ᠮᠠᠨ ᠯᠢᠶᠠᠩ ᠭᠡᠰᠢᠬᠦᠨ᠄ ᠬᠦᠯᠦᠨ ᠪᠤᠶᠢᠷ ᠬᠤᠳᠠ ᠳᠤ ᠮᠤᠩᠭᠤᠯ ᠲᠧᠯᠸᠢᠰ ᠰᠤᠪᠠᠭ ᠲᠤᠲᠠᠵᠤ ᠪᠠᠶᠢᠨ᠎ᠠ
ᠨᠡᠶᠢᠲᠡᠯᠡᠭᠰᠡᠨ ᠴᠠᠭ᠄
2019/3/7
     ᠤᠯᠤᠰ ᠲᠦᠷᠦ ᠶᠢᠨ ᠵᠦᠪᠯᠡᠯᠭᠡᠨ ᠤ ᠬᠦᠯᠦᠨ ᠪᠦᠢᠷ ᠬᠤᠲᠠ ᠶᠢᠨ ᠲᠦᠷᠪᠡᠳᠦᠭᠡᠷ ᠬᠤᠭᠤᠴᠠᠭᠠᠨ ᠤ ᠬᠤᠷᠢᠶᠠᠨ ᠤ ᠬᠤᠶᠠᠳᠤᠭᠠᠷ ᠬᠤᠷᠠᠯ ᠬᠤᠷᠠᠯᠳᠤᠬᠤ ᠲᠠᠰᠢᠷᠠᠮ ᠢᠶᠠᠷ ᠰᠢᠨ᠎ᠡ ᠪᠠᠷᠭᠤ ᠪᠠᠷᠠᠭᠤᠨ ᠬᠤᠰᠢᠭᠤ ᠠᠴᠠ ᠢᠷᠡᠭᠰᠡᠨ ᠤᠯᠤᠰ ᠲᠦᠷᠦ ᠶᠢᠨ ᠵᠦᠪᠯᠡᠯᠭᠡᠨ ᠤ ᠭᠡᠰᠢᠬᠦᠨ ᠮᠠᠨ ᠯᠢᠶᠠᠩ ᠠᠴᠠ ᠰᠤᠷᠪᠤᠯᠵᠢᠯᠠᠭ᠎ᠠ ᠠᠪᠤᠭᠰᠠᠨ ᠶᠤᠮ᠃      ᠮᠠᠨ ᠯᠢᠶᠠᠩ ᠪᠤᠯ ᠰᠢᠨ᠎ᠡ ᠪᠠᠷᠭᠤ ᠪᠠᠷᠠᠭᠤᠨ ᠬᠤᠰᠢᠭᠤᠨ ᠤ ᠬᠡᠶᠢᠴᠢᠨ ᠠᠶᠠᠯᠠᠯ ᠵᠤᠭᠠᠴᠠᠯ ᠰᠤᠶᠤᠯ ᠤᠷᠠᠯᠢᠭ ᠤᠨ ᠺᠤᠮᠫᠠᠨᠢ ᠶᠢᠨ ᠲᠠᠭᠠᠭᠠᠮᠠᠯ᠂ ᠲᠡᠷᠡ ᠡᠨᠡ ᠤᠳᠠᠭ᠎ᠠ ᠬᠦᠯᠦᠨ ᠪᠤᠶᠢᠷ ᠬᠤᠳᠠ ᠳᠤ ᠮᠤᠩᠭᠤᠯ ᠲᠧᠯᠸᠢᠰ ᠰᠤᠪᠠᠭ ᠪᠠᠶᠢᠭᠤᠯᠬᠤ ᠲᠤᠬᠠᠢ ᠰᠠᠨᠠᠯ ᠲᠤᠷᠠᠳᠤᠯᠭ᠎ᠠ ᠲᠤᠷᠠᠳᠤᠭᠰᠠᠨ ᠪᠠᠶᠢᠨ᠎ᠠ᠃
     ︽ᠤᠯᠠᠨ ᠵᠢᠯ ᠤᠨ ᠲᠤᠷᠰᠢ ᠬᠦᠯᠦᠨ ᠪᠤᠶᠢᠷ ᠬᠤᠳᠠ ᠳᠤ ᠮᠤᠩᠭᠤᠯ ᠲᠧᠯᠸᠢᠰ ᠰᠤᠪᠠᠭ ᠪᠠᠶᠢᠬᠤ ᠦᠭᠡᠢ᠂ ᠬᠤᠷᠠᠯ ᠴᠤᠭᠯᠠᠭᠠᠨ ᠬᠢᠬᠦ ᠪᠤᠶᠤ ᠪᠢᠴᠢᠭ ᠮᠠᠲ᠋ᠧᠷᠢᠶᠠᠯ ᠲᠠᠮᠵᠢᠭᠤᠯᠬᠤ ᠳᠠᠭᠠᠨ ᠪᠦᠷ ᠬᠢᠳᠠᠳ ᠬᠡᠯᠡ ᠪᠠᠷ ᠶᠠᠪᠤᠭᠳᠠᠳᠠᠭ᠂ ᠵᠠᠷᠢᠮ ᠬᠦᠨ ᠤᠳᠬ᠎ᠠ ᠲᠠᠢ ᠪᠤᠶᠤ ᠰᠢᠨ᠎ᠡ ᠨᠡᠷ᠎ᠡ ᠦᠭᠡᠰ ᠤᠨ ᠬᠢᠳᠠᠳ ᠬᠡᠯᠡᠨ ᠤ ᠤᠳᠬ᠎ᠠ ᠶᠢ ᠤᠯᠠᠩᠬᠢ ᠮᠠᠯᠴᠢᠳ ᠤᠢᠢᠯᠠᠭᠠᠬᠤ ᠳᠤ ᠬᠦᠴᠢᠷᠳᠡᠳᠡᠭ ᠠᠴᠠ ᠨᠠᠮ ᠤᠨ ᠲᠦᠷᠦ ᠶᠢᠨ ᠪᠤᠳᠤᠯᠭ᠎ᠠ᠂ ᠮᠡᠳᠡᠭᠡ ᠵᠠᠩᠬᠢ ᠮᠠᠯᠴᠢᠳ ᠤᠨ ᠴᠢᠬᠢᠨ ᠳᠤ ᠬᠦᠷᠴᠤ ᠲᠡᠶᠢᠯᠬᠦ ᠦᠭᠡᠢ ᠪᠤᠶᠤ ᠲᠠᠮᠵᠢᠭᠤᠯᠬᠤ ᠬᠦᠴᠦᠯᠡᠴᠨ ᠨᠢ ᠰᠤᠯᠠᠷᠠᠳᠠᠭ᠃ ᠡᠶᠢᠮᠦ ᠠᠴᠠ ᠮᠠᠯᠴᠢᠳ ᠲᠤ ᠡᠭᠡ ᠬᠡᠯᠡ ᠪᠠᠷ ᠨᠢ ᠤᠬᠠᠭᠤᠯᠭ᠎ᠠ ᠰᠤᠷᠳᠠᠯᠴᠢᠯᠠᠭ᠎ᠠ ᠬᠢᠪᠡᠯ ᠨᠠᠩ ᠰᠠᠶᠢᠨ ᠦᠷ᠎ᠡ ᠪᠦᠳᠦᠮᠵᠢ ᠤᠯᠵᠦ ᠲᠡᠶᠢᠯᠦᠨ᠎ᠡ ᠭᠡᠵᠦ ᠦᠵᠡᠵᠦ ᠪᠤᠢ᠃ ᠡᠬᠡ ᠬᠡᠯᠡ ᠪᠤᠯ ᠨᠢᠭᠡᠨ ᠦᠨᠳᠦᠰᠦᠳᠡᠨ ᠤ ᠰᠤᠶᠤᠯ ᠤᠨ ᠴᠢᠬᠤᠯᠠ ᠠᠴᠢᠶᠠᠯᠠᠪᠤᠷᠢ᠂ ᠦᠨᠳᠦᠰᠦᠳᠡᠨ ᠤ ᠰᠤᠶᠤᠯ ᠨᠢ ᠡᠬᠡ ᠭᠡᠯᠡ ᠪᠠᠷ ᠢᠶᠠᠨ ᠲᠠᠮᠵᠢᠭᠳᠠᠪᠠᠯ ᠰᠠᠶ᠋ᠢ ᠨᠡᠩ ᠵᠦᠪ ᠤᠨᠤᠪᠴᠢᠳᠠᠢ᠂ ᠤᠭ ᠦᠨᠦᠷ ᠠᠮᠳᠠ ᠪᠠᠨ ᠬᠠᠳᠠᠭᠠᠯᠠᠵᠦ ᠴᠢᠳᠠᠳᠠᠭ︾ ᠬᠡᠯ᠎ᠡ᠃ ᠲᠤᠰ ᠤᠳᠠᠭᠠᠨ ᠤ ᠬᠤᠷᠠᠯ ᠳᠤ ᠤᠯᠤᠰ ᠲᠦᠷᠦ ᠶᠢᠨ ᠵᠦᠪᠯᠡᠯᠭᠡᠡ ᠤ ᠭᠡᠰᠢᠬᠦᠨ ᠮᠠᠨ ᠯᠢᠶᠠᠩ ᠠᠴᠠ ᠬᠦᠯᠦᠨ ᠪᠤᠶᠢᠷ ᠬᠤᠳᠠ ᠳᠤ ᠮᠤᠩᠭᠤᠯ ᠲᠧᠯᠸᠢᠰ ᠰᠤᠪᠠᠭ ᠡᠬᠦᠰᠭᠡᠨ ᠪᠠᠶᠢᠭᠤᠯᠬᠤ ᠲᠤᠬᠠᠢ ᠪᠤᠰᠤᠳ ᠭᠡᠳᠦᠨ ᠭᠡᠰᠢᠬᠦᠨ ᠲᠠᠢ ᠨᠡᠷ᠎ᠡ ᠬᠤᠯᠪᠤᠨ ᠰᠠᠨᠠᠯ ᠲᠤᠷᠠᠳᠤᠯᠭ᠎ᠠ ᠲᠡᠪᠰᠢᠬᠦᠯᠪᠠ᠃       ᠬᠦᠯᠦᠨ ᠪᠤᠶᠢᠷ ᠤᠨ ᠲᠠᠯ᠎ᠠ ᠨᠤᠳᠤᠭ ᠪᠤᠯ ᠮᠤᠩᠭᠤᠯ ᠦᠨᠳᠦᠰᠦᠳᠡᠨ ᠤ ᠡᠭᠦᠰᠴᠤ ᠮᠠᠨᠳᠤᠭᠰᠠᠨ ᠭᠠᠵᠠᠷ ᠤᠷᠤᠨ ᠪᠤᠯᠤᠨ᠎ᠠ᠂ ᠠᠳᠡ 20 ᠭᠠᠷᠤᠢ ᠲᠦᠮᠡᠡ ᠮᠤᠩᠭᠤᠯᠴᠤᠳ ᠠᠵᠤ ᠲᠦᠷᠦᠨ ᠠᠮᠢᠳᠤᠷᠠᠵᠦ᠂ ᠪᠠᠷᠭᠤ᠂ ᠪᠤᠷᠢᠶᠠᠳ ᠮᠤᠩᠭᠤᠯ ᠶᠠᠰᠤᠲᠠᠨ ᠤ ᠰᠤᠳᠤᠨ ᠰᠢᠯᠢᠳᠡᠭ ᠦᠪ ᠰᠤᠶᠤᠯ ᠲᠠᠢ᠂ ᠮᠤᠩᠭᠤᠯ ᠰᠤᠶᠤᠯ ᠤᠷᠠᠯᠢᠭ ᠤᠨ ᠰᠢᠮᠡᠳᠦ ᠬᠦᠷᠦᠰᠦ᠂ ᠪᠠᠶᠠᠨ ᠬᠦᠮᠦᠷᠭᠡ ᠪᠢᠯᠡ᠃ ᠮᠦᠨ ᠴᠤ ᠮᠠᠯ ᠠᠵᠤ ᠠᠬᠤᠢ ᠨᠢ ᠬᠦᠯᠦᠨ ᠪᠤᠶᠢᠷ ᠤᠨ ᠭᠤᠤᠯᠯᠠᠬᠤ ᠤᠢᠢᠯᠡᠳᠪᠦᠷᠢᠯᠡᠯ ᠤᠨ ᠠᠷᠭ᠎ᠠ ᠬᠡᠯᠪᠡᠷᠢ ᠶᠢᠨ ᠨᠢᠭᠡ ᠪᠤᠯᠤᠭᠰᠠᠨ ᠤ ᠬᠤᠪᠢ ᠳᠤ ᠮᠤᠩᠭᠤᠯ ᠲᠧᠯᠸᠢᠰ ᠰᠤᠪᠠᠭ ᠪᠠᠶᠢᠭᠤᠯᠬᠤ ᠨᠢ ᠮᠠᠯᠴᠢᠳ ᠤᠨ ᠠᠮᠢᠳᠤᠷᠠᠯ ᠠᠬᠤᠢ ᠲᠠᠢ ᠨᠢᠬᠳᠠ ᠤᠶᠠᠯᠳᠤᠭᠰᠠᠨ ᠮᠡᠳᠡᠭᠡ ᠵᠠᠩᠬᠢ ᠶᠢ ᠴᠠᠬ ᠲᠤᠬᠠᠢ ᠳᠤᠨᠢ ᠬᠠᠨᠭ᠍ᠭᠠᠵᠦ᠂ ᠮᠤᠩᠭᠤᠯ ᠲᠧᠯᠸᠢᠰ ᠰᠤᠪᠠᠭ ᠢᠶᠠᠷ ᠲᠠᠮᠵᠢᠭᠤᠯᠵᠦ ᠮᠠᠯᠵᠢᠬᠤ ᠤᠷᠤᠨ ᠤ ᠬᠦᠭᠵᠢᠯᠳᠡ ᠬᠤᠪᠢᠷᠠᠯᠳᠠ ᠶᠢ ᠲᠤᠰᠬᠠᠵᠦ᠂ ᠮᠠᠯᠴᠢᠳ ᠤᠨ ᠠᠮᠢᠳᠤᠷᠠᠯ ᠢ ᠨᠡᠩ ᠰᠠᠶᠢᠨ ᠬᠠᠯᠠᠮᠵᠢᠯᠠᠨ ᠠᠩᠬᠠᠷᠤᠭᠤᠯᠬᠤ ᠳᠤ ᠲᠤᠰᠠ  ᠲᠠᠢ᠃       ᠮᠤᠩᠭᠤᠯ ᠭᠡᠯᠡ ᠲᠡᠷᠡᠴᠢᠯᠡᠨ ᠴᠦᠭᠡᠨ ᠲᠤᠭᠠᠳᠦ ᠦᠨᠳᠦᠰᠦᠳᠡᠨ ᠤ ᠦᠭᠡ ᠬᠡᠯᠡ ᠨᠢ ᠬᠤᠳᠠᠴᠢᠯᠠᠯᠳᠠ ᠪᠠ ᠤᠳᠤᠭᠢᠴᠢᠯᠠᠯᠳᠠ ᠶᠢᠨ ᠶᠡᠭᠡ ᠲᠠᠪᠠᠯᠭᠠᠨ ᠳᠤ ᠲᠠᠭᠠᠷᠢᠭᠳᠠᠵᠦ ᠪᠠᠶᠢᠭ᠎ᠠ ᠶᠡᠭᠡ ᠤᠷᠴᠢᠨ ᠳᠤ ᠬᠦᠯᠦᠨ ᠪᠤᠶᠢᠷ ᠬᠤᠳᠠ ᠳᠤ ᠮᠤᠩᠭᠤᠯ ᠲᠧᠯᠸᠢᠰ ᠰᠤᠪᠠᠭ ᠪᠠᠶᠢᠭᠤᠯᠬᠤ ᠨᠢ ᠮᠦᠨ ᠴᠦ ᠦᠨᠳᠦᠰᠦᠳᠡᠨ ᠤ ᠰᠤᠶᠤᠯ ᠢᠶᠠᠨ ᠤᠯᠠᠮᠵᠢᠯᠠᠨ ᠬᠦᠭᠵᠢᠬᠦᠯᠵᠦ᠂ ᠤᠬᠠᠭᠤᠯᠤᠨ ᠰᠤᠷᠳᠠᠯᠴᠢᠯᠠᠬᠤ ᠰᠢᠯᠢᠳᠡᠭ ᠲᠠᠪᠴᠠᠩ ᠬᠠᠨᠭ᠍ᠭᠠᠵᠦ ᠦᠭᠬᠦ ᠮᠦᠷᠳᠡᠭᠡᠨ ᠨᠠᠮ ᠤᠨ ᠲᠦᠷᠦ ᠶᠢᠨ ᠪᠤᠳᠤᠯᠭ᠎ᠠ ᠶᠢ ᠲᠤᠭᠤᠰᠢᠯᠠᠭᠤᠯᠤᠨ ᠭᠡᠷᠡᠭᠵᠢᠬᠦᠯᠵᠦ᠂ ᠠᠵᠤ ᠠᠬᠤᠢ ᠨᠡᠶᠢᠭᠡᠮ ᠤᠨ ᠭᠦᠭᠵᠢᠯᠳᠡ ᠳᠤ ᠠᠯᠤᠰ ᠬᠡᠳᠦ ᠶᠢᠨ ᠠᠴᠢ ᠬᠤᠯᠪᠤᠭᠳᠠᠯ ᠲᠠᠢ ᠶᠤᠮ ᠭᠡᠵᠦ ᠮᠠᠨ ᠯᠢᠶᠠᠩ ᠬᠡᠰᠢᠬᠦᠨ ᠶᠠᠷᠢᠪᠠ᠃                  ᠵᠣᠬᠢᠶᠠᠭᠴᠢ᠄ ᠨᠠᠷᠠᠨᠲᠤᠶᠠᠭ᠎ᠠ
 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号