ᠠᠳᠤᠭᠤᠨ ᠤ ᠬᠤᠮᠤᠯ ᠢᠶᠠᠷ ᠨᠢᠷᠤᠭᠤᠨ ᠤ ᠡᠪᠡᠳᠴᠢᠨ ᠪᠦᠷᠢᠨ ᠡᠳᠡᠭᠡᠷᠡᠭᠰᠡᠨ ᠲᠡᠦᠬᠡ
ᠨᠡᠶᠢᠲᠡᠯᠡᠭᠰᠡᠨ ᠴᠠᠭ᠄
2019/3/28
     ᠠᠳᠤᠭᠤᠨ ᠤ ᠬᠤᠮᠤᠯ ᠢᠶᠠᠷ ᠨᠢᠷᠤᠭᠤᠨ ᠤ ᠡᠪᠡᠳᠴᠢᠨ ᠪᠦᠷᠢᠨ ᠡᠳᠡᠭᠡᠷᠡᠭᠰᠡᠨ ᠲᠡᠦᠬᠡ ᠭᠦᠮᠤᠨ ᠤᠭᠳᠤ ᠡᠪᠡᠳᠴᠢᠨ ᠳᠤᠰᠬᠤ ᠦᠭᠡᠢ ᠠᠮᠢᠳᠤᠷᠠᠨ᠎ᠡ ᠭᠡᠵᠤ ᠪᠠᠶᠢᠬᠤ ᠦᠭᠡᠢ᠂ ᠡᠪᠡᠳᠴᠤ ᠯᠠ ᠳᠠᠭᠠᠷᠠᠨ᠎ᠡ᠃ ᠳᠡᠭᠡᠪᠡᠯ ᠡᠷᠳᠡᠨ ᠠᠴᠠ ᠤᠯᠠᠮᠵᠢᠯᠠᠭᠳᠠᠵᠤ ᠢᠷᠡᠭᠰᠡᠨ ᠨᠤᠳᠤᠭ ᠤᠨ ᠠᠷᠭ᠎ᠠ ᠨᠤᠭᠤᠳ ᠴᠤ ᠵᠠᠷᠢᠮ ᠡᠪᠡᠳᠴᠢᠨ ᠳᠤ ᠮᠠᠰᠢ ᠳᠤᠰᠠᠳᠠᠢ ᠪᠠᠶᠢᠳᠠᠭ᠃ ᠡᠶᠢᠨᠭᠦ ᠮᠡᠳᠡᠷᠡᠯ ᠤᠨ ᠢᠵᠠᠭᠤᠷ ᠤᠨ ᠥᠷᠪᠢᠰᠦᠯ ᠠᠴᠠ ᠪᠣᠯᠵᠤ ᠤᠭᠤᠴᠠ ᠨᠢᠷᠤᠭᠤ ᠪᠠᠷ ᠢᠶᠠᠨ ᠡᠪᠡᠳᠴᠤ᠂ ᠪᠤᠰᠴᠤ ᠰᠠᠭᠤᠵᠤ ᠴᠢᠳᠠᠬᠤ ᠦᠭᠡᠢ ᠪᠤᠯᠤᠭᠰᠠᠨ ᠨᠢᠭᠡᠨ ᠡᠪᠡᠳᠴᠢᠳᠠᠨ ᠠᠳᠤᠭᠤᠨ ᠤ ᠬᠤᠮᠤᠤᠯ ᠢᠶᠠᠷ ᠨᠢᠷᠤᠭᠤᠨ ᠤ ᠡᠪᠡᠳᠴᠢᠨ ᠢᠶᠠᠨ ᠡᠳᠡᠭᠡᠭᠡᠭᠰᠡᠨ ᠢ ᠳᠤᠯᠢᠳᠠᠭᠤᠯᠵᠤ ᠪᠠᠶᠢᠨ᠎ᠡ᠃ ᠳᠤᠬᠠᠢ ᠶᠢᠨ ᠦᠶᠡᠰ ᠳᠡᠭᠦᠨ ᠳᠤ ᠨᠢᠭᠡ ᠬᠦᠮᠦᠨ ᠵᠤᠳᠤᠤ ︵ᠨᠡᠷᠡᠰᠤᠨ ᠤ ᠢᠵᠠᠭᠤᠷ ᠤᠨ ᠮᠦᠩᠭᠡ ᠨᠤᠭᠤᠭᠠᠨ ᠰᠢᠯᠮᠤᠤᠰᠤᠳᠤ ᠮᠤᠳᠤ︶ ᠶᠢᠨ ᠮᠥᠴᠢᠷ ᠲᠠᠢ ᠤᠰᠤᠨ ᠳᠤ ᠣᠷᠣᠬᠤ ᠶᠢ ᠵᠥᠪᠯᠡᠵᠡᠢ᠃ ᠲᠡᠷᠡ ᠬᠦᠮᠦᠨ ᠥᠪᠡᠷ ᠢᠶᠠᠨ ᠡᠨᠡ ᠠᠷᠭ᠎ᠠ ᠶᠢ ᠬᠡᠷᠡᠭᠯᠡᠭᠰᠡᠨ ᠠᠴᠠ ᠬᠤᠶᠢᠰᠢ ᠠᠵᠢᠯ ᠳᠠᠭᠠᠨ ᠣᠷᠣᠵᠤ᠂ ᠲᠡᠳᠬᠦᠪᠦᠷᠢ ᠳᠤ ᠭᠠᠷᠲᠠᠯ᠎ᠠ ᠤᠭᠤᠴᠠ ᠨᠢᠷᠤᠭᠤ ᠪᠠᠷ ᠨᠢ ᠳᠠᠬᠢᠵᠤ ᠡᠪᠡᠳᠦᠭᠡ ᠦᠭᠡᠢ ᠭᠡᠰᠡᠨ ᠶᠤᠮ᠃ ᠭᠡᠲᠡᠯ᠎ᠡ ᠡᠨᠡ ᠠᠷᠭ᠎ᠠ ᠨᠢ ᠳᠡᠭᠦᠨ ᠳᠤ ᠲᠤᠰᠠ ᠪᠣᠯᠤᠭ᠎ᠠ ᠦᠭᠡᠢ᠃ ᠬᠠᠷᠢᠨ ᠠᠳᠤᠭᠤᠨ ᠤ ᠰᠢᠨ᠎ᠡ ᠨᠦᠢᠲᠠᠨ ᠬᠤᠮᠤᠤᠯ ᠲᠡᠭᠦᠵᠦ ᠬᠠᠯᠠᠭᠤᠨ ᠪᠦᠯᠢᠶᠡᠨ ᠤᠰᠤᠨ ᠳᠤ ᠬᠢᠵᠤ ᠬᠠᠯᠠᠭᠠᠭᠠᠳ ᠬᠤᠶᠠᠷ ᠳᠠᠪᠬᠤᠷ ᠰᠠᠮᠪᠠᠢ ᠪᠠᠷ ᠵᠢᠭᠢᠷᠢᠭᠯᠡᠨ ᠨᠢᠷᠤᠭᠤᠨ ᠳᠡᠭᠡᠷ᠎ᠡ ᠪᠠᠨ ᠲᠠᠯᠪᠢᠵᠤ᠂ ᠳᠡᠭᠡᠷ᠎ᠡ ᠠᠴᠠ ᠨᠢ ᠭᠢᠯᠠᠭᠠᠷ ᠤᠭᠤᠲᠠ ᠬᠥᠪᠥᠩ ᠲᠠᠢ ᠬᠥᠨᠵᠢᠯᠡ ᠡᠰᠡᠭᠦᠯ᠎ᠡ ᠵᠤᠵᠠᠭᠠᠨ ᠬᠤᠪᠴᠠᠰᠤ ᠨᠥᠮᠦᠷᠴᠤ ᠳᠤᠯᠠᠭᠠᠯᠠᠨ ᠡᠬᠢᠨ ᠤ ᠡᠳᠦᠷ 10 ᠮᠢᠨᠦ᠋ᠲ᠂ ᠳᠠᠷᠠᠭ᠎ᠠ ᠶᠢᠨ ᠡᠳᠦᠷ 15 ᠮᠢᠨᠦ᠋ᠲ ᠭᠡᠬᠦ ᠮᠡᠲᠦᠴᠢᠯᠠᠨ 5 ᠮᠢᠨᠦ᠋ᠲ ᠢᠶᠠᠷ ᠬᠤᠭᠤᠴᠠᠭ᠎ᠠ ᠪᠠᠨ ᠤᠷᠲᠤᠰᠬᠠᠵᠤ ᠳᠠᠯᠪᠢᠭᠰᠠᠨ ᠪᠠᠶᠢᠨ᠎ᠡ᠃ ᠤᠨᠴᠠᠯᠠᠬᠤ ᠨᠢ ᠡᠮᠴᠢᠯᠡᠭᠡ ᠬᠢᠭᠦ ᠠᠴᠠ ᠪᠠᠨ ᠡᠮᠤᠨ᠎ᠡ ᠤᠰᠤᠨ ᠳᠤ ᠣᠷᠣᠵᠤ ᠪᠡᠶ᠎ᠡ ᠪᠠᠨ ᠬᠠᠯᠠᠭᠤᠨ ᠪᠤᠯᠭᠠᠬᠤ ᠭᠡᠷᠡᠭᠳᠡᠢ᠃ ︽ᠮᠢᠩᠭ᠎ᠠ ᠰᠣᠨᠣᠰᠬᠤ ᠪᠠᠷ ᠨᠢᠭᠡ ᠤᠳᠠᠭ᠎ᠠ ᠦᠵᠡᠭᠰᠡᠨ ᠳᠡᠭᠡᠷ᠎ᠡ︾ ᠭᠡᠳᠡᠭᠴᠢᠯᠡᠨ ᠳᠡᠷᠡᠪᠡᠷ ᠡᠶᠢᠨᠭᠦ ᠳᠤᠷᠰᠢᠵᠤ ᠦᠵᠡᠭᠰᠡᠨ ᠢᠶᠠᠷ ᠡᠬᠢᠨ ᠤ ᠪᠠᠨ ᠡᠮᠴᠢᠯᠡᠭᠡ ᠶᠢᠨ ᠬᠤᠭᠤᠴᠠᠭᠠᠨ ᠳᠤ ᠪᠤᠰᠤᠳ ᠤᠨ ᠲᠤᠰᠠᠯᠠᠮᠵᠢ ᠦᠭᠡᠢ ᠬᠥᠯ ᠳᠡᠭᠡᠷ᠎ᠡ ᠪᠠᠨ ᠪᠣᠰᠤᠭᠰᠠᠨ ᠪᠠᠶᠢᠨ᠎ᠡ᠃ ᠬᠤᠶᠠᠳᠡᠬᠢ ᠤᠳᠠᠭ᠎ᠠ ᠪᠠᠨ ᠲᠠᠶᠠᠭ ᠢᠶᠠᠨ ᠬᠠᠶᠠᠵᠤ ᠴᠢᠯᠦᠭᠡᠲᠡᠢ ᠲᠣᠩᠭᠤᠶᠢᠵᠤ ᠰᠠᠭᠤᠵᠤ ᠴᠢᠳᠠᠳᠠᠭ ᠪᠤᠯᠤᠭᠰᠠᠨ ᠪᠤᠯ ᠭᠤᠷᠪᠠᠳᠡᠬᠢ ᠤᠳᠠᠭ᠎ᠠ ᠠᠴᠠ ᠥᠨᠥ ᠶᠢ ᠬᠦᠷᠲᠡᠯ᠎ᠡ ᠤᠭᠤᠴᠠ ᠨᠢᠷᠤᠭᠤ ᠨᠢ ᠡᠪᠡᠳᠬᠦ ᠦᠭᠡᠢ ᠪᠤᠯᠤᠭᠰᠠᠨ ᠭᠡᠨ᠎ᠡ᠃
 
ᠢᠷᠡᠯᠲᠡ᠄ ᠮᠤᠩᠭᠤᠯ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号