ᠡᠳᠦᠷ ᠪᠣᠯᠭᠠᠨ ᠪᠡᠶ᠎ᠡ ᠪᠠᠨ ᠣᠬᠢᠶᠠᠬᠤ ᠨᠢ ᠵᠣᠬᠢᠰᠳᠠᠢ ᠤᠤ︖
ᠨᠡᠶᠢᠲᠡᠯᠡᠭᠰᠡᠨ ᠴᠠᠭ᠄
2019/12/16
     ᠨᠠᠮᠣᠷ ᠡᠪᠦᠯ ᠤᠨ ᠣᠯᠠᠷᠢᠯ ᠳᠤ ᠵᠠᠷᠢᠮ ᠬᠦᠮᠦᠰ ᠤᠨ ᠠᠷᠠᠰᠣ ᠬᠠᠭᠤᠷᠠᠶᠢᠰᠢᠵᠦ᠂ ᠵᠢᠭᠠᠰᠣᠨ ᠤ ᠬᠠᠶᠢᠷᠰᠣ ᠰᠢᠭ᠋ ᠪᠣᠯᠬᠤ ᠮᠦ᠋ᠷᠳᠡᠬᠡᠨ ᠵᠠᠭᠠᠳᠣᠨᠠᠳᠠᠭ᠃ ᠭᠠᠷ ᠢᠶᠠᠷ ᠢᠶᠠᠨ ᠬᠦᠩᠬᠡᠬᠡᠨ ᠮᠠᠭᠠᠵᠢᠪᠠᠯ ᠴᠠᠰᠣᠨ ᠰᠢᠷᠬᠡᠭ ᠰᠢᠭ ᠴᠠᠭᠠᠨ ᠶᠠᠭᠤᠮ᠎ᠠ ᠪᠠᠭᠤᠨ᠎ᠠ᠃ ᠡᠨᠡ ᠨᠢ ᠶᠠᠭᠤᠨ ᠠᠴᠠ ᠪᠣᠯᠣᠭᠰᠠᠨ ᠪᠣᠢ ᠬᠡᠪᠡᠯ ᠪᠠᠷᠤᠭ ᠣᠯᠠᠨᠲᠠ ᠪᠡᠶ᠎ᠡ ᠪᠠᠨ ᠣᠬᠢᠶᠠᠭᠰᠨᠨ ᠲᠠᠢ ᠬᠤᠯᠪᠣᠭ᠎ᠠ ᠲᠠᠢ ᠶᠤᠮ᠃      ᠵᠠᠷᠢᠮ ᠬᠥᠮᠥᠨ ᠡᠪᠦᠯ ᠤᠨ ᠬᠦᠢᠳᠡᠨ ᠳᠤ ᠴᠣ᠋ ᠪᠡᠶ᠎ᠡ ᠪᠠᠨ ᠣᠬᠢᠶᠠᠬᠤ ᠲᠣᠷᠠᠳᠠᠢ ᠪᠠᠶᠢᠳᠠᠭ᠃ ᠲᠠᠨ ᠤ ᠲᠡᠷᠭᠡᠳᠡ  ᠳᠤ ᠴᠣ᠋ ᠡᠶᠢᠮᠦ ︽ᠠᠷᠢᠭᠤᠨ ᠴᠡᠪᠡᠷᠴᠢ︾ ᠬᠦᠮᠦᠨ ᠪᠠᠶᠢᠬᠤ ᠪᠠᠶᠢᠬ᠎ᠠ᠃ ᠲᠡᠭᠡᠪᠡᠯ ᠡᠳᠦᠷ ᠪᠣᠯᠭᠠᠨ ᠪᠡᠶ᠎ᠡ ᠪᠠᠨ ᠣᠬᠢᠶᠠᠬᠤ ᠨᠢ ᠵᠣᠬᠢᠰᠳᠠᠢ ᠤᠤ︖ ᠡᠪᠦᠯ ᠤᠨ ᠣᠯᠠᠷᠢᠯ ᠳᠤ ᠬᠡᠳᠦᠢ ᠣᠳᠠᠭᠠᠳ ᠪᠡᠶ᠎ᠡ ᠪᠠᠨ ᠨᠢᠭᠡ ᠣᠬᠢᠶᠠᠬᠤ ᠨᠢ ᠵᠣᠬᠢᠰᠳᠠᠢ ᠪᠣᠢ︖ ᠡᠳᠦᠷ ᠪᠣᠯᠭᠠᠨ ᠪᠡᠶ᠎ᠡ ᠪᠠᠨ ᠣᠬᠢᠶᠠᠬᠤ ᠨᠢ ᠵᠣᠬᠢᠰᠳᠠᠢ ᠤᠤ︖ᠮᠠᠰᠢ ᠣᠯᠠᠨ ᠬᠥᠮᠥᠨ ᠡᠳᠦᠷ ᠪᠣᠯᠭᠠᠨ ᠪᠡᠶ᠎ᠡ ᠪᠠᠨ ᠣᠬᠢᠶᠠᠬᠤ ᠲᠠᠳᠬᠠᠯ ᠲᠠᠢ ᠪᠠᠶᠢᠳᠠᠭ᠃ ᠬᠠᠯᠠᠭᠤᠨ ᠭᠠᠵᠠᠷ ᠲᠤ ᠪᠣᠯ ᠡᠳᠦᠷ ᠪᠣᠯᠭᠠᠨ ᠬᠤᠶᠠᠷ ᠣᠳᠠᠭ᠎ᠠ ᠣᠬᠢᠶᠠᠬᠤ ᠶᠠᠪᠣᠳᠠᠯ ᠴᠣ᠋ ᠭᠠᠷᠳᠠᠭ᠃ ᠭᠡᠪᠡᠴᠦ ᠡᠮᠴᠢ ᠠᠴᠠ ᠪᠡᠶ᠎ᠡ ᠪᠠᠨ ᠡᠳᠦᠷ ᠪᠦᠷᠢ ᠣᠬᠢᠶᠠᠬᠤ ᠦᠬᠡᠢ ᠪᠣᠯ ᠰᠠᠶᠢᠨ ᠬᠡᠵᠦ ᠰᠠᠨᠠᠭᠤᠯᠵᠦ ᠪᠠᠶᠢᠨ᠎ᠠ᠃ ᠣᠴᠢᠷ ᠨᠢ ᠶᠠᠭᠤ ᠬᠡᠪᠡᠯ ᠪᠡᠶ᠎ᠡ ᠣᠬᠢᠶᠠᠬᠤ ᠰᠢᠩᠬᠡᠨ ᠪᠣᠯᠣᠨ ᠦᠰᠦ ᠣᠬᠢᠶᠠᠬᠤ ᠰᠢᠩᠬᠡᠨ ᠨᠢ ᠬᠦᠮᠣᠨ ᠤ ᠪᠡᠶ᠎ᠡ ᠶᠢᠨ ᠠᠷᠠᠰᠣᠨ ᠤ ᠪᠣᠵᠠᠷ ᠪᠣᠷᠳᠠᠭ ᠢ ᠠᠷᠢᠯᠭᠠᠬᠤ ᠶᠢᠨ ᠲᠠᠭᠠᠣ ᠠᠷᠠᠰᠣᠨ ᠤ ᠲᠣᠰᠣᠯᠢᠭ ᠲᠠᠪᠬᠤᠷᠭ᠎ᠠ ᠶᠢ ᠴᠦ ᠠᠷᠢᠯᠭᠠᠳᠠᠭ᠃ ᠠᠷᠠᠰᠣᠨ ᠤ ᠲᠣᠰᠣᠯᠢᠭ ᠲᠠᠪᠬᠤᠷᠭ᠎ᠠ ᠨᠢ ᠠᠷᠠᠰᠣ ᠶᠢ ᠬᠠᠮᠠᠭᠠᠯᠠᠨ᠂ ᠠᠷᠠᠰᠣᠨ ᠲᠠᠪᠬᠤᠷᠭ᠎ᠠ ᠳᠠᠬᠢ   ᠣᠰᠣᠨ ᠤ ᠬᠡᠳᠦᠷᠬᠡᠢ ᠠᠭᠤᠷᠰᠢᠯ ᠢ ᠰᠡᠷᠬᠡᠶᠢᠯᠡᠳᠡᠭ ᠶᠤᠮ᠃      ᠣᠯᠠᠨᠲᠠ ᠪᠡᠶ᠎ᠡ ᠪᠠᠨ ᠤᠬᠢᠶᠠᠪᠠᠯ ᠠᠷᠠᠰᠣᠨ ᠤ ᠲᠣᠰᠣᠯᠢᠭ ᠲᠠᠪᠬᠤᠷᠭ᠎ᠠ ᠶᠢ ᠡᠪᠳᠡᠬᠦ ᠪᠣᠯᠬᠤᠷ ᠬᠠᠭᠤᠷᠠᠶᠢᠰᠢᠬᠤ᠂ ᠵᠠᠭᠠᠳᠣᠨᠠᠬᠤ ᠵᠡᠷᠬᠡ ᠠᠷᠠᠰᠣᠨ ᠤ ᠰᠡᠳᠡᠯᠳᠡ ᠶᠢ ᠪᠣᠢ ᠪᠣᠯᠭᠠᠳᠠᠭ᠃ ᠬᠡᠳᠦᠢ ᠤᠳᠠᠭᠠᠳ ᠪᠡᠶ᠎ᠡ ᠪᠠᠨ ᠣᠬᠢᠶᠠᠬᠤ ᠨᠢ ᠰᠢᠨᠵᠢᠯᠡᠬᠦ ᠣᠬᠠᠭᠠᠨᠴᠢ ᠪᠣᠢ︖      ᠡᠬᠦᠨ ᠢ ᠪᠣᠳᠠᠲᠠᠢ ᠲᠣᠭᠳᠠᠭᠠᠭᠰᠠᠨ ᠬᠦᠮᠦᠨ ᠭᠡᠵᠦ ᠪᠠᠶᠢᠬᠤ ᠦᠬᠡᠢ᠃ ᠥᠭᠡᠷ᠎ᠡ ᠪᠠᠷ ᠬᠡᠯᠡᠪᠡᠯ᠂ ᠣᠷᠴᠢᠨ ᠲᠣᠭᠤᠷᠢᠨ ᠪᠣᠯᠣᠨ ᠬᠤᠪᠢ ᠬᠦᠮᠦᠨ ᠤ ᠰᠢᠯᠳᠠᠭᠠᠨ ᠢᠶᠠᠨ ᠦᠨᠳᠦᠰᠣᠯᠡᠬᠦ ᠬᠡᠷᠡᠭᠳᠠᠢ᠃      ᠬᠠᠯᠠᠭᠤᠨ ᠴᠠᠭ ᠲᠤ ᠢᠯᠡᠭᠦᠦ ᠣᠬᠢᠶᠠᠵᠦ᠂ ᠬᠦᠢᠳᠡᠨ ᠴᠠᠭ ᠲᠤ ᠴᠦᠬᠡᠨ ᠰᠢᠭ ᠣᠬᠢᠶᠠᠬᠤ ᠨᠢ ᠵᠣᠬᠢᠰᠳᠠᠢ᠃      ᠡᠨᠡ ᠲᠠᠯ᠎ᠠ ᠪᠠᠷ ᠲᠣᠮᠳᠠᠳᠣ ᠣᠯᠣᠰ ᠤᠨ ᠠᠷᠠᠰᠣᠨ ᠤ ᠰᠠᠯᠠᠭᠠᠨ ᠤ ᠨᠡᠶᠢᠬᠡᠮᠯᠢᠭ ᠤᠨ ᠨᠡᠶᠢᠳᠡᠯᠡᠭᠰᠡᠨ ︽ᠠᠷᠠᠰᠣ ᠶᠢ ᠴᠡᠪᠡᠷᠰᠢᠬᠦᠯᠬᠦ ᠲᠤᠬᠠᠢ ᠵᠦᠭᠯᠡᠭᠦᠷ︾ ᠢᠶᠠᠷ ᠯᠠᠪᠯᠠᠯᠳᠠ ᠪᠣᠯᠭᠠᠵᠦ ᠪᠣᠯᠣᠨ᠎ᠠ᠃ ᠡᠭᠦᠨ ᠳᠤ ᠲᠡᠮᠳᠡᠭᠯᠡᠭᠰᠡᠨ ᠢᠶᠠᠷ᠄      ᠡᠩ ᠤᠨ ᠪᠠᠶᠢᠳᠠᠯ ᠳᠤ 2~3 ᠡᠳᠦᠷ ᠲᠤ ᠨᠢᠬᠡ ᠣᠳᠠᠭ᠎ᠠ ᠪᠡᠶ᠎ᠡ ᠪᠠᠨ ᠣᠬᠢᠶᠠᠵᠦ᠂ ᠵᠣᠨ ᠤ ᠬᠠᠯᠠᠭᠤᠨ ᠴᠠᠭ ᠪᠣᠶᠣ ᠲᠠᠮᠢᠷ ᠤᠨ ᠬᠦᠳᠡᠯᠬᠡᠬᠡᠨ ᠳᠤ ᠲᠣᠷᠠᠳᠠᠢ ᠬᠦᠮᠦᠰ ᠡᠳᠦᠷ ᠪᠦᠷᠢ ᠪᠡᠶ᠎ᠡ ᠪᠠᠨ ᠤᠬᠢᠶᠠᠵᠤ ᠪᠣᠯᠣᠨ᠎ᠠ᠃ ᠭᠠᠩ ᠬᠠᠭᠤᠷᠠᠢ ᠭᠠᠵᠠᠷ ᠣᠷᠣᠨ ᠪᠣᠶᠣ ᠡᠪᠦᠯ ᠤᠨ ᠬᠦᠢᠳᠡᠨ ᠳᠤ ᠨᠠᠰᠣᠳᠠᠢ ᠬᠦᠮᠦᠰ 5~7 ᠡᠳᠦᠷ ᠲᠤ᠂ ᠵᠠᠯᠠᠭᠤᠴᠣᠳ 3~5 ᠡᠳᠦᠷ ᠲᠤ ᠨᠢᠬᠡ ᠣᠳᠠᠭ᠎ᠠ ᠪᠡᠶ᠎ᠡ ᠪᠠᠨ ᠣᠬᠢᠶᠠᠬᠤ ᠶᠢ ᠰᠠᠨᠠᠭᠤᠯᠵᠦ ᠪᠠᠶᠢᠨ᠎ᠠ᠃ ᠪᠡᠶ᠎ᠡ ᠣᠬᠢᠶᠠᠬᠤ ᠠᠯᠬᠤᠮ ᠲᠠᠷᠠᠭ᠎ᠠ ᠶᠢᠨ ᠲᠣᠬᠠᠢ ᠬᠡᠪᠡᠯ ᠣᠷᠢᠳᠠᠪᠠᠷ ᠨᠢᠭᠤᠷ ᠢᠶᠠᠨ ᠣᠬᠢᠶᠠᠵᠦ᠂ ᠲᠠᠷᠠᠭ᠎ᠠ ᠨᠢ ᠪᠡᠶ᠎ᠡ ᠪᠠᠨ ᠣᠬᠢᠶᠠᠨ᠂ ᠬᠠᠮᠤᠭ ᠤᠨ ᠰᠡᠬᠦᠯ ᠳᠤ ᠦᠰᠦ ᠪᠠᠨ ᠣᠬᠢᠶᠠᠬᠤ ᠨᠢ ᠲᠣᠬᠢᠷᠠᠮᠵᠢᠳᠠᠢ ᠶᠤᠮ᠃      ᠪᠡᠶ᠎ᠡ ᠪᠠᠨ ᠣᠬᠢᠶᠠᠬᠤ ᠳᠤ ᠶᠠᠭᠤ ᠶᠢ ᠠᠩᠬᠠᠷᠬᠤ ᠴᠢᠬᠤᠯᠠᠲᠠᠢ ᠪᠣᠢ︖      1᠂ ᠭᠬᠢᠷ ᠠᠷᠢᠯᠭᠠᠬᠤ ᠠᠯᠴᠢᠭᠤᠷ ᠢᠶᠠᠷ ᠪᠡᠶ᠎ᠡ ᠪᠠᠨ ᠰᠢᠷᠦᠬᠦᠨ ᠵᠦᠯᠬᠦᠬᠦ ᠨᠢ ᠠᠷᠠᠰᠣᠨ ᠤ ᠲᠠᠪᠬᠤᠷᠭ᠎ᠠ ᠶᠢ ᠡᠪᠳᠡᠬᠦ᠂ ᠴᠢᠨᠠᠭᠰᠢᠯᠠᠭᠠᠳ ᠰᠢᠷᠬ᠎ᠠ ᠰᠣᠷᠪᠢ ᠦᠯᠡᠳᠡᠭᠡᠬᠦ ᠠᠶᠣᠯ ᠲᠠᠢ ᠪᠣᠯᠬᠤᠷ ᠪᠣᠯᠬᠤ ᠶᠢᠨ ᠲᠣᠳᠣᠷ᠎ᠠ ᠪᠢᠳᠡᠭᠡᠢ ᠰᠢᠷᠦᠬᠦᠨ ᠵᠦᠯᠬᠦᠬᠡᠷᠠᠢ᠃      2᠂ ᠪᠡᠶ᠎ᠡ ᠣᠬᠢᠶᠠᠬᠤ ᠰᠢᠩᠬᠡᠨ ᠢ ᠪᠡᠶ᠎ᠡ ᠲᠦᠭᠦᠷᠡᠩ ᠲᠦᠷᠬᠢᠬᠦ ᠬᠡᠷᠡᠭ ᠦᠭᠡᠢ᠃ ᠦᠨᠡᠨᠳᠡᠬᠡᠨ ᠴᠡᠪᠡᠷ ᠣᠰᠣ  ᠪᠠᠷ ᠪᠡᠶ᠎ᠡ ᠳᠡᠭᠡᠷᠡᠬᠢ ᠭᠬᠢᠷ ᠢ ᠠᠷᠢᠯᠭᠠᠴᠢᠬᠠᠬᠤ ᠶᠤᠮ᠃ ᠬᠦᠯ ᠰᠣᠭᠤ ᠵᠡᠷᠬᠡ ᠭᠠᠵᠠᠷ ᠲᠦᠷᠬᠢᠪᠡᠯ ᠪᠣᠯᠴᠢᠬᠠᠨ᠎ᠠ᠃ ᠪᠡᠶ᠎ᠡ ᠣᠬᠢᠶᠠᠬᠤ ᠰᠢᠩᠬᠡᠨ ᠢ ᠢᠩᠬᠢᠵᠦ ᠬᠡᠷᠡᠭᠯᠡᠪᠡᠯ ᠵᠣᠭᠤᠰ ᠠᠷᠪᠢᠯᠠᠬᠤ ᠪᠠᠷ ᠪᠠᠷᠠᠬᠤ ᠦᠭᠡᠢ ᠰᠠᠨᠠᠭᠠᠨ ᠳᠤ ᠦᠬᠡᠢ ᠠᠷᠠᠰᠣᠨ ᠤ ᠬᠡᠮᠳᠦᠯ ᠠᠴᠠ ᠴᠣ᠋ ᠵᠠᠶᠢᠯᠠᠵᠦ ᠴᠢᠳᠠᠨ᠎ᠠ᠃      3. ᠪᠡᠶ᠎ᠡ ᠪᠠᠨ ᠣᠬᠢᠶᠠᠮᠠᠭᠴᠨ ᠣᠨᠳᠠᠬᠤ ᠨᠢ ᠲᠡᠶᠢᠮᠦ ᠰᠠᠶᠢᠨ ᠪᠢᠰᠢ᠃ ᠪᠡᠶ᠎ᠡ ᠪᠠᠨ ᠣᠬᠢᠶᠠᠬᠤ ᠦᠶᠡᠰ ᠠᠷᠠᠰᠣᠨ ᠤ ᠬᠢᠯᠭᠠᠰᠣᠨ ᠰᠣᠳᠠᠯ ᠲᠡᠯᠡᠵᠦ᠂ ᠪᠦᠬᠦ ᠪᠡᠶ᠎ᠡ ᠶᠢᠨ ᠴᠢᠰᠣᠨ ᠡᠷᠬᠢᠯᠳᠡ ᠲᠦᠷᠬᠡᠰᠦᠨ᠂ ᠪᠡᠶ᠎ᠡ ᠬᠠᠷᠢᠴᠠᠩᠭᠤᠢ ᠰᠡᠷᠬᠡᠭ ᠪᠠᠶᠢᠳᠠᠯ ᠳᠤ ᠣᠷᠣᠳᠠᠭ ᠪᠣᠯᠬᠤᠷ ᠡᠨᠡ ᠦᠶ᠎ᠡ ᠳᠤ ᠣᠨᠳᠠᠪᠠᠯ ᠠᠮᠠᠷᠬᠠᠨ ᠨᠦᠢᠷ ᠬᠤᠯᠵᠢᠨ᠎ᠠ᠃ ᠡᠶᠢᠮᠦ ᠠᠴᠠ 1~2 ᠴᠠᠭ ᠤᠨ ᠲᠠᠷᠠᠭ᠎ᠠ ᠣᠨᠳᠠᠪᠠᠯ ᠬᠠᠮᠤᠭ ᠤᠨ ᠵᠣᠬᠢᠰᠳᠠᠢ ᠶᠣᠮ᠃      4. ᠪᠡᠶ᠎ᠡ ᠪᠠᠨ ᠣᠬᠢᠶᠠᠮᠠᠭᠴᠨ ᠠᠷᠠᠰᠣ ᠰᠢᠮᠡᠵᠢᠬᠦᠯᠬᠦ ᠲᠣᠰᠣ ᠲᠦᠷᠬᠢᠬᠡᠷᠠᠢ᠃ ᠣᠰᠣᠨ ᠳᠤ ᠣᠷᠣᠭᠰᠠᠨ ᠴᠣ᠋ ‍ᠦ᠋ᠮᠦᠨ ᠤ ᠠᠷᠠᠰᠣ ᠲᠡᠶᠢᠮᠦ ᠠᠷᠪᠢᠨ ᠣᠰᠣ ᠶᠢ ᠰᠢᠩᠬᠡᠬᠡᠵᠦ ᠴᠢᠳᠠᠬᠤ ᠦᠬᠡᠢ᠃ ᠣᠨᠴᠠᠭᠠᠶᠢᠯᠠᠨ ᠬᠠᠯᠠᠭᠤᠨ ᠣᠰᠣᠨ ᠳᠤ ᠪᠡᠶ᠎ᠡ ᠪᠠᠨ ᠣᠬᠢᠶᠠᠭᠰᠠᠨ ᠤ ᠲᠠᠷᠠᠭ᠎ᠠ᠂ ᠠᠷᠠᠰᠣᠨ ᠤ ᠲᠣᠯᠠᠭᠠᠨ ᠤ ᠬᠡᠮᠵᠢᠶ᠎ᠠ ᠦᠨᠳᠦᠷᠰᠢᠵᠦ᠂ ᠲᠦᠷᠬᠡᠨ ᠠᠭᠤᠷᠰᠢᠳᠠᠭ ᠪᠣᠯᠬᠤᠷ ᠠᠷᠠᠰᠣᠨ ᠤ ᠦᠩᠬᠡᠨ ᠲᠠᠪᠬᠤᠷᠭ᠎ᠠ ᠳᠠᠬᠢ ᠣᠰᠣ ᠦᠬᠡᠢ ᠪᠣᠯᠵᠦ᠂ ᠠᠷᠠᠰᠣ ᠬᠠᠭᠤᠷᠠᠶᠢᠰᠢᠳᠠᠭ ᠃ ᠡᠶᠢᠮᠦ ᠠᠴᠠ ᠪᠡᠶ᠎ᠡ ᠬᠠᠳᠠᠬᠤ ᠠᠴᠠ ᠡᠮᠦᠨ᠎ᠡ ᠠᠷᠠᠰᠣ ᠰᠢᠮᠡᠵᠢᠬᠦᠯᠬᠦ ᠲᠣᠰᠣ ᠲᠦᠷᠬᠢᠪᠡᠯ ᠠᠷᠠᠰᠣᠨ ᠤ ᠲᠠᠪᠬᠤᠷᠭ᠎ᠠ ᠶᠢᠨ ᠣᠰᠣ ᠶᠢ ᠬᠠᠮᠠᠭᠠᠯᠠᠵᠦ ᠴᠢᠳᠠᠬᠤ ᠪᠠᠷ ᠦᠯᠦ ᠪᠠᠷᠠᠮ ᠠᠷᠠᠰᠣ ᠶᠢ ᠬᠠᠮᠠᠭᠠᠯᠠᠵᠦ ᠴᠢᠳᠠᠨ᠎ᠠ᠃                                                                ᠲᠤᠷᠤᠨ᠎ᠠ      
 
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号