| 3 ᠳ᠋ᠤᠭᠠᠷ ᠰᠠᠷ᠎ᠠ ᠶᠢᠨ 19 ᠤ ᠡᠳᠤᠷ᠂ ᠦᠪᠡᠷᠳᠡᠬᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠱᠦᠵᠢ᠂ | ᠠᠷᠠᠳ ᠤᠨ ᠲᠦᠯᠤᠬᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠡᠷᠬᠢᠯᠡᠭᠴᠢ ᠯᠢ ᠵᠢᠢ ᠡᡁᠧᠩ | ᠪᠠᠶᠠᠨᠨᠠᠭᠤᠷ ᠬᠤᠲᠠ ᠶᠢᠨ ᠤᠷᠠᠳ ᠤᠨ ᠡᠮᠦᠨᠡᠲᠦ ᠬᠤᠰᠢᠭᠤᠨ ᠤ ᠪᠤᠷᠤᠳᠤᠬᠤᠢ ᠶᠢᠨ ᠤᠰᠤᠯᠠᠯᠳᠠ ᠶᠢᠨ ᠤᠷᠤᠨ ᠤ | ᠤᠰᠤ ᠲᠠᠳᠠᠷᠠᠭᠤᠯᠬᠤ ᠵᠠᠩᠬᠢᠯᠠᠭ᠎ᠠ ᠶᠢᠨ ᠪᠠᠷᠢᠯᠭ᠎ᠠ ᠬᠤᠩ ᠭᠧ ᠫᠦ᠋ ᠤᠰᠤ ᠳᠠᠳᠠᠷᠠᠭᠤᠯᠬᠤ ᠦᠷᠳᠡᠭᠡ ᠳᠤ ᠬᠦᠷᠴᠤ᠂ | ᠲᠤᠬᠠᠢ ᠶᠢᠨ ᠭᠠᠵᠠᠷ ᠲᠤ ᠨᠢ ᠤᠰᠤ ᠲᠠᠳᠠᠷᠠᠭᠤᠯᠬᠤ ᠱᠤᠭᠤᠮ ᠤᠨ ᠤᠯᠠᠭᠠᠨᠰᠤᠬᠠᠢ ᠳᠤ ᠠᠮᠢ ᠠᠬᠤᠢ ᠶᠢᠨ ᠤᠰᠤ | ᠨᠦᠬᠦᠪᠤᠷᠢᠯᠠᠵᠤ ᠪᠠᠶᠢᠭ᠎ᠠ ᠪᠠᠶᠢᠳᠠᠯ ᠢ ᠪᠠᠶᠢᠴᠠᠭᠠᠨ ᠦᠵᠡᠵᠤ᠂ ᠤᠯᠠᠭᠠᠨᠰᠤᠬᠠᠢ ᠶᠢ ᠶᠠᠷᠤᠩᠬᠡᠶᠢᠯᠠᠨ ᠵᠠᠰᠠᠬᠤ ᠠᠷᠭ᠎ᠠ | ᠬᠡᠮᠵᠢᠶ᠎ᠠ ᠪᠤᠯᠤᠨ ᠦᠷ᠎ᠠ ᠪᠦᠳᠤᠮᠵᠢ ᠶᠢ ᠨᠠᠷᠢᠨ ᠤᠢᠢᠯᠠᠭᠠᠪᠠ᠃ | 3 ᠳ᠋ᠤᠭᠠᠷ ᠰᠠᠷ᠎ᠠ ᠶᠢᠨ 19 ᠤ ᠡᠳᠤᠷ ᠠᠴᠠ 20 ᠤ ᠡᠳᠦᠷ ᠪᠤᠯᠳᠠᠯ᠎ᠠ᠂ ᠦᠪᠡᠷᠳᠡᠬᠡᠨ ᠵᠠᠰᠠᠬᠤ ᠤᠷᠤᠨ ᠤ | ᠨᠠᠮ ᠤᠨ ᠬᠤᠷᠢᠶᠠᠨ ᠤ ᠱᠦᠵᠢ᠂ ᠠᠷᠠᠳ ᠤᠨ ᠲᠦᠯᠤᠬᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ | ᠡᠷᠬᠢᠯᠡᠭᠴᠢ ᠯᠢ ᠵᠢᠢ ᠡᡁᠧᠩ ᠤᠷᠠᠳ ᠤᠨ ᠡᠮᠤᠨᠡᠳᠤ ᠬᠤᠰᠢᠭᠤ᠂ ᠦᠶᠤᠸᠠᠨ ᠰᠢᠶᠠᠨ᠂ ᠬᠠᠩᠬᠢᠨ ᠬᠤᠶᠢᠳᠤ ᠬᠤᠰᠢᠭᠤ | ᠪᠤᠯᠤᠨ ᠯᠢᠨ ᠡᡁᠧ ᠲᠤᠭᠤᠷᠢᠬ ᠲᠤ ᠬᠦᠨᠵᠡᠬᠡᠶᠢᠷᠡᠵᠤ᠂ ᠶᠠᠷᠤᠩᠬᠡᠢ ᠱᠦᠵᠢ ᠰᠢ ᠶᠢᠨ ᠫᠢᠩ ᠤᠨ ᠠᠷᠪᠠᠨ ᠭᠤᠷᠪᠠᠳᠤᠭᠠᠷ | ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠦᠯᠤᠬᠡᠯᠡᠭᠴᠢᠳ ᠤᠨ ᠶᠡᠭᠡ ᠬᠤᠷᠠᠯ ᠤᠨ ᠬᠤᠶᠠᠳᠤᠭᠠᠷ | ᠬᠤᠷᠠᠯ ᠤᠨ ᠦᠪᠤᠷ ᠮᠤᠩᠭᠤᠯ ᠤᠨ ᠲᠦᠯᠥᠬᠡᠯᠡᠭᠴᠢᠳ ᠤᠨ ᠪᠦᠯᠬᠦᠮ ᠤᠨ ᠬᠢᠨᠠᠨ ᠵᠦᠪᠯᠡᠬᠦ ᠳᠤ ᠤᠷᠤᠯᠴᠠᠬᠤ | ᠦᠶ᠎ᠡ ᠳᠤ ᠬᠡᠯᠡᠭᠰᠡᠨ ᠴᠢᠬᠤᠯᠠ ᠶᠠᠷᠢᠶᠠᠨ ᠤ ᠵᠤᠷᠢᠬ ᠰᠠᠨᠠᠭ᠎ᠠ ᠶᠢ ᠤᠬᠠᠭᠤᠯᠤᠨ ᠲᠠᠶᠢᠯᠪᠤᠷᠢᠯᠠᠵᠤ᠂ ᠠᠮᠢ ᠠᠬᠤᠢ ᠶᠢᠨ | ᠪᠤᠯᠪᠠᠰᠤᠨ ᠤ ᠪᠠᠶᠢᠭᠤᠯᠤᠯᠳᠠ ᠵᠡᠷᠭᠡ ᠠᠵᠢᠯ ᠳᠤ ᠪᠠᠶᠢᠴᠠᠭᠠᠨ ᠰᠤᠳᠤᠯᠤᠯᠳᠠ ᠬᠢᠵᠠᠢ᠃ | ᠯᠢ ᠵᠢᠢ ᠡᡁᠧᠩ ᠪᠤᠷᠤᠳᠤᠬᠤᠢ ᠶᠢᠨ ᠤᠰᠤᠯᠠᠯᠳᠠ ᠶᠢᠨ ᠤᠷᠤᠨ ᠤ ᠤᠰᠤ ᠲᠠᠳᠠᠷᠠᠭᠤᠯᠬᠤ ᠵᠠᠩᠬᠢᠯᠠᠭ᠎ᠠ ᠶᠢᠨ | ᠪᠠᠷᠢᠯᠭ᠎ᠠ ᠬᠤᠩ ᠭᠧ ᠫᠦ᠋ ᠤᠰᠤ ᠳᠠᠳᠠᠷᠠᠭᠤᠯᠬᠤ ᠦᠷᠳᠡᠭᠡ ᠳᠤ ᠬᠦᠷᠴᠤ᠂ ᠲᠤᠬᠠᠢ ᠶᠢᠨ ᠭᠠᠵᠠᠷ ᠲᠤ ᠨᠢ ᠤᠰᠤ | ᠲᠠᠳᠠᠷᠠᠭᠤᠯᠬᠤ ᠱᠤᠭᠤᠮ ᠤᠨ ᠤᠯᠠᠭᠠᠨᠰᠤᠬᠠᠢ ᠳᠤ ᠠᠮᠢ ᠠᠬᠤᠢ ᠶᠢᠨ ᠤᠰᠤ ᠨᠦᠬᠦᠪᠤᠷᠢᠯᠠᠵᠤ ᠪᠠᠶᠢᠭ᠎ᠠ ᠪᠠᠶᠢᠳᠠᠯ ᠢ | ᠪᠠᠶᠢᠴᠠᠭᠠᠨ ᠦᠵᠡᠵᠤ᠂ ᠤᠯᠠᠭᠠᠨᠰᠤᠬᠠᠢ ᠶᠢ ᠶᠠᠷᠤᠩᠬᠡᠶᠢᠯᠠᠨ ᠵᠠᠰᠠᠬᠤ ᠠᠷᠭ᠎ᠠ ᠬᠡᠮᠵᠢᠶ᠎ᠠ ᠪᠤᠯᠤᠨ ᠦᠷ᠎ᠠ ᠪᠦᠳᠤᠮᠵᠢ ᠶᠢ | ᠨᠠᠷᠢᠨ ᠤᠢᠢᠯᠠᠭᠠᠪᠠ᠃ ᠤᠯᠤᠰ ᠤᠨ ᠲᠠᠷᠢᠶᠠᠯᠠᠩ ᠤᠨ ᠦᠷᠬᠦᠯᠵᠢᠯᠡᠬᠦ ᠬᠦᠭᠵᠢᠯᠳᠠ ᠶᠢᠨ ᠲᠤᠷᠰᠢᠯᠳᠠ ᠶᠢᠨ ᠵᠢᠱᠢᠶ᠎ᠠ | ᠦᠵᠡᠬᠦᠯᠬᠦ ᠭᠤᠤᠯ ᠤᠷᠤᠨ ᠳᠤ᠂ ᠲᠡᠷᠡ ᠲᠠᠷᠢᠶᠠᠯᠠᠩ ᠤᠨ ᠤᠯᠠᠨ ᠡᠬᠢᠳᠦ ᠪᠤᠬᠢᠷᠳᠤᠯ ᠤᠨ ᠵᠠᠰᠠᠯᠳᠠ ᠵᠢᠴᠢ ᠬᠢᠮᠢ ᠶᠢᠨ | ᠪᠤᠷᠳᠤᠭᠤᠷ᠂ ᠲᠠᠷᠢᠶᠠᠨ ᠡᠮ᠂ ᠤᠰᠤ᠂ ᠰᠦᠯᠢᠶᠤᠤ ᠪᠦᠷᠬᠦᠪᠴᠢ ᠵᠡᠷᠭᠡ ᠶᠢᠨ ᠬᠡᠷᠡᠭᠯᠡᠭᠡ ᠶᠢ ᠬᠢᠵᠠᠭᠠᠷᠯᠠᠵᠤ ᠪᠠᠶᠢᠭ᠎ᠠ | ᠪᠠᠶᠢᠳᠠᠯ ᠳᠤ ᠬᠦᠨᠵᠡᠬᠡᠢ ᠪᠠᠶᠢᠴᠠᠭᠠᠨ ᠰᠤᠳᠤᠯᠤᠯᠳᠠ ᠬᠢᠪᠠ᠃ ᠲᠡᠷᠡ᠂ ᠶᠠᠷᠤᠩᠬᠡᠢ ᠱᠦᠵᠢ ᠰᠢ ᠶᠢᠨ ᠫᠢᠩ | ᠤᠯᠠᠭᠠᠨᠰᠤᠬᠠᠢ ᠶᠢᠨ ᠠᠮᠢ ᠠᠬᠤᠢ ᠶᠢᠨ ᠶᠠᠷᠤᠩᠬᠡᠶᠢᠯᠡᠭᠰᠡᠡ ᠵᠠᠰᠠᠯᠳᠠ ᠶᠢ ᠮᠠᠰᠢ ᠠᠩᠬᠠᠷᠴᠦ ᠪᠠᠶᠢᠨ᠎ᠠ᠂ ᠪᠢᠳᠡ | ᠤᠯᠠᠭᠠᠨᠰᠤᠬᠠᠢ ᠶᠢᠨ ᠰᠠᠪᠠ ᠭᠠᠵᠠᠷ ᠤᠨ ᠠᠭᠤᠯᠠ ᠤᠰᠤ ᠤᠢ ᠰᠢᠭᠤᠢ ᠲᠠᠷᠢᠶᠠᠨ ᠭᠠᠵᠠᠷ ᠨᠠᠭᠤᠷ ᠴᠦᠬᠦᠷᠤᠮ | ᠨᠤᠳᠤᠬ ᠪᠡᠯᠴᠢᠬᠡᠷ ᠢ ᠶᠠᠷᠤᠩᠬᠡᠶᠢᠯᠠᠨ ᠵᠠᠰᠠᠬᠤ ᠤᠯᠤᠰ ᠤᠨ ᠳᠡᠰ ᠤᠨ ᠲᠤᠷᠰᠢᠯᠳᠠ ᠶᠢᠨ ᠴᠡᠭ ᠤᠨ ᠢᠨᠵᠧᠨᠧᠷᠢᠩ ᠢ | ᠨᠠᠷᠢᠨ ᠬᠢᠨᠠᠮᠠᠭᠠᠢ ᠭᠡᠷᠡᠭᠵᠢᠬᠦᠯᠵᠤ᠂ ᠡᠯ᠎ᠠ ᠵᠦᠢᠯ ᠤᠨ ᠪᠤᠬᠢᠷᠳᠤᠯ ᠤᠨ ᠡᠬᠢ ᠶᠢᠨ ᠵᠠᠰᠠᠯᠳᠠ ᠶᠢ ᠵᠡᠷᠬᠡ ᠪᠠᠷ ᠠᠳᠬᠤᠵᠤ᠂ | ᠤᠳᠠᠭᠠᠨ ᠳᠠᠭᠠᠭᠠᠮᠠᠭᠠᠢ ᠬᠦᠴᠦᠯᠡᠵᠦ᠂ ᠨᠠᠭᠤᠷ ᠤᠨ ᠤᠰᠤᠨ ᠤ ᠴᠢᠨᠠᠷ ᠤᠨ ᠰᠠᠶᠢᠵᠢᠷᠠᠯᠳᠠ ᠶᠢ ᠠᠬᠢᠭᠤᠯᠬᠤ ᠭᠡᠷᠡᠭᠳᠠᠢ | ᠬᠡᠵᠤ ᠬᠡᠯᠡᠪᠡ᠃ | ᠯᠢ ᠵᠢᠢ ᠡᡁᠧᠩ ︽ᠬᠤᠵᠢᠷᠯᠢᠬ ᠭᠠᠵᠠᠷ ᠢ ᠵᠠᠰᠠᠵᠤ ᠡᠪᠡᠰᠤ ᠪᠤᠷᠳᠤᠭ᠎ᠠ ᠲᠠᠷᠢᠬᠤ ᠲᠠᠯᠠᠪᠠᠢ ᠪᠠᠨ ᠦᠷᠭᠡᠳᠭᠡᠵᠦ | ᠮᠠᠯ ᠠᠵᠤ ᠠᠬᠤᠢ ᠶᠢ ᠬᠦᠭᠵᠢᠬᠦᠯᠬᠦ︾ ᠲᠦᠷᠤᠯ ᠵᠦᠢᠯ ᠤᠨ ᠲᠤᠰᠬᠠᠢ ᠮᠡᠷᠬᠡᠵᠢᠯᠳᠠᠨ ᠤ ᠦᠷᠳᠡᠭᠡ᠂ ᠲᠠᠷᠭᠤᠨ | ᠭᠤᠤᠯ ᠤᠨ ᠲᠠᠷᠢᠶᠠᠨ ᠭᠠᠵᠠᠷ ᠤᠨ ᠶᠠᠷᠤᠩᠬᠡᠢ ᠴᠤᠬᠴᠠᠰ᠂ ᠪᠦᠬᠦ ᠬᠡᠪᠴᠢᠶᠡᠲᠦ ᠪᠤᠬᠢᠷᠳᠤᠯ ᠦᠬᠡᠢ ᠰᠢᠨᠵᠢᠯᠡᠬᠦ ᠤᠬᠠᠭᠠᠨ | ᠲᠧᠭᠨᠢᠭ ᠮᠡᠷᠬᠡᠵᠢᠯ ᠤᠨ ᠵᠢᠵᠢᠭ ᠬᠦᠷᠢᠶ᠎ᠠ ᠪᠠᠷ ᠶᠠᠪᠤᠵᠤ᠂ ᠲᠡᠳᠡᠨ ᠤ ᠬᠤᠵᠢᠷᠯᠢᠬ ᠭᠠᠵᠠᠷ ᠢ ᠵᠠᠰᠠᠨ ᠰᠠᠶᠢᠵᠢᠷᠠᠭᠤᠯᠬᠤ᠂ | ᠤᠳᠤ ᠦᠶ᠎ᠠ ᠶᠢᠨ ᠲᠠᠷᠢᠶᠠᠯᠠᠩ ᠤᠨ ᠪᠦᠳᠤᠬᠡᠨ ᠪᠠᠶᠢᠭᠤᠯᠤᠯᠳᠠ᠂ ᠰᠢᠨᠵᠢᠯᠡᠬᠦ ᠤᠬᠠᠭᠠᠨ ᠲᠧᠭᠨᠢᠭ ᠮᠡᠷᠬᠡᠵᠢᠯ ᠢᠶᠠᠷ | ᠲᠠᠷᠢᠶᠠᠯᠠᠩ ᠢ ᠲᠡᠮᠵᠢᠵᠤ ᠲᠠᠷᠢᠶᠠᠯᠠᠩ ᠢ ᠬᠦᠭᠵᠢᠬᠦᠯᠬᠦ ᠵᠡᠷᠬᠡ ᠲᠠᠯ᠎ᠠ ᠪᠠᠷ ᠤᠯᠤᠬᠰᠠᠨ ᠠᠮᠵᠢᠯᠳᠠ ᠪᠦᠳᠤᠮᠵᠢ ᠶᠢ | ᠬᠦᠢᠴᠡᠳ ᠨᠤᠳᠠᠯᠠᠵᠤ᠂ ᠲᠡᠳᠡᠨ ᠢ ᠪᠤᠬᠢᠷᠳᠤᠯ ᠦᠬᠡᠢ ᠬᠦᠭᠵᠢᠯᠳᠠ ᠶᠢᠨ ᠵᠠᠮ ᠢᠶᠠᠷ ᠴᠢᠨᠠᠬᠰᠢᠳᠠ ᠰᠠᠶᠢᠳᠤᠷ ᠵᠠᠮᠨᠠᠬᠤ ᠶᠢ | ᠵᠤᠷᠢᠬᠵᠢᠭᠤᠯᠪᠠ᠃ | ᠲᠢᠶᠠᠨ ᠡᡁᠧᠩ᠂ ᠶᠢᠨ ᠼᠤᠤ ᠶᠤᠸᠠᠨ᠂ ᠰᠢᠤᠢ ᠢ᠂ ᠬᠠᠩ ᠯᠦᠩ᠂ ᠰᠢᠶᠠᠨ ᠨᠦᠩ ᠵᠡᠷᠬᠡ ᠲᠠᠭᠠᠭᠤᠯᠤᠭᠴᠢ | ᠠᠵᠤ ᠠᠬᠤᠢᠢᠯᠠᠯ ᠳᠤ᠂ ᠯᠢ ᠵᠢᠢ ᠡᡁᠧᠩ ᠠᠵᠤ ᠠᠬᠤᠢᠢᠯᠠᠯ ᠤᠨ ᠤᠢᠢᠯᠡᠳᠪᠤᠷᠢᠯᠠᠯ ᠡᠵᠡᠩᠨᠠᠯᠳᠠ ᠶᠢᠨ ᠪᠠᠶᠢᠳᠠᠯ ᠢ | ᠰᠢᠨᠵᠢᠯᠠᠨ ᠪᠠᠶᠢᠴᠠᠭᠠᠵᠤ᠂ ᠲᠡᠳᠡᠨ ᠤ ᠠᠵᠤ ᠤᠢᠢᠯᠡᠰ ᠢᠶᠠᠷ ᠶᠠᠳᠠᠭᠤ ᠶᠢ ᠲᠡᠳᠬᠦᠬᠦ ᠠᠷᠭ᠎ᠠ ᠵᠠᠮ ᠢᠶᠠᠨ ᠦᠷᠬᠡᠳᠬᠡᠵᠤ᠂ | ᠶᠠᠳᠠᠭᠤ ᠬᠦᠴᠢᠷᠳᠠᠯᠳᠠᠢ ᠤᠯᠠᠨ ᠲᠦᠮᠡᠨ ᠢ ᠲᠠᠶᠢᠴᠢᠯᠠᠨ ᠤᠷᠤᠯᠭ᠎ᠠ ᠶᠢ ᠨᠢ ᠨᠡᠮᠡᠭᠳᠡᠬᠦᠯᠬᠦ ᠶᠢ ᠬᠦᠰᠡᠪᠠ᠃ ᠮᠢᠨ ᠵᠤ᠋ | ᠲᠤᠰᠬᠤᠨ ᠳᠤ᠂ ᠯᠢ ᠵᠢᠢ ᠾᠧᠩ ᠬᠦᠳᠡᠭᠡ ᠲᠤᠰᠬᠤᠨ ᠢ ᠬᠦᠭᠵᠢᠬᠦᠯᠤᠨ ᠮᠠᠨᠳᠤᠭᠤᠯᠬᠤ᠂ ᠤᠷᠴᠢᠨ ᠲᠤᠭᠤᠷᠢᠨ ᠤ | ᠡᠷᠡᠭᠦᠯ ᠬᠠᠮᠠᠭᠠᠯᠠᠯ ᠢ ᠴᠡᠭᠴᠡᠯᠡᠨ ᠵᠠᠰᠠᠬᠤ ᠵᠡᠷᠭᠡ ᠠᠵᠢᠯ ᠢ ᠪᠠᠶᠢᠴᠠᠭᠠᠨ ᠰᠤᠳᠤᠯᠵᠤ᠂ ᠬᠦᠳᠡᠭᠡ ᠲᠤᠰᠬᠤᠨ ᠢ | ᠬᠦᠭᠵᠢᠬᠦᠯᠦᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠶᠢ ᠶᠡᠭᠡ ᠪᠠᠷ ᠬᠡᠷᠡᠭᠵᠢᠬᠦᠯᠵᠤ᠂ ᠬᠦᠳᠡᠭᠡ ᠲᠤᠰᠬᠤᠨ ᠤ ᠠᠵᠤ | ᠦᠢᠯᠡᠰ᠂ ᠴᠢᠳᠠᠪᠤᠷᠢᠳᠠᠨ᠂ ᠰᠤᠶᠤᠯ᠂ ᠠᠮᠢ ᠠᠬᠤᠢ᠂ ᠵᠤᠬᠢᠶᠠᠨ ᠪᠠᠶᠢᠭᠤᠯᠤᠯᠳᠠ ᠪᠦᠬᠦ ᠲᠠᠯ᠎ᠡ ᠪᠠᠷ ᠬᠦᠭᠵᠢᠨ | ᠮᠠᠨᠳᠤᠬᠤ ᠶᠢ ᠠᠬᠢᠭᠤᠯᠬᠤ ᠭᠡᠷᠡᠭᠳᠠᠢ ᠭᠡᠵᠤ ᠴᠢᠬᠤᠯᠠᠴᠢᠯᠠᠪᠠ᠃ ᠯᠢ ᠵᠢᠢ ᠾᠧᠩ ᠪᠠᠰᠠ ᠬᠠᠪᠤᠷ ᠤᠨ ᠲᠠᠷᠢᠶᠠᠯᠠᠭ᠎ᠠ ᠶᠢᠨ | ᠠᠬᠤᠢ ᠪᠠᠶᠢᠳᠠᠯ ᠢ ᠪᠠᠶᠢᠴᠠᠭᠠᠨ ᠦᠵᠡᠪᠡ᠃ | ᠪᠠᠶᠢᠴᠠᠭᠠᠨ ᠰᠤᠳᠤᠯᠤᠯᠳᠠ ᠬᠢᠬᠦ ᠬᠤᠭᠤᠴᠠᠭᠠᠨ ᠳᠤ᠂ ᠯᠢ ᠵᠢᠢ ᠾᠧᠩ ᠬᠤᠷᠠᠯ ᠡᠷᠬᠢᠯᠡᠨ ᠬᠤᠷᠠᠯᠳᠤᠭᠤᠯᠵᠤ᠂ | ᠪᠠᠶᠠᠨᠨᠠᠭᠤᠷ ᠬᠤᠳᠠ ᠶᠢᠨ ᠠᠵᠢᠯ ᠤᠨ ᠬᠠᠷᠢᠭᠤ ᠮᠡᠳᠡᠬᠦᠯᠦᠯᠳᠠ ᠶᠢ ᠰᠤᠨᠤᠰᠴᠤ᠂ ᠶᠡᠷᠤᠩᠭᠡᠢ ᠱᠦᠵᠢ ᠰᠢ ᠶᠢᠨ ᠫᠢᠩ | ᠤᠨ ᠴᠢᠬᠤᠯᠠ ᠶᠠᠷᠢᠶᠠᠨ ᠤ ᠵᠤᠷᠢᠭ ᠰᠠᠨᠠᠭ᠎ᠠ ᠶᠢ ᠬᠦᠨᠵᠡᠭᠡᠢ ᠰᠤᠷᠤᠯᠴᠠᠨ ᠲᠤᠭᠤᠰᠢᠯᠠᠭᠤᠯᠬᠤ ᠲᠤᠬᠠᠢ ᠤᠬᠠᠭᠤᠯᠤᠨ | ᠲᠠᠶᠢᠯᠪᠤᠷᠢᠯᠠᠵᠤ᠂ ᠱᠠᠭᠠᠷᠳᠠᠯᠭ᠎ᠠ ᠲᠤᠷᠠᠳᠪᠠ᠃ ᠲᠡᠷᠨ᠂ ᠶᠡᠷᠤᠩᠭᠡᠢ ᠱᠦᠵᠢ ᠰᠢ ᠶᠢᠨ ᠫᠢᠩ ᠤᠨ ᠴᠢᠬᠤᠯᠡ ᠶᠠᠷᠢᠶ᠎ᠡ ᠨᠢ | ᠰᠢ ᠶᠢᠨ ᠫᠢᠩ ᠤᠨ ᠠᠮᠢ ᠠᠬᠤᠢ ᠶᠢᠨ ᠪᠤᠯᠪᠠᠰᠤᠨ ᠤ ᠦᠵᠡᠯ ᠰᠠᠨᠠᠭ᠎ᠠ ᠶᠢ ᠪᠠᠶᠠᠯᠢᠬᠵᠢᠭᠤᠯᠤᠨ ᠬᠦᠭᠵᠢᠬᠦᠯᠵᠤ᠂ ᠮᠠᠨ ᠤ | ᠤᠯᠤᠰ ᠤᠨ ᠠᠮᠢ ᠠᠬᠤᠢ ᠶᠢᠨ ᠪᠤᠯᠪᠠᠰᠤᠨ ᠤ ᠪᠠᠶᠢᠭᠤᠯᠤᠯᠳᠠ ᠶᠢᠨ ᠰᠢᠨ᠎ᠡ ᠲᠡᠭᠳᠡᠷ ᠲᠤ ᠭᠠᠷᠬᠤ ᠶᠢ ᠠᠬᠢᠭᠤᠯᠬᠤ ᠳᠤ | ᠰᠢᠨᠵᠢᠯᠡᠬᠦ ᠤᠬᠠᠭᠠᠨᠴᠢ ᠵᠢᠯᠤᠭᠤᠳᠤᠯᠭ᠎ᠠ ᠬᠠᠨᠭ᠍ᠭᠠᠵᠤ᠂ ᠨᠠᠮ ᠤᠨ ᠲᠦᠪ ᠬᠤᠷᠢᠶ᠎ᠡ ᠶᠢᠨ ᠦᠪᠤᠷ ᠮᠤᠩᠭᠤᠯ ᠤᠨ ᠠᠮᠢ | ᠠᠬᠤᠢ ᠶᠢᠨ ᠪᠤᠯᠪᠠᠰᠤᠨ ᠤ ᠪᠠᠶᠢᠭᠤᠯᠤᠯᠳᠠ ᠶᠢᠨ ᠲᠤᠬᠠᠢ ᠳᠡᠭᠡᠪᠦᠷ ᠲᠦᠯᠦᠪᠯᠡᠭᠡ ᠪᠤᠯᠤᠨ ᠪᠠᠶᠢᠯᠳᠤᠬᠤ ᠪᠤᠳᠤᠯᠭ᠎ᠠ ᠶᠢᠨ | ᠪᠠᠶᠢᠷᠢᠯᠠᠭᠤᠯᠤᠯᠳᠠ ᠶᠢ ᠦᠷᠬᠡᠵᠢᠬᠦᠯᠤᠨ ᠭᠦᠨᠵᠡᠭᠡᠶᠢᠷᠡᠭᠦᠯᠵᠦ᠂ ᠪᠢᠳᠠᠨ ᠤ ᠠᠮᠢ ᠠᠬᠤᠢ ᠤᠷᠴᠢᠨ ᠲᠤᠭᠤᠷᠢᠨ ᠢᠶᠠᠨ | ᠬᠠᠮᠠᠭᠠᠯᠠᠵᠤ ᠪᠦᠲᠦᠭᠡᠨ ᠪᠠᠶᠢᠭᠤᠯᠬᠤ ᠠᠵᠢᠯ ᠢᠶᠠᠨ ᠤᠯᠠᠮ ᠴᠢᠨᠠᠬᠰᠢᠳᠠ ᠰᠠᠶᠢᠳᠤᠷ ᠬᠢᠬᠦ ᠳᠤ ᠦᠨᠳᠦᠰᠦᠨ ᠵᠢᠷᠤᠮᠯᠡᠯ | ᠬᠠᠨᠭ᠍ᠭᠠᠵᠤ᠂ ᠦᠪᠤᠷ ᠮᠤᠩᠭᠤᠯ ᠤᠨ ᠴᠢᠨᠠᠷ ᠰᠠᠶᠢᠳᠠᠢ ᠬᠦᠭᠵᠢᠯᠳᠠ ᠶᠢ ᠪᠠᠶᠠᠯᠡᠬᠦᠯᠬᠦ ᠳᠤ ᠵᠠᠶᠢᠯᠠᠰᠢ ᠦᠭᠡᠢ ᠶᠠᠪᠤᠬᠤ | ᠵᠠᠮ ᠢ ᠲᠠᠶᠢᠯᠪᠤᠷᠢᠯᠠᠭᠰᠠᠨ ᠪᠠ ᠲᠤᠳᠤᠷᠬᠠᠢ ᠵᠢᠭᠠᠵᠤ᠂ ᠦᠵᠡᠰᠬᠦᠯᠡᠩᠳᠤ ᠰᠠᠶᠢᠬᠠᠨ ᠦᠪᠤᠷ ᠮᠤᠩᠭᠤᠯ ᠢ ᠨᠡᠩ ᠰᠠᠶᠢᠳᠦᠷ | ᠪᠦᠳᠦᠭᠡᠨ ᠪᠠᠶᠢᠭᠤᠯᠬᠤ ᠤᠷᠤᠭᠰᠢᠯᠠᠯᠳᠠ ᠶᠢᠨ ᠵᠠᠮ ᠢ ᠭᠡᠭᠡᠷᠡᠭᠦᠯᠪᠡ᠃ ᠪᠢᠳᠠ ︽ᠲᠦᠷᠪᠡᠨ ᠤᠬᠠᠮᠰᠠᠷ︾ ᠢᠶᠠᠨ | ᠴᠢᠩᠭᠠᠳᠬᠠᠵᠤ᠂ ︽ᠲᠦᠷᠪᠡᠨ ᠢᠳᠡᠭᠡᠯ︾ ᠢᠶᠠᠨ ᠪᠠᠳᠤᠳᠬᠠᠵᠤ᠂ ︽ᠬᠤᠶᠠᠷ ᠢ ᠬᠠᠮᠠᠭᠠᠯᠠᠬᠤ︾ ᠶᠢ ᠪᠠᠶᠠᠯᠡᠬᠦᠯᠵᠤ᠂ ᠶᠡᠷᠤᠩᠭᠡᠢ | ᠱᠦᠵᠢ ᠰᠢ ᠶᠢᠨ ᠫᠢᠩ ᠤᠨ ᠴᠢᠬᠤᠯᠠ ᠶᠠᠷᠢᠶᠠᠨ ᠤ ᠵᠤᠷᠢᠭ ᠰᠠᠨᠠᠭ᠎ᠠ ᠠᠭᠤᠯᠤᠬᠳᠠᠬᠤᠨ ᠂ ᠭᠤᠤᠯ ᠤᠳᠬ᠎ᠠ ᠰᠠᠨᠠᠭ᠎ᠠ | ᠪᠤᠯᠤᠨ ᠦᠢᠯᠡᠳᠦᠯᠭᠡ ᠶᠢᠨ ᠱᠠᠭᠠᠷᠳᠠᠯᠭ᠎ᠠ ᠶᠢ ᠬᠦᠨᠵᠡᠭᠡᠢ ᠰᠤᠷᠤᠯᠴᠠᠨ ᠤᠢᠢᠯᠠᠭᠠᠵᠤ᠂ ᠠᠮᠢ ᠠᠬᠤᠢ ᠶᠢᠨ ᠪᠤᠯᠪᠠᠰᠤᠨ ᠤ | ᠪᠠᠶᠢᠭᠤᠯᠤᠯᠳᠠ ᠶᠢ ᠴᠢᠩᠭᠠᠳᠬᠠᠬᠤ ᠶᠢ ᠨᠡᠩ ᠢᠯᠡᠬᠦᠤ ᠴᠢᠬᠤᠯᠠᠴᠢᠯᠠᠵᠤ᠂ ᠪᠠᠶᠢᠯᠳᠤᠬᠤ ᠪᠤᠳᠤᠯᠭ᠎ᠠ ᠶᠢᠨ ᠲᠤᠬᠳᠠᠯ | ᠬᠦᠴᠦᠨ ᠢᠶᠠᠨ ᠪᠠᠳᠤᠯᠠᠵᠤ᠂ ᠲᠤᠪᠤᠶᠢᠮ᠎ᠡ ᠠᠰᠠᠭᠤᠳᠠᠯ ᠢ ᠰᠢᠢᠳᠪᠤᠷᠢᠯᠡᠵᠤ᠂ ᠠᠮᠢ ᠠᠬᠤᠢ ᠶᠢ ᠤᠷᠢᠳ ᠢᠶᠠᠷ | ᠪᠤᠳᠤᠯᠬᠢᠯᠠᠭᠰᠠᠨ᠂ ᠪᠤᠬᠢᠷᠳᠤᠯ ᠦᠭᠡᠢ ᠬᠦᠭᠵᠢᠯᠳᠠ ᠪᠠᠷ ᠤᠳᠤᠷᠢᠳᠤᠮᠵᠢ ᠪᠤᠯᠭᠠᠬᠰᠡᠨ ᠴᠢᠨᠠᠷ ᠰᠠᠶᠢᠳᠠᠢ | ᠬᠦᠭᠵᠢᠯᠳᠠ ᠶᠢᠨ ᠰᠢᠨ᠎ᠡ ᠵᠠᠮ ᠢ ᠠᠯᠢ ᠲᠥᠷᠭᠡᠨ ᠰᠦᠪᠡᠭᠴᠢᠯᠡᠨ ᠨᠡᠭᠡᠭᠡᠵᠦ᠂ ᠪᠤᠬᠢᠷᠳᠤᠯ ᠦᠭᠡᠢ ᠪᠠᠶᠢᠯᠭᠠᠬᠤ ᠶᠢ | ᠦᠪᠦᠷ ᠮᠤᠩᠭᠤᠯ ᠤᠨ ᠡᠭᠦᠷᠢᠳᠡ ᠶᠢᠨ ᠳᠠᠪᠠᠭᠤᠯᠢᠭ ᠪᠤᠯᠭᠠᠵᠤ᠂ ᠡᠭᠡ ᠤᠯᠤᠰ ᠤᠨ ᠤᠮᠠᠷᠠᠳᠤ ᠶᠢᠨ ᠡᠨᠡ ᠬᠦ | ᠦᠵᠡᠰᠬᠦᠯᠡᠩᠳᠤ ᠰᠠᠶᠢᠬᠠᠨ ᠦᠵᠡᠮᠵᠢ ᠶᠢᠨ ᠤᠷᠤᠨ ᠢ ᠰᠠᠶᠢᠳᠤᠷ ᠰᠠᠬᠢᠨ ᠬᠠᠮᠠᠭᠠᠯᠠᠬᠤ ᠭᠡᠷᠡᠭᠳᠠᠢ ᠭᠡᠵᠤ ᠬᠡᠯᠡᠪᠡ᠃ | ᠦᠪᠡᠷᠳᠡᠭᠡᠨ ᠵᠠᠰᠠᠬᠤ ᠤᠷᠤᠨ ᠤ ᠲᠡᠳ᠋ ᠲᠡᠷᠢᠬᠦᠯᠡᠭᠴᠢ ᠯᠢ ᠪᠢᠩ ᠷᠦᠩ ᠵᠢᠴᠢ ᠬᠤᠯᠪᠤᠬᠳᠠᠯ ᠪᠦᠬᠦᠢ ᠰᠠᠯᠠᠭ᠎ᠠ | ᠮᠦᠴᠢᠷ ᠤᠨ ᠬᠠᠷᠢᠭᠤᠴᠠᠯᠭᠠᠳᠠᠨ ᠨᠦᠬᠦᠳ ᠪᠠᠶᠢᠴᠠᠭᠠᠨ ᠰᠤᠳᠤᠯᠤᠯᠳᠠ ᠳᠤ ᠤᠷᠤᠯᠴᠠᠵᠠᠢ᠃ |