᠮᠤᠭ ᠤᠨ ᠪᠦᠲᠦᠮᠵᠢᠳᠠᠢ ᠠᠷᠭ᠎ᠠ ᠪᠣᠯ ᠰᠢᠨ᠎ᠡ ᠮᠡᠷᠬᠡᠵᠢᠯ ᠢ ᠰᠣᠷᠣᠯᠴᠠᠬᠤ ᠶᠠᠪᠣᠳᠠᠯ ᠪᠣᠯᠣᠨ᠎ᠠ᠃ ᠲᠠ ᠵᠢᠯ ᠪᠦᠷᠢ ᠨᠢᠬᠡ ᠵᠦᠢᠯ ᠤᠨ ᠰᠢᠨ᠎ᠡ ᠮᠡᠷᠬᠡᠵᠢᠯ ᠢ ᠰᠣᠷᠣᠯᠴᠠᠬᠤ ᠶᠢ ᠲᠣᠷᠰᠢᠵᠦ ᠦᠵᠡᠬᠡᠷᠠᠢ᠃ ᠲᠢᠭ ᠠᠴᠠ ᠡᠬᠢᠯᠡᠨ ᠰᠣᠷᠣᠯᠴᠠᠵᠦ᠂ ᠲᠡᠬᠦᠨ ᠢ ᠪᠠᠨ ᠲᠠᠩᠳᠠ ᠲᠠᠪᠳᠠᠨ᠂ ᠵᠢᠯ ᠤᠨ ᠡᠴᠦᠰ ᠪᠣᠯᠵᠦ ᠳ᠋ᠦᠩᠨᠡᠬᠦ ᠦᠶᠡᠰ ᠥᠪᠡᠷ ᠢ ᠪᠠᠨ ᠮᠠᠰᠢ ᠶᠡᠭᠡ ᠲᠠᠪᠰᠢᠯᠳᠠ ᠲᠠᠢ ᠪᠣᠯᠣᠭᠰᠠᠨ ᠢ ᠮᠡᠳᠡᠷᠡᠬᠦ ᠶᠣᠮ᠃ ᠨᠢᠬᠡ ᠰᠢᠨ᠎ᠡ ᠮᠡᠷᠬᠡᠵᠢᠯ ᠢ ᠰᠣᠷᠣᠯᠴᠠᠬᠤ ᠨᠢ ᠴᠠᠭ ᠢ ᠨᠡᠩ ᠪᠦᠲᠦᠮᠵᠢᠳᠠᠢ ᠠᠰᠢᠭᠯᠠᠵᠦ ᠴᠢᠳᠠᠬᠤ ᠪᠠᠷ ᠪᠠᠷᠠᠬᠤ ᠦᠬᠡᠢ ᠦᠪᠡᠷ ᠤᠨ ᠢᠳᠡᠬᠡᠯ ᠵᠣᠷᠢᠭ ᠢ ᠬᠦᠪᠴᠢᠯᠡᠵᠦ ᠴᠢᠳᠠᠬᠤ ᠶᠣᠮ᠃ ᠵᠢᠷᠤᠭ ᠵᠢᠷᠣᠬᠤ᠂ ᠣᠷᠠᠨ ᠪᠢᠴᠢᠯᠬᠡ ᠪᠢᠴᠢᠬᠦ᠂ ᠭᠠᠷ ᠣᠷᠠᠯᠠᠯ ᠬᠢᠬᠦ᠂ ᠪᠢᠴᠢᠯ ᠸᠢᠳᠢᠣ᠋ ᠵᠢᠷᠣᠭᠯᠠᠬᠤ᠂ ᠵᠢᠷᠤᠭ ᠰᠡᠬᠦᠳᠡᠷ ᠲᠠᠳᠠᠬᠤ ᠵᠡᠷᠬᠡ ᠪᠣᠢ᠃ ᠬᠡᠷᠪᠡ ᠲᠠ ᠰᠣᠷᠣᠯᠴᠠᠬᠤ ᠲᠣᠷᠠᠳᠠᠢ ᠯᠡ ᠶᠣᠮ ᠪᠦᠬᠦ ᠶᠠᠭᠤᠮ᠎ᠠ ᠪᠡᠯᠡᠨ ᠪᠠᠶᠢᠭ᠎ᠠ ᠶᠣᠮ᠃ ᠬᠡᠪᠡᠴᠦ᠂ ᠨᠢᠬᠡ ᠯᠨ ᠲᠣᠣᠷ᠎ᠠ ᠪᠦᠬᠦᠨ ᠢ ᠰᠣᠷᠬᠤ ᠬᠡᠳᠡᠭ ᠲᠤ ᠭᠤᠷᠢᠳᠠᠵᠦ ᠪᠣᠯᠬᠤ ᠦᠬᠡᠢ ᠬᠡᠳᠡᠭ ᠢ ᠴᠡᠬᠡᠵᠢᠯᠡᠬᠡᠷᠠᠢ᠃
 
ᠢᠷᠡᠯᠲᠡ᠄ ᠳᠤᠮᠳᠠᠳᠤ ᠤᠯᠤᠰ ᠤᠨ ᠦᠨᠳᠦᠰᠦᠲᠡᠨ ᠤ ᠷᠠᠳᠢᠣ᠋ ᠨᠡᠪᠲᠡᠷᠡᠭᠦᠯᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号