2019 ᠤᠨ ᠤ ᠵᠠᠰᠠᠭ ᠤᠨ ᠤᠷᠳᠤᠨ ᠤ ᠠᠵᠢᠯ ᠤᠨ ᠢᠯᠡᠤᠡᠬᠡᠯ ︵ᠬᠤᠶᠠᠷ︶
ᠨᠡᠶᠢᠲᠡᠯᠡᠭᠰᠡᠨ ᠴᠠᠭ᠄
2019/2/20
      ᠬᠤᠶᠠᠷ᠂ 2019 ᠣᠨ ᠤ ᠭᠤᠣᠯᠳᠠᠯᠭ᠎ᠠ ᠲᠠᠢ ᠠᠵᠢᠯ      2019 ᠣᠨ ᠪᠣᠯ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ 70 ᠵᠢᠯ ᠤᠨ ᠣᠢ ᠶᠤᠮ᠃ ᠥᠨᠦ ᠵᠢᠯ ᠪᠣᠯ ᠰᠢᠨ᠎ᠡ ᠪᠠᠷᠭᠤ ᠪᠠᠷᠠᠭᠤᠨ ᠬᠤᠰᠢᠭᠤᠨ ᠤ ᠦᠵᠡᠯ ᠰᠠᠨᠠᠭ᠎ᠠ ᠪᠠᠨ ᠴᠢᠯᠦᠭᠡᠯᠡᠵᠦ᠂ ᠵᠠᠮ ᠨᠡᠭᠡᠭᠡᠨ ᠤᠷᠤᠭᠰᠢᠯᠠᠬᠤ ᠪᠠᠬᠢᠯᠡᠯᠲᠡ ᠰᠢᠪᠲᠤᠯᠬᠤ ᠵᠢᠯ ᠶᠤᠮ᠂ ᠨᠡᠩ ᠴᠤ ᠳᠠᠪᠠᠯᠲᠠ ᠶᠢ ᠪᠡᠶᠡᠯᠡᠭᠦᠯᠵᠦ᠂ ᠬᠦᠭᠵᠢᠯ ᠮᠠᠨᠳᠤᠯ ᠢ ᠪᠡᠶᠡᠯᠡᠭᠦᠯᠬᠦ ᠡᠷᠡᠯᠬᠡᠭᠯᠡᠨ ᠤᠷᠤᠭᠰᠢᠯᠠᠬᠤ ᠵᠢᠯ ᠪᠣᠯᠣᠨ᠎ᠠ᠃ ᠠᠵᠠ ᠳᠣᠬᠢᠶᠠᠯ ᠨᠢ ᠦᠷᠢᠰᠦᠯᠳᠦᠭᠡᠨ ᠠᠴᠠ ᠶᠡᠭᠡ᠂ ᠢᠲᠡᠭᠡᠯ ᠬᠦᠰᠡᠯ ᠨᠢ ᠬᠦᠴᠢᠷ ᠪᠡᠷᠬᠡᠰᠢᠶᠡᠯ ᠠᠴᠠ ᠶᠡᠭᠡ ᠪᠠᠶᠢᠨ᠎ᠠ᠃ ᠣᠳᠣᠬᠠᠨ ᠳᠤ ᠪᠦᠬᠦ ᠬᠤᠰᠢᠭᠤ ᠳᠠᠶᠠᠭᠠᠷ ᠲᠦᠷᠥ ᠲᠠᠶᠢᠪᠤᠩ ᠲᠦᠪᠰᠢᠨ ᠠᠮᠤᠭᠤᠯᠠᠩ ᠪᠠᠶᠢᠵᠤ᠂ ᠠᠵᠢᠯ ᠬᠢᠵᠦ ᠦᠢᠯᠡᠰ ᠪᠣᠰᠬᠠᠬᠤ ᠭᠦᠨ ᠵᠤᠵᠠᠭᠠᠨ ᠠᠭᠤᠷ ᠠᠮᠢᠰᠬᠤᠯ ᠢ ᠪᠣᠢ ᠪᠣᠯᠭᠠᠨ᠂ ᠬᠦᠭᠵᠢᠯᠲᠡ ᠶᠢ ᠬᠦᠭᠵᠢᠭᠦᠯᠦᠨ ᠮᠠᠨᠳᠤᠭᠤᠯᠬᠤ ᠢᠲᠡᠭᠡᠯ ᠵᠣᠷᠢᠭ ᠤᠯᠠᠮ ᠪᠠᠲᠤ ᠪᠠᠬᠢ ᠪᠠᠶᠢᠨ᠎ᠠ᠃ ᠬᠦᠭᠵᠢᠯᠲᠡ ᠶᠢ ᠡᠷᠢᠯᠬᠢᠯᠡᠵᠦ᠂ ᠬᠦᠭᠵᠢᠯ ᠮᠠᠨᠳᠤᠯ ᠢ ᠠᠬᠢᠭᠤᠯᠬᠤ ᠳᠤ ᠴᠠᠭ ᠪᠠᠴᠢᠮ ᠪᠠᠶᠢᠵᠤ᠂ ᠪᠢᠳᠡ ᠬᠡᠷᠪᠡ ᠠᠵᠠ ᠳᠣᠬᠢᠶᠠᠯ ᠢ ᠰᠠᠶᠢᠲᠤᠷ ᠠᠳᠬᠤᠨ᠂ ᠴᠢᠷᠮᠠᠶᠢᠨ ᠤᠷᠤᠭᠰᠢᠯᠠᠪᠠᠰᠤ᠂ ᠯᠠᠪᠲᠠᠶ᠎ᠠ ᠰᠢᠨ᠎ᠡ ᠪᠠᠷᠭᠤ ᠪᠠᠷᠠᠭᠤᠨ ᠬᠤᠰᠢᠭᠤᠨ ᠤ ᠴᠢᠨᠠᠷᠯᠢᠭ ᠬᠦᠭᠵᠢᠯᠲᠡ ᠶᠢᠨ ᠰᠢᠨ᠎ᠡ ᠬᠠᠭᠤᠳᠠᠰᠤ ᠶᠢ ᠪᠢᠴᠢᠭᠯᠡᠬᠦ ᠶᠤᠮ᠃      2019 ᠣᠨ ᠳᠤ᠂ ᠵᠠᠰᠠᠭ ᠤᠨ ᠣᠷᠳᠣᠨ ᠤ ᠠᠵᠢᠯ ᠤᠨ ᠶᠡᠷᠦᠩᠬᠡᠢ ᠱᠠᠭᠠᠷᠳᠠᠯᠭ᠎ᠠ ᠪᠣᠯ᠄ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠪᠣᠯᠣᠨ ᠠᠷᠪᠠ ᠶᠢᠰᠦᠳᠦᠭᠡᠷ ᠬᠤᠭᠤᠴᠠᠭᠠᠨ ᠤ ᠬᠤᠶᠠᠳᠤᠭᠠᠷ᠂ ᠭᠤᠷᠪᠠᠳᠤᠭᠠᠷ ᠪᠦᠭᠦᠳᠡ ᠬᠤᠷᠠᠯ ᠤᠨ ᠵᠣᠷᠢᠭ ᠰᠠᠨᠠᠭ᠎ᠠ ᠶᠢ ᠪᠦᠬᠦ ᠲᠠᠯ᠎ᠠ ᠪᠠᠷ ᠲᠤᠤᠱᠯᠠᠭᠤᠯᠤᠨ᠂ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠵᠢᠯᠣᠭᠤᠳᠣᠯᠭ᠎ᠠ ᠪᠣᠯᠭᠠᠵᠤ᠂ ᠦᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠠᠷᠪᠠᠳᠤᠭᠠᠷ ᠬᠤᠭᠤᠴᠠᠭᠠᠨ ᠤ ᠨᠠᠢᠮᠠᠳᠤᠭᠠᠷ ᠪᠦᠭᠦᠳᠡ ᠬᠤᠷᠠᠯ᠂ ᠬᠦᠯᠦᠨ ᠪᠣᠶᠢᠷ ᠬᠤᠲᠠ ᠶᠢᠨ ᠨᠠᠮ ᠤᠨ ᠬᠤᠷᠢᠶᠠᠨ ᠤ ᠳᠦᠷᠪᠡᠳᠦᠭᠡᠷ ᠬᠤᠭᠤᠴᠠᠭᠠᠨ ᠤ ᠶᠢᠰᠦᠳᠦᠭᠡᠷ ᠪᠦᠭᠦᠳᠡ ᠬᠤᠷᠠᠯ᠂ ᠬᠤᠰᠢᠭᠤᠨ ᠤ ᠨᠠᠮ ᠤᠨ ᠬᠤᠷᠢᠶ᠎ᠠ ᠶᠢᠨ ᠠᠷᠪᠠᠨ ᠳᠦᠷᠪᠡᠳᠦᠭᠡᠷ ᠬᠤᠭᠤᠴᠠᠭᠠᠨ ᠤ ᠳᠣᠯᠣᠳᠣᠭᠠᠷ ᠪᠦᠭᠦᠳᠡ ᠬᠤᠷᠠᠯ ᠵᠢᠴᠢ ᠲᠥᠪ᠂ ᠦᠪᠡᠷᠲᠡᠭᠡᠨ ᠵᠠᠰᠠᠬᠤ ᠣᠷᠣᠨ ᠪᠠ ᠬᠦᠯᠦᠨ ᠪᠣᠶᠢᠷ ᠬᠤᠲᠠ ᠶᠢᠨ ᠠᠵᠤ ᠠᠬᠤᠢ ᠶᠢᠨ ᠠᠵᠢᠯ ᠤᠨ ᠬᠤᠷᠠᠯ ᠤᠨ ᠲᠣᠬᠢᠷᠠᠭᠤᠯᠤᠯᠲᠠ ᠪᠠᠶᠢᠷᠢᠯᠠᠭᠤᠯᠤᠯᠲᠠ ᠶᠢ ᠭᠦᠨᠵᠡᠭᠡᠢ ᠨᠠᠶᠢᠳᠠᠪᠤᠷᠢᠵᠢᠭᠤᠯᠵᠤ᠂ ︽ᠲᠠᠪᠤ ᠶᠢ ᠨᠢᠭᠡ ᠴᠣᠭᠴᠠᠵᠢᠭᠤᠯᠬᠤ︾ ᠶᠡᠷᠦᠩᠬᠡᠢ ᠪᠠᠶᠢᠷᠢᠯᠠᠭᠤᠯᠤᠯᠲᠠ ᠶᠢ ᠨᠢᠭᠡᠳᠦᠯᠲᠡᠢ ᠲᠦᠯᠦᠪᠵᠢᠭᠦᠯᠦᠨ᠂ ︽ᠳᠦᠷᠪᠡᠨ ᠪᠦᠬᠦ ᠲᠠᠯ᠎ᠠ︾᠎ ᠶᠢᠨ ᠪᠠᠶᠢᠯᠳᠤᠬᠤ ᠪᠣᠳᠣᠯᠭ᠎ᠠ ᠶᠢᠨ ᠪᠠᠶᠢᠷᠢᠯᠠᠭᠤᠯᠤᠯᠲᠠ ᠶᠢ ᠵᠣᠬᠢᠴᠠᠩᠭᠤᠢ ᠠᠬᠢᠭᠤᠯᠵᠤ᠂ ᠲᠣᠭᠲᠠᠭᠤᠨ ᠤ ᠳᠤᠮᠳᠠ ᠤᠷᠤᠭᠰᠢᠯᠠᠬᠤ ᠠᠵᠢᠯ ᠤᠨ ᠶᠡᠷᠦᠩᠬᠡᠢ ᠬᠦᠭ ᠠᠶᠠᠰ ᠢ ᠪᠠᠷᠢᠮᠲᠠᠯᠠᠨ᠂ ᠴᠢᠨᠠᠷᠯᠢᠭ ᠬᠦᠭᠵᠢᠯᠲᠡ ᠶᠢ ᠠᠬᠢᠭᠤᠯᠬᠤ ᠶᠢ ᠪᠠᠷᠢᠮᠲᠠᠯᠠᠵᠤ᠂ ︽ᠠᠵᠢᠯᠯᠠᠬᠤ︾᠎ ᠶᠢ ᠲᠡᠷᠢᠭᠦᠨ ᠪᠠᠶᠢᠷᠢᠨ ᠳᠤ ᠲᠠᠯᠪᠢᠨ᠂ ︽ᠪᠣᠳᠠᠲᠠᠢ︾᠎ ᠶᠢ ᠴᠢᠬᠤᠯᠠ ᠪᠠᠶᠢᠷᠢᠨ ᠳᠤ ᠲᠠᠯᠪᠢᠵᠤ᠂ ᠪᠣᠳᠠᠲᠠᠢ ᠠᠵᠢᠯᠯᠠᠨ᠂ ᠡᠮᠦᠨ᠎ᠡ ᠡᠩᠨᠡᠭᠡᠨ ᠳᠤ ᠠᠯᠬᠤᠵᠤ᠂ ᠬᠠᠩᠭᠠᠯᠭ᠎ᠠ ᠶᠢᠨ ᠲᠠᠯ᠎ᠠ ᠶᠢᠨ ᠪᠦᠲᠦᠴᠡ ᠶᠢᠨ ᠴᠢᠨᠠᠷᠲᠠᠢ ᠦᠭᠡᠷᠡᠴᠢᠯᠡᠯᠲᠡ ᠶᠢ ᠦᠷᠬᠦᠯᠵᠢᠯᠡᠨ ᠭᠦᠨᠵᠡᠭᠡᠶᠢᠷᠡᠭᠦᠯᠵᠦ᠂ ︽ᠭᠤᠷᠪᠠᠨ ᠶᠡᠭᠡ ᠪᠠᠬᠢᠯᠡᠯᠲᠡ ᠰᠢᠪᠲᠤᠯᠬᠤ ᠳᠠᠶᠢᠯᠠᠯᠳᠤᠭᠠᠨ︾᠎ ᠢ ᠰᠠᠶᠢᠲᠤᠷ ᠬᠢᠵᠦ᠂ ᠪᠤᠬᠢᠷᠲᠤᠯ ᠦᠭᠡᠢ ᠬᠦᠭᠵᠢᠯᠲᠡ ᠶᠢᠨ ᠰᠠᠭᠤᠷᠢ ᠶᠢ ᠪᠠᠬᠢᠵᠢᠭᠦᠯᠦᠨ᠂ ᠬᠦᠳᠡᠭᠡ ᠲᠣᠰᠬᠤᠨ ᠢ ᠬᠦᠭᠵᠢᠭᠦᠯᠦᠨ ᠮᠠᠨᠳᠤᠭᠤᠯᠬᠤ ᠪᠠᠶᠢᠯᠳᠤᠬᠤ ᠪᠣᠳᠣᠯᠭ᠎ᠠ ᠶᠢ ᠭᠦᠨᠵᠡᠭᠡᠢ ᠨᠠᠶᠢᠳᠠᠪᠤᠷᠢᠵᠢᠭᠤᠯᠵᠤ᠂ ᠭᠠᠳᠠᠭᠰᠢ ᠨᠡᠭᠡᠭᠡᠯᠲᠡ ᠬᠢᠬᠦ ᠪᠠᠶᠢᠳᠠᠯ ᠢ ᠭᠦᠨᠵᠡᠭᠡᠶᠢᠷᠡᠭᠦᠯᠦᠨ ᠦᠷᠭᠡᠳᠬᠡᠵᠦ᠂ ᠣᠳᠣᠬᠢᠴᠢᠯᠠᠭᠰᠠᠨ ᠮᠠᠯ ᠠᠵᠤ ᠠᠬᠤᠢ ᠶᠢᠨ ᠬᠡᠯᠪᠡᠷᠢ ᠶᠢ ᠬᠤᠪᠢᠷᠠᠭᠤᠯᠬᠤ᠂ ᠠᠵᠤ ᠦᠢᠯᠡᠳᠪᠦᠷᠢ ᠶᠢᠨ ᠴᠢᠨᠠᠷ ᠳᠡᠰ ᠢ ᠳᠡᠭᠡᠭᠰᠢᠯᠡᠭᠦᠯᠬᠦ ᠪᠠ ᠵᠤᠭᠠᠴᠠᠯ ᠠᠷᠠᠯᠵᠢᠶ᠎ᠠ ᠬᠤᠳᠠᠯᠳᠤᠭᠠᠨ ᠤ ᠦᠷ᠎ᠡ ᠪᠦᠲᠦᠮᠵᠢ ᠶᠢ ᠨᠡᠮᠡᠭᠳᠡᠭᠦᠯᠬᠦ ᠲᠠᠯ᠎ᠠ ᠪᠠᠷ ᠰᠢᠨ᠎ᠡ ᠰᠢᠪᠲᠣᠯᠣᠯᠲᠠ ᠲᠠᠢ ᠪᠣᠯᠬᠤ ᠪᠠᠷ ᠴᠢᠷᠮᠠᠶᠢᠵᠤ᠂ ᠪᠦᠬᠦ ᠬᠤᠲᠠ ᠶᠢᠨ ᠬᠡᠯᠪᠡᠷᠢ ᠶᠢ ᠬᠤᠪᠢᠷᠠᠭᠤᠯᠤᠨ ᠬᠦᠭᠵᠢᠭᠦᠯᠬᠦ ᠶᠡᠭᠡ ᠣᠷᠴᠢᠨ ᠳᠤ ᠮᠠᠨ ᠤ ᠬᠤᠰᠢᠭᠤᠨ ᠤ ᠪᠠᠨ ᠪᠣᠳᠠᠳᠤ ᠪᠠᠶᠢᠳᠠᠯ ᠳᠤ ᠲᠣᠬᠢᠷᠠᠭᠰᠠᠨ ᠰᠢᠨ᠎ᠡ ᠠᠷᠭ᠎ᠠ ᠵᠠᠮ ᠢ ᠰᠦᠪᠡᠭᠴᠢᠯᠡᠵᠦ᠂ ᠰᠢᠨ᠎ᠡ ᠪᠠᠷᠭᠤ ᠪᠠᠷᠠᠭᠤᠨ ᠬᠤᠰᠢᠭᠤᠨ ᠤ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠠᠶᠢᠭᠤᠯᠬᠤ ᠠᠮᠢᠵᠢᠷᠠᠯ ᠤᠨ ᠪᠠᠶᠢᠳᠠᠯ ᠢ ᠴᠢᠷᠮᠠᠶᠢᠨ ᠡᠭᠦᠳᠴᠦ᠂ ᠰᠢᠯᠢᠳᠡᠭ ᠬᠢᠷᠢ ᠪᠦᠲᠦᠮᠵᠢ ᠪᠠᠷ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠭᠳᠠᠭᠰᠠᠨ 70 ᠵᠢᠯ ᠤᠨ ᠣᠢ ᠶᠢ ᠪᠠᠶᠠᠷᠯᠠᠨ ᠪᠡᠯᠭᠡᠯᠡᠨ᠎ᠡ᠃      2019 ᠣᠨ ᠳᠤ᠂ ᠪᠦᠬᠦ ᠬᠤᠰᠢᠭᠤᠨ ᠤ ᠠᠵᠤ ᠠᠬᠤᠢ ᠨᠡᠶᠢᠭᠡᠮ ᠤᠨ ᠬᠦᠭᠵᠢᠯᠲᠡ ᠶᠢᠨ ᠭᠤᠣᠯ ᠵᠢᠱᠢᠭᠰᠡᠨ ᠬᠠᠷᠠᠯᠲᠠ ᠪᠣᠯ᠄ ᠣᠷᠣᠨ ᠨᠤᠲᠤᠭ ᠤᠨ ᠦᠢᠯᠡᠳᠪᠦᠷᠢᠯᠡᠯ ᠤᠨ ᠶᠡᠷᠦᠩᠬᠡᠢ ᠦᠷᠲᠡᠭ ᠢ 3% ᠣᠷᠴᠢᠮ ᠨᠡᠮᠡᠭᠳᠡᠭᠦᠯᠦᠨ᠎ᠡ︔ ᠪᠦᠬᠦ ᠨᠡᠶᠢᠭᠡᠮ ᠤᠨ ᠲᠣᠭᠲᠠᠮᠠᠯ ᠬᠦᠷᠦᠩᠭᠡ ᠶᠢᠨ ᠪᠡᠯᠡ ᠣᠷᠤᠭᠤᠯᠤᠯᠲᠠ ᠶᠢ 3% ᠣᠷᠴᠢᠮ ᠨᠡᠮᠡᠭᠳᠡᠭᠦᠯᠦᠨ᠎ᠡ︔ ᠨᠡᠶᠢᠭᠡᠮ ᠤᠨ ᠬᠡᠷᠡᠭᠯᠡᠭᠡᠨ ᠤ ᠲᠠᠸᠠᠷ ᠢ ᠵᠢᠵᠢᠭᠯᠡᠨ ᠪᠣᠷᠤᠯᠠᠭᠤᠯᠤᠭᠰᠠᠨ ᠶᠡᠷᠦᠩᠬᠡᠢ ᠬᠡᠮᠵᠢᠶ᠎ᠡ ᠶᠢ 6.5% ᠣᠷᠴᠢᠮ ᠨᠡᠮᠡᠭᠳᠡᠭᠦᠯᠦᠨ᠎ᠡ︔ ᠬᠤᠲᠠ ᠪᠠᠯᠭᠠᠰᠤ ᠶᠢᠨ ᠪᠠᠶᠢᠩᠭᠤ ᠰᠠᠭᠤᠭ᠎ᠠ ᠰᠠᠭᠤᠭᠠᠯᠢ ᠠᠷᠠᠳ ᠤᠨ ᠬᠦᠮᠦᠨ ᠳᠤᠮᠳᠠᠴᠢ ᠡᠵᠡᠮᠳᠡᠵᠦ ᠪᠣᠯᠬᠤ ᠣᠷᠣᠯᠭ᠎ᠠ ᠶᠢ 7% ᠣᠷᠴᠢᠮ ᠨᠡᠮᠡᠭᠳᠡᠭᠦᠯᠦᠨ᠎ᠡ︔ ᠮᠠᠯᠵᠢᠬᠤ ᠣᠷᠣᠨ ᠤ ᠪᠠᠶᠢᠩᠭᠤ ᠰᠠᠭᠤᠭ᠎ᠠ ᠰᠠᠭᠤᠭᠠᠯᠢ ᠠᠷᠠᠳ ᠤᠨ ᠬᠦᠮᠦᠨ ᠳᠤᠮᠳᠠᠴᠢ ᠡᠵᠡᠮᠳᠡᠵᠦ ᠪᠣᠯᠬᠤ ᠣᠷᠣᠯᠭ᠎ᠠ ᠶᠢ 8% ᠣᠷᠴᠢᠮ ᠨᠡᠮᠡᠭᠳᠡᠭᠦᠯᠦᠨ᠎ᠡ︔ ᠬᠤᠲᠠ ᠪᠠᠯᠭᠠᠰᠤ ᠶᠢᠨ ᠳᠠᠩᠰᠠᠯᠠᠭᠤᠯᠤᠭᠰᠠᠨ ᠠᠵᠢᠯ ᠠᠯᠳᠠᠯᠲᠠ ᠶᠢᠨ ᠨᠤᠷᠮ᠎ᠠ ᠶᠢ 4% ᠳᠣᠲᠣᠷ᠎ᠠ ᠬᠢᠵᠠᠭᠠᠷᠯᠠᠨ᠎ᠠ᠃ ᠡᠨᠧᠷᠬᠢ ᠶᠢ ᠠᠷᠪᠢᠯᠠᠨ ᠪᠤᠬᠢᠷᠲᠤᠯ ᠢ ᠪᠠᠭᠠᠰᠬᠠᠬᠤ ᠬᠠᠷᠠᠯᠲᠠ ᠡᠭᠦᠷᠭᠡ ᠶᠢ ᠪᠦᠬᠦ ᠲᠠᠯ᠎ᠠ ᠪᠠᠷ ᠪᠡᠶᠡᠯᠡᠭᠦᠯᠦᠨ᠎ᠡ᠃      ᠳᠡᠭᠡᠷ᠎ᠡ ᠳᠤᠷᠠᠳᠤᠭᠰᠠᠨ ᠬᠠᠷᠠᠯᠲᠠ ᠶᠢ ᠪᠡᠶᠡᠯᠡᠭᠦᠯᠬᠦ ᠳᠤ᠂ ᠪᠢᠳᠡ ᠳᠣᠣᠷᠠᠬᠢ ᠠᠵᠢᠯ ᠤᠳ ᠢ ᠭᠤᠣᠯᠳᠠᠯᠭ᠎ᠠ ᠲᠠᠢ ᠬᠢᠨ᠎ᠡ᠄      ︵ᠨᠢᠭᠡ︶ ᠬᠦᠭᠵᠢᠯᠲᠡ ᠶᠢᠨ ᠰᠠᠭᠤᠷᠢ ᠶᠢ ᠪᠦᠬᠦ ᠲᠠᠯ᠎ᠠ ᠪᠠᠷ ᠪᠠᠬᠢᠵᠢᠭᠦᠯᠵᠦ᠂ ︽ᠭᠤᠷᠪᠠᠨ ᠶᠡᠭᠡ ᠪᠠᠬᠢᠯᠡᠯᠲᠡ ᠰᠢᠪᠲᠤᠯᠬᠤ ᠳᠠᠶᠢᠯᠠᠯᠳᠤᠭᠠᠨ︾᠎ ᠤ ᠢᠯᠠᠯᠲᠠ ᠶᠢ ᠣᠯᠣᠨ᠎ᠠ      ᠳᠣᠪᠣᠶᠢᠮ᠎ᠠ ᠠᠰᠠᠭᠤᠳᠠᠯ ᠤᠳ ᠲᠤ ᠴᠢᠭᠯᠡᠭᠦᠯᠵᠦ᠂ ᠨᠡᠩ ᠬᠦᠴᠦᠨ ᠪᠦᠬᠦᠢ ᠠᠷᠭ᠎ᠠ ᠬᠡᠮᠵᠢᠶ᠎ᠡ ᠠᠪᠴᠤ᠂ ︽ᠭᠤᠷᠪᠠᠨ ᠶᠡᠭᠡ ᠪᠠᠬᠢᠯᠡᠯᠲᠡ ᠰᠢᠪᠲᠤᠯᠬᠤ ᠳᠠᠶᠢᠯᠠᠯᠳᠤᠭᠠᠨ︾᠎ ᠢ ᠪᠦᠬᠦ ᠬᠦᠴᠦᠨ ᠢᠶᠠᠷ ᠰᠠᠶᠢᠲᠤᠷ ᠬᠢᠨ᠎ᠡ᠃ ︽ᠵᠠᠪᠠᠯ ᠢᠯᠠᠬᠤ ᠢᠲᠡᠭᠡᠯ ᠵᠣᠷᠢᠭ︾᠎ ᠢᠶᠠᠷ ᠬᠦᠨᠳᠦ ᠶᠡᠭᠡ ᠠᠶᠤᠯ ᠲᠦᠭᠰᠢᠭᠦᠷᠢ ᠶᠢ ᠰᠡᠷᠭᠡᠶᠢᠯᠡᠨ ᠨᠠᠮᠳᠠᠭᠤᠯᠬᠤ ᠪᠠᠬᠢᠯᠡᠯᠲᠡ ᠰᠢᠪᠲᠤᠯᠬᠤ ᠳᠠᠶᠢᠯᠠᠯᠳᠤᠭᠠᠨ ᠢ ᠶᠠᠪᠤᠭᠳᠠᠭᠤᠯᠤᠨ᠎ᠠ᠃ ᠦᠭᠴᠡᠭᠡ ᠶᠢᠨ ᠬᠠᠮᠢᠶᠠᠷᠤᠯᠲᠠ ᠡᠵᠡᠮᠰᠢᠯ ᠢ ᠴᠢᠩᠭᠠᠳᠬᠠᠨ᠂ ᠬᠠᠥᠯᠢ ᠶᠢ ᠵᠦᠷᠢᠴᠡᠨ ᠦᠷᠢ ᠲᠠᠯᠪᠢᠵᠤ ᠲᠦᠷᠦᠯ ᠵᠦᠢᠯ ᠬᠡᠷᠡᠭᠵᠢᠭᠦᠯᠬᠦ ᠶᠢ ᠴᠢᠩᠭ᠎ᠠ ᠬᠤᠷᠢᠭᠯᠠᠨ᠎ᠠ᠃ ᠣᠯᠠᠨ ᠠᠷᠭ᠎ᠠ ᠪᠠᠷᠢᠯ ᠢ ᠵᠡᠷᠭᠡᠪᠡᠷ ᠬᠡᠷᠡᠭᠯᠡᠵᠦ᠂ ᠵᠠᠷᠤᠯᠭ᠎ᠠ ᠶᠢ ᠪᠠᠭᠠᠰᠬᠠᠨ᠂ ᠵᠠᠰᠠᠭ ᠤᠨ ᠣᠷᠳᠣᠨ ᠤ ᠴᠢᠨᠠᠷᠲᠠᠢ ᠦᠭᠴᠡᠭᠡ ᠶᠢ 9,568 ᠲᠦᠮᠡᠨ ᠲᠦᠬᠦᠷᠢᠭ ᠠᠷᠢᠯᠭᠠᠵᠤ᠂ ︽ᠠᠷᠪᠠ ᠶᠢ ᠪᠦᠷᠬᠦᠭᠦᠯᠬᠦ︾ ᠢᠨᠵᠧᠨᠧᠷᠢᠩ ᠤᠨ ᠦᠭᠴᠡᠭᠡ ᠶᠢ 4,855 ᠲᠦᠮᠡᠨ ᠲᠦᠬᠦᠷᠢᠭ ᠲᠦᠯᠦᠨ᠎ᠡ᠃ ᠠᠷᠠᠳ ᠤᠨ ᠳᠤᠮᠳᠠᠬᠢ ᠦᠨᠳᠦᠷ ᠬᠦᠦ ᠲᠠᠢ ᠵᠢᠭᠡᠯᠡᠯᠭᠡ ᠶᠢᠨ ᠰᠠᠶᠢᠨ ᠪᠠᠶᠢᠳᠠᠯ ᠢ ᠪᠠᠲᠤᠯᠠᠵᠤ᠂ ᠤᠬᠠᠭᠤᠯᠭ᠎ᠠ ᠪᠠᠷ ᠬᠦᠲᠦᠯᠦᠨ ᠵᠢᠯᠣᠭᠤᠳᠬᠤ ᠶᠢ ᠴᠢᠩᠭᠠᠳᠬᠠᠨ᠂ ᠠᠷᠠᠳ ᠤᠨ ᠳᠤᠮᠳᠠᠬᠢ ᠦᠨᠳᠦᠷ ᠬᠦᠦ ᠲᠠᠢ ᠵᠢᠭᠡᠯᠡᠯᠭᠡ ᠶᠢ ᠵᠥᠪ ᠢᠶᠠᠷ ᠬᠦᠲᠦᠯᠦᠨ ᠵᠢᠯᠣᠭᠤᠳᠬᠤ ᠪᠠ ᠨᠠᠵᠠᠭᠠᠢ ᠲᠠᠯ᠎ᠠ ᠠᠴᠠ ᠰᠡᠷᠡᠮᠵᠢᠯᠡᠭᠦᠯᠬᠦ ᠬᠦᠮᠦᠵᠢᠯ ᠢ ᠴᠢᠩᠭᠠᠳᠬᠠᠵᠤ᠂ ᠦᠨᠳᠦᠷ ᠬᠦᠦ ᠲᠠᠢ ᠵᠢᠭᠡᠯᠡᠯᠭᠡ ᠶᠢᠨ ᠣᠷᠣᠰᠢᠨ ᠲᠣᠭᠲᠠᠨᠢᠬᠤ ᠣᠷᠣᠨ ᠵᠠᠢ ᠶᠢ ᠠᠪᠴᠢᠭᠤᠯᠵᠤ᠂ ᠦᠨᠳᠦᠷ ᠬᠦᠦ ᠲᠠᠢ ᠵᠢᠭᠡᠯᠡᠯᠭᠡ ᠶᠢᠨ ᠮᠦᠩᠭᠦᠨ ᠭᠦᠢᠯᠭᠡᠭᠡᠨ ᠤ ᠠᠶᠤᠯ ᠲᠦᠭᠰᠢᠭᠦᠷᠢ ᠶᠢ ᠴᠢᠩᠭ᠎ᠠ ᠡᠵᠡᠮᠳᠡᠨ᠎ᠡ᠃ ᠨᠡᠶᠢᠭᠡᠮ ᠤᠨ ᠶᠠᠷᠢᠶ᠎ᠠ ᠬᠡᠯᠡᠯᠴᠡᠭᠡ ᠶᠢ ᠲᠣᠭᠲᠠᠭᠤᠨ ᠢᠶᠠᠷ ᠡᠵᠡᠮᠳᠡᠵᠦ᠂ ᠠᠵᠢᠯ ᠤᠨ ᠰᠠᠨᠠᠭᠠᠴᠢᠯᠠᠭᠠᠲᠤ ᠡᠷᠬᠡ ᠶᠢ ᠪᠠᠲᠤ ᠪᠠᠬᠢ ᠡᠵᠡᠮᠳᠡᠨ᠂ ᠴᠢᠬᠤᠯᠠ ᠶᠡᠭᠡ ᠲᠣᠭᠲᠠᠩᠭᠤᠢ ᠪᠣᠰᠤ ᠡᠯᠧᠮᠧᠨ᠋ᠲ ᠢ ᠤᠷᠢᠳᠴᠢᠯᠠᠨ ᠰᠡᠷᠭᠡᠶᠢᠯᠡᠵᠦ᠂ ᠠᠵᠤ ᠠᠬᠤᠢ ᠶᠢᠨ ᠡᠮᠬᠢ ᠲᠢᠭᠯᠢᠮ ᠢ ᠡᠪᠳᠡᠭᠰᠡᠨ ᠶᠠᠯᠠᠲᠤ ᠠᠵᠢᠯᠯᠠᠭ᠎ᠠ ᠳᠤ ᠴᠢᠩᠭ᠎ᠠ ᠴᠣᠬᠢᠯᠲᠠ ᠥᠭᠭᠦᠨ᠎ᠡ᠃ ︽ᠬᠠᠳᠬᠤᠮᠠᠯ ᠤᠷᠠᠯᠠᠬᠤ ᠣᠷᠣᠯᠳᠤᠯᠭ᠎ᠠ︾᠎ ᠪᠠᠷ ᠨᠠᠷᠢᠯᠢᠭ ᠣᠨᠣᠪᠴᠢᠲᠠᠢ ᠪᠠᠷ ᠶᠠᠳᠠᠭᠤ ᠠᠴᠠ ᠠᠩᠬᠢᠵᠢᠷᠠᠭᠤᠯᠬᠤ ᠪᠠᠬᠢᠯᠡᠯᠲᠡ ᠰᠢᠪᠲᠤᠯᠬᠤ ᠳᠠᠶᠢᠯᠠᠯᠳᠤᠭᠠᠨ ᠤ ᠢᠯᠠᠯᠲᠠ ᠶᠢ ᠲᠡᠮᠡᠴᠡᠨ ᠣᠯᠣᠨ᠎ᠠ᠃ ᠲᠤᠰᠬᠠᠢ ᠲᠦᠷᠦᠯ ᠢᠶᠠᠷ ᠶᠠᠳᠠᠭᠤ ᠶᠢ ᠲᠡᠳᠬᠦᠬᠦ᠂ ᠠᠵᠢᠯ ᠲᠦᠷᠦᠯ ᠢᠶᠠᠷ ᠶᠠᠳᠠᠭᠤ ᠶᠢ ᠲᠡᠳᠬᠦᠬᠦ᠂ ᠨᠡᠶᠢᠭᠡᠮ ᠠᠴᠠ ᠶᠠᠳᠠᠭᠤ ᠶᠢ ᠲᠡᠳᠬᠦᠬᠦ᠂ ᠺᠠᠳ᠋ᠷ ᠣᠯᠠᠨ ᠲᠦᠮᠡᠨ ᠬᠤᠣᠰᠯᠠᠯ ᠪᠣᠯᠬᠤ ᠪᠠ ᠪᠠᠲᠤᠯᠠᠭ᠎ᠠ ᠶᠢ ᠪᠦᠬᠦᠨ ᠢ ᠬᠠᠮᠤᠷᠴᠤ ᠬᠠᠪᠰᠤᠷᠤᠨ ᠲᠡᠳᠬᠦᠬᠦ ᠵᠡᠷᠭᠡ ᠠᠷᠭ᠎ᠠ ᠪᠠᠷᠢᠯ ᠢ ᠯᠠᠪᠳᠠᠭᠤᠨ ᠬᠡᠷᠡᠭᠵᠢᠭᠦᠯᠵᠦ᠂ ᠣᠶᠤᠨ ᠤᠬᠠᠭᠠᠨ ᠪᠠ ᠢᠲᠡᠭᠡᠯ ᠵᠣᠷᠢᠭ ᠢ ᠨᠢ ᠵᠡᠷᠭᠡᠪᠡᠷ ᠲᠡᠳᠬᠦᠬᠦ ᠪᠣᠯᠪᠠᠰᠤᠷᠠᠯ ᠪᠠ ᠠᠵᠢᠯ ᠣᠯᠭᠤᠯᠲᠠ ᠶᠢᠨ ᠪᠣᠯᠪᠠᠰᠤᠷᠠᠯ ᠢ ᠦᠷᠨᠢᠭᠦᠯᠦᠨ᠂ ᠶᠠᠳᠠᠭᠤ ᠬᠦᠴᠢᠷᠳᠡᠯᠲᠡᠢ ᠬᠦᠮᠦᠨ ᠠᠮᠠ ᠶᠢᠨ ᠶᠠᠳᠠᠭᠤ ᠠᠴᠠ ᠠᠩᠬᠢᠵᠢᠷᠠᠬᠤ ᠢᠲᠡᠭᠡᠯ ᠵᠣᠷᠢᠭ ᠢ ᠨᠢ ᠬᠦᠪᠴᠢᠯᠡᠵᠦ᠂ ︽ᠨᠠᠮᠠᠶᠢ ᠶᠠᠳᠠᠭᠤ ᠠᠴᠠ ᠠᠩᠬᠢᠵᠢᠷᠠᠭᠤᠯᠬᠤ︾᠎ ᠠᠴᠠ ︽ᠪᠢ ᠶᠠᠳᠠᠭᠤ ᠠᠴᠠ ᠠᠩᠬᠢᠵᠢᠷᠠᠬᠤ︾ ᠲᠡᠰᠢ ᠬᠤᠪᠢᠷᠠᠭᠤᠯᠤᠨ᠎ᠠ᠃ 500 ᠲᠦᠮᠡᠨ ᠲᠦᠬᠦᠷᠢᠭ ᠤᠨ ᠪᠡᠯᠡ ᠣᠷᠤᠭᠤᠯᠵᠤ ᠮᠠᠯ ᠠᠵᠤ ᠠᠬᠤᠢ ᠶᠢᠨ ᠲᠡᠵᠢᠭᠡᠨ ᠦᠷᠡᠵᠢᠭᠦᠯᠬᠦ ᠲᠦᠷᠦᠯ ᠵᠦᠢᠯ ᠢ ᠲᠡᠳᠬᠦᠨ ᠳᠡᠮᠵᠢᠵᠦ᠂ ᠭᠠᠴᠠᠭᠠᠨ ᠤ ᠬᠠᠮᠲᠤ ᠶᠢᠨ ᠠᠵᠤ ᠠᠬᠤᠢ ᠶᠢ ᠪᠤᠵᠠᠭᠠᠶᠢᠷᠠᠭᠤᠯᠤᠨ᠂ ᠳᠠᠩᠰᠠᠯᠠᠵᠤ ᠺᠠᠷᠲᠯᠠᠭᠰᠠᠨ ᠶᠠᠳᠠᠭᠤ ᠬᠦᠴᠢᠷᠳᠡᠯᠲᠡᠢ 73 ᠡᠷᠦᠬᠡ ᠶᠢᠨ 189 ᠬᠦᠮᠦᠨ ᠢ ᠳᠠᠶᠢᠴᠢᠯᠠᠪᠠ᠃ ᠶᠠᠳᠠᠭᠤ ᠶᠢ ᠲᠡᠳᠬᠦᠬᠦ ᠶᠢ ᠪᠦᠬᠦᠨ ᠢ ᠬᠠᠮᠤᠷᠬᠤ ᠪᠠᠲᠤᠯᠠᠭ᠎ᠠ ᠶᠢ ᠴᠢᠩᠭᠠᠳᠬᠠᠨ᠂ ᠳᠠᠩᠰᠠᠯᠠᠵᠤ ᠺᠠᠷᠲᠯᠠᠭᠰᠠᠨ ᠶᠠᠳᠠᠭᠤ ᠬᠦᠴᠢᠷᠳᠡᠯᠲᠡᠢ 390 ᠡᠷᠦᠬᠡ ᠶᠢᠨ 1055 ᠬᠦᠮᠦᠨ ᠳᠤ ᠬᠤᠷᠰᠢᠭᠰᠠᠨ ᠡᠮ ᠡᠮᠨᠡᠯᠭᠡ ᠶᠢᠨ ᠳᠠᠭᠠᠳᠬᠠᠯ ᠲᠤᠰᠢᠶᠠᠨ ᠥᠭᠪᠡ᠃ ᠶᠠᠳᠠᠭᠤ ᠶᠢ ᠲᠡᠳᠬᠦᠬᠦ ᠪᠡᠯᠡ ᠮᠦᠩᠭᠦᠨ ᠤ ᠬᠠᠮᠢᠶᠠᠷᠤᠯᠲᠠ ᠶᠢᠨ ᠲᠣᠭᠲᠠᠴᠠ ᠶᠢ ᠲᠡᠭᠦᠯᠳᠡᠷᠵᠢᠭᠦᠯᠵᠦ᠂ ᠬᠢᠨᠠᠨ ᠪᠣᠳᠣᠬᠤ ᠬᠦᠴᠦᠯᠡᠴᠡ ᠶᠢ ᠨᠡᠮᠡᠭᠳᠡᠭᠦᠯᠦᠨ᠂ ᠶᠠᠳᠠᠭᠤ ᠶᠢ ᠲᠡᠳᠬᠦᠬᠦ ᠪᠡᠯᠡ ᠮᠦᠩᠭᠦᠨ ᠤ ᠬᠡᠷᠡᠭᠯᠡᠯᠲᠡ ᠶᠢᠨ ᠠᠮᠤᠷ ᠲᠦᠪᠰᠢᠨ ᠪᠦᠭᠡᠳ ᠪᠦᠲᠦᠮᠵᠢᠲᠡᠢ ᠪᠠᠶᠢᠬᠤ ᠶᠢ ᠪᠠᠲᠤᠯᠠᠨ᠎ᠠ᠃ ᠦᠨᠳᠦᠰᠦᠨ ᠱᠠᠲᠤᠨ ᠤ ᠵᠣᠬᠢᠶᠠᠨ ᠪᠠᠶᠢᠭᠤᠯᠤᠯᠲᠠ ᠶᠢᠨ ᠳᠠᠶᠢᠴᠢᠨ ᠪᠠᠬᠢᠯᠡᠯᠲᠡ ᠶᠢᠨ ᠦᠢᠯᠡᠳᠦᠯ ᠢ ᠳᠣᠪᠣᠶᠢᠯᠭᠠᠵᠤ᠂ ᠲᠦᠷᠥ ᠶᠢᠨ ᠪᠣᠳᠣᠯᠭ᠎ᠠ ᠶᠢᠨ ᠤᠬᠠᠭᠤᠯᠭ᠎ᠠ ᠶᠢ ᠴᠢᠬᠤᠯᠠᠴᠢᠯᠠᠵᠤ᠂ ᠶᠠᠳᠠᠭᠤ ᠶᠢ ᠲᠡᠳᠬᠦᠬᠦ ᠠᠵᠢᠯ ᠤᠨ ᠣᠯᠠᠨ ᠲᠦᠮᠡᠨ ᠤ ᠳᠡᠮᠵᠢᠬᠦ ᠨᠤᠷᠮ᠎ᠠ ᠪᠠ ᠣᠷᠣᠯᠴᠠᠬᠤ ᠨᠤᠷᠮ᠎ᠠ ᠶᠢ ᠳᠡᠭᠡᠭᠰᠢᠯᠡᠭᠦᠯᠵᠦ᠂ ᠪᠦᠬᠦ ᠬᠤᠰᠢᠭᠤᠨ ᠤ ᠬᠦᠴᠦᠨ ᠢ ᠲᠦᠪᠯᠡᠷᠡᠭᠦᠯᠦᠨ ᠶᠠᠳᠠᠭᠤ ᠠᠴᠠ ᠠᠩᠬᠢᠵᠢᠷᠠᠭᠤᠯᠬᠤ ᠪᠠᠬᠢᠯᠡᠯᠲᠡ ᠰᠢᠪᠲᠤᠯᠬᠤ ᠬᠠᠮᠲᠤᠷᠠᠯ ᠤᠨ ᠬᠦᠴᠦᠨ ᠢ ᠪᠦᠷᠢᠯᠳᠦᠭᠦᠯᠵᠦ᠂ 1 ᠡᠷᠦᠬᠡ ᠶᠢᠨ 2 ᠬᠦᠮᠦᠨ ᠢ ᠶᠠᠳᠠᠭᠤ ᠠᠴᠠ ᠠᠩᠬᠢᠵᠢᠷᠠᠭᠤᠯᠬᠤ ᠶᠢ ᠪᠠᠲᠤᠯᠠᠵᠤ᠂ 389 ᠡᠷᠦᠬᠡ ᠶᠢᠨ 1053 ᠬᠦᠮᠦᠨ ᠤ ᠶᠠᠳᠠᠭᠤ ᠶᠢ ᠲᠡᠳᠬᠦᠬᠦ ᠦᠷ᠎ᠡ ᠪᠦᠲᠦᠮᠵᠢ ᠶᠢ ᠪᠠᠬᠢᠵᠢᠭᠦᠯᠦᠨ᠎ᠡ᠃ ︽ᠤᠷᠠᠨ ᠳᠠᠷᠬᠠᠨ ᠤ ᠵᠣᠷᠢᠭ ᠰᠠᠨᠠᠭ᠎ᠠ︾᠎ ᠪᠠᠷ ᠪᠤᠬᠢᠷᠲᠤᠯ ᠢ ᠰᠡᠷᠭᠡᠶᠢᠯᠡᠨ ᠵᠠᠰᠠᠬᠤ ᠪᠠᠬᠢᠯᠡᠯᠲᠡ ᠰᠢᠪᠲᠤᠯᠬᠤ ᠳᠠᠶᠢᠯᠠᠯᠳᠤᠭᠠᠨ ᠢ ᠯᠠᠪᠳᠠᠭᠤᠨ ᠪᠠᠬᠢᠵᠢᠭᠦᠯᠦᠨ᠎ᠡ᠃ ᠴᠡᠯᠮᠡᠭ ᠲᠡᠭᠷᠢ᠂ ᠴᠡᠩᠬᠡᠭ ᠤᠰᠤ᠂ ᠴᠡᠪᠡᠷ ᠬᠦᠷᠦᠰᠦ ᠶᠢ ᠬᠠᠮᠠᠭᠠᠯᠠᠬᠤ ᠳᠠᠶᠢᠯᠠᠯᠳᠤᠭᠠᠨ ᠤ ᠪᠠᠲᠤ ᠢᠯᠠᠯᠲᠠ ᠶᠢ ᠣᠯᠵᠤ᠂ ᠲᠥᠪ ᠤᠨ ᠣᠷᠴᠢᠨ ᠲᠣᠭᠤᠷᠢᠨ ᠢ ᠬᠠᠮᠠᠭᠠᠯᠠᠬᠤ ᠰᠢᠪᠠᠳᠠᠨ ᠪᠠᠶᠢᠴᠠᠭᠠᠯᠲᠠ ᠶᠢᠨ ︽ᠡᠷᠭᠢᠨ ᠬᠠᠷᠠᠬᠤ︾ ᠪᠠᠶᠢᠴᠠᠭᠠᠯᠲᠠ ᠠᠴᠠ ᠬᠠᠷᠢᠭᠤ ᠳᠤᠰᠬᠠᠭᠰᠠᠨ ᠠᠰᠠᠭᠤᠳᠠᠯ ᠤᠨ ᠡᠭᠦᠷᠭᠡ ᠶᠢ ᠦᠷᠬᠦᠯᠵᠢᠯᠡᠨ ᠵᠠᠯᠠᠷᠠᠭᠤᠯᠵᠤ᠂ ᠠᠵᠤ ᠦᠢᠯᠡᠳᠪᠦᠷᠢ ᠠᠭᠤᠷᠬᠠᠢ ᠶᠢᠨ ᠠᠵᠤ ᠠᠬᠤᠶᠢᠯᠠᠯ ᠢ ᠲᠣᠭᠲᠠᠭᠰᠠᠨ ᠬᠤᠭᠤᠴᠠᠭᠠᠨ ᠳᠤ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠠᠴᠠ ᠴᠡᠪᠡᠷᠯᠡᠨ ᠭᠠᠷᠭᠠᠬᠤ ᠶᠢ ᠪᠦᠬᠦ ᠬᠦᠴᠦᠨ ᠢᠶᠠᠷ ᠠᠬᠢᠭᠤᠯᠤᠨ᠎ᠠ᠃ ︽ᠬᠡᠷᠡᠭᠵᠢᠭᠦᠯᠬᠦ ᠲᠦᠰᠦᠯ︾ ᠶᠣᠰᠣᠭᠠᠷ ᠬᠦᠯᠦᠨ ᠨᠠᠭᠤᠷ ᠤᠨ ᠤᠷᠤᠰᠬᠠᠯ ᠤᠨ ᠣᠷᠣᠨ ᠤ ᠠᠮᠢ ᠠᠬᠤᠢ ᠶᠢ ᠶᠡᠷᠦᠩᠬᠡᠶᠢᠯᠡᠨ ᠵᠠᠰᠠᠬᠤ ᠬᠤᠶᠠᠳᠤᠭᠠᠷ ᠬᠤᠭᠤᠴᠠᠭᠠᠨ ᠤ ᠢᠨᠵᠧᠨᠧᠷᠢᠩ ᠢ ᠬᠡᠷᠡᠭᠵᠢᠭᠦᠯᠵᠦ᠂ ᠪᠦᠬᠦ ᠬᠤᠰᠢᠭᠤᠨ ᠤ ᠬᠦᠴᠦᠨ ᠢ ᠳᠠᠶᠢᠴᠢᠯᠠᠨ ᠨᠠᠭᠤᠷ ᠢ ᠲᠣᠭᠤᠷᠢᠭᠰᠠᠨ ᠡᠯᠡᠰᠦᠷᠬᠡᠭ ᠭᠠᠵᠠᠷ ᠢ ᠵᠠᠰᠠᠬᠤ ᠵᠡᠷᠭᠡ ᠳᠦᠷᠪᠡᠨ ᠲᠦᠷᠦᠯ ᠵᠦᠢᠯ ᠢ ᠰᠠᠶᠢᠲᠤᠷ ᠬᠡᠷᠡᠭᠵᠢᠭᠦᠯᠵᠦ᠂ ᠬᠦᠯᠦᠨ ᠨᠠᠭᠤᠷ ᠢ ᠶᠡᠷᠦᠩᠬᠡᠶᠢᠯᠡᠨ ᠵᠠᠰᠠᠬᠤ ᠬᠠᠲᠠᠭᠤ ᠳᠠᠶᠢᠯᠠᠯᠳᠤᠭᠠᠨ ᠤ ᠢᠯᠠᠯᠲᠠ ᠶᠢ ᠣᠯᠣᠨ᠎ᠠ᠃ ᠠᠭᠠᠷ ᠮᠠᠨᠳᠠᠯ᠂ ᠤᠰᠤ᠂ ᠬᠦᠷᠦᠰᠦ ᠰᠢᠷᠣᠢ ᠶᠢᠨ ᠪᠤᠬᠢᠷᠲᠤᠯ ᠢ ᠰᠡᠷᠭᠡᠶᠢᠯᠡᠨ ᠵᠠᠰᠠᠬᠤ ᠲᠤᠰᠬᠠᠢ ᠠᠵᠢᠯᠯᠠᠭ᠎ᠠ ᠶᠢ ᠭᠦᠨᠵᠡᠭᠡᠢ ᠬᠡᠷᠡᠭᠵᠢᠭᠦᠯᠵᠦ᠂ ︽ᠠᠭᠠᠷ ᠮᠠᠨᠳᠠᠯ ᠤᠨ ᠠᠷᠪᠠᠨ ᠵᠣᠷᠪᠣᠰ ᠲᠤᠭᠳᠠᠭᠠᠯ︾᠂ ︽ᠤᠰᠤᠨ ᠤ ᠠᠷᠪᠠᠨ ᠵᠣᠷᠪᠣᠰ ᠲᠣᠭᠲᠠᠭᠠᠯ︾᠂ ︽ᠬᠦᠷᠦᠰᠦ ᠰᠢᠷᠤᠢ ᠶᠢᠨ ᠠᠷᠪᠠᠨ ᠵᠣᠷᠪᠣᠰ ᠲᠣᠭᠲᠠᠭᠠᠯ︾᠎ ᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠤᠨ᠎ᠠ᠃ ᠤᠰᠤᠨ ᠤ ᠴᠢᠨᠠᠷ ᠤᠨ ᠬᠢᠨᠠᠨ ᠡᠵᠡᠮᠳᠡᠯ ᠢ ᠴᠢᠩᠭᠠᠳᠬᠠᠵᠤ᠂ ᠤᠰᠤᠨ ᠤ ᠴᠢᠨᠠᠷ ᠤᠨ ᠬᠤᠪᠢᠷᠠᠯᠲᠠ ᠶᠢ ᠨᠢᠭᠲᠠ ᠠᠵᠢᠭᠯᠠᠨ᠂ ᠤᠰᠤ ᠤᠮᠳᠠ ᠶᠢᠨ ᠠᠮᠤᠷ ᠲᠦᠪᠰᠢᠨ ᠢ ᠪᠠᠲᠤᠯᠠᠨ᠎ᠠ᠃ ᠪᠤᠵᠠᠷ ᠤᠰᠤ ᠶᠢ ᠰᠢᠢᠳᠪᠦᠷᠢᠯᠡᠬᠦ ᠦᠢᠯᠡᠳᠪᠦᠷᠢ ᠶᠢᠨ ᠬᠢᠨᠠᠨ ᠬᠠᠮᠢᠶᠠᠷᠤᠯᠲᠠ ᠶᠢ ᠴᠢᠩᠭᠠᠳᠬᠠᠨ᠂ ᠪᠠᠷᠢᠮᠵᠢᠶᠠᠨ ᠳᠤ ᠬᠦᠷᠴᠦ ᠲᠣᠭᠲᠠᠭᠤᠨ ᠢᠶᠠᠷ ᠪᠤᠬᠢᠷᠲᠤᠯ ᠭᠠᠳᠠᠭᠰᠢᠯᠠᠭᠤᠯᠬᠤ ᠶᠢ ᠪᠠᠲᠤᠯᠠᠨ᠎ᠠ᠃ ᠪᠠᠯᠭᠠᠰᠤᠨ ᠤ ᠲᠣᠭᠤᠷᠢᠭ ᠲᠠᠬᠢ 10 ᠠᠭᠤᠷᠰᠢᠯᠲᠠ ᠶᠢᠨ ᠲᠣᠨ ᠠᠴᠠ ᠳᠣᠷᠣᠭᠰᠢᠬᠢ ᠨᠡᠭᠦᠷᠡᠰᠦᠨ ᠰᠢᠲᠠᠭᠠᠯᠭ᠎ᠠ ᠶᠢᠨ ᠵᠤᠤᠬ᠎ᠠ ᠶᠢ ᠠᠯᠬᠤᠮ ᠠᠯᠬᠤᠮ ᠢᠶᠠᠷ ᠨᠤᠷᠠᠭᠠᠵᠤ᠂ ᠪᠠᠯᠭᠠᠰᠤᠨ ᠤ ᠲᠣᠭᠤᠷᠢᠭ ᠲᠤ ᠰᠢᠨ᠎ᠡ ᠪᠠᠷ 35 ᠠᠭᠤᠷᠰᠢᠯᠲᠠ ᠶᠢᠨ ᠲᠣᠨ ᠠᠴᠠ ᠳᠣᠷᠣᠭᠰᠢᠬᠢ ᠨᠡᠭᠦᠷᠡᠰᠦᠨ ᠰᠢᠲᠠᠭᠠᠯᠭ᠎ᠠ ᠶᠢᠨ ᠵᠤᠤᠬ᠎ᠠ ᠪᠠᠶᠢᠭᠤᠯᠬᠤ ᠶᠢ ᠴᠢᠩᠭ᠎ᠠ ᠬᠤᠷᠢᠭᠯᠠᠵᠤ᠂ ᠠᠭᠠᠷ ᠮᠠᠨᠳᠠᠯ ᠤᠨ ᠴᠢᠨᠠᠷ ᠴᠢᠨᠰᠠᠭ᠎ᠠ ᠶᠢ ᠪᠠᠲᠤᠯᠠᠨ᠎ᠠ᠃ ᠠᠭᠤᠷᠬᠠᠢ ᠶᠢᠨ ᠭᠠᠵᠠᠷ ᠰᠢᠨᠵᠢᠯᠡᠭᠡᠨ ᠤ ᠣᠷᠴᠢᠨ ᠲᠣᠭᠤᠷᠢᠨ ᠤ ᠵᠠᠰᠠᠨ ᠴᠡᠭᠴᠡᠯᠡᠯᠲᠡ ᠶᠢ ᠠᠬᠢᠭᠤᠯᠵᠤ᠂ ᠷᠦᠩ ᠳ᠋ᠠ ᠠᠭᠤᠷᠬᠠᠢ ᠶᠢᠨ ᠦᠢᠯᠡᠰ᠂ ᠴᠠᠭᠠᠨ ᠠᠭᠤᠷᠬᠠᠢ ᠶᠢᠨ ᠦᠢᠯᠡᠰ᠂ ᠶᠢᠨ ᠱᠠᠨ ᠠᠭᠤᠷᠬᠠᠢ ᠶᠢᠨ ᠦᠢᠯᠡᠰ ᠤᠨ ᠪᠤᠬᠢᠷᠲᠤᠯ ᠦᠭᠡᠢ ᠠᠭᠤᠷᠬᠠᠢ ᠶᠢᠨ ᠪᠦᠲᠦᠭᠡᠨ ᠪᠠᠶᠢᠭᠤᠯᠤᠯᠲᠠ ᠶᠢᠨ ᠠᠯᠬᠤᠭ᠎ᠠ ᠶᠢ ᠲᠦᠷᠭᠡᠳᠬᠡᠨ᠎ᠡ᠃ ᠬᠠᠶᠠᠭᠳᠠᠮᠠᠯ ᠭᠠᠵᠠᠷ ᠰᠢᠷᠤᠢ ᠶᠢ ᠳᠠᠬᠢᠨ ᠬᠠᠭᠠᠯᠪᠤᠷᠢᠯᠠᠵᠤ ᠵᠠᠰᠠᠨ ᠴᠡᠭᠴᠡᠯᠡᠬᠦ ᠲᠦᠷᠦᠯ ᠵᠦᠢᠯ ᠢ ᠬᠡᠷᠡᠭᠵᠢᠭᠦᠯᠦᠨ᠂ ᠲᠡᠦᠬᠡᠨ ᠠᠴᠠ ᠦᠯᠡᠳᠡᠭᠳᠡᠵᠦ ᠢᠷᠡᠭᠰᠡᠨ ᠮᠠᠯᠲᠠᠮᠠᠯ ᠨᠦᠭᠡ ᠵᠢᠴᠢ ᠴᠢᠯᠠᠭᠤ ᠭᠠᠷᠭᠠᠬᠤ ᠦᠢᠯᠡᠳᠪᠦᠷᠢ ᠶᠢᠨ ᠠᠮᠢ ᠠᠬᠤᠢ ᠶᠢᠨ ᠤᠤᠯ ᠪᠠᠶᠢᠳᠠᠯ ᠢ ᠨᠢ ᠰᠡᠷᠭᠦᠭᠡᠨ᠎ᠡ᠃ ᠠᠵᠤ ᠠᠬᠤᠶᠢᠯᠠᠯ ᠤᠨ ᠭᠠᠵᠠᠷ ᠰᠢᠷᠤᠢ ᠶᠢᠨ ᠣᠷᠴᠢᠨ ᠲᠣᠭᠤᠷᠢᠨ ᠤ ᠬᠦᠳᠡᠯᠦᠩᠭᠦᠢ ᠬᠠᠮᠢᠶᠠᠷᠤᠯᠲᠠ ᠶᠢ ᠬᠡᠷᠡᠭᠵᠢᠭᠦᠯᠵᠦ᠂ ᠬᠢᠨᠠᠨ ᠪᠠᠶᠢᠴᠠᠭᠠᠭᠰᠠᠨ ᠦᠷ᠎ᠡ ᠳ᠋ᠦᠩ ᠢ ᠴᠠᠭ ᠲᠤᠬᠠᠢ ᠳᠤ ᠨᠢ ᠨᠡᠶᠢᠭᠡᠮ ᠳᠤ ᠢᠯᠡ ᠨᠡᠶᠢᠲᠡᠯᠡᠨ᠎ᠡ᠃ ᠣᠷᠴᠢᠨ ᠲᠣᠭᠤᠷᠢᠨ ᠢ ᠬᠠᠮᠠᠭᠠᠯᠠᠬᠤ ᠬᠢᠨᠠᠨ ᠪᠠᠶᠢᠴᠠᠭᠠᠬᠤ ᠬᠠᠥᠯᠢ ᠬᠡᠷᠡᠭᠵᠢᠭᠦᠯᠬᠦ ᠶᠢ ᠴᠢᠩᠭᠠᠳᠬᠠᠵᠤ᠂ ᠣᠷᠴᠢᠨ ᠲᠣᠭᠤᠷᠢᠨ ᠤ ᠠᠰᠠᠭᠤᠳᠠᠯ ᠢ ᠬᠦᠴᠦᠯᠡᠨ ᠰᠢᠢᠳᠪᠦᠷᠢᠯᠡᠵᠦ᠂ ︽ᠬᠦᠬᠡ ᠠᠭᠤᠯᠠ ᠬᠦᠬᠡᠮᠳᠦᠭ ᠤᠰᠤ ᠪᠣᠯ ᠳᠠᠷᠤᠢ ᠠᠯᠲᠠ ᠮᠦᠩᠭᠦᠨ ᠠᠭᠤᠯᠠ︾᠎ ᠶᠢᠨ ᠣᠶᠢᠯᠠᠭᠠᠭᠳᠠᠬᠤᠨ ᠢ ᠭᠦᠮᠦᠰ ᠤᠨ ᠰᠡᠳᠬᠢᠯ ᠳᠤ ᠬᠠᠳᠠᠩᠰᠢᠭᠤᠯᠤᠨ᠎ᠠ᠃     ︵ᠬᠤᠶᠠᠷ︶ ᠬᠦᠳᠡᠭᠡ ᠲᠤᠰᠬᠤᠨ ᠢ ᠬᠦᠭᠵᠢᠬᠦᠯᠤᠨ ᠮᠠᠨᠳᠤᠭᠤᠯᠬᠤ ᠶᠢ ᠪᠦᠬᠦ ᠲᠠᠯ᠎ᠠ ᠪᠠᠷ ᠠᠬᠢᠭᠤᠯᠤᠨ᠂ ᠤᠳᠤᠬᠢᠴᠢᠯᠠᠭᠰᠠᠨ ᠮᠠᠯ ᠠᠵᠤ ᠠᠬᠤᠢ ᠶᠢᠨ ᠬᠦᠴᠤᠷᠬᠡᠭ ᠬᠤᠰᠢᠭᠤ ᠶᠢ ᠬᠦᠴᠤᠯᠡᠨ ᠪᠠᠶᠢᠭᠤᠯᠤᠨ᠎ᠠ      ᠬᠦᠳᠡᠭᠡ ᠲᠤᠰᠬᠤᠨ ᠢ ᠬᠦᠭᠵᠢᠬᠦᠯᠤᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠶᠢ ᠪᠦᠬᠦ ᠬᠦᠴᠤᠨ ᠢᠶᠠᠷ ᠠᠬᠢᠭᠤᠯᠵᠤ᠂ ᠮᠠᠯᠵᠢᠬᠤ ᠤᠷᠤᠨ ᠤ ᠬᠦᠳᠡᠭᠡ ᠲᠤᠰᠬᠤᠨ ᠢ ᠬᠦᠭᠵᠢᠬᠦᠯᠤᠨ ᠮᠠᠨᠳᠤᠭᠤᠯᠬᠤ ᠴᠢᠨᠠᠷ ᠴᠢᠨᠰᠠᠭ᠎ᠠ ᠶᠢ ᠬᠦᠴᠤᠯᠡᠨ ᠲᠡᠭᠡᠭᠰᠢᠯᠡᠬᠦᠯᠤᠨ᠎ᠡ᠃ ︽ᠬᠦᠳᠡᠭᠡ ᠲᠤᠰᠬᠤᠨ ᠢ ᠬᠦᠭᠵᠢᠬᠦᠯᠤᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠶᠢᠨ ᠶᠡᠷᠤᠩᠬᠡᠢ ᠲᠦᠯᠤᠪᠵᠢᠬᠦᠯᠬᠡ︾᠎ ᠶᠢ ᠨᠠᠶᠢᠷᠠᠭᠤᠯᠤᠨ ᠲᠠᠭᠤᠰᠬᠠᠵᠤ᠂ ᠭᠠᠴᠠᠭ᠎ᠠ ᠲᠤᠰᠬᠤᠨ ᠤ ᠵᠠᠮ᠂ ᠤᠰᠤ᠂ ᠴᠠᠬᠢᠯᠭᠠᠨ᠂ ᠴᠢᠮᠡᠭᠡ ᠨᠡᠪᠳᠡᠷᠡᠬᠦᠯᠬᠡ᠂ ᠬᠡᠬᠡᠷᠡᠬᠦᠯᠤᠯᠳᠡ᠂ ᠨᠤᠭᠤᠭᠠᠷᠠᠭᠤᠯᠤᠯᠳᠠ ᠵᠡᠷᠬᠡ ᠰᠠᠭᠤᠷᠢ ᠲᠦᠬᠦᠬᠡᠷᠤᠮᠵᠢ ᠶᠢ ᠲᠡᠬᠦᠯᠳᠡᠷᠵᠢᠬᠦᠯᠤᠨ᠎ᠡ᠃ ᠬᠦᠮᠤᠨ ᠠᠷᠠᠤᠨ ᠤᠨ ᠤᠷᠤᠰᠢᠨ ᠰᠠᠭᠤᠬᠤ ᠤᠷᠴᠢᠨ ᠲᠤᠭᠤᠷᠢᠨ ᠢ ᠵᠠᠰᠠᠨ ᠴᠡᠭᠴᠡᠯᠡᠬᠦ ᠭᠤᠷᠪᠠᠨ ᠵᠢᠯ ᠤᠨ ᠠᠵᠢᠯᠯᠠᠭᠠᠨ ᠤ ᠲᠦᠯᠤᠪᠯᠡᠭᠡ ᠶᠢ ᠨᠠᠶᠢᠳᠠᠪᠤᠷᠢᠵᠢᠭᠤᠯᠤᠨ᠂ ᠲᠤᠷᠰᠢᠯᠳᠠ ᠶᠢᠨ ᠴᠡᠭ ᠲᠤ ᠤᠷᠢᠳᠠᠪᠠᠷ ᠬᠡᠷᠡᠭᠵᠢᠬᠦᠯᠵᠤ᠂ ᠭᠠᠴᠠᠭ᠎ᠠ ᠲᠤᠰᠬᠤᠨ ᠤ ᠬᠤᠭ ᠨᠤᠪᠰᠢ᠂ ᠪᠤᠵᠠᠷ ᠤᠰᠤ ᠶᠢ ᠲᠦᠷᠤᠯ ᠬᠤᠪᠢᠶᠠᠨ ᠰᠢᠢᠤᠡᠪᠦᠷᠢᠯᠡᠬᠦ ᠶᠢ ᠲᠤᠭᠳᠠᠭᠤᠨ ᠢᠶᠠᠷ ᠠᠬᠢᠭᠤᠯᠵᠤ᠂ ᠭᠠᠴᠠᠭ᠎ᠠ ᠲᠤᠰᠬᠤᠨ ᠤ ᠬᠦᠮᠤᠨ ᠮᠠᠯ ᠢ ᠰᠠᠯᠭᠠᠨ ᠲᠤᠰᠠᠭᠠᠷᠯᠠᠬᠤ ᠠᠬᠢᠴᠠ ᠶᠢ ᠲᠦᠷᠬᠡᠤᠡᠬᠡᠨ᠎ᠡ᠃ ᠠᠯᠳ᠋ᠬᠠᠮᠡᠬᠡᠯ ᠪᠠᠯᠭᠠᠰᠤ ᠶᠢᠨ ᠤᠷᠴᠢᠨ ᠲᠤᠭᠤᠷᠢᠨ ᠢ ᠵᠠᠰᠠᠨ ᠴᠡᠭᠴᠡᠯᠡᠵᠤ᠂ ᠦᠵᠡᠰᠬᠦᠯᠡᠩᠳᠤ ᠰᠠᠶᠢᠬᠠᠨ ᠬᠦᠳᠡᠭᠡ ᠲᠤᠰᠬᠤᠨ ᠲᠠᠷᠢᠶᠠᠨ ᠭᠠᠵᠠᠷ ᠤᠨ ᠶᠡᠷᠤᠩᠬᠡᠶᠢᠯᠡᠭᠰᠡᠨ ᠴᠤᠭᠴᠠ ᠶᠢ ᠡᠬᠦᠳᠤᠨ ᠪᠠᠶᠢᠭᠤᠯᠵᠤ᠂ ᠰᠡᠯᠡᠬᠦᠴᠡᠯ ᠤᠨ ᠠᠭᠤᠳᠠᠮ ᠲᠠᠯᠠᠪᠠᠢ᠂ ᠠᠮᠢ ᠠᠬᠤᠶᠢᠴᠢ ᠬᠤᠭᠤᠯᠠᠨ ᠲᠢᠩᠬᠢᠮ ᠤᠨ ᠵᠢᠮᠢᠰ ᠤᠨ ᠬᠦᠷᠢᠶᠡᠯᠡᠩ ᠵᠡᠷᠬᠡ ᠰᠡᠯᠡᠬᠦᠴᠡᠯ ᠵᠤᠭ᠎ᠠ ᠴᠡᠩᠬᠡᠯ ᠤᠨ ᠲᠦᠬᠦᠬᠡᠷᠤᠮᠵᠢ ᠪᠠ ᠬᠤᠭ ᠨᠤᠪᠰᠢ ᠶᠢ ᠲᠠᠮᠵᠢᠭᠤᠯᠬᠤ ᠦᠷᠳᠡᠭᠡ᠂ ᠪᠤᠵᠠᠷ ᠤᠰᠤ ᠶᠢ ᠰᠢᠢᠤᠡᠪᠦᠷᠢᠯᠡᠬᠦ ᠦᠢᠯᠡᠤᠡᠪᠦᠷᠢ ᠵᠡᠷᠬᠡ ᠰᠠᠭᠤᠷᠢ ᠲᠦᠬᠦᠬᠡᠷᠤᠮᠵᠢ ᠶᠢ ᠪᠦᠲᠦᠭᠡᠨ ᠪᠠᠶᠢᠭᠤᠯᠵᠤ᠂ ᠴᠡᠭ ᠢᠶᠠᠷ ᠨᠡᠶᠢᠲᠡ ᠶᠢ ᠲᠠᠶᠢᠴᠢᠯᠠᠨ ᠬᠦᠳᠡᠭᠡ ᠲᠤᠰᠬᠤᠨ ᠢ ᠬᠦᠭᠵᠢᠬᠦᠯᠤᠨ ᠮᠠᠨᠳᠤᠭᠤᠯᠬᠤ ᠲᠤᠷᠰᠢᠯᠳᠠ ᠶᠢᠨ ᠴᠡᠭ ᠢ ᠪᠠᠶᠢᠭᠤᠯᠤᠨ᠎ᠠ᠃ ︽ᠵᠤᠷᠯᠤᠩ ᠤᠨ ᠬᠤᠪᠢᠰᠬᠠᠯ︾᠎ ᠢ ᠲᠦᠯᠬᠢᠨ ᠠᠬᠢᠭᠤᠯᠵᠤ᠂ 160 ᠠᠷᠢᠭᠤᠨ ᠴᠡᠪᠡᠷ ᠵᠤᠷᠯᠤᠩ ᠵᠢᠴᠢ ᠲᠠᠭᠠᠯᠳᠠ ᠲᠦᠬᠦᠬᠡᠷᠤᠮᠵᠢ ᠶᠢ ᠪᠠᠶᠢᠭᠤᠯᠤᠨ᠎ᠠ᠃ ᠮᠠᠯ ᠠᠵᠤ ᠠᠬᠤᠢ ᠶᠢᠨ ᠰᠠᠭᠤᠷᠢ ᠲᠦᠬᠦᠬᠡᠷᠤᠮᠵᠢ ᠶᠢ ᠤᠯᠠᠮ ᠴᠢᠨᠠᠭᠰᠢᠳᠠ ᠴᠢᠩᠭᠠᠤᠡᠬᠠᠨ᠂ ᠪᠡᠯᠴᠢᠬᠡᠷᠯᠡᠬᠦ ᠶᠢ ᠵᠣᠭᠰᠣᠭᠠᠨ ᠨᠤᠳᠤᠭ ᠪᠡᠯᠴᠢᠬᠡᠷ ᠢ ᠰᠡᠷᠬᠦᠬᠡᠬᠦ᠂ ᠲᠠᠯ᠎ᠠ ᠨᠤᠳᠤᠭ ᠤᠨ ᠠᠮᠢ ᠠᠬᠤᠢ ᠶᠢᠨ ᠱᠠᠩᠨᠠᠯ ᠨᠦᠬᠦᠪᠦᠷᠢ ᠶᠢᠨ ᠲᠤᠭᠳᠠᠴᠠ᠂ ᠦᠷ᠎ᠡ ᠶᠢᠨ ᠮᠠᠯ ᠤᠨ ᠡᠬᠦᠯᠳᠡᠷ ᠰᠠᠶᠢᠵᠢᠷᠠᠭᠤᠯᠬᠤ᠂ ᠲᠠᠷᠢᠶᠠᠯᠠᠩ ᠤᠨ ᠮᠠᠰᠢᠨ ᠮᠧᠬᠠᠨᠢᠭ ᠤᠨ ᠨᠦᠬᠦᠪᠦᠷᠢ᠂ ᠡᠬᠦᠯᠳᠡᠷ ᠰᠠᠶᠢᠵᠢᠷᠠᠭᠤᠯᠬᠤ ᠨᠦᠬᠦᠪᠦᠷᠢ ᠵᠡᠷᠬᠡ ᠠᠷᠠᠤᠨ ᠲᠤ ᠠᠰᠢᠭ ᠬᠦᠷᠳᠡᠬᠡᠬᠦ ᠢᠨᠵᠧᠨᠧᠷᠢᠩ ᠢ ᠴᠢᠩᠭ᠎ᠠ ᠨᠠᠶᠢᠳᠠᠪᠤᠷᠢᠵᠢᠭᠤᠯᠵᠤ᠂ ᠴᠠᠷᠭᠠᠰᠤ ᠲᠠᠷᠢᠵᠤ ᠤᠷᠭᠤᠭᠤᠯᠬᠤ ᠪᠠ ᠦᠬᠡᠷ ᠤᠨ ᠢᠴᠡᠬᠡᠯ ᠦᠷ᠎ᠡ ᠪᠠᠷ ᠬᠡᠬᠡᠯᠳᠤᠬᠦᠯᠬᠦ ᠵᠡᠷᠬᠡ ᠲᠦᠷᠤᠯ ᠵᠤᠶᠢᠯ ᠢ ᠬᠡᠷᠡᠭᠵᠢᠬᠦᠯᠤᠨ᠂ ᠮᠠᠯᠵᠢᠬᠤ ᠤᠷᠤᠨ ᠤ ᠦᠮᠴᠢᠯᠡᠯ ᠤᠨ ᠡᠷᠬᠡ ᠶᠢᠨ ᠲᠦᠷᠢᠮ ᠤᠨ ᠦᠬᠡᠷᠡᠴᠢᠯᠡᠯᠳᠡ ᠶᠢ ᠲᠦᠷᠬᠡᠤᠡᠬᠡᠨ ᠠᠬᠢᠭᠤᠯᠵᠤ᠂ ᠤᠳᠤᠬᠢᠴᠢᠯᠠᠭᠰᠠᠨ ᠮᠠᠯ ᠠᠵᠤ ᠠᠬᠤᠢ ᠶᠢᠨ ᠬᠦᠭᠵᠢᠯᠳᠡ ᠶᠢᠨ ᠰᠢᠨ᠎ᠡ ᠬᠦᠳᠡᠯᠬᠡᠭᠴᠢ ᠬᠦᠴᠤᠨ ᠢ ᠠᠮᠢᠯᠠᠭᠤᠯᠤᠨ᠎ᠠ᠃ ᠮᠠᠯᠵᠢᠬᠤ ᠤᠷᠤᠨ ᠤ ᠲᠠᠯ᠎ᠠ ᠨᠤᠳᠤᠭ ᠤᠨ ᠮᠠᠯ ᠠᠵᠤ ᠠᠬᠤᠢ ᠶᠢᠨ ᠬᠦᠭᠵᠢᠯᠳᠡ ᠶᠢᠨ ᠵᠠᠮ ᠵᠢᠴᠢ ᠠᠵᠤ ᠦᠢᠯᠡᠰ ᠤᠨ ᠤᠳᠤᠬᠢᠴᠢᠯᠠᠯᠳᠠ ᠶᠢᠨ ᠲᠤᠷᠰᠢᠯᠳᠠ ᠶᠢᠨ ᠴᠡᠭ ᠤᠨ ᠪᠠᠶᠢᠭᠤᠯᠤᠯᠳᠠ ᠶᠢ ᠲᠦᠯᠬᠢᠨ ᠠᠬᠢᠭᠤᠯᠵᠤ᠂ ᠭᠠᠵᠠᠷ ᠤᠷᠤᠨ ᠤ ᠪᠠᠨ ᠪᠠᠶᠢᠳᠠᠯ ᠳᠤ ᠲᠤᠬᠢᠷᠠᠭᠤᠯᠤᠨ ᠪᠤᠳᠠᠳᠠᠢ ᠬᠡᠷᠡᠭᠵᠢᠬᠦᠯᠬᠦ ᠲᠦᠰᠤᠯ ᠢ ᠨᠠᠶᠢᠷᠠᠭᠤᠯᠤᠨ ᠲᠤᠭᠳᠠᠭᠠᠵᠤ᠂ ᠲᠤᠭᠤᠷᠢᠭ ᠬᠤᠪᠢᠶᠠᠨ ᠡᠬᠡᠯᠵᠢᠯᠡᠨ ᠮᠠᠯᠵᠢᠬᠤ᠂ ᠪᠡᠯᠡ ᠤᠷᠤᠭᠤᠯᠬᠤ ᠪᠡᠯᠡ ᠴᠤᠭᠯᠠᠭᠤᠯᠬᠤ ᠲᠠᠪᠴᠠᠩ ᠢ ᠪᠠᠶᠢᠭᠤᠯᠬᠤ᠂ ᠰᠢᠨ᠎ᠡ ᠬᠡᠯᠪᠡᠷᠢ ᠶᠢᠨ ᠲᠤᠯᠤᠭᠠᠶᠢᠯᠠᠭᠴᠢ ᠠᠵᠤ ᠠᠬᠤᠶᠢᠯᠠᠯ ᠢ ᠪᠠᠶᠢᠭᠤᠯᠬᠤ᠂ ᠲᠠᠭᠠᠤᠡᠬᠠᠯ ᠤᠨ ᠲᠦᠷᠤᠯ ᠢ ᠵᠤᠬᠢᠰᠳᠠᠢ ᠲᠤᠬᠢᠷᠠᠭᠤᠯᠬᠤ᠂ ᠴᠢᠳᠠᠪᠤᠷᠢᠳᠠᠨ ᠢ ᠲᠠᠳᠠᠨ ᠤᠷᠤᠭᠤᠯᠵᠤ ᠬᠦᠮᠤᠵᠢᠬᠦᠯᠬᠦ ᠶᠢ ᠴᠢᠩᠭᠠᠤᠡᠬᠠᠬᠤ ᠵᠡᠷᠬᠡ ᠠᠷᠭ᠎ᠠ ᠪᠠᠷᠢᠯ ᠢᠶᠠᠷ ᠲᠠᠮᠵᠢᠨ᠂ ᠤᠳᠤᠬᠢᠴᠢᠯᠠᠭᠰᠠᠨ ᠮᠠᠯ ᠠᠵᠤ ᠠᠬᠤᠢ ᠶᠢᠨ ᠬᠦᠭᠵᠢᠯᠳᠡ ᠶᠢᠨ ᠰᠢᠨ᠎ᠡ ᠬᠡᠪ ᠵᠠᠭᠪᠤᠷ ᠢ ᠠᠯᠬᠤᠮ ᠠᠯᠬᠤᠮ ᠢᠶᠠᠷ ᠰᠦᠪᠡᠭᠴᠢᠯᠡᠨ᠂ ᠮᠠᠯᠵᠢᠬᠤ ᠦᠢᠯᠡᠤᠡᠪᠦᠷᠢᠯᠡᠯ ᠤᠨ ᠭᠠᠷᠤᠯᠳᠠ ᠶᠢᠨ ᠨᠡᠮᠡᠭᠳᠡᠯ᠂ ᠮᠠᠯᠴᠢᠤᠨ ᠤᠨ ᠤᠷᠤᠯᠭ᠎ᠠ ᠶᠢᠨ ᠨᠡᠮᠡᠭᠳᠡᠯ ᠪᠠ ᠮᠠᠯᠵᠢᠬᠤ ᠤᠷᠤᠨ ᠤ ᠬᠦᠭᠵᠢᠯ ᠴᠡᠴᠡᠭᠯᠡᠯ ᠢ ᠪᠡᠶᠡᠯᠡᠬᠦᠯᠤᠨ᠎ᠡ᠃ ᠮᠠᠯ ᠰᠦᠷᠤᠭ᠌ ᠤᠨ ᠡᠪᠤᠯ ᠬᠠᠪᠤᠷ ᠢ ᠮᠡᠨᠳᠤ ᠤᠨᠳᠤᠷᠤᠭᠤᠯᠬᠤ ᠶᠢ ᠪᠠᠳᠤᠯᠠᠵᠤ᠂ ᠬᠠᠪᠤᠷ ᠤᠨ ᠲᠦᠯ ᠢ ᠮᠡᠨᠳᠤ ᠪᠤᠶᠢᠵᠢᠭᠤᠯᠬᠤ ᠠᠵᠢᠯ ᠤᠨ ᠤᠷᠤᠭᠰᠢᠳᠠᠢ ᠶᠠᠪᠤᠭᠳᠠᠬᠤ ᠶᠢ ᠪᠠᠳᠤᠯᠠᠨ᠎ᠠ᠃ ᠠᠮᠢᠳᠠᠨ ᠤ ᠡᠪᠡᠤᠡᠴᠢᠨ ᠬᠢᠵᠢᠭ ᠢ ᠬᠢᠨᠠᠨ ᠬᠠᠮᠢᠶᠠᠷᠬᠤ ᠰᠢᠰᠲ᠋ᠧᠮ ᠢ ᠲᠡᠬᠦᠯᠳᠡᠷᠵᠢᠬᠦᠯᠵᠤ᠂ ᠠᠮᠢᠳᠠᠨ ᠤ ᠡᠮᠨᠡᠯᠬᠡ ᠶᠢᠨ ᠬᠤᠷᠢᠶ᠎ᠠ ᠶᠢ ᠪᠠᠶᠢᠭᠤᠯᠤᠨ᠂ ᠮᠠᠯ ᠠᠵᠤ ᠠᠬᠤᠢ ᠶᠢᠨ ᠦᠢᠯᠡᠤᠡᠪᠦᠷᠢᠯᠡᠯ ᠤᠨ ᠪᠠᠳᠤᠯᠠᠭ᠎ᠠ ᠶᠢᠨ ᠬᠢᠷᠢ ᠲᠦᠪᠰᠢᠨ ᠢ ᠲᠡᠭᠡᠭᠰᠢᠯᠡᠬᠦᠯᠤᠨ᠎ᠡ᠃ ᠨᠠᠭᠠᠳᠤᠮ ᠤᠨ ᠲᠠᠯᠠᠪᠤᠷ ᠤᠨ ᠡᠷᠬᠢᠨ ᠲᠤᠭᠤᠷᠢᠨ ᠳᠤ ᠮᠤᠷᠢ ᠤᠷᠤᠯᠳᠤᠬᠤ ᠲᠠᠯᠠᠪᠠᠢ᠂ ᠠᠳᠤᠭᠤ ᠲᠡᠵᠢᠬᠡᠬᠦ ᠲᠠᠯᠠᠪᠠᠢ᠂ ᠮᠤᠷᠢ ᠰᠤᠷᠭᠠᠬᠤ ᠲᠠᠯᠠᠪᠠᠢ ᠵᠢᠴᠢ ᠵᠤᠭᠠᠴᠠᠯ ᠤᠨ ᠦᠢᠯᠡᠴᠢᠯᠡᠬᠡᠨ ᠤ ᠰᠠᠭᠤᠷᠢᠨ ᠭᠠᠵᠠᠷ ᠢ ᠪᠠᠶᠢᠭᠤᠯᠵᠤ᠂ ᠠᠳᠤᠭᠤᠨ ᠰᠤᠶᠤᠯ ᠤᠨ ᠠᠵᠤ ᠦᠢᠯᠡᠰ ᠤᠨ ᠲᠡᠭᠡᠳᠤ ᠲᠡᠰ ᠤᠨ ᠵᠢᠭᠤᠯᠴᠢᠯᠠᠯ ᠤᠨ ᠠᠮᠢᠳᠤᠷᠠᠯ ᠤᠨ ᠰᠡᠯᠡᠬᠦᠴᠡᠯ ᠲᠤᠭᠤᠷᠢᠭ ᠢ ᠡᠬᠦᠳᠤᠨ ᠪᠠᠶᠢᠭᠤᠯᠤᠨ᠎ᠠ᠃ ︽ᠪᠠᠷᠠᠭᠤᠨ ᠬᠤᠰᠢᠭᠤᠨ ᠤ ᠬᠤᠨᠢᠨ ᠤ ᠮᠢᠬ᠎ᠠ︾᠎ ᠶᠢᠨ ᠨᠡᠷᠡᠳᠤ ᠲᠡᠮᠳᠡᠭ ᠢ ᠲᠦᠬᠡᠮᠡᠯᠵᠢᠬᠦᠯᠤᠨ ᠲᠡᠯᠬᠡᠷᠡᠬᠦᠯᠵᠤ᠂ ᠬᠤᠨᠢ ᠰᠢᠯᠭᠠᠷᠠᠭᠤᠯᠬᠤ ᠤᠷᠤᠯᠳᠤᠭᠠᠨ᠂ ︽ᠪᠠᠷᠠᠭᠤᠨ ᠬᠤᠰᠢᠭᠤᠨ ᠤ ᠬᠤᠨᠢᠨ ᠤ ᠮᠢᠬ᠎ᠠ︾᠎ ᠶᠢ ᠲᠠᠨᠢᠯᠴᠠᠭᠤᠯᠬᠤ ᠬᠤᠷᠠᠯ ᠵᠡᠷᠬᠡ ᠠᠯᠢ ᠤᠯᠠᠨ ᠠᠵᠢᠯᠯᠠᠭ᠎ᠠ ᠶᠢ ᠦᠷᠬᠦᠯᠵᠢᠯᠡᠨ ᠡᠷᠬᠢᠯᠡᠨ ᠶᠠᠪᠤᠭᠳᠠᠭᠤᠯᠵᠤ᠂ ᠮᠠᠯᠴᠢᠤᠨ ᠤᠨ ᠤᠷᠤᠯᠭ᠎ᠠ ᠶᠢ ᠪᠦᠳᠤᠮᠵᠢᠳᠡᠢ ᠨᠡᠮᠡᠭᠳᠡᠬᠦᠯᠤᠨ᠎ᠡ᠃      ︵ᠭᠤᠷᠪᠠ︶ ᠭᠤᠤᠯᠯᠠᠬᠤ ᠲᠠᠪᠠᠭᠤᠯᠢᠭ ᠢ ᠪᠦᠬᠦ ᠲᠠᠯ᠎ᠠ ᠪᠠᠷ ᠪᠠᠳᠠᠷᠠᠭᠤᠯᠤᠨ᠂ ᠰᠢᠨ᠎ᠡ ᠬᠡᠯᠪᠡᠷᠢ ᠶᠢᠨ ᠠᠵᠤ ᠦᠢᠯᠡᠤᠡᠪᠦᠷᠢ ᠶᠢᠨ ᠪᠠᠶᠢᠳᠠᠯ ᠢ ᠲᠦᠷᠬᠡᠤᠡᠬᠡᠨ ᠪᠠᠶᠢᠭᠤᠯᠤᠨ᠎ᠠ      ᠠᠵᠤ ᠦᠢᠯᠡᠤᠡᠪᠦᠷᠢ ᠶᠢᠨ ᠭᠤᠤᠯᠯᠠᠬᠤ ᠠᠵᠤ ᠦᠢᠯᠡᠰ ᠤᠨ ᠪᠠᠶᠢᠷᠢ ᠰᠠᠭᠤᠷᠢ ᠶᠢ ᠪᠠᠬᠢᠵᠢᠬᠦᠯᠤᠨ᠂ ᠲᠤᠮᠳᠠᠳᠤ ᠤᠯᠤᠰ ᠤᠨ ᠬᠤᠸᠠᠩ ᠶᠢᠨ ᠪᠦᠯᠤᠭ᠍ᠯᠡᠯ᠂ ᠳ᠋ᠠᠴᠢᠩ᠂ ᠷᠦᠩ ᠳ᠋ᠠ᠂ ᠴᠠᠭᠠᠨ᠂ ᠶᠢᠨ ᠱᠠᠨ ᠵᠡᠷᠬᠡ ᠭᠤᠤᠯᠳᠠᠯᠭ᠎ᠠ ᠲᠠᠢ ᠠᠵᠤ ᠠᠬᠤᠶᠢᠯᠠᠯ ᠢᠶᠠᠷ ᠠᠴᠢᠶᠠᠯᠠᠪᠤᠷᠢ ᠪᠤᠯᠭᠠᠨ᠂ ᠠᠵᠤ ᠦᠢᠯᠡᠰ ᠤᠨ ᠬᠡᠯᠬᠢᠶ᠎ᠡ ᠶᠢ ᠤᠷᠳᠤᠤᠡᠬᠠᠵᠤ᠂ ᠤᠳᠤᠬᠢᠴᠢᠯᠠᠭᠰᠠᠨ ᠠᠵᠤ ᠦᠢᠯᠡᠤᠡᠪᠦᠷᠢ ᠶᠢᠨ ᠬᠦᠭᠵᠢᠯᠳᠡ ᠶᠢᠨ ᠠᠬᠢᠴᠠ ᠶᠢ ᠲᠦᠷᠬᠡᠤᠡᠬᠡᠨ᠎ᠡ᠃ ᠠᠵᠤ ᠦᠢᠯᠡᠤᠡᠪᠦᠷᠢ ᠶᠢᠨ ᠠᠵᠤ ᠠᠬᠤᠢ ᠶᠢᠨ ︽ᠨᠡᠮᠡᠭᠳᠡᠯ ᠤᠨ ᠲᠤᠶᠢᠯ︾᠎ ᠢ ᠤᠨᠤᠪᠴᠢᠳᠠᠢ ᠠᠤᠡᠬᠤᠨ᠂ ᠷᠦᠩ ᠳ᠋ᠠ ᠠᠭᠤᠷᠬᠠᠢ ᠶᠢᠨ ᠦᠢᠯᠡᠰ ᠤᠨ ᠬᠦᠨ ᠬᠡᠰᠡᠭ ᠲᠠᠬᠢ ᠡᠬᠢ ᠪᠠᠶᠠᠯᠢᠭ ᠤᠨ ᠮᠡᠷᠬᠡᠵᠢᠯ ᠢᠶᠠᠨ ᠰᠠᠶᠢᠵᠢᠷᠠᠭᠤᠯᠬᠤ᠂ ᠶᠢᠨ ᠱᠠᠨ ᠠᠭᠤᠷᠬᠠᠢ ᠶᠢᠨ ᠦᠢᠯᠡᠰ ᠤᠨ ᠨᠢᠬᠡ ᠤᠰᠤᠳᠤ ᠬᠦᠬᠦᠷ ᠬᠦᠴᠢᠯ ᠤᠨ ᠮᠠᠩᠭᠠᠨ ᠤ ᠮᠡᠷᠬᠡᠵᠢᠯ ᠢᠶᠠᠨ ᠰᠠᠶᠢᠵᠢᠷᠠᠭᠤᠯᠬᠤ ᠲᠦᠷᠤᠯ ᠵᠤᠶᠢᠯ ᠢ ᠦᠷᠬᠦᠯᠵᠢᠯᠡᠨ ᠬᠡᠷᠡᠭᠵᠢᠬᠦᠯᠵᠤ᠂ ᠲᠤᠮᠳᠠᠳᠤ ᠤᠯᠤᠰ ᠤᠨ ᠬᠤᠸᠠᠩ ᠶᠢᠨ ᠪᠦᠯᠤᠭ᠍ᠯᠡᠯ ᠤᠨ ᠠᠭᠤᠷᠬᠠᠢ ᠶᠢᠨ ᠤᠷᠴᠢᠨ ᠲᠤᠭᠤᠷᠢᠨ ᠤ ᠪᠤᠬᠢᠷᠳᠤᠯ ᠢ ᠤᠷᠢᠤᠡᠴᠢᠯᠠᠨ ᠰᠡᠷᠬᠡᠶᠢᠯᠡᠵᠤ ᠶᠡᠷᠤᠩᠬᠡᠶᠢᠯᠡᠨ ᠬᠤᠷᠢᠶᠠᠨ ᠠᠪᠴᠤ ᠠᠰᠢᠭᠯᠠᠬᠤ᠂ ᠴᠤᠤ ᠹᠠᠨ ᠠᠭᠤᠷᠬᠠᠢ ᠶᠢᠨ ᠦᠢᠯᠡᠰ ᠤᠨ ᠬᠠᠶᠢᠷᠬᠠᠨ ᠤ ᠲᠤᠭᠤᠯᠠᠭ᠎ᠠ ᠴᠠᠶᠢᠷ ᠤᠨ ᠠᠭᠤᠷᠬᠠᠢ ᠶᠢ ᠰᠤᠩᠭᠤᠬᠤ ᠵᠡᠷᠬᠡ ᠲᠦᠷᠤᠯ ᠵᠤᠶᠢᠯ ᠢ ᠨᠠᠶᠢᠳᠠᠪᠤᠷᠢᠵᠢᠭᠤᠯᠬᠤ ᠶᠢ ᠠᠬᠢᠭᠤᠯᠤᠨ᠎ᠠ᠃ ᠪᠤᠳᠠᠳᠤ ᠴᠤᠭᠴᠠ ᠶᠢᠨ ᠠᠵᠤ ᠠᠬᠤᠢ ᠶᠢᠨ ᠬᠡᠪᠴᠢᠶᠡᠵᠢᠯ ᠢ ᠪᠤᠵᠠᠭᠠᠶᠢᠷᠠᠭᠤᠯᠤᠨ᠂ ᠠᠷᠠᠤᠨ ᠠᠴᠠ ᠡᠵᠡᠩᠨᠡᠭᠰᠡᠨ ᠠᠵᠤ ᠠᠬᠤᠢ ᠶᠢᠨ ᠬᠦᠭᠵᠢᠯᠳᠡ ᠶᠢ ᠠᠮᠢᠯᠠᠭᠤᠯᠬᠤ᠂ ᠦᠢᠯᠡᠴᠢᠯᠡᠬᠦ ᠪᠠ ᠲᠦᠯᠬᠢᠨ ᠠᠬᠢᠭᠤᠯᠬᠤ ᠶᠢ ᠬᠦᠴᠤᠯᠡᠨ ᠲᠡᠮᠵᠢᠵᠤ᠂ ᠬᠤᠪᠢ ᠶᠢᠨ ᠦᠢᠯᠡᠤᠡᠪᠦᠷᠢ ᠬᠤᠳᠠᠯᠳᠤᠭᠠᠨ ᠤ ᠡᠷᠤᠬᠡ ᠶᠢᠨ ᠠᠵᠤ ᠠᠬᠤᠶᠢᠯᠠᠯ ᠲᠡᠰᠢ ᠲᠡᠰ ᠲᠡᠪᠰᠢᠬᠦ᠂ ᠪᠠᠭ᠎ᠠ ᠵᠢᠵᠢᠭ ᠠᠵᠤ ᠠᠬᠤᠶᠢᠯᠠᠯ ᠬᠡᠪᠴᠢᠶᠡᠵᠢᠯ ᠠᠴᠠ ᠲᠡᠭᠡᠭᠰᠢᠬᠢ ᠠᠵᠤ ᠠᠬᠤᠶᠢᠯᠠᠯ ᠲᠡᠰᠢ ᠲᠡᠰ ᠲᠡᠪᠰᠢᠬᠦ ᠶᠢ ᠵᠤᠷᠢᠭᠵᠢᠭᠤᠯᠤᠨ ᠲᠡᠮᠵᠢᠵᠤ᠂ ᠠᠷᠠᠤᠨ ᠠᠴᠠ ᠡᠵᠡᠩᠨᠡᠭᠰᠡᠨ ᠠᠵᠤ ᠠᠬᠤᠶᠢᠯᠠᠯ ᠤᠨ ᠠᠮᠢᠵᠢᠷᠠᠯ ᠤᠨ ᠬᠦᠴᠤᠨ ᠢ ᠴᠢᠩᠭᠠᠤᠡᠬᠠᠨ᠂ ᠵᠠᠬ᠎ᠠ ᠲᠡᠯᠬᠡᠬᠦᠷ ᠤᠨ ᠠᠵᠤ ᠠᠬᠤᠢ ᠶᠢᠨ ︽ᠡᠰ︾᠎ ᠢ ᠤᠯᠠᠮ ᠴᠢᠨᠠᠭᠰᠢᠳᠠ ᠨᠡᠮᠡᠭᠳᠡᠬᠦᠯᠤᠨ᠎ᠡ᠃ ᠲᠦᠷᠤᠯ ᠵᠤᠶᠢᠯ ᠢ ᠲᠦᠯᠤᠪᠵᠢᠬᠦᠯᠬᠦ᠂ ᠲᠡᠮᠡᠴᠡᠨ ᠤᠯᠬᠤ᠂ ᠦᠢᠯᠡᠴᠢᠯᠡᠬᠦ᠂ ᠬᠠᠮᠢᠶᠠᠷᠤᠯᠳᠠ ᠬᠢᠬᠦ ᠶᠢ ᠴᠢᠩᠭᠠᠤᠡᠬᠠᠨ᠂ 87 ᠲᠦᠷᠤᠯ ᠵᠤᠶᠢᠯ ᠢ ᠲᠦᠯᠤᠪᠵᠢᠬᠦᠯᠤᠨ ᠬᠡᠷᠡᠭᠵᠢᠬᠦᠯᠵᠤ᠂ ᠶᠡᠷᠤᠩᠬᠡᠢ ᠪᠡᠯᠡ ᠤᠷᠤᠭᠤᠯᠤᠯᠳᠠ ᠶᠢ 61.4 ᠳ᠋ᠦᠩᠰᠢᠭᠤᠷ ᠲᠦᠬᠦᠷᠢᠭ ᠲᠤ ᠬᠦᠷᠬᠡᠨ᠎ᠡ᠃ ᠠᠵᠤ ᠦᠢᠯᠡᠤᠡᠪᠦᠷᠢ ᠶᠢᠨ ᠬᠦᠷᠢᠶᠡᠯᠡᠩ ᠤᠨ ᠬᠦᠭᠵᠢᠯᠳᠡ ᠶᠢᠨ ᠲᠦᠯᠤᠪᠵᠢᠬᠦᠯᠬᠡ ᠶᠢ ᠲᠡᠬᠦᠯᠳᠡᠷᠵᠢᠬᠦᠯᠵᠤ᠂ ︽ᠲᠤᠯᠤᠭ᠎ᠠ ᠶᠢ ᠨᠡᠪᠳᠡᠷᠡᠬᠦᠯᠵᠤ ᠨᠢᠬᠡ ᠶᠢ ᠲᠡᠭᠰᠢᠯᠡᠬᠦ︾ ᠪᠠᠶᠢᠭᠤᠯᠤᠯᠳᠠ ᠶᠢ ᠲᠦᠷᠬᠡᠤᠡᠬᠡᠨ᠂ ᠦᠢᠯᠡᠳᠤᠯ ᠴᠢᠳᠠᠪᠬᠢ ᠶᠢᠨ ᠪᠠᠶᠢᠷᠢ ᠲᠤᠭᠳᠠᠭᠠᠯᠳᠠ ᠶᠢ ᠲᠤᠳᠤᠷᠬᠠᠶᠢᠯᠠᠵᠤ᠂ ᠦᠢᠯᠡᠴᠢᠯᠡᠬᠡᠨ ᠎ ᠤ ᠴᠢᠳᠠᠪᠬᠢ ᠶᠢ ᠲᠡᠬᠦᠯᠳᠡᠷᠵᠢᠬᠦᠯᠤᠨ᠂ ᠰᠢᠨ᠎ᠡ ᠡᠨᠧᠷᠬᠢ᠂ ᠮᠤᠳᠤᠨ ᠮᠠᠲ᠋ᠧᠷᠢᠶᠠᠯ ᠢ ᠪᠤᠯᠪᠠᠰᠤᠷᠠᠭᠤᠯᠬᠤ᠂ ᠮᠠᠯ ᠤᠨ ᠠᠰᠢᠭ ᠰᠢᠮ᠎ᠡ ᠶᠢ ᠡᠳ᠋ᠰᠢᠬᠦᠯᠤᠨ ᠪᠤᠯᠪᠠᠰᠤᠷᠠᠭᠤᠯᠬᠤ ᠵᠡᠷᠬᠡ ᠠᠵᠤ ᠦᠢᠯᠡᠰ ᠢ ᠬᠦᠴᠤᠯᠡᠨ ᠪᠤᠶᠢᠵᠢᠭᠤᠯᠵᠤ᠂ ᠤᠯᠠᠨ ᠲᠠᠯ᠎ᠠ ᠠᠴᠠ ᠲᠤᠯᠭᠠᠭᠤᠷᠢᠯᠠᠭᠰᠠᠨ᠂ ᠦᠪᠡᠷᠮᠢᠴᠡ ᠤᠨᠴᠠᠯᠢᠭ ᠢᠯᠡ ᠲᠤᠳᠤ᠂ ᠪᠤᠬᠢᠷᠳᠤᠯ ᠦᠬᠡᠢ ᠬᠦᠭᠵᠢᠭᠰᠡᠨ ᠬᠦᠷᠢᠶᠡᠯᠡᠩ ᠤᠨ ᠠᠵᠤ ᠦᠢᠯᠡᠰ ᠤᠨ ᠬᠦᠭᠵᠢᠯᠳᠡ ᠶᠢᠨ ᠰᠢᠨ᠎ᠡ ᠪᠠᠶᠢᠳᠠᠯ ᠢ ᠪᠦᠷᠢᠯᠳᠤᠬᠦᠯᠤᠨ᠎ᠡ᠃      ︵ᠲᠦᠷᠪᠡ︶ ᠡᠬᠢ ᠪᠠᠶᠠᠯᠢᠭ ᠤᠨ ᠲᠠᠪᠠᠭᠤᠯᠢᠭ ᠢ ᠪᠦᠬᠦ ᠲᠠᠯ᠎ᠠ ᠪᠠᠷ ᠠᠭᠤᠳᠠᠯᠤᠨ ᠭᠠᠷᠭᠠᠵᠤ᠂ ᠵᠤᠭᠠᠴᠠᠯ ᠤᠨ ᠠᠵᠤ ᠦᠢᠯᠡᠰ ᠤᠨ ᠬᠦᠭᠵᠢᠯᠳᠡ ᠶᠢ ᠢᠳᠡᠪᠬᠢᠳᠡᠢ ᠠᠬᠢᠭᠤᠯᠤᠨ᠎ᠠ᠃      ︽ᠪᠦᠬᠦ ᠤᠷᠤᠨ ᠪᠦᠰᠡ ᠶᠢᠨ ᠵᠤᠭᠠᠴᠠᠯ︾᠂ ︽ᠲᠦᠷᠪᠡᠨ ᠤᠯᠠᠷᠢᠯ ᠤᠨ ᠵᠤᠭᠠᠴᠠᠯ︾᠎ ᠤᠨ ᠬᠦᠭᠵᠢᠯᠳᠡ ᠶᠢᠨ ᠵᠢᠯᠤᠭᠤᠳᠤᠮᠵᠢ ᠶᠢ ᠪᠠᠷᠢᠮᠳᠠᠯᠠᠨ᠂ ︽ᠬᠤᠶᠠᠷ ᠨᠠᠭᠤᠷ᠂ ᠬᠤᠶᠠᠷ ᠭᠤᠤᠯ᠂ ᠪᠤᠭᠳᠠᠡᠭᠤᠯᠠ᠂ ᠨᠤᠭᠤ ᠭᠠᠵᠠᠷ︾᠎ ᠤᠨ ᠡᠬᠢ ᠪᠠᠶᠠᠯᠢᠭ ᠤᠨ ᠲᠠᠪᠠᠭᠤᠯᠢᠭ ᠢ ᠬᠦᠢᠴᠡᠤᠨ ᠪᠠᠳᠠᠷᠠᠭᠤᠯᠵᠤ᠂ ᠵᠤᠭᠠᠴᠠᠯ ᠤᠨ ᠠᠵᠤ ᠦᠢᠯᠡᠰ ᠤᠨ ᠬᠡᠪᠴᠢᠶᠡᠵᠢᠭᠰᠡᠨ᠂ ᠨᠡᠷᠡᠳᠤ ᠲᠡᠮᠳᠡᠭᠵᠢᠭᠰᠡᠨ᠂ ᠨᠠᠷᠢᠯᠢᠭᠵᠢᠭᠰᠠᠨ ᠬᠦᠭᠵᠢᠯᠳᠡ ᠶᠢ ᠠᠬᠢᠭᠤᠯᠤᠨ᠂ ︽ᠪᠠᠶᠢᠭᠠᠯᠢᠯᠢᠭ︾ ᠠᠮᠢ ᠠᠬᠤᠶᠢᠴᠢ ᠵᠤᠭᠠᠴᠠᠯ ᠤᠨ ᠨᠡᠷᠡᠳᠤ ᠲᠡᠮᠳᠡᠭ ᠢ ᠡᠬᠦᠳᠤᠨ ᠪᠠᠶᠢᠭᠤᠯᠤᠨ᠎ᠠ᠃ ︽ᠬᠦᠳᠡᠭᠡ ᠲᠤᠰᠬᠤᠨ ᠤ ᠵᠤᠭᠠᠴᠠᠯ︾᠎ ᠢ ᠲᠦᠷᠬᠡᠤᠡᠬᠡᠨ ᠬᠦᠭᠵᠢᠬᠦᠯᠵᠤ᠂ ᠮᠢᠵᠢᠭ ᠬᠡᠷ ᠪᠦᠯᠢ ᠶᠢᠨ ᠮᠠᠯᠵᠢᠯ ᠤᠨ ᠲᠠᠯᠠᠪᠠᠢ᠂ ᠯᠧ ᠯᠢᠩ ᠨᠤᠳᠤᠭ ᠵᠤᠰᠠᠯᠠᠩ ᠤᠨ ᠲᠡᠭᠡᠳᠤ ᠴᠢᠨᠠᠷ ᠲᠡᠰ ᠤᠨ ᠬᠦᠭᠵᠢᠯᠳᠡ ᠶᠢ ᠬᠦᠳᠤᠯᠤᠨ ᠵᠢᠯᠤᠭᠤᠳᠤᠨ᠎ᠠ᠃ ︽ᠲᠠᠯ᠎ᠠ ᠨᠤᠳᠤᠭ ᠤᠨ ᠦᠵᠡᠮᠵᠢ ᠰᠤᠨᠢᠷᠬᠠᠬᠤ ᠵᠤᠭᠠᠴᠠᠯ ᠤᠨ ᠪᠦᠰᠡ᠂ ᠬᠡᠷ ᠪᠦᠯᠢ ᠶᠢᠨ ᠮᠠᠯᠵᠢᠯ ᠤᠨ ᠲᠠᠯᠠᠪᠠᠢ ᠶᠢᠨ ᠰᠡᠯᠡᠬᠦᠴᠡᠯ ᠲᠤᠭᠤᠷᠢᠭ᠂ ᠠᠳᠤᠭᠤᠨᠴᠢᠯᠠᠭᠤ ᠭᠠᠵᠠᠷ ᠰᠢᠨᠵᠢᠯᠡᠬᠡᠨ ᠤ ᠴᠡᠴᠡᠷᠯᠢᠭ ᠤᠨ ᠪᠡᠶᠡᠴᠢᠯᠡᠨ ᠤᠶᠢᠯᠠᠭᠠᠬᠤ ᠤᠷᠤᠨ᠂ ᠲᠤᠮᠳᠠᠳᠤ ᠮᠤᠩᠭᠤᠯ ᠤᠨ ᠬᠢᠯᠢ ᠶᠢᠨ ᠵᠤᠭᠠᠴᠠᠯ ᠤᠨ ᠭᠤᠤᠯ ᠨᠡᠪᠳᠡᠷᠡᠬᠦ ᠬᠡᠰᠡᠭ ᠤᠨ ᠪᠦᠳᠤᠬᠡᠨ ᠪᠠᠶᠢᠭᠤᠯᠤᠯᠳᠠ ᠶᠢ ᠪᠦᠬᠦ ᠬᠦᠴᠤᠨ ᠢᠶᠠᠷ ᠠᠬᠢᠭᠤᠯᠤᠨ᠎ᠠ᠃ ︽ᠵᠤᠭᠠᠴᠠᠯ +︾᠎ ᠢ ᠪᠦᠬᠦ ᠬᠦᠴᠤᠨ ᠢᠶᠠᠷ ᠢᠶᠠᠨ ᠲᠦᠯᠬᠢᠨ ᠠᠬᠢᠭᠤᠯᠵᠤ᠂ ᠮᠦᠰᠤ ᠴᠠᠰᠤᠨ ᠤ ᠠᠵᠢᠯᠯᠠᠭ᠎ᠠ᠂ ᠤᠯᠠᠮᠵᠢᠯᠠᠯᠳᠤ ᠪᠡᠶ᠎ᠡ ᠶᠢᠨ ᠲᠠᠮᠢᠷ ᠤᠨ ᠤᠷᠤᠯᠳᠤᠭᠠᠨ᠂ ᠠᠷᠠᠤᠨ ᠤᠨ ᠵᠠᠩ ᠦᠢᠯᠡ ᠶᠢᠨ ᠰᠤᠶᠤᠯ ᠪᠠ ᠪᠤᠳᠠᠰ ᠤᠨ ᠪᠤᠰᠤ ᠰᠤᠶᠤᠯ ᠤᠨ ᠦᠪ ᠤᠨ ᠲᠦᠷᠤᠯ ᠵᠤᠶᠢᠯ ᠤᠨ ᠦᠵᠡᠬᠦᠯᠤᠯᠬᠡ ᠵᠡᠷᠬᠡ ᠠᠯᠢ ᠤᠯᠠᠨ ᠠᠵᠢᠯᠯᠠᠭ᠎ᠠ ᠪᠠᠷ ᠲᠠᠮᠵᠢᠨ᠂ ᠪᠦᠬᠦ ᠬᠤᠰᠢᠭᠤᠨ ᠤ ᠰᠤᠶᠤᠯ᠂ ᠪᠡᠶ᠎ᠡ ᠶᠢᠨ ᠲᠠᠮᠢᠷ᠂ ᠵᠤᠭᠠᠴᠠᠯ ᠤᠨ ᠡᠬᠢ ᠪᠠᠶᠠᠯᠢᠭ ᠢ ᠤᠯᠠᠮ ᠴᠢᠨᠠᠭᠰᠢᠳᠠ ᠨᠢᠬᠡᠤᠡᠬᠡᠵᠤ᠂ ᠤᠷᠤᠨ ᠨᠤᠳᠤᠭ ᠤᠨ ᠤᠨᠴᠠᠯᠢᠭ ᠎ ᠲᠠᠢ ᠰᠤᠶᠤᠯ ᠵᠤᠭᠠᠴᠠᠯ ᠤᠨ ᠲᠦᠷᠤᠯ ᠵᠤᠶᠢᠯ ᠢ ᠬᠦᠭᠵᠢᠬᠦᠯᠤᠨ᠂ ᠬᠡᠰᠡᠭ ᠲᠠᠯ᠎ᠠ ᠠᠴᠠ ᠭᠠᠷᠳᠠᠵᠤ᠂ ᠪᠦᠬᠦ ᠲᠠᠯ᠎ᠠ ᠶᠢ ᠪᠠᠶᠢᠷᠢᠯᠠᠭᠤᠯᠤᠨ᠂ ᠵᠤᠭᠠᠴᠠᠯ ᠤᠨ ᠠᠵᠤ ᠦᠢᠯᠡᠰ ᠎ ᠤᠨ ᠤᠷᠳᠤ ᠤᠳᠠᠭᠠᠨ ᠬᠦᠭᠵᠢᠯᠳᠡ ᠶᠢ ᠠᠬᠢᠭᠤᠯᠤᠨ᠎ᠠ᠃_menksoft_page_break_tag_      ︵ᠲᠠᠪᠤ︶ ᠬᠤᠳᠠ ᠪᠠᠯᠭᠠᠰᠤ ᠶᠢᠨ ᠰᠠᠭᠤᠷᠢ ᠶᠢ ᠪᠦᠬᠦ ᠲᠠᠯ᠎ᠠ ᠪᠠᠷ ᠲᠡᠬᠦᠯᠳᠡᠷᠵᠢᠬᠦᠯᠤᠨ᠂ ᠤᠷᠤᠰᠢᠨ ᠰᠠᠭᠤᠬᠤ ᠳᠤ ᠲᠠᠭᠠᠯᠠᠮᠵᠢᠳᠠᠢ ᠦᠵᠡᠰᠬᠦᠯᠡᠩᠳᠤ ᠰᠠᠶᠢᠬᠠᠨ ᠬᠡᠷ ᠤᠷᠤᠨ ᠢ ᠪᠦᠬᠦ ᠬᠦᠴᠤᠨ ᠢᠶᠠᠷ ᠢᠶᠠᠨ ᠪᠠᠶᠢᠭᠤᠯᠤᠨ᠎ᠠ      ᠬᠤᠳᠠ ᠬᠦᠳᠡᠭᠡ ᠶᠢᠨ ᠪᠦᠳᠤᠬᠡᠨ ᠪᠠᠶᠢᠭᠤᠯᠤᠯᠳᠠ ᠶᠢᠨ ᠵᠢᠷᠤᠭ ᠲᠦᠯᠤᠪᠯᠡᠭᠡ ᠶᠢ ᠨᠢᠮᠪᠠᠢ ᠲᠦᠯᠤᠪᠯᠡᠬᠦ ᠶᠢ ᠪᠠᠷᠢᠮᠳᠠᠯᠠᠨ᠂ ᠬᠤᠳᠠ ᠪᠠᠯᠭᠠᠰᠤ ᠶᠢᠨ ᠴᠢᠨᠠᠷ ᠲᠡᠰ ᠎ ᠢ ᠠᠯᠬᠤᠮ ᠠᠯᠬᠤᠮ ᠢᠶᠠᠷ ᠲᠡᠭᠡᠭᠰᠢᠯᠡᠬᠦᠯᠵᠤ᠂ ᠬᠤᠳᠠ ᠬᠦᠳᠡᠭᠡ ᠶᠢ ᠨᠢᠬᠡ ᠴᠤᠭᠴᠠᠵᠢᠭᠤᠯᠤᠭᠰᠠᠨ ᠬᠦᠭᠵᠢᠯᠳᠡ ᠶᠢ ᠠᠬᠢᠭᠤᠯᠤᠨ᠎ᠠ᠃ ᠵᠠᠮ ᠬᠠᠷᠢᠯᠴᠠᠭᠠᠨ ᠤ ᠲᠤᠤᠷ ᠪᠠ ᠴᠠᠬᠢᠯᠭᠠᠨ ᠲᠤᠤᠷ ᠤᠨ ᠲᠤᠳᠠᠭᠳᠠᠯ ᠢ ᠨᠦᠬᠦᠪᠦᠷᠢᠯᠡᠨ᠎ᠡ᠃ ︽ᠨᠢᠬᠡ ᠲᠤᠭᠤᠷᠢᠭ ᠲᠦᠷᠪᠡᠨ ᠱᠤᠭᠤᠮ +︾ ᠵᠠᠮ ᠬᠠᠷᠢᠯᠴᠠᠭᠠᠨ ᠤ ᠲᠤᠤᠷ ᠤᠨ ᠪᠦᠳᠤᠴᠡ ᠶᠢ ᠪᠠᠶᠠᠯᠢᠭᠵᠢᠭᠤᠯᠤᠨ᠂ ᠴᠡᠩᠬᠡᠯ ᠭᠠᠴᠠᠭ᠎ᠠ ᠠᠴᠠ X336 ᠱᠤᠭᠤᠮ ᠬᠦᠷᠬᠦ᠂ X909 ᠱᠤᠭᠤᠮ ᠠᠴᠠ ᠶᠢᠨ ᠱᠠᠨ ᠠᠭᠤᠷᠬᠠᠢ ᠶᠢᠨ ᠦᠢᠯᠡᠰ ᠬᠦᠷᠬᠦ᠂ ᠪᠠᠶᠠᠨᠳᠡᠷᠡᠰᠤ ᠎ ᠠᠴᠠ ᠪᠠᠷᠠᠭᠤᠨ ᠰᠦᠮ᠎ᠡ ᠭᠠᠴᠠᠭ᠎ᠠ ᠬᠦᠷᠬᠦ ᠵᠡᠷᠬᠡ ᠵᠠᠰᠠᠮᠠᠯ ᠵᠠᠮ ᠤᠨ ᠪᠠᠶᠢᠭᠤᠯᠤᠯᠳᠠ ᠶᠢᠨ ᠲᠦᠷᠤᠯ ᠵᠤᠶᠢᠯ ᠢ ᠬᠡᠷᠡᠭᠵᠢᠬᠦᠯᠤᠨ᠎ᠡ᠃ ᠠᠷᠤᠬᠠᠰᠢᠶᠠᠳᠤ ᠪᠤᠭᠤᠮᠳᠠ ᠶᠢᠨ ᠭᠤᠷᠪᠠᠳᠤᠭᠠᠷ ᠲᠡᠰ ᠤᠨ ᠠᠶᠠᠨᠴᠢᠤᠨ ᠤᠨ ᠦᠷᠳᠡᠭᠡ᠂ ᠪᠠᠶ᠋ᠬᠠᠭᠤᠯᠠ᠂ ᠪᠤᠭᠳᠠᠡᠭᠤᠯᠠ ᠰᠤᠮᠤ᠂ ᠲᠠᠯᠠᠢ ᠰᠤᠮᠤ ᠶᠢᠨ ᠲᠦᠷᠪᠡᠳᠤᠭᠡᠷ ᠲᠡᠰ ᠤᠨ ᠠᠶᠠᠨᠴᠢᠤᠨ ᠤᠨ ᠦᠷᠳᠡᠭᠡ ᠵᠢᠴᠢ ᠠᠯᠳᠠᠨ ᠲᠠᠯᠠᠢ ᠶᠢᠨ ᠡᠷᠬᠢ ᠶᠢᠨ ᠦᠵᠡᠮᠵᠢᠳᠤ ᠤᠷᠤᠨ᠂ ᠵᠢᠶᠠ ᠠᠭᠤᠯᠠ ᠶᠢᠨ ᠠᠭᠤᠷᠬᠠᠢ ᠶᠢᠨ ᠤᠷᠤᠨ᠂ ᠬᠠᠭᠭᠤᠯᠠ ᠭᠠᠴᠠᠭ᠎ᠠ ᠶᠢᠨ ᠲᠡᠷᠭᠡ ᠬᠦᠯᠢᠶᠡᠬᠦ ᠦᠷᠳᠡᠭᠡ ᠶᠢᠨ ᠪᠠᠶᠢᠭᠤᠯᠤᠯᠳᠠ ᠶᠢ ᠠᠰᠢᠭᠯᠠᠯᠳᠠ ᠳᠤ ᠤᠷᠤᠭᠤᠯᠤᠨ᠎ᠠ᠃ ᠰᠠᠭᠤᠷᠢ ᠲᠦᠬᠦᠬᠡᠷᠤᠮᠵᠢ ᠶᠢᠨ ᠪᠠᠶᠢᠭᠤᠯᠤᠯᠳᠠ ᠶᠢ ᠲᠡᠬᠦᠯᠳᠡᠷᠵᠢᠬᠦᠯᠤᠨ᠎ᠡ᠃ ᠤᠨᠴᠠᠯᠢᠭᠳᠤ ᠵᠢᠵᠢᠭ ᠬᠤᠳᠠ ᠪᠠᠯᠭᠠᠰᠤ ᠶᠢᠨ ᠪᠠᠶᠢᠭᠤᠯᠤᠯᠳᠠ ᠶᠢ ᠲᠦᠷᠬᠡᠤᠡᠬᠡᠨ᠂ ᠦᠪᠡᠷᠮᠢᠴᠡ ᠤᠨᠴᠠᠯᠢᠭᠳᠤ ᠬᠢᠯᠢ ᠶᠢᠨ ᠵᠢᠵᠢᠭ ᠪᠠᠯᠭᠠᠰᠤ ᠶᠢ ᠡᠬᠦᠳᠤᠨ ᠪᠠᠶᠢᠭᠤᠯᠤᠨ᠎ᠠ᠃ ᠬᠤᠳᠠ ᠪᠠᠯᠭᠠᠰᠤ ᠶᠢᠨ ᠰᠠᠭᠤᠷᠢ ᠪᠦᠳᠤᠬᠡᠨ ᠪᠠᠶᠢᠭᠤᠯᠤᠯᠳᠠ ᠶᠢ ᠴᠢᠩᠭᠠᠤᠡᠬᠠᠨ᠂ ᠪᠠᠯᠭᠠᠰᠤᠨ ᠤ ᠲᠤᠭᠤᠷᠢᠭ ᠤᠨ ᠪᠤᠵᠠᠷ ᠤᠰᠤ᠂ ᠲᠦᠬᠡᠬᠡᠯ ᠤᠰᠤ᠂ ᠲᠤᠯᠠᠭᠠᠯᠠᠭ᠎ᠠ᠂ ᠤᠰᠤ ᠬᠠᠩᠭᠠᠨ ᠭᠠᠳᠠᠭᠰᠢᠯᠠᠭᠤᠯᠬᠤ ︽ᠲᠦᠷᠪᠡᠨ ᠶᠡᠭᠡ ᠬᠤᠭᠤᠯᠠᠢ ᠲᠤᠤᠷ︾᠎ ᠤᠨ ᠦᠬᠡᠷᠡᠴᠢᠯᠡᠯᠳᠡ ᠵᠢᠴᠢ ᠭᠤᠶᠤᠵᠢᠭᠤᠯᠤᠯᠳᠠ᠂ ᠨᠤᠭᠤᠭᠠᠷᠠᠭᠤᠯᠤᠯᠳᠠ᠂ ᠬᠡᠬᠡᠷᠡᠬᠦᠯᠤᠯᠳᠡ᠂ ᠬᠠᠳᠠᠭᠤᠷᠠᠭᠤᠯᠤᠯᠳᠠ ︽ᠲᠦᠷᠪᠡᠵᠢᠯᠳᠡ︾᠎ ᠶᠢᠨ ᠢᠨᠵᠧᠨᠧᠷᠢᠩ ᠢ ᠡᠬᠢᠯᠡᠬᠦᠯᠤᠨ᠂ ᠪᠠᠯᠭᠠᠰᠤᠨ ᠤ ᠲᠤᠭᠤᠷᠢᠭ ᠤᠨ ᠵᠠᠮ ᠢ ᠦᠬᠡᠷᠡᠴᠢᠯᠡᠨ ᠪᠠᠶᠢᠭᠤᠯᠬᠤ᠂ ᠵᠠᠮ ᠤᠨ ᠬᠠᠪᠳᠠᠰᠤ ᠶᠢ ᠰᠡᠯᠪᠢᠨ ᠵᠠᠰᠠᠬᠤ᠂ ᠵᠡᠬᠡᠯᠢ ᠭᠤᠳᠤᠮᠵᠢ ᠶᠢ ᠦᠬᠡᠷᠡᠴᠢᠯᠡᠨ ᠵᠠᠰᠠᠬᠤ ᠵᠡᠷᠬᠡ ᠨᠢᠬᠡ ᠪᠦᠯᠤᠭ᠌ ᠬᠤᠳᠠ ᠶᠢᠨ ᠶᠠᠪᠤᠳᠠᠯ ᠤᠨ ᠲᠦᠷᠤᠯ ᠵᠤᠶᠢᠯ ᠢ ᠬᠡᠷᠡᠭᠵᠢᠬᠦᠯᠤᠨ᠎ᠡ᠃ ᠨᠡᠶᠢᠬᠡᠮ ᠤᠨ ᠪᠡᠯᠡ ᠬᠦᠷᠤᠩᠬᠡ ᠶᠢ ᠲᠠᠶᠢᠴᠢᠯᠠᠨ᠂ PPP ᠪᠠᠶᠢᠭᠤᠯᠤᠯᠳᠠ ᠶᠢᠨ ᠬᠡᠪ ᠵᠠᠭᠪᠤᠷ ᠢ ᠦᠨᠳᠤᠰᠤᠯᠡᠵᠤ᠂ ᠠᠯᠳ᠋ᠬᠠᠮᠡᠬᠡᠯ ᠪᠠᠯᠭᠠᠰᠤ ᠶᠢᠨ ᠰᠢᠨ᠎ᠡ ᠪᠠᠷ ᠪᠠᠶᠢᠭᠤᠯᠵᠤ ᠪᠠᠶᠢᠭ᠎ᠠ ᠢᠯᠴᠢ ᠶᠢᠨ ᠰᠤᠷᠪᠤᠯᠵᠢ ᠵᠢᠴᠢ ᠠᠯᠳ᠋ᠬᠠᠮᠡᠬᠡᠯ ᠪᠠᠯᠭᠠᠰᠤᠨ ᠤ ᠲᠤᠭᠤᠷᠢᠭ ᠤᠨ ᠤᠰᠤᠨ ᠤ ᠠᠮᠢ ᠠᠬᠤᠢ ᠤᠷᠴᠢᠨ ᠲᠤᠭᠤᠷᠢᠨ ᠢ ᠶᠡᠷᠤᠩᠬᠡᠶᠢᠯᠡᠨ ᠵᠠᠰᠠᠬᠤ ᠲᠦᠷᠤᠯ ᠵᠤᠶᠢᠯ ᠢ ᠲᠦᠷᠬᠡᠤᠡᠬᠡᠨ ᠠᠬᠢᠭᠤᠯᠤᠨ᠎ᠠ᠃ ᠬᠤᠭ ᠨᠤᠪᠰᠢ ᠶᠢ ᠲᠦᠷᠤᠯ ᠠᠩᠬᠢᠯᠠᠨ ᠬᠠᠮᠢᠶᠠᠷᠬᠤ ᠶᠢ ᠲᠠᠶᠢᠴᠢᠯᠠᠨ᠂ ᠬᠠᠭᠤᠴᠢᠷᠠᠭᠰᠠᠨ ᠲᠤᠭᠤᠷᠢᠭ ᠤᠨ ᠰᠠᠭᠤᠷᠢ ᠲᠦᠬᠦᠬᠡᠷᠤᠮᠵᠢ ᠶᠢᠨ ᠦᠬᠡᠷᠡᠴᠢᠯᠡᠯᠳᠡ ᠶᠢ ᠲᠦᠷᠬᠡᠤᠡᠬᠡᠵᠤ᠂ ᠬᠡᠷ ᠠᠬᠤᠢ ᠶᠢᠨ ᠬᠠᠮᠢᠶᠠᠷᠤᠯᠳᠠ ᠶᠢᠨ ᠴᠢᠳᠠᠪᠤᠷᠢ ᠶᠢ ᠳᠡᠭᠡᠭᠰᠢᠯᠡᠭᠦᠯᠦᠨ᠂ ᠠᠷᠠᠤᠨ ᠲᠦᠮᠡᠨ ᠤ ᠵᠤᠯ ᠵᠢᠷᠭᠠᠯᠳᠤ ᠰᠡᠤᠡᠬᠢᠯᠬᠡ ᠪᠠ ᠬᠦᠷᠳᠡᠬᠡᠮᠵᠢ ᠶᠢᠨ ᠲᠦᠷᠦᠭᠳᠡᠯ ᠢ ᠪᠦᠬᠦ ᠲᠠᠯ᠎ᠠ ᠪᠠᠷ ᠲᠡᠭᠡᠭᠰᠢᠯᠡᠬᠦᠯᠤᠨ᠎ᠡ᠃      ︵ᠵᠢᠷᠭᠤᠭ᠎ᠠ︶ ᠭᠠᠳᠠᠭᠠᠳᠤ ᠦᠢᠯᠡᠴᠢᠯᠡᠭᠡ ᠶᠢ ᠪᠦᠬᠦ ᠲᠠᠯ᠎ᠠ ᠪᠠᠷ ᠦᠷᠬᠡᠤᠡᠬᠡᠨ᠂ ᠤᠮᠠᠷᠠᠰᠢ ᠨᠡᠬᠡᠬᠡᠯᠳᠡ ᠬᠢᠬᠦ ᠪᠠᠶᠢᠳᠠᠯ ᠢ ᠲᠠᠰᠤᠷᠠᠯᠳᠠ ᠦᠬᠡᠢ ᠡᠬᠦᠳᠤᠨ᠎ᠡ      ︽ᠤᠮᠠᠷᠠᠰᠢ ᠨᠡᠬᠡᠬᠡᠯᠳᠡ ᠬᠢᠬᠦ︾ ᠶᠡᠭᠡ ᠪᠠᠶᠢᠳᠠᠯ ᠯᠤᠭ᠎ᠠ ᠬᠦᠨᠵᠡᠬᠡᠢ ᠠᠭᠤᠰᠤᠯᠴᠠᠭᠤᠯᠤᠨ᠂ ︽ᠨᠢᠬᠡ ᠪᠦᠰᠡ ᠨᠢᠬᠡ ᠵᠠᠮ︾᠎ ᠤᠨ ᠴᠢᠬᠤᠯᠠ ᠶᠡᠭᠡ ᠠᠵᠠ ᠲᠤᠬᠢᠶᠠᠯ ᠢ ᠴᠢᠩᠭ᠎ᠠ ᠠᠤᠡᠬᠤᠵᠤ᠂ ᠲᠤᠮᠳᠠᠳᠤ ᠮᠤᠩᠭᠤᠯ ᠤᠨ ᠬᠦᠭᠵᠢᠯᠳᠡ ᠶᠢᠨ ᠰᠢᠯᠢᠳᠡᠭ ᠠᠵᠠ ᠲᠤᠬᠢᠶᠠᠯ ᠢ ᠬᠦᠢᠴᠡᠤᠨ ᠡᠵᠡᠮᠳᠡᠨ᠂ ᠪᠤᠭᠤᠮᠳᠠ ᠶᠢᠨ ᠬᠦᠭᠵᠢᠯᠳᠡ ᠶᠢᠨ ᠪᠠᠶᠢᠷᠢ ᠎ ᠶᠢ ᠲᠤᠳᠤᠷᠬᠠᠶᠢᠯᠠᠵᠤ᠂ ᠮᠤᠩᠭᠤᠯ ᠤᠯᠤᠰ ᠲᠠᠢ ᠨᠡᠬᠡᠬᠡᠯᠳᠡ ᠶᠢᠨ ᠡᠮᠤᠨ᠎ᠡ ᠹᠷᠤᠨᠲ ᠤᠨ ᠬᠤᠰᠢᠭᠤᠴᠢ ᠦᠢᠯᠡᠳᠤᠯ ᠢ ᠪᠠᠳᠠᠷᠠᠭᠤᠯᠤᠨ᠂ ᠬᠦᠷᠰᠢ ᠵᠡᠷᠬᠡᠯᠡᠳᠡᠭᠡ ᠭᠠᠵᠠᠷ ᠤᠷᠤᠨ ᠯᠤᠭ᠎ᠠ ᠪᠤᠭᠤᠮᠳᠠ ᠶᠢᠨ ᠲᠦᠷᠤ ᠶᠢᠨ ᠪᠤᠳᠤᠯᠭ᠎ᠠ ᠶᠢᠨ ︽ᠬᠠᠮ ᠨᠢᠳᠤᠷᠭ᠎ᠠ︾᠎ ᠶᠢ ᠰᠠᠶᠢᠳᠤᠷ ᠬᠢᠨ᠎ᠡ᠃ ᠪᠤᠭᠤᠮᠳᠠ ᠶᠢᠨ ᠰᠠᠭᠤᠷᠢ ᠲᠦᠬᠦᠬᠡᠷᠤᠮᠵᠢ ᠶᠢ ᠦᠷᠬᠦᠯᠵᠢᠯᠡᠨ ᠲᠡᠬᠦᠯᠳᠡᠷᠵᠢᠬᠦᠯᠵᠤ᠂ ᠤᠯᠤᠰ ᠤᠨ ᠬᠠᠭᠠᠯᠭ᠎ᠠ ᠶᠢᠨ ᠦᠵᠡᠮᠵᠢ ᠶᠢᠨ ᠤᠷᠤᠨ ᠤ ᠪᠠᠶᠢᠭᠤᠯᠤᠯᠳᠠ ᠶᠢᠨ ᠲᠦᠷᠤᠯ ᠵᠤᠶᠢᠯ ᠢ ᠬᠡᠷᠡᠭᠵᠢᠬᠦᠯᠤᠨ᠎ᠡ᠃ ᠵᠠᠰᠠᠭ ᠤᠨ ᠤᠷᠳᠤᠨ ᠢᠶᠠᠷ ᠵᠢᠯᠤᠭᠤᠳᠤᠮᠵᠢ ᠪᠤᠯᠭᠠᠨ᠂ ᠠᠵᠤ ᠠᠬᠤᠶᠢᠯᠠᠯ ᠢᠶᠠᠷ ᠭᠤᠤᠯ ᠴᠤᠭᠴᠠ ᠪᠤᠯᠭᠠᠵᠤ᠂ ᠵᠠᠬ᠎ᠠ ᠲᠡᠯᠬᠡᠬᠦᠷ ᠤᠨ ᠡᠷᠬᠢᠯᠳᠡ ᠪᠠᠷ ᠬᠢᠯᠢ ᠠᠯᠤᠰᠯᠠᠭᠰᠠᠨ ᠡᠵᠡᠩᠨᠡᠨ ᠪᠤᠷᠤᠯᠠᠭᠤᠯᠬᠤ ᠲᠤᠭᠳᠠᠴᠠ ᠶᠢ ᠲᠡᠬᠦᠯᠳᠡᠷᠵᠢᠬᠦᠯᠵᠤ᠂ ᠨᠡᠬᠡᠬᠡᠯᠳᠡ ᠶᠢᠨ ᠡᠯᠧᠮᠧᠨ᠋ᠲ ᠢ ᠠᠮᠢᠯᠠᠭᠤᠯᠤᠨ᠂ ᠨᠡᠬᠡᠬᠡᠯᠳᠡ ᠶᠢᠨ ᠲᠠᠪᠠᠭᠤᠯᠢᠭ ᠢ ᠴᠢᠩᠭᠠᠤᠡᠬᠠᠨ᠂ ᠨᠡᠬᠡᠬᠡᠯᠳᠡ ᠶᠢᠨ ᠲᠤᠳᠠᠭᠳᠠᠯ ᠢ ᠨᠦᠬᠦᠪᠦᠷᠢᠯᠡᠵᠤ᠂ ᠲᠤᠮᠳᠠᠳᠤ ᠮᠤᠩᠭᠤᠯ ᠤᠨ ᠬᠢᠯᠢ ᠶᠢᠨ ᠠᠷᠠᠤᠨ ᠤᠨ ᠵᠠᠬ᠎ᠠ ᠶᠢᠨ ᠠᠷᠠᠯᠵᠢᠶᠠᠨ ᠤ ᠲᠤᠭᠤᠷᠢᠭ᠂ ᠲᠤᠮᠳᠠᠳᠤ ᠤᠷᠤᠰ ᠤᠨ ᠬᠢᠯᠢ ᠶᠢᠨ ᠠᠷᠠᠤᠨ ᠤᠨ ᠵᠠᠬ᠎ᠠ ᠶᠢᠨ ᠠᠷᠠᠯᠵᠢᠶᠠᠨ ᠤ ᠪᠡᠶᠡᠴᠢᠯᠡᠨ ᠤᠶᠢᠯᠠᠭᠠᠬᠤ ᠲᠡᠯᠬᠡᠬᠦᠷ ᠤᠨ ᠪᠠᠶᠢᠭᠤᠯᠤᠯᠳᠠ ᠶᠢ ᠠᠬᠢᠭᠤᠯᠵᠤ᠂ ᠪᠤᠭᠤᠮᠳᠠ ᠶᠢᠨ ᠠᠵᠤ ᠠᠬᠤᠢ ᠶᠢᠨ ᠤᠯᠠᠨ ᠡᠰᠢᠵᠢᠭᠰᠡᠨ ᠬᠦᠭᠵᠢᠯᠳᠡ ᠶᠢ ᠪᠡᠶᠡᠯᠡᠬᠦᠯᠤᠨ᠎ᠡ᠃ ᠠᠵᠤ ᠠᠬᠤᠶᠢᠯᠠᠯ ᠢ ᠮᠤᠩᠭᠤᠯ ᠤᠯᠤᠰ ᠤᠨ ᠠᠭᠤᠷᠬᠠᠢ ᠶᠢᠨ ᠭᠠᠷᠤᠯᠳᠠ ᠶᠢᠨ ᠡᠬᠢ ᠪᠠᠶᠠᠯᠢᠭ ᠢ ᠪᠤᠭᠤᠮᠳᠠ ᠪᠠᠷ ᠤᠷᠤᠭᠤᠯᠬᠤ ᠵᠢᠴᠢ ᠡᠳ᠋ᠰᠢᠬᠦᠯᠤᠨ ᠪᠤᠯᠪᠠᠰᠤᠷᠠᠭᠤᠯᠬᠤ ᠶᠢ ᠬᠦᠳᠤᠯᠤᠨ ᠵᠢᠯᠤᠭᠤᠤᠡᠴᠤ᠂ ᠬᠦᠮᠤᠷᠬᠡᠯᠡᠬᠦ᠂ ᠪᠤᠭᠤᠮᠳᠠ ᠪᠠᠷ ᠤᠷᠤᠭᠤᠯᠵᠤ ᠭᠠᠷᠭᠠᠬᠤ ᠶᠢ ᠡᠳ᠋ᠰᠢᠬᠦᠯᠤᠨ ᠪᠤᠯᠪᠠᠰᠤᠷᠠᠭᠤᠯᠬᠤ᠂ ᠡᠯᠧᠺᠲᠷᠤᠨ ᠬᠤᠳᠠᠯᠳᠤᠭᠠᠨ ᠤ ᠶᠠᠪᠤᠳᠠᠯ᠂ ᠮᠦᠩᠬᠦᠨ ᠬᠦᠢᠯᠬᠡᠬᠡᠨ ᠤ ᠦᠢᠯᠡᠴᠢᠯᠡᠭᠡ ᠵᠡᠷᠬᠡ ᠶᠢ ᠨᠢᠬᠡ ᠴᠤᠭᠴᠠᠵᠢᠭᠤᠯᠤᠭᠰᠠᠨ ᠠᠭᠤᠷᠬᠠᠢ ᠶᠢᠨ ᠭᠠᠷᠤᠯᠳᠠ ᠶᠢᠨ ᠡᠬᠢ ᠪᠠᠶᠠᠯᠢᠭ ᠢ ᠪᠤᠭᠤᠮᠳᠠ ᠪᠠᠷ ᠤᠷᠤᠭᠤᠯᠵᠤ ᠲᠦᠪᠯᠡᠷᠡᠬᠦᠯᠤᠨ ᠲᠠᠷᠬᠠᠭᠠᠬᠤ ᠰᠠᠭᠤᠷᠢᠨ ᠭᠠᠵᠠᠷ ᠢ ᠲᠦᠯᠤᠪᠯᠡᠨ ᠪᠠᠶᠢᠭᠤᠯᠵᠤ᠂ ᠭᠠᠳᠠᠭᠠᠳᠤ ᠠᠷᠠᠯᠵᠢᠶ᠎ᠠ ᠶᠢ ︽ᠴᠡᠬᠡᠷ ᠶᠤᠰᠤ ᠶᠢ ᠬᠦᠨᠳᠡᠬᠦ︾᠎ ᠠᠴᠠ ︽ᠶᠤᠰᠤ ᠶᠢ ᠵᠢᠷᠤᠮᠯᠠᠬᠤ︾ ᠲᠡᠰᠢ ᠬᠤᠪᠢᠷᠠᠭᠤᠯᠤᠨ᠎ᠠ᠃ ᠭᠠᠳᠠᠭᠠᠳᠤ ᠠᠷᠠᠯᠵᠢᠶᠠᠨ ᠤ ᠠᠵᠤ ᠠᠬᠤᠶᠢᠯᠠᠯ ᠤᠨ ︽ᠭᠠᠳᠠᠭᠰᠢ ᠶᠠᠪᠤᠬᠤ︾᠎ ᠶᠢ ᠬᠦᠴᠤᠯᠡᠨ ᠲᠡᠮᠵᠢᠵᠤ᠂ ᠭᠠᠳᠠᠭᠠᠳᠤ ᠠᠷᠠᠯᠵᠢᠶᠠᠨ ᠤ ᠲᠦᠷᠤ ᠶᠢᠨ ᠪᠤᠳᠤᠯᠭ᠎ᠠ ᠲᠠᠢ ᠤᠨᠤᠪᠴᠢᠳᠠᠢ ᠵᠤᠯᠭᠠᠯᠳᠤᠭᠤᠯᠵᠤ᠂ ︽ᠨᠢᠬᠡ ᠠᠵᠤ ᠠᠬᠤᠶᠢᠯᠠᠯ ᠨᠢᠬᠡ ᠲᠦᠷᠤ ᠶᠢᠨ ᠪᠤᠳᠤᠯᠭ᠎ᠠ︾᠎ ᠶᠢᠨ ᠦᠢᠯᠡᠴᠢᠯᠡᠭᠡ ᠶᠢ ᠬᠡᠷᠡᠭᠵᠢᠬᠦᠯᠵᠤ᠂ ᠭᠠᠳᠠᠭᠠᠳᠤ ᠠᠷᠠᠯᠵᠢᠶᠠᠨ ᠤ ᠶᠡᠷᠤᠩᠬᠡᠢ ᠬᠡᠮᠵᠢᠶ᠎ᠡ ᠶᠢ ᠦᠷᠬᠡᠤᠡᠬᠡᠨ᠎ᠡ᠃ ᠤᠳᠤᠬᠢᠴᠢᠯᠠᠭᠰᠠᠨ ᠪᠠᠷᠠᠭᠠᠨ ᠤ ᠬᠦᠢᠯᠬᠡᠬᠡ ᠶᠢᠨ ᠠᠵᠤ ᠦᠢᠯᠡᠰ ᠤᠨ ᠬᠦᠷᠢᠶᠡᠯᠡᠩ ᠢ ᠲᠦᠯᠤᠪᠯᠡᠨ ᠪᠠᠶᠢᠭᠤᠯᠵᠤ᠂ ᠬᠠᠶᠠᠭ᠎ᠠ ᠨᠡᠶᠢᠯᠡᠭᠰᠡᠨ ︽ᠭᠤᠷᠪᠠᠨ ᠤᠯᠤᠰ︾᠎ ᠤᠨ ᠭᠠᠵᠠᠷ ᠵᠦᠢ ᠶᠢᠨ ᠪᠠᠶᠢᠷᠢᠰᠢᠯ ᠤᠨ ᠲᠠᠪᠠᠭᠤᠯᠢᠭ ᠲᠤ ᠲᠦᠰᠢᠭᠯᠡᠨ᠂ ᠲᠤᠳᠤᠷ ᠭᠠᠵᠠᠷ ᠲᠡᠰᠢ ᠰᠠᠴᠤᠷᠠᠭᠤᠯᠬᠤ᠂ ᠤᠷᠤᠨ ᠤ ᠭᠠᠳᠠᠨᠠᠬᠢ ᠲᠠᠢ ᠬᠤᠯᠪᠤᠭᠠᠯᠠᠬᠤ ᠤᠳᠤᠬᠢᠴᠢᠯᠠᠭᠰᠠᠨ ᠪᠠᠷᠠᠭᠠᠨ ᠤ ᠬᠦᠢᠯᠬᠡᠬᠡ ᠶᠢᠨ ᠤᠷᠤᠨ ᠪᠦᠰᠡ ᠶᠢᠨ ᠬᠤᠯᠪᠤᠭᠠᠰᠤ ᠶᠢ ᠡᠬᠦᠳᠤᠨ᠎ᠡ᠃ ᠲᠤᠮᠳᠠᠳᠣ ᠮᠤᠩᠭᠤᠯ ᠤᠨ ᠨᠦᠬᠦᠷᠰᠡᠭ ᠬᠠᠷᠢᠴᠠᠭ᠎ᠠ ᠪᠠᠶᠢᠭᠤᠯᠤᠭᠳᠠᠭᠰᠠᠨ 70 ᠵᠢᠯ ᠤᠨ ᠤᠢ ᠪᠠᠷ ᠠᠵᠠ ᠲᠤᠬᠢᠶᠠᠯ ᠪᠤᠯᠭᠠᠵᠤ᠂ ᠰᠤᠶᠤᠯ᠂ ᠪᠡᠶ᠎ᠡ ᠶᠢᠨ ᠲᠠᠮᠢᠷ᠂ ᠵᠤᠭᠠᠴᠠᠯ᠂ ᠠᠵᠤ ᠠᠬᠤᠢ ᠠᠷᠠᠯᠵᠢᠶ᠎ᠠ᠂ ᠰᠤᠷᠳᠠᠯ ᠤᠬᠠᠭᠤᠯᠭ᠎ᠠ ᠵᠡᠷᠬᠡ ᠬᠠᠮᠳᠤᠷᠠᠯᠴᠠᠭ᠎ᠠ ᠰᠤᠯᠢᠯᠴᠠᠭᠠᠨ ᠤ ᠠᠵᠢᠯᠯᠠᠭ᠎ᠠ ᠶᠢ ᠨᠢᠬᠡᠤᠡᠬᠡᠨ᠂ ︽ᠰᠢᠨ᠎ᠡ ᠪᠠᠷᠭᠤ ᠪᠠᠷᠠᠭᠤᠨ ᠬᠤᠰᠢᠭᠤᠨ ᠤ ᠲᠤᠮᠳᠠᠳᠤ ᠮᠤᠩᠭᠤᠯ ᠤᠷᠤᠰ ᠭᠤᠷᠪᠠᠨ ᠤᠯᠤᠰ ᠎ ᠤᠨ ᠬᠦᠷᠰᠢ ᠵᠡᠷᠬᠡᠯᠡᠳᠡᠭᠡ ᠭᠠᠵᠠᠷ ᠤᠷᠤᠨ ᠤ ᠬᠦᠮᠤᠨ ᠨᠡᠶᠢᠬᠡᠮ ᠠᠷᠠᠯᠵᠢᠶ᠎ᠠ ᠬᠤᠳᠠᠯᠳᠤᠭ᠎ᠠ ᠶᠢᠨ ᠰᠤᠯᠢᠯᠴᠠᠭᠠᠨ ᠤ ᠨᠠᠶᠢᠷ︾᠎ ᠢ ᠡᠷᠬᠢᠯᠡᠨ ᠶᠠᠪᠤᠭᠳᠠᠭᠤᠯᠵᠤ᠂ ᠴᠤᠶᠢᠪᠠᠯᠰᠠᠩ ᠬᠤᠳᠠ ᠯᠤᠭ᠎ᠠ ᠨᠦᠬᠦᠷᠰᠡᠭ ᠬᠤᠳᠠ ᠶᠢᠨ ᠬᠠᠷᠢᠴᠠᠭ᠎ᠠ ᠪᠠᠨ ᠪᠦᠬᠦ ᠲᠠᠯ᠎ᠠ ᠪᠠᠷ ᠬᠦᠨᠵᠡᠬᠡᠶᠢᠷᠡᠬᠦᠯᠤᠨ᠎ᠡ᠃      ︵ᠲᠤᠯᠤᠭ᠎ᠠ︶ ᠨᠡᠶᠢᠬᠡᠮ ᠤᠨ ᠠᠵᠢᠯ ᠦᠢᠯᠡᠰ ᠢ ᠪᠦᠬᠦ ᠲᠠᠯ᠎ᠠ ᠪᠠᠷ ᠠᠬᠢᠭᠤᠯᠵᠤ᠂ ᠠᠷᠠᠤᠨ ᠤᠨ ᠠᠮᠢᠳᠤᠷᠠᠯ ᠤᠨ ᠪᠤᠶᠠᠨ ᠬᠡᠰᠢᠭ ᠢ ᠦᠷᠬᠦᠯᠵᠢᠯᠡᠨ ᠪᠠᠳᠤᠯᠠᠨ ᠰᠠᠶᠢᠵᠢᠷᠠᠭᠤᠯᠤᠨ᠎ᠠ      ᠡᠳ᠋ ᠤᠨ ᠵᠠᠰᠠᠭ ᠤᠨ ᠪᠡᠯᠡ ᠤᠷᠤᠭᠤᠯᠤᠯᠳᠠ ᠶᠢᠨ ᠬᠦᠴᠤᠯᠡᠴᠡ ᠶᠢ ᠦᠷᠬᠦᠯᠵᠢᠯᠡᠨ ᠨᠡᠮᠡᠭᠳᠡᠬᠦᠯᠵᠤ᠂ ᠠᠷᠠᠤᠨ ᠲᠦᠮᠡᠨ ᠤ ᠡᠳᠤᠷ ᠢᠷᠡᠬᠦᠶ᠎ᠡ ᠨᠡᠮᠡᠭᠳᠡᠵᠤ ᠪᠠᠶᠢᠭ᠎ᠠ ᠰᠠᠶᠢᠨ ᠰᠠᠶᠢᠬᠠᠨ ᠠᠮᠢᠳᠤᠷᠠᠯ ᠤᠨ ᠬᠦᠰᠡᠯ ᠱᠠᠭᠠᠷᠳᠠᠯᠭ᠎ᠠ ᠶᠢ ᠲᠠᠰᠤᠷᠠᠯᠳᠠ ᠦᠬᠡᠢ ᠬᠠᠩᠭᠠᠨ᠎ᠠ᠃ ︽ᠦᠪᠡᠷᠳᠡᠬᠡᠨ ᠵᠠᠰᠠᠬᠤ ᠤᠷᠤᠨ ᠤ ᠠᠷᠠᠤᠨ ᠤᠨ ᠠᠮᠢᠳᠤᠷᠠᠯ ᠤᠨ ᠪᠤᠳᠠᠳᠤ ᠶᠠᠪᠤᠳᠠᠯ ᠤᠨ ᠲᠦᠷᠤᠯ ᠵᠤᠶᠢᠯ ᠢ ᠠᠷᠠᠤᠨ ᠤᠨ ᠲᠦᠯᠤᠬᠡᠯᠡᠭᠴᠢᠤᠨ ᠤᠨ ᠪᠢᠯᠧᠲ ᠢᠶᠠᠷ ᠲᠤᠭᠳᠠᠭᠠᠬᠤ ᠲᠦᠷᠢᠮ ᠤᠨ ᠲᠤᠷᠰᠢᠯᠳᠠ ᠶᠢᠨ ᠴᠡᠭ ᠎ ᠤᠨ ᠬᠤᠰᠢᠭᠤ︾᠎ ᠶᠢᠨ ᠱᠠᠭᠠᠷᠳᠠᠯᠭ᠎ᠠ ᠶᠢ ᠦᠨᠳᠤᠰᠤᠯᠡᠨ᠂ ᠠᠷᠠᠤᠨ ᠤᠨ ᠠᠮᠢᠳᠤᠷᠠᠯ ᠤᠨ ᠲᠦᠷᠤᠯ ᠵᠤᠶᠢᠯ ᠢ ᠬᠡᠷᠡᠭᠵᠢᠬᠦᠯᠬᠦ ᠳᠤ ᠠᠷᠠᠤᠨ ᠤᠨ ᠰᠠᠨᠠᠯ ᠢ ᠬᠦᠨᠳᠤᠤᠡᠬᠡᠬᠦ᠂ ᠠᠷᠠᠤᠨ ᠤᠨ ᠠᠮᠢᠳᠤᠷᠠᠯ ᠢ ᠲᠤᠪᠤᠶᠢᠯᠭᠠᠬᠤ᠂ ᠨᠡᠶᠢᠳᠡ ᠶᠢᠨ ᠠᠰᠠᠷᠠᠮᠵᠢ ᠶᠢ ᠲᠡᠩᠴᠡᠬᠦᠷᠢᠰᠢᠬᠦᠯᠬᠦ᠂ ᠲᠦᠬᠡᠮᠡᠯ ᠬᠠᠷᠠᠭᠠᠯᠵᠠᠯ ᠢ ᠬᠠᠮᠳᠤᠪᠠᠷ ᠡᠳ᠋ᠯᠡᠬᠦ᠂ ᠴᠢᠳᠠᠯ ᠤᠨ ᠬᠢᠷᠢ ᠎ ᠪᠠᠷ ᠢᠶᠠᠨ ᠴᠢᠷᠮᠠᠶᠢᠨ ᠬᠢᠵᠤ᠂ ᠨᠡᠶᠢᠳᠡ 300 ᠲᠦᠮᠡᠨ ᠲᠦᠬᠦᠷᠢᠭ ᠤᠨ ᠪᠡᠯᠡ ᠤᠷᠤᠭᠤᠯᠵᠤ᠂ 2 ᠰᠠᠭᠤᠷᠢ ᠬᠤᠭ ᠨᠤᠪᠰᠢ ᠶᠢ ᠲᠠᠮᠵᠢᠭᠤᠯᠤᠨ ᠵᠦᠬᠡᠬᠡᠪᠦᠷᠢᠯᠡᠬᠦ ᠦᠷᠳᠡᠭᠡ ᠶᠢ ᠪᠠᠶᠢᠭᠤᠯᠤᠨ᠎ᠠ︔ ᠨᠡᠶᠢᠳᠡ 1300 ᠲᠦᠮᠡᠨ ᠲᠦᠬᠦᠷᠢᠭ ᠤᠨ ᠪᠡᠯᠡ ᠤᠷᠤᠭᠤᠯᠵᠤ᠂ ᠪᠤᠵᠠᠷ ᠤᠰᠤ ᠶᠢᠨ ᠬᠤᠭᠤᠯᠠᠢ ᠲᠤᠤᠷ ᠢ ᠰᠢᠨ᠎ᠡ ᠪᠠᠷ 5 ᠺᠢᠯᠤᠮᠧᠲᠷ ᠪᠠᠶᠢᠭᠤᠯᠤᠨ᠎ᠠ︔ 840 ᠲᠦᠮᠡᠨ ᠲᠦᠬᠦᠷᠢᠭ ᠤᠨ ᠪᠡᠯᠡ ᠤᠷᠤᠭᠤᠯᠵᠤ᠂ ᠪᠠᠯᠭᠠᠰᠤᠨ ᠲᠤᠭᠤᠷᠢᠭ ᠤᠨ ᠶᠡᠷᠤᠩᠬᠡᠢ ᠲᠠᠯᠠᠪᠠᠢ ᠨᠢ 8136 ᠲᠡᠭᠰᠢ ᠲᠦᠷᠪᠡᠯᠵᠢᠨ ᠮᠧᠲᠷ ᠭᠠᠵᠠᠷ ᠢ ᠨᠣᠭᠤᠭᠠᠷᠠᠭᠤᠯᠤᠨ᠎ᠠ︔ 1.68 ᠳ᠋ᠦᠩᠰᠢᠭᠤᠷ ᠲᠦᠬᠦᠷᠢᠭ ᠤᠨ ᠪᠡᠯᠡ ᠤᠷᠤᠭᠤᠯᠤᠨ᠂ ᠠᠯᠳ᠋ᠬᠠᠮᠡᠬᠡᠯ ᠪᠠᠯᠭᠠᠰᠤ ᠠᠴᠠ ᠬᠡᠷᠤᠯᠤᠨ ᠰᠤᠮᠤ ᠬᠦᠷᠬᠦ ᠵᠠᠰᠠᠮᠠᠯ ᠵᠠᠮ ᠢ ᠪᠠᠶᠢᠭᠤᠯᠤᠨ᠎ᠠ︔ 5546 ᠲᠦᠮᠡᠨ ᠲᠦᠬᠦᠷᠢᠭ ᠤᠨ ᠪᠡᠯᠡ ᠤᠷᠤᠭᠤᠯᠤᠨ᠂ ᠮᠠᠯᠵᠢᠬᠤ ᠤᠷᠤᠨ ᠤ ᠠᠮᠤᠷ ᠲᠦᠪᠰᠢᠨ ᠤᠰᠤ ᠤᠮᠳᠠ ᠶᠢᠨ ᠢᠨᠵᠧᠨᠧᠷᠢᠩ ᠢ ᠬᠡᠷᠡᠭᠵᠢᠬᠦᠯᠤᠨ᠎ᠡ︔ 744 ᠲᠦᠮᠡᠨ ᠲᠦᠬᠦᠷᠢᠭ ᠤᠨ ᠪᠡᠯᠡ ᠤᠷᠤᠭᠤᠯᠵᠤ᠂ ᠬᠤᠶᠠᠳᠤᠭᠠᠷ ᠪᠠᠭ᠎ᠠ ᠰᠤᠷᠭᠠᠭᠤᠯᠢ ᠪᠠ ᠤᠷᠱᠤᠨ ᠰᠤᠷᠭᠠᠭᠤᠯᠢ ᠶᠢᠨ ᠬᠦᠮᠤᠨ ᠤ ᠬᠦᠴᠤ ᠪᠠᠷ ᠨᠤᠭᠤᠭᠠᠷᠠᠭᠤᠯᠤᠭᠰᠠᠨ ᠬᠦᠳᠡᠯᠬᠡᠬᠡᠨ ᠤ ᠲᠠᠯᠠᠪᠤᠷ ᠢ ᠵᠠᠰᠠᠬᠤ ᠲᠦᠷᠤᠯ ᠵᠤᠶᠢᠯ ᠢ ᠬᠡᠷᠡᠭᠵᠢᠬᠦᠯᠤᠨ᠎ᠡ︔ ᠨᠡᠶᠢᠬᠡᠮ ᠤᠨ ᠪᠠᠳᠤᠯᠠᠭ᠎ᠠ ᠶᠢᠨ ᠦᠢᠯᠡᠴᠢᠯᠡᠭᠡ ᠶᠢ ᠴᠢᠩᠭᠠᠤᠡᠬᠠᠨ᠎ᠠ᠃ ᠪᠦᠬᠦ ᠠᠷᠠᠤᠨ ᠢ ᠬᠠᠮᠣᠷᠤᠭᠰᠠᠨ᠂ ᠬᠤᠳᠠ ᠬᠦᠳᠡᠭᠡ ᠶᠢ ᠨᠢᠬᠡᠳᠤᠯᠳᠡᠢ ᠲᠦᠯᠤᠪᠵᠢᠬᠦᠯᠤᠭ᠍ᠰᠡᠨ᠂ ᠦᠷᠬᠦᠯᠵᠢᠯᠡᠬᠦᠶᠢᠴᠡ ᠤᠯᠠᠨ ᠲᠡᠰ ᠲᠠᠪᠬᠤᠷᠭᠠᠳᠤ ᠨᠡᠶᠢᠬᠡᠮ ᠤᠨ ᠪᠠᠳᠤᠯᠠᠭ᠎ᠠ ᠶᠢᠨ ᠰᠢᠰᠲ᠋ᠧᠮ ᠢ ᠲᠠᠰᠤᠷᠠᠯᠳᠠ ᠦᠬᠡᠢ ᠲᠡᠬᠦᠯᠳᠡᠷᠵᠢᠬᠦᠯᠵᠤ᠂ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠭᠠᠳᠤ ᠬᠦᠮᠤᠰ ᠪᠠ ᠤᠨᠴᠠ ᠬᠦᠴᠢᠷᠳᠡᠯᠳᠡᠢ ᠬᠦᠮᠤᠰ ᠢ ᠠᠪᠤᠷᠠᠨ ᠲᠤᠰᠠᠯᠠᠬᠤ ᠪᠠᠷᠢᠮᠵᠢᠶ᠎ᠠ ᠶᠢ ᠤᠯᠠᠮ ᠨᠢᠬᠡ ᠠᠯᠬᠤᠮ ᠲᠡᠭᠡᠭᠰᠢᠯᠡᠬᠦᠯᠤᠨ᠂ ᠵᠠᠬ᠎ᠠ ᠬᠦᠪᠡᠭᠡ ᠳᠠᠬᠢ ᠶᠠᠳᠠᠭᠤ ᠬᠦᠴᠢᠷᠳᠡᠯᠳᠡᠢ ᠤᠯᠠᠨ ᠲᠦᠮᠡᠨ ᠢ ᠨᠡᠩ ᠢᠯᠡᠬᠦᠤ ᠬᠠᠯᠠᠮᠵᠢᠯᠠᠨ ᠬᠠᠷᠠᠭᠠᠯᠵᠠᠨ᠎ᠠ᠃ ᠨᠠᠰᠤᠳᠠᠶᠢᠴᠤᠤᠨ ᠤᠨ ᠡᠷᠡᠬᠦᠯᠵᠢᠯ ᠰᠤᠪᠢᠯᠠᠯᠳᠠ ᠶᠢᠨ ᠦᠢᠯᠡᠴᠢᠯᠡᠭᠡ ᠶᠢ ᠴᠢᠬᠤᠯᠠᠴᠢᠯᠠᠨ᠂ ᠨᠠᠰᠤᠳᠠᠶᠢᠴᠤᠤᠨ ᠢ ᠠᠰᠠᠷᠠᠨ ᠰᠤᠪᠢᠯᠠᠬᠤ ᠬᠦᠷᠢᠶᠡᠯᠡᠩ ᠤᠨ ᠪᠠᠶᠢᠭᠤᠯᠤᠯᠳᠠ ᠶᠢᠨ ᠲᠦᠷᠤᠯ ᠵᠤᠶᠢᠯ ᠢ ᠬᠡᠷᠡᠭᠵᠢᠬᠦᠯᠤᠨ᠎ᠡ᠃ ︽ᠴᠢᠳᠠᠪᠤᠷᠢᠳᠠᠨ ᠢᠶᠠᠷ ᠬᠤᠰᠢᠭᠤ ᠪᠠᠨ ᠬᠦᠴᠤᠷᠬᠡᠭᠵᠢᠬᠦᠯᠬᠦ︾ ᠪᠠᠶᠢᠯᠳᠤᠬᠤ ᠪᠤᠳᠤᠯᠭ᠎ᠠ ᠶᠢ ᠬᠡᠷᠡᠭᠵᠢᠬᠦᠯᠤᠨ᠂ ᠠᠵᠤ ᠦᠢᠯᠡᠤᠡᠪᠦᠷᠢ᠂ ᠮᠠᠯ ᠠᠵᠤ ᠠᠬᠤᠢ᠂ ᠬᠤᠳᠠ ᠬᠦᠳᠡᠭᠡ ᠶᠢᠨ ᠲᠦᠯᠤᠪᠵᠢᠬᠦᠯᠬᠡ᠂ ᠰᠤᠶᠤᠯ ᠵᠤᠭᠠᠴᠠᠯ ᠵᠡᠷᠬᠡ ᠬᠦᠷᠢᠶ᠎ᠡ ᠴᠠᠷᠠᠭᠠᠨ ᠳᠤ ᠲᠤᠳᠠᠭᠳᠠᠵᠤ ᠪᠠᠶᠢᠭ᠎ᠠ ᠴᠢᠳᠠᠪᠤᠷᠢᠳᠠᠨ ᠢ ᠶᠡᠭᠡ ᠪᠠᠷ ᠲᠠᠳᠠᠨ ᠤᠷᠤᠭᠤᠯᠵᠤ᠂ ᠪᠠᠭᠰᠢ᠂ ᠡᠷᠡᠬᠦᠯ ᠬᠠᠮᠠᠭᠠᠯᠠᠯ ᠤᠨ ᠲᠤᠰᠬᠠᠢ ᠮᠡᠷᠬᠡᠵᠢᠯ ᠤᠨ ᠴᠢᠳᠠᠪᠤᠷᠢᠳᠠᠨ ᠢ ᠤᠯᠠᠮ ᠴᠢᠨᠠᠭᠰᠢᠳᠠ ᠲᠡᠬᠦᠯᠳᠡᠷᠵᠢᠬᠦᠯᠤᠨ᠂ ᠦᠨᠳᠤᠰᠤᠨ ᠱᠠᠳᠤᠨ ᠤ ᠠᠵᠢᠯᠯᠠᠬᠤ ᠲᠤᠭᠤᠶᠢᠯᠠᠩ ᠢ ᠲᠤᠭᠳᠠᠪᠤᠷᠢᠵᠢᠭᠤᠯᠵᠤ᠂ ᠤᠯᠠᠨ ᠨᠡᠶᠢᠳᠡ ᠶᠢᠨ ᠦᠢᠯᠡᠴᠢᠯᠡᠬᠡᠨ ᠤ ᠬᠢᠷᠢ ᠲᠦᠪᠰᠢᠨ ᠢ ᠲᠡᠭᠡᠭᠰᠢᠯᠡᠬᠦᠯᠤᠨ᠎ᠡ᠃ ᠲᠦᠷᠤ ᠶᠢᠨ ᠪᠤᠳᠤᠯᠭ᠎ᠠ ᠪᠠᠷ ᠲᠡᠮᠵᠢᠨ ᠲᠡᠤᠡᠬᠦᠬᠦ ᠶᠢ ᠴᠢᠩᠭᠠᠤᠡᠬᠠᠨ᠂ ᠤᠯᠠᠨ ᠢᠶᠠᠷ ᠢᠶᠠᠨ ᠦᠢᠯᠡᠰ ᠪᠤᠰᠬᠠᠵᠤ᠂ ᠲᠦᠮᠡᠨ ᠢᠶᠠᠷ ᠢᠶᠠᠨ ᠰᠢᠨ᠎ᠡ ᠶᠢ ᠡᠬᠦᠤᠡᠬᠦ ᠶᠢ ᠦᠷᠬᠦᠯᠵᠢᠯᠡᠨ ᠠᠬᠢᠭᠤᠯᠵᠤ᠂ ︽ᠬᠡᠷᠤᠯᠤᠨ ᠤ ᠴᠢᠳᠠᠪᠤᠷᠢᠳᠠᠨ︾ ᠎ ᠤ ᠬᠦᠳᠤᠯᠤᠨ ᠲᠠᠭᠠᠭᠤᠯᠬᠤ ᠦᠢᠯᠡᠳᠤᠯ ᠢ ᠪᠠᠳᠠᠷᠠᠭᠤᠯᠤᠨ᠂ ᠮᠠᠯᠴᠢᠤᠨ ᠤᠨ ᠮᠡᠷᠬᠡᠵᠢᠯ ᠤᠨ ᠴᠢᠳᠠᠪᠤᠷᠢ ᠶᠢᠨ ᠪᠤᠯᠪᠠᠰᠤᠷᠠᠯ ᠢ ᠴᠢᠩᠭᠠᠤᠡᠬᠠᠵᠤ᠂ ᠦᠢᠯᠡᠰ ᠪᠤᠰᠬᠠᠵᠤ ᠠᠵᠢᠯ ᠤᠯᠭᠤᠬᠤ ᠠᠷᠭ᠎ᠠ ᠵᠠᠮ ᠢ ᠦᠷᠬᠡᠤᠡᠬᠡᠨ᠂ ᠤᠳᠤᠬᠢᠴᠢᠯᠠᠭᠰᠠᠨ ᠰᠢᠨ᠎ᠡ ᠬᠡᠯᠪᠡᠷᠢ ᠶᠢᠨ ᠤᠷᠤᠨ ᠨᠤᠳᠤᠭ ᠤᠨ ᠴᠢᠳᠠᠪᠤᠷᠢᠳᠠᠨ ᠢ ᠬᠦᠮᠤᠵᠢᠬᠦᠯᠤᠨ᠎ᠡ᠃ ᠰᠤᠷᠭᠠᠨ ᠬᠦᠮᠤᠵᠢᠯ ᠤᠨ ᠦᠢᠯᠡᠰ ᠤᠨ ᠬᠦᠭᠵᠢᠯᠳᠡ ᠶᠢ ᠲᠦᠷᠬᠡᠤᠡᠬᠡᠨ᠎ᠡ᠃ ᠰᠤᠷᠭᠠᠨ ᠬᠦᠮᠤᠵᠢᠯ ᠢ ᠤᠷᠢᠳᠠᠪᠠᠷ ᠬᠦᠭᠵᠢᠬᠦᠯᠬᠦ ᠪᠠᠶᠢᠯᠳᠤᠬᠤ ᠪᠤᠳᠤᠯᠭ᠎ᠠ ᠶᠢ ᠨᠠᠶᠢᠳᠠᠪᠤᠷᠢᠵᠢᠭᠤᠯᠤᠨ᠂ ᠠᠯᠪᠠᠨ ᠵᠢᠷᠤᠮ ᠤᠨ ᠰᠤᠷᠭᠠᠨ ᠬᠦᠮᠤᠵᠢᠯ ᠢ ᠴᠢᠨᠠᠷᠯᠢᠭ ᠲᠡᠩᠴᠡᠬᠦᠷᠢᠳᠡᠢ ᠬᠦᠭᠵᠢᠬᠦᠯᠬᠦ ᠵᠢᠱᠢᠶ᠎ᠡ ᠦᠵᠡᠬᠦᠯᠬᠦ ᠬᠤᠰᠢᠭᠤ ᠶᠢ ᠪᠦᠬᠦ ᠬᠦᠴᠤᠨ ᠢᠶᠠᠷ ᠴᠤᠭᠴᠠᠯᠠᠨ ᠪᠠᠶᠢᠭᠤᠯᠵᠤ᠂ ᠰᠤᠷᠬᠤ ᠨᠠᠰᠤᠨ ᠠᠴᠠ ᠡᠮᠤᠨᠡᠬᠢ ᠰᠤᠷᠭᠠᠨ ᠬᠦᠮᠤᠵᠢᠯ ᠢ ᠲᠦᠬᠡᠮᠡᠯ ᠬᠠᠷᠠᠭᠠᠯᠵᠠᠬᠤ ᠬᠦᠭᠵᠢᠯᠳᠡ᠂ ᠠᠯᠪᠠᠨ ᠵᠢᠷᠤᠮ ᠤᠨ ᠰᠤᠷᠭᠠᠨ ᠬᠦᠮᠤᠵᠢᠯ ᠤᠨ ᠴᠢᠨᠠᠷᠯᠢᠭ ᠬᠦᠭᠵᠢᠯᠳᠡ᠂ ᠠᠵᠢᠯ ᠮᠡᠷᠬᠡᠵᠢᠯ ᠤᠨ ᠰᠤᠷᠭᠠᠨ ᠬᠦᠮᠤᠵᠢᠯ ᠤᠨ ᠲᠡᠭᠡᠳᠤ ᠲᠡᠰ ᠤᠨ ᠬᠦᠭᠵᠢᠯᠳᠡ᠂ ᠣᠨᠴᠠᠭᠠᠢ ᠰᠤᠷᠭᠠᠨ ᠬᠦᠮᠤᠵᠢᠯ ᠤᠨ ᠠᠭᠤᠰᠤᠯᠴᠠᠭᠰᠠᠨ ᠬᠦᠭᠵᠢᠯᠳᠡ᠂ ᠠᠷᠠᠤᠨ ᠠᠴᠠ ᠡᠷᠬᠢᠯᠡᠭᠰᠡᠨ ᠰᠤᠷᠭᠠᠨ ᠬᠦᠮᠤᠵᠢᠯ ᠤᠨ ᠲᠦᠷᠢᠮᠵᠢᠬᠦᠨ ᠬᠦᠭᠵᠢᠯᠳᠡ ᠶᠢ ᠪᠡᠶᠡᠯᠡᠬᠦᠯᠤᠨ᠎ᠡ᠃ ᠡᠳ᠋ ᠤᠨ ᠵᠠᠰᠠᠭ ᠤᠨ ᠪᠡᠯᠡ ᠤᠷᠤᠭᠤᠯᠤᠯᠳᠠ ᠎ ᠶᠢᠨ ᠬᠦᠴᠤᠯᠡᠴᠡ ᠶᠢ ᠨᠡᠮᠡᠭᠳᠡᠬᠦᠯᠤᠨ᠂ ᠰᠤᠷᠭᠠᠭᠤᠯᠢ ᠶᠢᠨ ᠬᠦᠷᠢᠶᠡᠨ ᠤ ᠪᠠᠭᠤᠷᠠᠢ ᠰᠠᠭᠤᠷᠢ ᠶᠢ ᠦᠬᠡᠷᠡᠴᠢᠯᠡᠵᠤ᠂ ︽ᠤᠶᠤᠨᠴᠢ ᠰᠤᠷᠭᠠᠭᠤᠯᠢ ᠶᠢᠨ ᠬᠦᠷᠢᠶ᠎ᠡ︾᠎ ᠶᠢ ᠪᠠᠶᠢᠭᠤᠯᠬᠤ ᠪᠠᠷ ᠠᠴᠢᠶᠠᠯᠠᠪᠤᠷᠢ ᠪᠤᠯᠭᠠᠨ᠂ ᠰᠤᠷᠠᠭ ᠵᠠᠩᠬᠢᠴᠢᠯᠠᠯᠳᠠ ᠶᠢᠨ ᠵᠢᠱᠢᠶ᠎ᠡ ᠦᠵᠡᠬᠦᠯᠬᠦ ᠰᠤᠷᠭᠠᠭᠤᠯᠢ ᠶᠢᠨ ᠬᠦᠷᠢᠶ᠎ᠡ ᠶᠢ ᠬᠦᠴᠤᠯᠡᠨ ᠪᠠᠶᠢᠭᠤᠯᠤᠨ᠎ᠠ᠃ ᠦᠨᠳᠤᠰᠤᠳᠡᠨ ᠤ ᠤᠨᠴᠠᠯᠢᠭᠳᠤ ᠰᠤᠷᠭᠠᠨ ᠬᠦᠮᠤᠵᠢᠯ ᠤᠨ ᠰᠤᠳᠤᠨ ᠰᠤᠷᠭᠠᠭᠤᠯᠢ ᠶᠢ ᠡᠬᠦᠳᠤᠨ ᠪᠠᠶᠢᠭᠤᠯᠵᠤ᠂ ᠪᠠᠭᠰᠢ ᠶᠢᠨ ᠲᠤᠰᠬᠠᠢ ᠮᠡᠷᠬᠡᠵᠢᠯ ᠤᠨ ᠬᠡᠪ ᠴᠢᠨᠠᠷ ᠢ ᠲᠠᠰᠤᠷᠠᠯᠳᠠ ᠦᠬᠡᠢ ᠲᠡᠭᠡᠭᠰᠢᠯᠡᠬᠦᠯᠤᠨ᠎ᠡ᠃ ︽ᠠᠮᠤᠷ ᠲᠦᠪᠰᠢᠨ ᠰᠤᠷᠭᠠᠭᠤᠯᠢ ᠶᠢᠨ ᠬᠦᠷᠢᠶ᠎ᠡ︾᠎ ᠶᠢᠨ ᠪᠠᠶᠢᠭᠤᠯᠤᠯᠳᠠ ᠶᠢ ᠴᠢᠬᠤᠯᠠᠴᠢᠯᠠᠨ᠂ ᠰᠤᠷᠭᠠᠭᠤᠯᠢ ᠶᠢᠨ ᠭᠠᠳᠠᠨᠠᠬᠢ ᠪᠤᠯᠪᠠᠰᠤᠷᠠᠯ ᠤᠨ ᠪᠠᠶᠢᠭᠤᠯᠤᠮᠵᠢ ᠶᠢ ᠵᠢᠭᠰᠠᠭᠠᠨ ᠪᠠᠶᠢᠴᠠᠭᠠᠵᠤ ᠵᠠᠰᠠᠨ ᠴᠡᠭᠴᠡᠯᠡᠬᠦ ᠶᠢ ᠴᠢᠩᠭᠠᠤᠡᠬᠠᠨ᠂ ᠬᠠᠤᠯᠢ ᠪᠤᠰᠤ ᠪᠠᠷ ᠰᠤᠷᠭᠠᠭᠤᠯᠢ ᠡᠷᠬᠢᠯᠡᠬᠦ ᠠᠵᠢᠯᠯᠠᠭ᠎ᠠ ᠳᠤ ᠴᠢᠩᠭ᠎ᠠ ᠴᠤᠬᠢᠯᠳᠠ ᠦᠭᠬᠦᠨ᠎ᠡ᠃ ᠰᠤᠶᠤᠯ ᠤᠨ ᠦᠢᠯᠡᠰ ᠤᠨ ᠴᠡᠴᠡᠭᠯᠡᠯ ᠢ ᠲᠦᠯᠬᠢᠨ ᠠᠬᠢᠭᠤᠯᠤᠨ᠎ᠠ᠃ ᠤᠯᠠᠨ ᠲᠦᠮᠡᠨᠴᠢ ᠴᠢᠨᠠᠷᠳᠠᠢ ᠰᠤᠶᠤᠯ ᠤᠨ ᠠᠵᠢᠯᠯᠠᠭ᠎ᠠ ᠶᠢ ᠪᠠᠶᠠᠯᠢᠭᠵᠢᠭᠤᠯᠤᠨ᠂ ︽ᠤᠯᠠᠨ ᠲᠦᠮᠡᠨ ᠤ ᠵᠠᠭᠤᠨ ᠡᠳᠤᠷ ᠤᠨ ᠤᠷᠠᠨ ᠰᠠᠶᠢᠬᠠᠨ ᠤ ᠲᠤᠭᠯᠠᠯᠳᠠ︾᠂ ︽ᠨᠤᠮ ᠤᠨ ᠦᠨᠤᠷ ᠬᠠᠩᠬᠤᠯᠤᠭᠰᠠᠨ ᠰᠢᠨ᠎ᠡ ᠪᠠᠷᠭᠤ ᠪᠠᠷᠠᠭᠤᠨ ᠬᠤᠰᠢᠭᠤ︾᠂ ᠠᠷᠠᠤᠨ ᠤᠨ ᠲᠤᠮᠳᠠᠬᠢ ᠦᠨᠳᠤᠰᠤᠳᠡᠨ ᠤ ᠠᠭᠤᠳᠠᠮ ᠲᠠᠯᠠᠪᠠᠢ ᠶᠢᠨ ᠪᠦᠵᠢᠭ ᠵᠡᠷᠬᠡ ᠠᠯᠢ ᠤᠯᠠᠨ ᠲᠤᠰᠬᠠᠢ ᠰᠡᠳᠤᠪᠳᠤ ᠠᠵᠢᠯᠯᠠᠭ᠎ᠠ ᠶᠢ ᠦᠷᠬᠦᠯᠵᠢᠯᠡᠨ ᠲᠡᠯᠬᠡᠷᠡᠬᠦᠯᠵᠤ᠂ ᠰᠤᠶᠤᠯ ᠢᠶᠠᠷ ᠠᠷᠠᠤᠨ ᠲᠤ ᠠᠰᠢᠭ ᠬᠦᠷᠳᠡᠬᠡᠬᠦ ᠦᠷ᠎ᠡ ᠪᠦᠳᠤᠮᠵᠢ ᠶᠢ ᠤᠯᠠᠨ ᠲᠦᠮᠡᠨ ᠳᠤ ᠡᠳ᠋ᠯᠡᠬᠦᠯᠤᠨ᠎ᠡ᠃ ︽ᠤᠯᠠᠭᠠᠨᠮᠦ᠋ᠴᠢᠷ︾᠎ ᠤᠨ ᠬᠤᠪᠢᠰᠬᠠᠯᠳᠤ ᠦᠢᠯᠡᠳᠤᠯ ᠢ ᠬᠦᠢᠴᠡᠤᠨ ᠪᠠᠳᠠᠷᠠᠭᠤᠯᠵᠤ᠂ ᠨᠡᠶᠢᠬᠡᠮ ᠵᠢᠷᠤᠮ ᠤᠨ ᠭᠤᠤᠯᠯᠠᠭᠴᠢ ᠦᠷᠳᠡᠭ ᠤᠨ ᠦᠵᠡᠯᠳᠡ ᠶᠢ ᠤᠯᠠᠮᠵᠢᠯᠠᠨ ᠪᠠᠳᠠᠷᠠᠭᠤᠯᠵᠤ᠂ ᠲᠠᠯ᠎ᠠ ᠨᠤᠳᠤᠭ ᠤᠨ ᠵᠠᠩ ᠦᠢᠯᠡ ᠶᠢᠨ ᠰᠤᠶᠤᠯ ᠤᠨ ᠷᠢᠳᠢ ᠰᠢᠳᠢ ᠶᠢ ︽ᠴᠡᠴᠡᠭᠯᠡᠨ ᠲᠡᠯᠬᠡᠷᠡᠬᠦᠯᠤᠨ᠎ᠡ︾᠃ ᠰᠡᠬᠡᠬᠡᠳᠡᠨ ᠤ ᠰᠤᠶᠤᠯ ᠢ ᠪᠠᠳᠠᠷᠠᠭᠤᠯᠤᠨ᠂ ᠰᠡᠬᠡᠬᠡᠳᠡᠨ ᠮᠦᠽᠸᠢ ᠎ ᠶᠢ ᠲᠡᠰ ᠳᠡᠪᠰᠢᠭᠦᠯᠵᠦ ᠵᠠᠰᠠᠨ ᠰᠢᠨᠡᠳᠬᠡᠬᠦ ᠢᠨᠵᠧᠨᠧᠷᠢᠩ ᠢ ᠬᠡᠷᠡᠭᠵᠢᠬᠦᠯᠤᠨ᠎ᠡ᠃ ᠪᠤᠳᠠᠰ ᠤᠨ ᠪᠤᠰᠤ ᠰᠤᠶᠤᠯ ᠤᠨ ᠦᠪ ᠤᠨ ᠬᠠᠮᠠᠭᠠᠯᠠᠯᠳᠠ ᠶᠢᠨ ᠦᠨ᠎ᠡ ᠦᠷᠳᠡᠭ ᠢ ᠬᠦᠳᠤᠯᠤᠨ ᠵᠢᠯᠤᠭᠤᠤᠡᠬᠤ ᠬᠦᠴᠤᠨ᠂ ᠰᠤᠶᠤᠯ ᠤᠨ ᠨᠢᠭᠳᠠᠷᠠᠯ ᠤᠨ ᠬᠦᠴᠤᠨ ᠪᠠ ᠤᠶᠤᠨ ᠰᠠᠨᠠᠭᠠᠨ ᠤ ᠬᠦᠳᠡᠯᠬᠡᠭᠴᠢ ᠬᠦᠴᠤᠨ ᠢ ᠰᠦᠪᠡᠭᠴᠢᠯᠡᠨ ᠪᠠᠳᠠᠷᠠᠭᠤᠯᠵᠤ᠂ ᠤᠯᠠᠮᠵᠢᠯᠠᠨ ᠲᠠᠮᠵᠢᠭᠤᠯᠬᠤ ᠪᠦᠳᠤᠮᠵᠢᠳᠡᠢ ᠲᠤᠭᠳᠠᠴᠠ ᠶᠢ ᠪᠠᠶᠢᠭᠤᠯᠤᠨ᠂ ︽ᠪᠤᠳᠠᠰ ᠤᠨ ᠪᠤᠰᠤ ᠰᠤᠶᠤᠯ ᠤᠨ ᠦᠪ ᠤᠨ ᠬᠠᠮᠠᠭᠠᠯᠠᠯᠳᠠ︾᠎ ᠶᠢᠨ ᠲᠦᠷᠤᠯ ᠵᠤᠶᠢᠯ ᠢ ᠢᠳᠡᠪᠬᠢᠳᠡᠢ ᠭᠤᠶᠤᠴᠢᠯᠠᠨ᠎ᠠ᠃ ᠪᠦᠬᠦ ᠠᠷᠠᠤᠨ ᠤᠨ ᠪᠡᠶ᠎ᠡ ᠴᠢᠬᠢᠷᠠᠭᠵᠢᠭᠤᠯᠬᠤ ᠠᠭᠤᠷ ᠠᠮᠢᠰᠬᠤᠯ ᠢ ᠪᠤᠢ ᠪᠤᠯᠭᠠᠨ᠂ ᠪᠦᠬᠦ ᠠᠷᠠᠤᠨ ᠤᠨ ᠪᠡᠶ᠎ᠡ ᠴᠢᠬᠢᠷᠠᠭᠵᠢᠭᠤᠯᠬᠤ ᠲᠠᠮᠢᠷ ᠤᠨ ᠤᠷᠤᠯᠳᠤᠭᠠᠨ᠂ ᠪᠤᠭᠳᠠᠡᠭᠤᠯᠠ ᠶᠢᠨ ᠲᠠᠬᠢᠯᠭ᠎ᠠ ᠶᠢᠨ ᠵᠠᠩ ᠦᠢᠯᠡ ᠶᠢᠨ ᠰᠤᠶᠤᠯ ᠵᠤᠭᠠᠴᠠᠯ ᠤᠨ ᠨᠠᠶᠢᠷ᠂ ᠤᠯᠠᠨ ᠤᠯᠤᠰ ᠤᠨ ᠵᠠᠯᠠᠭᠤᠴᠤᠤᠨ ᠪᠠᠭᠠᠴᠤᠤᠨ ᠎ ᠤᠨ ᠵᠢᠤᠳᠤᠤ ᠪᠦᠬᠡ ᠶᠢᠨ ᠤᠷᠢᠯᠭ᠎ᠠ ᠶᠢᠨ ᠤᠷᠤᠯᠳᠤᠭᠠᠨ᠂ ᠵᠠᠯᠠᠭᠤᠴᠤᠤᠨ ᠪᠠᠭᠠᠴᠤᠤᠨ ᠤᠨ ᠬᠦᠯ ᠪᠦᠮᠪᠦᠭᠡ ᠶᠢᠨ ᠵᠤᠰᠠᠯᠠᠩ᠂ ᠮᠦᠰᠤᠨ ᠪᠦᠮᠪᠦᠭᠡ ᠶᠢᠨ ᠤᠷᠢᠯᠭ᠎ᠠ ᠎ ᠶᠢᠨ ᠤᠷᠤᠯᠳᠤᠭᠠᠨ ᠵᠢᠴᠢ ᠲᠤᠯᠢᠶᠠᠳᠤ ᠪᠦᠬᠡ ᠶᠢᠨ ᠤᠷᠤᠯᠳᠤᠭᠠᠨ᠂ ᠮᠦᠰᠤ ᠴᠠᠰᠤᠨ ᠤ ᠬᠡᠬᠡᠷᠡᠯᠡᠨ ᠬᠦᠶᠤᠬᠦ ᠤᠷᠤᠯᠳᠤᠭᠠᠨ ᠵᠡᠷᠬᠡ ᠨᠦᠯᠤᠬᠡᠯᠡᠬᠦ ᠬᠦᠴᠤᠨ ᠲᠠᠢ ᠤᠯᠠᠨ ᠲᠦᠮᠡᠨᠴᠢ ᠪᠡᠶ᠎ᠡ ᠶᠢᠨ ᠲᠠᠮᠢᠷ ᠤᠨ ᠨᠡᠷᠡᠳᠤ ᠲᠡᠮᠳᠡᠭ ᠤᠨ ᠤᠷᠤᠯᠳᠤᠭᠠᠨ ᠢ ᠰᠠᠶᠢᠳᠤᠷ ᠡᠷᠬᠢᠯᠡᠵᠤ᠂ ᠤᠯᠠᠨ ᠲᠦᠮᠡᠨ ᠤ ᠲᠠᠮᠢᠷ ᠤᠨ ᠤᠷᠤᠯᠳᠤᠭᠠᠨ ᠤ ᠬᠢᠷᠢ ᠲᠦᠪᠰᠢᠨ ᠢ ᠲᠡᠭᠡᠭᠰᠢᠯᠡᠬᠦᠯᠤᠨ᠎ᠡ᠃ ᠤᠯᠠᠨ ᠲᠦᠮᠡᠨ ᠤ ᠡᠷᠡᠬᠦᠯ ᠮᠡᠨᠳᠤ ᠶᠢᠨ ᠠᠮᠤᠷ ᠲᠦᠪᠰᠢᠨ ᠢ ᠪᠠᠳᠤᠯᠠᠨ᠎ᠠ᠃ ᠡᠮ ᠡᠮᠨᠡᠯᠬᠡ ᠶᠢᠨ ᠦᠬᠡᠷᠡᠴᠢᠯᠡᠯᠳᠡ ᠶᠢ ᠬᠦᠨᠵᠡᠬᠡᠶᠢᠷᠡᠬᠦᠯᠤᠨ᠂ ᠤᠳᠤᠬᠢᠴᠢᠯᠠᠭᠰᠠᠨ ᠡᠮᠨᠡᠯᠬᠡ ᠶᠢᠨ ᠬᠤᠷᠢᠶ᠎ᠠ ᠶᠢᠨ ᠬᠠᠮᠢᠶᠠᠷᠤᠯᠳᠠ ᠪᠠ ᠡᠮ ᠤᠨ ᠵᠤᠶᠢᠯ ᠤᠨ ᠬᠠᠩᠭᠠᠯᠭ᠎ᠠ ᠶᠢ ᠪᠠᠳᠤᠯᠠᠬᠤ ᠲᠦᠷᠢᠮ ᠢ ᠲᠡᠬᠦᠯᠳᠡᠷᠵᠢᠬᠦᠯᠵᠤ᠂ ᠠᠯᠪᠠᠨ ᠠᠴᠠ ᠪᠠᠶᠢᠭᠤᠯᠤᠭᠰᠠᠨ ᠡᠮᠨᠡᠯᠬᠡ ᠶᠢᠨ ᠬᠤᠷᠢᠶ᠎ᠠ ᠶᠢ ᠠᠵᠢᠯ ᠤᠨ ᠦᠷ᠎ᠡ ᠪᠦᠳᠤᠮᠵᠢ ᠪᠠᠷ ᠦᠨᠡᠯᠡᠨ ᠰᠢᠯᠭᠠᠬᠤ ᠵᠢᠴᠢ ᠱᠠᠳᠤ ᠬᠤᠪᠢᠶᠠᠨ ᠡᠮᠴᠢᠯᠡᠬᠦ ᠪᠠᠶᠢᠭᠤᠯᠤᠯᠳᠠ ᠶᠢᠨ ᠤᠷᠳᠤ ᠤᠳᠠᠭᠠᠨ ᠤ ᠬᠦᠭᠵᠢᠯᠳᠡ ᠶᠢ ᠤᠯᠤᠨ᠎ᠠ᠃ ︽ᠡᠷᠡᠬᠦᠯ ᠴᠢᠬᠢᠷᠠᠭ ᠰᠢᠨ᠎ᠡ ᠪᠠᠷᠭᠤ ᠪᠠᠷᠠᠭᠤᠨ ᠬᠤᠰᠢᠭᠤ︾᠎ ᠶᠢᠨ ᠪᠠᠶᠢᠭᠤᠯᠤᠯᠳᠠ ᠎ ᠶᠢ ᠢᠳᠡᠪᠬᠢᠳᠡᠢ ᠠᠬᠢᠭᠤᠯᠤᠨ᠂ ᠬᠠᠯᠳᠠᠪᠤᠷᠢᠳᠤ ᠡᠪᠡᠤᠡᠴᠢᠨ ᠢ ᠰᠡᠷᠬᠡᠶᠢᠯᠡᠨ ᠡᠵᠡᠮᠳᠡᠬᠦ ᠶᠢ ᠯᠠᠪᠳᠠᠭᠤᠨ ᠪᠠᠳᠤᠳᠠᠢ ᠬᠢᠵᠤ᠂ ᠤᠳᠠᠭᠠᠨ ᠴᠢᠨᠠᠷᠳᠠᠢ ᠡᠪᠡᠤᠡᠴᠢᠨ ᠢ ᠶᠡᠷᠤᠩᠬᠡᠢ ᠰᠡᠷᠬᠡᠶᠢᠯᠡᠨ ᠡᠵᠡᠮᠳᠡᠬᠦ ᠵᠢᠱᠢᠶ᠎ᠡ ᠦᠵᠡᠬᠦᠯᠬᠦ ᠤᠷᠤᠨ ᠤ ᠪᠠᠶᠢᠭᠤᠯᠤᠯᠳᠠ ᠶᠢ ᠤᠯᠠᠮ ᠴᠢᠨᠠᠭᠰᠢᠳᠠ ᠲᠦᠷᠬᠡᠤᠡᠬᠡᠨ᠂ ᠠᠷᠠᠤᠨ ᠤᠯᠠᠨ ᠤ ᠪᠡᠶ᠎ᠡ ᠰᠡᠤᠡᠬᠢᠴᠡ ᠶᠢᠨ ᠡᠷᠡᠬᠦᠯ ᠮᠡᠨᠳᠤ ᠶᠢ ᠪᠠᠳᠤᠯᠠᠨ᠎ᠠ᠃ ᠦᠨᠳᠤᠰᠤᠳᠡᠨ ᠤ ᠡᠮ ᠡᠮᠨᠡᠯᠬᠡ ᠶᠢᠨ ᠬᠦᠭᠵᠢᠯᠳᠡ ᠶᠢ ᠴᠢᠬᠤᠯᠠᠴᠢᠯᠠᠨ᠂ ᠮᠤᠩᠭᠤᠯ ᠡᠮ ᠡᠮᠨᠡᠯᠬᠡ ᠶᠢᠨ ᠦᠢᠯᠡᠰ ᠤᠨ ᠬᠦᠨ ᠲᠠᠪᠬᠤᠷᠭᠠᠳᠤ ᠲᠠᠪᠰᠢᠯᠳᠠ ᠶᠢ ᠪᠦᠬᠦ ᠬᠦᠴᠤ ᠪᠠᠷ ᠠᠬᠢᠭᠤᠯᠤᠨ᠎ᠠ᠃ ᠢᠳᠡᠬᠡᠨ ᠪᠠ ᠡᠮ ᠤᠨ ᠵᠤᠶᠢᠯ ᠤᠨ ᠬᠦᠷᠢᠶ᠎ᠡ ᠴᠠᠷᠠᠭᠠᠨ ᠳᠠᠬᠢ ᠬᠢᠨᠠᠨ ᠬᠠᠮᠢᠶᠠᠷᠤᠯᠳᠠ ᠶᠢ ᠴᠢᠩᠭᠠᠤᠡᠬᠠᠨ᠂ ᠪᠤᠳᠠᠳᠤ ᠭᠠᠵᠠᠷ ᠪᠠ ᠬᠦᠳᠡᠯᠤᠩᠬᠦᠢ ᠬᠢᠨᠠᠨ ᠬᠠᠮᠢᠶᠠᠷᠤᠯᠳᠠ ᠶᠢ ᠪᠦᠬᠦᠨ ᠢ ᠬᠠᠮᠤᠷᠬᠤ ᠶᠢ ᠪᠡᠶᠡᠯᠡᠬᠦᠯᠤᠨ᠎ᠡ᠃ ᠡᠶ᠎ᠡ ᠵᠤᠬᠢᠴᠠᠩᠭᠤᠢ ᠨᠡᠶᠢᠬᠡᠮ ᠤᠨ ᠴᠢᠨᠠᠷ ᠴᠢᠨᠰᠠᠭ᠎ᠠ ᠶᠢ ᠲᠡᠭᠡᠭᠰᠢᠯᠡᠬᠦᠯᠤᠨ᠎ᠡ᠃ ᠪᠤᠰᠤᠭ᠎ᠠ ᠴᠤᠭᠴᠠᠳᠤ ᠨᠡᠶᠢᠬᠡᠮ ᠤᠨ ᠠᠮᠤᠷ ᠢ ᠬᠠᠮᠠᠭᠠᠯᠠᠬᠤ ᠰᠡᠷᠬᠡᠶᠢᠯᠡᠨ ᠡᠵᠡᠮᠳᠡᠬᠦ ᠲᠤᠭᠳᠠᠴᠠ ᠶᠢ ᠲᠠᠰᠤᠷᠠᠯᠳᠠ ᠦᠬᠡᠢ ᠪᠦᠷᠢᠨᠰᠢᠬᠦᠯᠤᠨ᠂ ︽ᠤᠯᠠᠨ ᠲᠦᠮᠡᠨᠴᠢ ᠴᠢᠨᠠᠷᠳᠠᠢ ᠠᠮᠤᠷ ᠢ ᠬᠠᠮᠠᠭᠠᠯᠠᠬᠤ ᠰᠡᠷᠬᠡᠶᠢᠯᠡᠨ ᠡᠵᠡᠮᠳᠡᠬᠦ ᠢᠨᠵᠧᠨᠧᠷᠢᠩ︾᠂ ︽ᠤᠷᠢᠤᠡᠴᠢᠯᠡᠨ ᠰᠡᠷᠡᠮᠵᠢᠯᠡᠬᠦᠯᠬᠦ ᠤᠶᠤᠨ ᠴᠢᠳᠠᠪᠬᠢᠳᠤ ᠢᠨᠵᠧᠨᠧᠷᠢᠩ︾᠎ ᠤᠨ ᠲᠦᠷᠤᠯ ᠵᠤᠶᠢᠯ ᠢ ᠡᠮᠬᠢ ᠵᠢᠷᠤᠮ ᠲᠠᠢ ᠶᠠᠪᠤᠭᠳᠠᠭᠤᠯᠤᠨ᠎ᠠ᠃ ︽ᠬᠠᠷ᠎ᠠ ᠪᠦᠯᠤᠭ᠍ᠳᠡᠨ ᠬᠠᠷᠬᠢᠰ ᠬᠦᠴᠤᠨ ᠢ ᠠᠷᠢᠯᠭᠠᠬᠤ︾ ᠲᠤᠰᠬᠠᠢ ᠲᠡᠮᠡᠴᠡᠯ ᠢ ᠦᠷᠬᠦᠯᠵᠢᠯᠡᠨ ᠬᠦᠨᠵᠡᠬᠡᠶᠢᠷᠡᠬᠦᠯᠤᠨ᠂ ︽ᠱᠠᠯᠢᠭ ᠵᠠᠪᠬᠠᠢ ᠵᠤᠭᠤᠰ ᠮᠦᠷᠤᠶᠢᠴᠡᠬᠦ ᠬᠤᠣᠷ ᠠᠷᠠᠯᠵᠢᠶᠠᠯᠠᠬᠤ ᠲᠡᠬᠡᠷᠡᠮᠳᠡᠬᠦ ᠬᠤᠳᠠᠯᠳᠤᠬᠤ ᠮᠡᠬᠡᠯᠡᠬᠦ︾ ᠵᠡᠷᠬᠡ ᠬᠠᠤᠯᠢ ᠶᠢ ᠵᠦᠷᠢᠴᠡᠭᠰᠡᠨ ᠶᠠᠯᠠᠳᠤ ᠠᠵᠢᠯᠯᠠᠭ᠎ᠠ ᠳᠤ ᠴᠢᠩᠭ᠎ᠠ ᠴᠤᠬᠢᠯᠳᠠ ᠦᠭᠴᠤ᠂ ᠪᠦᠬᠦ ᠬᠤᠰᠢᠭᠤᠨ ᠤ ᠨᠡᠶᠢᠬᠡᠮ ᠤᠨ ᠠᠮᠤᠷ ᠲᠤᠭᠳᠠᠭᠤᠨ ᠡᠶ᠎ᠡ ᠵᠤᠬᠢᠴᠠᠩᠭᠤᠢ ᠪᠠᠶᠢᠬᠤ ᠶᠢ ᠪᠠᠳᠤᠯᠠᠨ᠎ᠠ᠃ ︽ᠬᠠᠤᠯᠢ ᠶᠤᠰᠤᠭᠠᠷ ᠬᠤᠰᠢᠭᠤ ᠪᠠᠨ ᠵᠠᠰᠠᠬᠤ︾᠎ ᠶᠢ ᠬᠦᠨᠵᠡᠬᠡᠢ ᠠᠬᠢᠭᠤᠯᠵᠤ᠂ ᠤᠯᠠᠨ ᠨᠡᠶᠢᠳᠡ ᠶᠢᠨ ᠬᠠᠤᠯᠢ ᠴᠠᠭᠠᠵᠠ ᠶᠢᠨ ᠦᠢᠯᠡᠴᠢᠯᠡᠬᠡᠨ ᠤ ᠰᠢᠰᠲ᠋ᠧᠮ ᠤᠨ ᠪᠠᠶᠢᠭᠤᠯᠤᠯᠳᠠ ᠶᠢ ᠴᠢᠩᠭᠠᠤᠡᠬᠠᠨ᠎ᠠ᠃ ᠤᠯᠠᠨ ᠨᠡᠶᠢᠳᠡ ᠶᠢᠨ ᠠᠶᠤᠯᠬᠦᠢ ᠶᠢᠨ ᠰᠠᠭᠤᠷᠢ ᠶᠢ ᠪᠠᠬᠢᠵᠢᠬᠦᠯᠤᠨ᠂ ᠠᠶᠤᠯᠬᠦᠢ ᠦᠢᠯᠡᠤᠡᠪᠦᠷᠢᠯᠡᠯ ᠤᠨ ᠲᠠᠯᠳᠠ ᠬᠡᠮ ᠢ ᠶᠡᠭᠡ ᠎ ᠪᠠᠷ ᠵᠢᠭᠰᠠᠭᠠᠨ ᠪᠠᠶᠢᠴᠠᠭᠠᠬᠤ ᠪᠠ ᠵᠠᠰᠠᠨ ᠴᠡᠭᠴᠡᠯᠡᠬᠦ ᠶᠢ ᠬᠦᠨᠵᠡᠬᠡᠢ ᠦᠷᠨᠢᠬᠦᠯᠵᠤ᠂ ᠡᠯ᠎ᠡ ᠵᠤᠶᠢᠯ ᠤᠨ ᠠᠶᠤᠯᠬᠦᠢ ᠶᠢᠨ ᠠᠳᠡᠯ ᠬᠡᠷᠡᠭ ᠡᠬᠦᠰᠬᠦ ᠶᠢ ᠡᠷᠡᠰ ᠰᠡᠷᠬᠡᠶᠢᠯᠡᠨ᠎ᠡ᠃ ᠨᠡᠶᠢᠬᠡᠮ ᠤᠨ ᠦᠨᠡᠨᠴᠢ ᠢᠳᠡᠬᠡᠮᠵᠢ ᠶᠢᠨ ᠰᠢᠰᠲ᠋ᠧᠮ ᠤᠨ ᠪᠠᠶᠢᠭᠤᠯᠤᠯᠳᠠ ᠶᠢ ᠲᠦᠷᠬᠡᠤᠡᠬᠡᠨ᠂ ᠢᠳᠡᠬᠡᠯ ᠢ ᠵᠢᠷᠤᠮᠯᠠᠭᠰᠠᠤᠨ ᠲᠤ ᠠᠰᠢᠭ ᠬᠦᠷᠳᠡᠬᠡᠨ᠂ ᠢᠳᠡᠬᠡᠯ ᠠᠯᠳᠠᠭᠰᠠᠤᠨ ᠲᠤ ᠬᠢᠵᠠᠭᠠᠷᠯᠠᠯ ᠦᠵᠡᠬᠦᠯᠤᠨ᠎ᠡ᠃ ︽ᠢᠯᠡ ᠲᠤᠳᠤ︾ ᠵᠠᠬᠢᠳᠠᠯ ᠰᠤᠷᠪᠤᠯᠵᠢᠯᠠᠭ᠎ᠠ ᠶᠢᠨ ᠠᠵᠢᠯ ᠢ ᠦᠷᠬᠦᠯᠵᠢᠯᠡᠨ ᠠᠬᠢᠭᠤᠯᠵᠤ᠂ ᠠᠷᠠᠤᠨ ᠲᠦᠮᠡᠨ ᠤ ᠬᠦᠰᠡᠯ ᠰᠠᠨᠠᠯ ᠢ ᠬᠦᠢᠴᠡᠤᠨ ᠬᠦᠨᠳᠤᠤᠡᠬᠡᠨ᠂ ᠲᠡᠤᠬᠡ ᠶᠢᠨ ᠦᠯᠡᠳᠡᠭᠳᠡᠯ ᠠᠰᠠᠭᠤᠳᠠᠯ ᠢ ᠬᠠᠤᠯᠢ ᠲᠤᠭᠳᠠᠭᠠᠯ ᠶᠤᠰᠤᠭᠠᠷ ᠰᠢᠢᠤᠡᠪᠦᠷᠢᠯᠡᠨ᠎ᠡ᠃ ᠦᠨᠳᠤᠰᠤᠳᠡᠨ ᠤ ᠪᠦᠯᠬᠦᠮᠳᠡᠯ ᠢ ᠵᠤᠵᠠᠭᠠᠤᠡᠬᠠᠨ᠂ ᠪᠦᠬᠦ ᠤᠯᠤᠰ ᠤᠨ ᠦᠨᠳᠤᠰᠤᠳᠡᠨ ᠤ ᠪᠦᠯᠬᠦᠮᠳᠡᠯ ᠲᠠᠪᠰᠢᠯᠳᠠ ᠶᠢᠨ ᠵᠢᠱᠢᠶ᠎ᠡ ᠦᠵᠡᠬᠦᠯᠬᠦ ᠬᠤᠰᠢᠭᠤ ᠶᠢ ᠡᠬᠦᠳᠤᠨ ᠪᠠᠶᠢᠭᠤᠯᠬᠤ ᠠᠵᠢᠯ ᠢ ᠬᠦᠨᠵᠡᠬᠡᠢ ᠦᠷᠨᠢᠬᠦᠯᠤᠨ᠎ᠡ᠃ ︽ᠮᠤᠩᠭᠤᠯ ᠬᠡᠷ ᠬᠠᠷᠠᠭᠤᠯ ᠤᠨ ᠭᠠᠵᠠᠷ᠂ ᠮᠠᠯᠴᠢᠨ ᠬᠠᠷᠠᠭᠤᠯ ᠤᠨ ᠴᠡᠷᠢᠭ︾᠎ ᠤᠨ ᠦᠢᠯᠡᠳᠤᠯ ᠢ ᠪᠠᠳᠠᠷᠠᠭᠤᠯᠤᠨ᠂ ᠴᠡᠷᠢᠭ ᠴᠠᠭᠳᠠᠭ᠎ᠠ ᠠᠷᠠᠤᠨ ᠤᠨ ᠬᠢᠯᠢ ᠶᠢᠨ ᠬᠠᠮᠠᠭᠠᠯᠠᠯᠳᠠ ᠶᠢᠨ ᠰᠢᠰᠲ᠋ᠧᠮ ᠤᠨ ᠪᠠᠶᠢᠭᠤᠯᠤᠯᠳᠠ ᠶᠢ ᠲᠡᠬᠦᠯᠳᠡᠷᠵᠢᠬᠦᠯᠵᠤ᠂ ᠬᠢᠯᠢ ᠬᠢᠵᠠᠭᠠᠷ ᠤᠨ ᠶᠡᠷᠤᠩᠬᠡᠶᠢᠯᠡᠭᠰᠡᠨ ᠬᠠᠮᠠᠭᠠᠯᠠᠯᠳᠠ ᠶᠢᠨ ᠬᠠᠮᠢᠶᠠᠷᠤᠨ ᠡᠵᠡᠮᠳᠡᠬᠦ ᠴᠢᠳᠠᠪᠤᠷᠢ ᠶᠢ ᠲᠡᠭᠡᠭᠰᠢᠯᠡᠬᠦᠯᠤᠨ᠂ ᠬᠢᠯᠢ ᠬᠢᠵᠠᠭᠠᠷ ᠤᠷᠤᠨ ᠤ ᠠᠮᠤᠷ ᠲᠤᠭᠳᠠᠭᠤᠨ ᠪᠠᠶᠢᠳᠠᠯ ᠢ ᠬᠠᠮᠠᠭᠠᠯᠠᠨ᠎ᠠ᠃      ︵ᠨᠠᠢᠮᠠ︶ ᠦᠬᠡᠷᠡᠴᠢᠯᠡᠯᠳᠡ ᠶᠢᠨ ᠰᠢᠨ᠎ᠡ ᠶᠢ ᠡᠬᠦᠤᠡᠬᠦ ᠶᠢ ᠪᠦᠬᠦ ᠲᠠᠯ᠎ᠠ ᠪᠠᠷ ᠴᠢᠩᠭᠠᠤᠡᠬᠠᠨ᠂ ᠲᠤᠳᠤᠭᠠᠳᠤ ᠬᠦᠭᠵᠢᠯᠳᠡ ᠶᠢᠨ ᠬᠦᠳᠡᠯᠬᠡᠭᠴᠢ ᠬᠦᠴᠤᠨ ᠢ ᠲᠠᠰᠤᠷᠠᠯᠳᠠ ᠦᠬᠡᠢ ᠬᠦᠭᠵᠢᠬᠡᠨ᠎ᠡ      ᠵᠠᠰᠠᠭ ᠤᠨ ᠤᠷᠳᠤᠨ ᠤ ᠪᠠᠶᠢᠭᠤᠯᠤᠮᠵᠢ ᠶᠢᠨ ᠦᠬᠡᠷᠡᠴᠢᠯᠡᠯᠳᠡ ᠶᠢ ᠨᠠᠷᠢᠨ ᠨᠢᠮᠪᠠᠢ ᠰᠠᠶᠢᠳᠤᠷ ᠠᠤᠡᠬᠤᠨ᠂ ᠲᠡᠭᠡᠳᠤ ᠬᠡᠮᠵᠢᠶ᠎ᠡ ᠪᠠᠷ ᠲᠦᠯᠬᠢᠨ ᠠᠬᠢᠭᠤᠯᠵᠤ᠂ ᠨᠠᠷᠢᠯᠢᠭ ᠪᠠᠶᠢᠷᠢᠯᠠᠭᠤᠯᠤᠨ᠂ ᠵᠠᠰᠠᠭ ᠵᠠᠬᠢᠷᠭᠠᠨ ᠤ ᠲᠤᠰᠢᠶᠠᠯ ᠬᠠᠷᠢᠭᠤᠴᠠᠯᠭ᠎ᠠ ᠶᠢᠨ ᠬᠤᠪᠢᠶᠠᠷᠢᠯᠠᠯᠳᠠ ᠶᠢ ᠰᠢᠯᠢᠳᠡᠭᠵᠢᠬᠦᠯᠵᠤ᠂ ᠵᠠᠰᠠᠭ ᠵᠠᠬᠢᠷᠭᠠᠨ ᠤ ᠲᠤᠰᠢᠶᠠᠯ ᠬᠠᠷᠢᠭᠤᠴᠠᠯᠭ᠎ᠠ ᠶᠢᠨ ᠨᠠᠷᠢᠨ ᠲᠠᠩᠰᠠ ᠶᠢ ᠴᠠᠭ ᠲᠤᠬᠠᠢ ᠳᠤᠨᠢ ᠲᠤᠬᠢᠷᠠᠭᠤᠯᠤᠯᠳᠠ ᠬᠢᠵᠤ᠂ ᠦᠵᠡᠯ ᠰᠠᠨᠠᠭ᠎ᠠ ᠲᠤᠭᠳᠠᠪᠤᠷᠢᠳᠠᠢ᠂ ᠡᠩᠨᠡᠭᠡ ᠰᠠᠷᠨᠢᠬᠤ ᠦᠬᠡᠢ᠂ ᠠᠵᠢᠯ ᠲᠠᠰᠤᠷᠠᠬᠤ ᠦᠬᠡᠢ᠂ ᠡᠷᠴᠢ ᠵᠤᠷᠢᠭ ᠰᠤᠯᠠᠷᠠᠬᠤ ᠦᠬᠡᠢ ᠪᠠᠶᠢᠬᠤ ᠶᠢ ᠪᠡᠶᠡᠯᠡᠬᠦᠯᠵᠤ᠂ ᠪᠠᠶᠢᠭᠤᠯᠤᠮᠵᠢ ᠶᠢᠨ ᠦᠬᠡᠷᠡᠴᠢᠯᠡᠯᠳᠡ ᠪᠠ ᠬᠦᠭᠵᠢᠯᠳᠡ ᠶᠢ ᠠᠬᠢᠭᠤᠯᠤᠨ ᠬᠠᠮᠳᠤᠪᠠᠷ ᠲᠠᠪᠰᠢᠬᠤ ᠶᠢ ᠪᠡᠶᠡᠯᠡᠬᠦᠯᠤᠨ᠎ᠡ᠃ ︽ᠲᠠᠯᠪᠢᠬᠤ ᠬᠠᠮᠢᠶᠠᠷᠬᠤ ᠦᠢᠯᠡᠴᠢᠯᠡᠬᠦ︾ ᠦᠬᠡᠷᠡᠴᠢᠯᠡᠯᠳᠡ ᠶᠢ ᠴᠢᠩᠭ᠎ᠠ ᠠᠤᠡᠬᠤᠵᠤ᠂ ᠵᠠᠬ᠎ᠠ ᠲᠡᠯᠬᠡᠬᠦᠷ ᠤᠨ ᠭᠤᠤᠯ ᠴᠤᠭᠴᠠ ᠶᠢᠨ ᠡᠷᠬᠡ ᠠᠰᠢᠭ ᠢ ᠬᠠᠮᠠᠭᠠᠯᠠᠨ᠂ ᠠᠵᠤ ᠠᠬᠤᠶᠢᠯᠠᠯ ᠤᠨ ᠬᠦᠭᠵᠢᠯᠳᠡ ᠶᠢᠨ ᠠᠮᠢᠵᠢᠷᠠᠯ ᠤᠨ ᠬᠦᠴᠤᠨ ᠢ ᠬᠦᠭᠵᠢᠬᠡᠨ᠎ᠡ᠃ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠬᠦ ᠲᠦᠷᠢᠮ ᠤᠨ ᠦᠬᠡᠷᠡᠴᠢᠯᠡᠯᠳᠡ ᠶᠢ ᠴᠢᠨᠠᠷᠯᠢᠭ ᠠᠬᠢᠭᠤᠯᠵᠤ᠂ ᠬᠤᠳᠠ ᠪᠠᠯᠭᠠᠰᠤ ᠶᠢᠨ ᠬᠠᠤᠯᠢ ᠶᠤᠰᠤᠭᠠᠷ ᠬᠠᠮᠢᠶᠠᠷᠤᠯᠳᠠ ᠬᠢᠬᠦ ᠬᠢᠷᠢ ᠲᠦᠪᠰᠢᠨ ᠢ ᠲᠡᠭᠡᠭᠰᠢᠯᠡᠬᠦᠯᠤᠨ᠎ᠡ᠃ ︽ᠢᠨᠲ᠋ᠧᠷ ᠰᠦᠯᠵᠢᠶ᠎ᠡ + ᠵᠠᠰᠠᠭ ᠤᠨ ᠶᠠᠪᠤᠳᠠᠯ ᠤᠨ ᠦᠢᠯᠡᠴᠢᠯᠡᠭᠡ︾᠎ ᠶᠢ ᠶᠡᠬᠡᠪᠡᠷ ᠬᠦᠭᠵᠢᠬᠦᠯᠤᠨ᠂ ᠦᠢᠯᠡᠴᠢᠯᠡᠬᠡᠨ ᠤ ᠲᠤᠭᠳᠠᠴᠠ ᠶᠢ ᠲᠡᠬᠦᠯᠳᠡᠷᠵᠢᠬᠦᠯᠵᠤ᠂ ᠠᠵᠢᠯ ᠡᠷᠬᠢᠯᠡᠬᠦ ᠠᠯᠬᠤᠮ ᠲᠠᠷᠠᠭᠠᠯᠠᠯ ᠢ ᠬᠠᠮᠤᠭ ᠤᠨ ᠶᠡᠭᠡ ᠬᠡᠮᠵᠢᠶ᠎ᠡ ᠪᠠᠷ ᠲᠦᠬᠦᠮᠴᠢᠯᠡᠨ᠎ᠡ᠃ ︽ᠤᠶᠤᠨ ᠴᠢᠳᠠᠪᠬᠢᠳᠤ ᠬᠤᠳᠠ︾᠎ ᠶᠢᠨ ᠪᠠᠶᠢᠭᠤᠯᠤᠯᠳᠠ ᠶᠢ ᠲᠦᠯᠬᠢᠨ ᠠᠬᠢᠭᠤᠯᠵᠤ᠂ ︽ᠡᠷᠬᠡᠪᠰᠢ ᠪᠤᠳᠠᠳᠤ ᠭᠠᠵᠠᠷ ᠲᠤ ᠨᠢ ᠬᠦᠷᠴᠤ ᠰᠢᠢᠤᠡᠪᠦᠷᠢᠯᠡᠬᠦ︾᠎ ᠠᠴᠠ ︽ᠰᠦᠯᠵᠢᠶᠡᠨ ᠲᠡᠭᠡᠷ᠎ᠡ ᠬᠦᠢᠴᠡᠤᠡᠬᠡᠬᠦ︾ ᠪᠤᠯᠭᠠᠨ ᠤᠷᠤᠯᠠᠭᠤᠯᠬᠤ ᠶᠢ ᠪᠡᠶᠡᠯᠡᠬᠦᠯᠤᠨ᠂ ᠠᠵᠤ ᠠᠬᠤᠶᠢᠯᠠᠯ ᠪᠠ ᠤᠯᠠᠨ ᠲᠦᠮᠡᠨ ᠤ ᠵᠠᠰᠠᠭ ᠵᠠᠬᠢᠷᠭᠠᠨ ᠤ ᠬᠢᠨᠠᠨ ᠵᠦᠪᠰᠢᠶᠡᠷᠡᠯᠳᠡ ᠨᠢ ︽ᠨᠢᠬᠡ ᠯᠡ ᠡᠬᠦᠳᠡ ᠪᠠᠷ ᠤᠷᠤᠵᠤ᠂ ᠨᠢᠬᠡ ᠯᠡ ᠤᠳᠠᠭ᠎ᠠ ᠬᠦᠶᠤᠬᠦ︾᠎ ᠶᠢ ᠦᠨᠡᠨᠬᠦ ᠪᠡᠶᠡᠯᠡᠬᠦᠯᠵᠤ᠂ ᠠᠷᠠᠤᠨ ᠲᠤ ᠲᠦᠬᠦᠮ ᠪᠤᠯᠭᠠᠬᠤ ᠠᠵᠢᠯ ᠤᠨ ᠬᠢᠷᠢ ᠲᠦᠪᠰᠢᠨ ᠢ ᠦᠨᠡᠨᠬᠦ ᠲᠡᠭᠡᠭᠰᠢᠯᠡᠬᠦᠯᠤᠨ᠎ᠡ᠃ ᠬᠤᠳᠠᠯᠳᠤᠭᠠᠴᠢᠨ ᠤᠷᠢᠬᠤ ᠪᠠᠶᠢᠭᠤᠯᠤᠯ ᠤᠨ ᠦᠬᠡᠷᠡᠴᠢᠯᠡᠯᠳᠡ ᠶᠢ ᠠᠬᠢᠭᠤᠯᠤᠨ᠂ ᠬᠤᠳᠠᠯᠳᠤᠭᠠᠴᠢᠨ ᠤᠷᠢᠵᠤ ᠪᠡᠯᠡ ᠤᠷᠤᠭᠤᠯᠬᠤ ᠲᠤᠭᠳᠠᠴᠠ ᠶᠢ ᠲᠡᠬᠦᠯᠳᠡᠷᠵᠢᠬᠦᠯᠵᠤ᠂ ᠲᠤᠰᠬᠠᠶᠢᠵᠢᠭᠰᠠᠨ ᠪᠠ ᠵᠠᠬ᠎ᠠ ᠲᠡᠯᠬᠡᠬᠦᠷᠴᠢᠯᠡᠭᠰᠡᠨ ᠬᠤᠳᠠᠯᠳᠤᠭᠠᠴᠢᠨ ᠤᠷᠢᠬᠤ ᠡᠩᠨᠡᠭᠡ ᠶᠢ ᠪᠠᠶᠢᠭᠤᠯᠵᠤ᠂ ᠨᠠᠶᠢᠳᠠᠯᠭ᠎ᠠ ᠪᠠᠷ ᠬᠤᠳᠠᠯᠳᠤᠭᠠᠴᠢᠨ ᠤᠷᠢᠬᠤ᠂ ᠲᠠᠪᠴᠠᠩ ᠎ ᠢᠶᠠᠷ ᠬᠤᠳᠠᠯᠳᠤᠭᠠᠴᠢᠨ ᠤᠷᠢᠬᠤ᠂ ᠠᠷᠠᠯᠵᠢᠶ᠎ᠠ ᠪᠠᠷ ᠬᠤᠳᠠᠯᠳᠤᠭᠠᠴᠢᠨ ᠤᠷᠢᠬᠤ ᠪᠠ ᠠᠵᠤ ᠠᠬᠤᠶᠢᠯᠠᠯ ᠢᠶᠠᠷ ᠬᠤᠳᠠᠯᠳᠤᠭᠠᠴᠢᠨ ᠤᠷᠢᠬᠤ ᠵᠡᠷᠬᠡ ᠤᠯᠠᠨ ᠵᠤᠶᠢᠯ ᠤᠨ ᠬᠤᠳᠠᠯᠳᠤᠭᠠᠴᠢᠨ ᠤᠷᠢᠬᠤ ᠬᠡᠪ ᠵᠠᠭᠪᠤᠷ ᠢ ᠦᠷᠨᠢᠬᠦᠯᠵᠤ᠂ ᠲᠤᠮᠤ ᠬᠡᠯᠪᠡᠷᠢ ᠶᠢᠨ ᠬᠤᠳᠠᠯᠳᠤᠭᠠᠴᠢᠨ ᠤᠷᠢᠬᠤ ᠲᠠᠨᠢᠯᠴᠠᠭᠤᠯᠭ᠎ᠠ ᠶᠢᠨ ᠬᠤᠷᠠᠯ ᠳᠤ ᠢᠳᠡᠪᠬᠢᠳᠡᠢ ᠤᠷᠤᠯᠴᠠᠨ᠂ ᠬᠤᠳᠠᠯᠳᠤᠭᠠᠴᠢᠨ ᠤᠷᠢᠬᠤ ᠠᠷᠭ᠎ᠠ ᠵᠠᠮ ᠢ ᠪᠦᠬᠦ ᠲᠠᠯ᠎ᠠ ᠪᠠᠷ ᠦᠷᠬᠡᠤᠡᠬᠡᠨ᠎ᠡ᠃      ᠭᠤᠷᠪᠠ᠂ ᠵᠠᠰᠠᠭ ᠤᠨ ᠤᠷᠳᠤᠨ ᠤ ᠲᠤᠰ ᠪᠡᠶ᠎ᠡ ᠶᠢᠨ ᠪᠠᠶᠢᠭᠤᠯᠤᠯᠳᠠ ᠶᠢ ᠬᠦᠴᠤᠯᠡᠨ ᠴᠢᠩᠭᠠᠤᠡᠬᠠᠨ᠂ ᠠᠷᠠᠤᠨ ᠲᠦᠮᠡᠨ ᠬᠠᠨᠤᠮᠵᠢᠳᠠᠢ ᠵᠠᠰᠠᠭ ᠤᠨ ᠤᠷᠳᠤᠨ ᠎ ᠢ ᠴᠤᠭᠴᠠᠯᠠᠨ ᠪᠠᠶᠢᠭᠤᠯᠤᠨ᠎ᠠ      ᠠᠷᠠᠤᠨ ᠤᠯᠠᠨ ᠤ ᠬᠦᠰᠡᠯ ᠡᠷᠡᠮᠡᠯᠵᠡᠯ ᠪᠤᠯ ᠲᠦᠷᠤ ᠵᠠᠰᠠᠭ ᠤᠨ ᠴᠢᠷᠮᠠᠶᠢᠬᠤ ᠴᠢᠭᠯᠡᠯ ᠶᠤᠮ᠃ ᠪᠢᠳᠡ ᠤᠯᠤᠰ ᠲᠦᠷᠤ ᠶᠢᠨ ᠵᠠᠰᠠᠯᠳᠠ ᠶᠢᠨ ᠴᠢᠳᠠᠪᠤᠷᠢ ᠪᠠ ᠬᠢᠷᠢ ᠲᠦᠪᠰᠢᠨ ᠢ ᠲᠠᠰᠤᠷᠠᠯᠳᠠ ᠦᠬᠡᠢ ᠲᠡᠭᠡᠭᠰᠢᠯᠡᠬᠦᠯᠤᠨ᠂ ᠠᠷᠠᠤᠨ ᠤᠯᠠᠨ ᠤ ᠮᠡᠳᠡᠷᠡᠮᠵᠢ ᠶᠢᠨ ᠰᠡᠤᠡᠬᠢᠯᠬᠡ ᠪᠠ ᠬᠠᠨᠤᠮᠵᠢ ᠶᠢᠨ ᠬᠡᠮᠵᠢᠶ᠎ᠡ ᠶᠢ ᠴᠢᠷᠮᠠᠶᠢᠨ ᠲᠡᠭᠡᠭᠰᠢᠯᠡᠬᠦᠯᠤᠨ᠎ᠡ᠃     ︵ᠨᠢᠬᠡ︶ ᠨᠠᠮ ᠤᠨ ᠤᠳᠤᠷᠢᠳᠤᠯᠭ᠎ᠠ ᠶᠢ ᠴᠢᠩᠭᠠᠤᠡᠬᠠᠨ᠂ ᠰᠢᠨ᠎ᠡ ᠡᠬᠦᠷᠬᠡ ᠬᠠᠷᠢᠭᠤᠴᠠᠯᠭ᠎ᠠ ᠶᠢ ᠦᠢᠯᠡᠳᠤᠯᠬᠡᠵᠢᠬᠦᠯᠤᠨ᠎ᠡ᠃ ︽ᠲᠦᠷᠪᠡᠨ ᠤᠬᠠᠮᠰᠠᠷ︾᠎ ᠢ ᠪᠠᠳᠤ ᠪᠠᠬᠢ ᠪᠤᠢ ᠪᠤᠯᠭᠠᠨ᠂ ︽ᠲᠦᠷᠪᠡᠨ ᠢᠳᠡᠬᠡᠯ︾᠎ ᠢ ᠲᠠᠰᠤᠷᠠᠯᠳᠠ ᠦᠬᠡᠢ ᠨᠡᠮᠡᠭᠳᠡᠬᠦᠯᠵᠤ᠂ ᠰᠢ ᠶᠢᠨ ᠫᠢᠩ ᠶᠡᠷᠤᠩᠬᠡᠢ ᠱᠦᠵᠢ ᠶᠢᠨ ᠭᠤᠤᠯᠯᠠᠬᠤ ᠪᠠᠶᠢᠷᠢ ᠰᠠᠭᠤᠷᠢ ᠶᠢ ᠡᠷᠡᠰ ᠬᠠᠮᠠᠭᠠᠯᠠᠨ᠂ ᠰᠢ ᠶᠢᠨ ᠫᠢᠩ ᠶᠡᠷᠤᠩᠬᠡᠢ ᠱᠦᠵᠢ ᠪᠠᠷ ᠭᠤᠤᠯ ᠪᠤᠯᠭᠠᠭᠰᠠᠨ ᠨᠠᠮ ᠤᠨ ᠲᠦᠪ ᠬᠤᠷᠢᠶᠠᠨ ᠤ ᠡᠷᠬᠡ ᠰᠦᠷ ᠪᠠ ᠲᠦᠪᠯᠡᠷᠡᠩᠬᠦᠢ ᠨᠢᠬᠡᠳᠤᠯᠳᠡᠢ ᠤᠳᠤᠷᠢᠳᠤᠯᠭ᠎ᠠ ᠶᠢ ᠤᠬᠠᠮᠰᠠᠷ ᠠᠴᠠ ᠪᠠᠨ ᠬᠠᠮᠠᠭᠠᠯᠠᠵᠤ᠂ ᠦᠵᠡᠯ ᠰᠠᠨᠠᠭ᠎ᠠ ᠤᠯᠤᠰ ᠲᠦᠷᠤ ᠪᠠ ᠦᠢᠯᠡ ᠠᠵᠢᠯᠯᠠᠭ᠎ᠠ ᠲᠡᠭᠡᠷ᠎ᠡ ᠪᠠᠨ ᠰᠢ ᠶᠢᠨ ᠫᠢᠩ ᠨᠦᠬᠦᠷ ᠢᠶᠠᠷ ᠭᠤᠤᠯ ᠪᠤᠯᠭᠠᠭᠰᠠᠨ ᠨᠠᠮ ᠤᠨ ᠲᠦᠪ ᠬᠤᠷᠢᠶ᠎ᠠ ᠲᠠᠢ ᠲᠡᠭᠡᠳᠤ ᠬᠡᠮᠵᠢᠶ᠎ᠡ ᠪᠠᠷ ᠨᠢᠬᠡᠳᠤᠯᠳᠡᠢ ᠪᠠᠶᠢᠬᠤ ᠶᠢ ᠪᠠᠷᠢᠮᠳᠠᠯᠠᠨ᠎ᠠ᠃ ᠤᠯᠤᠰ ᠲᠦᠷᠤ ᠶᠢᠨ ᠰᠠᠬᠢᠯᠭ᠎ᠠ ᠪᠠᠳᠤ ᠪᠠ ᠶᠤᠰᠤ ᠲᠦᠷᠢᠮ ᠢ ᠴᠢᠩᠭ᠎ᠠ ᠰᠠᠬᠢᠨ᠂ ᠲᠦᠪ ᠬᠤᠷᠢᠶ᠎ᠠ ᠶᠢᠨ ᠦᠨᠳᠤᠰᠤᠨ ᠪᠤᠳᠤᠯᠭ᠎ᠠ ᠴᠢᠭᠯᠡᠯᠳᠡ ᠶᠢ ᠭᠤᠶᠢᠪᠢᠰᠢ ᠦᠬᠡᠢ ᠲᠤᠤᠱᠯᠠᠭᠤᠯᠵᠤ᠂ ᠬᠤᠳᠠ ᠶᠢᠨ ᠨᠠᠮ ᠤᠨ ᠬᠤᠷᠢᠶ᠎ᠠ᠂ ᠵᠠᠰᠠᠭ ᠤᠨ ᠤᠷᠳᠤᠨ ᠪᠠ ᠬᠤᠰᠢᠭᠤᠨ ᠤ ᠨᠠᠮ ᠤᠨ ᠬᠤᠷᠢᠶ᠎ᠠ ᠶᠢᠨ ᠡᠯ᠎ᠡ ᠲᠦᠷᠤᠯ ᠤᠨ ᠪᠠᠶᠢᠷᠢᠯᠠᠭᠤᠯᠤᠯᠳᠠ ᠶᠢᠨ ᠱᠠᠭᠠᠷᠳᠠᠯᠭ᠎ᠠ ᠶᠢ ᠨᠠᠶᠢᠳᠠᠪᠤᠷᠢᠵᠢᠭᠤᠯᠵᠤ ᠂ ᠦᠢᠯᠡ ᠠᠵᠢᠯᠯᠠᠭ᠎ᠠ ᠲᠡᠭᠡᠷ᠎ᠡ ᠪᠠᠨ ᠪᠤᠳᠠᠳᠠᠶᠢᠵᠢᠭᠤᠯᠤᠨ᠂ ᠠᠵᠢᠯ ᠤᠨ ᠦᠷ᠎ᠡ ᠪᠦᠳᠤᠮᠵᠢ ᠲᠡᠭᠡᠷ᠎ᠡ ᠪᠠᠨ ᠢᠯᠡᠷᠡᠬᠦᠯᠤᠨ᠎ᠡ᠃      ︵ᠬᠤᠶᠠᠷ︶ ᠬᠠᠤᠯᠢ ᠶᠤᠰᠤᠭᠠᠷ ᠵᠠᠰᠠᠭ ᠶᠠᠪᠤᠭᠤᠯᠬᠤ ᠶᠢ ᠴᠢᠩᠭᠠᠤᠡᠬᠠᠨ᠂ ᠰᠢᠨ᠎ᠡ ᠱᠠᠭᠠᠷᠳᠠᠯᠭ᠎ᠠ ᠶᠢ ᠢᠯᠡᠷᠡᠬᠦᠯᠤᠨ᠎ᠡ᠃ ᠦᠨᠳᠤᠰᠤᠨ ᠬᠠᠤᠯᠢ ᠪᠠᠷ ᠲᠦᠷᠤ ᠶᠢ ᠵᠠᠰᠠᠬᠤ᠂ ᠬᠠᠤᠯᠢ ᠶᠤᠰᠤᠭᠠᠷ ᠵᠠᠰᠠᠭ ᠶᠠᠪᠤᠭᠤᠯᠬᠤ ᠶᠢ ᠬᠦᠨᠵᠡᠬᠡᠢ ᠠᠬᠢᠭᠤᠯᠤᠨ᠎ᠠ᠃ ᠬᠤᠰᠢᠭᠤᠨ ᠤ ᠠᠷᠠᠤᠨ ᠤᠨ ᠲᠦᠯᠤᠬᠡᠯᠡᠭᠴᠢᠤᠨ ᠤᠨ ᠶᠡᠭᠡ ᠬᠤᠷᠠᠯ ᠵᠢᠴᠢ ᠪᠠᠶᠢᠩᠭᠤ ᠶᠢᠨ ᠬᠤᠷᠢᠶ᠎ᠠ ᠶᠢᠨ ᠰᠢᠢᠤᠡᠪᠦᠷᠢ ᠲᠤᠭᠳᠠᠭᠠᠯ ᠢ ᠴᠢᠩᠭ᠎ᠠ ᠬᠡᠷᠡᠭᠵᠢᠬᠦᠯᠤᠨ᠂ ᠬᠤᠰᠢᠭᠤᠨ ᠤ ᠠᠷᠠᠤᠨ ᠤᠨ ᠲᠦᠯᠤᠬᠡᠯᠡᠭᠴᠢᠤᠨ ᠤᠨ ᠶᠡᠭᠡ ᠬᠤᠷᠠᠯ ᠵᠢᠴᠢ ᠪᠠᠶᠢᠩᠭᠤ ᠶᠢᠨ ᠬᠤᠷᠢᠶ᠎ᠠ ᠶᠢᠨ ᠠᠵᠢᠯ ᠳᠤ ᠬᠢᠨᠠᠯᠳᠠ ᠲᠠᠯᠪᠢᠬᠤ ᠪᠠ ᠬᠠᠤᠯᠢ ᠴᠠᠭᠠᠵᠠ ᠶᠢᠨ ᠬᠢᠨᠠᠯᠳᠠ ᠲᠠᠯᠪᠢᠬᠤ ᠶᠢ ᠬᠠᠤᠯᠢ ᠶᠤᠰᠤᠭᠠᠷ ᠬᠦᠯᠢᠶᠡᠨ᠂ ᠬᠤᠰᠢᠭᠤᠨ ᠤ ᠤᠯᠤᠰ ᠲᠦᠷᠤ ᠶᠢᠨ ᠵᠦᠪᠯᠡᠯᠬᠡᠨ ᠤ ᠠᠷᠠᠤᠡᠴᠢᠯᠠᠯ ᠢᠶᠠᠷ ᠬᠢᠨᠠᠯᠳᠠ ᠲᠠᠯᠪᠢᠬᠤ ᠶᠢ ᠤᠬᠠᠮᠰᠠᠷ ᠠᠴᠠ ᠪᠠᠨ ᠬᠦᠯᠢᠶᠡᠵᠤ᠂ ᠨᠡᠶᠢᠬᠡᠮ ᠤᠨ ᠶᠠᠷᠢᠶ᠎ᠠ ᠬᠡᠯᠡᠯᠴᠡᠬᠡᠨ ᠳᠤ ᠬᠢᠨᠠᠯᠳᠠ ᠲᠠᠯᠪᠢᠬᠤ ᠶᠢ ᠰᠠᠨᠠᠭᠠᠴᠢᠯᠠᠭ᠎ᠠ ᠠᠴᠠ ᠪᠠᠨ ᠬᠦᠯᠢᠶᠡᠨ᠂ ᠠᠷᠠᠤᠨ ᠤᠨ ᠲᠦᠯᠤᠬᠡᠯᠡᠭᠴᠢᠤᠨ ᠤᠨ ᠰᠠᠨᠠᠯ ᠵᠦᠪᠯᠡᠯᠬᠡ ᠪᠠ ᠤᠯᠤᠰ ᠲᠦᠷᠤ ᠶᠢᠨ ᠵᠦᠪᠯᠡᠯᠬᠡᠨ ᠤ ᠬᠡᠰᠢᠬᠦᠤᠨ ᠎ ᠤᠨ ᠰᠠᠨᠠᠯ ᠲᠤᠷᠠᠳᠤᠯᠭ᠎ᠠ ᠶᠢ ᠬᠢᠨᠠᠮᠠᠭᠠᠢ ᠰᠢᠢᠤᠡᠪᠦᠷᠢᠯᠡᠨ᠎ᠡ᠃ ᠬᠢᠨᠠᠨ ᠪᠤᠳᠤᠯᠳᠠ ᠳᠤ ᠬᠢᠨᠠᠯᠳᠠ ᠲᠠᠯᠪᠢᠬᠤ ᠬᠦᠴᠤᠯᠡᠴᠡ ᠶᠢ ᠦᠷᠬᠡᠤᠡᠬᠡᠨ᠂ ᠲᠤᠳᠤᠭᠠᠳᠤ ᠬᠢᠨᠠᠯᠳᠠ ᠶᠢᠨ ᠲᠦᠷᠢᠮ ᠢ ᠪᠦᠬᠦ ᠲᠠᠯ᠎ᠠ ᠪᠠᠷ ᠲᠦᠯᠬᠢᠨ ᠠᠬᠢᠭᠤᠯᠵᠤ᠂ ᠬᠢᠨᠠᠨ ᠪᠤᠳᠤᠯᠳᠠ ᠶᠢ ᠪᠦᠬᠦᠨ ᠢ ᠪᠦᠷᠬᠦᠬᠦᠯᠬᠦ ᠶᠢ ᠡᠮᠬᠢ ᠴᠡᠭᠴᠡ ᠲᠠᠢ ᠶᠠᠪᠤᠭᠳᠠᠭᠤᠯᠤᠨ᠎ᠠ᠃ ᠲᠦᠪ ᠭᠤᠤᠯᠴᠢ ᠪᠤᠯᠪᠠᠰᠤᠨ ᠬᠠᠤᠯᠢ ᠬᠡᠷᠡᠭᠵᠢᠬᠦᠯᠤᠯᠳᠡ ᠶᠢ ᠴᠢᠩᠭ᠎ᠠ ᠲᠦᠷᠢᠮᠵᠢᠬᠦᠯᠤᠨ᠂ ︽ᠲᠠᠪᠤᠨ ᠬᠡᠯᠪᠡᠷᠢ︾᠎ ᠶᠢᠨ ᠵᠠᠰᠠᠭ ᠤᠨ ᠤᠷᠳᠤᠨ ᠤ ᠪᠠᠶᠢᠭᠤᠯᠤᠯᠳᠠ ᠶᠢ ᠬᠦᠨᠵᠡᠬᠡᠶᠢᠷᠡᠬᠦᠯᠵᠤ᠂ ᠵᠠᠰᠠᠭ ᠤᠨ ᠤᠷᠳᠤᠨ ᠤ ᠨᠡᠶᠢᠳᠡ ᠶᠢᠨ ᠢᠳᠡᠬᠡᠮᠵᠢ ᠶᠢᠨ ᠬᠦᠴᠤᠨ ᠪᠠ ᠬᠦᠢᠴᠡᠤᠡᠬᠡᠬᠦ ᠬᠦᠴᠤᠨ ᠢ ᠴᠢᠩᠭᠠᠤᠡᠬᠠᠨ᠎ᠠ᠃ ᠵᠠᠰᠠᠭ ᠤᠨ ᠶᠠᠪᠤᠳᠠᠯ ᠢ ᠢᠯᠡ ᠪᠤᠯᠭᠠᠬᠤ ᠠᠵᠢᠯ ᠎ ᠢ ᠪᠦᠬᠦ ᠲᠠᠯ᠎ᠠ ᠪᠠᠷ ᠠᠬᠢᠭᠤᠯᠵᠤ᠂ ᠵᠠᠰᠠᠭ ᠵᠠᠬᠢᠷᠭᠠᠨ ᠤ ᠡᠷᠬᠡ ᠶᠢ ᠢᠯᠡ ᠪᠠᠷ ᠬᠡᠷᠡᠭᠵᠢᠬᠦᠯᠤᠨ᠎ᠡ᠃     ︵ᠭᠤᠷᠪᠠ︶ ᠴᠢᠳᠠᠪᠤᠷᠢ ᠶᠢᠨ ᠲᠡᠭᠡᠭᠰᠢᠯᠡᠯᠳᠡ ᠶᠢ ᠴᠢᠩᠭᠠᠤᠡᠬᠠᠨ᠂ ᠰᠢᠨ᠎ᠡ ᠴᠢᠳᠠᠪᠤᠷᠢ ᠶᠢ ᠢᠯᠡᠷᠡᠬᠦᠯᠤᠨ᠎ᠡ᠃ ᠰᠤᠷᠤᠯᠴᠠᠯᠭ᠎ᠠ ᠶᠢ ᠤᠳᠤᠬᠠᠨ ᠤ ᠤᠯᠤᠰ ᠲᠦᠷᠤ ᠎ ᠶᠢᠨ ᠬᠠᠷᠢᠭᠤᠴᠠᠯᠭ᠎ᠠ ᠪᠠ ᠤᠶᠤᠨ ᠰᠠᠨᠠᠭᠠᠨ ᠤ ᠬᠦᠬᠡᠬᠡᠴᠡᠯᠳᠤᠯ ᠪᠤᠯᠭᠠᠬᠤ ᠶᠢ ᠪᠠᠷᠢᠮᠳᠠᠯᠠᠨ᠂ ᠪᠠᠶᠢᠴᠠᠭᠠᠨ ᠰᠤᠳᠤᠯᠤᠯᠳᠠ ᠬᠢᠬᠦ ᠶᠢ ᠴᠢᠳᠠᠪᠤᠷᠢ ᠪᠠᠨ ᠲᠡᠭᠡᠭᠰᠢᠯᠡᠬᠦᠯᠬᠦ ᠦᠨᠳᠤᠰᠤᠨ ᠠᠵᠢᠯ ᠪᠤᠯᠭᠠᠵᠤ᠂ ᠺᠠᠳ᠋ᠷᠴᠤᠤᠨ ᠤᠨ ︽ᠠᠵᠢᠯᠯᠠᠬᠤ ᠲᠤᠷ᠎ᠠ ᠦᠬᠡᠢ︾᠂ ︽ᠠᠵᠢᠯᠯᠠᠬᠤ ᠦᠬᠡᠢ︾᠂ ︽ᠵᠤᠷᠢᠭᠳᠠᠢ ᠠᠵᠢᠯᠯᠠᠬᠤ ᠦᠬᠡᠢ︾ ᠠᠰᠠᠭᠤᠳᠠᠯ ᠢ ᠬᠦᠴᠤᠯᠡᠨ ᠰᠢᠢᠤᠡᠪᠦᠷᠢᠯᠡᠵᠤ᠂ ︽ᠵᠤᠷᠢᠭᠳᠠᠢ ᠠᠵᠢᠯᠯᠠᠬᠤ︾᠂ ︽ᠠᠵᠢᠯᠯᠠᠵᠤ ᠴᠢᠳᠠᠬᠤ︾᠂ ︽ᠪᠤᠳᠠᠳᠠᠢ ᠠᠵᠢᠯᠯᠠᠬᠤ︾ ᠴᠢᠳᠠᠪᠤᠷᠢ ᠶᠢ ᠴᠢᠩᠭᠠᠤᠡᠬᠠᠨ᠂ ︽ᠨᠠᠢᠮᠠᠨ ᠶᠡᠭᠡ ᠴᠢᠳᠠᠪᠤᠷᠢ︾᠎ ᠶᠢ ᠲᠠᠰᠤᠷᠠᠯᠳᠠ ᠦᠬᠡᠢ ᠨᠡᠮᠡᠭᠳᠡᠬᠦᠯᠵᠤ᠂ ︽ᠲᠠᠪᠤᠨ ᠲᠠᠯ᠎ᠠ ᠶᠢᠨ ᠴᠢᠳᠠᠪᠤᠷᠢ ᠤᠷᠤᠶᠢᠯᠠᠭᠰᠠᠨ︾ ᠱᠠᠭᠠᠷᠳᠠᠯᠭ᠎ᠠ ᠶᠢ ᠦᠢᠯᠡᠳᠤᠯᠬᠡᠵᠢᠬᠦᠯᠤᠨ᠂ ᠠᠵᠢᠯ ᠤᠨ ᠤᠪᠤᠷ ᠰᠤᠷᠳᠠᠯ ᠢ ᠦᠨᠡᠨᠬᠦ ᠬᠤᠪᠢᠷᠠᠭᠤᠯᠵᠤ᠂ ᠬᠡᠢ ᠬᠦᠰᠡᠯ᠂ ᠬᠤᠭᠤᠰᠤᠨ ᠨᠡᠷ᠎ᠡ ᠪᠠᠷ ᠪᠢᠰᠢ᠂ ᠴᠠᠭ ᠢᠮᠠᠭᠳᠠ ᠨᠠᠶᠢᠳᠠᠪᠤᠷᠢᠵᠢᠭᠤᠯᠤᠯᠳᠠ ᠶᠢ ᠠᠤᠡᠬᠤᠨ᠂ ᠰᠡᠤᠡᠬᠢᠯ ᠨᠢᠬᠡᠳᠤᠨ ᠬᠦᠴᠤ ᠪᠠᠨ ᠬᠠᠮᠳᠤᠤᠡᠬᠠᠨ ᠬᠦᠭᠵᠢᠯᠳᠡ ᠶᠢ ᠡᠷᠢᠯᠬᠢᠯᠡᠨ᠎ᠡ᠃ ᠤᠷᠮᠠᠰᠢᠭᠤᠯᠬᠤ ᠬᠢᠵᠠᠭᠠᠷᠯᠠᠬᠤ᠂ ᠠᠯᠳᠠᠭ᠎ᠠ ᠪᠤᠷᠤᠭᠤ ᠶᠢ ᠠᠭᠤᠴᠢᠯᠠᠨ ᠵᠠᠯᠠᠷᠠᠭᠤᠯᠬᠤ ᠲᠤᠭᠳᠠᠴᠠ ᠶᠢ ᠪᠦᠷᠢᠨᠰᠢᠬᠦᠯᠤᠨ᠂ ᠠᠵᠢᠯ ᠬᠢᠭᠰᠡᠤᠨ ᠤᠨ ᠡᠷᠴᠢ ᠵᠤᠷᠢᠭ ᠢ ᠨᠢ ᠬᠦᠪᠴᠢᠯᠡᠵᠤ᠂ ᠵᠤᠷᠢᠭᠳᠠᠢ ᠪᠠᠷ ᠡᠬᠦᠷᠬᠡᠯᠡᠭᠰᠡᠤᠨ ᠲᠤ ᠲᠦᠰᠢᠭ ᠪᠤᠯᠵᠤ᠂ ᠠᠵᠢᠯ ᠬᠢᠵᠤ ᠦᠢᠯᠡᠰ ᠪᠤᠰᠬᠠᠬᠤ ᠤᠷᠴᠢᠨ ᠲᠤᠭᠤᠷᠢᠨ ᠢ ᠦᠨᠡᠨᠬᠦ ᠰᠢᠯᠢᠳᠡᠭᠵᠢᠬᠦᠯᠤᠨ᠎ᠡ᠃      ︵ᠲᠦᠷᠪᠡ︶ ᠴᠢᠬᠡᠴᠢ ᠵᠠᠰᠠᠭ ᠤᠨ ᠪᠠᠶᠢᠭᠤᠯᠤᠯᠳᠠ ᠶᠢ ᠴᠢᠩᠭᠠᠤᠡᠬᠠᠨ᠂ ᠰᠢᠨ᠎ᠡ ᠲᠦᠷᠢ ᠲᠦᠷᠬᠦ ᠶᠢ ᠱᠤᠭᠤᠨ᠎ᠠ᠃ ᠨᠠᠮ ᠢ ᠪᠦᠬᠦ ᠲᠠᠯ᠎ᠠ ᠪᠠᠷ ᠴᠢᠩᠭ᠎ᠠ ᠵᠠᠰᠠᠬᠤ ᠭᠤᠤᠯ ᠴᠤᠭᠴᠠ ᠶᠢᠨ ᠬᠠᠷᠢᠭᠤᠴᠠᠯᠭ᠎ᠠ ᠶᠢ ᠨᠠᠷᠢᠨ ᠬᠢᠨᠠᠮᠠᠭᠠᠢ ᠬᠡᠷᠡᠭᠵᠢᠬᠦᠯᠵᠤ᠂ ︽ᠨᠢᠬᠡ ᠠᠵᠢᠯ ᠤᠨ ᠪᠠᠶᠢᠷᠢ ᠬᠤᠶᠠᠷ ᠬᠠᠷᠢᠭᠤᠴᠠᠯᠭ᠎ᠠ︾᠎ ᠶᠢ ᠪᠠᠷᠢᠮᠳᠠᠯᠠᠨ  ᠂ ︽ᠲᠤᠮᠳᠠᠳᠤ ᠤᠯᠤᠰ ᠤᠨ ᠡᠪ ᠬᠠᠮᠳᠤ ᠨᠠᠮ ᠤᠨ ᠠᠷᠢᠭᠤᠨ ᠴᠢᠬᠡᠴᠢ ᠪᠠᠷ ᠪᠡᠶ᠎ᠡ ᠪᠠᠨ ᠱᠠᠭᠠᠷᠳᠠᠬᠤ ᠵᠢᠷᠤᠮᠵᠢᠯ︾᠂ ︽ᠲᠤᠮᠳᠠᠳᠤ ᠤᠯᠤᠰ ᠤᠨ ᠡᠪ ᠬᠠᠮᠳᠤ ᠨᠠᠮ ᠤᠨ ᠰᠠᠬᠢᠯᠭ᠎ᠠ ᠪᠠᠳᠤ ᠶᠢᠨ ᠰᠢᠢᠤᠡᠬᠡᠯ ᠤᠯᠭᠤᠬᠤ ᠲᠦᠷᠢᠮ︾᠎ ᠢᠶᠠᠷ ᠲᠤᠯᠢᠯᠠᠭᠤᠯᠤᠨ᠂ ᠵᠠᠰᠠᠭ ᠤᠨ ᠤᠷᠳᠤᠨ ᠤ ᠰᠢᠰᠲ᠋ᠧᠮ ᠤᠨ ᠨᠠᠮ ᠤᠨ ᠰᠤᠷᠳᠠᠯ ᠴᠢᠬᠡᠴᠢ ᠵᠠᠰᠠᠭ ᠤᠨ ᠪᠠᠶᠢᠭᠤᠯᠤᠯᠳᠠ ᠪᠠ ᠢᠯᠵᠠᠷᠠᠯ ᠢ ᠡᠰᠡᠷᠬᠦᠴᠡᠬᠦ ᠲᠡᠮᠡᠴᠡᠯ ᠢ ᠲᠠᠰᠤᠷᠠᠯᠳᠠ ᠦᠬᠡᠢ ᠲᠦᠯᠬᠢᠨ ᠠᠬᠢᠭᠤᠯᠤᠨ᠎ᠠ᠃ ᠤᠯᠤᠰ ᠲᠦᠷᠤ ᠶᠢᠨ ᠮᠤᠷᠠᠯ ᠢ ᠪᠠᠶᠢᠭᠤᠯᠬᠤ᠂ ᠶᠡᠭᠡ ᠮᠤᠷᠠᠯ ᠎ ᠢ ᠵᠢᠷᠤᠮᠯᠠᠨ ᠰᠠᠬᠢᠬᠤ᠂ ᠨᠡᠶᠢᠳᠡ ᠶᠢᠨ ᠮᠤᠷᠠᠯ ᠢ ᠰᠠᠬᠢᠬᠤ᠂ ᠬᠤᠪᠢ ᠬᠦᠮᠤᠨ ᠤ ᠮᠤᠷᠠᠯ ᠢ ᠴᠢᠩᠭᠠᠤᠡᠬᠠᠬᠤ ᠶᠢ ᠪᠠᠷᠢᠮᠳᠠᠯᠠᠵᠤ᠂ ︽ᠲᠦᠪ ᠤᠨ ᠨᠠᠢᠮᠠᠨ ᠵᠤᠷᠪᠤᠰ ᠲᠤᠭᠳᠠᠭᠠᠯ ᠎ ᠢ ᠬᠡᠷᠡᠭᠵᠢᠬᠦᠯᠬᠦ ᠨᠠᠷᠢᠨ ᠲᠦᠷᠢᠮ︾᠎ ᠢ ᠴᠢᠩᠭ᠎ᠠ ᠬᠡᠷᠡᠭᠵᠢᠬᠦᠯᠤᠨ᠂ ︽ᠲᠦᠷᠪᠡᠨ ᠰᠤᠷᠳᠠᠯ︾᠎ ᠤᠨ ᠠᠰᠠᠭᠤᠳᠠᠯ ᠢ ᠦᠷᠬᠦᠯᠵᠢᠯᠡᠨ ᠵᠠᠰᠠᠨ ᠴᠡᠭᠴᠡᠯᠡᠵᠤ᠂ ᠲᠤᠳᠤᠭᠠᠳᠤ ᠎ ᠳᠠᠭᠠᠨ ᠠᠵᠢᠯ ᠤᠨ ᠰᠠᠬᠢᠯᠭ᠎ᠠ ᠪᠠᠳᠤ ᠶᠢ ᠴᠢᠩᠭᠠᠤᠡᠬᠠᠵᠤ᠂ ᠭᠠᠳᠠᠭᠠᠳᠤ ᠳᠤ ᠵᠠᠰᠠᠭ ᠤᠨ ᠤᠷᠳᠤᠨ ᠤ ᠰᠠᠶᠢᠨ ᠰᠠᠶᠢᠬᠠᠨ ᠲᠦᠷᠢ ᠲᠦᠷᠬᠦ ᠶᠢ ᠱᠤᠭᠤᠨ᠎ᠠ᠃      ᠲᠦᠯᠤᠬᠡᠯᠡᠭᠴᠢᠤᠨ ᠡ᠂ ᠤᠭ ᠰᠠᠨᠠᠭ᠎ᠠ ᠪᠠᠨ ᠬᠡᠵᠢᠶᠡᠳᠡ ᠦᠯᠤ ᠮᠠᠷᠳᠠᠨ᠂ ᠡᠬᠦᠷᠬᠡ ᠬᠠᠷᠢᠭᠤᠴᠠᠯᠭ᠎ᠠ ᠪᠠᠨ ᠬᠡᠵᠢᠶᠡᠳᠡ ᠪᠠᠳᠤ ᠴᠡᠬᠡᠵᠢᠯᠡᠵᠤ ᠶᠠᠪᠤᠶ᠎ᠠ᠃ ᠰᠢᠨ᠎ᠡ ᠴᠠᠭ ᠦᠶ᠎ᠡ ᠶᠢᠨ ᠤᠷᠢᠶ᠎ᠠ ᠶᠢ ᠬᠠᠩᠬᠢᠨᠠᠭᠤᠯᠤᠨ ᠢᠳᠡᠬᠡᠯ ᠵᠤᠷᠢᠭ ᠢᠶᠠᠨ ᠬᠦᠪᠴᠢᠯᠡᠵᠤ᠂ ᠰᠢᠨ᠎ᠡ ᠪᠠᠷᠭᠤ ᠪᠠᠷᠠᠭᠤᠨ ᠬᠤᠰᠢᠭᠤᠨ ᠤ ᠪᠦᠳᠤᠬᠡᠨ ᠪᠠᠶᠢᠭᠤᠯᠤᠯᠳᠠ ᠳᠤ ᠬᠤᠰᠢᠭᠤᠴᠢ ᠦᠢᠯᠡᠳᠤᠯ ᠢᠶᠠᠨ ᠪᠠᠳᠠᠷᠠᠭᠤᠯᠤᠶ᠎ᠠ᠃ ᠰᠢᠨ᠎ᠡ ᠴᠠᠭ ᠦᠶ᠎ᠡ ᠶᠢᠨ ᠬᠦᠰᠡᠯ ᠤᠨ ᠵᠢᠬᠦᠷᠯᠡᠭᠴᠢ ᠪᠤᠯᠤᠭᠰᠠᠨ ᠤ ᠬᠤᠪᠢ ᠳᠤ᠂ ᠪᠢᠳᠡ ᠰᠢ ᠶᠢᠨ ᠫᠢᠩ ᠨᠦᠬᠦᠷ ᠎ ᠢᠶᠠᠷ ᠭᠤᠤᠯ ᠪᠤᠯᠭᠠᠭᠰᠠᠨ ᠨᠠᠮ ᠤᠨ ᠲᠦᠪ ᠬᠤᠷᠢᠶ᠎ᠠ ᠶᠢᠨ ᠲᠤᠭᠤᠷᠢᠨ ᠳᠤ ᠤᠯᠠᠮ ᠨᠢᠭᠳᠠᠷᠠᠨ ᠪᠦᠯᠬᠦᠮᠳᠡᠵᠤ᠂ ᠬᠤᠳᠠ ᠶᠢᠨ ᠨᠠᠮ ᠤᠨ ᠬᠤᠷᠢᠶ᠎ᠠ᠂ ᠬᠤᠳᠠ ᠶᠢᠨ ᠵᠠᠰᠠᠭ ᠎ ᠤᠨ ᠤᠷᠳᠤᠨ ᠪᠠ ᠬᠤᠰᠢᠭᠤᠨ ᠤ ᠨᠠᠮ ᠤᠨ ᠬᠤᠷᠢᠶ᠎ᠠ ᠶᠢᠨ ᠪᠠᠳᠤ ᠴᠢᠩᠭ᠎ᠠ ᠤᠳᠤᠷᠢᠳᠤᠯᠭ᠎ᠠ ᠲᠤᠤᠷ᠎ᠠ᠂ ᠨᠢᠬᠡ ᠰᠡᠤᠡᠬᠢᠯ ᠨᠢᠬᠡ ᠵᠤᠷᠢᠭ ᠢᠶᠠᠷ᠂ ᠰᠡᠤᠡᠬᠢᠯ ᠨᠢᠬᠡᠳᠤᠨ ᠬᠦᠴᠤᠨ ᠢᠶᠠᠨ ᠬᠠᠮᠳᠤᠤᠡᠬᠠᠵᠤ᠂ ᠡᠷᠡᠯᠬᠡᠭᠯᠡᠨ ᠤᠷᠤᠭᠰᠢᠯᠠᠵᠤ᠂ ᠯᠠᠪᠳᠠᠭᠤᠨ ᠪᠠᠳᠤᠳᠠᠢ ᠠᠵᠢᠯᠯᠠᠵᠤ᠂ ᠰᠢᠨ᠎ᠡ ᠪᠠᠷᠭᠤ ᠪᠠᠷᠠᠭᠤᠨ ᠬᠤᠰᠢᠭᠤᠨ ᠤ ᠬᠦᠭᠵᠢᠯ ᠴᠡᠴᠡᠭᠯᠡᠯ ᠤᠨ ᠰᠢᠨ᠎ᠡ ᠬᠠᠭᠤᠳᠠᠰᠤ ᠶᠢ ᠪᠢᠴᠢᠭᠯᠡᠨ᠂ ᠴᠢᠨᠡᠬᠡᠯᠢᠭ ᠨᠡᠶᠢᠬᠡᠮ ᠢ ᠪᠦᠬᠦ ᠲᠠᠯ᠎ᠠ ᠪᠠᠷ ᠪᠠᠶᠢᠭᠤᠯᠬᠤ ᠰᠢᠢᠤᠡᠪᠦᠷᠢᠳᠤ ᠢᠯᠠᠯᠳᠠ ᠶᠢ ᠤᠯᠬᠤ ᠶᠢᠨ ᠲᠦᠯᠤᠬᠡ ᠴᠢᠷᠮᠠᠶᠢᠨ ᠲᠡᠮᠡᠴᠡᠵᠡᠬᠡᠶ᠎ᠡ︕
ᠢᠷᠡᠯᠲᠡ᠄ ᠰᠢᠨ᠎ᠡ ᠪᠠᠷᠭᠤ ᠪᠠᠷᠠᠭᠤᠨ ᠬᠤᠰᠢᠭᠤᠨ ᠤ ᠵᠠᠰᠠᠭ ᠤᠨ ᠣᠷᠳᠣᠨ ᠤ ᠤᠷᠴᠢᠭᠤᠯᠭ᠎ᠠ ᠶᠢᠨ ᠲᠤᠪᠴᠢᠶ᠎ᠠ