ᠮᠤᠩᠭᠤᠯᠴᠤᠳ ᠦᠪᠡᠷ ᠤᠨ ᠨᠤᠲᠤᠭ ᠤᠰᠤᠨ ᠤ ᠪᠠᠨ ᠨᠤᠶᠠᠨ ᠤᠷᠭᠢᠯ ᠪᠤᠶᠤ ᠦᠯᠵᠡᠢ ᠲᠡᠮᠪᠡᠷᠠᠢ ᠲᠠᠢ ᠭᠠᠵᠠᠷ ᠯᠤᠤᠰ ᠢ ᠰᠤᠩᠭᠤᠵᠦ᠂ ᠤᠪᠤᠭ᠎ᠠ ᠪᠤᠰᠬᠠᠨ | ᠲᠠᠬᠢᠳᠠᠭ ᠵᠠᠩᠰᠢᠯ ᠲᠠᠢ᠃ ᠰᠢᠨ᠎ᠡ ᠪᠠᠷᠭᠤ ᠪᠠᠷᠠᠭᠤᠨ ᠬᠤᠰᠢᠭᠤ ᠪᠠᠷ ᠠᠪᠴᠦ ᠬᠡᠯᠡᠭᠰᠡᠨ ᠴᠦ ᠬᠦᠯᠥᠨ ᠪᠤᠶᠢᠷ ᠤᠨ ᠭᠠᠵᠠᠷ ᠢᠳᠡᠭᠡᠰᠢᠵᠦ ᠨᠤᠲᠤᠭᠯᠠᠭᠰᠠᠨ 270 | ᠵᠢᠯ ᠤᠨ ᠬᠤᠭᠤᠴᠠᠭᠠᠨ ᠳᠤ ᠤᠷᠢᠳ ᠬᠤᠵᠢᠳ 78 ᠠᠭᠤᠯᠠ ᠤᠪᠤᠭ᠎ᠠ ᠶᠢ ᠲᠠᠬᠢᠵᠦ ᠰᠢᠲᠦᠵᠦ ᠢᠷᠡᠭᠰᠡᠨ ᠶᠤᠮ ᠪᠠᠶᠢᠵᠠᠢ᠃ | ᠪᠠᠷᠭᠤ ᠶᠢᠨ ᠭᠤᠷᠪᠠᠨ ᠪᠤᠭᠳᠠ ᠠᠭᠤᠯᠠ ᠶᠢ ᠬᠠᠷᠢᠨ ᠰᠢᠨ᠎ᠡ ᠪᠠᠷᠭᠤ ᠪᠠᠷᠠᠭᠤᠨ᠂ ᠵᠡᠭᠦᠨ ᠬᠤᠶᠠᠷ ᠭᠠᠷᠤᠨ ᠨᠠᠢᠮᠠᠨ ᠬᠤᠰᠢᠭᠤ ᠪᠠᠷ ᠢᠶᠠᠨ ᠳᠠᠬᠢᠵᠦ | ᠰᠢᠲᠦᠳᠡᠭ ᠢᠶᠠᠷ ᠪᠠᠷᠠᠬᠤ ᠦᠭᠡᠢ᠂ ᠦᠭᠡᠯᠡᠳ᠂ ᠪᠤᠷᠢᠶᠠᠳ᠂ ᠡᠸᠡᠩᠬᠢ᠂ ᠬᠠᠭᠤᠴᠢᠨ ᠪᠠᠷᠭᠤ ᠠᠴᠠ ᠴᠦ ᠲᠠᠬᠢᠵᠦ ᠰᠢᠲᠦᠳᠡᠭ ᠬᠦᠮᠦᠰ ᠪᠠᠰᠠ ᠪᠠᠶᠢᠳᠠᠭ᠃ | ᠦᠡᠭᠭᠡᠷᠡᠭᠰᠡᠨ ᠳᠤ᠂ ᠬᠦᠯᠥᠨ ᠪᠤᠶᠢᠷ ᠤᠨ ᠨᠠᠶᠢᠷ ᠢ ᠪᠠᠷᠭᠤ ᠶᠢᠨ ᠭᠤᠷᠪᠠᠨ ᠪᠤᠭᠳᠠ ᠠᠭᠤᠯᠠ ᠶᠢᠨ ᠦᠪᠦᠷ ᠲᠤ ᠭᠤᠷᠪᠠ ᠤᠳᠠᠭ᠎ᠠ ᠬᠢᠵᠦ ᠦᠡᠭᠭᠡᠷᠡᠭᠰᠡᠨ ᠲᠡᠥᠬᠡ | ᠴᠦ ᠪᠠᠶᠢᠳᠠᠭ᠃ | ᠡᠷᠲᠡ ᠳᠡᠭᠡᠷ᠎ᠡ ᠦᠶ᠎ᠡ ᠠᠴᠠ ᠬᠦᠯᠥᠨ ᠪᠤᠶᠢᠷ ᠤᠨ ᠭᠠᠵᠠᠷ ᠤᠷᠤᠰᠢᠨ ᠨᠤᠲᠤᠭᠯᠠᠵᠦ ᠢᠷᠡᠭᠰᠡᠨ ᠡᠯ᠎ᠡ ᠦᠨᠳᠦᠰᠦᠲᠡᠨ᠂ ᠠᠶᠢᠮᠠᠭ ᠤᠭᠰᠠᠭᠠᠲᠠᠨ ᠤ ᠠᠷᠠᠳ | ᠲᠦᠮᠡᠨ ᠪᠠᠷᠭᠤ ᠶᠢᠨ ᠭᠤᠷᠪᠠᠨ ᠪᠤᠭᠳᠠ ᠠᠭᠤᠯᠠ ᠶᠢ ︽ᠨᠠᠷᠠᠨ ᠬᠠᠭᠠᠨ︾᠂ ︽ᠲᠦᠯᠦᠨ ᠬᠠᠷ᠎ᠠ︾᠂ ︽ᠭᠤᠷᠪᠠᠨ ᠰᠦᠮᠪᠦᠷ︾᠂ ︽ᠡᠷᠭᠡ ᠪᠠᠭᠠᠲᠤᠷ︾᠂ ︽ᠵᠠᠩᠵᠤᠨ ᠪᠦᠷᠭᠦᠳ︾ | ᠂ ︽ᠮᠦᠡᠭᠬᠡ ᠲᠤᠭᠲᠠᠨᠢᠬᠤᠢ ᠤᠷᠤᠨ︾᠂ ︽ᠬᠦᠢᠲᠡᠨ ᠬᠠᠷᠠᠭᠠᠲᠦ︾᠂ ︽ᠲᠤᠯᠠᠭᠠᠨ ᠬᠠᠷᠠᠭᠠᠲᠦ︾᠂ ︽ᠪᠠᠶᠠᠨᠮᠦ᠋ᠡᠭᠬᠡ︾ ᠭᠡᠬᠦ ᠮᠡᠲᠦ ᠨᠡᠷᠡᠯᠡᠵᠦ ᠢᠷᠡᠭᠰᠡᠨ ᠠᠵᠢ᠃ | ᠪᠠᠷᠭᠤ ᠶᠢᠨ ᠭᠤᠷᠪᠠᠨ ᠪᠤᠭᠳᠠ ᠠᠭᠤᠯᠠ ᠪᠤᠯᠪᠠᠰᠤ ᠮᠠᠨ ᠤ ᠤᠯᠤᠰ ᠤᠨ ᠡᠷᠲᠡᠨ ᠤ ᠲᠡᠥᠬᠡ ᠱᠠᠰᠳᠢᠷ ᠲᠤ ᠲᠡᠮᠲᠡᠭᠯᠡᠭᠳᠡᠵᠦ ᠪᠠᠶᠢᠭ᠎ᠠ ᠪᠠ ᠲᠤᠮᠳᠠᠲᠦ ᠶᠢᠨ ᠡᠯ᠎ᠡ | ᠦᠡᠳᠦᠰᠦᠲᠡᠨ ᠢ ᠨᠢᠭᠡᠳᠬᠡᠵᠦ᠂ ᠳᠡᠯᠡᠬᠡᠢ ᠶᠢᠨ ᠡᠬᠡ ᠬᠠᠭᠤᠷᠠᠢ ᠶᠢᠨ ᠬᠠᠭᠠᠰ ᠢᠯᠡᠭᠦᠦ ᠶᠢ ᠡᠵᠡᠯᠡᠵᠦ ᠶᠠᠪᠤᠭᠰᠠᠨ ᠨᠢᠭᠡᠨ ᠦᠶ᠎ᠡ ᠶᠢᠨ ᠲᠡᠭᠷᠢᠯᠢᠭ ᠬᠦᠪᠡᠭᠦᠨ ᠪᠤᠭᠳᠠ | ᠴᠢᠩᠬᠢᠰ ᠬᠠᠭᠠᠨ ᠴᠦ ᠡᠨᠡ ᠤᠷᠤᠨ ᠵᠶᠠᠷ ᠨᠡᠷ᠎ᠡ ᠪᠠᠨ ᠮᠠᠨᠳᠤᠭᠤᠯᠵᠦ ᠮᠦᠷ ᠢᠶᠠᠨ ᠦᠯᠡᠳᠡᠭᠡᠵᠦ ᠶᠠᠪᠤᠭᠰᠠᠨ ᠪᠢᠯᠡ᠃ | ᠡᠷᠲᠡᠨ ᠤ ᠨᠢᠭᠡᠨ ᠪᠢᠴᠢᠭ ᠲᠤᠷ᠄ ︽1203 ᠤᠨ᠂ ᠰᠦᠡᠭ ᠤᠯᠤᠰ ᠤᠨ ᠵᠢᠶᠠ ᠲᠠᠢ ᠶᠢᠨ 3 ᠤᠨ᠂ ᠬᠠᠷᠠᠭᠴᠢᠨ ᠭᠠᠭ᠋ᠠᠢ ᠵᠢᠯ᠂ ᠬᠠᠭᠠᠨ ︵ᠴᠢᠩᠬᠢᠰ ᠢ ᠬᠡᠯᠡᠵᠦ | ᠪᠤᠢ︶ 42 ᠨᠠᠰᠤᠲᠠᠢ᠃ ᠬᠠᠪᠤᠷ ᠤᠡᠭ ᠬᠠᠨ ᠡᠴᠢᠭᠡ ᠬᠦᠪᠡᠭᠦᠨ ᠬᠤᠶᠠᠭᠤᠯᠠ ᠴᠡᠷᠢᠭ ᠬᠦᠳᠡᠯᠭᠡᠵᠦ ᠲᠤᠪᠲᠤᠯᠤᠨ ᠢᠷᠡᠭᠰᠡᠨ ᠳᠤᠷ ᠲᠡᠮᠦᠵᠢᠨ ᠠᠴᠢᠶ᠎ᠠ ᠬᠦᠰᠭᠡ ᠪᠠᠨ | ᠴᠦᠮ ᠢ ᠦᠪᠡᠷ ᠤᠨ ᠪᠠᠶᠢᠬᠤ ᠭᠠᠵᠠᠷ ᠨᠡᠭᠦᠯᠭᠡᠵᠦ ᠬᠠᠷᠠᠭᠠᠯᠵᠠᠨ᠂ ᠡᠯᠢᠶᠡᠲᠦ ᠬᠡᠮᠡᠬᠦ ᠭᠠᠵᠠᠷ ᠴᠡᠷᠢᠭ ᠢᠶᠠᠨ ᠲᠦᠪᠰᠢᠳᠬᠡᠵᠦ ᠪᠠᠷᠢᠯᠳᠤᠭᠰᠠᠨ ᠠᠨᠤ ᠲᠡᠮᠦᠵᠢᠨ ᠤ ᠨᠢᠭᠡᠨ | ᠨᠠᠰᠤᠨ ᠳᠠᠬᠢ ᠬᠠᠮᠤᠭ ᠤᠨ ᠠᠯᠲᠠᠷᠲᠦ ᠪᠠᠶᠢᠯᠲᠤᠭᠠᠨ ᠤ ᠨᠢᠭᠡ ᠨᠢ ᠠᠵᠢ᠃ ᠪᠠᠶᠢᠯᠳᠤᠭᠠᠨ ᠤ ᠡᠴᠤᠰ ᠲᠤᠷ ᠬᠡᠳᠦ᠋ᠢᠪᠡᠷ ᠤᠡᠭ ᠬᠠᠨ ᠤ ᠬᠦᠪᠡᠭᠦᠨ ᠰᠠᠩ ᠬᠦᠡᠭ | ᠰᠢᠷᠬᠠᠲᠤᠵᠦ ᠮᠤᠷᠢᠨ ᠠᠴᠠ ᠪᠠᠨ ᠤᠨᠠᠭᠰᠠᠨ᠎ᠠ ᠤᠡᠭ ᠬᠠᠨ ᠴᠡᠷᠢᠭ ᠢᠶᠠᠨ ᠳᠠᠭᠠᠭᠤᠯᠵᠦ ᠶᠠᠪᠤᠭᠰᠠᠨ ᠪᠤᠯᠪᠠᠴᠦ ᠡᠴᠦᠰ ᠲᠡᠭᠡᠨ ᠲᠡᠮᠦᠵᠢᠨ ᠤ ᠬᠦᠮᠦᠨ ᠴᠦᠬᠡᠨ᠂ | ᠲᠠᠶᠢᠰᠤᠨ ᠤᠯᠠᠨ ᠲᠤᠯᠠᠲᠠ ᠴᠡᠷᠢᠭ ᠢᠶᠠᠨ ᠬᠤᠷᠢᠶᠠᠵᠦ ᠤᠬᠤᠷᠢᠬᠤ ᠠᠴᠠ ᠦᠭᠡᠷ᠎ᠡ ᠠᠷᠭ᠎ᠠ ᠦᠭᠡᠢ ᠪᠤᠯᠤᠭᠠᠳ᠂ ᠵᠠᠮ ᠵᠠᠭᠤᠷ᠎ᠠ ᠴᠡᠷᠢᠭ ᠢᠶᠠᠨ ᠪᠦᠷᠢᠳᠬᠡᠵᠦ ᠦᠵᠡᠬᠦᠯ᠎ᠡ | ᠲᠦᠡᠭᠭᠡᠵᠢ 2600 ᠬᠦᠮᠦᠨ ᠪᠠᠶᠢᠪᠠᠢ᠃ ᠪᠠᠯᠵᠢᠨᠠ ᠭᠤᠤᠯ ︵ᠬᠤᠵᠢᠮ ᠨᠢ ᠬᠦᠯᠥᠨ ᠨᠠᠭᠤᠷ ᠤᠨ ᠤᠰᠤ ᠶᠡᠬᠡᠳᠦᠭᠰᠡᠨ ᠠᠴᠠ ᠬᠦᠯᠥᠨ ᠨᠠᠭᠤᠷ ᠯᠤᠭ᠎ᠠ ᠨᠡᠶᠢᠯᠡᠪᠡᠢ︶ ᠤᠨ | ᠬᠦᠪᠡᠭᠦᠨ ᠳᠡᠭᠡᠷ᠎ᠡ ᠬᠦᠷᠦᠭᠡᠳ ᠰᠢᠪᠠᠷ ᠪᠠᠯᠴᠢᠭ ᠲᠠᠢ ᠤᠰᠤ ᠶᠢ ᠤᠤᠭᠤᠯᠴᠠᠬᠤ ᠲᠤᠮᠳᠠ ᠪᠠᠨ ︿ᠬᠤᠵᠢᠮ ᠬᠤᠶᠢᠰᠢᠲᠠ ᠶᠠᠮᠠᠷ ᠵᠤᠪᠠᠯᠠᠩ ᠲᠤᠬᠢᠶᠠᠯᠳᠤᠭᠰᠠᠨ ᠴᠦ | ᠨᠢᠭᠡᠨ ᠨᠢᠭᠡᠨ ᠢᠶᠠᠨ ᠤᠷᠬᠢᠬᠤ ᠦᠭᠡᠢ﹀ ᠬᠡᠮᠡᠨ ᠠᠮᠠᠯᠳᠤᠪᠠᠢ᠃ ᠲᠡᠭᠦᠨ ᠢ ︿ᠪᠠᠯᠵᠢᠨᠠ ᠶᠢᠨ ᠬᠤᠯᠪᠤᠭ᠎ᠠ﹀ ᠭᠡᠳᠡᠭ ᠪᠤᠶᠤ᠃ ᠲᠡᠭᠦᠨ ᠤ ᠳᠠᠷᠠᠭ᠎ᠠ ᠲᠡᠮᠦᠵᠢᠨ ᠭᠡᠨᠡᠳᠲᠡ | ᠤᠡᠭ ᠬᠠᠨ ᠤ ᠴᠡᠷᠢᠭ ᠢ ᠲᠤᠪᠲᠤᠯᠤᠨ ᠲᠡᠶᠢᠯᠦᠭᠰᠡᠨᠡ᠂ ᠤᠡᠭ ᠬᠠᠨ ᠪᠤᠷᠤᠭᠤᠯᠠᠨ ᠲᠤᠳᠠᠭᠠᠵᠦ ᠶᠠᠪᠤᠬᠤ ᠲᠤᠮᠲᠠ ᠪᠠᠨ ᠨᠠᠢᠮᠠᠨ ᠢᠷᠭᠡᠨ ᠤ ᠬᠦᠮᠦᠰ ᠲᠤᠷ ᠠᠯᠠᠭᠳᠠᠪᠠᠢ᠃ | ᠤᠡᠭ ᠬᠠᠨ ᠤ ᠬᠦᠪᠡᠭᠦᠨ ᠴᠦ ᠴᠧᠷᠬᠢᠱᠮᠧ ᠬᠡᠮᠡᠬᠦ ᠭᠠᠵᠠᠷ ᠵᠢᠭᠤᠳᠠᠵᠦ ᠬᠦᠷᠦᠭᠡᠳ ᠪᠠᠰᠠ ᠬᠦᠮᠦᠨ ᠳᠤᠷ ᠠᠯᠠᠭᠳᠠᠵᠦ᠂ ᠬᠡᠷᠡᠶᠢᠳ ᠢᠷᠭᠡᠨ ᠢᠡᠭᠬᠢᠵᠦ ᠰᠦᠨᠦᠪᠡᠢ᠃ | ᠲᠡᠮᠦᠵᠢᠨ ᠨᠤᠲᠤᠭ ᠢᠶᠠᠨ ᠦᠷᠦᠨᠡᠲᠦ ᠳᠤᠷ ᠨᠠᠢᠮᠠᠨ ᠤ ᠬᠢᠵᠠᠭᠠᠷ ᠲᠤᠷ ᠬᠦᠷᠲᠡᠯ᠎ᠡ ᠦᠷᠭᠡᠳᠬᠡᠪᠡᠢ︾ ᠭᠡᠵᠦ ᠪᠢᠴᠢᠵᠦ ᠪᠤᠢ᠃ | ︽ᠪᠦᠬᠦᠳᠡ ᠨᠠᠶᠢᠷᠠᠮᠲᠠᠬᠤ ᠮᠤᠩᠭᠤᠯ ᠠᠷᠠᠳ ᠤᠯᠤᠰ ᠤᠨ ᠲᠡᠥᠬᠡ︾ ᠳᠤ᠄ ︽ᠲᠡᠮᠦᠵᠢᠨ ᠬᠦᠴᠦ ᠪᠠᠨ ᠶᠠᠭᠠᠷᠠᠨ ᠬᠤᠷᠠᠮᠳᠤᠭᠤᠯᠤᠨ ᠲᠠᠲ᠋ᠠᠷ ᠠᠶᠢᠮᠠᠭ ᠢ | ᠨᠢᠭᠡᠳᠬᠡᠬᠦ ᠠᠴᠠ ᠡᠮᠦᠨ᠎ᠡ ᠠᠮᠵᠢᠵᠦ ᠲᠠᠶᠢᠴᠢᠭᠤᠳ᠂ ᠲᠦᠷᠪᠡᠳ ᠨᠠᠷ ᠢ ᠪᠤᠶᠢᠷ ᠨᠠᠭᠤᠷ ᠤᠨ ᠤᠷᠴᠢᠮ ᠬᠠᠳᠠᠬᠢᠨ ᠰᠠᠯᠵᠢᠭᠤᠳ ᠨᠠᠷ ᠢ ᠬᠦᠯᠦᠨ ᠨᠠᠭᠤᠷ ᠤᠨ | ᠤᠷᠴᠢᠮ ᠳᠤ ᠲᠤᠰ ᠲᠤᠰ ᠴᠤᠬᠢᠵᠠᠢ ᠁︾᠂ ︽᠁ ᠸᠠᠩ ᠬᠠᠨ ᠲᠡᠮᠤᠵᠢᠨ ᠤ ᠬᠦᠰᠡᠭᠰᠡᠨ ᠶᠤᠰᠤᠭᠠᠷ ᠴᠡᠷᠢᠭ ᠢᠶᠠᠨ ᠠᠪᠴᠦ ᠬᠤᠶᠠᠷ ᠡᠲᠡᠭᠡᠳ ᠤᠨ | ᠴᠡᠷᠢᠭ ᠢᠶᠠᠨ ᠲᠡᠶᠢᠵᠤ ᠬᠤᠶᠠᠷ ᠡᠲᠡᠭᠡᠳ ᠢᠶᠠᠷ ᠢᠶᠠᠨ ᠬᠡᠷᠦᠯᠦᠨ ᠳᠤ ᠨᠡᠶᠢᠯᠡᠵᠤ ᠲᠡᠨᠳᠡ ᠠᠴᠠ ᠬᠦᠳᠡᠯᠤᠨ ᠮᠤᠷᠲᠡᠵᠤ ᠪᠤᠶᠢᠷ᠂ ᠬᠦᠯᠦᠨ ᠤ ᠬᠤᠭᠤᠷᠤᠨᠲᠦ ︿ᠬᠦᠢᠲᠡᠨ﹀ | ᠭᠡᠳᠡᠭ ᠭᠠᠵᠠᠷ ᠵᠠᠮᠤᠬ᠎ᠠ ᠶᠢᠨ ᠴᠡᠷᠢᠭ ᠲᠠᠢ ᠪᠠᠶᠢᠯᠲᠤᠨ ᠪᠤᠲᠡ ᠴᠤᠬᠢᠵᠠᠢ︾ ︵ᠨᠢᠭᠡᠳᠦᠭᠡᠷ ᠪᠤᠳᠢ ᠶᠢᠨ ᠳᠤᠤᠷᠠᠲᠦ ᠲᠡᠪᠲᠡᠷ ᠤᠨ 365 ᠳ᠋ᠤᠭᠠᠷ ᠨᠢᠭᠤᠷ ᠲᠤ ᠦᠵᠡ︶᠃ | ᠠᠳᠡ ᠳᠤᠷᠠᠳᠴᠦ ᠪᠦᠬᠦᠢ ︽ᠬᠦᠢᠲᠡᠨ︾ ᠭᠡᠳᠡᠭ ᠨᠢ ᠳᠠᠷᠤᠢ ᠳᠡᠭᠡᠷ᠎ᠠ ᠳᠤᠷᠠᠳᠴᠦ ᠦᠡᠭᠭᠡᠷᠡᠭᠰᠡᠨ ︽ᠬᠦᠢᠲᠡᠨ ᠬᠠᠷᠠᠭᠠᠲᠦ︾ ᠮᠦᠨ ᠪᠦᠭᠡᠳ ᠤᠳᠤ ᠶᠢᠨ ᠪᠠᠷᠭᠤ ᠶᠢᠨ | ᠭᠤᠷᠪᠠᠨ ᠪᠤᠭᠳᠠ ᠠᠭᠤᠯᠠ ᠪᠤᠯᠬᠤ ᠨᠢ ᠮᠠᠳᠠᠭ ᠦᠭᠡᠢ ᠪᠤᠯᠠᠢ᠃ | ︽ᠪᠠᠶᠠᠨᠮᠦ᠋ᠡᠭᠭᠡ︾ ᠭᠡᠳᠡᠭ ᠨᠢ ᠪᠠᠷᠭᠤᠴᠤᠳ᠂ ᠪᠠᠷᠭᠤ ᠶᠢᠨ ᠭᠤᠷᠪᠠᠨ ᠪᠤᠭᠳᠠ ᠠᠭᠤᠯᠠ ᠶᠢ ᠡᠬᠢᠯᠡᠵᠤ ᠲᠡᠬᠢᠬᠤ ᠦᠶ ᠠ ᠳᠡᠭᠡᠨ ︽ᠦᠭᠡᠶᠢᠷᠡᠰᠢ ᠦᠭᠡᠢ ᠪᠠᠶᠠᠨ᠂ | ᠦᠨᠦᠴᠢᠷᠡᠰᠢ ᠦᠭᠡᠢ ᠦᠨᠢᠷ︾ ᠶᠠᠪᠤᠬᠤ ᠶᠢᠨ ᠪᠡᠯᠭᠡ ᠲᠡᠮᠪᠡᠷᠡᠢ ᠶᠢ ᠵᠦᠡᠭᠨᠠᠵᠤ᠂ ᠨᠤᠲᠤᠭ ᠤᠰᠤᠨ ᠤ ᠪᠠᠨ ᠰᠦᠯᠲᠡ ᠪᠤᠯᠤᠭᠰᠠᠨ ᠬᠠᠶᠢᠷᠬᠠᠨ ᠠᠭᠤᠯᠠᠨ ᠳᠠᠭᠠᠨ ᠦᠯᠵᠡᠢ | ᠮᠦᠷ ᠲᠠᠢ ᠰᠠᠶᠢᠬᠠᠨ ᠨᠡᠷ᠎ᠠ ᠡᠷᠬᠦᠭᠰᠡᠨ ᠪᠠᠶᠢᠯᠲᠠᠢ᠃ | ᠪᠠᠷᠭᠤ ᠨᠠᠢᠮᠠᠨ ᠬᠤᠰᠢᠭᠤ ᠪᠠᠷ ᠢᠶᠠᠨ ᠵᠢᠯ ᠳᠤ ᠬᠤᠶᠠᠷ ᠤᠳᠠᠭ᠎ᠠ ᠲᠠᠬᠢᠳᠠᠭ ᠠᠴᠠ ᠴᠦ ᠪᠤᠯᠤᠭᠰᠠᠨ ᠶᠤᠮ ᠤᠤ᠂ ᠪᠠᠷᠭᠤ ᠶᠢᠨ ᠦᠭᠬᠢᠶᠠᠮᠤᠷ ᠪᠠᠶᠠᠨ ᠨᠤᠲᠤᠭ ᠤᠨ | ᠰᠦᠯᠲᠡ ᠪᠤᠯᠤᠨ ᠮᠢᠩᠭᠠᠨ ᠤ ᠭᠠᠵᠠᠷ ᠠᠴᠠ ᠰᠦᠨᠳᠡᠷᠯᠡᠨ ᠪᠠᠶᠢᠳᠠᠭ ᠠᠴᠠ ᠴᠦ ᠪᠤᠯᠤᠭᠰᠠᠨ ᠶᠤᠮ ᠤᠤ᠂ ᠬᠤᠯᠠ ᠦᠢᠷ᠎ᠠ ᠳᠤ ᠤᠯᠤᠰ ᠤᠨ ᠳᠤᠳᠤᠭᠠᠲᠦ | ᠭᠠᠳᠠᠭᠠᠲᠦ ᠳᠤ ︽ᠪᠠᠷᠭᠤ ᠶᠢᠨ ᠭᠤᠷᠪᠠᠨ ᠪᠤᠭᠳᠠ ᠠᠭᠤᠯᠠ︾ ᠭᠡᠵᠤ ᠠᠯᠳᠠᠷᠰᠢᠭᠰᠠᠨ ᠨᠢ ᠪᠠᠷᠭᠤ ᠲᠦᠮᠡᠨ ᠤ ᠦᠨᠢ ᠡᠬᠦᠷᠢᠲᠡ ᠶᠢᠨ ᠪᠠᠭ᠋ᠠᠲᠤᠯ ᠪᠤᠯᠵᠤ ᠬᠡᠢ ᠮᠤᠷᠢ | ᠰᠦᠯᠲᠡ᠂ ᠬᠡᠰᠢᠭ ᠪᠤᠶᠠᠨ ᠢ ᠨᠢ ᠬᠤᠷᠦ᠋ᠢᠯᠠᠨ ᠪᠠᠶᠢᠨᠠᠮ᠃ | ᠪᠠᠷᠭᠤ ᠶᠢᠨ ᠭᠤᠷᠪᠠᠨ ᠪᠤᠭᠳᠠ ᠠᠭᠤᠯᠠ ᠪᠤᠯ ᠰᠢᠨ᠎ᠠ ᠪᠠᠷᠭᠤ ᠪᠠᠷᠠᠭᠤᠨ ᠬᠤᠰᠢᠭᠤᠨ ᠤ ᠨᠤᠲᠤᠭ ᠤᠨ ᠵᠡᠬᠦᠨ ᠡᠮᠦᠨ᠎ᠠ ᠪᠡᠶ᠎ᠠ ᠳᠤ ᠬᠤᠰᠢᠭᠤᠨ ᠤ ᠲᠦᠪ | ᠠᠯᠳ᠋ᠬᠠᠮᠡᠭᠡᠯ ᠪᠠᠯᠭᠠᠰᠤ ᠠᠴᠠ ᠡᠮᠦᠨᠡᠰᠢ 45.8 ᠺᠢᠯᠤᠮᠧᠳ᠋ᠷ ᠵᠠᠶᠢᠲᠠᠢ᠂ ᠲᠠᠯᠠᠢ ᠶᠢᠨ ᠲᠦᠪᠰᠢᠨ ᠠᠴᠠ ᠲᠡᠭᠡᠭᠰᠢ 945 ᠮᠧᠳ᠋ᠷ ᠦᠨᠳᠦᠷ᠂ ᠵᠡᠬᠦᠨ ᠡᠮᠦᠨᠡᠰᠢ᠂ ᠪᠠᠷᠠᠭᠤᠨ | ᠬᠤᠶᠢᠰᠢ ᠪᠠᠨ ᠵᠢᠰᠢᠬᠦᠭᠡᠨ ᠪᠠᠶᠢᠷᠢᠯᠠᠭᠰᠠᠨ ︽ᠬᠡᠪᠲᠡᠭᠡ ᠲᠡᠮᠡᠭᠡ ᠬᠡᠯᠪᠡᠷᠢᠲᠡᠢ︾ ᠲᠤᠮᠤ ᠠᠭᠤᠯᠠ ᠪᠤᠯᠤᠨ᠎ᠠ᠃ | ᠠᠭᠤᠯᠠᠨ ᠤ ᠤᠷᠬᠢᠯ ᠲᠡᠭᠡᠷ᠎ᠠ ᠭᠠᠷᠤᠭᠠᠳ ᠪᠠᠷᠠᠯᠠᠬᠤᠶ᠎ᠠ ᠪᠦᠬᠦ ᠬᠤᠰᠢᠭᠤᠨ ᠤ ᠨᠤᠲᠤᠭ ᠪᠦᠷᠢᠨ ᠢᠶᠠᠷ ᠢᠶᠠᠨ ᠬᠠᠷᠠᠭᠳᠠᠳᠠᠭ ᠪᠦᠭᠡᠳ ᠲᠤᠩᠭᠠᠯᠠᠭ ᠰᠠᠶᠢᠬᠠᠨ | ᠡᠳᠦᠷ ᠪᠤᠯᠪᠠᠰᠤ ᠰᠢᠨ᠎ᠠ ᠪᠠᠷᠭᠤ ᠵᠡᠬᠦᠨ ᠬᠤᠰᠢᠭᠤᠨ ᠤ ᠲᠦᠪ — ᠠᠮᠤᠭᠤᠯᠠᠩ ᠪᠠᠯᠭᠠᠰᠦ ᠠᠴᠠ ᠴᠦ ᠪᠤᠭᠳᠠ ᠠᠭᠤᠯᠠ ᠶᠢᠨ ᠪᠠᠷ᠎ᠠ ᠳᠤᠲᠤᠬᠠᠨ ᠴᠡᠩᠭᠡᠷᠯᠡᠵᠤ | ᠬᠠᠷᠠᠭᠳᠠᠳᠠᠭ ᠶᠤᠮ᠃ | ᠪᠠᠷᠭᠤ ᠶᠢᠨ ᠭᠤᠷᠪᠠᠨ ᠪᠤᠭᠳᠠ ᠠᠭᠤᠯᠠ ᠶᠢᠨ ᠲᠦᠷᠦᠬᠦᠦ ᠠᠭᠤᠯᠠᠨ ᠳᠡᠭᠡᠷ᠎ᠠ ᠨᠢ ᠳᠤᠮᠤ ᠭᠤᠤᠯ ᠤᠪᠤᠭ᠎ᠠ ᠲᠠᠢ᠂ ᠭᠤᠤᠯ ᠤᠪᠤᠭᠠᠨ ᠤ ᠲᠦᠷᠪᠡᠨ ᠲᠠᠯ᠎ᠠ ᠳᠤ | ᠭᠤᠷᠪᠡ ᠭᠤᠷᠪᠡᠨ ᠵᠢᠵᠢᠭ ᠤᠪᠤᠭ᠎ᠠ ᠲᠠᠢ᠂ ᠭᠤᠤᠯ ᠤᠪᠤᠭᠠᠨ ᠠᠴᠠ ᠡᠮᠦᠨᠡᠰᠢ 60 ᠮᠧᠳ᠋ᠷ ᠵᠠᠶᠢᠲᠠᠢ ᠪᠠᠰᠠ ᠨᠢᠭᠡ ᠤᠪᠤᠭ᠎ᠠ ᠪᠠᠶᠢᠳᠠᠭ᠃ ᠤᠪᠤᠭ᠎ᠠ ᠪᠤᠯᠭᠠᠨ ᠳᠤ | ᠠᠯᠲᠠ ᠪᠠᠷ ᠰᠢᠷᠠᠭᠰᠠᠨ ᠲᠤᠸᠠᠵᠠ ᠲᠠᠢ᠂ ᠵᠢᠯ ᠳᠤ ᠬᠤᠶᠠᠷ ᠤᠳᠠᠭ᠎ᠠ ᠲᠠᠬᠢᠬᠤ ᠠᠴᠠ ᠪᠠᠨ ᠡᠮᠦᠨ᠎ᠠ ᠨᠢ ᠤᠪᠤᠭᠠᠨ ᠳᠤ ᠲᠦᠷᠦᠬᠦᠴᠢ ᠶᠢᠨ ᠡᠷᠬᠦᠭᠰᠡᠨ ᠬᠠᠳᠠᠭ᠂ | ᠱᠠᠩᠬᠠᠢ᠂ ᠲᠤᠷᠭ᠎ᠠ᠂ ᠳᠤᠷᠲᠤᠩ᠂ ᠤᠷᠭ᠎ᠠ᠂ ᠬᠡᠪᠯᠡᠭᠰᠡᠨ ᠬᠡᠢ ᠮᠤᠷᠢ᠂ ᠴᠠᠢ ᠢᠳᠡᠭᠡᠨ ᠤ ᠳᠡᠭᠡᠵᠢ ᠲᠡᠷᠢᠬᠦᠳᠡᠨ ᠢ ᠰᠠᠴᠤᠯᠢ ᠡᠷᠬᠦᠳᠡᠭ᠃ | ᠳᠤᠮᠳᠠ ᠠᠭᠤᠯᠠ ᠬᠢᠭᠡᠳ ᠰᠡᠬᠦᠯ ᠠᠭᠤᠯᠠ ᠶᠢᠨ ᠤᠷᠤᠢ ᠲᠡᠭᠡᠷ᠎ᠠ ᠲᠤᠰ ᠪᠦᠷᠢ ᠴᠢᠯᠠᠭᠤᠨ ᠤᠪᠤᠭ᠎ᠠ ᠪᠠᠶᠢᠳᠠᠭ ᠪᠤᠯᠪᠠᠴᠦ ᠲᠤᠸᠠᠵᠠ ᠦᠭᠡᠢ᠂ ᠪᠤᠷᠭᠠᠰᠤᠯᠠᠳᠠᠭ | ᠴᠦ ᠦᠭᠡᠢ᠃ ᠵᠠᠷᠢᠮ ᠰᠦᠰᠦᠭᠳᠡᠨ ᠪᠠᠰᠠ ᠬᠠᠳᠠᠭ᠂ ᠤᠷᠭ᠎ᠠ ᠡᠷᠬᠦᠵᠤ ᠮᠥᠷᠬᠦᠨ ᠰᠦᠰᠦᠭᠯᠡᠳᠡᠭ᠃ | ᠪᠠᠷᠭᠤ ᠶᠢᠨ ᠭᠤᠷᠪᠠᠨ ᠪᠤᠭᠳᠠ ᠠᠭᠤᠯᠠ ᠨᠢ ᠮᠡᠨᠡᠩ ᠤᠨ ᠲᠠᠯ ᠠ ᠶᠢᠨ ᠬᠤᠶᠢᠲᠦ ᠪᠡᠶ᠎ᠠ ᠳᠤ ᠪᠠᠶᠢᠷᠢᠯᠠᠭᠰᠠᠨ ᠪᠤᠯᠬᠤᠷ ᠪᠠᠰᠠ ᠴᠦ ︽ᠮᠡᠨᠡᠩ ᠤᠨ ᠭᠤᠷᠪᠠᠨ | ᠪᠤᠭᠳᠠ ᠠᠭᠤᠯᠠ︾ ᠭᠡᠬᠦ ᠴᠦ ᠪᠤᠢ᠃ | ᠰᠢᠨ᠎ᠠ ᠪᠠᠷᠭᠤ ᠪᠠᠷᠠᠭᠤᠨ ᠭᠠᠷᠤᠨ ᠪᠦᠬᠦᠳᠡ ᠶᠢᠨ ᠳᠠᠷᠤᠭ᠎ᠠ ᠴᠠᠷᠠᠨ᠂ ᠬᠦᠪᠡᠭᠡᠲᠦ ᠬᠦᠬᠡ ᠬᠤᠰᠢᠭᠤᠨ ᠤ ᠲᠡᠷᠢᠬᠦᠨ ᠰᠤᠮᠤᠨ ᠤ ᠵᠠᠩᠭᠢ ᠴᠦᠯᠲᠤᠮ᠂ | ᠬᠤᠶᠠᠳᠤᠭᠠᠷ ᠰᠤᠮᠤᠨ ᠤ ᠵᠠᠩᠬᠢ ᠤᠷᠭᠤᠮᠠᠯ᠂ ᠭᠤᠳᠠᠭᠠᠷ ᠰᠤᠮᠤᠨ ᠤ ᠵᠠᠩᠬᠢ ᠪᠠᠭ᠎ᠠ ᠴᠦᠯᠳᠦᠮ᠂ ᠬᠦᠪᠡᠬᠡᠳᠦ ᠤᠯᠠᠭᠠᠨ ᠬᠤᠰᠢᠭᠤᠨ ᠤ ᠳᠡᠷᠢᠬᠦᠨ ᠰᠤᠮᠤᠨ ᠤ ᠵᠠᠩᠬᠢ | ᠠᠶᠢᠵᠦ᠂ ᠬᠤᠶᠠᠳᠤᠭᠠᠷ ᠰᠤᠮᠤᠨ ᠤ ᠵᠠᠩᠭᠢ ᠱᠤᠩᠬᠤ᠂ ᠭᠤᠳᠠᠭᠠᠷ ᠰᠤᠮᠤᠨ ᠤ ᠵᠠᠩᠬᠢ ᡀᠠᠰᠦ᠋ᠷᠦᠩ᠂ ᠰᠢᠯᠤᠭᠤᠨ ᠤᠯᠠᠭᠠᠨ ᠬᠤᠰᠢᠭᠤᠨ ᠤ ᠲᠡᠷᠢᠬᠦᠨ ᠰᠤᠮᠤᠨ ᠤ | ᠵᠠᠩᠬᠢ ᠪᠤᠨᠢ᠂ ᠬᠤᠶᠠᠳᠤᠭᠠᠷ ᠰᠤᠮᠤᠨ ᠤ ᠵᠠᠩᠬᠢ ᠲᠦᠯᠦᠪᠦᠷᠢ᠂ ᠭᠤᠳᠠᠭᠠᠷ ᠰᠤᠮᠤᠨ ᠤ ᠵᠠᠩᠬᠢ ᠮᠢᠡᠵᠤᠤᠷ᠂ ᠰᠢᠯᠤᠭᠤᠨ ᠰᠢᠷ᠎ᠠ ᠬᠤᠰᠢᠭᠤᠨ ᠤ ᠲᠡᠷᠢᠬᠦᠨ ᠰᠤᠮᠤᠨ ᠤ | ᠵᠠᠩᠬᠢ ᠴᠡᠷᠡᠨ ︵ᠪᠦᠬᠦᠳᠡ ᠶᠢᠨ ᠳᠠᠷᠤᠭ᠎ᠠ︶᠂ ᠬᠤᠶᠠᠳᠤᠭᠠᠷ ᠰᠤᠮᠤᠨ ᠤ ᠵᠠᠩᠬᠢ ᠠᠰᠠᠷᠠᠯ᠂ ᠭᠤᠳᠠᠭᠠᠷ ᠰᠤᠮᠤᠨ ᠤ ᠵᠠᠩᠬᠢ ᠮᠢᠨᠵᠤᠤᠷ ᠬᠢᠬᠡᠳ ᠳ᠋ᠠᠩᠽᠠᠨ ᠬᠡᠯᠦᠩ ᠵᠡᠷᠬᠡ | ᠬᠡᠷᠬᠡᠮᠳᠡᠨ ᠯᠠᠮᠠ ᠨᠠᠷ ᠵᠦᠪᠳᠡᠯᠴᠡᠵᠦ᠂ ᠨᠠᠶᠢᠷᠠᠯᠳᠤ ᠲᠦᠪ ᠤᠨ ᠠᠷᠪᠠᠨ ᠲᠦᠷᠪᠡᠳᠦᠬᠡᠷ ᠤᠨ ᠤ ᠤᠯᠠᠭᠠᠨ ᠯᠤᠤ ᠵᠢᠯ ᠪᠤᠶᠤ ᠨᠠᠶᠢᠳᠠ ᠶᠢᠨ ᠤᠨ ᠳᠤᠭᠠᠯᠠᠯ ᠤᠨ 1736 | ᠤᠨ ᠠᠴᠠ ᠰᠢᠨ᠎ᠠ ᠪᠠᠷᠭᠤ ᠪᠠᠷᠠᠭᠤᠨ ᠭᠠᠷᠤᠨ ᠲᠦᠷᠪᠡᠨ ᠬᠤᠰᠢᠭᠤᠨ ᠠᠴᠠ 120 ᠦᠬᠡᠷ ᠳᠡᠷᠬᠡ ᠭᠠᠷᠭᠠᠵᠦ᠂ ᠪᠤᠭᠳᠠ ᠠᠭᠤᠯᠠᠨ ᠳᠤ ᠪᠠᠶᠢᠭᠰᠠᠨ ᠪᠦᠬᠡ ᠶᠢᠨ | ᠤᠡᠭᠭᠤᠨ ᠢ ︽ ᠲᠠᠭᠠᠨ ᠳᠡᠯ︾ ᠬᠡᠮᠡᠬᠦ ᠠᠭᠤᠯᠠᠨ ᠳᠤ ᠨᠢᠬᠡ ᠰᠠᠷ᠎ᠠ ᠶᠢᠨ ᠬᠤᠭᠤᠴᠠᠭ᠎ᠠ ᠬᠡᠷᠡᠭᠯᠡᠨ ᠨᠡᠬᠦᠯᠬᠡᠵᠦ᠂ ᠳᠡᠭᠷᠢ ᠳᠡᠳᠬᠦᠭᠴᠢ ᠶᠢᠨ ᠳᠠᠪᠤᠳᠤᠭᠠᠷ ᠤᠨ ᠪᠤᠶᠤ | ᠨᠠᠶᠢᠳᠠ ᠶᠢᠨ ᠤᠨ ᠳᠤᠭᠠᠯᠠᠯ ᠤᠨ1740 ᠤᠨ᠂ ᠠᠷᠪᠠᠨ ᠬᠤᠶᠠᠳᠤᠭᠠᠷ ᠷᠠᠪᠵᠤᠩ ᠤᠨ ᠴᠠᠭᠠᠨ ᠪᠠᠴᠢᠨ ᠵᠢᠯ ᠤᠨ ᠳᠠᠪᠤᠨ ᠰᠠᠷ᠎ᠠ ᠶᠢᠨ ᠠᠷᠪᠠᠨ ᠤ ᠡᠳᠦᠷ᠂ ᠰᠢᠨ᠎ᠠ | ᠪᠠᠷᠭᠤ ᠪᠠᠷᠠᠭᠤᠨ ᠭᠠᠷᠤᠨ ᠲᠦᠷᠪᠡᠨ ᠬᠤᠰᠢᠭᠤ ᠪᠠᠷ ᠢᠶᠠᠨ ᠳᠠᠬᠢᠵᠦ ᠡᠬᠢᠯᠡᠵᠡᠢ᠃ | ᠮᠦᠨ ᠳᠡᠭᠷᠢ ᠳᠡᠳᠬᠦᠭᠴᠢ ᠶᠢᠨ ᠳᠠᠪᠤᠳᠤᠭᠠᠷ ᠤᠨ ᠪᠤᠶᠤ ᠨᠡᠶᠢᠳᠡ ᠶᠢᠨ ᠤᠨ ᠳᠤᠭᠠᠯᠠᠯ ᠤᠨ 1740 ᠤᠨ᠂ ᠠᠷᠪᠠᠨ ᠬᠤᠶᠠᠳᠤᠭᠠᠷ ᠷᠠᠪᠵᠤᠩ ᠤᠨ ᠴᠠᠭᠠᠨ | ᠪᠠᠴᠢᠨ ᠵᠢᠯ ᠤᠨ ᠲᠡᠷᠢᠬᠦᠨ ᠰᠠᠷ᠎ᠠ ᠶᠢᠨ ᠠᠷᠪᠠᠨ ᠳᠠᠪᠤᠨ ᠤ ᠡᠳᠦᠷ᠂ ᠰᠢᠨ᠎ᠠ ᠪᠠᠷᠭᠤ ᠪᠠᠷᠠᠭᠤᠨ ᠭᠠᠷᠤᠨ ᠬᠦᠪᠡᠬᠡᠳᠦ ᠬᠦᠬᠡ ᠬᠤᠰᠢᠭᠤᠨ ᠤ ᠬᠤᠶᠠᠳᠤᠭᠠᠷ ᠰᠤᠮᠤᠨ ᠤ | ᠤᠯᠠᠭᠠᠨ ᠫᠢ ᠳᠠᠯᠠᠩᠭᠤᠳ ᠬᠠᠯᠠ ᠶᠢᠨ ᠤᠷᠭᠤᠮᠠᠯ ᠬᠡᠮᠡᠭᠴᠢ ᠪᠢᠴᠢᠭ ᠤᠨ ᠬᠦᠮᠦᠨ᠂ ᠪᠠᠷᠭᠤ ᠶᠢᠨ ᠭᠤᠷᠪᠠᠨ ᠪᠤᠭᠳᠠ ᠠᠭᠤᠯᠠ ᠶᠢᠨ ᠳᠠᠬᠢᠯᠭ᠎ᠠ ᠶᠢᠨ ᠰᠤᠳᠤᠷ ᠢ ᠮᠠᠨᠵᠤ | ᠦᠰᠦᠭ ᠢᠶᠠᠷ ᠵᠤᠬᠢᠶᠠᠵᠠᠢ᠃ | ᠳᠠᠷᠠᠭ᠎ᠠ ᠵᠢᠯ ᠠᠴᠠ ᠨᠢ᠂ ᠳᠠᠷᠤᠢ ᠳᠡᠭᠷᠢ ᠳᠡᠳᠬᠦᠭᠴᠢ ᠶᠢᠨ ᠵᠢᠷᠭᠤᠳᠤᠭᠠᠷ ᠤᠨ ᠪᠤᠶᠤ ᠨᠠᠶᠢᠳᠠ ᠶᠢᠨ ᠤᠨ ᠳᠤᠭᠠᠯᠠᠯ ᠤᠨ 1741 ᠤᠨ᠂ ᠠᠷᠪᠠᠨ | ᠬᠤᠶᠠᠳᠤᠭᠠᠷ ᠷᠠᠪᠵᠤᠩ ᠤᠨ ᠴᠠᠭᠠᠭᠴᠢᠨ ᠳᠠᠬᠢᠶ᠎ᠠ ᠵᠢᠯ ᠤᠨ ᠳᠠᠪᠤᠨ ᠰᠠᠷ᠎ᠠ ᠶᠢᠨ ᠠᠷᠪᠠᠨ ᠭᠤᠷᠪᠠᠨ ᠤ ᠳᠤᠭᠳᠠᠮᠠᠯ ᠡᠳᠦᠷ᠂ ᠰᠢᠨ᠎ᠠ ᠪᠠᠷᠭᠤ ᠪᠠᠷᠠᠭᠤᠨ ᠭᠠᠷᠤᠨ | ᠲᠦᠷᠪᠡᠨ ᠬᠤᠰᠢᠭᠤ ᠭᠤᠤᠯ ᠲᠠᠢ ᠳᠠᠬᠢᠬᠤ ᠪᠤᠯᠵᠤ᠂ ᠳᠠᠬᠦᠨ ᠢᠶᠠᠨ ︽ᠳᠠᠪᠤᠨ ᠰᠠᠷ᠎ᠠ ᠶᠢᠨ ᠠᠭᠤᠯᠠ ᠶᠢᠨ ᠨᠠᠶᠢᠷ︾ ᠬᠡᠳᠡᠭ ᠪᠤᠶᠤ᠃ | ᠪᠠᠷᠭᠤ ᠶᠢᠨ ᠭᠤᠷᠪᠠᠨ ᠪᠤᠭᠳᠠ ᠠᠭᠤᠯᠠ ᠶᠢᠨ ᠳᠠᠬᠢᠯᠭ᠎ᠠ ᠶᠢᠨ ᠲᠦᠪᠡᠳ ᠰᠤᠳᠤᠷ ᠢ ᠨᠠᠶᠢᠳᠠ ᠶᠢᠨ ᠤᠨ ᠳᠤᠭᠠᠯᠠᠯ ᠤᠨ 1835 ᠤᠨ ᠪᠤᠶᠤ ᠬᠠᠷ᠎ᠠ ᠯᠤᠤ | ᠵᠢᠯ ᠤᠨ 8 ᠰᠠᠷ᠎ᠠ ᠶᠢᠨ 30 ᠤ ᠡᠳᠦᠷ ᠨᠢᠬᠡᠨ ᠲᠦᠪᠡᠳ ᠯᠠᠮᠠ ᠵᠤᠬᠢᠶᠠᠵᠦ᠂ ᠳᠠᠷᠠᠭ᠎ᠠ ᠵᠢᠯ ᠤᠨ ᠬᠢᠨᠢ 5 ᠰᠠᠷ᠎ᠠ ᠶᠢᠨ 13 ᠤ ᠡᠳᠦᠷ ᠠᠴᠠ ᠡᠬᠢᠯᠡᠨ ᠯᠠᠮᠠ ᠨᠠᠷ | ᠲᠦᠪᠡᠳ ᠰᠤᠳᠤᠷ ᠢᠶᠠᠷ ᠳᠠᠬᠢᠵᠦ ᠡᠬᠢᠯᠡᠭᠰᠡᠨ ᠠᠴᠠ ᠡᠳᠦᠬᠡ ᠬᠦᠷᠦᠵᠦᠬᠦᠢ᠃ | ᠰᠢᠨ᠎ᠠ ᠪᠠᠷᠭᠤ ᠪᠠᠷᠠᠭᠤᠨ ᠭᠠᠷᠤᠨ ᠲᠦᠷᠪᠡᠨ ᠬᠤᠰᠢᠭᠤ ᠪᠠᠷ ᠢᠶᠠᠨ ᠭᠤᠷᠪᠠᠨ ᠪᠤᠭᠳᠠ ᠠᠭᠤᠯᠠ ᠶᠢ ᠠᠩᠬ᠎ᠠ ᠳᠠᠬᠢᠬᠤ ᠦᠶ᠎ᠠ ᠠᠴᠠ ᠰᠢᠨ᠎ᠠ ᠪᠠᠷᠭᠤ ᠵᠠᠬᠦᠨ | ᠭᠠᠷᠤᠨ ᠬᠡᠰᠡᠭ ᠠᠶᠢᠯ ᠵᠤᠨ᠂ ᠮᠦᠨ ᠳᠠᠪᠤᠨ ᠰᠠᠷ᠎ᠠ ᠶᠢᠨ ᠠᠭᠤᠯᠠ ᠶᠢᠨ ᠨᠠᠶᠢᠷ ᠲᠤ ᠢᠷᠡᠵᠦ᠂ ᠪᠤᠭᠳᠠ ᠠᠭᠤᠯᠠ ᠶᠢ ᠳᠠᠬᠢᠯᠴᠠᠳᠠᠭ ᠪᠠᠶᠢᠭᠰᠠᠨ ᠢᠶᠠᠨ ᠨᠠᠶᠢᠳᠠ ᠶᠢᠨ ᠤᠨ | ᠳᠤᠭᠠᠯᠠᠯ ᠤᠨ1850 ᠤᠨ ᠳᠤ᠂ ᠰᠢᠨ᠎ᠠ ᠪᠠᠷᠭᠤ ᠪᠠᠷᠠᠭᠤᠨ᠂ ᠵᠡᠬᠦᠨ ᠬᠤᠶᠠᠷ ᠭᠠᠷᠤᠨ ᠨᠠᠢᠮᠠᠨ ᠬᠤᠰᠢᠭᠤ ᠪᠠᠷ ᠢᠶᠠᠨ ᠡᠬᠢᠯᠡᠵᠦ ᠳᠠᠬᠢᠭᠠᠳ᠂ ᠳᠡᠬᠦᠨ ᠠᠴᠠ ᠬᠤᠶᠢᠰᠢ | ᠵᠢᠯ ᠪᠦᠷᠢ ᠶᠢᠨ ᠪᠢᠯᠢᠭ ᠤᠨ ᠤᠯᠠᠷᠢᠯ ᠤᠨ ᠳᠤᠯᠤᠭᠠᠨ ᠰᠠᠷ᠎ᠠ ᠶᠢᠨ ᠰᠢᠨ᠎ᠠ ᠶᠢᠨ ᠭᠤᠷᠪᠠᠨ ᠤ ᠳᠤᠭᠳᠠᠮᠠᠯ ᠡᠳᠦᠷ ᠳᠠᠬᠢᠬᠤ ᠪᠤᠯᠵᠤ᠂ ᠳᠡᠬᠦᠨ ᠵᠶᠠᠨ ᠪᠠᠷᠭᠤ ᠨᠠᠢᠮᠠᠨ | ᠬᠤᠰᠢᠭᠤᠨ ᠤ ︽ᠡᠪ ᠤᠨ ᠨᠠᠶᠢᠷ︾ ᠭᠡᠳᠡᠭ ᠪᠤᠯᠵᠤ᠂ ︽ᠳᠤᠯᠤᠭᠠᠨ ᠰᠠᠷ᠎ᠠ ᠶᠢᠨ ᠠᠭᠤᠯᠠ ᠶᠢᠨ ᠨᠠᠶᠢᠷ︾ ᠴᠤ ᠭᠡᠳᠡᠭ᠃ | ᠬᠡᠳᠦ ︽ᠵᠠᠬᠦᠨ︾ ᠤ ᠱᠤᠭᠤᠮ ᠤᠨ ᠨᠦᠯᠦᠬᠡᠯᠡᠯ ᠠᠴᠠ ᠪᠤᠯᠵᠤ 1964 ᠤᠨ ︵ᠬᠦᠬᠡ ᠯᠤᠤ ᠵᠢᠯ︶ ᠠᠴᠠ ᠪᠠᠷᠭᠤ ᠶᠢᠨ ᠭᠤᠷᠪᠠᠨ ᠪᠤᠭᠳᠠ ᠠᠭᠤᠯᠠ ᠶᠢ | ᠳᠠᠬᠢᠬᠤ ᠶᠢ ︽ᠹᠧᠤᠳᠠᠯ ᠤᠨ ᠬᠡᠢ ᠪᠢᠰᠢᠷᠠᠯ ᠤᠨ ᠠᠵᠢᠯᠯᠠᠭ᠎ᠠ︾ ᠬᠡᠵᠦ ᠪᠤᠷᠤᠭᠤᠰᠢᠶᠠᠨ ᠵᠤᠭᠰᠤᠭᠠᠵᠦ᠂ 1966 ᠤᠨ ︵ᠤᠯᠠᠭᠠᠨ ᠮᠤᠷᠢᠨ ᠵᠢᠯ︶ ᠳᠤ ︽ᠰᠤᠶᠤᠯ ᠤᠨ | ᠬᠤᠪᠢᠰᠬᠠᠯ︾ ᠤᠨ ᠡᠬᠢᠨ ᠤ ︽ᠲᠦᠷᠪᠡᠨ ᠬᠠᠭᠤᠴᠢᠨ ᠢ ᠡᠪᠳᠡᠬᠦ︾ ᠦᠶ᠎ᠠ ᠳᠤ ᠪᠤᠭᠳᠠ ᠠᠭᠤᠯᠠ ᠶᠢᠨ ᠤᠪᠤᠭ᠎ᠠ ᠶᠢ ᠤᠡᠭᠬᠢᠯᠠᠨ ᠠᠭᠤᠳᠠᠯᠵᠦ᠂ ᠰᠦᠰᠦᠭᠯᠡᠭᠰᠡᠨ | ᠤᠯᠠᠨ ᠤ ᠡᠷᠬᠦᠵᠦ ᠱᠦᠡᠭᠰᠢᠭᠯᠡᠭᠰᠡᠨ ᠡᠳ᠋ ᠡᠷᠳᠡᠨᠢᠰ ᠤᠨ ᠵᠦᠢᠯ ᠢ ᠴᠦᠯᠪᠡᠵᠦ᠂ ᠪᠤᠭᠳᠠ ᠠᠭᠤᠯᠠ ᠶᠢᠨ ᠵᠢᠰᠠ ᠶᠢᠨ ᠮᠠᠯ ᠬᠦᠷᠦᠩᠬᠡ ᠶᠢ ᠬᠤᠷᠢᠶᠠᠮᠵᠢᠯᠠᠨ ᠠᠪᠤᠭᠰᠠᠨ | ᠪᠠᠶᠢᠵᠠᠢ᠃ | 1978 ᠤᠨ ︵ᠰᠢᠷ᠎ᠠ ᠮᠤᠷᠢᠨ ᠵᠢᠯ︶ ᠤ 12 ᠰᠠᠷ᠎ᠠ ᠶᠢᠨ 22 ᠤᠨ ᠡᠳᠦᠷ᠂ ᠳᠤᠮᠳᠠᠳᠤ ᠤᠯᠤᠰ ᠤᠨ ᠡᠪ ᠬᠠᠮᠳᠤ ᠨᠠᠮ ᠤᠨ ᠠᠷᠪᠠᠨ ᠨᠢᠬᠡᠳᠦᠬᠡᠷ | ᠬᠤᠭᠤᠴᠠᠭᠠᠨ ᠤ ᠭᠤᠷᠪᠠᠳᠤᠭᠠᠷ ᠪᠦᠬᠦᠳᠡ ᠬᠤᠷᠠᠯᠳᠤᠭᠠᠨ ᠢᠯᠡᠯᠳᠡ ᠲᠠᠢ ᠬᠤᠷᠠᠯᠳᠤᠵᠦ ᠳᠡᠬᠦᠰᠦᠭᠰᠡᠨ ᠠᠴᠠ ᠬᠤᠶᠢᠰᠢ ᠨᠠᠮ ᠤᠨ ᠦᠨᠳᠦᠰᠦᠳᠡᠨ᠂ ᠱᠠᠰᠢᠨ | ᠰᠤᠷᠳᠠᠬᠤᠨ ᠤ ᠳᠤᠬᠠᠢ ᠲᠦᠷᠦ ᠶᠢᠨ ᠪᠤᠳᠤᠯᠭ᠎ᠠ ᠨᠠᠶᠢᠳᠠᠪᠤᠷᠢᠵᠢᠭᠳᠠᠵᠦ᠂ 1981 ᠤᠨ ᠤ ᠪᠢᠯᠢᠭ ᠤᠨ ᠤᠯᠠᠷᠢᠯ ᠤᠨ ᠳᠠᠪᠤᠨ ᠰᠠᠷ᠎ᠠ ᠶᠢᠨ ᠠᠷᠪᠠᠨ ᠭᠤᠷᠪᠠᠨ ᠤ ᠡᠳᠦᠷ᠂ | ᠪᠠᠷᠭᠤ ᠶᠢᠨ ᠭᠤᠷᠪᠠᠨ ᠪᠤᠭᠳᠠ ᠠᠭᠤᠯᠠ ᠪᠠᠨ ᠰᠡᠷᠬᠦᠬᠡᠨ ᠳᠠᠬᠢᠵᠦ ᠡᠬᠢᠯᠡᠭᠰᠡᠨ ᠪᠠᠶᠢᠨ᠎ᠠ᠃ |