ᠳᠡᠩᠳᠡᠭᠦᠤ ᠡᠷᠲᠡ ᠠᠵᠢᠯ ᠠᠴᠠ ᠪᠠᠨ ᠠᠮᠠᠷᠠᠪᠠᠯ ᠶᠡᠭᠡ ᠲᠠᠷᠢᠬᠢᠨ ᠤ ᠮᠠᠭᠤᠳᠠᠯ ᠢ ᠲᠦᠷᠭᠡᠳᠬᠡᠨ᠎ᠡ
ᠨᠡᠶᠢᠲᠡᠯᠡᠭᠰᠡᠨ ᠴᠠᠭ᠄
2019/12/16
     ᠤᠶᠢᠷ᠎ᠠ ᠶᠢᠨ ᠵᠢᠯ ᠠᠴᠠ ᠨᠠᠰᠢ᠂ ᠠᠵᠢᠯ ᠤᠨ ᠠᠮᠠᠷᠠᠯᠲᠠ ᠠᠪᠬᠤ ᠨᠠᠰᠤ ᠵᠢᠯ ᠢ ᠬᠤᠶᠢᠰᠢᠯᠠᠭᠤᠯᠬᠤ ᠲᠥᠰᠦᠯ ᠢ ᠰᠤᠳᠤᠯᠤᠨ ᠶᠠᠷᠢᠯᠴᠠᠬᠤ ᠶᠠᠪᠤᠳᠠᠯ ᠨᠢ ᠨᠡᠶᠢᠭᠡᠮ ᠤᠨ ᠨᠢᠭᠡᠨ ᠬᠠᠯᠠᠮᠰᠢᠯ ᠠᠩᠬᠠᠷᠤᠯ ᠪᠣᠯᠤᠭᠰᠠᠨ ᠪᠠᠶᠢᠨ᠎ᠠ᠃ ᠠᠮᠧᠷᠢᠺᠠ ᠶᠢᠨ ᠠᠵᠤ ᠠᠬᠤᠢ ᠶᠢᠨ ᠤᠬᠠᠭᠠᠨᠲᠠᠨ ᠤ ᠨᠢᠭᠡᠨ ᠰᠢᠨ᠎ᠡ ᠰᠤᠳᠤᠯᠭᠠᠨ ᠳᠤ ᠳᠡᠩᠳᠡᠭᠦᠤ ᠡᠷᠲᠡ ᠠᠵᠢᠯ ᠠᠴᠠ ᠪᠠᠨ ᠠᠮᠠᠷᠠᠪᠠᠯ ᠶᠡᠭᠡ ᠲᠠᠷᠢᠬᠢᠨ ᠤ ᠠᠵᠢᠯᠯᠠᠭ᠎ᠠ ᠳᠤ ᠠᠰᠢᠭ ᠦᠭᠡᠢ ᠪᠠᠶᠢᠵᠤ ᠮᠡᠳᠡᠨ᠎ᠡ ᠬᠡᠵᠦ ᠵᠢᠭᠠᠵᠤ ᠭᠠᠷᠭᠠᠪᠠ᠃      ᠥᠩᠭᠡᠷᠡᠭᠰᠡᠨ ᠬᠡᠳᠦᠨ ᠠᠷᠪᠠᠨ ᠵᠢᠯ ᠳᠤ᠂ ᠳᠤᠮᠳᠠᠳᠤᠴᠤᠳ ᠤᠨ ᠵᠢᠱᠢᠭᠰᠡᠨ ᠨᠠᠰᠤᠨ ᠬᠤᠲᠤᠭ ᠲᠣᠭᠲᠠᠭᠤᠨ ᠵᠶᠠᠷ ᠨᠡᠮᠡᠭᠳᠡᠬᠦ ᠶᠢᠨ ᠬᠠᠮᠲᠤ ᠦᠷᠡᠵᠢᠯ ᠤᠨ ᠨᠣᠷᠮ᠎ᠠ ᠪᠠᠭᠤᠷᠠᠵᠤ ᠢᠷᠡᠵᠡᠢ᠃ ᠡᠨᠡᠬᠦ ᠬᠤᠶᠠᠷ ᠵᠦᠢᠯ ᠤᠨ ᠬᠠᠨᠳᠤᠰᠢ ᠨᠢ ᠳᠤᠮᠳᠠᠳᠤ ᠤᠯᠤᠰ ᠢ ᠤᠳᠠᠯ ᠦᠭᠡᠢ ᠨᠠᠰᠤᠵᠢᠯ ᠤᠨ ᠨᠡᠶᠢᠭᠡᠮ ᠳᠤ ᠣᠷᠣᠭᠤᠯᠬᠤ ᠳᠤ ᠬᠦᠷᠦᠭᠦᠯᠦᠭᠰᠡᠨ ᠪᠤᠯᠬᠤᠷ ᠨᠠᠰᠤᠵᠢᠯ ᠤᠨ ᠠᠰᠠᠷᠠᠮᠵᠢ ᠶᠢᠨ ᠲᠥᠯᠥᠪᠵᠢᠭᠦᠯᠭᠡ ᠶᠢ ᠰᠠᠶᠢᠲᠤᠷ ᠬᠢᠬᠦ ᠪᠣᠯ ᠪᠦᠬᠦ᠋ᠢᠯᠡ ᠨᠡᠶᠢᠭᠡᠮ ᠤᠨ ᠲᠤᠯᠭᠠᠮ᠎ᠠ ᠬᠡᠷᠡᠭᠴᠡᠭᠡ ᠱᠠᠭᠠᠷᠳᠠᠯᠭ᠎ᠠ ᠪᠤᠯᠤᠨ᠎ᠠ᠃ ᠠᠵᠢᠯ ᠠᠴᠠ ᠪᠠᠨ ᠠᠮᠠᠷᠠᠬᠰᠠᠨ ᠵᠢᠴᠢ ᠨᠠᠰᠤᠵᠢᠯ ᠤᠨ ᠠᠰᠠᠷᠠᠮᠵᠢ ᠬᠦᠷᠳᠡᠵᠦ ᠪᠠᠶᠢᠭ᠎ᠠ 60 ᠨᠠᠰᠤᠨ ᠠᠴᠠ ᠳᠡᠭᠡᠭᠰᠢᠬᠢ ᠬᠥᠮᠦᠰ ᠤᠨ ᠲᠠᠨᠢᠨ ᠮᠡᠳᠡᠬᠦᠢ ᠶᠢᠨ ᠴᠢᠳᠠᠮᠵᠢ ᠳᠤ ᠦᠵᠡᠭᠦᠯᠬᠦ ᠨᠥᠯᠥᠭᠡ ᠶᠢ ᠪᠠᠶᠢᠴᠠᠭᠠᠬᠤ ᠶᠢᠨ ᠲᠥᠯᠥᠭᠡ᠂ ᠠᠮᠧᠷᠢᠺᠠ ᠶᠢᠨ ᠨᠢᠦ᠋ ᠶᠣᠷᠺ ᠵᠧᠤ ᠶᠢᠨ ᠶᠡᠭᠡ ᠰᠤᠷᠭᠠᠭᠤᠯᠢ ᠶᠢᠨ ᠪᠢᠡᠭᠬᠠᠮᠲ᠋ᠤᠨ ᠬᠤᠪᠢᠶᠠᠷᠢ ᠰᠤᠷᠭᠠᠭᠤᠯᠢ ᠶᠢᠨ ᠰᠤᠳᠤᠯᠭᠠᠨ ᠤ ᠪᠦᠯᠬᠦᠮ ᠨᠢ ᠳᠤᠮᠳᠠᠳᠤ ᠤᠯᠤᠰ ᠤᠨ ᠡᠷᠡᠭᠦᠯ ᠮᠡᠨᠳᠦ ᠬᠢᠭᠡᠳ ᠨᠠᠰᠤᠵᠢᠯ ᠤᠨ ᠠᠰᠠᠷᠠᠮᠵᠢ ᠳᠤ ᠬᠢᠭᠰᠡᠨ ᠮᠥᠷᠳᠡᠨ ᠪᠠᠶᠢᠴᠠᠭᠠᠯᠳᠠ ᠵᠢᠴᠢ ᠬᠥᠳᠡᠭᠡ ᠲᠣᠰᠬᠤᠨ ᠤ ᠰᠢᠨ᠎ᠡ ᠮᠠᠶ᠋ᠢᠭ ᠤᠨ ᠨᠡᠶᠢᠭᠡᠮ ᠤᠨ ᠨᠠᠰᠤᠵᠢᠯ ᠤᠨ ᠠᠰᠠᠷᠠᠮᠵᠢ ᠶᠢᠨ ᠲᠤᠭ᠎ᠠ ᠪᠠᠷᠢᠮᠲᠠ ᠳᠤ ᠵᠠᠳᠠᠯᠤᠯᠳᠠ ᠬᠢᠵᠡᠢ ᠡᠮᠦᠨᠡᠬᠢ ᠨᠢ ᠳᠤᠮᠳᠠᠳᠤ ᠤᠯᠤᠰ ᠤᠨ 45 ᠨᠠᠰᠤᠨ ᠠᠴᠠ ᠳᠡᠭᠡᠭᠰᠢᠬᠢ ᠬᠥᠮᠦᠰ ᠲᠤ ᠬᠢᠭᠰᠡᠨ ᠨᠢᠭᠡ ᠵᠦᠢᠯ ᠤᠨ ᠪᠥᠬᠦ ᠤᠯᠤᠰ ᠤᠨ ᠴᠢᠨᠠᠷᠲᠠᠶ ᠪᠠᠶᠢᠴᠠᠭᠠᠯᠲᠠ ᠪᠣᠯᠤᠨ᠎ᠠ᠂ ᠡᠨᠡ ᠨᠢ ᠰᠤᠷᠪᠤᠯᠵᠢᠯᠠᠭ᠎ᠠ ᠬᠦᠯᠢᠶᠡᠭᠴᠢ ᠶᠢᠨ ᠲᠠᠨᠢᠨ ᠮᠡᠳᠡᠬᠦᠶ ᠴᠡᠭᠡᠵᠢᠯᠡᠬᠦᠶ ᠪᠠ ᠰᠡᠳᠬᠢᠴᠡ ᠶᠢᠨ ᠡᠷᠡᠭᠦᠯ ᠮᠡᠨᠳᠦ ᠶᠢᠨ ᠬᠢᠷᠢ ᠲᠦᠪᠰᠢᠨ ᠢ ᠰᠢᠯᠭᠠᠬᠤ ᠪᠠᠷ ᠵᠤᠷᠢᠯᠭ᠎ᠠ ᠪᠤᠯᠭᠠᠬᠰᠠᠨ ᠶᠤᠮ᠃      ᠲᠤᠭ᠎ᠠ ᠪᠠᠷᠢᠮᠲᠠ ᠶᠢᠨ ᠵᠠᠳᠠᠯᠤᠯᠲᠠ ᠠᠴᠠ ᠨᠢᠭᠡᠨ ᠢᠯᠡᠷᠬᠡᠶ ᠬᠠᠨᠳᠤᠰᠢ ᠶᠢ ᠣᠯᠵᠤ ᠮᠡᠳᠡᠵᠡᠢ ᠠᠳᠠᠯᠢ ᠨᠠᠰᠤᠨ ᠤ ᠲᠤᠷᠰᠢᠯᠲᠠ ᠳᠤ ᠣᠷᠣᠯᠴᠠᠭᠰᠠᠳ ᠤᠨ ᠳᠣᠲᠣᠷ᠎ᠠ᠂ ᠨᠠᠰᠤᠵᠢᠯ ᠤᠨ ᠠᠰᠠᠷᠠᠮᠵᠢ ᠶᠢᠨ ᠮᠥᠩᠭᠦ ᠠᠪᠴᠤ ᠪᠠᠶᠢᠭ᠎ᠠ ᠬᠦᠮᠦᠰ ᠤᠨ ᠶᠡᠭᠡ ᠲᠠᠷᠢᠬᠢᠨ ᠤ ᠴᠢᠳᠠᠮᠵᠢ ᠶᠢᠨ ᠮᠠᠭᠤᠳᠠᠯ ᠤᠨ ᠬᠤᠷᠳᠤᠴᠠ ᠨᠢ ᠠᠵᠢᠯᠯᠠᠵᠤ ᠪᠠᠶᠢᠭ᠎ᠠ ᠬᠥᠮᠦᠨ ᠤᠨ ᠬᠢ ᠠᠴᠠ ᠬᠤᠯᠠ ᠬᠤᠷᠳᠤᠨ ᠪᠠᠶᠢᠨ᠎ᠠ᠂ ᠲᠡᠭᠦᠨ ᠳᠤ ᠬᠠᠮᠤᠭ ᠤᠨ ᠢᠯᠡᠷᠬᠡᠶ ᠲᠠᠨᠢᠨ ᠮᠡᠳᠡᠬᠦᠢ ᠶᠢᠨ ᠢᠯᠡᠷᠡᠯ ᠪᠤᠯ ᠡᠷᠭᠢᠴᠡᠭᠦᠯᠬᠦ ᠴᠢᠳᠠᠪᠤᠷᠢ ᠨᠢ ᠳᠣᠷᠣᠭᠰᠢᠯᠠᠭᠰᠠᠨ ᠶᠠᠪᠤᠳᠠᠯ ᠪᠣᠯᠤᠨ᠎ᠠ᠂ ᠡᠨᠡᠬᠦ ᠣᠨᠴᠠᠯᠢᠭ ᠢ ᠮᠡᠨᠡᠭ ᠡᠪᠡᠳᠴᠢᠨ ᠢᠶᠠᠷ ᠤᠷᠢᠳᠴᠢᠯᠠᠨ ᠮᠠᠭᠠᠳᠯᠠᠬᠤ ᠪᠠᠷᠢᠮᠵᠢᠶ᠎ᠠ ᠭᠡᠵᠦ ᠥᠷᠭᠡᠨ ᠢᠶᠠᠷ ᠦᠵᠡᠵᠦ ᠪᠤᠢ᠃ ᠬᠦᠮᠦᠰ ᠢ ᠭᠠᠶᠢᠬᠠᠰᠢ ᠠᠯᠳᠠᠭᠤᠯᠤᠮ᠎ᠠ ᠶᠠᠪᠤᠳᠠᠯ ᠭᠡᠪᠡᠯ ᠡᠮᠡᠭᠲᠡᠶ ᠬᠥᠮᠦᠨ ᠳᠡᠩᠳᠡᠭᠦᠤ ᠡᠷᠲᠡ ᠠᠵᠢᠯ ᠠᠴᠠ ᠪᠠᠨ ᠠᠮᠠᠷᠠᠪᠠᠯ᠂ ᠲᠠᠨᠢᠨ ᠮᠡᠳᠡᠬᠦᠢ ᠶᠢᠨ ᠴᠢᠳᠠᠮᠵᠢ ᠨᠠᠩ ᠬᠦᠨᠳᠦ ᠨᠣᠴᠢᠲᠠᠶ ᠮᠠᠭᠤᠳᠠᠬᠤ ᠪᠤᠯᠤᠮᠵᠢ ᠲᠠᠢ ᠪᠠᠶᠢᠨ᠎ᠠ᠃ ᠰᠤᠳᠤᠯᠭᠠᠨ ᠤ ᠵᠣᠬᠢᠶᠠᠭᠴᠢ᠂ ᠠᠵᠤ ᠠᠬᠤᠢ ᠶᠢᠨ ᠤᠬᠠᠭᠠᠨ ᠤ ᠲᠤᠰᠠᠯᠠᠭᠴᠢ ᠫᠷᠣᠫᠧᠰᠰᠤᠷ ᠫᠯᠠᠮᠧᠨ· ᠨᠢᠺᠤᠯᠤᠨ ᠬᠡᠯᠡᠬᠦ ᠳᠡᠭᠡᠨ᠂ ᠲᠣᠰ ᠰᠤᠳᠤᠯᠭᠠᠨ ᠤ ᠳ᠋ᠦᠩᠨᠡᠯᠲᠡ ᠨᠢ ᠠᠮᠧᠷᠢᠺᠠ ᠪᠠ ᠧᠦ᠋ᠷᠣᠫᠠ ᠶᠢᠨ ᠬᠤᠯᠪᠣᠭ᠎ᠠ ᠳᠤ ᠬᠢᠭᠰᠡᠨ ᠰᠤᠳᠤᠯᠭᠠᠨ ᠤ ᠦᠷ᠎ᠡ ᠳ᠋ᠦᠩ ᠲᠠᠢ ᠠᠳᠠᠯᠢᠪᠲᠤᠷ ᠪᠠᠶᠢᠨ᠎ᠠ᠂ ᠡᠭᠦᠨ ᠠᠴᠠ ᠦᠵᠡᠬᠦ ᠳᠤ᠂ ᠡᠨᠡᠬᠦ ᠬᠠᠨᠳᠤᠰᠢ ᠨᠢ ᠵᠥᠪᠬᠡᠨ ᠠᠽᠢᠶ᠎ᠠ ᠲᠢᠪ ᠲᠤᠬᠢᠵᠠᠭᠠᠷᠯᠠᠭᠳᠠᠬᠤ ᠲᠡᠳᠦᠢ ᠪᠢᠰᠢ ᠭᠡᠵᠡᠶ᠃ ᠠᠵᠢᠯ ᠠᠴᠠ ᠪᠠᠨ ᠠᠮᠠᠷᠠᠬᠤ ᠨᠢ ᠨᠠᠰᠤᠲᠠᠶᠢᠴᠤᠳ ᠤᠨ ᠪᠡᠶ᠎ᠡ ᠮᠠᠬᠠᠪᠣᠳ ᠤᠨ ᠡᠷᠡᠭᠦᠯ ᠮᠡᠨᠳᠦ ᠳᠤ ᠡᠳᠦᠶ ᠲᠡᠳᠦᠶ ᠢᠳᠡᠪᠬᠢᠲᠡᠢ ᠨᠥᠯᠥᠭᠡ ᠦᠵᠡᠬᠦᠯᠳᠡᠭ᠂ᠵᠢᠱᠢᠶᠡᠯᠡᠪᠡᠯ ᠤᠨᠲᠠᠬᠤ ᠨᠦᠢᠷ ᠢᠶᠠᠨ ᠰᠠᠶᠢᠵᠢᠷᠠᠭᠤᠯᠬᠤ᠂ ᠳᠠᠷᠤᠯᠲᠠ ᠶᠢ ᠪᠠᠭᠠᠰᠬᠠᠬᠤ ᠪᠠ ᠠᠷᠢᠬᠢ ᠤᠤᠭᠤᠬᠤ ᠵᠡᠷᠭᠡ ᠪᠣᠯᠤᠨ᠎ᠠ᠃ ᠠᠵᠢᠯ ᠠᠴᠠ ᠪᠠᠨ ᠠᠮᠠᠷᠠᠬᠤ ᠶᠢᠨ ᠵᠡᠷᠭᠡᠪᠡᠷ ᠪᠠᠰᠠ ᠨᠡᠶᠢᠭᠡᠮ ᠤᠨ ᠬᠠᠷᠢᠯᠴᠠᠭ᠎ᠠ ᠪᠠ ᠬᠦᠮᠦᠨ ᠤ ᠬᠤᠭᠤᠷᠤᠨᠳᠤᠬᠢ ᠶᠠᠪᠤᠯᠴᠠᠭ᠎ᠠ ᠨᠡᠪᠲᠡᠷᠡᠯᠴᠡᠭᠡ ᠪᠠᠭᠠᠰᠬᠤ ᠶᠢ ᠳᠠᠭᠠᠯᠳᠤᠨ᠂ ᠲᠠᠨᠢᠨ ᠮᠡᠳᠡᠬᠦᠢ ᠶᠢᠨ ᠴᠢᠳᠠᠮᠵᠢ ᠳᠤ ᠨᠡᠯᠢᠶᠡᠳ ᠶᠡᠭᠡ ᠨᠠᠵᠠᠭᠠᠶ ᠨᠥᠯᠥᠭᠡ ᠶᠢ ᠪᠣᠢ ᠪᠣᠯᠭᠠᠳᠠᠭ᠃ ᠰᠤᠳᠤᠯᠭᠠᠨ ᠤ ᠠᠵᠢᠯᠲᠠᠨ ᠨᠡᠶᠢᠭᠡᠮ ᠲᠣᠭᠤᠷᠢᠭ ᠤᠨ ᠬᠢᠨ ᠠᠵᠢᠯ ᠠᠴᠠ ᠠᠮᠠᠷᠠᠬᠰᠠᠨ ᠬᠦᠮᠦᠰ ᠲᠤ ᠨᠡᠶᠢᠭᠡᠮ ᠤᠨ ᠬᠠᠷᠢᠯᠴᠠᠭᠠᠨ ᠤ ᠴᠤᠭᠯᠠᠭᠠᠨ ᠪᠠ ᠶᠠᠷᠢᠯᠴᠠᠬᠤ ᠬᠤᠷᠠᠯ ᠬᠢᠬᠦ ᠵᠡᠷᠭᠡ ᠠᠵᠢᠯᠯᠠᠭ᠎ᠠ ᠦᠷᠨᠢᠬᠦᠯᠵᠦ᠂ ᠨᠠᠰᠤᠳᠠᠶᠢᠴᠤᠳ ᠤᠨ ᠨᠡᠶᠢᠭᠡᠮ ᠤᠨ ᠬᠠᠷᠢᠯᠴᠠᠨ ᠦᠢᠯᠡᠳᠦᠯᠴᠡᠯ ᠢ ᠴᠢᠩᠭᠠᠳᠬᠠᠬᠤ ᠶᠢ ᠰᠠᠨᠠᠭᠤᠯᠵᠤ ᠪᠠᠶᠢᠨ᠎ᠠ᠃
 
ᠢᠷᠡᠯᠲᠡ᠄ ᠠᠷᠠᠤᠨ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号