ᠮᠤᠩᠭᠤᠯᠴᠤᠳ ᠤᠨ ᠭᠠᠯ ᠤᠨ ᠴᠡᠭᠡᠷ ᠶᠤᠰᠤ
ᠨᠡᠶᠢᠲᠡᠯᠡᠭᠰᠡᠨ ᠴᠠᠭ᠄
2019/3/19
     ᠮᠤᠩᠭᠤᠯᠴᠤᠳ ᠭᠠᠯ ᠢ ᠠᠮᠢ ᠨᠠᠰᠤ᠂ ᠡᠳ᠋ ᠠᠭᠤᠷᠠᠰᠤ ᠶᠢᠨ ᠴᠡᠪᠡᠷ ᠠᠷᠢᠭᠤᠨ ᠬᠦᠴᠦᠨ ᠴᠢᠳᠠᠯ᠂ ᠵᠤᠯ ᠵᠢᠷᠭᠠᠯ᠂ ᠬᠦᠭᠵᠢᠯ ᠪᠠᠳᠠᠷᠠᠯ ᠤᠨ ᠪᠡᠯᠭᠡ ᠳᠡᠮᠳᠡᠭ ᠭᠡᠵᠤ ᠦᠵᠡᠨ᠂ ᠰᠢᠲᠦᠨ ᠪᠢᠰᠢᠷᠡᠵᠤ᠂ ᠭᠠᠯ ᠤᠨ ᠳᠡᠭᠷᠢ ᠶᠢ ᠬᠦᠨᠳᠦᠳᠭᠡᠵᠤ᠂ ᠬᠢᠯᠢᠩᠨᠠᠨ ᠲᠤᠭᠰᠢᠷᠠᠬᠤ᠂ ᠪᠤᠵᠠᠷᠲᠤᠵᠤ ᠮᠠᠭᠤᠳᠠᠬᠤ ᠠᠴᠠ ᠬᠢᠴᠢᠶᠡᠨ ᠪᠤᠯᠭᠤᠮᠵᠢᠯᠠᠬᠤ ᠲᠠᠢ ᠬᠤᠯᠪᠤᠭᠳᠠᠭᠰᠠᠨ ᠴᠡᠭᠡᠷ ᠶᠤᠰᠤ ᠶᠢ ᠡᠷᠲᠡᠨ ᠠᠴᠠ ᠲᠤᠭᠲᠠᠭᠠᠨ ᠳᠠᠭᠠᠭᠰᠠᠭᠠᠷ ᠢᠷᠡᠭᠰᠡᠨ ᠪᠢᠯᠡ᠃ ᠠᠶᠢᠯ ᠤᠨ ᠭᠠᠯ ᠭᠤᠯᠤᠮᠲᠠ ᠠᠷᠢᠭᠤᠨ ᠳᠠᠷᠬᠠᠨ ᠪᠠᠶᠢᠬᠤ ᠤᠴᠢᠷᠲᠠᠢ ᠪᠦᠭᠡᠳ ᠠᠶᠢᠯ ᠭᠡᠷ ᠪᠠᠳᠤ᠂ ᠠᠮᠤᠷ ᠲᠦᠪᠰᠢᠨ ᠪᠠᠶᠢᠬᠤ ᠶᠢᠨ ᠪᠡᠯᠭᠡ ᠳᠡᠮᠳᠡᠭ ᠭᠡᠵᠤ ᠦᠵᠡᠳᠡᠭ ᠪᠢᠯᠡ᠃      ᠭᠠᠯ ᠲᠠᠢ ᠬᠤᠯᠪᠤᠭᠠᠲᠠᠢ ᠡᠳᠡᠭᠡᠷ ᠴᠡᠭᠡᠷ ᠶᠤᠰᠤ ᠨᠢ ᠶᠡᠷᠦᠳᠡ ᠶᠢᠨ ᠴᠡᠭᠡᠷ ᠪᠠ ᠲᠤᠰᠬᠠᠢ ᠴᠡᠭᠡᠷ ᠭᠡᠵᠤ ᠬᠤᠶᠠᠷ ᠵᠦᠢᠯ ᠪᠠᠶᠢᠵᠠᠢ᠃      ᠶᠡᠷᠦᠳᠡ ᠶᠢᠨ ᠴᠡᠭᠡᠷ ᠨᠢ᠄      — ᠭᠠᠯ ᠭᠤᠯᠤᠮᠲᠠ ᠶᠢᠨ ᠳᠡᠭᠡᠭᠦᠷ ᠠᠯᠬᠤᠵᠤ ᠭᠠᠷᠬᠤ︔      — ᠭᠠᠯ ᠳᠤ ᠬᠦᠯ ᠢᠶᠠᠨ ᠡᠭᠡᠭᠡᠬᠦ︔      — ᠭᠠᠯ ᠤᠷᠤᠭᠤ ᠠᠯᠴᠠᠶᠢᠵᠤ ᠰᠠᠭᠤᠬᠤ︔      — ᠭᠠᠯ ᠳᠤ ᠬᠢᠲᠤᠭ᠎ᠠ ᠰᠢᠪᠦᠭᠡ ᠲᠦᠷᠦᠬᠦ︔      — ᠭᠠᠯ ᠢᠶᠠᠨ ᠬᠠᠷᠢᠶᠠᠵᠤ ᠮᠠᠭᠤᠯᠠᠬᠤ ᠶᠢ ᠢᠮᠠᠭᠲᠠ ᠴᠡᠭᠡᠷᠯᠡᠳᠡᠭ᠃      — ᠭᠠᠯ ᠳᠤ ᠰᠤᠩᠭᠢᠨ᠎ᠠ᠂ ᠰᠠᠷᠢᠮᠰᠠᠭ ᠤᠨ ᠬᠠᠯᠢᠰᠤ᠂ ᠨᠤᠬᠠᠢ᠂ ᠭᠠᠭ᠋ᠠᠢ᠂ ᠰᠢᠪᠠᠭᠤᠨ ᠤ ᠪᠠᠭᠠᠰᠤ᠂ ᠦᠳᠦ᠂ ᠬᠦᠯ ᠭᠠᠷ ᠤᠨ ᠬᠢᠮᠤᠰᠤ ᠬᠢᠬᠦ᠂ ᠨᠢᠰᠤ ᠨᠢᠯᠪᠤᠰᠤ ᠪᠠᠨ ᠬᠠᠶᠠᠬᠤ︔      — ᠰᠠᠶ᠋ᠢ ᠲᠦᠷᠦᠭᠰᠡᠨ ᠡᠬᠡ ᠬᠦᠮᠦᠨ ᠭᠠᠯ ᠳᠤ ᠤᠢᠢᠷᠠᠳᠬᠤ ᠶᠢ ᠴᠡᠭᠡᠷᠯᠡᠳᠡᠭ᠃ ᠡᠨᠡ ᠨᠢ ᠭᠠᠯ ᠭᠤᠯᠤᠮᠲᠠ ᠶᠢ ᠴᠡᠪᠡᠷ ᠪᠠᠶᠢᠯᠭᠠᠵᠤ᠂ ᠪᠤᠵᠠᠷᠲᠤᠬᠤ ᠠᠴᠠ ᠬᠠᠮᠠᠭᠠᠯᠠᠬᠤ ᠵᠤᠷᠢᠯᠭ᠎ᠠ ᠲᠠᠢ᠃      — ᠵᠤᠤᠬ᠎ᠠ ᠳᠤᠯᠭᠠᠨ ᠳᠡᠭᠡᠷ᠎ᠡ ᠪᠤᠵᠠᠷ ᠶᠠᠭᠤᠮ᠎ᠠ ᠲᠠᠯᠪᠢᠬᠤ ᠶᠢ ᠴᠡᠭᠡᠷᠯᠡᠨ᠎ᠡ᠃ ᠵᠦᠷᠢᠴᠡᠪᠡᠯ ᠭᠠᠯ ᠤᠨ ᠳᠡᠭᠷᠢ ᠲᠤᠭᠰᠢᠷᠠᠨ ᠠᠭᠤᠷᠯᠠᠨ᠎ᠠ ᠭᠡᠳᠡᠭ᠃      — ᠭᠠᠯ ᠳᠤ ᠰᠦ ᠳᠤᠰᠤᠭᠠᠬᠤ᠂ ᠭᠠᠯ ᠳᠡᠭᠡᠷ᠎ᠡ ᠪᠦᠰᠡ ᠡᠷᠭᠢᠭᠦᠯᠬᠦ᠂ ᠴᠢᠰᠤ ᠲᠤᠰᠤᠭᠠᠬᠤ᠂ ᠤᠰᠤ ᠤᠷᠤᠭᠤᠯᠬᠤ ᠶᠢ ᠴᠡᠭᠡᠷᠯᠡᠨ᠎ᠡ᠃      — ᠤᠷᠴᠢᠨ ᠦᠶ᠎ᠡ ᠳᠤ ᠡᠳᠦᠷ ᠤᠨ ᠴᠠᠭ ᠲᠤ ᠳᠠᠪᠤᠰᠤ ᠬᠢᠬᠦ ᠶᠢ ᠴᠡᠭᠡᠷᠯᠡᠨ᠎ᠡ᠃ ᠭᠠᠯ ᠤᠨ ᠲᠡᠭᠷᠢ ᠰᠤᠴᠢᠨ᠎ᠡ ᠭᠡᠳᠡᠭ᠃ ᠨᠢᠭᠤᠷᠯᠠᠭᠰᠠᠨ ᠭᠠᠢ᠂ ᠱᠦᠭᠯᠡᠭᠰᠡᠨ ᠮᠠᠭᠤ ᠶᠠᠭᠤᠮ᠎ᠠ ᠶᠢ ᠵᠠᠶᠢᠯᠠᠭᠤᠯᠤᠨ ᠬᠦᠭᠡᠭᠡᠬᠦ ᠳᠤ ᠪᠤᠯᠤᠨ ᠬᠡᠦᠬᠡᠳ ᠫᠤᠤ ᠵᠡᠷᠭᠡ ᠶᠢ ᠠᠷᠢᠭᠤᠰᠬᠠᠬᠤ ᠳᠤ ᠭᠠᠯ ᠳᠡᠭᠡᠷ᠎ᠡ ᠳᠠᠪᠤᠰᠤ ᠬᠢᠵᠤ ᠲᠦᠯᠡᠳᠡᠭ᠃ ᠪᠠᠰᠠ ᠴᠢᠳᠭᠦᠷ ᠤᠨ ᠭᠠᠢ ᠶᠢ ᠬᠦᠭᠡᠭᠡᠬᠦ ᠳᠤ ᠳᠠᠪᠤᠰᠤ ᠲᠦᠯᠡᠳᠡᠭ᠃ ᠡᠩ ᠤᠨ ᠴᠠᠭ ᠲᠤ ᠭᠠᠯ ᠳᠤ ᠳᠠᠪᠤᠰᠤ ᠬᠢᠪᠡᠰᠤ ᠭᠠᠯ ᠤᠨ ᠪᠤᠷᠬᠠᠨ ᠰᠤᠴᠢᠨ᠎ᠡ ᠭᠡᠳᠡᠭ᠃      — ᠭᠠᠯ ᠳᠤ ᠰᠢᠷᠠᠯᠵᠢ ᠲᠦᠯᠡᠬᠦ ᠶᠢ ᠴᠡᠭᠡᠷᠯᠡᠨ᠎ᠡ᠃      — ᠬᠤᠶᠠᠷ ᠭᠡᠷ ᠤᠨ ᠬᠤᠭᠤᠷᠤᠨᠳᠤ ᠤᠳᠤᠭ᠎ᠠ ᠲᠠᠢ ᠭᠠᠯ ᠵᠦᠭᠡᠭᠡᠬᠦ ᠶᠢ ᠴᠡᠭᠡᠷᠯᠡᠨ᠎ᠡ᠃ ᠨᠤᠴᠤᠯᠳᠤᠭᠠᠨ ᠵᠢᠭᠤᠷᠠᠯᠳᠤᠭᠠᠨ ᠪᠤᠯᠤᠨ᠎ᠡ ᠭᠡᠳᠡᠭ᠃      — ᠵᠤᠤᠬᠠᠨ ᠤ ᠠᠮᠠ ᠶᠢ ᠰᠡᠲᠡᠷᠬᠡᠢ ᠤᠩᠭᠤᠷᠬᠠᠢ ᠪᠠᠶᠢᠯᠭᠠᠬᠤ ᠶᠢ ᠴᠡᠭᠡᠷᠯᠡᠨ᠎ᠡ᠃      — ᠬᠡᠦᠬᠡᠳ ᠪᠠᠭᠠᠴᠤᠳ ᠤᠨ ᠭᠠᠯ ᠢᠶᠠᠷ ᠨᠠᠭᠠᠳᠬᠤ ᠶᠢ ᠴᠡᠭᠡᠷᠯᠡᠳᠡᠭ᠃ ᠭᠠᠯ ᠤᠨ ᠲᠡᠭᠷᠢ ᠬᠢᠯᠢᠩᠨᠡᠨ᠎ᠡ ᠭᠡᠳᠡᠭ᠃ ᠮᠠᠯ ᠰᠠᠷᠨᠢᠬᠤ ᠪᠤᠶᠤ ᠠᠯᠳᠠᠭᠳᠠᠨ᠎ᠠ ᠭᠡᠳᠡᠭ᠃ ᠲᠤᠬᠠᠢᠢᠯᠠᠪᠠᠯ ᠬᠡᠦᠬᠡᠳ ᠪᠠᠭᠠᠴᠤᠳ ᠭᠠᠯ ᠲᠠᠢ ᠴᠤᠴᠠᠯᠢ᠂ ᠮᠦᠴᠢᠷ᠂ ᠪᠠᠮᠪᠠᠷ ᠪᠠᠷᠢᠵᠤ ᠲᠤᠭᠯᠠᠪᠠᠯ ᠭᠠᠯ᠎ᠠ ᠠᠯᠳᠠᠨ᠎ᠠ᠂ ᠲᠦᠢᠮᠡᠷ ᠲᠠᠯᠪᠢᠨ᠎ᠡ ᠬᠡᠮᠡᠨ ᠬᠤᠷᠢᠭᠯᠠᠨ᠎ᠠ᠃      — ᠨᠡᠭᠦᠳᠡᠯ ᠰᠠᠭᠤᠳᠠᠯ ᠬᠢᠭᠰᠡᠨ ᠠᠶᠢᠯ ᠤᠨ ᠭᠠᠯ ᠭᠤᠯᠤᠮᠲᠠ᠂ ᠭᠡᠷ ᠤᠨ ᠪᠠᠭᠤᠷᠢ ᠲᠡᠭᠡᠷ᠎ᠡ ᠶᠠᠰᠤ᠂ ᠦᠰᠦ ᠦᠯᠡᠳᠡᠬᠦ ᠶᠢ ᠴᠡᠭᠡᠷᠯᠡᠨ᠎ᠡ᠃ ᠵᠦᠷᠢᠴᠡᠪᠡᠰᠤ ᠮᠠᠯ ᠬᠤᠷᠤᠭᠳᠠᠨ᠎ᠠ᠂ ᠪᠤᠶᠠᠨ ᠪᠠᠷᠠᠭᠳᠠᠨ᠎ᠠ᠂ ᠬᠤᠲᠠ ᠬᠠᠷᠠᠯᠠᠨ᠎ᠡ ᠭᠡᠳᠡᠭ᠃      — ᠠᠶᠤᠩᠭ᠎ᠠ ᠴᠠᠬᠢᠯᠭᠠᠨ ᠲᠠᠢ ᠦᠶ᠎ᠡ ᠳᠤ ᠭᠡᠷ ᠤᠨ ᠡᠭᠦᠳᠡ ᠤᠩᠭᠤᠷᠬᠠᠢ᠂ ᠵᠤᠤᠬᠠᠨ ᠤ ᠶᠠᠨᠲᠦᠩ ᠪᠠᠭᠤᠯᠭᠠᠬᠤ ᠦᠭᠡᠢ ᠪᠠᠶᠢᠬᠤ ᠶᠢ ᠴᠡᠭᠡᠷᠯᠡᠳᠡᠭ᠃ ᠵᠦᠷᠢᠴᠡᠪᠡᠰᠤ ᠲᠡᠭᠷᠢ ᠨᠢᠷᠭᠡᠨ᠎ᠡ᠂ ᠠᠶᠤᠩᠭ᠎ᠠ ᠪᠠᠭᠤᠨ᠎ᠠ ᠭᠡᠵᠤ ᠦᠵᠡᠳᠡᠭ᠃      — ᠬᠡᠨ ᠪᠤᠯᠪᠠᠰᠤ ᠠᠶᠢᠯ ᠭᠡᠷ ᠤᠨ ᠬᠢ ᠪᠠᠨ ᠡᠭᠦᠳᠡ᠂ ᠭᠠᠯ ᠭᠤᠯᠤᠮᠳᠠ᠂ ᠬᠤᠶᠢᠮᠤᠷ ᠢ ᠭᠤᠤᠯᠯᠠᠵᠤ ᠵᠤᠭᠰᠤᠬᠤ᠂ ᠰᠠᠭᠤᠬᠤ ᠶᠢ ᠴᠡᠭᠡᠷᠯᠡᠨ᠎ᠡ᠃ ᠵᠦᠷᠢᠴᠡᠪᠡᠰᠤ ᠪᠤᠷᠬᠠᠨ ᠲᠠᠬᠢᠯ ᠬᠢᠯᠢᠩᠳᠡᠵᠤ᠂ ᠭᠠᠯ ᠭᠤᠯᠤᠮᠲᠠ ᠴᠦᠪᠲᠦᠨ᠎ᠡ᠂ ᠵᠦᠭ ᠤᠨ ᠰᠠᠶᠢᠨ ᠭᠠᠯ ᠤᠨ ᠪᠤᠷᠬᠠᠨ ᠤ ᠴᠢᠭ ᠬᠠᠭᠠᠬᠳᠠᠨ᠎ᠠ ᠭᠡᠵᠤ ᠦᠵᠡᠳᠡᠭ ᠤᠴᠢᠷ ᠠᠴᠠ ᠠᠶᠢᠯ ᠳᠤ ᠤᠷᠤᠭᠰᠠᠨ ᠬᠡᠦᠬᠡᠳ ᠡᠭᠦᠳᠡ ᠭᠤᠤᠯᠯᠠᠵᠤ ᠵᠤᠭᠰᠤᠳᠠᠭ ᠦᠭᠡᠢ᠂ ᠠᠬᠠᠮᠠᠳ ᠬᠦᠮᠦᠨ᠂ ᠠᠪᠤ ᠡᠵᠢ᠂ ᠬᠡᠨ ᠴᠤ ᠪᠠᠢ ᠬᠤᠶᠢᠮᠤᠷ ᠢ ᠨᠢ ᠭᠤᠤᠯᠯᠠᠵᠤ ᠰᠠᠭᠤᠳᠠᠭ ᠦᠭᠡᠢ ᠶᠢᠨ ᠤᠴᠢᠷ ᠡᠨᠡ᠃ ᠪᠠᠰᠠ ᠭᠠᠯ ᠭᠤᠯᠤᠮᠲᠠ ᠶᠢᠨ ᠬᠤᠶᠢᠮᠤᠷ ᠢ ᠭᠤᠤᠯᠯᠠᠨ ᠬᠡᠪᠲᠡᠵᠤ᠂ ᠤᠨᠳᠠᠬᠤ ᠶᠢ ᠴᠡᠭᠡᠷᠯᠡᠳᠡᠭ᠃      — ᠭᠠᠯ ᠤᠨ ᠬᠠᠶᠢᠴᠢ᠂ ᠦᠯᠢᠶᠡᠭᠦᠷ᠂ ᠰᠢᠯᠡᠭᠡᠪᠦᠷ ᠢ ᠬᠠᠮᠢᠶ᠎ᠠ ᠪᠤᠰᠤ ᠠᠶᠢᠯ ᠳᠤ ᠳᠠᠮᠵᠢᠭᠤᠯᠳᠠᠭ ᠦᠭᠡᠢ᠃      — ᠮᠤᠩᠭᠤᠯ ᠠᠶᠢᠯ ᠭᠡᠷ ᠤᠨ ᠭᠠᠯ ᠭᠤᠯᠤᠮᠲᠠ ᠶᠢᠨ ᠭᠤᠤᠯ ᠵᠦᠢᠯ ᠪᠤᠯᠬᠤ ᠲᠤᠯᠭ᠎ᠠ ᠵᠤᠤᠬ᠎ᠠ᠂ ᠬᠠᠶᠢᠴᠢ᠂ ᠰᠢᠯᠡᠭᠡᠪᠦᠷ ᠲᠡᠷᠢᠭᠦᠲᠡᠨ ᠢ ᠪᠦᠷᠢᠨ ᠪᠦᠲᠦᠨ ᠴᠡᠪᠡᠷ ᠪᠠᠶᠢᠯᠭᠠᠬᠤ ᠶᠢ ᠬᠢᠴᠢᠶᠡᠳᠡᠭ᠃ ᠡᠰᠡ ᠢᠩᠭᠢᠪᠡᠰᠤ ᠭᠠᠯ ᠪᠤᠵᠠᠷᠲᠤᠨ᠎ᠠ᠂ ᠭᠤᠯᠤᠮᠲᠠ ᠴᠦᠪᠲᠦᠨ᠎ᠡ ᠭᠡᠨ᠎ᠡ᠃ ᠢᠯᠠᠩᠭᠤᠶ᠎ᠠ ᠵᠤᠤᠬᠠᠨ ᠤ ᠠᠮᠠ ᠤᠩᠭᠤᠷᠬᠠᠢ ᠰᠡᠳᠡᠷᠬᠡᠢ᠂ ᠶᠠᠨᠲᠦᠩ ᠴᠦᠮᠦᠷᠬᠡᠢ ᠪᠠᠶᠢᠬᠤ ᠶᠢ ᠴᠡᠭᠡᠷᠯᠡᠳᠡᠭ᠃ ᠡᠭᠦᠨ ᠯᠦᠭᠡ ᠠᠳᠠᠯᠢ ᠲᠦᠪ ᠰᠠᠭᠤᠷᠢᠨ ᠤᠨ ᠬᠢᠨ ᠴᠠᠬᠢᠯᠭᠠᠨ ᠵᠤᠤᠬ᠎ᠠ᠂ ᠫᠢᠰᠢᠩ ᠢᠶᠠᠨ ᠡᠷᠬᠢᠮᠯᠡᠵᠤ᠂ ᠪᠠᠶᠢᠩᠭᠤ ᠴᠡᠪᠡᠷ ᠪᠠᠶᠢᠯᠭᠠᠬᠤ ᠤᠴᠢᠷᠲᠠᠢ᠃      — ᠮᠤᠩᠭᠤᠯ ᠬᠦᠮᠦᠨ ᠠᠶᠢᠯ ᠭᠡᠷ ᠤᠨ ᠪᠤᠷᠬᠠᠨ ᠳᠠᠬᠢᠯ᠂ ᠭᠠᠯ ᠭᠤᠯᠤᠮᠲᠠ ᠳᠤ ᠮᠠᠭᠤ ᠦᠢᠯᠡ ᠬᠠᠷᠠᠭᠤᠯᠵᠤ᠂ ᠴᠢᠰᠤ ᠤᠯᠠᠢ ᠬᠦᠷᠭᠡᠬᠦ ᠶᠢ ᠶᠡᠬᠡᠳᠡ ᠴᠡᠭᠡᠷᠯᠡᠳᠡᠭ᠃ ᠢᠩᠭᠢᠪᠡᠰᠤ ᠪᠤᠷᠬᠠᠨ ᠲᠠᠬᠢᠯ ᠬᠢᠯᠢᠩᠨᠡᠵᠤ᠂ ᠭᠠᠯ ᠭᠤᠯᠤᠮᠲᠠ ᠪᠤᠵᠠᠷᠲᠤᠨ᠎ᠠ ᠭᠡᠵᠤ ᠦᠵᠡᠳᠡᠭ᠃      — ᠶᠡᠭᠡ ᠨᠠᠶᠢᠷ ᠬᠤᠷᠢᠮ ᠬᠢᠵᠤ ᠪᠤᠢ ᠠᠶᠢᠯ ᠵᠤᠴᠢᠨ ᠭᠡᠶᠢᠴᠢᠨ ᠢ ᠪᠠᠶᠢᠬᠤ ᠵᠤᠤᠬ᠎ᠠ ᠲᠤᠯᠭᠠᠨ ᠤ ᠦᠨᠡᠰᠤ ᠠᠪᠬᠤ᠂ ᠬᠤᠭ ᠴᠡᠪᠡᠷᠯᠡᠬᠦ ᠶᠢ ᠴᠡᠭᠡᠷᠯᠡᠨ᠂ ᠭᠠᠯ ᠭᠤᠯᠤᠮᠲᠠ᠂ ᠨᠠᠶᠢᠷ ᠬᠤᠷᠢᠮ ᠤᠨ ᠡᠳ᠋ ᠬᠦᠷᠦᠩᠭᠡ ᠶᠢᠨ ᠬᠡᠰᠢᠭ ᠵᠠᠶᠢᠯᠠᠨ᠎ᠡ ᠭᠡᠵᠤ ᠦᠵᠡᠳᠡᠭ᠃      — ᠵᠤᠤᠬ᠎ᠠ ᠲᠤᠯᠭ᠎ᠠ ᠶᠢ ᠬᠦᠮᠦᠷᠢᠵᠤ ᠲᠦᠷᠦᠭᠦᠯᠡᠭᠡ ᠨᠢ ᠬᠠᠷᠠᠭᠤᠯᠵᠤ ᠲᠠᠯᠪᠢᠬᠤ ᠶᠢ ᠴᠡᠭᠡᠷᠯᠡᠨ᠎ᠡ᠃ ᠭᠠᠯ ᠭᠤᠯᠤᠮᠲᠠ ᠪᠠᠨ ᠳᠤᠷᠤᠮᠵᠢᠯᠠᠪᠠ ᠭᠡᠵᠤ ᠦᠵᠡᠳᠡᠭ᠃      — ᠲᠤᠯᠭ᠎ᠠ ᠵᠤᠤᠬ᠎ᠠ᠂ ᠭᠤᠯᠤᠮᠲᠠ ᠶᠢᠨ ᠱᠠᠯᠠᠨ ᠤ ᠤᠷᠤᠨ ᠳᠡᠭᠡᠷ᠎ᠡ ᠰᠠᠭᠤᠬᠤ ᠶᠢ ᠴᠡᠭᠡᠷᠯᠡᠨ᠎ᠡ᠃      — ᠵᠤᠤᠬ᠎ᠠ ᠲᠤᠯᠭᠠᠨ ᠳᠤ ᠭᠤᠲᠤᠯ᠂ ᠲᠤᠳᠤᠭᠤᠵᠢ ᠪᠠᠨ ᠤᠢᠢᠷ᠎ᠡ ᠲᠠᠯᠪᠢᠨ ᠬᠠᠳᠠᠭᠠᠬᠤ ᠶᠢ ᠴᠡᠭᠡᠷᠯᠡᠨ᠎ᠡ᠃ ᠦᠯᠦ ᠬᠡᠷᠡᠭᠰᠡᠪᠡᠰᠤ ᠭᠠᠯ ᠤᠨ ᠪᠤᠷᠬᠠᠨ ᠪᠤᠵᠠᠷᠲᠤᠵᠤ ᠬᠢᠯᠢᠩᠨᠡᠨ᠎ᠡ ᠭᠡᠨ᠎ᠠ᠃      — ᠨᠡᠭᠦᠷᠡᠰᠤ᠂ ᠵᠠᠭ ᠲᠦᠯᠡᠭᠡᠳ ᠡᠷᠦᠬᠡ ᠪᠠᠨ ᠪᠦᠲᠦᠭᠡᠵᠤ᠂ ᠶᠠᠨᠲᠦᠩ ᠢᠶᠠᠨ ᠪᠢᠲᠡᠭᠦᠯᠡᠬᠦ ᠶᠢ ᠴᠡᠭᠡᠷᠯᠡᠨ᠎ᠡ᠃ ᠵᠦᠷᠢᠴᠡᠪᠡᠰᠤ ᠤᠭᠠᠷᠲᠤᠵᠤ ︵ᠭᠡᠢ ᠳᠤ ᠬᠤᠤᠷᠠᠳᠠᠬᠤ︶ ᠠᠮᠢᠰᠬᠤᠭ᠎ᠠ ᠪᠤᠭᠤᠭᠳᠠᠨ᠎ᠠ᠂ ᠪᠦᠲᠦᠵᠤ ᠦᠬᠦᠨ᠎ᠡ ᠭᠡᠨ᠎ᠠ᠃      — ᠲᠤᠯᠭᠠᠨ ᠤ ᠲᠤᠳᠤᠭᠤᠨ ᠲᠡᠭᠡᠷ᠎ᠡ ᠡᠳ᠋ ᠶᠠᠭᠤᠮ᠎ᠠ᠂ ᠭᠠᠩᠰᠠ ᠪᠠᠷ ᠴᠤᠬᠢᠬᠤ᠂ ᠲᠤᠭᠰᠢᠬᠤ ᠶᠢ ᠴᠡᠭᠡᠷᠯᠡᠨ᠎ᠡ᠃ ᠳᠠᠶᠢᠨ ᠦᠢᠯᠡᠳᠪᠡᠰᠤ ᠠᠶᠢᠯ ᠭᠡᠷ ᠤᠨ ᠡᠵᠡᠨ ᠤ ᠲᠤᠯᠤᠭᠠᠢ ᠶᠢ ᠲᠤᠭᠰᠢᠭᠰᠠᠨ ᠲᠠᠢ ᠠᠳᠠᠯᠢᠳᠬᠠᠵᠤ ᠦᠵᠡᠨ᠎ᠡ᠃      — ᠵᠤᠴᠢᠨ ᠤ ᠦᠭᠡᠳᠡ ᠠᠴᠠ ᠭᠠᠯ ᠤᠨ ᠦᠨᠡᠰᠤ᠂ ᠬᠤᠭ ᠲᠠᠢ ᠰᠠᠪᠠ ᠪᠠᠷᠢᠵᠤ ᠭᠠᠷᠬᠤ ᠶᠢ ᠴᠡᠭᠡᠷᠯᠡᠨ᠎ᠡ᠃ ᠵᠦᠷᠢᠴᠡᠪᠡᠰᠤ ᠵᠤᠴᠢᠨ ᠢᠶᠠᠨ ᠦᠯᠦ ᠭᠦᠨᠳᠦᠳᠭᠡᠵᠤ᠂ ᠬᠦᠭᠡᠭᠡᠵᠤ ᠳᠠᠭᠤᠭᠰᠠᠨ ᠲᠠᠢ ᠠᠳᠠᠯᠢ ᠪᠤᠯᠤᠨ᠎ᠠ᠃      — ᠤᠰᠤ᠂ ᠲᠦᠯᠡᠭᠡ ᠬᠤᠶᠠᠷ ᠢ ᠭᠡᠷ ᠲᠤ ᠬᠠᠮᠲᠤ ᠠᠪᠴᠤ ᠢᠷᠡᠬᠦ ᠶᠢ ᠬᠤᠷᠢᠭᠯᠠᠨ᠎ᠠ᠃ ᠤᠴᠢᠷ ᠨᠢ ᠲᠠᠯᠢᠢᠭᠠᠭᠴᠢᠳ ᠢ ᠤᠷᠤᠰᠢᠭᠤᠯᠬᠤ ᠳᠤ ᠡᠶᠢᠨ ᠦᠢᠯᠡᠳᠳᠡᠭ ᠶᠤᠰᠤ ᠪᠠᠶᠢᠭᠰᠠᠨ ᠪᠦᠭᠡᠳ ᠡᠭᠦᠨ ᠢ ᠶᠡᠷᠦᠳᠡ ᠶᠢᠨ ᠴᠠᠭ ᠲᠤ ᠴᠡᠭᠡᠷᠯᠡᠳᠡᠭ ᠪᠠᠶᠢᠨ᠎ᠠ᠃      — ᠦᠨᠡᠰᠤ᠂ ᠬᠤᠭ ᠢᠶᠠᠨ ᠠᠰᠬᠠᠬᠤ ᠳᠤ ᠵᠡᠷᠭᠡᠯᠡᠳᠡᠭᠡ ᠬᠤᠶᠠᠷ ᠭᠡᠷ ᠤᠨ ᠬᠦᠮᠦᠰ ᠬᠠᠨᠢᠰᠴᠤ ᠬᠠᠮᠲᠤ ᠶᠠᠪᠤᠬᠤ ᠶᠢ ᠴᠡᠭᠡᠷᠯᠡᠨ᠎ᠡ᠃ ᠲᠤᠰ ᠲᠤᠰ ᠤᠨ ᠭᠠᠵᠠᠷ ᠡᠮᠬᠢ ᠴᠡᠭᠴᠡᠲᠡᠢ ᠬᠠᠶᠠᠨ᠎ᠠ᠃ ᠦᠯᠦ ᠬᠡᠷᠡᠭᠰᠡᠪᠡᠰᠤ ᠴᠢᠳᠭᠦᠷ ᠪᠤᠰᠤᠨ᠎ᠡ ᠭᠡᠬᠦ ᠪᠤᠶᠤ ᠪᠦᠰᠡᠭᠦᠢ ᠬᠦᠮᠦᠨ ᠠᠮᠤᠷᠵᠢᠬᠤ ᠳᠠᠭᠠᠨ ᠬᠤᠶᠢᠲᠤᠬᠢ ᠨᠢ ᠲᠦᠲᠡᠵᠤ ᠵᠤᠪᠠᠨ᠎ᠡ ᠭᠡᠳᠡᠭ᠃      — ᠰᠢᠨ᠎ᠡ ᠠᠶᠢᠯ ᠡᠷᠦᠬᠡ ᠠᠩᠬ᠎ᠠ ᠭᠤᠯᠤᠮᠲᠠ ᠶᠢᠨ ᠭᠠᠯ ᠢᠶᠠᠨ ᠠᠰᠠᠭᠠᠬᠤ ᠳ᠋ᠭᠠᠨ ᠬᠠᠮᠢᠶ᠎ᠠ ᠪᠤᠰᠤ ᠭᠠᠵᠠᠷ ᠠᠴᠠ ᠭᠠᠯ ᠠᠪᠬᠤ ᠪᠤᠶᠤ ᠦᠪᠡᠷᠰᠡᠳ ᠢᠶᠠᠨ ᠰᠢᠭᠤᠳ ᠠᠰᠠᠭᠠᠬᠤ ᠶᠢ ᠴᠡᠭᠡᠷᠯᠡᠳᠡᠭ᠃ ᠵᠠᠪᠠᠯ ᠶᠡᠭᠡ ᠭᠡᠷ᠂ ᠡᠴᠢᠭᠡ ᠶᠢᠨ ᠭᠠᠯ ᠭᠤᠯᠤᠮᠲᠠ ᠠᠴᠠ ᠭᠠᠯ ᠵᠠᠯᠠᠨ ᠠᠪᠴᠤ ᠠᠰᠠᠭᠠᠳᠠᠭ ᠶᠤᠰᠤᠨ ᠪᠤᠢ᠃ ᠦᠯᠦ ᠬᠡᠷᠡᠭᠰᠡᠪᠡᠰᠤ ᠤᠳᠤᠮ ᠤᠭᠰᠠᠭ᠎ᠠ ᠳᠠᠰᠤᠷᠠᠨ᠎ᠠ᠂ ᠶᠠᠰᠤ ᠪᠤᠰᠤ ᠪᠤᠯᠤᠨ᠎ᠡ ᠭᠡᠳᠡᠭ᠃      — ᠶᠠᠰᠤ ᠪᠠᠷᠢᠭᠰᠠᠨ ᠬᠦᠮᠦᠨ ︵ᠲᠠᠯᠢᠢᠭᠠᠴᠢ ᠳᠤ ᠠᠩᠬ᠎ᠠ ᠭᠠᠷ ᠬᠦᠷᠴᠤ᠂ ᠬᠦᠳᠡᠭᠡᠯᠡᠭᠦᠯᠬᠦ ᠳᠤ ᠤᠷᠤᠯᠴᠠᠭᠰᠠᠨ ᠬᠦᠮᠦᠨ︶ ᠳᠠᠷᠠᠭ᠎ᠠ ᠨᠢ ᠠᠶᠢᠯ ᠳᠤ ᠡᠷᠡᠭᠡ ᠴᠡᠭᠡᠷ ᠦᠭᠡᠢ ᠤᠷᠤᠬᠤ ᠶᠢ ᠴᠡᠭᠡᠷᠯᠡᠨ᠎ᠡ᠃ ᠵᠠᠶᠢᠯᠠᠪᠤᠷᠢ ᠦᠭᠡᠢ ᠤᠷᠤᠬᠤ ᠪᠤᠯᠪᠠᠯ ᠬᠤᠶᠠᠷ ᠭᠠᠷ ᠳᠤᠮᠳᠠᠭᠤᠷ ᠭᠠᠷᠴᠤ᠂ ᠡᠰᠡᠪᠡᠯ ᠠᠷᠴᠠ ᠬᠦᠵᠢ ᠪᠠᠷ ᠠᠷᠢᠭᠤᠳᠬᠠᠭᠰᠠᠨ ᠤ ᠳᠠᠷᠠᠭ᠎ᠠ ᠣᠷᠣᠨ᠎ᠠ᠃ ᠵᠦᠷᠢᠴᠡᠪᠡᠰᠤ ᠲᠡᠷᠡ ᠠᠶᠢᠯ ᠳᠤ ᠡᠬᠦᠭᠡᠷ ᠤᠨ ᠪᠤᠵᠠᠷ ᠢᠷᠡᠨ᠎ᠡ᠂ ᠡᠪᠡᠳᠴᠢᠨ ᠲᠠᠬᠤᠯ ᠭᠠᠢ ᠵᠤᠪᠠᠯᠠᠩ ᠬᠠᠯᠳᠠᠭᠠᠨ᠎ᠠ ᠭᠡᠨ᠎ᠡ᠃ ᠶᠡᠷᠦ ᠤᠷᠤᠰᠢᠭᠤᠯᠭ᠎ᠠ ᠳᠤ ᠤᠷᠤᠯᠴᠠᠭᠰᠠᠨ ᠬᠦᠮᠦᠰ ᠪᠤᠯᠠᠰᠢᠨ ᠳᠡᠭᠡᠷ᠎ᠡ ᠢᠷᠡᠭᠰᠡᠨ ᠠᠴᠠ ᠪᠠᠨ ᠦᠭᠡᠷ᠎ᠡ ᠵᠠᠮ ᠢᠶᠠᠷ᠂ ᠡᠷᠭᠢᠵᠤ ᠬᠠᠷᠠᠯ ᠦᠭᠡᠢ ᠪᠠᠷ ᠪᠤᠴᠠᠵᠠᠭᠠᠨ᠎ᠠ᠃      — ᠭᠠᠯ ᠤᠨ ᠬᠠᠶᠢᠴᠢ᠂ ᠰᠢᠯᠡᠭᠡᠪᠦᠷ ᠢᠶᠠᠷ ᠲᠡᠭᠷᠢ ᠶᠤᠮ ᠤᠤ ᠬᠤᠶᠢᠮᠤᠷ ᠦᠭᠡᠳᠡ᠂ ᠤᠮᠠᠷ᠎ᠠ ᠵᠦᠭ ᠪᠠᠰᠠ ᠵᠤᠴᠢᠨ ᠤᠷᠤᠭᠤ ᠴᠢᠭᠯᠡᠭᠦᠯᠬᠦ ᠴᠡᠭᠡᠷ ᠲᠠᠢ᠃ ᠭᠠᠯ ᠤᠨ ᠬᠠᠶᠢᠴᠢ ᠬᠦ᠋ ᠲᠠᠢ ᠲᠤᠯᠠ ᠭᠦᠨᠳᠦᠲᠡᠢ ᠵᠦᠭ᠂ ᠭᠦᠨᠳᠦᠲᠡᠢ ᠶᠠᠭᠤᠮ᠎ᠠ ᠤᠷᠤᠭᠤ ᠬᠠᠷᠠᠭᠤᠯᠳᠠᠭ ᠦᠭᠡᠢ᠃      — ᠭᠠᠯ ᠤᠨ ᠬᠠᠶᠢᠴᠢ ᠶᠢ ᠭᠡᠷ ᠲᠤ᠂ ᠭᠠᠳᠠᠭ᠎ᠠ ᠬᠠᠮᠢᠭ᠎ᠠ ᠴᠤ ᠠᠩᠭᠠᠢᠢᠯᠭᠠᠵᠤ ᠲᠠᠯᠪᠢᠬᠤ ᠶᠢ ᠴᠡᠭᠡᠷᠯᠡᠨ᠎ᠡ᠃ ᠦᠯᠦ ᠬᠡᠷᠡᠭᠰᠡᠪᠡᠰᠤ ᠲᠡᠷᠡ ᠠᠶᠢᠯ ᠳᠤ ᠬᠡᠯᠡ ᠠᠮᠠ᠂ ᠬᠡᠷᠡᠭᠦᠯ ᠱᠤᠤᠭᠢᠶᠠᠨ ᠪᠤᠯᠬᠤ ᠶᠢᠨ ᠢᠷᠸ᠎ᠠ ᠶᠤᠮ᠃      — ᠭᠠᠯ ᠤᠨ ᠭᠠᠵᠠᠭᠤ ᠳᠤ ᠰᠦᠬᠡ ᠪᠠᠷ ᠮᠤᠳᠤ ᠶᠠᠰᠤ ᠴᠠᠪᠴᠢᠬᠤ ᠶᠢ ᠴᠡᠭᠡᠷᠯᠡᠨ᠎ᠡ᠃ ᠭᠠᠯ ᠤᠨ ᠪᠤᠷᠬᠠᠨ ᠤᠷᠤᠩᠭᠠᠨᠨᠠᠨ᠎ᠠ ᠭᠡᠨ᠎ᠡ᠃      — ᠤᠰᠤ᠂ ᠦᠨᠡᠰᠦᠨ ᠳᠤ ᠪᠤᠯᠤᠨ ᠠᠶᠢᠯ ᠤᠨ ᠬᠤᠲᠠᠨ ᠳᠤ ᠰᠢᠭᠡᠬᠦ ᠶᠠᠪᠤᠳᠠᠯ ᠢ ᠬᠠᠲᠠᠭᠤ ᠬᠤᠷᠢᠭᠯᠠᠨ᠎ᠡ᠃ ᠭᠠᠯ ᠤᠨ ᠰᠠᠬᠢᠭᠤᠰᠤ ᠬᠢᠯᠢᠩᠨᠡᠨ᠎ᠡ᠃ ᠢᠯᠠᠩᠭᠤᠶ᠎ᠠ ᠡᠮᠡᠭᠲᠡᠢ ᠬᠦᠮᠦᠨ ᠦᠨᠡᠰᠦᠨ ᠳᠡᠭᠡᠷ᠎ᠡ ᠰᠢᠭᠡᠬᠦ ︵ᠭᠡᠭᠦᠦ ᠰᠠᠭᠠᠬᠤ︶᠎ ᠶᠢ ᠴᠡᠭᠡᠷᠯᠡᠳᠡᠭ᠃      — ᠭᠠᠯ ᠳᠤ ᠠᠮᠠ ᠭᠠᠷᠬᠤ ᠶᠢ ᠴᠡᠭᠡᠷᠯᠡᠨ᠎ᠡ᠃ ᠠᠮᠠ ᠭᠠᠷᠪᠠᠰᠤ ᠭᠠᠯ ᠤᠨ ᠠᠶᠤᠯ ᠳᠤ ᠦᠷᠲᠦᠨ᠎ᠠ ᠬᠡᠨ᠎ᠠ᠃ ᠶᠡᠷᠦ ᠨᠢ ᠮᠤᠩᠭᠤᠯᠴᠤᠳ ᠭᠠᠯ᠂ ᠤᠰᠤᠨ ᠳᠤ ᠠᠮᠠ ᠭᠠᠷᠪᠠᠯ ᠭᠠᠯ ᠤᠰᠤᠨ ᠤ ᠭᠠᠰᠢᠭᠤᠨ ᠵᠤᠪᠠᠯᠠᠩ ᠢᠷᠡᠨ᠎ᠠ ᠬᠡᠵᠦ ᠦᠵᠡᠵᠦ᠂ ᠶᠡᠭᠡ ᠪᠤᠯᠭᠤᠮᠵᠢᠯᠠᠨ ᠰᠡᠵᠢᠭᠯᠡᠳᠡᠭ ᠲᠡᠳᠦᠢ ᠦᠭᠡᠢ ᠡᠯ᠎ᠠ ᠠᠰᠠᠭᠤᠳᠠᠯ ᠳᠤ ᠠᠮᠠ ᠭᠠᠷᠤᠭᠰᠠᠨ ᠠᠴᠠ ᠶᠡᠭᠡ ᠠᠶᠤᠯ ᠳᠤ ᠦᠷᠲᠦᠭᠰᠡᠨ ᠵᠢᠱᠢᠶ᠎ᠠ ᠪᠠᠷᠢᠮᠳᠠ᠂ ᠦᠯᠢᠭᠡᠷ ᠳᠤᠮᠤᠭ ᠤᠯᠠᠨ ᠪᠠᠶᠢᠳᠠᠭ᠃      — ᠭᠤᠯᠤᠮᠳᠠ ᠭᠠᠯ ᠲᠡᠭᠡᠷ᠎ᠠ ᠤᠰᠤ ᠠᠰᠬᠠᠬᠤ ᠶᠢ ᠴᠡᠭᠡᠷᠯᠡᠨ᠎ᠠ᠃ ᠠᠰᠬᠠᠪᠠᠰᠤ ᠭᠠᠯ ᠭᠤᠯᠤᠮᠲᠠ ᠪᠠᠯᠠᠷᠠᠬᠤ᠂ ᠮᠠᠭᠤ ᠢᠷᠸ᠎ᠠ ᠬᠡᠮᠡᠨ ᠵᠢᠭ᠌ᠰᠢᠨ᠎ᠠ᠃ ᠶᠡᠷᠦ ᠨᠢ ᠭᠠᠯ ᠤᠰᠤ ᠬᠤᠶᠠᠷ ᠬᠠᠷᠰᠢ ᠤᠴᠢᠷ ᠲᠠᠶᠢᠨ ᠬᠦ ᠴᠡᠭᠡᠷᠯᠡᠨ᠎ᠠ᠃ ᠬᠡᠷᠪᠡ ᠵᠠᠶᠢᠯᠠᠪᠦᠷᠢ ᠦᠭᠡᠢ ᠭᠠᠯ ᠤᠨᠲᠠᠷᠠᠭᠠᠬᠤ ᠪᠠᠴᠢᠭᠤ ᠬᠡᠷᠡᠭ ᠲᠤᠬᠢᠶᠠᠯᠳᠤᠪᠠᠯ ᠭᠠᠯ ᠤᠨ ᠪᠤᠷᠬᠠᠨ ᠲᠠ ᠬᠦᠯ ᠢᠶᠠᠨ ᠲᠠᠲᠠᠭᠠᠷᠠᠢ ᠬᠡᠮᠡᠨ ᠬᠡᠯᠡᠵᠦ ᠠᠷᠢᠯᠭᠠᠳᠠᠭ᠃      — ᠭᠤᠯᠤᠮᠳᠠ ᠶᠢᠨ ᠭᠠᠯ ᠳᠤ ᠪᠤᠬᠢᠷ ᠡᠳ᠋ ᠶᠠᠭᠤᠮ᠎ᠠ᠂ ᠬᠤᠭ ᠰᠢᠲᠠᠭᠠᠬᠤ ᠶᠢ ᠴᠡᠭᠡᠷᠯᠡᠨ᠎ᠠ᠃ ᠭᠠᠯ ᠤᠨ ᠪᠤᠷᠬᠠᠨ ᠬᠢᠯᠢᠩᠨᠡᠨ᠎ᠠ᠂ ᠪᠤᠵᠠᠷᠲᠤᠨ᠎ᠠ᠂ ᠵᠠᠶᠢᠯᠠᠨ᠎ᠠ ᠬᠡᠮᠡᠨ ᠦᠵᠡᠬᠦ ᠲᠤᠯᠠ ᠡᠶᠢᠨ ᠬᠦ ᠦᠯᠦ ᠰᠢᠲᠠᠭᠠᠨ᠎ᠠ᠃      — ᠭᠤᠯᠤᠮᠲᠠ ᠶᠢᠨ ᠲᠤᠯᠭ᠎ᠠ᠂ ᠵᠤᠤᠬᠠᠨ ᠤ ᠦᠨᠡᠰᠦ ᠶᠢ ᠪᠤᠵᠢᠭᠢᠨᠠᠭᠤᠯᠬᠤ᠂ ᠰᠠᠮᠤᠷᠲᠠᠬᠤ ᠶᠢ ᠴᠡᠭᠡᠷᠯᠡᠨ᠎ᠠ᠃      — ᠭᠤᠯᠤᠮᠲᠠ ᠶᠢᠨ ᠴᠢᠨᠢ ᠦᠨᠡᠰᠦ ᠶᠢ ᠬᠡᠶᠢᠰᠭᠡᠨ᠎ᠠ᠂ ᠭᠤᠯᠤᠮᠲᠠ ᠶᠢ ᠴᠢᠨᠢ ᠰᠠᠮᠤᠷᠤᠨ᠎ᠠ ᠬᠡᠬᠦ ᠪᠤᠶᠤ ᠭᠤᠯᠤᠮᠲᠠ ᠶᠢ ᠴᠢᠨᠢ ᠪᠠᠯᠠᠯᠤᠨ᠎ᠠ ᠬᠡᠬᠦᠴᠢᠯᠡᠨ ᠬᠠᠷᠢᠶᠠᠯ ᠬᠡᠯᠡᠬᠦ ᠶᠢ ᠴᠡᠭᠡᠷᠯᠡᠨ᠎ᠠ᠃ ᠵᠦᠷᠢᠴᠡᠪᠡᠰᠦ ᠠᠮᠠᠨ ᠤ ᠠᠯᠳᠠᠭ᠎ᠠ ᠶᠡᠭᠡ ᠨᠢᠭᠦᠯ ᠪᠤᠯᠤᠨ᠎ᠠ ᠭᠡᠳᠡᠭ᠃      — ᠭᠠᠳᠠᠨ᠎ᠠ ᠠᠴᠠ ᠲᠠᠰᠢᠭᠤᠷ ᠬᠢᠳᠤᠭ᠎ᠠ ᠮᠡᠰᠡ᠂ ᠫᠤᠤ ᠰᠢᠳᠡᠮ ᠪᠡᠶ᠎ᠠ ᠳᠡᠭᠡᠨ ᠠᠭᠰᠢᠭᠰᠠᠨ ᠬᠦᠮᠦᠨ ᠤᠷᠤᠳᠠᠭ ᠦᠭᠡᠢ᠃ ᠦᠯᠦ ᠬᠡᠷᠡᠭᠰᠡᠪᠡᠰᠦ ᠠᠶᠢᠯ ᠤᠨ ᠭᠠᠯ ᠭᠤᠯᠤᠮᠲᠠ ᠬᠦᠨᠦᠭᠡᠬᠦ ᠮᠠᠭᠤ ᠢᠷᠸ᠎ᠠ ᠤᠳᠤᠯ᠎ᠠ ᠬᠡᠬᠦ ᠪᠤᠶᠤ ᠭᠠᠯ ᠤᠨ ᠪᠤᠷᠬᠠᠨ ᠰᠢᠷᠠᠭᠳᠠᠨ᠎ᠠ᠂ ᠬᠢᠯᠢᠩᠨᠡᠨ᠎ᠠ᠃      — ᠲᠤᠯᠭ᠎ᠠ᠂ ᠵᠤᠤᠬ᠎ᠠ ᠶᠢ ᠨᠡᠭᠦᠵᠦ ᠰᠠᠭᠤᠬᠤ ᠳᠠᠭᠠᠨ ᠠᠴᠢᠶ᠎ᠠ ᠬᠦᠰᠭᠡ ᠲᠡᠭᠡᠷ᠎ᠠ ᠬᠠᠮᠢᠶ᠎ᠠ ᠦᠭᠡᠢ ᠠᠴᠢᠬᠤ ᠶᠢ ᠴᠡᠭᠡᠷᠯᠡᠨ᠎ᠠ᠃ ᠲᠡᠳᠡᠭᠡᠷ ᠢ ᠵᠤᠷᠢᠭᠤᠲᠠ ᠠᠴᠢᠶᠠᠨ ᠤ ᠲᠡᠭᠡᠷ᠎ᠠ ᠲᠠᠯᠪᠢᠵᠦ᠂ ᠡᠪᠳᠡᠷᠡᠵᠦ ᠬᠡᠮᠬᠡᠷᠡᠬᠦ ᠠᠴᠠ ᠪᠤᠯᠭᠤᠮᠵᠢᠯᠠᠵᠤ᠂ ᠵᠦᠭᠡᠯᠡᠨ ᠲᠠᠲᠠᠭᠠᠨ ᠳᠤ ᠤᠷᠤᠭᠤᠯᠵᠤ᠂ ᠬᠠᠶᠠᠭᠳᠠᠨ ᠭᠡᠭᠡᠭᠲᠡᠬᠦ ᠠᠴᠠ ᠰᠡᠷᠡᠮᠵᠢᠯᠡᠵᠦ᠂ ᠪᠠᠲᠤ ᠪᠠᠬᠢ ᠲᠠᠷᠤᠭᠤᠯᠤᠨ᠎ᠠ᠃ ᠡᠨᠡ ᠨᠢ ᠭᠠᠯ ᠭᠤᠯᠤᠮᠳᠠ ᠪᠠᠨ ᠲᠡᠭᠡᠲᠦᠯᠡᠬᠦ ᠶᠢᠨ ᠤᠴᠢᠷ ᠤᠳᠬ᠎ᠠ ᠲᠠᠢ ᠬᠤᠯᠪᠤᠭ᠎ᠠ ᠲᠠᠢ ᠪᠤᠯᠤᠨ᠎ᠠ᠃      — ᠭᠠᠯ ᠤᠨ ᠲᠠᠬᠢᠯᠭ᠎ᠠ ᠳᠤ ᠤᠷᠤᠳᠠᠭ ᠬᠠᠷᠭᠠᠨ᠎ᠠ᠂ ᠬᠠᠶᠢᠯᠠᠰᠤ ᠵᠡᠷᠭᠡ ᠮᠤᠲᠤ ᠪᠠᠷ ᠭᠡᠷ ᠤᠨ ᠤᠨᠢ᠂ ᠲᠤᠭᠤᠨᠤ᠂ ᠬᠠᠨ᠎ᠠ ᠬᠢᠬᠦ ᠶᠢ ᠴᠡᠭᠡᠷᠯᠡᠳᠡᠭ ᠨᠢ ᠭᠠᠯ ᠤᠨ ᠠᠶᠤᠯ ᠲᠦᠢᠮᠡᠷ ᠭᠠᠷᠬᠤ ᠳᠤ ᠠᠮᠠᠷᠬᠠᠨ ᠭᠡᠵᠦ ᠦᠵᠡᠳᠡᠭ ᠲᠠᠢ ᠬᠤᠯᠪᠤᠭ᠎ᠠ ᠲᠠᠢ᠃      — ᠬᠦᠮᠦᠨ ᠤ ᠬᠦᠯᠳᠡᠵᠦ ᠭᠡᠮᠳᠦᠭᠰᠡᠨ ᠡᠷᠬᠡᠲᠡᠨ ᠢ ᠭᠠᠯ ᠳᠤ ᠭᠡᠰᠭᠡᠳᠡᠭ ᠦᠭᠡᠢ ︵ᠦᠵᠡᠭᠦᠯᠳᠡᠭ ᠦᠭᠡᠢ︶᠃ ᠬᠠᠷᠢᠨ ᠬᠦᠯᠳᠡᠭᠰᠡᠨ ᠬᠡᠰᠡᠭ ᠲᠤ ᠨᠢ ᠬᠤᠵᠢᠷ ᠲᠦᠷᠬᠢᠬᠦ ᠪᠠ ᠬᠦᠢᠲᠡᠨ ᠤᠰᠤᠨ ᠳᠤ ᠲᠦᠷᠢᠵᠦ ᠭᠡᠰᠭᠡᠳᠡᠭ᠃ ᠡᠭᠦᠨ ᠲᠠᠢ ᠠᠳᠠᠯᠢ ᠬᠤᠭᠤᠯᠠᠨ ᠤ ᠬᠦᠯᠳᠡᠭᠦᠦ ᠬᠤᠯᠢᠴᠠ ᠮᠢᠬ᠎ᠠ ᠲᠡᠷᠢᠭᠦᠲᠡᠨ ᠬᠢᠭᠡᠳ ᠬᠦᠯᠳᠡᠬᠦᠦ ᠮᠦᠰᠦ ᠶᠢ ᠬᠠᠯᠠᠭᠤᠨ ᠤᠰᠤᠨ ᠳᠤ ᠪᠤᠰᠤ ᠬᠦᠢᠲᠡᠨ ᠤᠰᠤᠨ ᠳᠤ ᠬᠢᠪᠡᠯ ᠬᠤᠷᠲᠤᠨ ᠭᠡᠰᠴᠤ ᠬᠠᠶᠢᠯᠤᠨ᠎ᠠ ᠭᠡᠵᠦ ᠦᠵᠡᠳᠡᠭ᠃ᠲᠤᠰᠬᠠᠢ ᠴᠡᠭᠡᠷ᠄      ᠭᠠᠯ ᠲᠠᠬᠢᠭᠰᠠᠨ ᠤ ᠲᠠᠷᠠᠭ᠎ᠠ 3 ᠡᠳᠦᠷ ᠭᠠᠯ ᠤᠨ ᠴᠡᠭᠡᠷ ᠬᠢᠳᠡᠭ᠃      — ᠡᠨᠡ ᠭᠤᠷᠪᠠᠨ ᠬᠤᠨᠤᠭ ᠲᠤ ᠭᠡᠷ ᠠᠴᠠ ᠭᠠᠳᠠᠭᠰᠢ ᠨᠢ ᠶᠠᠮᠠᠷᠪᠠ ᠨᠢᠭᠡ ᠶᠠᠭᠤᠮ᠎ᠠ ᠭᠠᠷᠭᠠᠬᠤ ᠶᠢ ᠴᠡᠭᠡᠷᠯᠡᠳᠡᠭ᠃ ᠭᠠᠷᠭᠠᠪᠠᠯ ᠬᠡᠰᠢᠭ ᠪᠤᠶᠠᠨ ᠨᠢ ᠶᠠᠪᠤᠴᠢᠬᠠᠨ᠎ᠡ ᠭᠡᠨ᠎ᠡ᠃      — ᠤᠨᠴᠠᠭᠠᠢ ᠤᠴᠢᠷ ᠢᠶᠠᠷ ᠭᠠᠳᠠᠭᠰᠢ ᠨᠢ ᠶᠠᠭᠤᠮ᠎ᠠ ᠭᠠᠷᠭᠠᠬᠤ ᠪᠤᠯᠪᠠᠯ ᠭᠠᠳᠠᠭ᠎ᠠ ᠰᠠᠪᠠᠨ ᠳᠤ ᠰᠡᠮᠬᠡᠨ ᠬᠢᠵᠤ ᠲᠠᠯᠪᠢᠳᠠᠭ᠃ ᠠᠪᠬᠤ ᠬᠦᠮᠦᠨ ᠴᠤ ᠳᠠᠭᠤ ᠴᠢᠮᠡᠭᠡ ᠦᠭᠡᠢ ᠪᠠᠷ ᠠᠪᠴᠤ ᠶᠠᠪᠤᠳᠠᠭ᠃      — ᠭᠠᠯ ᠳᠠᠬᠢᠭᠰᠠᠨ ᠤ ᠳᠠᠷᠠᠭ᠎ᠠ ᠭᠤᠷᠪᠠᠨ ᠡᠳᠦᠷ ᠦᠷᠯᠦᠭᠡ ᠡᠷᠲᠡ ᠭᠠᠯ ᠳᠠᠭᠠᠨ ᠮᠦᠷᠭᠦᠳᠡᠭ᠃      — ᠭᠤᠷᠪᠠ ᠬᠤᠨᠤᠭ ᠦᠨᠡᠰᠤ ᠭᠠᠳᠠᠭᠰᠢ ᠭᠠᠷᠭᠠᠬᠤ ᠶᠢ ᠴᠡᠭᠡᠷᠯᠡᠳᠡᠭ᠃      — ᠭᠠᠯ ᠲᠠᠬᠢᠬᠤ ᠦᠶ᠎ᠡ ᠳᠤ ᠭᠠᠯ ᠤᠨ ᠬᠠᠶᠢᠴᠢ ᠶᠢ ᠢᠯᠡ ᠪᠠᠶᠢᠯᠭᠠᠬᠤ ᠶᠢ ᠴᠡᠭᠡᠷᠯᠡᠨ᠎ᠡ᠃ ᠵᠠᠪᠠᠯ ᠳᠠᠯᠳᠠ ᠬᠢᠨ᠎ᠡ᠃ ᠵᠦᠷᠢᠴᠡᠪᠡᠰᠤ ᠭᠠᠯ ᠤᠨ ᠪᠤᠷᠬᠠᠨ ᠰᠤᠴᠢᠨ᠎ᠡ ᠭᠡᠨ᠎ᠡ᠃      — ᠭᠠᠯ ᠳᠠᠬᠢᠵᠤ ᠠᠷᠢᠬᠢ᠂ ᠲᠤᠰᠤ ᠡᠷᠭᠦᠭᠦ ᠦᠶᠡᠰ ᠵᠢᠷᠮᠦᠰᠦᠨ ᠡᠮᠡᠭᠲᠡᠢ ᠤᠢᠢᠷ᠎ᠠ ᠪᠠᠶᠢᠬᠤ ᠶᠢ ᠴᠡᠭᠡᠷᠯᠡᠨ᠎ᠡ᠃ ᠵᠦᠷᠢᠴᠡᠪᠡᠰᠤ ᠭᠠᠯ ᠤᠨ ᠪᠤᠷᠬᠠᠨ ᠰᠤᠴᠢᠨ᠎ᠡ᠂ ᠤᠷᠤᠭ ᠤᠨᠠᠬᠤ ᠪᠤᠶᠤ ᠦᠷ᠎ᠡ ᠵᠤᠯᠪᠢᠨ᠎ᠡ ᠭᠡᠳᠡᠭ᠃ ᠭᠠᠯ ᠤᠨᠲᠠᠷᠠᠭᠠᠬᠤ ᠳᠠᠭᠠᠨ ᠴᠤᠬᠢᠬᠤ᠂ ᠭᠢᠰᠭᠢᠬᠦ᠂ ᠭᠠᠯ ᠤᠷᠤᠭᠤ ᠤᠰᠤ ᠬᠢᠬᠦ ᠶᠢ ᠨᠡᠩ ᠴᠡᠭᠡᠷᠯᠡᠳᠡᠭ᠃ ᠦᠨᠡᠰᠤ ᠪᠤᠲᠠᠷᠠᠪᠠᠯ ᠬᠡᠶᠢᠮᠤᠷᠢ ᠳᠤᠷᠦ᠋ᠢᠲᠠᠨ᠎ᠠ ᠭᠡᠨ᠎ᠡ᠃ ᠡᠶᠢᠮᠤ ᠠᠴᠠ ᠤᠰᠤ ᠪᠠᠷ ᠭᠠᠯ ᠤᠨᠲᠠᠷᠠᠭᠠᠬᠤ ᠱᠠᠭᠠᠷᠳᠠᠯᠭ᠎ᠠ ᠵᠠᠶᠢᠯᠠᠰᠢ ᠦᠭᠡᠢ ᠭᠠᠷᠪᠠᠯ ᠤᠷᠢᠳᠠᠪᠠᠷ ᠭᠠᠯ ᠤᠨ ᠲᠡᠭᠷᠢ ᠬᠦᠯ ᠢᠶᠠᠨ ᠠᠪᠴᠤ ᠪᠠᠢ ᠭᠡᠵᠤ ᠵᠠᠯᠪᠠᠷᠢᠳᠠᠭ᠃
ᠢᠷᠡᠯᠲᠡ᠄ ︽ᠰᠤᠷᠭᠠᠯ︾᠂ ︽ᠪᠤᠳ᠋ᠳ᠋ᠾᠠ︾ ᠵᠢᠷᠭᠢᠶ᠎ᠡ ᠶᠢᠨ ᠳᠠᠪᠴᠠ᠊ᠩ