ᠪᠠᠷᠭᠤᠴᠤᠳ ᠤᠨ ᠤᠪᠤᠭ᠎ᠠ ᠲᠠᠬᠢᠯᠭ᠎ᠠ
ᠨᠡᠶᠢᠲᠡᠯᠡᠭᠰᠡᠨ ᠴᠠᠭ᠄
2019/3/15
               — ᠬᠠᠭᠤᠴᠢᠨ ᠪᠠᠷᠭᠤᠴᠤᠤᠯ ᠤᠨ ︽ᠤᠪᠤᠭ᠎ᠠ︾ ᠲᠠᠬᠢᠯᠭ᠎ᠠ ᠶᠢᠨ ᠲᠤᠬᠠᠢ      1997 ᠤᠨ ᠳᠤ ︽ᠤᠩᠭᠤᠨ ᠨᠤᠳᠤᠭ ᠤᠨ ᠡᠵᠡᠳ︾ ᠭᠡᠬᠦ ᠲᠤᠮᠤ ᠭᠡᠯᠪᠠᠷᠢ ᠶᠢᠨ ︽ᠮᠤᠩᠭᠤᠯ ᠦᠨᠳᠤᠰᠤᠳᠠᠨ ᠤ ᠠᠶᠢᠮᠠᠭ ᠶᠠᠰᠤᠳᠠᠨ ᠤ ᠠᠮᠢᠳᠤᠷᠠᠯ ᠵᠠᠩᠰᠢᠯ ᠤᠨ ᠲᠤᠬᠠᠢ ᠲᠧᠯᠸᠢᠰ ᠤᠨ ᠴᠦᠷᠭᠡ ᠹᠢᠯᠢᠮ︾᠎ ᠤᠨ ᠨᠢᠭᠡᠳᠤᠭᠡᠷ ᠪᠦᠯᠦᠭ ᠲᠠᠬᠢ ︽ᠬᠠᠭᠤᠴᠢᠨ ᠪᠠᠷᠭᠤ ᠶᠢᠨ ᠲᠤᠬᠠᠢ ᠰᠠᠭᠤᠭᠳᠠᠯ︾ ᠭᠡᠮᠡᠭᠦ ᠬᠡᠰᠢᠭ ᠢ ᠨᠠᠶᠢᠷᠠᠭᠤᠯᠬᠤ ᠳᠠᠭᠠᠨ ᠪᠢ ᠢᠩᠭᠢᠵᠤ ᠪᠢᠴᠢᠭᠰᠡᠨ ᠪᠢᠯᠠ᠃      ︽ᠬᠠᠭᠤᠴᠢᠨ ᠪᠠᠷᠭᠤ ᠳᠤ ᠲᠤᠩ ᠤᠯᠠᠨ ᠬᠠᠯᠠ ᠶᠢᠨ ᠤᠪᠤᠭ᠎ᠠ ᠪᠠᠶᠢᠳᠠᠭ᠃      ᠭᠡᠳᠦ᠋ᠢᠪᠠᠷ ᠡᠷᠢᠨ ᠴᠠᠭ᠂ ᠲᠦᠷᠤ ᠭᠦᠷᠤᠨ ᠬᠠᠶᠢᠷ᠎ᠠ ᠨᠠᠶᠢᠷ ᠦᠭᠡᠢ ᠪᠠᠷ ᠲᠠᠳᠡᠨ ᠢ ᠦᠭᠡᠷᠡᠴᠢᠯᠡᠵᠤ᠂ ᠪᠦᠳᠦᠭᠡᠭᠰᠡᠭᠡᠷ ᠢᠷᠡᠭᠰᠠᠨ ᠪᠤᠯᠪᠠᠴᠤ ᠬᠠᠭᠤᠴᠢᠨ ᠪᠠᠷᠭᠤᠴᠤᠤᠯ ᠦᠪᠡᠷᠮᠢᠴᠠ ᠠᠮᠢᠳᠤᠷᠠᠯ᠂ ᠤᠳᠤᠮᠰᠢᠯᠳᠤ ᠠᠬᠤᠶᠢᠯᠠᠯ ᠢᠶᠠᠨ ᠬᠠᠳᠠᠭᠠᠯᠠᠭᠰᠠᠭᠠᠷ ᠢᠷᠡᠭᠰᠠᠨ ᠶᠤᠮ᠃      ᠤᠪᠤᠭᠠᠨ ᠲᠠᠭᠢᠯᠭ᠎ᠠ ᠲᠦᠭᠦᠮᠭᠡᠨ ᠪᠠᠶᠢᠭᠰᠠᠨ ᠴᠤ ᠭᠦᠮᠤᠰ ᠤᠨ ᠰᠦᠰᠦᠭ ᠪᠢᠰᠢᠷᠠᠯ ᠭᠡᠪ ᠢᠶᠠᠷ ᠢᠶᠠᠨ᠂ ᠡᠨᠡᠭᠦ ᠭᠢᠯᠪᠠᠷ ᠲᠦᠭᠦᠮ ᠭᠡᠯᠪᠠᠷᠢ ᠪᠠᠷ ᠲᠠᠮᠵᠢᠨ᠂ ᠬᠠᠯᠠ ᠤᠪᠤᠭ ᠤᠨ ᠲᠤᠳᠤᠷ᠎ᠠ ᠬᠤᠭᠤᠷᠤᠨᠳᠤ ᠪᠠᠨ ᠬᠠᠷᠢᠴᠠᠭ᠎ᠠ ᠬᠤᠯᠪᠤᠭ᠎ᠠ ᠪᠠᠨ ᠨᠢᠭᠳᠠᠷᠠᠭᠤᠯᠤᠨ᠂ ᠭᠡᠤᠭᠡᠳ ᠠᠴᠢ ᠨᠠᠷ ᠬᠤᠭᠤᠷᠤᠨᠳᠤ ᠪᠠᠨ ᠮᠠᠳᠡᠯᠴᠠᠨ ᠲᠠᠨᠢᠯᠴᠠᠵᠤ ᠂ ᠢᠵᠢᠯᠢᠰᠢᠨ ᠲᠤᠳᠤᠨᠤᠴᠢᠯᠠᠬᠤ ᠶᠢ ᠡᠷᠭᠢᠮᠯᠡᠳᠡᠭ ᠪᠠᠶᠢᠨ᠎ᠠ᠃      ︽ᠤᠪᠤᠭ᠎ᠠ ᠲᠠᠭᠢᠬᠤ ᠡᠶᠢᠮᠤ ᠲᠡᠶᠢᠮᠤ ᠤᠯᠠᠨ ᠲᠠᠶᠢᠯᠪᠤᠷᠢ ᠭᠡᠯᠡᠯᠴᠡᠭᠡᠨ ᠲᠠᠢ ᠪᠠᠶᠢᠭᠰᠠᠨ ᠴᠤ ᠪᠢ ᠶᠠᠷᠤᠨᠢ ᠡᠪᠦᠭᠡ ᠲᠡᠭᠡᠳᠦᠰ ᠢᠶᠠᠨ ᠰᠢᠳᠤᠨ ᠲᠠᠭᠢᠵᠤ ᠪᠠᠶᠢᠭ᠎ᠠ ᠭᠡᠳᠡᠭ ᠢ ᠯᠠ ᠢᠳᠡᠭᠡᠳᠡᠭ᠃ ᠶᠠᠭᠠᠭᠢᠭᠠᠳ ᠭᠡᠪᠡᠯ ᠮᠠᠨ ᠤ ᠡᠪᠦᠭᠡ ᠲᠡᠭᠡᠳᠤᠰ ᠤᠨ ᠰᠦᠨᠡᠰᠤ ᠭᠡᠶᠢᠮᠤᠷᠢ ᠦᠨᠳᠤᠷ ᠠᠭᠤᠯᠠ᠂ ᠦᠳᠭᠡᠨ ᠰᠢᠭᠤᠢ ᠳᠤ ᠪᠠᠶᠢᠳᠠᠭ ᠡ ᠁      ᠶᠡᠷᠤᠨᠢ ︽ᠤᠪᠤᠭ᠎ᠠ︾᠎ ᠶᠢᠨ ᠲᠤᠬᠠᠢ ᠡᠯ᠎ᠠ ᠤᠯᠤᠰ ᠦᠨᠳᠤᠰᠤᠳᠠᠨ ᠤ ᠰᠤᠳᠤᠯᠭᠠᠳᠠᠨ ᠶᠠᠩᠵᠤ ᠶᠠᠩᠵᠤ ᠶᠢᠨ ᠲᠠᠶᠢᠯᠪᠤᠷᠢ ᠭᠢᠵᠤ ᠤᠯᠠᠨ ᠶᠡᠭᠡ ᠠᠮᠵᠢᠯᠳᠠ ᠪᠦᠳᠦᠭᠡᠯ ᠢ ᠭᠠᠷᠭᠠᠭᠰᠠᠭᠠᠷ ᠢᠷᠡᠭᠰᠠᠨ ᠴᠦ ᠪᠠᠭᠴᠠᠯᠠᠭᠠᠳ ᠦᠵᠡᠪᠡᠯ ᠶᠡᠭᠡ ᠲᠦᠯᠦᠪ ᠲᠡᠭᠡᠨ ᠢᠩᠭᠢᠵᠤ ᠭᠡᠯᠡᠵᠤ ᠪᠠᠶᠢᠨ᠎ᠠ᠃      ᠨᠢᠭᠡ ᠨᠢ᠂ ᠮᠤᠩᠭᠤᠯ ᠠᠶᠢᠮᠠᠭ ᠤᠳ ᠲᠠᠶᠢᠨ ᠳᠤ ᠨᠦᠭᠴᠢᠭᠰᠡᠨ ᠪᠠᠭᠠᠳᠤᠷᠴᠤᠳ ᠢᠶᠠᠨ ᠲᠡᠮᠳᠡᠭᠯᠡᠨ ᠲᠤᠷᠠᠰᠬᠠᠬᠤ ᠪᠠᠷ ᠤᠪᠤᠭᠠᠯᠠᠭᠰᠠᠨ ᠴᠢᠯᠠᠭᠤᠨ ᠤᠪᠤᠭ᠎ᠠ᠃ ᠲᠡᠭᠦᠨ ᠤ ᠲᠤᠤᠷ᠎ᠠ ᠪᠠᠭᠠᠳᠤᠷᠴᠤᠳ ᠤᠨ ᠦᠯᠡᠳᠡᠭᠳᠡᠯ ᠡᠳ᠋ᠯᠡᠯ ᠢ ᠪᠤᠯᠠᠰᠢᠯᠠᠵᠤ ᠪᠠᠶᠢᠨ᠎ᠠ᠃      ᠬᠤᠶᠠᠷ ᠲᠤᠨᠢ᠂ ᠮᠤᠩᠭᠤᠯ ᠮᠠᠯᠴᠢᠳ ᠤᠨ ᠲᠡᠭᠷᠢ ᠲᠠᠭᠢᠵᠤ ᠬᠤᠷ᠎ᠠ ᠭᠦᠰᠡᠳᠡᠭ ᠲᠠᠭᠢᠯᠭ᠎ᠠ ᠶᠢᠨ ᠭᠠᠵᠠᠷ᠃      ᠭᠤᠷᠪᠠ ᠨᠢ᠄ ᠵᠢᠩᠴᠢᠳ ᠤᠨ ᠵᠠᠮ ᠤᠨ ᠲᠡᠮᠳᠡᠭ᠃      ᠲᠦᠷᠪᠡ ᠨᠢ᠄ ᠠᠶᠢᠮᠠᠭ ᠤᠳ ᠤᠨ ᠲᠠᠶᠢᠨ ᠤ ᠦᠶᠡᠰ ᠲᠤ ᠲᠤᠭᠢᠶ᠎ᠠ ᠠᠪᠤᠯᠴᠠᠳᠠᠭ ᠤᠷᠤᠢ᠃ ᠲᠤᠳᠤᠷ᠎ᠠ ᠭᠠᠵᠠᠷ ᠤᠨ ᠴᠤᠨᠵᠢ ᠶᠢᠨ ᠭᠠᠯ ᠤᠳᠤᠭ᠎ᠠ ᠪᠠᠷ ᠲᠤᠭᠢᠶ᠎ᠠ ᠰᠤᠷᠠᠭ ᠲᠠᠯᠪᠢᠳᠠᠭ ᠲᠠᠢ ᠲᠦᠰᠦᠭᠡᠳᠡᠢ᠃ ᠪᠠᠰᠠ ᠵᠠᠷᠢᠮ ᠨᠢ ᠬᠤᠰᠢᠭᠤ ᠨᠤᠳᠤᠭ ᠤᠨ ᠵᠠᠭᠠᠭ ᠤᠨ ᠲᠡᠮᠳᠡᠭ ᠭᠡᠵᠤ ᠪᠠᠶᠢᠨ᠎ᠠ᠃      ︽ᠤᠪᠤᠭ᠎ᠠ︾᠎ ᠶᠢᠨ ᠲᠦᠷᠰᠤ ᠭᠡᠯᠪᠠᠷᠢ ᠨᠢ ᠴᠤ ᠪᠦᠷᠢᠮᠤᠰᠤᠨ ᠠᠳᠠᠯᠢ ᠦᠭᠡᠢ᠃ ᠮᠢᠨᠤ ᠤᠶᠢᠯᠠᠭᠠᠭᠰᠠᠨ ᠢᠶᠠᠷ ᠦᠪᠤᠷ ᠮᠤᠩᠭᠤᠯ ᠤᠨ ᠵᠡᠭᠦᠨ ᠭᠡᠰᠡᠭ ᠨᠤᠳᠤᠭ ᠤᠳ ᠢᠶᠠᠷ ︽ᠤᠪᠤᠭ᠎ᠠ︾᠎ ᠪᠠᠨ ᠴᠢᠯᠠᠭᠤ ᠪᠠᠷ ᠲᠤᠭᠤᠢ ᠰᠠᠭᠤᠷᠢ ᠲᠠᠢ ᠮᠦᠷᠳᠡᠭᠡᠨ ᠱᠤᠷᠤᠯᠵᠢᠨ ᠭᠡᠯᠪᠠᠷᠢ ᠪᠠᠷ ᠤᠷᠦ᠋ᠢᠯᠠᠨ ᠤᠪᠤᠭᠠᠯᠠᠳᠠᠭ᠃ ᠵᠠᠷᠢᠮ ᠴᠢᠯᠠᠭᠤ ᠬᠠᠳᠠ ᠦᠭᠡᠢ ᠨᠤᠳᠤᠭ ᠲᠤ ᠪᠤᠷᠭᠠᠰᠤᠨ ᠭᠦᠰᠢᠶ᠎ᠠ ᠭᠦᠷᠤᠵᠤ ᠪᠠᠭᠢᠯᠡᠭᠡᠳ ᠰᠢᠷᠤᠢ ᠪᠠᠷ ᠤᠪᠤᠭᠠᠯᠠᠭᠰᠠᠨ ᠨᠢ ᠪᠠᠶᠢᠳᠠᠭ᠃ ᠦᠪᠤᠷ ᠮᠤᠩᠭᠤᠯ ᠤᠨ ᠪᠠᠷᠠᠭᠤᠨ ᠭᠡᠰᠡᠭ ᠤᠨ ᠨᠤᠳᠤᠭ ᠤᠳ ᠤᠨ ︽ᠤᠪᠤᠭ᠎ᠠ︾᠎ ᠨᠤᠭᠤᠳ ᠶᠡᠷᠤᠩᠭᠡᠢ ᠳᠡᠭᠡᠨ ᠭᠤᠷᠪᠠ ᠪᠤᠶᠤ ᠲᠠᠪᠤ ᠪᠠᠷ ᠱᠠᠳᠤᠯᠠᠭᠰᠠᠨ ᠰᠤᠪᠤᠷᠭ᠎ᠠ ᠶᠢᠨ ᠭᠡᠯᠪᠠᠷᠢ ᠲᠠᠢ ᠨᠢ ᠤᠯᠠᠨ ᠦᠵᠡᠭᠳᠡᠳᠡᠭ᠃ ᠲᠡᠭᠡᠭᠡᠳ ᠪᠠᠰᠠ ᠠᠶᠢᠮᠠᠭ ᠤᠨ ︵ᠴᠢᠭᠤᠯᠭᠠᠨ ᠤ︶ ᠤᠪᠤᠭ᠎ᠠ᠂ ᠬᠤᠰᠢᠭᠤ ᠤᠪᠤᠭ᠎ᠠ᠂ ᠰᠤᠮᠤᠨ ᠤᠪᠤᠭ᠎ᠠ᠂ ᠬᠠᠯᠠ ᠤᠪᠤᠭ ᠤᠨ ᠤᠪᠤᠭ᠎ᠠ ᠭᠡᠵᠤ ᠪᠠᠶᠢᠳᠠᠭ᠃ ᠪᠠᠰᠠ ᠨᠠᠷᠢᠨ ᠬᠤᠪᠢᠶᠠᠪᠠᠯ ᠡᠷᠡᠴᠤᠳ ᠤᠨ ᠤᠪᠤᠭ᠎ᠠ᠂ ᠦᠬᠢᠳ ᠪᠠᠷᠢᠶᠠᠳ ᠤᠨ ᠤᠪᠤᠭ᠎ᠠ ᠪᠤᠯᠤᠨ ᠭᠡᠤᠭᠡᠳ ᠤᠨ ᠤᠪᠤᠭ᠎ᠠ ᠁ ᠭᠡᠵᠤ ᠪᠠᠶᠢᠳᠠᠭ᠃      ︽ᠤᠪᠤᠭ᠎ᠠ︾ ᠪᠤᠯ ᠮᠤᠩᠭᠤᠯᠴᠤᠳ ᠤᠨ ᠲᠠᠭᠢᠯᠭ᠎ᠠ ᠶᠢᠨ ᠰᠢᠳᠦᠭᠡᠨ ᠳᠤ ᠬᠠᠮᠤᠭ ᠤᠨ ᠴᠢᠬᠤᠯᠠ ᠠᠴᠢᠶᠠᠯᠠᠪᠤᠷᠢ ᠪᠤᠯᠤᠨ ᠪᠦᠭᠡ ᠶᠢᠨ ᠱᠠᠰᠢᠨ ᠤ ᠭᠤᠤᠯ ᠪᠤᠯᠬᠤ ᠲᠠᠭᠢᠯᠭ᠎ᠠ ᠶᠢᠨ ᠶᠤᠰᠤᠯᠠᠯ ᠶᠠᠪᠤᠭᠤᠯᠳᠠᠭ ᠭᠠᠵᠠᠷ ᠪᠤᠯᠬᠤ ᠶᠤᠮ᠃ ᠡᠭᠦᠨ ᠳᠡᠭᠡᠨ᠂ ᠴᠢᠰᠤᠨ ᠲᠠᠭᠢᠯᠭ᠎ᠠ ︵ᠠᠯᠠᠰᠢ ᠡᠷᠭᠦᠭᠦ︶᠂ ᠠᠷᠢᠭᠢᠨ ᠲᠠᠭᠢᠯᠭ᠎ᠠ ︵ᠰᠠᠭᠠᠯᠢ ᠶᠤᠮ ᠤᠤ︖ ᠰᠠᠭᠠᠯᠢ ᠶᠢᠨ ᠠᠷᠢᠭᠢ ᠪᠠᠷ ᠰᠠᠴᠤᠯᠢ ᠡᠷᠬᠦᠨ ᠲᠠᠭᠢᠬᠤ︶︔ ᠭᠠᠯ ᠲᠠᠭᠢᠯᠭ᠎ᠠ ︵ᠭᠠᠯ ᠠᠰᠠᠭᠠᠵᠤ ᠪᠦᠭᠦᠯᠢ ᠶᠤᠮ ᠤᠤ︖ ᠤᠭᠤᠴᠠ ᠡᠷᠭᠦᠭᠦ︶᠂ ᠬᠠᠰ ᠲᠠᠭᠢᠯᠭ᠎ᠠ ︵ᠬᠠᠰ ᠡᠳ᠋ᠯᠡᠯ ᠢᠶᠠᠷ ᠲᠠᠭᠢᠬᠤ᠂ ᠰᠡᠭᠦᠯ ᠤᠨ ᠦᠶ᠎ᠠ ᠳᠤ ᠡᠷᠳᠡᠨᠢ ᠶᠢᠨ ᠴᠢᠯᠠᠭᠤ᠂ ᠵᠤᠭᠤᠰ ᠪᠤᠶᠤ ᠪᠤᠯᠤᠭᠰᠠᠨ ᠪᠤᠳᠠᠭ᠎ᠠ ᠪᠠᠷ ᠤᠷᠤᠯᠠᠵᠠᠢ︶ ᠭᠡᠭᠦ ᠮᠡᠳᠤ ᠪᠠᠷ ᠬᠤᠪᠢᠶᠠᠷᠢᠯᠠᠳᠠᠭ᠃      ᠮᠤᠩᠭᠤᠯ ᠤᠷᠤᠨ ᠳᠤ ᠰᠢᠷ᠎ᠠ ᠶᠢᠨ ᠱᠠᠰᠢᠨ ᠤᠷᠤᠵᠤ ᠢᠷᠡᠭᠰᠠᠨ ᠠᠴᠠ ᠬᠤᠶᠢᠰᠢ ᠲᠠᠶᠢᠯᠦᠩᠭᠢ ᠨᠤᠳᠤᠭ ᠤᠨ ︽ᠣᠪᠤᠭ᠎ᠠ︾ ᠲᠠᠭᠢᠯᠭ᠎ᠠ ᠳᠤ ᠰᠢᠷ᠎ᠠ ᠶᠢᠨ ᠱᠠᠰᠢᠨ ᠤ ᠨᠦᠯᠦᠭᠡ ᠶᠢ ᠶᠡᠭᠡ ᠭᠦᠷᠳᠡᠭᠰᠠᠨ ᠪᠠᠶᠢᠪᠠ᠃ ᠭᠡᠪᠡᠴᠤ ᠭᠡᠳᠤᠨ ᠮᠢᠩᠭᠠᠨ ᠵᠢᠯ ᠤᠨ ᠲᠤᠷᠰᠢ ᠪᠦᠭᠡ ᠶᠢᠨ ᠰᠤᠶᠤᠯ ᠢᠶᠠᠷ ᠭᠤᠤᠯ ᠰᠢᠳᠦᠭᠡᠨ ᠢᠶᠠᠨ ᠪᠤᠯᠭᠠᠵᠤ ᠪᠠᠶᠢᠭᠰᠠᠨ ᠮᠤᠩᠭᠤᠯᠴᠤᠳ ᠢ ᠤᠳᠤᠮᠰᠢᠯᠠᠯᠳᠤ ᠰᠢᠳᠦᠭᠡᠨ ᠢᠶᠠᠨ ᠤᠷᠤ ᠮᠦᠷ ᠦᠭᠡᠢ ᠤᠷᠭᠢᠭᠳᠠᠭᠤᠯᠤᠨ᠎ᠠ ᠭᠡᠰᠡᠨ ᠤᠷᠤᠯᠳᠤᠯᠭ᠎ᠠ ᠨᠢ ᠮᠤᠬᠤᠷᠳᠠᠬᠤ ᠳᠠᠭᠠᠨ ᠰᠢᠷ᠎ᠠ ᠶᠢᠨ ᠱᠠᠰᠢᠨ ︽ᠤᠪᠤᠭ᠎ᠠ︾ ᠲᠠᠭᠢᠯᠭ᠎ᠠ ᠶᠢᠨ ᠶᠤᠰᠤᠨ ᠳᠤ ᠪᠦᠭᠡ ᠶᠢᠨ ᠶᠤᠰᠤᠨ ᠲᠠᠢ ᠠᠷᠭ᠎ᠠ ᠪᠤᠰᠤ ᠡᠪᠰᠡᠯᠳᠤᠨ ᠵᠤᠭᠢᠴᠠᠯ᠎ᠠ᠃ᠦᠨᠡᠨ ᠢ ᠭᠡᠯᠡᠪᠡᠯ ᠬᠤᠶᠠᠷ ᠵᠦᠢᠯ ᠤᠨ ᠰᠢᠳᠦᠭᠡᠨ ᠭᠡᠳᠦ᠋ᠢᠪᠠᠷ ᠨᠡᠯᠢᠶᠡᠳ ᠤᠨᠳᠤᠤ ᠪᠤᠯᠪᠠᠴᠤ ᠠᠮᠢ ᠠᠬᠤᠢ᠂ ᠶᠡᠭᠡ ᠪᠠᠶᠢᠭᠠᠯᠢ ᠶᠢᠨ ᠲᠤᠬᠠᠢ ᠤᠬᠠᠭᠠᠷᠠᠮᠵᠢ ᠨᠢ ᠲᠦᠰᠦᠭᠡᠳᠡᠢ ᠪᠠᠶᠢᠳᠠᠭ᠃ ᠡᠷᠳᠡᠨ ᠠᠴᠠ ᠮᠤᠩᠭᠤᠯᠴᠤᠳ ᠲᠡᠭᠷᠢ ᠪᠠᠨ‌‍ᠲ᠋ᠠᠭᠢᠵᠤ ᠭᠠᠵᠠᠷ ᠢ ᠰᠢᠳᠦᠳᠡᠭ᠃ ᠲᠡᠭᠷᠢ ᠪᠤᠯ ᠰᠦᠨᠡᠰᠤ ᠶᠢ ᠤᠯᠭᠤᠭᠰᠠᠨ ᠡᠴᠢᠭᠡ᠂ ᠭᠠᠵᠠᠷ ᠪᠤᠯ ᠮᠠᠬᠠᠪᠤᠳ ᠢ ᠵᠠᠶᠠᠭᠠᠭᠰᠠᠨ ᠡᠭᠡ ᠭᠡᠳᠡᠭ᠃ ᠠᠯᠢᠪᠠ ᠪᠦᠭᠦᠨ ᠲᠡᠭᠷᠢ ᠲᠠᠢ᠂ ᠲᠡᠶᠢᠮᠤ ᠪᠤᠯᠬᠤᠷ ︽ᠤᠪᠤᠭ᠎ᠠ︾ ᠲᠠᠭᠢᠵᠤ ᠪᠠᠶᠢᠭ᠎ᠠ ᠨᠢ ᠠᠯᠢᠪᠠ ᠪᠦᠭᠦᠨ ᠤ ᠲᠡᠭᠷᠢ ᠶᠢ ᠲᠠᠭᠢᠵᠤ ᠪᠠᠶᠢᠭ᠎ᠠ ᠶᠤᠰᠤ᠃ ᠤᠴᠢᠷ ᠨᠢ ᠲᠡᠭᠷᠢ ᠶᠢᠨ ᠰᠠᠭᠢᠭᠤᠯᠰᠤᠨ ᠤ ᠭᠡᠷ ᠨᠢ ︽ᠤᠪᠤᠭ᠎ᠠ︾᠎ ᠳᠤ ᠪᠠᠶᠢᠨ᠎ᠠ᠃ ︽ᠤᠪᠤᠭ᠎ᠠ︾᠎ ᠪᠠᠷ ᠲᠠᠮᠵᠢᠭᠤᠯᠤᠨ ᠲᠡᠭᠷᠢ ᠳᠤ ᠲᠠᠭᠠᠳᠬᠠᠨ᠎ᠠ ᠭᠡᠳᠡᠭ ᠭᠦᠨ ᠠᠭᠤᠯᠭ᠎ᠠ ᠶᠢ ᠬᠠᠳᠠᠭᠠᠯᠠᠵᠤ ᠪᠠᠶᠢᠭ᠎ᠠ ᠤᠳᠬ᠎ᠠ ᠲᠠᠢ᠃ ᠯᠠᠮᠠ ᠬᠤᠸᠠᠷᠠᠭ ︽ᠤᠪᠤᠭ᠎ᠠ︾ ᠲᠠᠭᠢᠯᠭ᠎ᠠ ᠳᠤ ᠢᠷᠠᠵᠤ᠂ ︽ᠭᠠᠨᠵᠤᠤᠷ︾᠂ ︽ᠳ᠋ᠠᠨᠵᠤᠤᠷ︾᠎ ᠤᠨ ᠵᠠᠷᠢᠮ ᠪᠦᠯᠦᠭ ᠢ ᠤᠩᠰᠢᠨ᠂ ︽ᠨᠠᠮᠳᠠᠭ ᠰᠠᠩ︾ ᠲᠠᠯᠪᠢᠳᠠᠭ ᠤᠨ ᠤᠴᠢᠷ ᠨᠢ ᠮᠦᠨ ᠴᠤ ᠡᠭᠦᠨ ᠳᠤ ᠤᠷᠤᠰᠢᠨ᠎ᠠ᠃      ᠲᠡᠭᠡᠪᠡᠯ᠂ ᠮᠠᠨ ᠤ ᠬᠠᠭᠤᠴᠢᠨ ᠪᠠᠷᠭᠤᠴᠤᠤᠯ ᠤᠨ ︽ᠤᠪᠤᠭ᠎ᠠ︾ ᠪᠠ ︽ᠤᠪᠤᠭ᠎ᠠ︾ ᠲᠠᠭᠢᠯᠭ᠎ᠠ ᠨᠢ ᠶᠠᠮᠠᠷ ᠦᠪᠡᠷᠮᠢᠴᠠ ᠤᠨᠴᠠᠯᠢᠭ ᠲᠠᠢ ᠪᠤᠢ︖ ᠭᠡᠪᠡᠯ᠄ ᠨᠠᠳᠠ ᠲᠤᠤᠷᠠᠬᠢ ᠮᠡᠳᠦ ᠭᠦᠶᠦᠭᠡᠨ ᠤᠶᠢᠯᠠᠭᠠᠯᠳᠠ ᠲᠦᠭᠦᠮᠭᠡᠨ ᠲᠦᠷᠦᠭᠳᠡᠯ ᠲᠠᠢ᠃      ᠶᠠᠭᠤᠨ ᠤ ᠡᠮᠤᠨ᠎ᠠ ︽ᠤᠪᠤᠭ᠎ᠠ︾᠎ ᠶᠢᠨ ᠭᠡᠯᠪᠠᠷᠢ ᠲᠦᠷᠰᠤ ᠶᠢ ᠠᠵᠢᠭᠯᠠᠪᠠᠯ᠂ ᠬᠠᠭᠤᠴᠢᠨ ᠪᠠᠷᠭᠤ ᠨᠤᠳᠤᠭ ᠲᠤ ᠦᠨᠤ ᠶᠢᠨ ᠠᠮᠢᠳᠤ ᠤᠪᠤᠭ᠎ᠠ ᠶᠢᠨ ᠭᠠᠳᠠᠷ ᠭᠡᠯᠪᠠᠷᠢ ᠨᠢ ᠤᠶᠢᠷ᠎ᠠ ᠤᠷᠴᠢᠨ ᠤ ᠪᠠᠨ ᠦᠨᠳᠤᠷ ᠭᠠᠵᠠᠷ ᠲᠤ ᠴᠢᠯᠠᠭᠤ ᠪᠠᠷ ᠤᠪᠤᠭᠠᠯᠠᠨ ᠴᠤᠭᠴᠠᠯᠠᠭᠰᠠᠨ ᠪᠠᠶᠢᠳᠠᠭ᠃ ᠲᠦᠭᠦᠷᠢᠭ ᠰᠠᠭᠤᠷᠢ ᠲᠠᠢ ᠲᠡᠭᠡᠭᠰᠢ ᠪᠠᠨ ᠤᠪᠤᠭᠠᠯᠠᠵᠤ᠂ ᠮᠤᠩᠭᠤᠯ ᠭᠡᠷ ᠤᠨ ᠤᠷᠤᠢ ᠰᠢᠬ ᠱᠤᠷᠤᠯᠵᠢᠨ ᠭᠡᠯᠪᠠᠷᠢ ᠲᠠᠢ᠃ ᠶᠡᠭᠡᠭᠡᠨ ᠴᠢᠯᠠᠭᠤ ᠪᠠᠷ ᠦᠨᠳᠤᠷ ᠰᠢᠭ ᠪᠤᠰᠬᠠᠬᠤ ᠶᠢᠨ ᠲᠤᠯᠠ ᠬᠠᠶᠠᠭ᠎ᠠ ᠪᠠᠷ ᠨᠢ ᠬᠠᠨ᠎ᠠ ᠰᠢᠬ ᠡᠭᠴᠡᠯᠡᠨ ᠭᠦᠷᠢᠶᠡᠯᠡᠳᠡᠭ᠃ ︽ᠤᠪᠤᠭ᠎ᠠ︾᠎ ᠶᠢᠨ ᠦᠨᠳᠤᠷ ᠤᠷᠤᠢ ᠳᠤᠨᠢ ᠭᠤᠤᠯ ᠤᠨ ᠪᠤᠷᠭᠠᠰᠤ ᠰᠢᠭᠢᠳᠭᠡᠨ ᠪᠤᠰᠬᠠᠨ᠎ᠠ᠃ ᠬᠠᠭᠤᠴᠢᠨ ᠪᠠᠷᠭᠤᠴᠤᠤᠯ ᠤᠨ ︽ᠤᠪᠤᠭ᠎ᠠ︾᠎ ᠶᠢᠨ ᠡᠨᠡᠭᠦ ᠬᠤᠶᠠᠷ ᠭᠤᠤᠯ ᠮᠠᠲ᠋ᠧᠷᠢᠶᠠᠯ ᠢᠶᠠᠷ ᠡᠶᠢᠮᠤ ᠭᠡᠯᠪᠠᠷᠢ ᠲᠦᠷᠰᠤ ᠶᠢ ᠪᠦᠷᠢᠳᠦᠭᠦᠯᠦᠭᠰᠠᠨ ᠨᠢ ᠶᠠᠭ ᠦᠨᠳᠤᠷ ᠠᠭᠤᠯᠠ᠂ ᠦᠳᠭᠡᠨ ᠰᠢᠭᠤᠢ ᠳᠤ ᠪᠠᠶᠢᠭᠰᠠᠨ ᠡᠪᠦᠭᠡ ᠲᠡᠭᠡᠳᠦᠰ ᠢᠶᠠᠨ ᠭᠦᠨᠳᠤᠳᠭᠡᠨ ᠲᠤᠷᠠᠰᠬᠠᠵᠤ᠂ ᠡᠷᠭᠦᠨ ᠲᠡᠭᠡᠳᠦᠯᠡᠵᠤ ᠪᠠᠶᠢᠭ᠎ᠠ ᠶᠢᠨ ᠤᠴᠢᠷ ᠪᠢᠯᠠ᠃ ᠡᠷᠳᠡ ᠲᠡᠭᠡᠷ᠎ᠠ ᠦᠶ᠎ᠠ ᠳᠤ ᠪᠠᠷᠭᠤᠴᠤᠤᠯ ᠤᠨ ᠡᠪᠦᠭᠡ ᠲᠡᠭᠡᠳᠤᠰ ᠪᠠᠷᠭᠤᠳᠠᠢ ᠮᠡᠷᠭᠡᠨ ᠲᠦᠷᠦᠬᠦᠦ ᠲᠠᠢ ᠲᠡᠭᠡᠳᠦᠯᠡ ᠠᠭᠤᠤ ᠪᠠᠶᠢᠭᠠᠯ ᠤᠨ ᠵᠡᠭᠦᠨ ᠬᠤᠶᠢᠳᠤ ᠭᠡᠰᠡᠭ ᠤᠨ ᠪᠠᠷᠭᠤᠵᠢᠨ ᠭᠤᠤᠯ ᠤᠨ ᠭᠦᠨᠳᠡᠢ — ᠪᠠᠷᠭᠤᠵᠢᠨ ᠲᠦᠭᠦᠮ ᠳᠤ ᠰᠠᠭᠤᠷᠢᠰᠢᠨ ᠠᠮᠢᠳᠤᠷᠠᠵᠤ ᠪᠠᠶᠢᠭᠰᠠᠨ ᠢ ᠲᠡᠤᠭᠡ ᠱᠠᠰᠳᠢᠷ ᠲᠤ ᠲᠤᠳᠤᠷᠬᠠᠢ ᠲᠡᠮᠳᠡᠭᠯᠡᠯ ᠲᠠᠢ᠃ ᠡᠨᠡᠭᠦ ᠨᠤᠳᠤᠭ ᠲᠤ ᠤᠳᠦ ᠴᠤ ᠭᠡᠳ ᠲᠦᠷᠪᠡᠨ ᠤᠯᠠᠷᠢᠯ ᠳᠤ ᠬᠠᠶᠢᠯᠳᠠᠭ ᠦᠭᠡᠢ ᠮᠦᠡᠭᠭᠡ ᠰᠠᠷᠢᠳᠠᠭ ᠤᠷᠬᠢᠯ ᠲᠠᠢ ᠦᠨᠳᠤᠷ ᠰᠦᠷᠯᠢᠭ ᠠᠭᠤᠯᠠ ᠬᠠᠶᠢᠷᠬᠠᠳ ᠪᠤᠢ᠃ ᠭᠦᠪᠡᠭᠡ ᠭᠢᠵᠠᠭᠠᠷ ᠦᠭᠡᠢ ᠰᠢᠪᠢᠷᠢ ᠰᠢᠭᠤᠢ ᠲᠠᠢ᠃ ᠪᠠᠶᠢᠩᠭᠤ ᠭᠠᠯ ︵ᠪᠠᠶᠢᠭᠠᠯ︶ ᠰᠢᠪᠢᠷᠢ ︵ᠤᠷᠤᠰ ᠤᠨ ᠵᠡᠭᠦᠨ ᠭᠡᠰᠡᠭ ᠤᠨ ᠰᠢᠪᠧᠷᠢᠶ᠎ᠠ︶ ᠰᠢᠭᠤᠢ ᠠᠴᠠ ᠵᠡᠭᠦᠨᠰᠢᠯᠡᠭᠰᠠᠨ ᠬᠠᠭᠤᠴᠢᠨ ᠪᠠᠷᠭᠤᠴᠤᠤᠯ ᠶᠡᠭᠡ ᠭᠢᠩᠭᠠᠨ ᠪᠠᠭ᠎ᠠ ᠭᠢᠩᠭᠠᠨ ᠢᠶᠠᠷ ᠨᠡᠭᠦᠳᠡᠯᠯᠡᠵᠤ ᠶᠠᠪᠤᠯ᠎ᠠ᠃ ᠲᠡᠭᠡᠭᠦ ᠳᠡᠭᠡᠨ ᠮᠦᠨ ᠴᠤ ᠦᠨᠳᠤᠷ ᠠᠭᠤᠯᠠ᠂ ᠶᠠᠭᠰᠢ ᠤᠢ ᠠᠴᠠ ᠰᠠᠯᠤᠨ ᠬᠤᠯᠠᠳᠠᠭ᠎ᠠ ᠦᠭᠡᠢ᠃ ᠲᠠᠶᠢᠨ ᠲᠠᠵᠢᠨ ᠳᠤ ᠲᠦᠷᠭᠢᠨ ᠶᠠᠪᠤᠭ᠎ᠠ ᠬᠠᠭᠤᠴᠢᠨ ᠪᠠᠷᠭᠤᠴᠤᠤᠯ ︽ᠤᠪᠤᠭ᠎ᠠ︾᠎ ᠪᠠᠨ ᠭᠡᠷᠭᠢᠨ ᠪᠤᠰᠬᠠᠨ ᠲᠠᠭᠢᠵᠤ ᠪᠠᠶᠢᠭᠰᠠᠨ ᠲᠡᠤᠭᠡᠨ ᠲᠡᠮᠳᠡᠭᠯᠡᠯ᠂ ᠲᠤᠮᠤᠭ ᠦᠯᠢᠭᠡᠷ ᠤᠳᠤ ᠭᠦᠷᠳᠡᠯ᠎ᠠ ᠤᠯᠤᠳᠠᠭ᠎ᠠ ᠦᠭᠡᠢ ᠪᠠᠶᠢᠳᠠᠯ ᠳᠤ ᠵᠤᠷᠢᠭᠳᠠᠢ ᠵᠦᠢᠴᠢᠯᠠᠶ᠎ᠠ᠃      2014 ᠤᠨ ᠤ ᠵᠤᠨ᠂ ᠤᠷᠤᠰ ᠤᠨ ᠬᠤᠯᠪᠤᠭᠠᠨ ᠤ ᠰᠢᠨᠵᠢᠯᠡᠭᠦ ᠤᠬᠠᠭᠠᠨ ᠤ ᠭᠦᠷᠢᠶᠠᠯᠠᠩ ᠤᠨ ᠪ᠊᠂ ᠸ᠊᠂ ᠹᠠᠽᠠᠷᠤᠸ᠋ ᠲᠠᠷᠤᠭ᠎ᠠ ᠶᠢᠨ ᠤᠷᠢᠯᠭ᠎ᠠ ᠪᠠᠷ ᠪᠤᠷᠢᠶᠠᠳ ᠭᠦᠷᠤᠨ ᠤ ᠪᠠᠷᠭᠤᠵᠢᠨ᠂ ᠬᠤᠷᠤᠮᠬᠠᠨ ᠳᠤ ᠭᠦᠯᠦᠨ ᠪᠤᠶᠢᠷ ᠤᠨ ᠪᠠᠷᠭᠤᠴᠤᠳ ᠠᠶᠢᠯᠴᠢᠯᠠᠭᠰᠠᠨ ᠪᠢᠯᠠ᠃ ᠲᠡᠨᠳᠠ ᠪᠢᠳᠡᠨᠠᠷ ᠬᠤᠶᠠᠷ ᠤᠳᠠᠭᠠᠨ ᠤ ᠨᠤᠳᠤᠭ ᠤᠨ ᠲᠠᠭᠢᠯᠭ᠎ᠠ ᠳᠤ ᠤᠷᠤᠯᠴᠠᠯ᠎ᠠ᠃ ᠭᠦᠷᠤᠨ ᠳᠡᠭᠡᠨ ᠴᠤᠤᠳᠠᠢ ᠨᠤᠳᠤᠭ ᠤᠨ ᠪᠦᠭᠡ ᠴᠢᠴᠢᠨᠺᠦᠸ᠋ ᠪᠤᠷᠢᠰ ᠴᠢᠪᠢᠺᠦᠸᠢᠴᠢ ︵ᠰᠡᠰᠡᠨ ᠤ ᠰᠧᠪᠡᠭ ᠭᠡᠳᠡᠭ ᠭᠡᠵᠦ ᠦᠪᠡᠷ ᠢᠶᠠᠨ ᠨᠠᠳᠠ ᠨᠠᠷ᠎ᠠ ᠪᠠᠨ ᠲᠠᠨᠢᠯᠴᠠᠭᠤᠯᠤᠭᠰᠠᠨ ᠪᠠᠶᠢᠪᠠ᠃ ᠮᠠᠨ ᠤ ᠬᠢᠨ ᠤ ᠪᠢᠴᠢᠯᠭᠡ ᠪᠠᠷ ᠰᠠᠴᠢᠨ ᠤ ᠴᠡᠪᠡᠭ ᠪᠤᠯᠤᠯᠳᠠᠢ︶ ᠤᠷᠢᠳᠠᠪᠠᠷ ᠤᠴᠢᠭᠰᠠᠨ ᠨᠢ ᠦᠳᠭᠡᠨ ᠰᠢᠭᠤᠢ ᠶᠢᠨ ᠲᠤᠮᠳᠠ ︽ᠨᠦᠭᠡᠳᠡᠢ ᠴᠢᠯᠠᠭᠤᠨ︾ ᠭᠡᠳᠡᠭ ᠬᠠᠳᠠᠨ ᠤ ᠲᠤᠤᠷ᠎ᠠ ᠪᠠᠶᠢᠭ᠎ᠠ ᠲᠠᠭᠢᠯᠭ᠎ᠠ ᠶᠢᠨ ᠭᠠᠵᠠᠷ᠃ ᠠᠪᠤᠷᠭᠤ ᠰᠦᠷᠯᠢᠭ ᠴᠢᠯᠠᠭᠤᠨ ᠬᠠᠳᠠᠨ ᠤ ᠲᠤᠤᠷ᠎ᠠ ᠭᠡᠳᠤᠨ ᠴᠢᠯᠠᠭᠤ ᠪᠠᠷ ᠭᠦᠷᠢᠶᠡᠯᠡᠭᠰᠠᠨ ᠨᠡᠭᠦᠳᠡᠯ ᠠᠶᠠᠨ ᠤ ᠲᠤᠮᠤᠬᠠᠨ ᠵᠤᠳᠬ᠎ᠠ ᠰᠢᠭ᠋ ᠲᠤᠮᠳᠠ ᠭᠦᠨᠳᠡᠢ ᠳᠤ ᠭᠠᠯ ᠲᠦᠯᠡᠵᠤ᠂ ᠲᠡᠭᠦᠨ ᠢ ᠪᠠᠨ ᠲᠤᠭᠤᠶᠢᠯᠠᠨ ᠰᠠᠭᠠᠯᠢ ᠶᠢᠨ ᠠᠷᠢᠭᠢ ︵ᠯᠤᠩᠬᠤ ᠲᠠᠢ ᠤᠷᠤᠰ ᠤᠨ ᠸᠤᠳ᠋ᠺᠠ᠂ ᠮᠠᠨ ᠤ ᠬᠢᠨ ᠤ ᠪᠤᠳᠠᠭᠠᠨ ᠤ ᠠᠷᠢᠭᠢ ᠪᠦᠷ ᠪᠠᠶᠢᠨ᠎ᠠ︶᠂ ᠰᠦ ᠰᠠᠭᠠᠯᠢ ᠰᠦᠯᠢᠶᠤᠤ ᠲᠠᠭᠠᠷ ᠲᠠᠢ᠂ ᠴᠠᠭᠠᠰᠤᠨ ᠭᠡᠷ ᠲᠠᠢ ᠬᠤᠳᠠᠯᠳᠤᠭᠠᠨ ᠤ ᠰᠦ︶᠎ ᠪᠠᠨ ᠭᠠᠯ ᠳᠤ ᠡᠷᠭᠦᠭᠦ ᠳᠤ ᠠᠬᠠᠮᠠᠳ ᠪᠦᠭᠡ ᠬᠤᠶᠠᠷ ᠱᠠᠪᠢ ︵ᠱᠠᠪᠢ ᠭᠡᠨᠡᠤ︖︶᠎ ᠲᠠᠢ ᠪᠠᠨ ᠠᠮᠠᠨ ᠳᠠᠭᠠᠨ ᠰᠢᠪᠰᠢᠨ ᠤᠯᠠᠨ ᠢ ᠲᠠᠭᠠᠭᠤᠯᠤᠨ ᠭᠤᠷᠪᠠ ᠡᠷᠭᠢᠯ᠎ᠠ ᠁ ᠲᠠᠷᠠᠭ᠎ᠠ ᠤᠴᠢᠭᠰᠠᠨ ᠨᠢ ᠶᠠᠭᠰᠢ ᠤᠢ ᠶᠢᠨ ᠲᠤᠮᠳᠠᠭᠤᠷ ᠦᠭᠰᠦᠨ ᠭᠠᠷᠴᠤ ᠨᠢᠭᠡᠨ ᠭᠡᠰᠡᠭ ᠮᠤᠳᠤ ᠦᠭᠡᠢ ᠰᠠᠷᠠᠭᠤᠯ ᠲᠠᠪᠠᠭᠠᠨ ᠲᠡᠭᠡᠷ᠎ᠠ᠃      ᠪᠠᠷᠠᠭᠤᠨ ᠲᠠᠯ᠎ᠠ ᠳᠠᠭᠠᠨ ᠲᠡᠭᠷᠢ ᠲᠤᠯᠤᠮ᠎ᠠ ᠦᠨᠳᠤᠷ ᠰᠦᠷᠯᠢᠭ ᠰᠠᠶᠢᠬᠠᠨ ᠠᠭᠤᠯᠠ ᠲᠠᠢ᠃ ᠡᠮᠤᠨ᠎ᠠ ᠬᠤᠶᠢᠨ᠎ᠠ ᠲᠠᠯ᠎ᠠ ᠪᠠᠷ ᠨᠢ ᠬᠠᠷᠠᠭ᠎ᠠ ᠠᠯᠳᠠᠮ᠎ᠠ ᠰᠢᠪᠢᠷᠢ ᠰᠢᠭᠤᠢ᠃ ᠵᠡᠭᠦᠨ ᠲᠠᠯ᠎ᠠ ᠳᠤᠨᠢ ᠦᠷᠭᠡᠨ ᠲᠡᠨᠢᠭᠡᠷ ᠦᠪᠴᠢ ᠨᠤᠭᠤᠭᠠᠨ ᠪᠠᠷᠭᠤᠵᠢᠨ ᠭᠤᠤᠯ ᠤᠨ ᠭᠦᠨᠳᠡᠢ᠃ ᠡᠨᠡᠭᠦ ᠭᠠᠵᠠᠷ ᠢ ᠭᠤᠯᠢᠮᠠᠭᠳᠠᠢ ᠭᠡᠨ᠎ᠠ᠃ ᠪᠠᠰᠠ ᠭᠤᠯᠢᠮᠠᠭᠳᠠᠢ ᠶᠢᠨ ᠤᠪᠤᠭ᠎ᠠ᠂ ᠪᠠᠷᠭᠤ ᠶᠢᠨ ᠤᠪᠤᠭ᠎ᠠ ᠭᠡᠳᠡᠭ᠃ ᠭᠡᠪᠡᠴᠤ ᠮᠠᠨ ᠤ ᠡᠮᠤᠨ᠎ᠠ ᠮᠦᠨ ᠤᠪᠤᠭᠠᠯᠠᠭᠰᠠᠨ ︽ᠤᠪᠤᠭ᠎ᠠ︾ ᠬᠠᠷᠠᠭᠳᠠᠭ᠎ᠠ ᠦᠭᠡᠢ᠃ ᠵᠦᠪᠭᠡᠨ ᠬᠤᠶᠠᠷ ᠮᠧᠳ᠋ᠷ ᠤᠨ ᠳ᠋ᠢᠶᠠᠮᠧᠳ᠋ᠷ ᠲᠠᠢ ᠴᠢᠯᠠᠭᠤᠨ ᠭᠦᠷᠢᠶ᠎ᠠ ᠪᠠᠶᠢᠨ᠎ᠠ᠃ ᠲᠡᠭᠦᠨ ᠤ ᠲᠤᠮᠳᠠ ᠭᠠᠯ ᠲᠦᠯᠡᠵᠤ ︽ᠤᠪᠤᠭ᠎ᠠ︾ ᠲᠠᠭᠢᠯᠭ᠎ᠠ ᠡᠭᠢᠯᠡᠯ᠎ᠠ᠃ ᠨᠤᠳᠤᠭ ᠤᠨ ᠴᠤᠤᠳᠤ ᠪᠦᠭᠡ ᠲᠡᠷᠢᠭᠦᠯᠡᠨ ᠠᠷᠢᠭᠢ ᠰᠦ ᠡᠷᠭᠦᠵᠤ ︽᠁ ᠬᠤᠯᠠ ᠠᠴᠠ ᠢᠷᠡᠭᠰᠠᠨ ᠠᠶᠢᠯᠴᠢᠳ᠂ ᠨᠤᠳᠤᠭ ᠢᠶᠠᠨ ᠦᠵᠡᠵᠤ᠂ ᠲᠡᠭᠡᠳᠦᠭᠦᠯ ᠢᠶᠠᠨ ᠲᠠᠭᠢᠬᠤ ᠪᠠᠷ ᠢᠷᠡᠭᠦ ᠳᠤᠨᠢ᠂ ᠪᠢ ᠲᠠᠭᠠᠭᠤᠯᠤᠨ ᠠᠳᠠ ᠢᠷᠠᠯ᠎ᠠ ᠁︾ ︵ᠭᠤᠤᠯ ᠤᠳᠬ᠎ᠠ ᠨᠢ︶ ᠭᠡᠮᠡᠨ ᠰᠢᠪᠰᠢᠨ ᠪᠠᠶᠢᠪᠠ᠃      ᠡᠨᠡᠭᠦ ᠪᠠᠷᠭᠤ ᠶᠢᠨ ︽ᠤᠪᠤᠭ᠎ᠠ︾᠎ ᠶᠢ 1912 ᠤᠨ ᠳᠤ ᠠᠳᠤᠭᠤ ᠪᠠᠷ ᠲᠠᠭᠢᠭᠰᠠᠨ ᠠᠴᠠ ᠬᠤᠶᠢᠰᠢ ᠬᠤᠪᠢᠰᠬᠠᠯ᠂ ᠲᠠᠶᠢᠨ ᠁ ᠮᠡᠳᠤ ᠶᠢᠨ ᠮᠡᠳᠡᠭᠡᠵᠢ ᠶᠢᠨ ᠰᠢᠯᠳᠠᠭᠠᠨ ᠠᠴᠠ ᠲᠠᠭᠢᠨ ᠲᠠᠭᠢᠭᠰᠠᠨ ᠦᠭᠡᠢ ᠭᠡᠨ᠎ᠠ᠃ ᠬᠠᠮᠤᠭ ᠤᠨ ᠤᠶᠢᠷᠠᠬᠠᠨ ᠨᠢ 2002 ᠤᠨ ᠳᠤ ᠨᠤᠳᠤᠭ ᠤᠨ ᠰᠦᠵᠢᠭᠳᠡᠨ ᠬᠤᠨᠢ ᠰᠠᠳᠠᠷᠯᠠᠨ ᠲᠠᠭᠢᠯ᠎ᠠ ᠭᠡᠨ᠎ᠠ᠃      ᠪᠠᠷᠭᠤᠵᠢᠨ ᠳᠤ ᠤᠴᠢᠬᠤ ᠵᠠᠮ ᠲᠤᠮᠳᠠ ᠪᠠᠶᠢᠭᠠᠯ ᠲᠠᠯᠠᠢ ᠤᠷᠤᠭᠤ ᠬᠤᠰᠢᠭᠤᠷᠠᠨ ᠤᠷᠤᠭᠰᠠᠨ ᠨᠢᠭᠡ ᠵᠢᠭᠠᠬᠠᠨ ᠬᠤᠶᠢᠭ ᠪᠤᠢ᠃ ᠡᠭᠦᠨ ᠢ ᠪᠠᠨ ︽ᠭᠢᠯᠮᠢ ᠶᠢᠨ ᠬᠤᠰᠢᠭᠤ︾ ᠭᠡᠳᠡᠭ᠃ ᠴᠢᠯᠠᠭᠤᠨ ᠲᠡᠭᠡᠷ᠎ᠠ ᠰᠢᠯᠦᠭ ᠲᠠᠢ᠄      ︽ᠭᠢᠯᠮᠢ ᠶᠢᠨ ᠬᠤᠰᠢᠭᠤᠨ ᠡᠭᠢ ᠲᠠᠢ        ᠬᠠᠪᠳᠠᠭᠠᠢ ᠪᠠᠶᠢᠭᠠᠯ ᠱᠠᠳᠠᠷ ᠲᠠᠢ        ᠬᠠᠷᠭᠤᠢ ᠰᠤᠷᠭᠠᠭᠤᠯᠢ ᠲᠠᠪᠢᠭᠰᠠᠨ        ᠬᠠᠮ ᠤᠨ ᠰᠠᠬᠠᠷᠠᠢ ᠰᠤᠷᠭᠠᠯ︾ ︵ᠤᠤᠯ ᠪᠢᠴᠢᠯᠭᠡ ᠨᠢ ᠪᠤᠷᠢᠶᠠᠳ ᠦᠰᠦᠭ ᠢᠶᠠᠷ ᠲᠡᠮᠳᠡᠯᠡᠭᠰᠠᠨ ᠪᠠᠶᠢᠪᠠ᠃ ᠵᠠᠷᠢᠮ ᠦᠰᠦᠭ ᠨᠢ ᠤᠨᠤᠪᠴᠢ ᠪᠠᠷᠤᠭᠳᠠᠢ ᠪᠠᠶᠢᠵᠦ ᠮᠡᠳᠡᠨ᠎ᠠ︶᠃      ᠡᠨᠠ ᠭᠠᠵᠠᠷ ᠢ ᠪᠠᠰᠠ ᠪᠠᠶᠢᠭᠠᠯ ᠲᠠᠯᠠᠢ ᠶᠢᠨ ᠲᠠᠭᠢᠯᠭ᠎ᠠ ᠶᠢᠨ ︽ᠤᠪᠤᠭ᠎ᠠ︾ ᠭᠡᠳᠡᠭ᠃ ᠭᠡᠭᠦ ᠳᠡᠭᠡᠨ ᠮᠠᠨ ᠤ ᠬᠢᠨ ᠤ ᠬᠢ ᠰᠢᠬ ᠲᠡᠶᠢᠮᠤ ᠤᠪᠤᠭᠠᠯᠠᠭᠰᠠᠨ ᠤᠪᠤᠭ᠎ᠠ ᠶᠡᠷᠤ ᠬᠠᠷᠠᠭᠳᠠᠭ᠎ᠠ ᠦᠭᠡᠢ᠃ᠡᠶᠢᠮᠤ ᠭᠡᠳᠤᠨ ᠵᠢᠱᠢᠶ᠎ᠠ ᠠᠴᠠ ᠦᠵᠡᠪᠡᠯ᠄ ᠪᠠᠷᠭᠤᠴᠤᠤᠯ ᠤᠨ ᠡᠭᠢᠨ ᠤ ᠦᠶ᠎ᠠ ᠶᠢᠨ ︽ᠤᠪᠤᠭ᠎ᠠ︾ ᠨᠤᠭᠤᠳ‌ᠵᠢᠩᠭᠢᠨᠢ ᠤᠪᠤᠭᠠᠯᠠᠭᠰᠠᠨ ︽ᠤᠪᠤᠭ᠎ᠠ︾ ᠪᠢᠰᠢ ᠪᠠᠶᠢᠭᠰᠠᠨ᠃ ᠨᠤᠳᠤᠭ ᠲᠡᠭᠡᠷ᠎ᠠ ᠪᠠᠨ ᠭᠡᠳᠤᠨ ᠵᠠᠭᠤᠨ ᠵᠢᠯ ᠰᠠᠬᠢᠨ‌ᠠᠮᠢᠳᠤᠷᠠᠵᠤ ᠪᠠᠶᠢᠭ᠎ᠠ ᠪᠠᠷᠭᠤᠵᠢᠨ ᠤ ᠬᠢᠨ ᠶᠠᠭᠠᠭᠢᠭᠠᠳ ᠮᠠᠨ ᠤ ᠬᠢᠨ ᠰᠢᠭ᠋ ᠤᠪᠤᠭᠠᠯᠠᠭᠰᠠᠨ ︽ᠤᠪᠤᠭ᠎ᠠ︾ ᠲᠠᠭᠢᠳᠠᠭ ᠦᠭᠡᠢ ᠪᠤᠢ ᠭᠡᠪᠡᠯ᠂ ᠬᠠᠷᠢᠭᠤᠯᠳᠠ ᠨᠢ ᠭᠠᠭᠴᠠᠬᠠᠨ ᠪᠤᠢ᠂ ᠲᠡᠨᠳᠠ ᠶᠡᠭᠡ ᠠᠭᠤᠯᠠ ᠰᠢᠪᠢᠷᠢ ᠰᠢᠭᠤᠢ ᠲᠠᠢ᠃ ᠲᠤᠭᠳᠠᠭᠰᠠᠨ ᠭᠠᠵᠠᠷ ᠲᠤ ᠠᠭᠤᠯᠠ ᠤᠰᠤ ᠲᠡᠭᠷᠢ ᠭᠠᠵᠠᠷ ᠢᠶᠠᠨ ᠲᠤᠭᠳᠠᠭᠰᠠᠨ ᠭᠠᠵᠠᠷ ᠲᠤᠨᠢ ᠰᠢᠭᠤᠳ ᠲᠠᠭᠢᠪᠠᠯ ᠪᠤᠯᠴᠢᠬᠠᠨ᠎ᠠ᠃ ᠬᠠᠷᠢᠨ ᠲᠤᠰᠬᠠᠢ ᠴᠢᠯᠠᠭᠤ ᠤᠪᠤᠭᠠᠯᠠᠨ ᠪᠤᠷᠭᠠᠰᠤ ᠪᠤᠰᠬᠠᠬᠤ ᠴᠢᠬᠤᠯᠠ ᠦᠭᠡᠢ᠃ ᠬᠠᠷᠢᠨ ᠠᠭᠤᠯᠠ ᠰᠢᠭᠤᠢ ᠠᠴᠠ ᠦᠷᠭᠡᠨ ᠲᠠᠯ᠎ᠠ ᠳᠤ ᠨᠡᠭᠦᠳᠡᠯᠯᠡᠨ ᠠᠮᠢᠳᠤᠷᠠᠭᠰᠠᠨ ᠬᠤᠶᠢᠴᠢᠴᠤᠤᠯ ᠨᠢ ᠡᠪᠦᠭᠡ ᠲᠡᠭᠡᠳᠦᠰ ᠤᠨ ᠵᠶ᠋ᠠᠨ‌ᠨᠤᠳᠤᠭᠯᠠᠨ ᠠᠮᠢᠳᠤᠷᠠᠵᠦ ᠪᠠᠶᠢᠭᠰᠠᠨ ᠤᠤᠭᠠᠯ ᠨᠤᠳᠤᠭ ᠤᠨ ᠢᠶᠠᠨ ᠦᠨᠳᠤᠷ ᠠᠭᠤᠯᠠ ᠦᠳᠭᠡᠨ ᠤᠢ ᠪᠠᠨ ᠦᠶ᠎ᠠ ᠶᠢᠨ ᠦᠶ᠎ᠠ ᠳᠡᠭᠡᠨ ᠮᠠᠷᠳᠠᠬᠤ ᠦᠭᠡᠢ ᠤᠯᠠᠮᠵᠢᠯᠠᠬᠤ ᠶᠢᠨ ᠲᠤᠰᠠᠳᠠ ᠦᠨᠳᠤᠷ ᠰᠢᠭ ᠤᠷᠤᠢ ᠲᠡᠭᠡᠷ᠎ᠠ ᠭᠠᠷᠴᠤ ᠦᠨᠳᠤᠷ ᠠᠭᠤᠯᠠ ᠭᠡᠮᠠᠨ ᠴᠢᠯᠠᠭᠤ ᠠᠪᠴᠢᠷᠠᠨ ᠤᠪᠤᠭᠠᠯᠠᠭᠠᠳ ᠲᠤᠮᠳᠠ ᠨᠢ ᠭᠤᠤᠯ ᠤᠨ ᠪᠤᠷᠭᠠᠰᠤ ᠪᠤᠰᠬᠠᠨ ᠦᠳᠭᠡᠨ ᠤᠢ ᠪᠠᠨ ᠪᠤᠯᠭᠠᠵᠤ᠂ ᠡᠪᠦᠭᠡ ᠲᠡᠭᠡᠳᠦᠭᠦᠯ ᠢᠶᠠᠨ ᠭᠦᠨᠳᠤᠯᠠᠨ ᠲᠠᠭᠢᠵᠤ ᠦᠷ᠎ᠠ ᠠᠴᠢ ᠨᠠᠷ ᠤᠨ ᠢᠶᠠᠨ ᠭᠡᠶᠢᠮᠤᠷᠢ ᠶᠢ ᠮᠠᠨᠳᠤᠭᠤᠯᠤᠨ᠎ᠠ ᠭᠡᠰᠡᠨ ᠶᠤᠮ᠃ ᠵᠤᠭᠢᠶᠠᠯ ᠤᠨ ᠡᠭᠢᠨ ᠳᠤ ᠮᠢᠨᠤ ᠶᠠᠷᠢᠵᠤ ᠪᠠᠶᠢᠭᠰᠠᠨ ᠤ ᠤᠴᠢᠷ ᠶᠤᠰᠤᠨ ᠠᠳᠠ ᠪᠠᠶᠢᠨ᠎ᠠ᠃      ᠬᠠᠭᠤᠴᠢᠨ ᠪᠠᠷᠭᠤᠴᠤᠤᠯ ᠤᠨ ︽ᠤᠪᠤᠭ᠎ᠠ︾᠎ ᠶᠢ ᠡᠶᠢᠮᠤ ᠡᠭᠦᠰᠤᠯ ᠭᠠᠷᠤᠯ ᠲᠠᠢ ᠭᠡᠵᠤ ᠦᠵᠡᠪᠡᠯ ᠡᠭᠢᠨ ᠳᠤ ᠲᠤᠷᠠᠳᠤᠭᠰᠠᠨ ︽ᠤᠪᠤᠭ᠎ᠠ︾᠎ ᠶᠢᠨ ᠲᠤᠬᠠᠢ ᠭᠡᠳᠤᠨ ᠵᠦᠢᠯ ᠤᠨ ᠲᠠᠶᠢᠯᠪᠤᠷᠢ ᠳᠤ ᠪᠠᠰᠠ ᠨᠢᠭᠡ ᠵᠤᠷᠪᠤᠰ ᠨᠡᠮᠡᠭᠳᠡᠭᠦ ᠪᠤᠯᠤᠨ᠎ᠠ ᠳ᠋ᠠ᠃ ᠭᠦᠯᠦᠨ ᠪᠤᠶᠢᠷ ᠲᠤ ᠰᠠᠭᠤᠷᠢᠰᠢᠭᠰᠠᠨ ᠬᠠᠭᠤᠴᠢᠨ ᠪᠠᠷᠭᠤᠴᠤᠤᠯ ᠤᠨ ︽ᠤᠪᠤᠭ᠎ᠠ︾ ᠡᠶᠢᠮᠤ ᠪᠠᠶᠢᠬᠤ ᠳᠤ ᠤᠳᠤ ᠨᠢᠭᠡᠨᠳᠠ ᠭᠢᠳᠡᠳᠴᠢᠯᠠᠭᠰᠠᠨ ᠬᠠᠭᠤᠴᠢᠨ ᠪᠠᠷᠭᠤᠴᠤᠤᠯ ︵ᠴᠢᠪᠴᠢᠨ᠂ ᠬᠤᠷᠯᠠᠳ᠂ ᠵᠢᠯᠭᠡᠮᠡᠭ ᠵᠡᠷᠭᠡ ᠬᠠᠯᠨ ᠲᠠᠢ ᠴᠢᠴᠢᠬᠠᠷ ᠤᠨ ᠪᠠᠷᠭᠤ︶ ᠨᠢᠭᠡᠨᠳᠠ ᠲᠠᠷᠢᠶᠠᠯᠠᠩ ᠤᠨ ᠰᠤᠶᠤᠯ ᠢᠶᠠᠷ ᠭᠤᠷᠪᠠᠨ ᠵᠠᠭᠤ ᠭᠠᠷᠤᠢ ᠵᠢᠯ ᠠᠮᠢᠳᠤᠷᠠᠵᠤ ᠪᠠᠶᠢᠭᠰᠠᠨ ᠴᠤ ︽ᠤᠪᠤᠭ᠎ᠠ︾ ᠲᠠᠭᠢᠬᠤ ᠶᠤᠰᠤ ᠪᠠᠨ ᠰᠦᠨᠡᠰᠤᠨ ᠳᠡᠭᠡᠨ ᠬᠤᠶᠢᠮᠤᠷᠯᠠᠭᠰᠠᠭᠠᠷ᠃      2013 ᠤᠨ ᠤ ᠬᠠᠭᠤᠴᠢᠨ ᠪᠠᠷᠭᠤ ᠶᠢᠨ ᠭᠡᠳᠤᠨ ᠵᠠᠯᠠᠭᠤᠰ ᠲᠠᠢ ᠬᠠᠷᠠᠮᠦ᠋ᠷᠠᠨ ᠮᠤᠵᠢ ᠶᠢᠨ ᠴᠢᠴᠢᠬᠠᠷ ᠬᠤᠳᠠᠨ ᠤ ᠭᠤᠤᠲ᠋ᠧᠤ ᠲᠤᠰᠬᠤᠨ ᠳᠤ ᠭᠡᠭᠡᠷ᠎ᠠ ᠶᠢᠨ ᠪᠠᠶᠢᠴᠠᠭᠠᠯᠳᠠ ᠭᠢᠭᠦ ᠳᠤ ᠬᠤᠶᠠᠷ ᠵᠠᠭᠤ ᠭᠦᠷᠭᠦ ᠦᠭᠡᠢ ᠲᠦᠷᠪᠡᠨ‌ᠬᠠᠯᠠ ᠶᠢᠨ ᠪᠠᠷᠭᠤᠴᠤᠤᠯ ᠪᠠᠶᠢᠯ᠎ᠠ᠃ ᠪᠠᠷᠭᠤ ᠭᠡᠯᠡ ᠪᠠᠶᠢᠳᠤᠭᠠᠢ ᠨᠤᠳᠤᠭ ᠤᠨ ᠮᠤᠩᠭᠤᠯ ᠭᠡᠯᠡᠨ ᠳᠡᠭᠡᠨ ᠴᠤ ᠲᠠᠭ ᠤᠯᠤᠰ ᠤᠳ᠃ ᠲᠡᠳᠡᠨ ᠤ ᠲᠡᠭᠡᠳᠤᠰ 1689 ᠤᠨ ᠤ ᠦᠶᠡᠰ ᠢᠶᠠᠷ ᠨᠤᠨ ᠮᠦᠷᠠᠨ ᠤ ᠭᠦᠪᠡᠭᠡᠨ ᠤ ᠠᠩᠴᠢ᠂ ᠬᠠᠷ᠎ᠠ ᠡᠷᠬᠢ ᠠᠴᠠ 200 ᠡᠷᠦᠭᠡ ᠠᠳᠠ ᠢᠷᠠᠯ᠎ᠠ ᠭᠡᠳᠡᠭ ᠭᠡᠵᠦ ᠯᠠᠭᠯᠠᠢ ᠭᠡᠳᠡᠭ ᠭᠡᠷ ᠤᠨ ᠨᠠᠷ᠎ᠠ ᠲᠠᠢ ᠡᠪᠤᠭᠡᠵᠢᠶᠠᠷ ᠭᠦᠮᠤᠨ ᠶᠠᠷᠢᠭᠰᠠᠨ ᠪᠠᠶᠢᠪᠠ᠃ ᠰᠤᠨᠢᠷᠬᠠᠯᠳᠠᠢ ᠨᠢ ᠪᠦᠭᠦ ᠪᠠᠶᠢᠳᠠᠯ ᠨᠢ ᠪᠦᠷ ᠭᠢᠳᠡᠳᠴᠢᠯᠠᠭᠰᠠᠨ ᠴᠤ ︽ᠤᠪᠤᠭ᠎ᠠ︾᠎ ᠪᠠᠨ ᠲᠠᠭᠢᠵᠤ ᠪᠠᠶᠢᠨ᠎ᠠ᠃ ᠲᠠᠷᠠ ︽ᠤᠪᠤᠭ᠎ᠠ︾ ᠭᠡᠳᠡᠭ ᠨᠢ ᠲᠤᠰᠬᠤᠨ ᠤ ᠵᠠᠬ᠎ᠠ ᠶᠢᠨ ᠨᠢᠭᠡ ᠮᠦ ᠭᠦᠷᠭᠦ ᠦᠭᠡᠢ ᠵᠢᠵᠢᠭᠭᠡᠨ ᠲᠤᠪᠤᠷᠴᠠᠭ ᠲᠡᠭᠡᠷ᠎ᠠ ᠬᠤᠶᠠᠷ ᠮᠧᠳ᠋ᠷ ᠭᠢᠷᠢ ᠦᠨᠳᠤᠷ ᠮᠠᠶᠢᠬᠠᠨ ᠨᠢᠷᠤᠭᠤ ᠲᠠᠢ ᠤᠯᠠᠭᠠᠨ ᠲᠤᠭᠤᠰᠬᠠᠨ ᠪᠠᠶᠢᠰᠢᠩ ᠰᠢᠤ ᠪᠠᠷᠢᠯᠭ᠎ᠠ ᠪᠤᠰᠬᠠᠭᠠᠳ ᠬᠤᠶᠢᠮᠤᠷ ᠲᠤᠨᠢ ︽ᠤᠪᠤᠭ᠎ᠠ ᠶᠢᠨ ᠰᠠᠭᠤᠳᠠᠯ︾ ᠭᠡᠮᠡᠨ ᠪᠢᠴᠢᠭᠡᠰᠤ ᠲᠠᠢ᠃ ᠭᠡᠭᠦ ᠳᠡᠭᠡᠨ ᠰᠤᠶᠤᠯ ᠤᠨ ᠲᠦᠪᠰᠢᠨ ᠤ ᠤᠴᠢᠷ ᠠᠴᠠ ᠤᠤ︖ ᠲᠡᠳᠡᠨ ᠤ ᠲᠤᠰᠬᠠᠢ ᠨᠠᠷᠠᠶᠢᠳᠤᠯ ᠤᠤ︖ ᠪᠤᠤ ᠮᠡᠳᠠ᠃ ᠶᠠᠷᠤᠳᠠ ᠶᠢᠨ ᠭᠢᠳᠡᠳ ᠢᠶᠠᠷ ︽敖包︾ ᠭᠡᠳᠡᠭ ᠪᠢᠴᠢᠯᠭᠡ ᠠᠴᠠ ᠦᠭᠡᠷ᠎ᠠ ︽傲保︾ ᠭᠡᠵᠤ ᠪᠢᠴᠢᠭᠰᠡᠨ ᠪᠠᠶᠢᠪᠠ᠃ ᠬᠤᠶᠠᠷ ᠬᠠᠵᠠᠭᠤ ᠪᠠᠷ ᠨᠢ ︽ᠤᠪᠤᠭ᠎ᠠ ᠠᠳᠠ ᠰᠠᠭᠤᠷᠢ ᠲᠠᠢ᠂ ᠭᠤᠤᠲ᠋ᠧᠤ ᠶᠢᠨ ᠭᠦᠮᠤᠰ ᠵᠢᠷᠭᠠᠯᠳᠠᠢ︾ ᠭᠡᠵᠦ ᠪᠢᠴᠢᠭᠡᠳ᠂ ᠲᠡᠭᠡᠷ᠎ᠠ ᠲᠠᠯ᠎ᠠ ᠳᠤᠨᠢ ︽ᠡᠷᠭᠦᠨ ᠲᠠᠭᠢᠨ᠎ᠠ᠂ ᠭᠦᠰᠡᠯ ᠪᠦᠭᠦᠨ ᠢ ᠬᠠᠩᠭᠠᠨ᠎ᠠ︾ ᠭᠡᠮᠡᠨ ᠤᠯᠠᠭᠠᠨ ᠫᠠᠶᠢᠵᠠᠨ ᠲᠡᠭᠡᠷ᠎ᠠ ᠪᠢᠴᠢᠭᠡᠰᠤᠳᠠᠢ ᠪᠠᠶᠢᠪᠠ᠃ ᠡᠭᠦᠨ ᠢ ᠬᠠᠷᠠᠭᠠᠳ ᠲᠤᠳᠤᠷ᠎ᠠ ᠮᠢᠨᠢ ᠭᠢᠳᠡᠳᠴᠤᠳ ᠤᠨ ᠭᠦᠨᠳᠤᠯᠠᠨ ᠲᠠᠭᠢᠳᠠᠭ ᠭᠠᠵᠠᠷ ᠤᠨ ᠰᠠᠬᠢᠭᠤᠯᠰᠤᠨ ᠤ ᠰᠦᠮ᠎ᠠ ︽土地庙︾᠎ ᠶᠢ ᠡᠷᠭᠡ ᠦᠭᠡᠢ ᠰᠠᠨᠠᠵᠤ ᠲᠤᠳᠤᠷ᠎ᠠ ᠲᠤᠩ ᠰᠤᠨᠢᠨ ᠪᠤᠯᠤᠯ᠎ᠠ᠃      ᠶᠠᠭᠤ ᠪᠤᠯᠤᠭᠰᠠᠨ ᠴᠤ ᠬᠠᠷᠠᠭ᠎ᠠ ᠠᠯᠳᠠᠮ ᠰᠠᠷᠠᠭᠤᠯ ᠲᠠᠯ᠎ᠠ ᠳᠤ ᠨᠡᠭᠦᠳᠡᠯᠯᠡᠨ ᠠᠮᠢᠳᠤᠷᠠᠭᠰᠠᠨ ᠬᠠᠭᠤᠴᠢᠨ ᠪᠠᠷᠭᠤᠴᠤᠤᠯ ᠴᠢᠯᠠᠭᠤ ᠤᠪᠤᠭᠠᠯᠠᠨ ᠪᠤᠷᠭᠠᠰᠤ ᠪᠤᠰᠬᠠᠭᠰᠠᠨ ︽ᠤᠪᠤᠭ᠎ᠠ︾᠎ ᠲᠠᠢ ᠪᠤᠯᠬᠤ ᠳᠤ ᠲᠠᠷᠢᠶᠠᠯᠠᠬᠤ ᠰᠤᠶᠤᠯ ᠤᠨ ᠦᠷᠭᠡᠨ ᠲᠠᠯᠠᠢ ᠲᠤᠮᠳᠠ ᠵᠢᠵᠢᠭᠭᠡᠨ ᠵᠠᠪᠢ ᠪᠠᠷ ᠤᠳᠤᠮᠰᠢᠯ ᠢᠶᠠᠨ ᠮᠠᠷᠳᠠᠭ᠎ᠠ ᠦᠭᠡᠢ ︽ᠤᠪᠤᠭ᠎ᠠ︾᠎ ᠪᠠᠨ ᠲᠡᠭᠡᠳᠤᠯᠠᠨ ᠲᠠᠭᠢᠵᠤ ᠢᠷᠡᠭᠰᠠᠨ ᠡᠨᠠ ᠭᠡᠳᠦᠭᠡᠨ ᠴᠢᠴᠢᠬᠠᠷ ᠤᠨ ᠪᠠᠷᠭᠤᠴᠤᠤᠯ ᠤᠨ ︽ᠤᠪᠤᠭ᠎ᠠ︾᠎ ᠶᠢ ︽ᠤᠪᠤᠭ᠎ᠠ︾ ᠪᠢᠰᠢ ᠭᠡᠭᠦ ᠶᠢᠨ ᠶᠤᠰᠤ ᠨᠢᠭᠡ ᠴᠤ ᠠᠯᠠᠭ᠎ᠠ᠃      ᠦᠨᠠᠨ ᠢ ᠭᠡᠯᠡᠭᠦ ᠳᠤ ᠬᠠᠭᠤᠴᠢᠨ ᠪᠠᠷᠭᠤ ᠬᠤᠰᠢᠭᠤᠨ ᠤ ᠪᠠᠷᠭᠤᠴᠤᠤᠯ ᠤᠨ ︽ᠤᠪᠤᠭ᠎ᠠ︾ ᠪᠠᠰᠠᠴᠤ ᠬᠤᠪᠢᠷᠠᠯᠳᠠ ᠦᠭᠡᠢ ᠪᠢᠰᠢ ᠳ᠋ᠠ᠃ ︽ᠤᠪᠤᠭ᠎ᠠ︾᠎ ᠶᠢᠨ ᠭᠡᠯᠪᠠᠷᠢ ᠲᠦᠷᠰᠤ ᠠᠴᠠ ᠠᠪᠤᠭᠠᠳ ᠵᠠᠷᠢᠮ ᠵᠦᠢᠯᠡᠰ᠂ ᠵᠢᠱᠢᠶ᠎ᠠ ᠨᠢ᠄ ᠲᠠᠪᠤᠨ ᠦᠩᠭᠡ ᠶᠢᠨ ᠬᠠᠳᠠᠭ ᠡᠯᠭᠦᠭᠦ ᠨᠢ ᠴᠤ ᠭᠡᠰᠠᠨ ᠠᠯᠳᠠᠨ ᠬᠠᠭᠠᠨ ᠤ ᠦᠶ᠎ᠠ ᠳᠤ ᠮᠤᠩᠭᠤᠯ ᠤᠨ ᠭᠦᠭᠡ ᠬᠠᠳᠠᠭ ᠤᠨ ᠰᠠᠭᠤᠷᠢᠨ ᠲᠡᠭᠡᠷ᠎ᠠ ᠴᠠᠭᠠᠨ ᠰᠢᠷ᠎ᠠ ᠤᠯᠠᠭᠠᠨ ᠨᠤᠭᠤᠭᠠᠨ ᠤᠳᠬ᠎ᠠ ᠪᠦᠭᠦᠢ ᠲᠦᠷᠪᠡᠨ ᠦᠩᠭᠡ ᠶᠢᠨ ᠬᠠᠳᠠᠭ ᠨᠡᠮᠡᠵᠤ ᠤᠯᠤᠰ ᠤᠨ ᠶᠡᠭᠡ ᠪᠠᠭᠰᠢ ᠯᠠᠮᠠ ᠪᠠᠷ ᠲᠦᠪᠡᠳ ᠲᠤ ᠭᠦᠷᠭᠡᠭᠦᠯᠦᠭᠰᠠᠨ ᠁      ᠪᠠᠰᠠ ᠨᠢᠭᠡ ᠵᠢᠱᠢᠶ᠎ᠠ ᠨᠢ᠄ ︽ᠤᠪᠤᠭ᠎ᠠ︾᠎ ᠶᠢᠨ ᠭᠤᠤᠯ ᠳᠤ ᠪᠤᠰᠬᠠᠭᠰᠠᠨ ᠦᠨᠳᠤᠷ ᠮᠤᠳᠤ ᠶᠢ ︽ᠰᠢᠭᠡᠩ︾ ᠭᠡᠵᠤ ︵旗杆︶ ᠭᠢᠳᠡᠳ ᠢᠶᠠᠷ ᠲᠠᠭᠤᠳᠠᠬᠤ ᠠᠴᠠ ᠪᠢᠰᠢ ᠬᠠᠷᠢᠨ ᠪᠦᠭᠦ ᠮᠤᠩᠭᠤᠯᠴᠤᠳ ᠤᠨ ᠠᠳᠠᠯᠢ ᠪᠠᠷ ︽ᠰᠤᠷᠤᠭᠴᠢᠨ︾ ᠭᠡᠳᠡᠭ ᠦᠭᠡᠢ᠃ ᠪᠠᠰᠠ ᠵᠠᠷᠢᠮ ︽ᠤᠪᠤᠭ᠎ᠠ︾ ᠲᠠᠭᠢᠯᠭ᠎ᠠ ᠨᠢ ᠯᠠᠮᠠ ᠬᠤᠸᠠᠷᠠᠭ ᠰᠤᠯᠢᠵᠤ ᠠᠪᠴᠢᠷᠠᠭᠠᠳ ᠨᠤᠮ ᠰᠠᠩ ᠲᠠᠯᠪᠢᠳᠠᠭ ᠁ ᠭᠡᠭᠦ ᠮᠡᠳᠤ ᠪᠠᠷ ᠲᠡᠤᠭᠡᠨ ᠭᠦᠭᠵᠢᠯ ᠤᠨ ᠲᠤᠷᠰᠢ ᠡᠯ᠎ᠠ ᠲᠠᠯ᠎ᠠ ᠶᠢᠨ ᠨᠦᠯᠦᠭᠡ ᠲᠦᠷᠢᠯᠳᠠ ᠶᠢ ᠠᠷᠭ᠎ᠠ ᠦᠭᠡᠢ ᠶᠤᠮ ᠤᠤ︖ ᠠᠶᠠᠨᠳᠠᠭᠠᠨ ᠭᠦᠯᠢᠶᠠᠨ ᠠᠪᠤᠭᠰᠠᠨ ᠢ ᠶᠠᠭᠤ ᠭᠡᠯᠳᠠᠢ ᠪᠢᠯᠡ᠃      ᠶᠠᠭᠤ ᠪᠤᠯᠤᠭᠰᠠᠨ ᠴᠤ ᠬᠠᠭᠤᠴᠢᠨ ᠪᠠᠷᠭᠤᠴᠤᠤᠯ ᠤᠨ ︽ᠤᠪᠤᠭ᠎ᠠ︾᠎ ᠶᠢᠨ ᠲᠤᠬᠠᠢ ᠦᠪᠡᠷ ᠤᠨ ᠮᠦᠴᠢᠳᠭᠡᠨ ᠤᠶᠢᠯᠠᠭᠠᠮᠵᠢ ᠪᠠᠨ ᠲᠦᠭᠦᠮᠭᠡᠨ ᠲᠤᠭᠠᠴᠢᠭᠰᠠᠨ ᠢ ᠠᠰᠠᠯᠠᠨ ᠤᠩᠰᠢᠵᠤ ᠠᠭᠤᠴᠢᠯᠠᠨ ᠰᠤᠨᠢᠷᠬᠠᠮᠦ︕                                                 ᠵᠣᠬᠢᠶᠠᠭᠴᠢ᠄ ᠰᠦᠷᠤᠩᠪᠠᠳᠤ
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ