ᠵᠤᠬᠢᠶᠠᠭᠴᠢ᠄ ᠪᠠ᠊· ᠤᠶᠤᠨᠳᠠᠯᠠᠢ | ᠮᠤᠩᠭᠤᠯᠴᠤᠳ ᠶᠠᠷᠤ ᠨᠢ ᠲᠤᠰᠬᠠᠶᠢᠯᠠᠨ ᠴᠠᠭ ᠭᠠᠷᠭᠠᠵᠤ ᠬᠡᠦᠬᠡᠳ ᠢᠶᠠᠨ ᠲᠦᠪ ᠰᠠᠭᠤᠯᠭᠠᠭᠠᠳ ᠶᠡᠭᠡ ᠶᠤᠰᠤ ᠨᠤᠮᠯᠠᠵᠤ ᠰᠤᠷᠭᠠᠬᠤ ᠪᠢᠰᠢ᠂ ᠬᠠᠷᠢᠨ | ᠬᠡᠦᠬᠡᠳ ᠢᠶᠠᠨ ᠳᠠᠭᠠᠭᠤᠯᠤᠨ ᠠᠵᠢᠯ ᠬᠦᠳᠡᠯᠮᠤᠷᠢ ᠬᠢᠬᠦ ᠪᠤᠶᠤ ᠠᠶᠠᠨ ᠵᠠᠮ᠂ ᠠᠳᠤᠭᠤ ᠮᠠᠯ ᠳᠤ ᠶᠠᠪᠤᠬᠤ ᠦᠶ᠎ᠡ ᠳᠤ ᠠᠵᠢᠯ ᠤᠨ ᠶᠠᠪᠤᠴᠠ ᠪᠠ ᠬᠡᠦᠬᠡᠳ ᠤᠨ ᠢᠶᠠᠨ | ᠤᠷᠮ᠎ᠠ ᠳᠤ ᠵᠤᠬᠢᠴᠠᠭᠤᠯᠤᠨ ᠳᠡᠭᠡᠳᠦᠰ ᠠᠴᠠ ᠰᠤᠨᠤᠰᠤᠭᠰᠠᠨ᠂ ᠪᠡᠶ᠎ᠡ ᠪᠠᠷ ᠦᠭᠭᠡᠷᠡᠭᠡᠭᠰᠡᠨ ᠢᠶᠠᠨ ᠠᠶᠠᠷᠬᠠᠨ ᠶᠠᠷᠢᠵᠤ᠂ ᠭᠦᠮᠦᠨ ᠪᠤᠯᠬᠤ ᠶᠤᠰᠤ ᠵᠦᠢ᠂ ᠠᠮᠢᠳᠤᠷᠠᠯ | ᠡᠵᠡᠩᠨᠡᠬᠦ ᠤᠷ᠎ᠠ ᠤᠬᠠᠭᠠᠨ ᠢ ᠤᠢ ᠪᠢᠯᠢᠭ ᠲᠤᠨᠢ ᠪᠠᠲᠤ ᠰᠠᠭᠤᠯᠭᠠᠬᠤ ᠶᠢ ᠬᠢᠴᠢᠶᠡᠳᠡᠭ᠃ ᠴᠠᠭᠠᠨ ᠰᠠᠷ᠎ᠠ ᠶᠢᠨ ᠬᠤᠭᠤᠴᠠᠭ᠎ᠠ ᠪᠤᠯ ᠮᠤᠩᠭᠤᠯ ᠤᠨ ᠤᠯᠠᠮᠵᠢᠯᠠᠯᠲᠤ ᠵᠠᠩ | ᠦᠢᠯᠡ ᠶᠢᠨ ᠠᠵᠢᠯᠯᠠᠭ᠎ᠠ ᠬᠠᠮᠤᠭ ᠲᠦᠪᠯᠡᠷᠡᠩᠭᠦᠢ ᠬᠤᠭᠤᠴᠠᠭ᠎ᠠ ᠪᠤᠯᠬᠤᠷ ᠮᠤᠩᠭᠤᠯᠴᠤᠳ ᠬᠡᠦᠬᠡᠳ ᠢᠶᠠᠨ ᠬᠦᠮᠦᠵᠢᠭᠦᠯᠬᠦ ᠬᠠᠮᠤᠭ ᠲᠤᠬᠢᠷᠠᠮᠵᠢᠲᠠᠢ ᠦᠶ᠎ᠡ ᠭᠡᠵᠦ | ᠦᠵᠡᠳᠡᠭ ᠶᠤᠮ᠃ ᠭᠠᠯ ᠳᠠᠬᠢᠬᠤ ᠠᠴᠠ ᠡᠬᠢᠯᠡᠨ ᠰᠢᠨ᠎ᠡ ᠬᠠᠭᠤᠴᠢᠷᠠᠲᠡᠯᠡᠬᠢ ᠬᠤᠭᠤᠴᠠᠭ᠎ᠠ ᠶᠢ ︽ᠰᠠᠷ᠎ᠠ ᠰᠢᠨ᠎ᠡ︾᠂ ︽ᠵᠢᠯ ᠰᠠᠷ᠎ᠠ︾᠂ ︽ᠵᠢᠯ ᠴᠠᠭᠠᠨ ᠰᠠᠷ᠎ᠠ︾ ᠭᠡᠵᠤ | ᠲᠤᠪᠴᠢᠯᠠᠨ᠂ ︽ᠰᠢᠨ᠎ᠡ ᠳᠡᠭᠡᠨ ᠶᠠᠮᠠᠷ ᠪᠤᠯ ᠵᠢᠯ ᠳᠡᠭᠡᠨ ᠲᠡᠶᠢᠮᠦ︾ ᠭᠡᠵᠦ ᠡᠨᠡᠬᠦ ᠬᠤᠭᠤᠴᠠᠭᠠᠨ ᠳᠤ ᠬᠡᠦᠬᠡᠳ ᠢᠶᠠᠨ ᠶᠤᠰᠤ ᠨᠤᠮ ᠲᠠᠢ᠂ ᠦᠭᠡᠳᠡ ᠬᠡᠶᠢᠮᠤᠷᠢ ᠲᠠᠢ᠂ ᠪᠡᠯᠬᠡ | ᠳᠡᠮᠪᠡᠷᠢᠯ ᠲᠠᠢ ᠪᠠᠶᠢᠬᠤ ᠶᠢ ᠨᠡᠩ ᠴᠢᠩᠭ᠎ᠠ ᠱᠠᠭᠠᠷᠳᠠᠳᠠᠭ᠃ | ᠵᠢᠯ ᠴᠠᠭᠠᠨ ᠰᠠᠷ᠎ᠠ ᠤᠶᠢᠷᠠᠳᠬᠤ ᠳᠤ ᠬᠡᠦᠬᠡᠳ ᠲᠡᠭᠡᠨ ᠪᠢᠲᠡᠭᠦᠯᠡᠵᠤ ᠰᠢᠨᠡᠯᠡᠬᠦ ᠶᠤᠰᠤ ᠵᠠᠩᠰᠢᠯ ᠤᠨ ᠲᠤᠬᠠᠢ ᠶᠠᠷᠢᠵᠤ᠂ ᠡᠨᠡ ᠵᠢᠯ ᠵᠠᠪᠠᠯ ᠤᠴᠢᠵᠤ ᠵᠤᠯᠭᠠᠬᠤ | ᠬᠦᠮᠦᠨ᠂ ᠵᠠᠪᠠᠯ ᠢᠷᠡᠬᠦ ᠬᠦᠮᠦᠨ ᠪᠠ ᠢᠷᠡᠬᠦ ᠪᠤᠯᠤᠮᠵᠢᠲᠠᠢ ᠬᠦᠮᠦᠨ ᠤ ᠲᠤᠬᠠᠢ ᠲᠠᠨᠢᠯᠴᠠᠭᠤᠯᠵᠤ᠂ ᠶᠠᠭᠤᠨ ᠳᠤ ᠵᠠᠪᠠᠯ ᠢᠷᠡᠬᠦ ᠪᠤᠶᠤ ᠤᠴᠢᠵᠤ ᠵᠤᠯᠭᠠᠬᠤ ᠶᠢᠨ ᠤᠴᠢᠷ ᠢ | ᠲᠤᠲᠤᠷᠬᠠᠶᠢᠯᠠᠨ ᠵᠢᠭᠠᠵᠤ᠂ ᠢᠷᠡᠵᠦ ᠤᠴᠢᠬᠤ ᠶᠢᠨ ᠪᠡᠯᠡᠳᠬᠡᠯ ᠪᠠ ᠶᠤᠰᠤ ᠵᠠᠩᠰᠢᠯ ᠢ ᠶᠠᠷᠢᠵᠤ ᠦᠭᠭᠦᠨ᠎ᠡ᠃ ᠬᠤᠪᠴᠠᠰᠤ ᠬᠤᠨᠠᠷ ᠡᠰᠭᠡᠵᠤ ᠤᠶᠤᠬᠤ ᠪᠠ ᠬᠡᠷ ᠲᠡᠷᠭᠡ᠂ | ᠬᠦᠷᠢᠶ᠎ᠠ ᠬᠠᠰᠢᠶ᠎ᠠ᠂ ᠤᠶᠠᠭ᠎ᠠ ᠵᠠᠯ᠎ᠠ ᠪᠠᠨ ᠴᠡᠪᠡᠷᠯᠡᠵᠤ ᠴᠢᠮᠡᠬᠦ ᠵᠡᠷᠬᠡ ᠠᠵᠢᠯ ᠳᠤ ᠬᠡᠦᠬᠡᠳ ᠢᠶᠠᠨ ᠳᠠᠭᠠᠭᠤᠯᠤᠨ ᠤᠷᠤᠯᠴᠠᠭᠤᠯᠵᠤ ᠶᠤᠰᠤ ᠬᠦᠳᠡᠯᠮᠤᠷᠢ ᠬᠤᠶᠠᠷ ᠢᠶᠠᠷ | ᠤᠬᠠᠭᠠᠷᠠᠭᠤᠯᠤᠨ᠎ᠠ᠃ ᠡᠶᠢᠮᠦ ᠠᠶᠢᠯ ᠳᠤ ᠵᠤᠴᠢᠨ ᠪᠠᠭᠤᠬᠤ ᠳᠤ ᠶᠠᠭᠤ ᠪᠦᠬᠦᠨ ᠨᠢ ᠲᠦᠪᠬᠢᠨᠡᠭᠦᠨ ᠲᠠᠭᠠᠯᠠᠮᠵᠢᠲᠠᠢ ᠰᠠᠨᠠᠭᠳᠠᠵᠤ᠂ ᠠᠷᠪᠠ ᠭᠠᠷᠴᠤ ᠪᠠᠶᠢᠭ᠎ᠠ ᠬᠡᠦᠬᠡᠳ ᠨᠢ | ᠭᠠᠭᠴᠠᠭᠠᠷ ᠪᠠᠶᠢᠭᠰᠠᠨ ᠴᠤ ᠤᠶᠠᠭᠠᠨ ᠳᠡᠭᠡᠷ᠎ᠡ ᠳᠤᠰᠬᠤ ᠡᠵᠡᠨ ᠲᠠᠢ᠂ ᠤᠤᠭᠤᠭᠠᠳ ᠮᠤᠷᠳᠠᠬᠤ ᠴᠠᠢ ᠲᠠᠢ᠂ ᠶᠤᠰᠤᠨ ᠤ ᠬᠠᠷᠢᠭᠤ ᠵᠦᠢ ᠲᠠᠢ᠂ ᠪᠡᠯᠡᠭ ᠤᠨ ᠬᠠᠷᠢᠭᠤ | ᠬᠠᠳᠠᠭ ᠲᠠᠢ ᠪᠠᠶᠢᠵᠤ ᠤᠳᠤᠮ ᠤᠨ ᠰᠤᠷᠭᠠᠯ ᠭᠠᠵᠢᠬᠤ ᠤᠴᠢᠷ ᠦᠬᠡᠢ᠃ | ᠪᠢᠲᠡᠭᠦᠨ ᠤᠶᠢᠷᠠᠳᠬᠤ ᠲᠤᠰᠤᠮ ᠨᠠᠰᠤᠲᠠᠶᠢᠴᠤᠳ᠄ ︽ᠦᠷᠯᠦᠭᠡ ᠡᠷᠲᠡ ᠪᠤᠰᠪᠠᠯ ᠢᠯᠡᠭᠦᠦ ᠨᠢᠭᠡ ᠶᠢ ᠬᠠᠷᠠᠵᠤ᠂ ᠦᠳᠡᠰᠢ ᠤᠷᠤᠢ ᠤᠨᠲᠠᠪᠠᠯ ᠢᠯᠡᠭᠦᠦ ᠨᠢᠭᠡ ᠶᠢ | ᠰᠤᠨᠤᠰᠤᠨ᠎ᠠ︾ ᠬᠡᠮᠡᠨ ᠬᠡᠦᠬᠡᠳ ᠢᠶᠠᠨ ᠶᠡᠷᠦ ᠶᠢᠨ ᠦᠶ᠎ᠡ ᠠᠴᠠ ᠡᠷᠲᠡ ᠪᠤᠰᠬᠠᠵᠤ ᠤᠷᠤᠢ ᠤᠨᠲᠠᠭᠤᠯᠤᠨ᠎ᠠ᠃ ᠦᠷᠯᠦᠭᠡ ᠨᠢ ᠬᠤᠷᠤᠭ᠎ᠠ ᠬᠠᠰᠢᠶ᠎ᠠ ᠴᠡᠪᠡᠷᠯᠡᠵᠤ ᠬᠤᠭ | ᠬᠦᠯᠳᠡᠭᠦᠰᠦ ᠵᠦᠭᠡᠭᠡᠬᠦ ᠳᠡᠭᠡᠨ ᠬᠡᠦᠬᠡᠳ ᠢᠶᠠᠨ ᠳᠠᠭᠠᠭᠤᠯᠵᠤ ᠱᠦᠭᠦᠷ ᠬᠦᠷᠵᠡ᠂ ᠠᠷᠤᠭ ᠰᠠᠪᠠᠷ ᠲᠤ ᠡᠪᠰᠢᠭᠦᠯᠦᠨ᠂ ᠮᠤᠷᠢ ᠪᠠᠷᠢᠵᠤ᠂ ᠦᠬᠡᠷ ᠤᠰᠤᠯᠠᠬᠤ ᠵᠠᠭᠤᠷ᠎ᠠ | ᠲᠡᠭᠷᠢ ᠶᠢᠨ ᠴᠢᠷᠠᠢ ᠰᠢᠨᠵᠢᠵᠤ᠂ ᠴᠠᠭ ᠠᠭᠠᠷ ᠤᠨ ᠪᠠᠶᠢᠳᠠᠯ᠂ ᠮᠠᠯ ᠭᠠᠷᠬᠤ ᠵᠦᠭ ᠤᠨ ᠲᠤᠬᠠᠢ ᠦᠪᠡᠷ ᠤᠨ ᠲᠤᠷᠰᠢᠯᠭ᠎ᠠ ᠪᠠᠨ ᠦᠯᠢᠭᠡᠷ ᠲᠤᠤᠯᠢ ᠰᠢᠭ᠋ ᠶᠠᠷᠢᠨ᠎ᠠ᠃ | ᠦᠳᠡᠰᠢ ᠨᠢ ᠤᠶᠤᠳᠠᠯ ᠤᠲᠠᠰᠤ᠂ ᠢᠳᠡᠭᠡᠨ ᠰᠢᠭᠦᠰᠤ ᠶᠢᠨ ᠠᠵᠢᠯ ᠦᠷᠭᠦᠯᠵᠢᠯᠡᠬᠦ ᠳᠤ ᠤᠳᠤᠮ ᠭᠠᠷᠪᠠᠯᠢ᠂ ᠤᠭ ᠨᠤᠲᠤᠭ᠂ ᠨᠠᠭᠦᠳᠡᠯ ᠪᠠᠭᠤᠳᠠᠯ ᠤᠨ ᠢᠶᠠᠨ ᠲᠤᠬᠠᠢ | ᠬᠠᠭᠤᠴᠢᠯᠠᠵᠤ᠂ ᠤᠷᠤᠨ ᠨᠤᠲᠤᠭ᠂ ᠤᠪᠤᠭ ᠤᠭᠰᠠᠭ᠎ᠠ ᠪᠠᠨ ᠮᠡᠳᠡᠳᠡᠭ ᠬᠦᠮᠦᠨ ᠪᠤᠯᠬᠤ ᠶᠢ ᠰᠠᠨᠠᠭᠤᠯᠳᠠᠭ᠃ ᠲᠡᠷᠡ ᠪᠦᠬᠦᠨ ᠤ ᠤᠬᠠᠭᠠᠨ ᠤᠯᠪᠠᠭ᠎ᠠ ᠶᠢ ᠤᠯᠬᠤ ᠠᠷᠠᠢ | ᠪᠤᠯᠤᠭ᠎ᠠ ᠦᠭᠡᠢ ᠪᠠᠯᠴᠢᠷ ᠬᠡᠦᠬᠡᠳ ᠲᠤ ᠪᠤᠯ ᠦᠯᠢᠭᠡᠷ ᠶᠠᠷᠢᠵᠤ᠂ ᠤᠨᠢᠰᠤᠭ᠎ᠠ ᠲᠠᠭᠠᠯᠭᠠᠵᠤ᠂ ᠵᠦᠢᠷ ᠰᠡᠴᠡᠨ ᠦᠭᠡ ᠴᠡᠭᠡᠵᠢᠯᠡᠭᠦᠯᠵᠦ᠂ ᠤᠢ ᠪᠢᠯᠢᠭ ᠢ ᠨᠢ ᠨᠡᠭᠡᠭᠡᠳᠡᠭ᠃ | | ᠭᠠᠯ ᠳᠠᠬᠢᠬᠤ ᠠᠴᠠ ᠡᠬᠢᠯᠡᠨ᠂ ᠪᠢᠲᠡᠭᠦᠯᠡᠬᠦ᠂ ᠰᠢᠨᠡᠯᠡᠬᠦ ᠪᠦᠬᠦ ᠶᠠᠪᠤᠴᠠ ᠳᠤ ᠬᠡᠦᠬᠡᠳ ᠢᠶᠠᠨ ᠤᠷᠤᠯᠴᠠᠭᠤᠯᠤᠨ ᠵᠤᠯᠠ ᠪᠠᠷᠢᠬᠤ᠂ ᠭᠠᠯ ᠳᠠᠬᠢᠬᠤ᠂ ᠲᠡᠭᠷᠢ ᠳᠤ | ᠮᠦᠷᠭᠦᠬᠦ᠂ ᠳᠠᠯᠠᠯᠭ᠎ᠠ ᠠᠪᠬᠤ᠂ ᠳᠡᠭᠡᠵᠢ ᠡᠷᠭᠦᠬᠦ᠂ ᠮᠦᠷ ᠭᠠᠷᠭᠠᠬᠤ᠂ ᠬᠤᠪᠴᠠᠰᠤ ᠮᠢᠯᠢᠶᠠᠬᠤ᠂ ᠮᠠᠯ ᠰᠢᠨᠡᠯᠡᠭᠦᠯᠬᠦ ᠵᠡᠷᠭᠡ ᠵᠠᠩ ᠦᠢᠯᠡ ᠶᠢ ᠦᠬᠡ ᠪᠠᠷ ᠲᠠᠶᠢᠯᠠᠵᠤ | ᠦᠢᠯᠡ ᠪᠠᠷ ᠲᠠᠨᠢᠭᠤᠯᠤᠨ᠎ᠠ᠃ ᠬᠤᠳᠠ ᠤᠰᠤ ᠪᠠ ᠤᠷᠤᠭ ᠡᠯᠢᠭᠡᠨ ᠤ ᠰᠢᠨᠡᠯᠡᠵᠤ ᠪᠢᠲᠡᠭᠦᠯᠡᠬᠦ ᠶᠠᠪᠤᠯᠴᠠᠭ᠎ᠠ ᠪᠠᠷ ᠳᠠᠮᠵᠢᠭᠤᠯᠤᠨ ᠰᠠᠳᠤᠨ ᠲᠦᠷᠦᠯ ᠢᠶᠠᠨ ᠲᠠᠨᠢᠭᠤᠯᠵᠣ᠂ | ᠮᠡᠨᠳᠦᠯᠡᠬᠦ᠂ ᠬᠦᠨᠳᠦᠯᠡᠬᠦ᠂ ᠵᠤᠯᠭᠠᠬᠤ᠂ ᠵᠤᠴᠢᠯᠠᠬᠤ᠂ ᠦᠳᠡᠬᠦ ᠶᠢᠨ ᠨᠠᠷᠢᠨ ᠶᠤᠰᠤ ᠶᠢ ᠮᠡᠳᠡᠭᠦᠯᠦᠭᠰᠡᠨ ᠪᠠᠶᠢᠳᠠᠭ᠃ ᠪᠢᠲᠡᠭᠦᠯᠡᠬᠦ ᠠᠴᠠ ᠡᠮᠦᠨ᠎ᠡ ᠡᠬᠢᠯᠡᠭᠰᠡᠨ ᠢᠶᠠᠨ | ᠳᠠᠭᠤᠰᠬᠠᠵᠤ᠂ ᠵᠡᠭᠡᠯᠡᠭᠰᠡᠨ ᠢᠶᠠᠨ ᠪᠤᠴᠠᠭᠠᠵᠤ᠂ ᠦᠩᠭᠡᠷᠡᠭᠰᠡᠨ ᠨᠢᠭᠡ ᠵᠢᠯ ᠢᠶᠠᠨ ᠡᠳ᠋ ᠤᠨ ᠦᠷᠢ ᠦᠭᠡᠢ᠂ ᠰᠡᠳᠬᠢᠯ ᠤᠨ ᠦᠷᠢ ᠦᠭᠡᠢ᠂ ᠦᠷ᠎ᠡ ᠳᠡᠭᠡᠨ ᠶᠠᠷᠢᠬᠤ | ᠤᠬᠠᠭᠠᠷᠠᠯ ᠳᠤᠷᠠᠳᠬᠠᠯ ᠤᠨ ᠦᠯᠢᠭᠡᠷ ᠲᠠᠢ ᠰᠡᠪ ᠦᠭᠡᠢ ᠰᠠᠶᠢᠬᠠᠨ ᠪᠢᠲᠡᠭᠦᠯᠡᠵᠤ ᠲᠠᠯᠪᠢᠨ᠎ᠠ᠃ ᠰᠠᠷ᠎ᠠ ᠰᠢᠨ᠎ᠡ ᠶᠢᠨ ᠴᠠᠭ ᠲᠤ ᠪᠡᠯᠭᠡ ᠦᠭᠡᠢ ᠦᠭᠡ᠂ ᠪᠤᠬᠢᠷ ᠦᠭᠡ | ᠶᠠᠷᠢᠬᠤ ᠦᠭᠡᠢ᠂ ᠬᠡᠯᠡ ᠠᠮᠠ ᠲᠠᠲᠠᠬᠤ ᠦᠭᠡᠢ᠂ ᠤᠷᠤᠭᠤ ᠴᠢᠷᠠᠶᠢᠯᠠᠬᠤ ᠶᠢ ᠴᠡᠭᠡᠷᠯᠡᠨ᠂ ᠠᠭᠤᠷ ᠤᠴᠠᠭᠠᠷ ᠢ ᠲᠡᠪᠴᠢᠵᠤ᠂ ᠲᠦᠯᠦᠪ ᠲᠦᠪᠰᠢᠨ᠂ ᠦᠭᠡᠳᠡ | ᠪᠠᠶᠠᠰᠤᠩᠭᠤᠢ᠂ ᠦᠯᠵᠡᠢ ᠪᠡᠯᠭᠡ ᠲᠠᠢ ᠪᠠᠶᠢᠬᠤ ᠶᠢ ᠤᠨᠴᠠ ᠬᠢᠴᠢᠶᠡᠳᠡᠭ᠃ ᠬᠡᠦᠬᠡᠳ ᠨᠢ ᠳᠠᠩᠳᠠ ᠯᠠ ᠨᠠᠰᠤᠲᠠᠨ ᠲᠤᠮᠤᠭᠠᠳᠠᠨ ᠤ ᠪᠠᠨ ᠬᠠᠭᠤᠴᠢᠨ ᠤᠨ ᠤ ᠠᠴᠢ | ᠪᠤᠶᠠᠨ ᠢ ᠳᠤᠷᠠᠰᠴᠤ᠂ ᠰᠢᠨ᠎ᠡ ᠵᠢᠯ ᠤᠨ ᠠᠵᠠ ᠬᠡᠶᠢᠮᠤᠷᠢ ᠶᠢ ᠵᠦᠩᠨᠡᠭᠰᠡᠨ ᠰᠠᠶᠢᠨ ᠰᠠᠶᠢᠬᠠᠨ ᠢᠷᠦᠭᠡᠯ ᠰᠤᠷᠭᠠᠯ ᠤᠨ ᠳᠤᠮᠳᠠ ᠤᠷᠮ᠎ᠠ ᠪᠠᠲᠠᠷᠠᠵᠤ ᠤᠬᠠᠭᠠᠨ ᠲᠡᠯᠡᠳᠡᠭ | ᠪᠢᠯᠡ᠃ | ᠴᠠᠭᠠᠨ ᠰᠠᠷ᠎ᠠ ᠶᠢᠨ ᠬᠤᠭᠤᠴᠠᠭᠠᠨ ᠳᠤ ᠤᠷᠤᠭ ᠰᠠᠳᠤᠨ᠂ ᠡᠯᠢᠭᠡᠨ ᠲᠦᠷᠦᠯ ᠢᠶᠠᠷ ᠢᠶᠠᠨ ᠴᠤᠭᠯᠠᠵᠤ ᠨᠠᠶᠢᠷᠯᠠᠬᠤ ᠳᠠᠭᠠᠨ ᠴᠤ ᠦᠶ᠎ᠡ ᠨᠠᠰᠤᠨ ᠤ ᠳᠠᠷᠠᠭᠠᠯᠠᠯ ᠢᠶᠠᠷ | ᠰᠠᠭᠤᠵᠠᠭᠠᠵᠤ᠂ ᠴᠠᠭᠠᠨ ᠢᠳᠡᠭᠡᠨ ᠠᠴᠠ ᠡᠬᠢᠯᠡᠨ᠂ ᠱᠦᠯᠦ ᠰᠢᠭᠦᠰᠦ ᠬᠦᠷᠲᠡᠯ᠎ᠡ ᠲᠤᠭᠲᠠᠭᠰᠠᠨ ᠵᠢᠷᠤᠮ ᠢᠶᠠᠷ ᠤᠷᠤᠭᠤᠯᠵᠤ᠂ ᠨᠠᠶᠢᠷ ᠲᠡᠭᠦᠰᠬᠦ ᠳᠤ ᠮᠦᠨ ᠴᠠᠭᠠᠨ | ᠢᠳᠡᠭᠡ ᠲᠠᠯᠪᠢᠨ ᠴᠠᠢ ᠠᠶᠠᠭᠠᠯᠠᠵᠤ᠂ ᠶᠤᠰᠤ ᠶᠢ ᠬᠦᠨᠳᠦᠯᠡᠬᠦ ᠠᠴᠠ ᠪᠢᠰᠢ ᠠᠷᠢᠬᠢ ᠦᠢᠮᠡᠭᠡᠨ ᠢ ᠴᠢᠬᠤᠯᠠᠴᠢᠯᠠᠬᠤ ᠦᠭᠡᠢ᠃ ᠤᠷᠤᠭᠯᠠᠭ᠎ᠠ ᠦᠭᠡᠢ ᠬᠡᠦᠬᠡᠳ ᠪᠤᠶᠤ | ᠰᠢᠨᠡᠬᠡᠨ ᠤᠷᠤᠭᠯᠠᠭᠠᠳ ᠠᠪᠤ ᠡᠵᠢ ᠪᠤᠯᠵᠤ ᠠᠮᠵᠢᠭ᠎ᠠ ᠦᠬᠡᠢ ᠵᠠᠯᠠᠭᠤᠰ ᠢ ᠶᠡᠷᠦ ᠠᠴᠠ ᠨᠠᠶᠢᠷ ᠤᠨ ᠰᠢᠷᠡᠭᠡᠨ ᠳᠤ ᠰᠠᠭᠤᠯᠭᠠᠳᠠᠭ ᠦᠭᠡᠢ᠂ ᠨᠠᠰᠤ ᠬᠢᠵᠢᠶᠡᠯᠢᠰᠢᠵᠦ ᠦᠷ᠎ᠡ | ᠠᠴᠢᠷ ᠲᠠᠢ ᠪᠤᠯᠤᠭᠰᠠᠨ ᠬᠦᠮᠦᠨ ᠨᠠᠰᠤᠲᠠᠶᠢᠴᠤᠳ ᠲᠠᠢ ᠪᠠᠨ ᠨᠢᠭᠡ ᠰᠢᠷᠡᠭᠡᠨ ᠳᠤ ᠰᠠᠭᠤᠬᠤ ᠳᠤᠬᠢᠶᠠᠯᠳᠤᠯ ᠪᠠᠶᠢᠳᠠᠭ ᠴᠤ ᠳᠤᠭᠤᠤᠷ ᠰᠠᠭᠤᠳᠠᠯ ᠳᠤ ᠰᠠᠭᠤᠭᠠᠳ | ᠦᠢᠯᠡᠴᠢᠯᠡᠬᠦ ᠪᠠ ᠰᠤᠷᠭᠠᠯ ᠰᠤᠨᠤᠰᠬᠤ ᠪᠠᠷ ᠭᠤᠤᠯ ᠪᠤᠯᠭᠠᠳᠠᠭ᠃ ᠵᠠᠯᠠᠭᠤ ᠪᠠᠭᠠᠴᠤᠳ ᠨᠢ ᠮᠤᠷᠢ ᠤᠨᠤᠭ᠎ᠠ ᠡᠪᠡᠰᠦᠯᠡᠬᠦ᠂ ᠮᠠᠯ ᠬᠤᠲᠠᠯᠠᠬᠤ ᠵᠡᠷᠭᠡ ᠭᠠᠳᠠᠨ᠎ᠠ ᠠᠵᠢᠯ ᠢ | ᠡᠭᠦᠷᠭᠡᠯᠡᠬᠦ ᠶᠢᠨ ᠬᠠᠮᠲᠤ ᠴᠠᠢ ᠠᠶᠠᠭᠠᠯᠠᠬᠤ᠂ ᠠᠷᠢᠬᠢ ᠪᠠᠷᠢᠬᠤ᠂ ᠰᠢᠭᠦᠰᠤ ᠳᠡᠪᠰᠢᠭᠦᠯᠬᠦ ᠵᠡᠷᠭᠡ ᠠᠵᠢᠯ ᠢ ᠬᠢᠵᠦ᠂ ᠠᠵᠢᠯ ᠤᠨ ᠳᠤᠮᠳᠠ ᠶᠤᠰᠤ ᠵᠦᠢ ᠶᠢ ᠰᠤᠷᠳᠠᠭ᠃ | ᠡᠷᠦᠬᠡ ᠶᠢᠨ ᠡᠵᠡᠨ ᠪᠤᠶᠤ ᠳᠠᠶᠢᠯᠠᠯᠭ᠎ᠠ ᠡᠷᠬᠢᠯᠡᠭᠴᠢ ᠨᠢ ᠪᠡᠯᠭᠡ ᠲᠠᠢ ᠦᠭᠡ ᠪᠠᠷ ᠨᠠᠶᠢᠷ ᠡᠬᠢᠯᠡᠭᠦᠯᠵᠦ᠂ ᠤᠯᠠᠨ ᠢᠶᠠᠷ ᠢᠶᠠᠨ ᠠᠵᠤ ᠠᠮᠢᠳᠤᠷᠠᠯ᠂ ᠦᠷ᠎ᠡ ᠬᠡᠦᠬᠡᠳ᠂ ᠮᠠᠯ | ᠰᠦᠷᠦᠭ᠂ ᠤᠰᠤ ᠪᠡᠯᠴᠢᠭᠡᠷ ᠤᠨ ᠢᠶᠠᠨ ᠲᠤᠬᠠᠢ ᠵᠤᠭᠤᠭ ᠳᠡᠯᠭᠡᠨ᠎ᠡ᠃ ᠵᠠᠷᠢᠮ ᠳᠠᠭᠠᠨ ᠳᠠᠭᠤᠤ ᠬᠤᠭᠤᠷ ᠡᠭᠦᠰᠬᠡᠵᠦ ᠨᠢᠵᠢᠭᠡᠷ ᠶᠡᠭᠡ ᠨᠠᠶᠢᠷ ᠪᠤᠯᠳᠠᠭ ᠴᠤ᠂ ᠠᠷᠢᠬᠢᠨ ᠤ | ᠳᠠᠭᠠᠭᠠᠴᠠ ᠪᠠᠨ ᠠᠳᠠᠯᠢᠳᠬᠠᠬᠤ ᠮᠡᠲᠤ ᠤᠤᠭᠤᠵᠤ᠂ ᠬᠤᠭᠤᠯᠠᠢ ᠶᠢᠨ ᠲᠡᠩᠬᠡ ᠪᠠᠨ ᠰᠢᠯᠭᠠᠬᠤ ᠮᠡᠲᠤ ᠪᠠᠷᠬᠢᠷᠠᠳᠠᠭ ᠦᠭᠡᠢ᠃ ᠨᠠᠰᠤ ᠦᠨᠳᠦᠷ᠂ ᠦᠶ᠎ᠡ ᠳᠡᠭᠡᠷ᠎ᠡ | ᠨᠢᠭᠡ ᠨᠢ ᠨᠠᠶᠢᠷ ᠤᠨ ᠳᠤᠬᠢᠶᠠᠯ ᠢ ᠠᠰᠢᠭᠯᠠᠵᠤ ᠰᠠᠳᠤᠨ ᠳᠦᠷᠦᠯ ᠳᠤᠮᠳᠠᠬᠢ ᠵᠠᠷᠢᠮ ᠠᠩᠬᠠᠷᠴᠤ ᠬᠢᠴᠢᠶᠡᠭᠦᠰᠢᠲᠡᠢ ᠵᠦᠢᠯ ᠶᠢ ᠦᠭᠡ ᠶᠢᠨ ᠵᠠᠪᠰᠠᠷ ᠲᠤ ᠤᠷᠠᠨ ᠢᠶᠠᠷ | ᠳᠤᠬᠢᠭᠠᠳ ᠠᠪᠬᠤ ᠳᠤ ᠯᠡ ᠤᠯᠠᠨ ᠤ ᠰᠡᠳᠬᠢᠯ ᠳᠤ ᠨᠠᠰᠤᠳᠠᠨ ᠤ ᠰᠤᠷᠭᠠᠯ ᠭᠢᠯᠠᠰᠴᠤ᠂ ᠪᠡᠶ᠎ᠡ ᠪᠠᠨ ᠵᠠᠰᠠᠵᠤ ᠶᠠᠪᠤᠬᠤ ᠶᠢᠨ ᠲᠤᠯᠢ ᠪᠤᠯᠳᠠᠭ᠃ ᠬᠠᠶᠠ ᠨᠢᠭᠡ ᠨᠢ | ᠰᠠᠷᠬᠤᠳ ᠲᠤ ᠬᠠᠯᠠᠰᠴᠤ ᠰᠠᠨᠠᠭ᠎ᠠ ᠬᠦᠭᠰᠡᠭᠰᠡᠨ ᠬᠠᠷᠠᠭᠳᠠᠳᠠᠭ ᠴᠤ ᠠᠬᠠᠮᠠᠳ ᠨᠢᠭᠡ ᠨᠢ ᠦᠭᠡ ᠪᠠᠷ ᠳᠤᠬᠢᠬᠤ ᠪᠤᠶᠤ ᠬᠤᠭᠤᠯᠠᠢ ᠵᠠᠰᠠᠭᠠᠳ ᠠᠪᠬᠤ ᠳᠤ ᠯᠡ | ᠪᠡᠶ᠎ᠡ ᠪᠠᠨ ᠪᠠᠷᠢᠵᠤ ᠰᠠᠭᠤᠳᠠᠯ ᠢᠶᠠᠨ ᠵᠠᠰᠠᠨ ᠲᠦᠯᠦᠪ ᠲᠦᠪᠰᠢᠨ ᠪᠠᠶᠢᠳᠠᠯ ᠳᠤ ᠤᠷᠤᠳᠠᠭ᠃ ᠨᠠᠶᠢᠷ ᠤᠨ ᠶᠠᠪᠤᠴᠠ ᠳᠤ ᠦᠰᠪᠦᠷᠢ ᠬᠡᠦᠬᠡᠳ ᠢ ᠤᠷᠤᠭᠤᠯᠵᠤ ᠨᠠᠶᠢᠷ ᠲᠤ | ᠰᠠᠭᠤᠭ᠎ᠠ ᠨᠠᠰᠤᠲᠠᠶᠢᠴᠤᠳ ᠤᠨ ᠦᠶ᠎ᠡ ᠳᠠᠭᠤᠳᠠᠯᠭ᠎ᠠ ᠶᠢ ᠲᠠᠨᠢᠭᠤᠯᠤᠨ ᠠᠷᠢᠬᠢ ᠪᠠᠷᠢᠭᠤᠯᠬᠤ ᠳᠤ ᠤᠯᠠᠨ ᠢᠶᠠᠷ ᠢᠶᠠᠨ ᠬᠡᠦᠬᠡᠳ ᠤᠨ ᠵᠢᠰᠦᠯᠢᠭ᠂ ᠰᠡᠷᠭᠦᠯᠡᠩ᠂ ᠬᠢᠷᠠᠬᠠᠢ᠂ | ᠴᠤᠪᠤᠭᠤ ᠶᠢ ᠮᠠᠭᠲᠠᠵᠤ ᠰᠠᠶᠢᠨ ᠰᠠᠶᠢᠬᠠᠨ ᠢ ᠨᠢ ᠢᠷᠦᠭᠡᠳᠡᠭ᠃ ᠨᠠᠶᠢᠷ ᠤᠨ ᠰᠢᠷᠡᠭᠡᠨ ᠳᠤ ᠨᠠᠷᠬᠢᠶᠠᠨ ᠬᠦᠭᠵᠢᠶᠠᠨ ᠲᠠᠢ ᠪᠠᠶᠢᠭᠰᠠᠨ ᠴᠤ ᠬᠡᠦᠬᠡᠳ ᠤᠷᠤᠭᠠᠳ | ᠢᠷᠡᠬᠦ ᠳᠤ ᠯᠡ ᠨᠠᠮ ᠪᠤᠯᠵᠤ᠂ ᠨᠠᠰᠤ ᠨᠠᠮᠪᠠ ᠬᠤᠶᠠᠷ ᠨᠢ ᠶᠠᠭ ᠲᠡᠩᠴᠡᠭᠰᠡᠨ ᠰᠠᠶᠢᠬᠠᠨ ᠰᠠᠶᠢᠬᠠᠨ ᠲᠤᠮᠤᠭᠠᠲᠠᠳ ᠰᠠᠭᠤᠵᠤ ᠯᠡ ᠪᠠᠶᠢᠳᠠᠭ᠃ ᠴᠤᠬᠤᠮ ᠬᠦᠮᠦᠨ ᠪᠤᠯᠵᠤ | ᠠᠮᠢᠳᠤᠷᠠᠬᠤ ᠶᠢᠨ ᠮᠡᠷᠭᠡᠨ ᠵᠠᠮᠴᠢ ᠬᠦᠮᠦᠰ ᠳ᠋ᠠ︕ ᠠᠶᠢᠯ ᠠᠮᠢᠳᠤᠷᠠᠯ ᠤᠨ ᠪᠠᠶᠢᠳᠠᠯ ᠤᠨᠳᠤᠤ᠂ ᠪᠠᠶᠠᠨ ᠶᠠᠳᠠᠭᠤ ᠶᠢᠨ ᠵᠦᠷᠢᠶ᠎ᠡ ᠪᠠᠶᠢᠳᠠᠭ ᠴᠤ ᠪᠢᠲᠡᠭᠦᠯᠡᠵᠦ | ᠰᠢᠨᠡᠯᠡᠬᠦ ᠵᠠᠩᠰᠢᠯ ᠨᠢ ᠦᠨᠳᠦᠰᠦᠨ ᠳᠡᠭᠡᠨ ᠠᠳᠠᠯᠢ ᠪᠠᠶᠢᠵᠤ ᠦᠶ᠎ᠡ ᠨᠠᠰᠤ ᠬᠤᠶᠠᠷ ᠢ ᠬᠦᠨᠳᠦᠯᠡᠵᠦ᠂ ᠬᠦᠳᠡᠯᠮᠤᠷᠢ ᠵᠢᠷᠤᠮ ᠬᠤᠶᠠᠷ ᠢ ᠳᠡᠭᠡᠳᠦᠯᠡᠵᠦ ᠪᠠᠶᠢᠳᠠᠭ᠃ ᠠᠶᠢᠯ | ᠰᠠᠭᠠᠬᠠᠯᠲᠠ ᠳᠤᠨᠢ ᠡᠪᠡᠳᠴᠢᠨ ᠬᠠᠭᠤᠴᠢᠨ ᠲᠠᠢ ᠬᠦᠮᠦᠨ ᠪᠤᠶᠤ ᠭᠤᠨᠢ ᠪᠡᠶ᠎ᠡ ᠨᠠᠰᠤᠳᠠᠨ ᠲᠠᠢ ᠪᠤᠯ ᠪᠢᠲᠡᠭᠦᠨ ᠠᠴᠠ ᠤᠷᠢᠳᠠᠭᠤᠷᠬᠠᠨ ᠭᠡᠷ ᠲᠡᠷᠬᠡ ᠶᠢ ᠨᠢ ᠬᠠᠪᠰᠤᠷᠤᠨ | ᠴᠡᠪᠡᠷᠯᠡᠵᠤ ᠠᠷᠭᠠᠯ ᠲᠦᠯᠡᠰᠢ ᠶᠢ ᠨᠢ ᠤᠶᠢᠷᠠᠲᠤᠭᠤᠯᠵᠤ᠂ ᠬᠤᠭᠰᠢᠯ ᠨᠢᠮᠭᠡᠨ ᠨᠢᠭᠡ ᠳᠤᠨᠢ ᠫᠢᠯᠠᠨ ᠤ ᠬᠤᠷᠤᠳ᠂ ᠱᠦᠯᠦᠨ ᠤ ᠮᠢᠬ᠎ᠠ ᠬᠦᠷᠭᠡᠵᠤ ᠦᠭᠳᠡᠭ᠃ ᠲᠤᠰᠬᠠᠢ | ᠮᠠᠯ ᠤᠨ ᠬᠦᠮᠦᠨ ᠲᠠᠢ ᠠᠶᠢᠯ ᠪᠤᠯ ᠪᠢᠲᠡᠭᠦᠯᠡᠵᠦ ᠰᠢᠨᠡᠯᠡᠬᠦ ᠳᠡᠭᠡᠨ ᠮᠠᠯ ᠤᠨ ᠬᠦᠮᠦᠨ ᠢᠶᠠᠨ ᠵᠤᠴᠢᠯᠠᠨ ᠬᠦᠨᠳᠦᠯᠡᠵᠦ᠂ ︽ᠰᠢᠨ᠎ᠡ︾ ᠬᠠᠭᠤᠴᠢᠷᠠᠬᠤ ᠠᠴᠠ ᠡᠮᠦᠨ᠎ᠡ ᠵᠠᠪᠠᠯ | ᠬᠤᠶᠠᠷ ᠡᠳᠦᠷ ᠠᠮᠠᠷᠠᠭᠤᠯᠵᠤ ᠭᠡᠷ ᠤᠨ ᠡᠵᠡᠨ ᠦᠪᠡᠷ ᠢᠶᠠᠨ ᠪᠤᠶᠤ ᠭᠤᠤᠯ ᠬᠦᠳᠡᠯᠮᠤᠷᠢ ᠬᠦᠴᠦᠨ ᠪᠤᠯᠬᠤ ᠨᠢᠭᠡ ᠨᠢ ᠦᠰᠴᠦ ᠪᠤᠢ ᠬᠡᠦᠬᠡᠳ ᠳᠡᠭᠦᠦᠨᠡᠷ ᠢᠶᠠᠨ | ᠳᠠᠭᠠᠭᠤᠯᠵᠤ ᠮᠠᠯ ᠳᠤ ᠶᠠᠪᠤᠨ᠎ᠠ᠃ ᠬᠡᠨ ᠨᠢᠭᠡ ᠨᠢ ᠦᠪᠡᠷ ᠤᠨ ᠪᠤᠶᠤ ᠪᠤᠰᠤᠳ ᠤᠨ ᠮᠠᠯ ᠢ ᠬᠠᠷᠢᠭᠤᠯᠳᠠᠭ ᠪᠤᠯ ᠮᠦᠨ ᠰᠢᠨ᠎ᠡ ᠬᠠᠭᠤᠴᠢᠷᠠᠬᠤ ᠠᠴᠠ ᠡᠮᠦᠨ᠎ᠡ ᠠᠬ᠎ᠠ | ᠳᠡᠬᠦᠦ ᠨᠢ ᠪᠤᠶᠤ ᠬᠡᠦᠬᠡᠳ ᠨᠢ ᠤᠷᠤᠨ ᠳᠤᠨᠢ ᠮᠠᠯ ᠳᠤ ᠶᠠᠪᠤᠵᠤ ᠬᠤᠨᠢᠴᠢᠨ ᠦᠬᠡᠷᠴᠢᠨ ᠢᠶᠠᠨ ᠠᠮᠠᠷᠠᠭᠤᠯᠤᠨ᠎ᠠ᠃ ᠬᠤᠨᠢᠴᠢᠨ ᠦᠬᠡᠷᠴᠢᠨ ᠵᠡᠷᠭᠡ ᠠᠵᠢᠯ ᠤᠨ | ᠬᠦᠮᠦᠰ ᠨᠢ ᠭᠡᠷ ᠤᠨ ᠬᠦᠮᠦᠨ ᠪᠤᠶᠤ ᠡᠵᠡᠨ ᠠᠶᠢᠯ ᠤᠨ ᠢᠶᠠᠨ ᠬᠠᠯᠠᠮᠵᠢ ᠪᠠᠷ ᠬᠡᠳᠦᠨ ᠡᠳᠦᠷ ᠬᠦᠯ ᠠᠮᠠᠷᠠᠨ ᠴᠠᠭᠠᠨ ᠰᠠᠷ᠎ᠠ ᠶᠢᠨ ᠬᠦᠷ ᠪᠠᠶᠠᠷ ᠢ ᠪᠤᠰᠤᠳ ᠲᠠᠢ | ᠠᠳᠠᠯᠢᠬᠠᠨ ᠬᠦᠷᠳᠡᠳᠡᠭ᠃ ᠬᠡᠦᠬᠡᠳ ᠳᠡᠭᠦᠦ ᠨᠡᠷ ᠢᠶᠠᠨ ᠳᠠᠭᠠᠭᠤᠯᠤᠨ ᠬᠤᠨᠢ ᠮᠠᠯ ᠬᠠᠷᠢᠭᠤᠯᠵᠦ ᠶᠠᠪᠤᠬᠤ ᠳᠠᠭᠠᠨ ᠤᠪᠤᠭ᠎ᠠ ᠪᠤᠯᠠᠭ᠂ ᠤᠰᠤ ᠪᠡᠯᠴᠢᠭᠡᠷ᠂ ᠤᠯᠠᠭ᠎ᠠ | ᠵᠠᠮ ᠢᠶᠠᠨ ᠲᠠᠨᠢᠭᠤᠯᠵᠤ᠂ ᠲᠡᠭᠷᠢ ᠶᠢᠨ ᠪᠠᠶᠢᠳᠠᠯ᠂ ᠮᠠᠯ ᠤᠨ ᠠᠷᠠᠨᠰᠢ ᠳᠤ ᠬᠦᠷᠲᠠᠯ᠎ᠠ ᠶᠠᠷᠢᠵᠤ ᠶᠠᠪᠤᠳᠠᠭ ᠲᠡᠶᠢᠮᠦ ᠬᠤᠯᠠ ᠶᠢᠨ ᠤᠬᠠᠭᠠᠨ ᠲᠠᠢ ᠵᠢᠷ ᠤᠨ ᠮᠠᠯᠴᠢᠨ | ᠮᠠᠨᠠᠶᠢᠬᠢᠨ ᠳᠤ ᠵᠦᠩᠳᠡᠭᠡᠨ ᠯᠡ ᠪᠠᠶᠢᠭᠰᠠᠨ ᠳ᠋ᠠ᠃ ᠲᠡᠶᠢᠨᠬᠦ ᠰᠠᠷ᠎ᠠ ᠰᠢᠨ᠎ᠡ ᠶᠢᠨ ᠴᠠᠭ ᠢᠶᠠᠷ ᠡᠴᠢᠭᠡ ᠪᠠᠨ ᠳᠠᠭᠠᠵᠤ ᠪᠤᠰᠤᠳ ᠤᠨ ᠤᠷᠤᠨ ᠳᠤ ᠮᠠᠯ ᠳᠤ ᠶᠠᠪᠤᠭᠰᠠᠨ | ᠬᠡᠦᠬᠡᠳ᠂ ᠡᠰᠡᠪᠡᠯ ᠡᠴᠢᠭᠡ᠂ ᠠᠬ᠎ᠠ ᠪᠠᠨ ᠤᠷᠤᠯᠠᠨ ᠬᠡᠭᠡᠷ᠎ᠡ ᠶᠢᠨ ᠵᠢᠪᠠᠷ ᠲᠤ ᠮᠠᠯ ᠲᠠᠭᠤᠭᠰᠠᠨ ᠬᠡᠦᠬᠡᠳ ᠰᠠᠶ᠋ᠢ ᠬᠦᠳᠡᠯᠮᠤᠷᠢ ᠶᠢ ᠡᠷᠬᠢᠮᠯᠡᠳᠡᠭ ᠰᠠᠶᠢᠬᠠᠨ ᠰᠤᠷᠲᠠᠯ᠂ | ᠪᠤᠰᠤᠳ ᠢ ᠬᠠᠯᠠᠮᠵᠢᠯᠠᠳᠠᠭ ᠠᠷᠢᠭᠤᠨ ᠰᠡᠳᠬᠢᠯ᠂ ᠠᠮᠢᠳᠤᠷᠠᠯ ᠢ ᠨᠠᠨᠳᠢᠩᠨᠠᠳᠠᠭ ᠮᠡᠷᠭᠡᠨ ᠤᠬᠠᠭᠠᠨ ᠲᠠᠢ ᠬᠦᠮᠦᠨ ᠪᠤᠯᠵᠤ ᠦᠰᠳᠡᠭ ᠠᠵᠠᠢ᠃ | ᠰᠢᠨ᠎ᠡ ᠶᠢᠨ ᠴᠠᠭ ᠲᠤ ︽ᠰᠢᠪᠠᠭᠠᠰᠤ ᠲᠠᠢ ᠠᠷᠭᠠᠯ ᠳᠡᠭᠡᠷ᠎ᠡ ᠴᠤ ᠪᠠᠭᠤᠵᠤ᠂ ᠱᠠᠯᠳᠠᠩ ᠬᠦᠮᠦᠨ ᠲᠠᠢ ᠴᠤ ᠵᠤᠯᠭᠠᠨ᠎ᠠ︾ ᠭᠡᠵᠦ ᠬᠡᠯᠡᠳᠡᠭ ᠪᠤᠯᠪᠠᠴᠤ ᠴᠠᠭ᠎ᠠ | ᠭᠠᠰᠢᠭᠤ ᠲᠠᠢ ᠠᠶᠢᠯ ᠳᠤ ᠬᠦᠷᠴᠦ ᠪᠢᠲᠡᠭᠦᠯᠡᠵᠦ ᠰᠢᠨᠡᠯᠡᠳᠡᠭ ᠦᠭᠡᠢ᠂ ᠬᠠᠷᠢᠨ ᠨᠠᠰᠤ ᠲᠤᠮᠤᠭ᠎ᠠ ᠲᠠᠢ ᠬᠦᠮᠦᠰ ᠨᠢ ᠪᠢᠲᠡᠭᠦᠨ ᠠᠴᠠ ᠤᠷᠢᠳᠠᠭᠤᠷᠬᠠᠨ ᠪᠤᠶᠤ ᠰᠢᠨ᠎ᠡ ᠶᠢᠨ | ᠨᠢᠭᠡᠨ ᠬᠤᠶᠠᠷ ᠠᠴᠠ ᠬᠤᠶᠢᠰᠢ ᠴᠭᠠ ᠭᠠᠰᠢᠭᠤ ᠲᠠᠢ ᠠᠶᠢᠯ ᠳᠤ ᠬᠦᠷᠴᠤ ᠪᠤᠯᠭᠤᠭᠠᠨ ᠲᠤᠬᠢᠨᠠᠭᠤᠯᠳᠠᠭ᠃ ᠬᠡᠴᠢᠨᠡᠨ ᠪᠠᠶᠠᠷ ᠭᠦᠷ ᠲᠠᠢ ᠪᠠᠶᠢᠭᠰᠠᠨ ᠴᠤ ᠴᠠᠭ᠎ᠠ ᠲᠠᠢ | ᠰᠢᠨᠡᠯᠡᠬᠦ ᠬᠦᠮᠦᠨ ᠤ ᠳᠡᠷᠭᠡᠳᠡ ᠳᠦᠯᠬᠡᠨ ᠳᠠᠷᠤᠤ ᠪᠠᠶᠢᠵᠤ᠂ ᠪᠤᠰᠤᠳ ᠤᠨ ᠤᠢ ᠭᠠᠰᠢᠭᠤ ᠶᠢ ᠬᠦᠨᠳᠡᠵᠦ ᠰᠡᠳᠬᠢᠯ ᠢ ᠨᠢ ᠡᠮᠵᠢᠭᠯᠡᠭᠦᠯᠬᠦ ᠠᠴᠠ ᠪᠤᠯᠭᠤᠮᠵᠢᠯᠠᠳᠠᠭ᠃ | ᠬᠡᠦᠬᠡᠳ ᠪᠠᠭᠠᠴᠤᠤᠯ ᠳᠠᠭᠠᠨ ᠴᠠᠭ᠎ᠠ ᠴᠡᠭᠡᠷ ᠤᠨ ᠤᠴᠢᠷ ᠢ ᠲᠠᠨᠢᠭᠤᠯᠵᠤ᠂ ᠮᠡᠳᠡᠭᠡ ᠦᠭᠡᠢ ᠪᠠᠷ ᠪᠤᠰᠤᠳ ᠲᠤ ᠶᠤᠰᠤ ᠠᠯᠳᠠᠬᠤ ᠠᠴᠠ ᠰᠡᠷᠭᠡᠶᠢᠯᠡᠳᠡᠭ᠃ ᠴᠠᠭ᠎ᠠ | ᠴᠡᠭᠡᠷ ᠲᠠᠢ ᠠᠶᠢᠯ ᠤᠨ ᠬᠦᠮᠦᠰ ᠨᠢ ᠪᠤᠷᠬᠠᠨ ᠲᠡᠭᠷᠢ ᠪᠠ ᠲᠠᠯᠠᠶᠢᠭᠠᠴᠢ ᠳᠠᠭᠠᠨ ᠬᠦᠵᠢ ᠵᠤᠯᠠ ᠪᠠᠷᠢᠵᠤ᠂ ᠢᠳᠡᠭᠡᠨ ᠤ ᠳᠡᠭᠡᠵᠢ ᠡᠷᠭᠦᠳᠡᠭ ᠴᠤ ᠪᠤᠰᠤᠳ ᠤᠨ ᠠᠮᠤᠷ ᠢ | ᠡᠷᠢᠨ ᠵᠤᠯᠭᠠᠬᠤ ᠦᠭᠡᠢ᠂ ᠨᠠᠶᠢᠷ ᠬᠦᠭᠵᠢᠶᠡᠨ ᠳᠤ ᠤᠷᠤᠯᠴᠠᠬᠤ ᠦᠭᠡᠢ ᠪᠠᠶᠢᠵᠤ ᠶᠤᠰᠤ ᠴᠡᠭᠡᠷ ᠢᠶᠠᠨ ᠴᠢᠩᠭ᠎ᠠ ᠰᠠᠬᠢᠳᠠᠭ᠃ | ᠴᠠᠭᠠᠨ ᠰᠠᠷ᠎ᠠ ᠶᠢᠨ ᠬᠤᠭᠤᠴᠠᠭᠠᠨ ᠳᠤ ᠶᠠᠳᠠᠷ ᠳᠤᠷᠤᠢ ᠮᠠᠯ ᠪᠠ ᠲᠦᠯ ᠰᠠᠶᠢᠲᠠᠢ ᠡᠴᠢᠬᠡ ᠡᠬᠡ ᠮᠠᠯ ᠢ ᠶᠡᠷᠦ ᠶᠢᠨ ᠴᠠᠭ ᠠᠴᠠ ᠢᠯᠡᠭᠦᠦ ᠬᠠᠷᠠᠭᠠᠯᠵᠠᠵᠤ᠂ | ᠲᠠᠷᠬᠠᠯᠠᠭᠰᠠᠨ᠂ ᠰᠡᠲᠡᠷᠯᠡᠭᠰᠡᠨ ᠮᠠᠯ ᠢ ᠬᠦᠮᠦᠨ ᠤ ᠦᠪᠡᠷ ᠤᠨ ᠢᠯᠭᠠᠯ ᠦᠭᠡᠢ ᠬᠠᠮᠢᠭ᠎ᠠ ᠪᠤᠯᠪᠠᠴᠤ ᠮᠠᠭᠲᠠᠵᠤ ᠢᠷᠦᠭᠡᠵᠦ ᠯᠡ ᠪᠠᠶᠢᠳᠠᠭ᠃ ᠤᠯᠠᠩᠬᠢ ᠠᠶᠢᠯ ᠴᠠᠭᠠᠨ | ᠰᠠᠷ᠎ᠠ ᠶᠢᠨ ᠠᠷᠪᠠᠨ ᠲᠠᠪᠤᠨ ᠳᠤ ᠪᠤᠶᠤ ᠠᠷᠪᠠᠨ ᠲᠠᠪᠤᠨ ᠤ ᠡᠮᠦᠨ᠎ᠡ ᠬᠤᠶᠢᠨᠠᠬᠢ ᠡᠳᠦᠷ ᠠᠴᠠ ᠰᠤᠩᠭᠤᠵᠤ ᠮᠠᠯ ᠢᠶᠠᠨ ᠰᠢᠨᠡᠯᠡᠭᠦᠯᠦᠨ᠎ᠡ᠃ ᠮᠠᠯ ᠰᠢᠨᠡᠯᠡᠭᠦᠯᠬᠦ ᠡᠳᠦᠷ ᠪᠤᠯ | ᠬᠡᠦᠬᠡᠳ ᠪᠠᠭᠠᠴᠤᠤᠯ ᠤᠨ ᠪᠠᠶᠠᠷ ᠲᠠᠢ ᠪᠦᠭᠡᠳ ᠬᠦᠷᠲᠡᠭᠡᠯ ᠲᠠᠢ ᠨᠢᠭᠡᠨ ᠡᠳᠦᠷ ᠪᠤᠯᠤᠨ᠎ᠠ᠃ ᠲᠡᠳᠡ ᠠᠬᠠᠮᠠᠳ ᠢᠶᠠᠨ ᠳᠠᠭᠠᠵᠤ ᠮᠤᠷᠢᠨ ᠤᠶᠠᠭ᠎ᠠ᠂ ᠬᠤᠳᠳᠤᠭ ᠤᠰᠤ᠂ | ᠬᠠᠰᠢᠶ᠎ᠠ ᠰᠠᠷᠠᠪᠴᠢ ᠵᠡᠷᠭᠡ ᠮᠠᠯ ᠤᠨ ᠠᠮᠢᠳᠤᠷᠠᠯ ᠤᠨ ᠤᠷᠴᠢᠨ ᠢ ᠴᠡᠪᠡᠷᠯᠡᠬᠦ ᠠᠵᠢᠯ ᠳᠤ ᠬᠠᠮᠵᠢᠯᠴᠠᠨ᠎ᠠ᠃ ᠠᠳᠤᠭᠤᠨ ᠲᠠᠮᠠᠭ᠎ᠠ᠂ ᠲᠦᠯ ᠤᠨ ᠤᠭᠤᠲᠠ ᠵᠡᠷᠭᠡ | ᠮᠠᠯᠵᠢᠯ ᠤᠨ ᠴᠢᠬᠤᠯᠠ ᠬᠡᠷᠡᠭᠰᠡᠯ ᠢ ᠪᠡᠯᠭᠡᠰᠢᠶᠡᠨ ᠮᠢᠯᠢᠶᠠᠬᠤ᠂ ᠬᠤᠳᠳᠤᠭ ᠤᠰᠤᠨ ᠳᠡᠭᠡᠷ᠎ᠡ ᠬᠡᠰᠢᠭ ᠬᠤᠷᠦ᠋ᠢᠯᠠᠬᠤ ᠵᠢᠴᠢ ᠮᠠᠯ ᠤᠨ ᠴᠤᠪᠤᠭ᠎ᠠ ᠪᠠ ᠬᠤᠷᠤᠭ᠎ᠠ | ᠬᠡᠪᠲᠡᠷᠢ ᠶᠢᠨ ᠡᠭᠦᠳᠡᠨ ᠳᠤ ᠠᠬᠢ ᠭᠠᠩᠭ᠎ᠠ ᠠᠷᠴᠠ ᠦᠨᠦᠷᠲᠡᠨ ᠢ ᠡᠭᠦᠰᠬᠡᠨ ᠰᠦᠷᠦᠭ ᠢᠶᠠᠨ ᠠᠷᠢᠭᠤᠯᠠᠬᠤ ᠶᠢ ᠬᠠᠷᠠᠵᠤ ᠡᠴᠢᠨ᠎ᠡ ᠭᠦᠨ ᠤᠴᠢᠷ ᠤᠳᠬ᠎ᠠ ᠶᠢ ᠨᠢ | ᠭᠠᠶᠢᠬᠠᠨ ᠠᠰᠠᠭᠤᠵᠠᠭᠠᠨᠠ᠃ ᠪᠡᠯᠴᠢᠭᠡᠷ ᠲᠤ ᠭᠠᠷᠤᠭ᠎ᠠ ᠦᠭᠡᠢ ᠲᠡᠵᠢᠭᠡᠪᠦᠷᠢ ᠪᠠ ᠡᠷᠲᠡ ᠶᠢᠨ ᠲᠦᠯ ᠢ ᠡᠩ ᠤᠨ ᠡᠳᠦᠷ ᠠᠴᠠ ᠢᠯᠡᠭᠦᠦ ᠬᠠᠷᠠᠭᠠᠯᠵᠠᠬᠤ ᠡᠭᠦᠷᠭᠡ | ᠬᠦᠯᠢᠶᠡᠵᠦ ᠬᠤᠷᠠᠭ᠎ᠠ ᠤᠭᠵᠢᠵᠦ᠂ ᠲᠡᠵᠢᠭᠡᠪᠦᠷᠢ ᠤᠰᠤᠯᠠᠨ᠎ᠠ᠃ ᠨᠠᠰᠤᠲᠠᠨ ᠲᠤᠮᠤᠭᠠᠳᠠᠨ ᠨᠢ ᠰᠦᠷᠦᠭ ᠤᠨ ᠲᠦᠷᠦᠭᠦᠦ ᠪᠠ ᠭᠠᠪᠢᠶᠠᠲᠤ ᠮᠠᠯ ᠢᠶᠠᠨ ᠮᠢᠯᠢᠶᠡᠨ ᠮᠠᠯ | ᠰᠦᠷᠦᠭ ᠤᠨ ᠢᠶᠠᠨ ᠦᠨᠢᠷ ᠦᠰᠴᠤ ᠠᠶᠢᠯ ᠠᠮᠢᠳᠤᠷᠠᠯ ᠤᠨ ᠢᠶᠠᠨ ᠦᠭᠡᠳᠡ ᠬᠡᠶᠢᠮᠤᠷᠢ ᠲᠠᠢ ᠪᠠᠶᠢᠬᠤ ᠶᠢ ᠢᠷᠦᠬᠡᠨ ᠵᠦᠩᠨᠠᠵᠡᠭᠡᠬᠦ ᠳᠤ ᠪᠠᠯᠴᠢᠷ ᠪᠠᠭᠠᠴᠤᠤᠯ ᠨᠢ | ︽ᠰᠢᠨ᠎ᠡ ᠶᠢᠨ ᠨᠢᠭᠡᠨ ᠰᠢᠷᠡᠭᠡᠨ ᠳᠡᠭᠡᠷ᠎ᠡ᠂ ᠱᠢᠷᠦᠮᠡᠨ ᠱᠠᠬᠤᠤ ᠴᠤᠭ ᠳᠡᠭᠡᠷ᠎ᠡ᠂ ᠬᠤᠷᠤᠢ ᠬᠤᠷᠤᠢ ᠬᠤᠳᠳᠤᠭ ᠳᠡᠭᠡᠷ᠎ᠡ᠂ ᠬᠤᠷᠠᠭᠠᠨ ᠮᠠᠯᠠᠭᠠᠢ ᠲᠤᠬᠤᠨ ᠳᠡᠭᠡᠷ᠎ᠡ︾ ᠭᠡᠵᠤ | ᠠᠮᠠᠨ ᠨᠠᠶᠢᠷᠠᠭ ᠤᠩᠰᠢᠨ ᠬᠦᠭᠡᠷᠦᠯᠳᠡᠵᠦ᠂ ᠬᠦᠳᠡᠯᠮᠤᠷᠢ ᠶᠢᠨ ᠳᠤᠮᠳᠠ ᠠᠴᠠ ᠬᠦᠳᠡᠯᠮᠤᠷᠢ ᠶᠢ᠂ ᠠᠮᠢᠳᠤᠷᠠᠯ ᠤᠨ ᠳᠤᠮᠳᠠ ᠠᠴᠠ ᠠᠮᠢᠳᠤᠷᠠᠯ ᠢ ᠰᠤᠷᠤᠨ᠎ᠠ᠃ ᠡᠶᠢᠨᠬᠦ ᠠᠮᠢ | ᠠᠮᠢᠳᠤᠷᠠᠯ ᠤᠨ ᠢᠷᠡᠯᠲᠡ ᠪᠤᠯᠤᠭᠰᠠᠨ ᠮᠠᠯ ᠰᠦᠷᠦᠭ ᠲᠡᠭᠡᠨ ᠡᠭᠡᠯᠢᠲᠡᠢ᠂ ᠮᠠᠯᠴᠢᠨ ᠠᠮᠢᠳᠤᠷᠠᠯ ᠳᠠᠭᠠᠨ ᠬᠠᠶᠢᠷᠠᠲᠠᠢ᠂ ᠮᠠᠯᠵᠢᠯ ᠤᠨ ᠰᠤᠶᠤᠯ ᠤᠨ ᠢᠶᠠᠨ ᠨᠠᠷᠢᠨ | ᠠᠭᠤᠯᠭ᠎ᠠ ᠶᠢ ᠮᠡᠳᠡᠳᠡᠭ ᠦᠩᠰᠢᠭ ᠰᠠᠶᠢᠬᠠᠨ ᠰᠡᠳᠬᠢᠯ ᠲᠠᠢ ᠰᠢᠨ᠎ᠡ ᠦᠶ᠎ᠡ ᠶᠢᠨ ᠮᠤᠩᠭᠤᠯ ᠬᠦᠮᠦᠨ ᠭᠤᠯᠤᠮᠲᠠ ᠵᠠᠯᠭᠠᠨ ᠦᠰᠦᠨ᠎ᠡ᠃ | ᠮᠤᠩᠭᠤᠯᠴᠤᠳ ᠰᠢᠨᠡᠬᠡᠨ ᠠᠶᠢᠯ ᠪᠤᠯᠤᠭᠰᠠᠨ ᠪᠤᠶᠤ ᠰᠠᠶ᠋ᠢᠬᠠᠨ ᠭᠠᠯ ᠭᠤᠯᠤᠮᠲᠠ ᠰᠠᠯᠭᠠᠭᠰᠠᠨ ᠵᠠᠯᠠᠭᠤᠰ ᠤᠨ ᠢᠶᠠᠨ ᠠᠮᠢᠳᠤᠷᠠᠯ ᠤᠨ ᠤᠬᠠᠭᠠᠨ ᠳᠡᠮ ᠢ | ᠰᠢᠯᠭᠠᠬᠤ ᠳᠠᠭᠠᠨ ︽ᠵᠢᠯ ᠰᠠᠷ᠎ᠠ︾ ᠪᠠᠨ ᠶᠠᠭᠠᠬᠢᠵᠦ ᠦᠩᠭᠡᠷᠡᠬᠡᠬᠦ ᠶᠢ ᠨᠢ ᠬᠠᠷᠠᠭᠠᠳ ᠮᠡᠳᠡᠴᠢᠬᠡᠳᠡᠭ᠃ ᠰᠤᠷᠭᠠᠯ ᠲᠠᠢ ᠠᠶᠢᠯ ᠤᠨ ᠤᠬᠠᠭᠠᠯᠢᠭ ᠵᠠᠯᠠᠭᠤᠰ ᠪᠤᠯ ᠰᠢᠨᠡᠬᠡᠨ | ᠠᠶᠢᠯ ᠪᠤᠯᠤᠭᠰᠠᠨ ᠠᠩᠬᠠᠳᠠᠭᠴᠢ ᠴᠠᠭᠠᠨ ᠰᠠᠷ᠎ᠠ ᠳᠠᠭᠠᠨ ᠠᠪᠤ ᠡᠵᠢ ᠪᠠᠨ ᠦᠯᠢᠭᠡᠷᠯᠡᠨ ᠮᠦᠷᠳᠡᠵᠦ᠂ ᠭᠠᠯ ᠳᠠᠬᠢᠬᠤ᠂ ᠪᠢᠳᠡᠭᠦᠯᠡᠭᠦ᠂ ᠰᠢᠨᠡᠯᠡᠬᠦ ᠪᠦᠬᠦ ᠶᠠᠪᠤᠴᠠ ᠳᠤ | ᠶᠠᠭ ᠯᠠ ᠬᠠᠭᠤᠴᠢᠨ ᠠᠶᠢᠯ ᠰᠢᠭ᠋ ᠡᠶ᠎ᠡ ᠨᠠᠶᠢᠷ᠂ ᠡᠮᠬᠢ ᠳᠦᠷᠢᠮ᠂ ᠶᠤᠰᠤ ᠵᠦᠢ ᠲᠠᠢ ᠪᠠᠶᠢᠵᠤ᠂ ︽ᠰᠢᠪᠠᠭᠤᠨ ᠤ ᠪᠠᠭ᠎ᠠ ᠨᠢ ᠵᠢᠷᠬᠢᠳᠡᠭ ᠪᠢᠯᠡ︾ ᠭᠡᠳ ᠬᠠᠭᠤᠴᠢᠨ | ᠠᠶᠢᠯ ᠠᠴᠠ ᠤᠷᠢᠳᠠᠵᠤ ᠳᠦᠪᠬᠢᠨᠡᠭᠡᠳ ᠪᠤᠰᠤᠳ ᠠᠴᠠ ᠲᠡᠷᠢᠭᠦᠯᠡᠵᠦ ᠶᠤᠰᠤ ᠵᠦᠢ ᠪᠠᠨ ᠬᠦᠢᠴᠡᠬᠡᠬᠦ ᠶᠢ ᠬᠢᠴᠢᠶᠡᠵᠦ ᠪᠠᠶᠢᠳᠠᠭ᠃ ᠰᠢᠨᠡᠯᠡᠬᠦ ᠶᠢᠨ ᠡᠮᠦᠨ᠎ᠡ ᠬᠤᠶᠢᠨᠠᠬᠢ | ᠰᠠᠷ᠎ᠠ ᠭᠠᠷᠤᠢ ᠶᠢᠨ ᠬᠤᠭᠤᠴᠠᠭᠠᠨ ᠳᠤ ᠠᠪᠤ ᠡᠵᠢ᠂ ᠠᠪᠠᠭ᠎ᠠ ᠨᠠᠭᠠᠴᠤ᠂ ᠠᠶᠢᠯ ᠰᠠᠭᠠᠬᠠᠯᠲᠠ ᠪᠦᠬᠦᠨ ᠳᠡᠭᠡᠨ ᠳᠡᠭᠡᠲᠤ ᠠᠴᠠ ᠤᠳᠤᠮᠯᠠᠭᠰᠠᠨ ᠶᠤᠰᠤ ᠶᠢ ᠳᠠᠷᠠᠭᠠᠯᠠᠨ | ᠭᠦᠢᠴᠡᠳᠬᠡᠵᠦ᠂ ︽ᠡᠨᠡ ᠨᠤᠲᠤᠭ ᠲᠤ ᠡᠨᠡ ᠤᠳᠤᠮ ᠤᠨ ᠨᠢᠭᠡᠨ ᠠᠶᠢᠯ ᠨᠡᠮᠡᠭᠳᠡᠭᠰᠡᠨ ᠰᠢᠦ︾ ᠭᠡᠳᠡᠭ ᠢ ᠴᠢᠨᠢ ᠠᠭᠠᠰᠢ ᠠᠵᠢᠯ ᠬᠤᠶᠠᠷ ᠢᠶᠠᠷ ᠢᠶᠠᠨ ᠨᠡᠶᠢᠬᠡᠮ | ᠨᠡᠶᠢᠲᠡ ᠳᠤ ᠬᠡᠯᠡᠭᠡᠳ ᠦᠭᠭᠦᠴᠢᠬᠡᠨᠡ᠃ ᠪᠠᠯᠴᠢᠷ ᠪᠠᠭ᠎ᠠ ᠬᠡᠦᠬᠡᠳ ᠴᠤ ᠰᠢᠨᠡᠯᠡᠭᠡᠳ ᠯᠡ ᠦᠩᠭᠡᠷᠡᠬᠦ ᠳᠤ ᠨᠠᠰᠤ ᠨᠡᠮᠡᠵᠤ᠂ ᠪᠡᠶ᠎ᠡ ᠦᠰᠴᠦ᠂ ᠲᠤᠮᠤᠭ᠎ᠠ ᠰᠠᠭᠤᠵᠤ᠂ | ᠤᠬᠠᠭ᠎ᠠ ᠤᠷᠤᠭᠰᠠᠨ ᠨᠢ ᠪᠡᠶ᠎ᠡ ᠳᠤᠨᠢ ᠮᠡᠳᠡᠭᠳᠡᠬᠦ ᠰᠢᠭ ᠪᠤᠯᠵᠤ᠂ ᠨᠠᠰᠤ ᠳᠠᠭᠠᠵᠤ ᠢᠷᠡᠬᠦ ᠠᠶᠢᠯ ᠠᠮᠢᠳᠤᠷᠠᠯ ᠤᠨ ᠡᠭᠦᠷᠬᠡ ᠬᠠᠷᠢᠭᠤᠴᠠᠯᠭ᠎ᠠ ᠶᠢ ᠬᠡᠨ ᠢᠶᠠᠷ ᠴᠤ | ᠠᠯᠪᠠᠲᠠᠭᠤᠯᠤᠯ ᠦᠬᠡᠢ ᠪᠠᠷ ᠬᠦᠯᠢᠶᠡᠭᠡᠳ ᠠᠪᠴᠢᠬᠠᠭᠰᠠᠨ ᠪᠠᠶᠢᠳᠠᠭ᠃ ᠢᠩᠬᠢᠭᠡᠳ ᠯᠡ ᠵᠢᠯ ᠵᠢᠯ ᠤᠨ ︽ᠰᠠᠷ᠎ᠠ ᠰᠢᠨ᠎ᠡ︾ ᠪᠠᠷ ᠤᠬᠠᠭ᠎ᠠ ᠨᠡᠮᠡᠭᠦᠯᠵᠦ ᠦᠰᠦᠭᠰᠡᠨ | ᠴᠡᠴᠡᠨ ᠮᠤᠩᠭᠤᠯ ᠤᠨ ᠬᠦᠪᠡᠭᠦᠳ ᠦᠬᠢᠳ ᠮᠢᠨᠢ ᠠᠪᠤ ᠡᠵᠢ ᠶᠢᠨ ᠢᠶᠠᠨ ᠭᠠᠯ ᠭᠤᠯᠤᠮᠲᠠ ᠶᠢ ᠤᠯᠠᠰᠢᠷᠠᠭᠤᠯᠤᠨ ᠳᠠᠬᠢᠵᠤ ᠰᠢᠨ᠎ᠡ ᠠᠴᠠ ᠰᠢᠨ᠎ᠡ ᠶᠢ ᠳᠠᠮᠵᠢᠭᠰᠠᠭᠠᠷ | ᠦᠨᠦᠳᠦᠷ ᠤᠨ ᠨᠠᠷᠠ ᠶᠢ ᠤᠭᠳᠤᠭᠰᠠᠨ ᠪᠢᠯᠡ᠃ | ᠮᠤᠩᠭᠤᠯᠴᠤᠳ ᠤᠨ ᠴᠠᠭᠠᠨ ᠰᠠᠷ᠎ᠠ ᠭᠡᠳᠡᠭ ᠶᠡᠷᠦ ᠠᠴᠠ ᠨᠠᠷᠬᠢᠵᠦ ᠨᠠᠭᠠᠳᠬᠤ ᠶᠢᠨ ᠰᠢᠯᠲᠠᠭ ᠳᠡᠳᠦᠢ ᠶᠠᠭᠤᠮ᠎ᠠ ᠪᠠᠶᠢᠭ᠎ᠠ ᠦᠭᠡᠢ᠂ ᠬᠠᠷᠢᠨ ᠠᠮᠢᠳᠤᠷᠠᠯ ᠤᠨ | ᠬᠠᠮᠤᠭ ᠤᠨ ᠰᠠᠶᠢᠬᠠᠨ᠂ ᠰᠤᠶᠤᠯ ᠰᠤᠷᠲᠠᠬᠤᠨ ᠤ ᠬᠠᠮᠤᠭ ᠤᠨ ᠡᠷᠬᠢᠮ ᠢ ᠲᠦᠪᠯᠡᠷᠡᠭᠦᠯᠦᠨ ᠢᠯᠡᠷᠬᠡᠶᠢᠯᠡᠵᠦ᠂ ᠲᠡᠷᠡᠬᠦ ᠬᠠᠮᠤᠭ ᠠᠴᠠ ᠡᠷᠬᠢᠮ ᠰᠠᠶᠢᠬᠠᠨ ᠤ ᠳᠤᠮᠳᠠ | ᠬᠡᠦᠬᠡᠳ ᠢᠶᠠᠨ ᠬᠦᠮᠦᠵᠢᠭᠦᠯᠵᠦ᠂ ᠬᠠᠮᠤᠭ ᠠᠴᠠ ᠡᠷᠬᠢᠮ ᠰᠠᠶᠢᠬᠠᠨ ᠢ ᠬᠡᠦᠬᠡᠳ ᠲᠡᠭᠡᠨ ᠤᠳᠤᠮᠰᠢᠭᠤᠯᠤᠨ ᠦᠭᠬᠦ ᠶᠤᠰᠤᠯᠠᠯ ᠪᠠᠶᠠᠷ ᠪᠠᠶᠢᠭᠰᠠᠨ ᠶᠤᠮ᠃ ᠴᠠᠭ | ᠨᠡᠶᠢᠭᠡᠮ ᠤᠨ ᠬᠤᠪᠢᠷᠠᠯ ᠭᠦᠭᠵᠢᠯ ᠢ ᠲᠠᠭᠠᠨ ᠪᠢᠳᠡᠨ ᠤ ᠪᠤᠳᠠᠰ ᠤᠨ ᠠᠮᠢᠳᠤᠷᠠᠯ ᠪᠠᠶᠠᠯᠢᠭᠵᠢᠭᠰᠠᠨ ᠴᠤ ᠤᠳᠤᠮᠳᠤ ᠰᠤᠶᠤᠯ ᠤᠨ ᠮᠢᠨᠢ ᠨᠠᠨᠳᠢᠨ ᠵᠦᠢᠯᠡᠰ ᠪᠠᠯᠠᠷᠠᠨ | ᠪᠦᠳᠡᠬᠢᠷᠡᠵᠦ ᠪᠠᠶᠢᠭ᠎ᠠ ᠨᠢ ᠳᠠᠩᠴᠤ ᠬᠠᠷᠠᠮᠰᠠᠯ ᠲᠠᠢ᠃ ᠵᠢᠯ ᠴᠠᠭᠠᠨ ᠰᠠᠷ᠎ᠠ ᠶᠢᠨ ᠬᠤᠭᠤᠴᠠᠭ᠎ᠠ ᠶᠢ ᠬᠤᠶᠢᠴᠢ ᠦᠶ᠎ᠡ ᠪᠠᠨ ᠬᠦᠮᠦᠵᠢᠭᠦᠯᠬᠦ ᠬᠠᠮᠤᠭ ᠰᠠᠶᠢᠨ ᠳᠤᠬᠢᠶᠠᠯ | ᠭᠡᠵᠦ ᠤᠶᠢᠯᠠᠭᠠᠨ ᠬᠡᠦᠬᠡᠳ ᠢᠶᠠᠨ ᠳᠠᠭᠠᠭᠤᠯᠵᠤ ᠤᠳᠤᠮᠰᠢᠯᠲᠤ ᠵᠠᠩ ᠦᠢᠯᠡ ᠶᠢᠨ ᠦᠢᠯᠡᠳᠦᠯᠭᠡ ᠳᠤᠮᠳᠠ ᠬᠦᠮᠦᠵᠢᠬᠦᠯᠬᠦ ᠬᠦᠮᠦᠨ ᠴᠦᠭᠡᠷᠡᠵᠦ᠂ ᠦᠪᠡᠷ ᠢᠶᠠᠨ ᠴᠤ | ᠶᠤᠰᠤ ᠵᠠᠩᠰᠢᠯ ᠢᠶᠠᠨ ᠮᠡᠳᠡᠬᠦ ᠦᠭᠡᠢ ᠠᠪᠤ ᠡᠵᠢ ᠤᠯᠠᠰᠢᠷᠠᠵᠠᠢ᠃ ᠵᠤᠯᠠ ᠶᠢᠨ ᠭᠤᠤᠯ ᠤᠷᠢᠶᠠᠬᠤ᠂ ᠭᠠᠯ ᠤᠨ ᠡᠪᠴᠢᠭᠦᠦ ᠴᠢᠮᠡᠬᠦ᠂ ᠴᠠᠰᠤᠨ ᠢᠨᠳᠡᠷ ᠲᠤ ᠮᠦᠷᠭᠦᠬᠦ᠂ | ᠶᠢᠰᠦᠨ ᠬᠦᠰᠡᠯ ᠢᠶᠠᠨ ᠵᠦᠩᠨᠡᠬᠦ ᠁ ᠲᠡᠷᠡ ᠤᠯᠠᠨ ᠵᠢᠷ ᠤᠨ ᠠᠵᠢᠯ ᠶᠡᠷᠦ ᠶᠢᠨ ᠵᠠᠩᠰᠢᠯ ᠤᠳ ᠬᠡᠳᠦ᠋ᠢᠪᠡᠷ ᠢᠨᠲ᠋ᠧᠷᠨᠧᠲ᠂ ᠪᠢᠴᠢᠭ ᠬᠡᠪᠯᠡᠯ ᠳᠤ ᠳᠤᠷᠠᠶᠢᠵᠤ | ᠪᠠᠶᠢᠭ᠎ᠠ ᠪᠤᠯᠪᠠᠴᠤ ᠶᠠᠰᠤ ᠴᠢᠰᠤ ᠪᠠᠷ ᠲᠠᠮᠵᠢᠨ ᠤᠳᠤᠮᠰᠢᠬᠤ ᠨᠢᠭᠡᠨ ᠬᠡᠯᠪᠡᠷᠢ ᠨᠢ ᠡᠪᠳᠡᠭᠳᠡᠭᠰᠡᠨ ᠪᠤᠯᠬᠤᠷ ᠳᠡᠭᠡᠳᠦᠰ ᠤᠨ ᠮᠢᠨᠢ ᠶᠤᠰᠤ ᠵᠠᠩᠰᠢᠯ ᠤᠨ ᠵᠡᠮᠳᠡᠭ ᠲᠠᠮᠲᠤᠭ | ᠦᠭᠡᠳᠡᠰᠦ ᠨᠦᠭᠦᠳ ᠮᠠᠨ ᠤ ᠠᠮᠢᠳᠤᠷᠠᠯ ᠳᠤ ᠰᠤᠶᠤᠯ ᠬᠡᠮᠡᠨ ᠨᠡᠷᠡᠯᠡᠭᠳᠡᠬᠦ ᠪᠤᠯᠵᠠᠢ᠃ ᠠᠯᠳᠠᠬᠤ ᠶᠢᠨ ᠢᠶᠠᠨ ᠦᠶ᠎ᠡ ᠳᠤ ᠯᠡ ᠰᠠᠶ᠋ᠢ ᠨᠠᠨᠳᠢᠩᠨᠠᠬᠤ ᠪᠠᠨ ᠰᠠᠨᠠᠵᠤ | ᠤᠯᠳᠠᠭ ᠨᠢ ᠬᠦᠮᠦᠨ ᠪᠢᠳᠡᠨ ᠤ ᠲᠡᠨᠡᠭ ᠠᠷᠠᠨᠰᠢ ᠴᠤ ᠪᠤᠯᠪᠠᠦ︖ ᠶᠠᠭᠤ ᠴᠤ ᠪᠤᠯᠲᠤᠭᠠᠢ᠂ ᠦᠨᠦᠳᠦᠷ ᠤᠨ ᠪᠢᠳᠡ ᠪᠤᠯ ᠦᠨᠳᠦᠰᠦᠨ ᠰᠤᠶᠤᠯ ᠤᠨ ᠢᠶᠠᠨ ᠰᠡᠮᠡᠷᠡᠨ | ᠭᠡᠭᠡᠭᠳᠡᠬᠦ ᠶᠢ ᠨᠢᠳᠤ ᠪᠠᠷ ᠢᠶᠠᠨ ᠬᠠᠷᠠᠵᠤ ᠪᠠᠶᠢᠭ᠎ᠠ ᠬᠦᠮᠦᠨ᠂ ᠳᠡᠭᠡᠳᠦᠰ ᠤᠨ ᠢᠶᠠᠨ ᠶᠤᠰᠤ ᠵᠠᠩᠰᠢᠯ ᠢ ᠲᠠᠰᠤᠭ ᠪᠤᠰᠤᠭ ᠴᠤ ᠪᠤᠯᠤᠭ ᠤᠶᠢᠯᠠᠭᠠᠬᠤ ᠬᠦᠮᠦᠨ᠂ ᠰᠢᠨ᠎ᠡ | ᠴᠠᠭ ᠤᠨ ᠰᠤᠶᠤᠯ ᠤᠨ ᠵᠢᠭᠤᠴᠢᠯᠠᠭᠤᠷ ᠪᠦᠬᠦᠨ ᠢ ᠠᠰᠢᠭᠯᠠᠵᠤ ᠴᠢᠳᠠᠬᠤ ᠬᠦᠮᠦᠨ᠂ ᠦᠪᠡᠷ ᠤᠨ ᠢᠶᠠᠨ ᠰᠤᠶᠤᠯ ᠳᠤ ᠲᠤᠯᠭᠠᠷᠠᠵᠤ ᠪᠠᠶᠢᠭ᠎ᠠ ᠠᠰᠠᠭᠤᠳᠠᠯ ᠢ ᠬᠠᠮᠤᠭ | ᠲᠤᠳᠤᠷᠬᠠᠢ ᠮᠡᠳᠡᠳᠡᠭ ᠬᠦᠮᠦᠨ᠃ ᠪᠢᠳᠡ ᠯᠡ ᠳᠡᠭᠡᠳᠦᠰ ᠢᠶᠠᠨ ᠳᠠᠭᠤᠷᠢᠶᠠᠵᠤ᠂ ᠦᠷᠡᠰ ᠢᠶᠠᠨ ᠳᠠᠭᠤᠷᠢᠶᠠᠯᠭᠠᠵᠤ ᠴᠢᠳᠠᠳᠠᠭ ᠪᠤᠯ ᠮᠠᠨ ᠤ ᠶᠤᠰᠤ ᠵᠠᠩᠰᠢᠯ ᠮᠢᠩᠭ᠎ᠠ | ᠮᠢᠩᠭᠠᠨ ︽ᠰᠠᠷ᠎ᠠ ᠰᠢᠨ᠎ᠡ︾ ᠶᠢ ᠳᠠᠮᠵᠢᠨ ᠠᠷᠢᠭᠤᠨ ᠢᠶᠠᠷ ᠦᠪᠰᠢᠬᠦ ᠪᠤᠯᠤᠨ᠎ᠠ᠃ | ᠰᠢᠷ᠎ᠠ ᠨᠤᠬᠠᠢ ᠵᠢᠯ ᠤᠨ ᠴᠠᠭᠠᠨ ᠰᠠᠷ᠎ᠠ ᠶᠢ ᠤᠭᠳᠤᠵᠤ᠂ ᠭᠠᠵᠠᠷ ᠮᠦᠩᠬᠡᠯᠡᠭᠰᠡᠨ ᠭᠠᠯ ᠭᠤᠯᠤᠮᠲᠠ ᠳᠠᠭᠠᠨ ᠮᠦᠷᠭᠦᠮᠦ︕ ᠲᠡᠭᠷᠢ ᠳᠠᠬᠢᠭᠰᠠᠨ ᠢᠨᠳᠡᠷ | ᠵᠤᠯᠠ ᠳᠠᠭᠠᠨ ᠮᠦᠷᠭᠦᠮᠦ︕ ᠴᠠᠭᠠᠨ ᠰᠠᠷ᠎ᠠ ᠶᠢ ᠭᠡᠷ ᠤᠨ ᠬᠦᠮᠦᠵᠢᠯ ᠤᠨ ᠤᠨᠴᠠᠭᠠᠢ ᠬᠤᠭᠤᠴᠠᠭ᠎ᠠ ᠪᠤᠯᠭᠠᠵᠤ᠂ ᠵᠠᠩ ᠦᠢᠯᠡ ᠶᠢ ᠬᠢᠴᠢᠶᠡᠯ ᠳᠠᠳᠤᠯᠭ᠎ᠠ ᠶᠢᠨ ᠤᠨᠴᠠᠭᠠᠢ | ᠲᠠᠯᠠᠪᠤᠷ ᠪᠤᠯᠭᠠᠵᠤ᠂ ᠠᠶᠢᠯ ᠢᠶᠠᠷ ᠤᠳᠤᠮᠯᠠᠬᠤ ᠶᠢ ᠭᠡᠭᠡᠷᠡᠭᠦᠯᠦᠨ ᠰᠤᠷᠭᠠᠬᠤ ᠶᠢᠨ ᠤᠨᠴᠠᠭᠠᠢ ᠬᠡᠯᠪᠡᠷᠢ ᠪᠤᠯᠭᠠᠭᠰᠠᠨ ᠪᠤᠭᠤᠷᠤᠯ ᠳᠡᠭᠡᠳᠦᠰ ᠤᠨ ᠭᠠᠶᠢᠬᠠᠮᠰᠢᠭᠲᠤ | ᠤᠬᠠᠭᠠᠨ ᠳᠤ ᠰᠢᠳᠦᠨ ᠮᠦᠷᠭᠦᠮᠦ︕ ᠮᠢᠩᠭ᠎ᠠ ᠮᠢᠩᠭᠠᠨ ︽ᠴᠠᠭᠠᠨ ᠰᠠᠷ᠎ᠠ︾ ᠮᠤᠩᠭᠤᠯ ᠰᠤᠶᠤᠯ ᠤᠨ ᠭᠠᠯ ᠪᠠᠮᠪᠠᠷ ᠢ ᠳᠠᠮᠵᠢᠭᠤᠯᠬᠤ ᠦᠷᠲᠡᠭᠡ ᠪᠤᠯᠵᠤ ᠲᠡᠦᠬᠡ ᠶᠢᠨ | ᠤᠷᠲᠤ ᠳᠤ ᠳᠠᠰᠤᠷᠠᠭᠠᠨ ᠦᠭᠡᠢ ᠦᠷᠭᠦᠯᠵᠢᠯᠡᠬᠦ ᠪᠤᠯᠲᠤᠭᠠᠢ︕ |