ᠬᠦᠯᠦᠨ ᠪᠤᠶᠢᠷ ᠤᠨ ᠪᠦᠭᠡ ᠶᠢᠨ ᠤᠨᠴᠠᠯᠢᠭ ᠪᠤᠶᠦ ᠲᠤᠯᠢᠶᠠᠳᠦ ᠪᠦᠭᠡ ᠶᠢᠨ ᠡᠮᠦᠰᠭᠡᠯ — ᠪᠠᠷᠭᠤ ᠶᠢᠨ ᠤᠷᠠᠯᠢᠭ ᠰᠤᠶᠤᠯ ᠤᠨ ︽ᠪᠠᠷᠭᠤᠵᠢᠨ — 2018︾ ᠨᠠᠭᠠᠳᠤᠮ ᠤᠨ ᠲᠤᠪᠬᠢᠮᠠᠯ ᠨᠤᠮ ᠳᠤ ᠮᠡᠳᠡᠭᠦᠯᠦᠭᠰᠡᠨ ᠦᠭᠦᠯᠡᠯ
ᠨᠡᠶᠢᠲᠡᠯᠡᠭᠰᠡᠨ ᠴᠠᠭ᠄
2019/4/1
     ᠪᠦᠬᠡ ᠲᠠᠭᠤᠳᠠᠬᠤ ᠵᠢᠴᠢ ᠭᠠᠷᠤᠭ᠎ᠠ ᠲᠡᠪᠢᠯᠬᠡ ᠰᠢᠪᠠᠭ᠎ᠠ ᠬᠦᠯᠣᠨ ᠪᠤᠶᠢᠷ ᠤᠨ ᠶᠡᠭᠡ ᠪᠠᠭ᠎ᠠ ᠬᠡᠪᠴᠢᠶᠡᠨ ᠤ ᠨᠠᠶᠢᠷ ᠨᠠᠭᠠᠳᠣᠮ ᠤᠨ ᠠᠯᠬᠤᠮ ᠲᠠᠷᠠᠭᠠᠯᠠᠯ ᠨᠢ ᠶᠡᠷᠣᠩᠬᠡᠢ ᠳᠡᠭᠡᠨ ᠠᠳᠠᠯᠢᠪᠳᠣᠷ ᠪᠠᠶᠢᠳᠠᠭ᠃ ᠲᠡᠬᠢᠪᠡᠯ ᠨᠠᠶᠢᠷ ᠨᠠᠭᠠᠳᠣᠮ ᠤᠨ ᠵᠣᠬᠢᠶᠠᠨ ᠪᠠᠶᠢᠭᠤᠯᠬᠤ ᠵᠦᠪᠯᠠᠯ ᠠᠴᠠ ᠠᠵᠢᠯ ᠢᠶᠠᠨ ᠲᠣᠬᠢᠷᠠᠭᠤᠯᠵᠣ᠂ ᠡᠷᠳᠡ ᠶᠢᠨ ᠨᠠᠷᠠᠨ ᠲᠠᠢ ᠣᠷᠣᠯᠳᠣᠨ ᠮᠣᠷᠢᠳ ᠢᠶᠠᠨ ᠣᠷᠣᠯᠳᠣᠭᠤᠯᠣᠨ᠂ ᠲᠡᠷᠡ ᠡᠳᠣᠷ ᠤᠨ ᠨᠠᠶᠢᠷ ᠤᠨ ᠬᠡᠶᠢᠮᠣᠷᠢ ᠰᠦᠯᠳᠡ ᠶᠢ ᠪᠣᠰᠬᠠᠨ ᠨᠠᠭᠠᠳᠣᠮᠴᠢᠳ ᠢ ᠪᠠᠶᠠᠷ ᠬᠦᠷ ᠤᠨ ᠠᠭᠤᠷ ᠠᠮᠢᠰᠬᠤᠯ ᠢᠶᠠᠷ ᠪᠢᠯᠬᠠᠨ ᠶᠠᠷᠢᠶ᠎ᠠ ᠬᠡᠯᠡᠯᠴᠡᠭᠡ ᠶᠢᠨ ᠰᠡᠳᠣᠪ ᠲᠠᠢ ᠪᠤᠯᠭᠠᠨ᠎ᠠ᠃ ᠲᠠᠷᠠᠭ᠎ᠠ ᠨᠢ ᠶᠣᠰᠣᠯᠠᠯ ᠤᠨ ᠲᠠᠶᠢᠰᠠᠨ ᠳᠤ ᠲᠤᠭ ᠰᠦᠯᠳᠠ ᠮᠠᠡᠳᠣᠨ ᠣᠷᠳᠣ ᠶᠢᠨ ᠰᠠᠶᠢᠬᠠᠨ ᠳᠠᠭᠤᠤ ᠬᠠᠨᠭ᠍ᠬᠢᠨᠠᠨ ᠪᠦᠬᠡ ᠰᠣᠨᠢᠷᠬᠠᠬᠤ ᠨᠠᠭᠠᠳᠣᠮᠴᠢᠳ ᠤᠨ ᠴᠣᠬᠯᠠᠭᠠᠨ ᠪᠣᠯᠣᠨ᠎ᠠ᠃ ᠣᠷᠳᠣ ᠶᠢᠨ ᠲᠠᠭᠤᠣ ᠠᠶᠠᠯᠠᠭᠤᠯᠣᠨ ᠪᠦᠬᠡ ᠶᠢᠨ ᠵᠠᠰᠠᠭᠤᠯ ᠤᠳ ᠪᠦᠬᠡᠴᠢᠳ ᠤᠨ ᠨᠡᠷᠡᠰ ᠢ ᠪᠦᠷᠢᠳᠬᠡᠨ ᠵᠡᠬᠦᠨ ᠲᠠᠯ᠎ᠠ ᠳᠤ ᠦᠪᠡᠷ ᠤᠨ ᠨᠣᠳᠤᠭ ᠤᠨ ᠨᠡᠷᠡᠳᠣ ᠪᠦᠬᠡ ᠪᠠᠷ ᠦᠵᠣᠬᠦᠷ ᠲᠠᠭᠠᠭᠠᠯᠭᠠᠵᠣ ᠵᠣᠬᠰᠣᠭᠠᠨ᠂ ᠪᠠᠷᠠᠭᠤᠨ ᠲᠠᠯ᠎ᠠ ᠶᠢᠨ ᠦᠵᠣᠬᠦᠷ ᠲᠤ ᠬᠠᠷᠢ ᠨᠣᠳᠤᠭ ᠤᠨ ᠨᠡᠷᠡᠳᠣ ᠪᠦᠬᠡ ᠶᠢ ᠬᠦᠡᠳᠣᠳᠬᠡᠯ ᠦᠵᠡᠬᠦᠯᠣᠨ ᠦᠵᠣᠬᠦᠷ ᠲᠤ ᠵᠣᠬᠰᠣᠭᠠᠨ᠂ ᠲᠠᠷᠠᠭᠠᠯᠠᠨ ᠪᠦᠬᠡᠴᠢᠳ ᠢ ᠨᠡᠷᠡᠰ ᠪᠦᠷᠢᠳᠬᠡᠨ ᠵᠢᠬᠰᠠᠭᠠᠨ᠎ᠠ᠃ ᠪᠦᠬᠡᠴᠢᠳ ᠣᠨᠤᠭ᠎ᠠ ᠨᠣᠭᠤᠯᠤᠭ᠎ᠠ ᠪᠠᠨ ᠠᠩᠬᠠᠷᠣᠨ ᠪᠦᠬᠡ ᠭᠠᠷᠬᠤ ᠪᠡᠯᠡᠳᠬᠡᠯ ᠢᠶᠠᠨ ᠬᠢᠨ᠎ᠡ᠃      ᠬᠦᠯᠣᠨ ᠪᠤᠶᠢᠷ ᠤᠨ ᠲᠣᠯᠢᠶᠠᠳᠣ ᠪᠦᠬᠡ ᠶᠢᠨ ᠲᠡᠪᠢᠯᠳᠡ ᠶᠢᠨ ᠲᠣᠬᠠᠢ      ᠮᠣᠩᠭᠤᠯ ᠪᠦᠬᠡ ᠨᠢ ᠮᠣᠩᠭᠤᠯᠴᠣᠳ ᠤᠨ ᠡᠷ᠎ᠡ ᠶᠢᠨ ᠭᠤᠷᠪᠠᠨ ᠡᠷᠳᠡᠮ ᠤᠨ ᠲᠡᠷᠢᠬᠦᠨ ᠡᠷᠳᠡᠮ ᠳᠤ ᠣᠷᠣᠨ᠎ᠠ᠂ ᠪᠦᠬᠡ ᠪᠠᠷᠢᠯᠳᠣᠬᠤ ᠶᠣᠰᠣᠨ ᠨᠢ ᠶᠣᠰᠣᠯᠠᠯ ᠤᠨ ᠲᠠᠶᠢᠰᠠ ᠶᠢᠨ ᠡᠮᠣᠨ᠎ᠡ ᠲᠠᠯ᠎ᠠ ᠳᠤ ᠨᠢ ᠪᠦᠬᠡ ᠶᠢᠨ ᠨᠤᠭᠤᠯᠤᠭ᠎ᠠ ᠲᠠᠭᠠᠷᠠᠭᠤᠯᠣᠨ ᠪᠦᠬᠡ ᠶᠢᠨ ᠦᠵᠣᠬᠦᠷ ᠲᠠᠭᠠᠭᠠᠬᠤ ᠲᠦᠷᠪᠠ ᠪᠣᠶᠣ ᠨᠠᠢᠮᠠᠨ ᠪᠦᠬᠡ ᠶᠢ ᠵᠢᠬᠰᠠᠭᠠᠨ ᠵᠡᠬᠦᠨ ᠭᠠᠷ ᠲᠠᠯ᠎ᠠ᠂ ᠪᠠᠷᠠᠭᠤᠨ ᠭᠠᠷ ᠲᠠᠯ᠎ᠠ ᠬᠡᠵᠣ ᠬᠤᠶᠠᠷ ᠲᠠᠯ᠎ᠠ ᠳᠤ ᠭᠠᠷᠯᠠᠨ ᠲᠡᠰ ᠲᠠᠷᠠᠭ᠎ᠠ ᠪᠠᠷ ᠢᠶᠠᠨ ᠲᠠᠭᠠᠯᠳᠠᠨ ᠵᠣᠬᠰᠣᠭᠠᠨ᠎ᠠ᠃ ᠪᠦᠬᠡ ᠶᠢᠨ ᠨᠠᠶᠢᠷ ᠨᠢ᠄ ᠬᠢᠨᠠᠬᠴᠢ ᠵᠠᠰᠠᠭᠤᠯ ᠤᠨ ᠠᠵᠢᠯ᠂ ᠪᠦᠬᠡ ᠶᠢᠨ ᠨᠤᠭᠤᠯᠤᠭ᠎ᠠ᠂ ᠪᠦᠬᠡ ᠭᠠᠷᠬᠤ ᠪᠡᠯᠡᠳᠬᠡᠯ ᠬᠢᠨ᠎ᠡ᠂ ᠪᠦᠬᠡ ᠵᠣᠳᠣᠬᠯᠠᠬᠤ᠂ ᠪᠦᠬᠡ ᠲᠠᠭᠤᠳᠠᠬᠤ᠂ ᠪᠦᠬᠡ ᠶᠢᠨ ᠨᠤᠭᠤᠯᠤᠭ᠎ᠠ ᠲᠠᠭᠠᠷᠠᠭᠤᠯᠣᠨ ᠪᠠᠷᠢᠯᠳᠣᠭᠤᠯᠬᠤ᠂ ᠪᠦᠬᠡ ᠴᠣᠯᠠᠯᠠᠬᠤ᠂ ᠪᠣᠰᠣᠳ ᠵᠦᠢᠯ ᠤᠨ ᠱᠠᠩᠨᠠᠯ ᠣᠯᠭᠤᠬᠤ᠂ ᠲᠡᠬᠡᠳᠣ ᠲᠦᠷᠪᠠᠨ ᠪᠦᠬᠡ ᠪᠠᠨ ᠪᠠᠷᠢᠯᠳᠣᠭᠤᠯᠬᠤ᠂ ᠪᠦᠬᠡ ᠶᠢᠨ ᠱᠠᠩᠨᠠᠯ ᠣᠯᠭᠤᠨ ᠨᠠᠶᠢᠷ ᠦᠡᠳᠣᠷᠯᠡᠬᠦ ᠬᠡᠬᠦ ᠮᠡᠳᠣ ᠶᠢᠨ ᠠᠭᠤᠯᠭ᠎ᠠ ᠪᠠᠶᠢᠳᠠᠭ᠃ ᠡᠬᠦᠨ ᠤ ᠲᠣᠳᠣᠷ᠎ᠠ ᠪᠦᠬᠡ ᠲᠡᠪᠢᠬᠦ ᠪᠣᠯ ᠪᠦᠬᠡ ᠪᠠᠷᠢᠯᠳᠣᠬᠤ ᠲᠠᠯᠠᠪᠣᠷ ᠤᠨ ᠦᠵᠡᠮᠣᠷᠢ ᠲᠠᠢ ᠰᠠᠶᠢᠬᠠᠨ ᠨᠢᠬᠡ ᠵᠦᠢᠯ ᠨᠢ ᠪᠣᠯᠣᠨ᠎ᠠ᠃ ᠨᠠᠷ᠎ᠠ ᠲᠠᠭᠤᠳᠠᠭᠤᠯᠤᠭᠰᠠᠨ ᠲᠦᠷᠪᠡᠨ ᠪᠦᠭᠡ ᠦᠪᠡᠷ ᠦᠪᠡᠷ ᠤᠨ ᠰᠣᠷᠣᠬᠰᠠᠨ ᠲᠡᠪᠢᠯᠳᠠ ᠪᠠᠷ ᠢᠶᠠᠨ ᠲᠠᠯᠠᠪᠣᠷ ᠲᠤ ᠲᠡᠪᠢᠨ ᠭᠠᠷᠬᠤ ᠳᠤ ᠬᠦᠯ ᠳᠤ ᠪᠠᠨ ᠵᠢᠬᠢᠷᠢᠭᠯᠡᠭᠰᠡᠨ ᠲᠣᠯᠢᠶ᠎ᠠ ᠨᠢ ᠨᠠᠷᠠᠨ ᠳᠤ ᠰᠣᠯᠣᠩᠭᠠᠷᠠᠨ ᠨᠠᠢᠮᠠᠨ ᠬᠦᠴᠣᠳᠠᠨ ᠨᠢ ᠨᠠᠷᠠᠨ ᠤ ᠵᠦᠭ ᠠᠴᠠ ᠬᠠᠯᠢᠨ ᠭᠠᠷᠬᠤ ᠬᠠᠨ ᠭᠠᠷᠣᠳᠢ ᠶᠢᠨ ᠲᠡᠪᠢᠯᠬᠡ ᠪᠠᠷ ᠲᠣᠬᠯᠠᠬᠤ ᠰᠢᠭ᠋ ᠬᠠᠷᠠᠬᠳᠠᠨ᠎ᠠ᠃ ᠡᠷᠳᠡᠨ ᠠᠴᠠ ᠠᠪᠣᠭᠠᠳ ᠮᠣᠩᠭᠤᠯᠴᠣᠳ ᠤᠨ ᠪᠦᠬᠡ ᠪᠠᠷᠢᠯᠳᠣᠬᠤ ᠲᠡᠪᠢᠯᠳᠡ ᠶᠢᠨ ᠶᠣᠰᠣ ᠵᠢᠷᠣᠮ ᠮᠠᠰᠢ ᠨᠠᠷᠢᠨ᠂ ᠭᠠᠵᠠᠷ ᠨᠣᠳᠤᠭ ᠨᠢ ᠣᠡᠴᠡᠯᠢᠭ᠋ ᠲᠠᠢ ᠪᠠᠶᠢᠬᠰᠠᠨ ᠶᠣᠮ᠃ ᠲᠣᠬᠠᠶᠢᠯᠠᠪᠠᠯ ᠬᠠᠨ ᠭᠠᠷᠣᠳᠢ ᠶᠢᠨ ᠲᠡᠪᠢᠯᠳᠡ ᠨᠢ ᠣᠯᠣᠰ ᠲᠠᠶᠠᠭᠠᠷ ᠠᠯᠳᠠᠷᠰᠢᠬᠰᠡᠨ ᠲᠠᠶᠠᠩ ᠠᠪᠣᠷᠭᠤ᠂ ᠲᠠᠷᠬᠠᠨ ᠠᠪᠣᠷᠭᠤ᠂ ᠠᠪᠣᠷᠭᠤᠴᠣᠳ ᠤᠨ ᠲᠡᠪᠢᠯᠳᠡ ᠪᠠᠶᠢᠵᠡᠢ᠃ ᠲᠡᠪᠢᠵᠣ ᠮᠠᠬᠰᠢᠬᠤ ᠨᠢ ᠴᠤ ᠪᠦᠬᠡᠴᠢᠳ ᠰᠦᠷ ᠵᠢᠪᠬᠤᠭ᠎ᠠ᠂ ᠬᠦᠴᠣᠨ ᠴᠢᠳᠠᠯ ᠢᠶᠠᠨ ᠭᠠᠶᠢᠬᠠᠭᠤᠯᠣᠨ ᠣᠴᠠᠷᠠᠬᠰᠠᠨ ᠢᠶᠠᠨ ᠰᠦᠷᠳᠡᠬᠦᠯᠬᠦ ᠶᠢᠨ ᠬᠠᠮᠳᠣ ᠪᠡᠶ᠎ᠡ ᠶᠢᠨ ᠴᠢᠯᠡᠭᠡ ᠪᠠᠨ ᠭᠠᠷᠭᠠᠵᠣ᠂ ᠪᠡᠶ᠎ᠡ ᠪᠠᠨ ᠬᠠᠯᠠᠭᠠᠵᠣ᠂ ᠪᠦᠬᠡ ᠦᠪᠡᠷ ᠤᠨ ᠣᠡᠴᠡᠯᠢᠭ᠋ ᠲᠠᠢ ᠲᠡᠪᠢᠯᠳᠠ ᠪᠠᠷ ᠢᠶᠠᠨ ᠲᠡᠪᠢᠨ ᠭᠠᠷᠴᠣ᠂ ᠨᠠᠷᠠ ᠵᠦᠪ ᠲᠠᠯᠠᠪᠣᠷ ᠲᠤ ᠲᠡᠪᠢᠨ ᠡᠷᠬᠢᠵᠤ ᠡᠰᠡᠷᠬᠦ ᠡᠳᠡᠬᠡᠳ ᠢᠶᠠᠨ ᠣᠬᠳᠣᠨ ᠪᠠᠷᠢᠯᠳᠣᠵᠣ ᠡᠬᠢᠯᠡᠳᠡᠭ ᠪᠢᠯᠠ᠃      ᠲᠡᠪᠢᠯᠳᠡ ᠵᠢᠴᠢ ᠮᠠᠬᠰᠢᠯᠳᠠ ᠨᠢ ᠠᠳᠠᠯᠢ ᠦᠬᠡᠢ ᠬᠤᠶᠠᠷ ᠠᠭᠤᠯᠭ᠎ᠠ ᠪᠢᠯᠠ᠃      ᠲᠡᠪᠢᠯᠳᠡ ᠬᠡᠳᠡᠭ ᠦᠬᠡ ᠨᠢ ᠲᠡᠪᠢᠨ ᠨᠢᠰᠬᠦ᠂ ᠬᠠᠯᠢᠨ ᠲᠡᠬᠦᠯᠢᠬᠦ᠂ ᠭᠠᠵᠠᠷ ᠠᠴᠠ ᠲᠡᠬᠡᠭᠰᠢ ᠬᠦᠬᠡᠷᠦᠨ ᠭᠠᠷᠬᠤ᠂ ᠪᠦᠬᠡ ᠬᠦᠮᠣᠨ ᠭᠠᠷ ᠢᠶᠠᠨ ᠪᠦᠷᠬᠦᠳ ᠤᠨ ᠵᠢᠬᠦᠷ ᠮᠡᠳᠣ ᠬᠦᠳᠡᠯᠬᠡᠨ ᠬᠤᠶᠠᠷ ᠬᠦᠯ ᠨᠢ ᠵᠡᠷᠬᠡᠪᠡᠷ ᠭᠠᠵᠠᠷ ᠠᠴᠠ ᠰᠠᠯᠬᠤ ᠬᠡᠰᠡᠨ ᠣᠳᠬ᠎ᠠ ᠲᠠᠢ᠂ ᠵᠢᠬᠦᠷᠳᠡᠨ ᠰᠢᠪᠠᠭᠤᠤᠨ ᠰᠠᠶ᠋ᠢ ᠭᠠᠵᠠᠷ ᠠᠴᠠ ᠲᠡᠪᠢᠨ ᠨᠢᠰᠣᠨ᠎ᠡ᠃ ᠡᠶᠢᠮᠣ ᠠᠴᠠ ᠬᠦᠯᠣᠨ ᠪᠤᠶᠢᠷ ᠤᠨ ᠪᠦᠬᠡ ᠶᠢ ᠬᠠᠨᠳᠠᠭᠠᠢ ᠪᠣᠭᠤ ᠶᠢᠨ ᠲᠡᠪᠢᠯᠳᠡ ᠲᠠᠢ ᠬᠡᠳᠡᠭ ᠨᠢ ᠣᠳᠬ᠎ᠠ ᠶᠢᠨ ᠲᠠᠯ᠎ᠠ ᠠᠴᠠ ᠠᠯᠳᠠᠭ᠎ᠠ ᠲᠠᠢ ᠶᠠᠷᠢᠵᠣ ᠪᠠᠶᠢᠨ᠎ᠠ ︵ᠵᠠᠷᠢᠮ ᠭᠠᠵᠠᠷ ᠤᠨ ᠡᠷᠳᠡᠮᠳᠡᠳ ᠠᠴᠠ︶᠃      ᠮᠠᠬᠰᠢᠯᠳᠠ ᠬᠡᠳᠡᠭ ᠦᠬᠡ ᠨᠢ ᠡᠮᠨᠢᠭ ᠲᠣᠬᠰᠢᠨ ᠠᠮᠢᠳᠠᠨ ᠰᠣᠴᠢᠮᠠᠭ ᠬᠦᠳᠡᠯᠬᠡᠬᠡᠨ ᠬᠢᠵᠣ ᠡᠮᠣᠨᠡᠰᠢ ᠪᠣᠯᠭᠢᠨ ᠬᠦᠶᠣᠬᠦ᠂ ᠵᠢᠱᠢᠶᠠᠯᠠᠪᠠᠯ᠂ ᠠᠷᠰᠯᠠᠨ ᠪᠠᠷᠰ ᠤᠨ ᠮᠠᠬᠰᠢᠯᠳᠠ ᠲᠠᠢ ᠬᠦᠯ ᠨᠢ ᠭᠠᠵᠠᠷ ᠠᠴᠠ ᠰᠠᠯᠬᠤ ᠦᠬᠡᠢ ᠡᠮᠣᠨᠡᠰᠢ ᠮᠠᠬᠰᠢᠬᠤ ᠬᠦᠳᠡᠯᠬᠡᠬᠡᠨ ᠬᠢᠬᠦ ᠶᠢ ᠬᠡᠯᠡᠨ᠎ᠡ᠃      ᠬᠦᠯᠳ ᠪᠤᠶᠢᠷ ᠤᠨ ᠲᠣᠯᠢᠶᠠᠳᠣ ᠪᠦᠬᠡ ᠶᠢᠨ ᠪᠠᠷᠢᠯᠳᠣᠭᠠᠨ ᠤ ᠲᠡᠰ ᠲᠠᠷᠠᠭᠠᠯᠠᠯ      ᠨᠢᠬᠡ᠂ ᠬᠢᠨᠠᠬᠴᠢ ᠶᠢᠨ ᠠᠵᠢᠯ      ᠨᠠᠭᠠᠳᠣᠮ ᠤᠨ ᠵᠣᠬᠢᠶᠠᠨ ᠪᠠᠶᠢᠭᠤᠯᠬᠤ ᠵᠦᠪᠯᠠᠯ ᠠᠴᠠ ᠪᠦᠬᠡ ᠶᠢᠨ ᠲᠠᠯ᠎ᠠ ᠶᠢᠨ ᠠᠵᠢᠯ ᠤᠨ ᠲᠣᠰᠬᠠᠢ ᠬᠢᠨᠠᠬᠴᠢ ︵ᠵᠠᠰᠠᠭᠤᠯ︶ ᠨᠠᠷ ᠢ ᠭᠠᠷᠭᠠᠨ ᠪᠦᠬᠡ ᠶᠢᠨ ᠶᠡᠷᠣᠩᠬᠡᠢ ᠬᠢᠨᠠᠬᠴᠢ ᠶᠢ ᠨᠡᠷ᠎ᠡ ᠲᠣᠷᠠᠳᠣᠨ ᠲᠣᠬᠳᠠᠭᠠᠵᠣ᠂ ᠲᠣᠰ ᠶᠡᠷᠣᠩᠬᠡᠢ ᠬᠢᠨᠡᠬᠴᠢ ᠨᠢ ᠠᠵᠢᠯ ᠢᠶᠠᠨ ︵ᠶᠡᠷᠣᠩᠬᠡᠢ ᠬᠢᠨᠡᠬᠴᠢ ᠨᠢ ᠲᠡᠳ᠋ ᠬᠢᠨᠠᠬᠴᠢ ᠪᠠ ᠬᠠᠪᠰᠣᠷᠣᠬᠴᠢ ᠬᠢᠨᠠᠬᠴᠢ ᠨᠠᠷ ᠢᠶᠠᠨ ᠲᠣᠬᠳᠠᠭᠠᠨ᠂ ᠪᠠᠷᠢᠯᠳᠣᠭᠠᠨ ᠢᠶᠠᠨ ᠬᠡᠷᠬᠢᠨ ᠶᠠᠪᠣᠬᠳᠠᠭᠤᠯᠬᠤ ᠠᠵᠢᠯ ᠤᠨ ᠲᠣᠬᠠᠢ ᠲᠦᠷᠢᠮ ᠢᠶᠠᠨ ᠵᠦᠪᠳᠡᠯᠴᠡᠨ ᠲᠣᠬᠳᠠᠭᠠᠨ᠎ᠠ︶ ᠪᠠᠶᠢᠷᠢᠯᠠᠭᠤᠯᠣᠨ᠎ᠠ᠃ ᠪᠦᠬᠡᠴᠣᠳ ᠨᠡᠷ᠎ᠡ ᠪᠠᠨ ᠮᠡᠳᠡᠬᠦᠯᠣᠨ᠎ᠠ᠃      ᠬᠤᠶᠠᠷ᠂ ᠨᠣᠭᠤᠯᠤᠭ᠎ᠠ      ᠬᠢᠨᠠᠬᠴᠢ ︵ᠵᠠᠰᠠᠭᠤᠯ︶ ᠨᠠᠷ ᠲᠣᠰ ᠣᠳᠠᠭ᠎ᠠ ᠶᠢᠨ ᠨᠠᠭᠠᠳᠣᠮ ᠤᠨ ᠲᠦᠷᠢᠮ ᠢᠶᠠᠷ ᠪᠦᠬᠡ ᠶᠢᠨ ᠨᠤᠭᠤᠯᠤᠭ᠎ᠠ ᠶᠢ ᠲᠠᠭᠠᠷᠠᠭᠤᠯᠳ ᠵᠡᠬᠦᠨ ᠪᠠ ᠪᠠᠷᠠᠭᠤᠨ ᠬᠤᠶᠠᠷ ᠭᠠᠷ ᠲᠠᠯ᠎ᠠ ᠳᠤ ᠦᠵᠣᠬᠦᠷ ᠵᠣᠬᠰᠣᠬᠤ ᠪᠦᠬᠡ ︵ᠦᠵᠣᠬᠦᠷ ᠲᠠᠭᠠᠬᠤ ᠪᠦᠬᠡ ᠬᠡᠳᠡᠭ᠂ ᠣᠳᠣ ᠰᠣᠭᠤᠯᠤᠭ᠎ᠠ ᠲᠠᠳᠠᠬᠤ ᠠᠷᠭ᠎ᠠ ᠴᠦ ᠪᠠᠶᠢᠨ᠎ᠠ︶ ᠪᠠ ᠮᠦᠡᠴᠣ ᠨᠠᠭᠠᠳᠣᠮ ᠤᠨ ᠶᠡᠭᠡ ᠪᠠᠭ᠎ᠠ ᠶᠢᠨ ᠬᠡᠪᠴᠢᠶᠠᠨ ᠤ ᠠᠳᠠᠯᠢ ᠦᠬᠡᠢ ᠶᠢᠨ ᠰᠢᠯᠳᠠᠭᠠᠨ ᠢᠶᠠᠷ ᠬᠤᠶᠠᠷ ᠲᠠᠯ᠎ᠠ ᠶᠢᠨ ᠲᠡᠬᠡᠷ᠎ᠡ ᠵᠣᠬᠰᠣᠬᠤ ᠲᠦᠷᠪᠠ᠂ ᠨᠠᠢᠮᠨ᠂ ᠠᠷᠪᠠᠨ ᠵᠢᠷᠭᠤᠭᠠᠨ ᠨᠡᠷᠡᠳᠣ ᠪᠦᠬᠡ ᠶᠢ ᠵᠢᠬᠰᠠᠭᠠᠨ ᠲᠡᠬᠦᠨ ᠠᠴᠠ ᠲᠠᠷᠠᠭᠠᠬᠢ ᠪᠦᠬᠡᠴᠢᠳ ᠢ ᠢᠷᠡᠭᠰᠠᠨ ᠤ ᠲᠠᠷᠠᠭᠠᠯᠠᠯ ᠢᠶᠠᠷ ᠵᠢᠬᠰᠠᠭᠠᠨ᠎ᠠ᠃ ᠨᠤᠭᠤᠯᠤᠭ᠎ᠠ ᠨᠢ᠄ 4᠂ 8᠂ 16 ᠂ 32᠂ 64᠂ 128᠂ 256᠂ 512᠂ 1024 ᠵᠡᠷᠬᠡ ᠶᠢᠨ ᠪᠦᠬᠡ ᠪᠠᠷᠢᠯᠳᠣᠨ᠎ᠠ᠃ ᠨᠤᠭᠤᠯᠤᠭ᠎ᠠ ᠪᠠᠷᠢᠯᠳᠣᠭᠠᠨ ᠳᠤ ᠢᠳᠡᠰᠢᠨ ᠪᠦᠬᠡ ᠲᠣᠳᠠᠭᠤ ᠪᠣᠯ ᠲᠡᠬᠡᠷ᠎ᠡ ᠲᠠᠯ᠎ᠠ ᠶᠢᠨ ᠪᠦᠬᠡ ᠨᠢ ᠬᠡᠢ ᠲᠡᠪᠢᠵᠣ ᠪᠣᠯᠣᠨ᠎ᠠ᠃      ᠭᠤᠷᠪᠠ᠂ ᠪᠦᠬᠡ ᠭᠠᠷᠬᠤ ᠪᠡᠯᠡᠳᠬᠡᠯ      ᠪᠦᠬᠡ ᠭᠠᠷᠬᠤ ᠠᠴᠠ ᠡᠮᠣᠨ᠎ᠠ ᠡᠮᠣᠰᠬᠡᠯ ᠬᠡᠷᠡᠭᠰᠡᠯ ᠢᠶᠠᠨ ᠪᠦᠷᠢᠨ ᠪᠣᠯᠭᠠᠨ᠎ᠠ᠂ ᠡᠬᠦᠨ ᠳᠤ ᠲᠣᠯᠢᠶ᠎ᠠ᠂ ᠵᠢᠭᠢᠷᠢᠭ᠂ ᠵᠣᠳᠤᠭ ᠵᠡᠷᠬᠡ ᠪᠠᠨ ᠪᠦᠷᠢᠨ ᠪᠣᠯᠭᠠᠨ ᠪᠦᠬᠡ ᠭᠠᠷᠬᠤ ᠪᠠᠶᠢᠷᠢᠨ ᠳᠠᠭᠠᠨ ᠲᠡᠰ ᠲᠠᠷᠠᠭ᠎ᠠ ᠲᠠᠢ ᠪᠡᠯᠡᠳᠬᠡᠨ ᠬᠦᠯᠢᠶᠠᠨ᠎ᠠ᠃ ᠪᠦᠬᠡ ᠭᠠᠷᠬᠤ ᠳᠠᠭᠠᠨ ᠵᠢᠱᠢᠶᠠᠯᠠᠪᠠᠯ᠂ ᠵᠡᠬᠦᠨ ᠲᠠᠯ᠎ᠠ ᠶᠢᠨ ᠲᠡᠬᠡᠳᠣ ᠲᠦᠷᠪᠠᠨ ᠪᠦᠬᠡ ᠭᠠᠷᠬᠤ ᠳᠤ ᠪᠦᠬᠡ ᠪᠦᠷᠢ ᠶᠢᠨ ᠬᠤᠶᠠᠷ ᠲᠠᠯ᠎ᠠ ᠳᠤ ᠪᠦᠬᠡ ᠶᠢᠨ ᠵᠠᠰᠠᠭᠤᠯ ᠵᠣᠬᠰᠣᠨ᠂ ᠪᠦᠬᠡ ᠨᠢ ᠬᠤᠶᠠᠷ ᠵᠠᠰᠠᠭᠤᠯ ᠤᠨ ᠲᠣᠮᠳᠠ ᠵᠣᠬᠰᠣᠨ ᠮᠦᠷᠦᠨ ᠲᠡᠬᠡᠷ᠎ᠡ ᠨᠢ ᠬᠤᠶᠠᠷ ᠭᠠᠷ ᠢᠶᠠᠨ ᠲᠠᠯᠪᠢᠨ ᠭᠤᠷᠪᠠ ᠣᠳᠠᠭ᠎ᠠ ᠭᠠᠵᠠᠷ ᠬᠦᠴᠣᠳᠠᠢ ᠦᠰᠣᠷᠣᠨ ᠲᠡᠪᠢᠰᠣᠬᠡᠳ ᠲᠡᠪᠢᠨ ᠭᠠᠷᠣᠨ᠎ᠠ ︵ᠡᠬᠢᠯᠠᠨ ᠬᠦᠶᠣᠬᠦ ᠦᠬᠡᠢ᠂ ᠰᠢᠭᠤᠳ ᠲᠡᠪᠢᠨ ᠭᠠᠷᠣᠨ᠎ᠠ︶᠃ ᠵᠣᠬᠢᠬᠤ ᠪᠠᠶᠢᠷᠢ ᠲᠠᠢ ᠲᠡᠪᠢᠨ ᠨᠠᠷᠠ ᠵᠦᠪ ᠡᠷᠬᠢᠨ ᠨᠡᠷ᠎ᠡ ᠶᠢᠨ ᠲᠡᠰ ᠲᠠᠷᠠᠭᠠᠯᠠᠯ ᠢᠶᠠᠷ ᠪᠠᠶᠢᠷᠢ ᠳᠠᠭᠠᠨ ᠵᠣᠬᠰᠣᠨ ᠣᠬᠳᠣᠭᠤᠯ ᠪᠦᠬᠡ ᠪᠠᠨ ᠬᠦᠯᠢᠶᠠᠨ᠎ᠠ ᠃ ᠲᠡᠬᠡᠳᠣ ᠲᠠᠯ᠎ᠠ ᠶᠢᠨ ᠪᠦᠬᠡ᠂ ᠲᠣᠣᠷᠠᠳᠣ ᠲᠠᠯ᠎ᠠ ᠶᠢᠨ ᠪᠦᠬᠡ ᠲᠠᠢ ᠵᠦᠷᠢᠯᠳᠣᠨ ᠣᠨᠤᠭ᠎ᠠ ᠲᠠᠭᠠᠷᠠᠵᠣ ᠪᠠᠷᠢᠯᠳᠣᠬᠤ ᠠᠷᠭ᠎ᠠ ᠪᠠᠷ ᠪᠠᠷᠢᠯᠳᠣᠨ᠎ᠠ᠃ ᠪᠦᠬᠡ ᠲᠡᠪᠢᠨ ᠭᠠᠷᠬᠤ ᠳᠤ ᠪᠦᠬᠡ ᠶᠢᠨ ᠪᠠᠭᠰᠢ ᠪᠣᠶᠣ ᠨᠣᠳᠤᠭ ᠣᠰᠣᠨ ᠤ ᠠᠬᠠᠮᠠᠳ ᠪᠦᠬᠡ᠂ ᠰᠠᠶᠢᠨ ᠨᠠᠶᠢᠵᠨ ᠨᠦᠬᠦᠳ ᠨᠢ ᠲᠠᠭᠠᠷᠠᠨ ᠪᠠᠷᠢᠯᠳᠣᠬᠤ ᠪᠦᠬᠡ ᠶᠢᠨ ᠠᠯᠢ ᠲᠠᠯ᠎ᠠ ᠲᠠᠢ᠂ ᠶᠠᠮᠠᠷ ᠮᠡᠭᠡ᠂ ᠪᠠᠷᠢᠴᠠ ᠲᠠᠢ ᠶᠢ ᠨᠢ ᠠᠩᠬᠠᠷᠣᠭᠤᠯᠵᠤ᠂ ᠶᠠᠭᠠᠬᠢᠪᠠᠯ ᠬᠠᠶᠠᠬᠤ ᠲᠣᠬᠠᠢ ᠁ ᠰᠠᠨᠠᠭᠤᠯᠳ ᠪᠦᠬᠡ ᠪᠠᠨ ᠲᠠᠪᠢᠬᠦᠯᠣᠨ ᠭᠠᠷᠭᠠᠨ᠎ᠠ᠂ ᠣᠨᠴᠠᠭᠠᠶᠢᠯᠠᠨ ᠵᠠᠯᠠᠭᠤ ᠪᠦᠬᠡᠴᠢᠳ ᠲᠤ ᠡᠨᠡ ᠮᠡᠳᠣ ᠠᠩᠬᠠᠷᠣᠭᠤᠯᠣᠨ᠎ᠠ᠃      ᠪᠦᠬᠡ ᠭᠠᠷᠬᠤ᠄ ᠵᠢᠱᠢᠶᠠᠯᠠᠪᠠᠯ ᠵᠡᠬᠦᠨ ᠲᠠᠯ᠎ᠠ ᠶᠢᠨ ᠲᠡᠬᠡᠷ᠎ᠡ ᠲᠦᠷᠪᠡᠨ ᠪᠦᠬᠡ ᠭᠠᠷᠣᠨ᠎ᠠ᠂ ᠪᠠᠷᠠᠭᠤᠨ ᠲᠠᠯ᠎ᠠ ᠶᠢᠨ ᠲᠣᠣᠷ᠎ᠠ ᠲᠠᠯ᠎ᠠ ᠠᠴᠠ ᠲᠦᠷᠪᠠᠨ ᠪᠦᠬᠡ ᠭᠠᠷᠣᠨ᠎ᠠ᠂ ᠢᠳᠡᠰᠢᠨ ᠪᠦᠬᠡ ᠲᠣᠳᠠᠭᠤ ᠪᠠᠶᠢᠬᠰᠠᠨ ᠴᠦ ᠲᠡᠬᠡᠷ᠎ᠡ ᠲᠠᠯ᠎ᠠ ᠶᠢᠨ ᠪᠦᠬᠡᠴᠣᠳ ᠲᠡᠪᠢᠨ ᠭᠠᠷᠴᠣ᠂ ᠲᠠᠬᠢᠨ ᠬᠡᠢ ᠲᠡᠪᠢᠵᠣ ᠪᠠᠶᠢᠷᠢ ᠳᠠᠭᠠᠨ ᠪᠣᠴᠠᠨ ᠲᠡᠪᠠᠭᠰᠠᠨ ᠪᠠ ᠬᠡᠢ ᠲᠠᠪᠢᠭ᠍ᠰᠡᠨ ᠢᠶᠠᠨ ᠦᠵᠡᠭᠴᠢᠳ ᠲᠤ ᠮᠡᠳᠡᠭᠳᠡᠨ᠎ᠠ᠃      ᠲᠦᠷᠪᠠ᠂ ᠪᠦᠬᠡ ᠵᠣᠳᠣᠬᠯᠠᠬᠤ      ᠪᠦᠬᠡ ᠵᠣᠳᠣᠬᠯᠠᠬᠤ ᠨᠢ ᠪᠦᠬᠡ ᠭᠠᠷᠴᠣ ᠪᠠᠷᠢᠯᠳᠣᠬᠤ ᠶᠢᠨ ᠭᠤᠣᠯ ᠨᠢᠬᠡ ᠵᠦᠢᠯ ᠪᠣᠯᠣᠨ᠎ᠠ᠃ ᠪᠦᠬᠡ ᠵᠣᠳᠣᠬᠯᠠᠬᠤ ᠨᠢ ᠪᠦᠬᠡ ᠭᠠᠷᠴᠣ ᠪᠠᠷᠢᠯᠳᠣᠬᠤ ᠶᠢᠨ ᠡᠮᠣᠨᠡᠬᠢ ᠭᠤᠣᠯ ᠠᠵᠢᠯ ᠤᠨ ᠨᠢᠭᠡ ᠪᠣᠯᠣᠨ᠎ᠠ᠃ ᠪᠦᠬᠡ ᠵᠣᠳᠣᠬᠯᠠᠬᠤ ᠬᠦᠳᠡᠯᠬᠡᠬᠡᠨ ᠨᠢ ᠠᠯᠢ ᠲᠠᠯ᠎ᠠ ᠲᠠᠢ᠂ ᠪᠡᠶ᠎ᠡ ᠶᠢᠨ ᠪᠠᠶᠢᠳᠠᠯ ᠶᠠᠮᠠᠷ᠂ ᠰᠦᠷ ᠵᠢᠪᠬᠤᠭ᠎ᠠ᠂ ᠠᠯᠢ ᠭᠠᠵᠠᠷ ᠤᠨ ᠬᠡᠨ ᠬᠡᠳᠡᠭ᠂ ᠶᠠᠮᠠᠷ ᠴᠣᠯᠠ ᠲᠠᠢ ᠪᠦᠭᠡ ᠵᠡᠷᠬᠡ ᠨᠢ ᠣᠬᠳᠣᠨ ᠪᠠᠷᠢᠯᠳᠣᠬᠤ ᠪᠦᠬᠡ ᠨᠡᠩ ᠴᠦ ᠦᠷᠬᠡᠨ ᠣᠯᠠᠨ ᠨᠠᠭᠠᠳᠣᠮᠴᠢᠨ ᠦᠵᠡᠭᠴᠢᠳ ᠲᠤ ᠦᠭᠬᠦ ᠠᠩᠬ᠎ᠠ ᠠᠯᠬᠤᠮ ᠤᠨ ᠦᠵᠡᠮᠣᠷᠢ ᠲᠠᠢ ᠰᠠᠶᠢᠬᠠᠨ ᠭᠤᠸ᠎ᠠ ᠰᠠᠶᠢᠬᠠᠨ ᠤ ᠬᠦᠷᠳᠡᠬᠡᠯ ᠪᠤᠯᠵᠦ᠂ ᠡᠨᠡ ᠨᠠᠭᠠᠳᠣᠮ ᠤᠨ ᠠᠩᠬᠠᠷᠣᠯ ᠤᠨ ᠲᠦᠪ ᠪᠣᠯᠳᠠᠭ᠃ ᠲᠡᠬᠡᠪᠡᠯ ᠵᠣᠳᠣᠬᠯᠠᠵᠣ ᠪᠠᠷᠢᠯᠳᠣᠬᠤ ᠪᠦᠬᠡ ᠨᠢ ᠣᠷᠣᠨ ᠠᠴᠠ ᠪᠠᠨ ᠡᠮᠣᠨᠡᠰᠢ ᠠᠯᠬᠤᠨ ᠢᠯᠡ ᠭᠠᠷᠴᠣ ᠵᠣᠳᠣᠬᠯᠠᠬᠤ ᠶᠢᠨ ᠡᠮᠣᠨ᠎ᠠ ᠵᠣᠳᠤᠭ ᠢᠶᠠᠨ ᠲᠡᠯᠬᠡᠨ ᠵᠣᠳᠤᠭ ᠤᠨ ᠲᠣᠳᠣᠷ᠎ᠠ ᠲᠠᠯ᠎ᠠ ᠶᠢ ᠭᠠᠳᠠᠬᠰᠢ ᠬᠠᠨᠳᠣᠭᠤᠯᠣᠨ ᠬᠤᠶᠠᠷ ᠭᠠᠷ ᠲᠠᠭᠠᠨ ᠪᠠᠷᠢᠵᠤ᠂ ᠬᠤᠶᠠᠷ ᠬᠦᠯ ᠤᠨ ᠰᠢᠯᠪᠢ ᠳᠠᠭᠡᠷ᠎ᠡ ᠡᠬᠡᠯᠵᠢᠯᠠᠨ ᠬᠦᠴᠣᠳᠠᠢ ᠬᠦᠪᠢᠵᠣ ᠰᠢᠪᠬᠠᠷᠳᠠᠵᠣ ᠵᠣᠳᠤᠭ ᠢᠶᠠᠨ ᠡᠮᠣᠰᠣᠨ᠎ᠠ ︵ᠡᠨᠡ ᠦᠶᠡᠰ ᠲᠤ ᠠᠯᠢ ᠲᠠᠯ᠎ᠠ ᠲᠠᠢ ᠪᠦᠬᠡ ᠶᠢ ᠮᠡᠳᠡᠬᠦ ᠣᠴᠢᠷ ᠲᠠᠢ᠂ ᠪᠦᠬᠡ ᠬᠦ᠋ᠮᠦᠨ ᠶᠡᠷᠦ ᠳᠡᠭᠡᠨ ᠲᠠᠳᠮᠠᠭᠠᠢ ᠲᠠᠯ᠎ᠠ ᠠᠴᠠ ᠡᠬᠢᠯᠠᠨ ᠬᠦᠳᠡᠯᠬᠡᠬᠡᠨ ᠬᠢᠨ᠎ᠠ︶᠃ ᠵᠣᠳᠤᠭ ᠤᠨ ᠪᠦᠰᠠ ᠪᠠᠨ ᠰᠣᠯᠠ ᠰᠢᠭ᠋ ᠪᠦᠰᠡᠯᠡᠨ᠎ᠠ᠂ ᠪᠦᠰᠠᠨ ᠳᠤ ᠲᠦᠷᠪᠡᠨ ᠬᠤᠷᠣᠭᠤ ᠣᠷᠣᠬᠤ ᠵᠠᠢ ᠲᠠᠢ᠃ ᠵᠣᠳᠤᠭ ᠤᠨ ᠪᠦᠰᠠ ᠶᠢ ᠬᠠᠳᠠᠭ ᠪᠣᠶᠣ ᠰᠠᠶᠢᠨ ᠴᠢᠨᠠᠷ ᠤᠨ ᠪᠦᠰ ᠲᠣᠷᠭ᠎ᠠ᠂ ᠰᠣᠷ᠂ ᠣᠯᠣᠰᠣᠨ ᠲᠡᠬᠡᠰᠣ ᠪᠠᠷ ᠬᠢᠬᠦ ᠴᠤ ᠪᠠᠶᠢᠳᠠᠭ᠃      ᠲᠠᠪᠤ᠂ ᠪᠦᠬᠡ ᠲᠠᠭᠤᠳᠠᠬᠤ ᠨᠣᠭᠤᠯᠤᠭ᠎ᠠ ᠪᠠᠷᠢᠯᠳᠣᠭᠠᠨ ᠡᠬᠢᠯᠡᠨ ᠪᠦᠬᠡᠴᠢᠳ ᠲᠠᠯᠠᠪᠣᠷ ᠲᠤ ᠭᠠᠷᠴᠣ ᠪᠠᠷᠢᠯᠳᠣᠬᠤ ᠶᠢᠨ ᠵᠠᠷᠯᠢᠭ ᠪᠢᠯᠠ᠃ ︽ᠪᠦᠬᠡ ᠪᠠᠨ ᠲᠠᠯᠪᠢ︕ ᠪᠦᠬᠡ ᠪᠠᠨ ᠲᠠᠯᠪᠢ︕ ᠪᠦᠬᠡ ᠪᠠᠨ ᠲᠠᠯᠪᠢ︕︾ ᠬᠡᠵᠣ ᠣᠷᠳᠣ ᠶᠢᠨ ᠰᠠᠶᠢᠬᠠᠨ ᠲᠠᠭᠤᠣ ᠠᠶᠠᠯᠠᠭᠤᠯᠣᠨ ᠲᠠᠭᠤᠯᠠᠨ᠎ᠠ᠂ ᠡᠨᠡ ᠦᠶᠠᠰ ᠪᠦᠬᠡ ᠭᠠᠷᠭᠠᠬᠤ ᠬᠤᠶᠠᠷ ᠵᠠᠰᠠᠭᠤᠯ ᠤᠨ ᠲᠣᠮᠳᠠ ᠠᠴᠠ ᠪᠦᠬᠡᠴᠢᠳ ᠲᠡᠪᠢᠨ ᠲᠡᠪᠢᠭᠰᠡᠬᠡᠷ ᠭᠠᠷᠴᠣ ᠢᠷᠡᠨ᠎ᠠ᠃ ᠮᠦᠡᠴᠣ ᠲᠣᠰ ᠨᠠᠭᠠᠳᠤᠮ ᠳᠤ ᠶᠠᠮᠠᠷ ᠭᠠᠵᠠᠷ ᠤᠨ ᠬᠡᠨ ᠬᠡᠳᠡᠭ ᠨᠡᠷᠡᠳᠣ ᠪᠦᠬᠡᠴᠢᠨ ᠬᠦᠷᠣᠯᠴᠠᠨ ᠢᠷᠠᠵᠣ ᠨᠠᠭᠠᠳᠣᠮ ᠢ ᠬᠦᠷ ᠬᠦᠭᠵᠢᠶᠡᠨ ᠲᠠᠢ ᠪᠣᠯᠭᠠᠯ᠎ᠠ ᠬᠡᠬᠦ ᠮᠡᠳᠣ ᠪᠠᠷ ᠨᠡᠷᠡᠳᠣ ᠪᠦᠬᠡᠴᠢᠳ ᠲᠣᠰ ᠨᠠᠭᠠᠳᠣᠮ ᠳᠤ ᠪᠠᠷᠢᠯᠳᠣᠵᠣ ᠪᠠᠶᠢᠬᠤ ᠶᠢ ᠦᠵᠡᠭᠴᠢ ᠲᠦᠮᠡᠨ ᠳᠡᠭᠡᠨ ᠪᠠᠶᠠᠷ ᠪᠣᠯᠭᠠᠨ ᠮᠡᠳᠡᠭᠳᠡᠨ᠎ᠠ᠃ ᠪᠦᠬᠡ ᠲᠠᠭᠤᠳᠠᠬᠤ ᠨᠢ ᠪᠦᠬᠡ ᠭᠠᠷᠴᠣ ᠪᠠᠷᠢᠯᠳᠣᠬᠤ ᠬᠢᠬᠡᠳ ᠪᠠᠷᠢᠯᠳᠣᠵᠣ ᠪᠠᠶᠢᠬᠤ ᠦᠶᠡᠰ ︽ᠪᠦᠬᠡ ᠪᠠᠨ ᠲᠠᠯᠪᠢ︕ ᠪᠦᠬᠡ ᠪᠠᠨ ᠲᠠᠯᠪᠢ︕ ᠪᠦᠬᠡ ᠪᠠᠨ ᠲᠠᠯᠪᠢ︕︾ ᠬᠡᠵᠣ ᠣᠷᠳᠣ ᠶᠢᠨ ᠳᠠᠭᠤᠤ ᠠᠶᠠᠯᠠᠭᠤᠯᠣᠨ ᠪᠦᠬᠡᠴᠢᠳ ᠤᠨ ᠬᠡᠶᠢᠮᠣᠷᠢ ᠵᠣᠷᠢᠭ ᠢ ᠰᠡᠷᠬᠦᠬᠡᠨ ᠲᠠᠭᠤᠯᠠᠭᠤᠯᠳᠠᠭ᠃ ᠡᠬᠦᠨ ᠳᠤ ᠶᠡᠭᠡ ᠨᠠᠭᠠᠳᠣᠮ ᠳᠤ ᠪᠣᠯ ᠷᠠᠳᠢᠣ᠋ ᠪᠠᠷ ᠲᠣᠰᠬᠠᠢ ᠲᠠᠭᠤᠴᠢᠨ ᠢ ᠣᠷᠢᠨ ᠲᠠᠭᠤᠯᠠᠭᠤᠯᠳᠠᠭ ᠪᠠᠶᠢᠯ᠎ᠠ᠃ ᠣᠪᠣᠭᠠᠨ ᠨᠠᠭᠠᠳᠣᠮ ᠵᠡᠷᠬᠡ ᠶᠢᠨ ᠪᠠᠭᠠᠪᠳᠣᠷ ᠨᠠᠭᠠᠳᠣᠮ ᠳᠤ ᠨᠣᠳᠤᠭ ᠤᠨ ᠲᠠᠭᠤᠴᠢᠨ ᠭᠤᠣᠯᠯᠠᠨ᠂ ᠰᠠᠶᠢᠨ ᠲᠣᠷ᠎ᠠ ᠶᠢᠨ ᠲᠠᠭᠤᠴᠢᠳ ᠲᠠᠭᠤᠯᠠᠳᠠᠭ᠃ ᠮᠦᠡᠴᠣ ᠪᠠᠷᠢᠯᠳᠣᠭᠠᠨ ᠤ ᠲᠣᠮᠳᠠ ᠰᠠᠶᠢᠬᠠᠨ ᠰᠠᠶᠢᠬᠠᠨ ᠣᠷᠳᠣ ᠶᠢᠨ ᠲᠠᠭᠤᠣ ᠨᠤᠭᠤᠳ ᠢ ᠲᠠᠭᠤᠯᠠᠳᠠᠭ᠃ ᠣᠡᠴᠠᠭᠠᠶᠢᠯᠠᠨ ᠲᠣᠷᠠᠳᠣᠪᠠᠯ ᠨᠣᠳᠤᠭ ᠤᠨ ᠪᠠᠷᠢᠯᠳᠣᠭᠠᠨ ᠦᠳᠡ ᠶᠢᠨ ᠬᠤᠶᠢᠨ᠎ᠠ ᠨᠠᠷᠠ ᠣᠷᠣᠬᠤ ᠦᠶ᠎ᠡ ᠪᠠᠷ ᠲᠡᠬᠡᠳᠣ ᠲᠦᠷᠪᠠ ᠪᠤᠶᠦ ᠨᠠᠢᠮᠠ ᠶᠢᠨ ᠪᠠᠷᠢᠯᠳᠣᠭᠠᠨ ᠪᠤᠯᠬᠤ ᠳᠤ ᠨᠣᠳᠤᠭ ᠤᠨ ᠠᠬᠠᠮᠠᠳ ᠲᠣᠮᠣᠭᠠᠳᠠᠳ ᠮᠢᠨᠢ ︽ᠪᠦᠬᠡ ᠲᠠᠭᠤᠳᠠᠬᠤ︾ ᠨᠢ ᠲᠣᠩ ᠣᠳᠬ᠎ᠠ ᠠᠭᠤᠯᠭ᠎ᠠ ᠲᠠᠢ᠂ ᠪᠠᠶᠠᠷ ᠬᠦᠷ ᠲᠠᠢ ᠰᠠᠨᠠᠭᠳᠠᠳᠠᠭ᠃ ᠲᠡᠷᠡ ᠬᠦ ᠣᠯᠠᠨ ᠰᠠᠶᠢᠬᠠᠨ ᠦᠵᠡᠭᠴᠢᠳ ᠬᠠᠮᠳᠣ ᠪᠠᠷ ︽ᠪᠦᠬᠡ ᠪᠠᠨ ᠲᠠᠯᠪᠢ︾ ᠬᠡᠵᠣ ᠣᠯᠠᠨ ᠶᠠᠩᠵᠣ ᠶᠢᠨ ᠠᠶᠠᠯᠭᠤ ᠨᠠᠶᠢᠯᠡᠬᠦᠯᠣᠨ ᠲᠠᠭᠤᠯᠠᠬᠤ ᠨᠢ ᠨᠠᠰᠣᠨ ᠤ ᠮᠢᠨᠢ ᠦᠨᠢᠳᠠ ᠮᠠᠷᠳᠠᠵᠣ ᠴᠢᠳᠠᠬᠤ ᠦᠬᠡᠢ ᠰᠠᠶᠢᠬᠠᠨ ᠲᠣᠷᠠᠳᠬᠠᠯ ᠪᠤᠯᠳᠠᠭ ᠪᠢᠯᠠ᠃ ᠲᠡᠷᠡ ᠲᠠᠭᠤᠤ ᠳᠤ ᠬᠦᠴᠣ ᠬᠡᠶᠢᠮᠣᠷᠢ ᠮᠢᠨᠢ ᠪᠣᠰᠳᠠᠭ ᠪᠠᠶᠢᠯ᠎ᠠ᠃      ᠵᠢᠷᠭᠤᠭ᠎ᠠ᠂ ᠪᠦᠬᠡ ᠶᠢᠨ ᠨᠤᠭᠤᠯᠤᠭ᠎ᠠ ᠲᠠᠭᠠᠷᠠᠭᠤᠯᠣᠨ ᠪᠠᠷᠢᠯᠳᠣᠬᠤ ᠠᠷᠭ᠎ᠠ      128 ᠪᠦᠬᠡ ᠶᠢᠨ ᠨᠤᠭᠤᠯᠤᠭ᠎ᠠ ᠪᠠᠷᠢᠯᠳᠣᠭᠠᠨ ᠪᠣᠯᠪᠠᠯ ᠡᠬᠢᠯᠡᠯᠳᠠ ᠶᠢᠨ ᠨᠣᠭᠤᠯᠤᠭ᠎ᠠ ᠳᠤ ᠵᠡᠬᠦᠨ ᠲᠠᠯ᠎ᠠ ᠶᠢᠨ ᠲᠡᠬᠡᠳᠣ ᠲᠠᠯ᠎ᠠ ᠠᠴᠠ ᠲᠦᠷᠪᠠ ᠪᠣᠶᠣ ᠨᠠᠢᠮᠠᠨ ᠪᠦᠬᠡ ᠵᠡᠷᠬᠡ ᠪᠠᠷ ᠵᠡᠷᠬᠡᠴᠡᠨ ᠭᠠᠷᠣᠨ᠎ᠠ᠂ ᠲᠣᠣᠷᠠᠳᠣ ᠲᠠᠯ᠎ᠠ ᠶᠢᠨ ᠢᠳᠡᠰᠢ ᠶᠢᠨ ᠨᠠᠢᠮᠠᠨ ᠪᠦᠬᠡ ᠮᠦᠨ ᠲᠡᠪᠢᠨ ᠭᠠᠷᠴᠣ ᠵᠦᠷᠢᠯᠳᠣᠬᠦᠯᠣᠨ ᠪᠠᠷᠢᠯᠳᠣᠬᠤ ᠠᠷᠭ᠎ᠠ ᠪᠠᠷ ᠪᠠᠷᠢᠯᠳᠣᠨ᠎ᠠ᠃ × × × × × × × × ᠪᠠᠷᠠᠭᠤᠨ ᠭᠠᠷ ᠤᠨ ᠪᠦᠬᠡ ᠲᠠᠶᠢᠵᠠ × × × × × × × × ᠵᠡᠬᠦᠨ ᠭᠠᠷ ᠤᠨ ᠪᠦᠬᠡ ᠬᠡᠪᠡᠴᠣ 16 ᠶᠢᠨ ᠨᠤᠭᠤᠯᠤᠭ᠎ᠠ ᠡᠬᠢᠯᠡᠪᠡᠯ ᠲᠡᠬᠡᠳᠣ ᠲᠠᠯ᠎ᠠ ᠠᠴᠠ ᠲᠦᠷᠪᠡᠨ ᠪᠦᠬᠡ᠂ ᠲᠣᠣᠷᠡᠳᠣ ᠲᠠᠯ᠎ᠠ ᠠᠴᠠ ᠲᠦᠷᠪᠡᠨ ᠪᠦᠬᠡ ᠭᠠᠷᠴᠣ ᠵᠦᠷᠢᠯᠳᠣᠨ ᠪᠠᠷᠢᠯᠳᠣᠨ᠎ᠠ᠃ ᠲᠠᠬᠡᠳᠣ ᠰᠢᠯᠢᠳᠡᠭ ᠨᠠᠢᠮᠠᠨ ᠶᠢᠨ ᠨᠣᠭᠤᠯᠭ᠎ᠠ ᠡᠬᠢᠯᠡᠪᠡᠯ ᠬᠤᠶᠠᠷ ᠲᠠᠯ᠎ᠠ ᠠᠴᠠ ᠬᠤᠶᠠᠷ ᠬᠤᠣᠰ ᠪᠦᠬᠡ ᠭᠠᠷᠴᠣ ᠪᠠᠷᠢᠯᠳᠣᠨ᠎ᠠ᠃ ᠡᠨᠡ ᠮᠡᠳᠣ ᠪᠠᠷ ᠪᠠᠷᠢᠯᠳᠣᠨ ᠦᠵᠣᠬᠦᠷ ᠢᠶᠠᠨ ᠲᠡᠳ᠋ ᠤᠨ ᠪᠦᠬᠡ ᠪᠠᠨ ᠭᠠᠷᠭᠠᠨ᠎ᠠ᠂ ᠦᠵᠣᠬᠦᠷ ᠲᠡᠳ᠋ ᠪᠦᠬᠡ ᠶᠢᠨ ᠡᠮᠣᠨ᠎ᠠ ᠣᠣᠯ ᠨᠢ ᠭᠤᠷᠪᠠ ᠲᠦᠷᠪᠠ ᠶᠢᠨ ᠪᠦᠬᠡ ᠪᠠᠨ ᠪᠠᠷᠢᠯᠳᠣᠭᠤᠯᠣᠨ ᠭᠠᠷᠭᠠᠳᠠᠭ ᠪᠠᠶᠢᠯ᠎ᠠ ︵ᠣᠳᠣ ᠭᠠᠳᠠᠨ᠎ᠠ ᠠᠴᠠ ᠰᠣᠷᠴᠣ ᠭᠤᠷᠪᠠ ᠲᠦᠷᠪᠠ ᠶᠢᠨ ᠪᠦᠬᠡ ᠪᠠᠨ ᠪᠠᠷᠢᠯᠳᠣᠭᠤᠯᠬᠤ ᠦᠬᠡᠢ ᠪᠣᠯᠵᠡᠢ᠂ ᠱᠠᠩᠨᠠᠯ ᠨᠢ ᠴᠦ ᠠᠳᠠᠯᠢ ᠪᠣᠯᠵᠡᠢ︶᠃      ᠲᠡᠬᠡᠳᠣ ᠲᠦᠷᠪᠠᠨ ᠪᠦᠬᠡ ᠶᠢᠨ ᠦᠶᠠᠰ᠂ ᠬᠤᠶᠠᠷ ᠲᠠᠯ᠎ᠠ ᠠᠴᠠ ᠬᠤᠶᠠᠷ ᠬᠤᠣᠰ ᠪᠦᠬᠡ ᠭᠠᠷᠭᠠᠨ ᠠᠭᠠᠵᠢᠮ ᠪᠠᠷᠢᠯᠳᠣᠭᠤᠯᠬᠤ ᠨᠢ ᠰᠠᠶᠢᠨ ᠪᠦᠬᠡᠴᠢᠳ ᠤᠨ ᠪᠠᠷᠢᠯᠳᠣᠭᠠᠨ ᠢ ᠰᠠᠶᠢᠳᠣᠷ ᠰᠣᠨᠢᠷᠬᠠᠨ ᠨᠡᠷᠡᠳᠣ ᠪᠦᠬᠡ ᠶᠢᠨ ᠭᠤᠶᠢᠳᠠ ᠪᠠᠷᠢᠯᠳᠣᠭᠠᠨ ᠢ ᠦᠵᠡᠭᠴᠢ ᠲᠦᠮᠡᠨ ᠳᠤ ᠰᠣᠨᠢᠷᠬᠠᠭᠤᠯᠣᠨ ᠭᠤᠸ᠎ᠠ ᠰᠠᠶᠢᠬᠠᠨ ᠣᠶᠣᠨ ᠰᠠᠨᠠᠭᠠᠨ ᠤ ᠬᠦᠷᠳᠡᠬᠡᠯ ᠣᠯᠭᠤᠨ ᠦᠵᠡᠬᠦᠯᠬᠦ ᠶᠢᠨ ᠲᠦᠯᠣᠬᠡ ᠶᠣᠮ᠃ ᠨᠤᠭᠤᠯᠤᠭ᠎ᠠ ᠲᠠᠭᠠᠷᠠᠵᠣ ᠪᠠᠷᠢᠯᠳᠣᠭᠠᠳ ᠨᠤᠭᠤᠯᠤᠭ᠎ᠠ ᠪᠠᠨ ᠲᠠᠪᠠᠪᠠᠯ ᠲᠡᠬᠡᠳᠣ ᠲᠠᠯ᠎ᠠ ᠶᠢᠨ ᠰᠠᠶᠢᠨ ᠪᠦᠬᠡ᠂ ᠢᠳᠡᠰᠢ ᠶᠢᠨ ᠲᠣᠣᠷᠠᠳᠣ ᠲᠠᠯ᠎ᠠ ᠶᠢᠨ ᠪᠦᠬᠡ ᠴᠤ ᠬᠡᠰᠠᠨ ᠪᠠᠷᠢᠯᠳᠣᠨ ᠬᠠᠶᠠᠪᠠᠯ ᠲᠡᠬᠡᠳᠣ ᠲᠠᠯ᠎ᠠ ᠶᠢᠨ ᠣᠷᠣᠨ ᠳᠤᠨᠢ ᠭᠠᠷᠴᠣ ᠰᠠᠭᠤᠨ᠎ᠠ᠃ ᠲᠡᠬᠡᠳᠣ ᠲᠠᠯ᠎ᠠ ᠠᠴᠠ ᠭᠠᠷᠣᠬᠰᠠᠨ ᠪᠦᠬᠡ ᠢ ᠬᠠᠶᠠᠬᠰᠠᠨ ᠣᠴᠢᠷ ᠣᠯᠠᠨ ᠪᠣᠢ᠃ ᠡᠨᠡ ᠮᠡᠳᠣ ᠪᠠᠷ ᠨᠤᠭᠤᠯᠤᠭ᠎ᠠ ᠪᠦᠷᠢ ᠬᠠᠶᠠᠬᠰᠠᠨ ᠪᠦᠬᠡ ᠨᠢ ᠲᠡᠬᠡᠳᠣ ᠲᠠᠯ᠎ᠠ ᠶᠢᠨ ᠣᠷᠣᠨ ᠳᠤ ᠣᠴᠢᠵᠣ᠂ ᠲᠠᠷᠠᠭ᠎ᠠ ᠶᠢᠨ ᠨᠣᠭᠤᠯᠭ᠎ᠠ ᠶᠢᠨ ᠪᠦᠬᠡ ᠲᠠᠢ ᠪᠠᠨ ᠵᠠᠯᠭᠠᠨ ᠪᠠᠷᠢᠯᠳᠣᠨ᠎ᠠ᠃      ᠲᠣᠯᠤᠭ᠎ᠠ᠂ ᠪᠦᠬᠡ ᠴᠣᠯᠠᠯᠠᠬᠤ      ᠠᠷᠭ᠎ᠠ ᠪᠠᠷᠢᠯᠳᠣᠭᠠᠨ ᠢᠳᠡ ᠶᠠᠪᠣᠬᠳᠠᠵᠣ ᠲᠡᠬᠡᠳᠣ ᠲᠦᠷᠪᠠᠨ ᠪᠦᠬᠡ ᠦᠯᠡᠳᠡᠪᠡᠯ ᠡᠯ᠎ᠡ ᠵᠦᠢᠯ ᠤᠨ ᠱᠠᠩᠨᠡᠯ ᠣᠯᠭᠤᠨ᠎ᠠ᠂ ᠮᠣᠷᠢᠨ ᠤ ᠱᠠᠩᠨᠡᠯ᠂ ᠵᠢᠱᠢᠶᠠᠴᠢ ᠮᠠᠯᠴᠢᠨ᠂ ᠨᠡᠷᠡᠳᠣ ᠣᠶᠠᠭᠠᠴᠢ᠂ ᠨᠡᠷᠡᠳᠣ ᠪᠦᠬᠡ ᠪᠠᠨ ᠴᠣᠯᠯᠠᠬᠤ ᠵᠡᠷᠬᠡ ᠠᠵᠢᠯ ᠤᠳ ᠶᠠᠪᠣᠬᠳᠠᠨ᠎ᠠ᠃ ᠬᠦᠯᠣᠨ ᠪᠤᠶᠢᠷ ᠲᠤ ᠭᠤᠣᠯᠳᠠᠭᠤ ᠣᠣᠯ ᠤᠨ ᠨᠡᠷᠡᠳᠣ ᠰᠠᠶᠢᠨ ᠪᠦᠬᠡ ᠶᠢ ᠨᠠᠰᠤ ᠦᠡᠳᠣᠷ ᠪᠣᠯᠵᠣ ᠪᠠᠷᠢᠯᠳᠣᠬᠤ ᠦᠬᠡᠢ ᠴᠠᠭ ᠲᠤᠨᠢ ᠠᠯᠳᠠᠷ ᠭᠠᠪᠢᠶ᠎ᠠ ᠶᠢ ᠨᠢ ᠲᠠᠬᠢᠨᠳᠠ ᠦᠨᠡᠯᠡᠨ ᠮᠠᠡᠳᠣᠭᠤᠯᠵᠣ ︽ᠲᠠᠷᠬᠠᠨ ᠪᠦᠬᠡ︾ ᠶᠢᠨ ᠴᠣᠯᠠ ᠣᠯᠭᠤᠨ ᠬᠤᠶᠢᠴᠢ ᠦᠶ᠎ᠡ ᠳᠤ ᠬᠦᠮᠣᠵᠢᠯ ᠪᠣᠯᠭᠠᠨ᠎ᠠ᠃ ᠵᠠᠰᠠᠭ ᠤᠨ ᠲᠠᠯ᠎ᠠ ᠠᠴᠠ᠂ 1997 ᠣᠨ ᠳᠤ ᠭᠤᠴᠢᠨ ᠬᠤᠶᠠᠷ ᠨᠡᠷᠡᠰ ᠪᠦᠬᠡ ᠳᠤ ᠦᠪᠣᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠤ ᠲᠠᠪᠢᠨ ᠵᠢᠯ ᠤᠨ ᠣᠢ ᠳᠤ᠂ ᠨᠢᠬᠡ ᠣᠳᠠᠭ᠎ᠠ ᠠᠯᠪᠠᠨ ᠲᠠᠯ᠎ᠠ ᠠᠴᠠ ᠪᠦᠬᠡ ᠶᠢᠨ ᠴᠣᠯᠠ ᠣᠯᠭᠤᠵᠡᠢ᠂ ᠬᠦᠯᠣᠨ ᠪᠤᠶᠢᠷ ᠠᠶᠢᠮᠠᠭ ︵ᠬᠤᠳᠠ︶ ᠭᠤᠷᠪᠠᠨ ᠣᠳᠠᠭ᠎ᠠ ︵1983 ᠣᠨ ᠳᠤ ᠠᠷᠪᠠᠨ ᠨᠢᠬᠡᠨ ᠪᠦᠬᠡ᠂ 1991 ᠣᠨ ᠳᠤ ᠵᠢᠷᠭᠤᠭᠠᠨ ᠪᠦᠬᠡ᠂ 2007 ᠣᠨ ᠳᠤ ᠲᠦᠷᠪᠠᠨ ᠪᠦᠬᠡ︶᠂ ︽ᠠᠶᠢᠮᠠᠭ ᠤᠨ ᠲᠠᠷᠬᠠᠨ ᠪᠦᠬᠡ︾ ᠶᠢᠨ ᠴᠣᠯᠠ ᠣᠯᠭᠤᠨ᠂ ᠰᠢᠨ᠎ᠠ ᠪᠠᠷᠭᠤ ᠵᠠᠬᠦᠨ ᠬᠤᠰᠢᠭᠤ ᠬᠤᠶᠠᠷ ᠣᠳᠠᠭ᠎ᠠ ︽ᠬᠤᠰᠢᠭᠤᠨ ᠤ ᠲᠠᠷᠬᠠᠨ ᠪᠦᠬᠡ︾ ᠶᠢᠨ ᠴᠣᠯᠠ ᠣᠯᠭᠤᠨ᠂ ᠰᠢᠨ᠎ᠠ ᠪᠠᠷᠭᠤ ᠵᠡᠬᠦᠨ ᠬᠤᠰᠢᠭᠤᠨ ᠤ ᠰᠣᠶᠣᠯ ᠲᠠᠮᠢᠷ ᠲᠣᠪᠴᠢᠶᠠᠨ ᠠᠴᠠ 2013 ᠣᠨ ᠤ ᠪᠦᠬᠡ ᠶᠢᠨ ᠣᠪᠣᠭᠠᠨ ᠲᠠᠬᠢᠯᠭ᠎ᠠ ᠳᠤ ᠠᠩᠬ᠎ᠠ ᠲᠡᠷᠢᠭᠦᠨ ᠠᠯᠪᠠᠨ ᠲᠠᠯ᠎ᠠ ᠠᠴᠠ ᠴᠣᠯᠠ ᠣᠯᠭᠤᠬᠤ ᠳᠠᠭᠠᠨ ᠲᠠᠬᠡᠳᠣ ᠠᠷᠪᠠᠨ ᠵᠢᠷᠭᠤᠭᠠᠨ ᠪᠦᠬᠡ ᠳᠤ ᠴᠣᠯᠠ ᠣᠯᠭᠤᠬᠤ ᠠᠵᠢᠯ ᠢ ᠬᠢᠵᠡᠢ᠃ 1998 ᠣᠨ ᠳᠤ ᠲᠠᠷᠭᠤᠨᠨᠠᠭᠤᠷ ᠰᠣᠮᠣᠨ ᠤ ᠠᠷᠠᠳ ᠤᠨ ᠨᠠᠭᠠᠳᠣᠮ ᠳᠤ ᠲᠦᠷᠪᠠᠨ ᠠᠬᠠᠮᠠᠳ ᠪᠦᠬᠡ ᠳᠤ ᠰᠣᠮᠣᠨ ᠤ ᠵᠠᠰᠠᠭ ᠤᠨ ᠣᠷᠳᠣᠨ ᠠᠴᠠ ︽ᠰᠣᠮᠣᠨ ᠤ ᠲᠠᠷᠬᠠᠨ ᠪᠦᠬᠡ︾ ᠶᠢᠨ ᠴᠣᠯᠠ ᠣᠯᠭᠤᠵᠡᠢ᠃      ᠬᠠᠷᠢᠨ ᠠᠭᠤᠯᠠ ᠣᠪᠣᠭᠠᠨ ᠤ ᠲᠠᠬᠢᠯᠭ᠎ᠠ ᠨᠠᠭᠠᠳᠣᠮ ᠳᠤ ᠭᠤᠷᠪᠠᠨ ᠵᠢᠯ ᠲᠠᠷᠠᠭᠠᠯᠠᠨ ᠲᠡᠷᠢᠬᠦᠨ ᠪᠦᠬᠡ ᠪᠣᠯᠪᠠᠯ ᠠᠭᠤᠯᠠ ᠣᠪᠣᠭᠠᠨ ᠤ ᠲᠠᠬᠢᠯᠭ᠎ᠠ ᠶᠢᠨ ᠵᠦᠪᠯᠡᠯ ᠤᠨ ᠲᠠᠷᠤᠭ᠎ᠠ ᠨᠠᠷ ᠶᠠᠷᠢᠯᠴᠠᠨ ᠲᠣᠰ ᠣᠪᠣᠭ᠎ᠠ ᠶᠢᠨ ︽ᠲᠠᠷᠬᠠᠨ ᠪᠦᠬᠡ︾ ᠶᠢᠨ ᠴᠣᠯᠠ ᠣᠯᠭᠤᠨ᠎ᠠ᠃ ᠡᠨᠡᠬᠦ ᠶᠣᠰᠣ ᠨᠢ ᠬᠤᠶᠢᠴᠢ ᠦᠶ᠎ᠡ ᠶᠢᠨ ᠰᠢᠨ᠎ᠡ ᠪᠠᠷ ᠭᠠᠷᠬᠤ ᠪᠦᠬᠡ ᠳᠤ ᠵᠠᠮ ᠲᠠᠯᠪᠢᠨ ᠬᠦᠮᠣᠵᠢᠬᠦᠯᠬᠦ ᠶᠣᠰᠣ ᠪᠢᠯᠠ᠃ ᠵᠢᠱᠢᠶᠠᠯᠠᠪᠠᠯ᠄ ᠰᠣᠮᠣᠨ ᠨᠠᠭᠠᠳᠣᠮ᠂ ᠪᠣᠬᠳᠠ ᠠᠭᠤᠯᠠ ᠶᠢᠨ ᠲᠠᠬᠢᠯᠭ᠎ᠠ᠂ ᠬᠤᠰᠢᠭᠤᠨ ᠣᠪᠣᠭᠠᠨ ᠲᠠᠬᠢᠯᠭ᠎ᠠ᠂ ᠰᠣᠮᠣᠨ ᠣᠪᠣᠭᠠᠨ ᠤ ᠲᠠᠬᠢᠯᠭ᠎ᠠ᠂ ᠬᠠᠯᠠ ᠶᠢᠨ ᠣᠪᠣᠭᠠᠨ ᠲᠠᠬᠢᠯᠭ᠎ᠠ ᠬᠡᠬᠦ ᠮᠡᠳᠣ ︽ᠲᠠᠷᠬᠠᠨ ᠪᠦᠬᠡ︾ ᠶᠢᠨ ᠴᠣᠯᠠ ᠣᠯᠭᠤᠨ ᠲᠣᠰᠬᠠᠢ ᠱᠠᠩᠨᠠᠯ ᠬᠦᠷᠳᠡᠬᠡᠨ᠂ ᠲᠣᠰ ᠭᠠᠵᠠᠷ ᠲᠠᠬᠢᠨ ᠪᠠᠷᠢᠯᠳᠣᠬᠤ ᠦᠬᠡᠢ᠂ ᠬᠦᠡᠳᠣᠳᠬᠡᠯ ᠤᠨ ᠰᠠᠭᠤᠳᠠᠯ ᠪᠣᠶᠣ ᠪᠦᠬᠡ ᠵᠠᠰᠠᠬᠤ ᠠᠵᠢᠯ ᠳᠤ ᠬᠠᠪᠰᠣᠷᠣᠭᠤᠯᠣᠨ ᠬᠦᠡᠳᠣᠳᠬᠡᠨ᠎ᠠ᠃ ︵ᠲᠣᠰ ᠭᠠᠵᠠᠷ ᠪᠦᠬᠡ ᠶᠢᠨ ᠠᠵᠢᠯ ᠤᠨ ᠲᠣᠬᠠᠢ ᠦᠬᠡ ᠶᠠᠷᠢᠬᠤ ᠡᠷᠬᠡ ᠲᠠᠢ ᠪᠣᠯᠣᠨ᠎ᠠ︶᠃      ᠦᠪᠣᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠪᠠᠶᠢᠭᠤᠯᠣᠬᠳᠠᠬᠰᠠᠨ ᠲᠠᠪᠢᠨ ᠵᠢᠯ ᠤᠨ ᠣᠢ ᠶᠢᠨ ᠣᠷᠣᠨ ᠲᠠᠶᠠᠭᠠᠷ ᠴᠣᠯᠠ ᠣᠯᠭᠤᠬᠤ ᠨᠠᠭᠠᠳᠣᠮ ᠳᠤ ᠲᠡᠬᠡᠳᠣ ᠠᠷᠪᠠᠨ ᠵᠢᠷᠭᠤᠭ᠎ᠠ ᠶᠢᠨ ᠨᠤᠭᠤᠯᠤᠭ᠎ᠠ ᠳᠤ ᠦᠯᠡᠳᠡᠭᠰᠠᠨ ᠪᠦᠬᠡ ᠡᠷᠳᠡᠮᠳᠣ ᠣᠷᠣᠨ ᠤ ᠦᠯᠵᠡᠢ ᠵᠢᠪᠬᠤᠯᠠᠩᠳᠣ ᠵᠠᠭᠠᠨ ᠴᠣᠯᠠ ᠬᠦᠷᠳᠡᠨ᠂ ᠭᠤᠴᠢᠨ ᠬᠤᠶᠠᠷ ᠤᠨ ᠨᠣᠭᠤᠯᠭ᠎ᠠ ᠳᠤ ᠪᠦᠬᠡ ᠰᠠᠡᠴᠢᠷ ᠪᠠᠷᠰ ᠴᠣᠯᠠ ᠬᠦᠷᠳᠡᠵᠡᠢ᠃      ᠲᠠᠷᠬᠠᠨ ᠪᠦᠬᠡ ᠶᠢᠨ ᠴᠣᠯᠠ ᠣᠯᠭᠤᠬᠤ ᠨᠢ ᠲᠣᠩ ᠨᠠᠷᠢᠯᠢᠭ ᠠᠵᠢᠯ᠂ ᠴᠣᠯᠠ ᠣᠯᠬᠤ ᠪᠦᠬᠡ ᠨᠢ ᠨᠡᠯᠢᠶᠡᠳ ᠶᠡᠭᠡ ᠠᠮᠵᠢᠯᠳᠠ ᠪᠦᠳᠣᠮᠵᠢ ᠲᠠᠢ ᠪᠠᠶᠢᠬᠤ ᠬᠡᠷᠡᠭᠳᠡᠢ᠂ ᠡᠬᠦᠨ ᠳᠤ ᠠᠶᠢᠮᠠᠭ ᠤᠨ ᠨᠠᠭᠠᠳᠣᠮ ᠤᠨ 512 ᠪᠦᠬᠡ ᠲᠠᠢ ᠨᠣᠭᠤᠯᠤᠭ᠎ᠠ ᠪᠠᠷᠢᠯᠳᠣᠭᠠᠨ ᠳᠤ ᠲᠡᠬᠡᠳᠣ ᠲᠦᠷᠪᠠ ᠳᠤ ᠦᠯᠡᠳᠡᠭᠰᠠᠨ ᠪᠦᠬᠡ ︽ᠠᠶᠢᠮᠠᠭ ᠤᠨ ᠲᠠᠷᠬᠠᠨ ᠪᠦᠬᠡ︾ ᠶᠢᠨ ᠴᠣᠯᠠ ᠬᠦᠷᠳᠡᠬᠦ᠂ ᠬᠤᠰᠢᠭᠤᠨ ᠤ ᠲᠠᠷᠬᠠᠨ ᠪᠦᠬᠡ ᠨᠢ ᠬᠤᠰᠢᠭᠤ ᠨᠠᠭᠠᠳᠣᠮ ᠳᠤ ᠨᠢᠬᠡ ᠣᠳᠠᠭ᠎ᠠ ᠠᠴᠠ ᠲᠡᠬᠡᠭᠰᠢ 256 ᠪᠦᠬᠡ ᠶᠢᠨ ᠪᠠᠷᠢᠯᠳᠣᠭᠠᠨ ᠳᠤ ᠲᠡᠬᠡᠳᠣ ᠲᠦᠷᠪᠠ ᠳᠤ ᠦᠯᠡᠳᠡᠭᠰᠠᠨ ᠪᠦᠬᠡ ︽ᠬᠤᠰᠢᠭᠤᠨ ᠤ ᠲᠠᠷᠬᠠᠨ ᠪᠦᠬᠡ︾ ᠶᠢᠨ ᠴᠣᠯᠠ ᠬᠦᠷᠳᠡᠬᠦ᠂ ᠰᠣᠮᠣᠨ ᠤ ᠲᠠᠷᠬᠠᠨ ᠪᠦᠬᠡ ᠨᠢ ᠠᠶᠢᠮᠠᠭ ᠬᠤᠰᠢᠭᠤ ᠲᠠᠶᠠᠭᠠᠷ ᠨᠡᠯᠢᠶᠡᠳ ᠠᠯᠳᠠᠷ ᠲᠠᠢ᠂ ᠰᠣᠮᠣᠨ ᠤ ᠨᠡᠷ᠎ᠡ ᠠᠯᠳᠠᠷ ᠢ ᠨᠠᠯᠢᠶᠡᠳ ᠮᠠᠡᠳᠣᠭᠤᠯᠣᠬᠰᠠᠨ ᠪᠣᠬᠳᠠ ᠠᠭᠤᠯᠠ ᠶᠢᠨ ᠲᠠᠬᠢᠯᠭ᠎ᠠ ︵ᠣᠴᠢᠷ ᠨᠢ ᠰᠢᠨ᠎ᠠ ᠪᠠᠷᠭᠤ ᠵᠡᠬᠦᠨ᠂ ᠪᠠᠷᠠᠭᠤᠨ ᠬᠤᠰᠢᠭᠤ ᠵᠠᠰᠠ ᠨᠡᠶᠢᠯᠡᠨ ᠬᠦᠯᠣᠨ ᠪᠤᠶᠢᠷ ᠢᠶᠠᠷ ᠢᠶᠠᠨ ᠲᠠᠬᠢᠳᠠᠭ︶ ᠵᠡᠷᠬᠡ ᠨᠠᠶᠢᠷ ᠨᠠᠭᠠᠳᠣᠮ ᠳᠤ ᠦᠵᠤᠬᠦᠷ ᠲᠡᠳ᠋ ᠳᠤ ᠦᠯᠡᠳᠡᠭᠰᠡᠨ ᠪᠦᠭᠡ ᠪᠤᠶᠦ ᠤᠯᠠᠨ ᠵᠢᠯ ᠪᠠᠷᠢᠯᠳᠣᠬᠰᠠᠨ ᠪᠦᠬᠡ ᠳᠤ ︽ᠰᠣᠮᠣᠨ ᠤ ᠲᠠᠷᠬᠠᠨ ᠪᠦᠬᠡ︾ ᠶᠢᠨ ᠴᠣᠯᠠ ᠣᠯᠭᠤᠨ᠎ᠠ᠃      ᠨᠠᠢᠮᠠ᠂ ᠦᠵᠣᠬᠦᠷ ᠤᠨ ᠲᠦᠷᠪᠠᠨ ᠪᠦᠬᠡ ᠪᠠᠨ ᠪᠠᠷᠢᠯᠳᠣᠭᠤᠯᠬᠤ ᠠᠷᠭ᠎ᠠ      ᠵᠡᠬᠦᠨ ᠲᠠᠯ᠎ᠠ ᠶᠢᠨ ᠦᠵᠣᠬᠦᠷ ᠪᠦᠬᠡ ᠨᠢ ᠪᠠᠷᠠᠭᠤᠨ ᠲᠠᠯ᠎ᠠ ᠶᠢᠨ ᠬᠤᠶᠠᠷ ᠲᠤ ᠵᠣᠬᠰᠣᠬᠰᠠᠨ ᠪᠦᠬᠡ ᠲᠠᠢ ᠪᠠᠷᠢᠯᠳᠣᠭᠤᠯᠣᠨ᠂ ᠪᠠᠷᠠᠭᠤᠨ ᠲᠠᠯ᠎ᠠ ᠶᠢᠨ ᠦᠵᠣᠬᠦᠷ ᠪᠦᠬᠡ ᠨᠢ ᠵᠡᠬᠦᠨ ᠲᠠᠯ᠎ᠠ ᠶᠢᠨ ᠬᠤᠶᠠᠷ ᠲᠤ ᠵᠣᠬᠰᠣᠬᠰᠠᠨ ᠪᠦᠬᠡ ᠲᠠᠢ ᠪᠠᠷᠢᠯᠳᠣᠨ᠎ᠠ ︵ᠲᠡᠬᠡᠳᠣ ᠲᠠᠯ᠎ᠠ ᠶᠢᠨ ᠪᠦᠬᠡ ᠨᠢ ᠲᠣᠣᠷᠠᠳᠣ ᠲᠠᠯ᠎ᠠ ᠶᠢᠨ ᠪᠦᠬᠡ ᠲᠠᠢ ᠪᠠᠷᠢᠯᠳᠣᠨ᠎ᠠ︶᠃ ᠬᠤᠶᠠᠷ ᠬᠤᠣᠰ ᠲᠦᠷᠪᠠᠨ ᠪᠦᠬᠡ ᠪᠠᠨ ᠪᠦᠬᠡ ᠲᠠᠭᠤᠳᠠᠬᠤ ᠲᠠᠭᠤᠤ ᠶᠢᠨ ᠠᠶᠠᠰ ᠢᠶᠠᠷ ᠬᠤᠶᠠᠷ ᠲᠠᠯ᠎ᠠ ᠶᠢᠨ ᠪᠦᠬᠡ ᠶᠢᠨ ᠵᠠᠰᠠᠭᠤᠯ ︵ᠪᠦᠬᠡ ᠶᠢᠨ ᠪᠠᠭᠰᠢ ᠵᠢᠴᠢ ᠪᠦᠬᠡ ᠶᠢᠨ ᠲᠣᠳᠣᠨᠣ ᠬᠦᠮᠣᠰ︶ ᠲᠦᠷᠪᠠᠨ ᠪᠦᠬᠡ ᠪᠠᠨ ᠬᠠᠮᠳᠣ ᠪᠠᠷ ᠰᠦᠷ ᠵᠢᠪᠬᠤᠭ᠎ᠠ ᠲᠠᠢ ᠪᠠᠷ ᠲᠡᠪᠢᠨ ᠭᠠᠷᠭᠠᠨ ᠪᠠᠷᠢᠯᠳᠣᠭᠤᠯᠣᠨ᠎ᠠ᠃      ᠶᠢᠰᠣ᠂ ᠱᠠᠩᠨᠠᠯ ᠣᠯᠭᠤᠬᠤ      ᠮᠣᠩᠭᠤᠯ ᠪᠦᠬᠡ ᠶᠢᠨ ᠨᠠᠶᠢᠷ ᠨᠠᠭᠠᠳᠣᠮ ᠪᠦᠷᠢ ᠡᠬᠢᠯᠡᠯᠳᠠ ᠠᠴᠠ ᠲᠡᠬᠦᠰᠬᠡᠯ ᠬᠦᠷᠳᠡᠯ᠎ᠡ ᠠᠳᠠᠯᠢ ᠦᠬᠡᠢ ᠱᠠᠩ ᠲᠠᠢ᠂ ᠱᠠᠩᠨᠠᠯ ᠤᠨ ᠶᠡᠭᠡ ᠪᠠᠭ᠎ᠠ ᠨᠢ ᠵᠤᠬᠢᠶᠠᠨ ᠪᠠᠶᠢᠭᠤᠯᠬᠤ ᠨᠢᠬᠡᠴᠠ ᠠᠴᠠ ᠨᠦᠬᠦᠴᠡᠯ ᠢ ᠪᠦᠷᠢᠯᠳᠣᠬᠦᠯᠣᠨ᠎ᠠ᠃ ᠣᠣᠯ ᠨᠢ ᠬᠠᠭᠠᠰ ᠲᠠᠭᠠᠷ ᠪᠣᠳᠠᠭ᠎ᠠ᠂ ᠭᠤᠯᠢᠷ᠂ ᠬᠠᠭᠠᠰ ᠬᠡᠪ ᠤᠨ ᠴᠠᠢ᠂ ᠬᠤᠵᠢᠮ ᠨᠢ ᠴᠠᠢ᠂ ᠨᠣᠣᠰᠣᠨ ᠲᠠᠡᠽᠢ᠂ ᠷᠠᠳᠢᠣ᠋᠂ ᠬᠠᠯᠠᠭᠤᠨ ᠣᠰᠣᠨ ᠤ ᠰᠠᠪᠠ᠂ ᠪᠠᠭ᠎ᠠ ᠰᠢᠭᠬᠡᠬᠡᠯᠳᠠ ᠶᠢᠨ ᠮᠠᠰᠢᠨ ᠵᠡᠷᠭᠡ᠃ ᠣᠳᠤ ᠮᠠᠨ ᠤ ᠨᠣᠳᠤᠭ ᠤᠨ ︵ᠬᠦᠯᠣᠨ ᠪᠤᠶᠢᠷ︶ ᠦᠡᠳᠣᠷ ᠱᠠᠩᠨᠠᠯ ᠨᠢ ᠠᠷᠠᠳ ᠤᠨ ᠵᠣᠭᠤᠰ ᠨᠠᠢᠮᠠᠨ ᠲᠦᠮᠡ᠂ ᠬᠤᠶᠠᠷ ᠲᠦᠮᠡᠨ ᠲᠦᠬᠦᠷᠢᠭ ᠬᠦᠷᠴᠣ᠂ ᠮᠦᠡᠴᠣ ᠡᠳ᠋ ᠪᠣᠳᠡᠰ᠂ ᠲᠠᠪᠣᠨ ᠬᠤᠰᠢᠭᠤ ᠮᠠᠯ᠂ ᠪᠠᠭ᠎ᠠ ᠲᠷᠡᠭᠲ᠋ᠣᠷ᠂ ᠮᠣᠲ᠋ᠣᠷ᠂ ᠲᠧᠯᠧᠢᠰ ᠵᠢᠩᠬᠢᠨᠢ ᠰᠢᠵᠢᠷ ᠠᠯᠳᠠᠠ ᠮᠧᠲ᠋ᠠᠯ ᠬᠡᠬᠦ ᠮᠡᠳᠣ ᠱᠠᠩᠨᠠᠯ ᠣᠯᠭᠤᠨ᠎ᠠ᠃ ᠪᠦᠬᠡ ᠶᠢᠨ ᠪᠠᠷᠢᠯᠳᠣᠭᠠᠨ ᠤ ᠲᠡᠷᠢᠬᠦᠨ ᠨᠤᠭᠤᠯᠤᠭ᠎ᠠ ᠡᠷᠬᠢᠯᠡᠬᠦ ᠳᠤ ᠯᠠ ᠢᠳᠡᠰᠢ ᠶᠢᠨ ᠪᠦᠬᠡ ᠨᠢ ᠪᠠᠭ᠎ᠠ ᠬᠡᠮᠵᠢᠶᠠᠨ ᠤ ᠱᠠᠩ ᠲᠠᠢ᠂ ᠨᠣᠭᠤᠯᠤᠭ᠎ᠠ ᠲᠡᠬᠡᠭᠰᠢᠯᠡᠬᠦ ᠪᠦᠷᠢ ᠱᠠᠩᠨᠡᠯ ᠨᠢ ᠨᠡᠮᠡᠭᠳᠡᠨ᠎ᠡ᠂ ᠶᠡᠭᠡ ᠨᠠᠭᠠᠳᠣᠮ ᠳᠤ 32᠂ 16 ᠶᠢᠨ ᠨᠤᠭᠤᠯᠤᠭ᠎ᠠ ᠪᠠᠷᠢᠯᠳᠣᠭᠠᠨ ᠠᠴᠠ ᠱᠠᠩᠨᠠᠯ ᠨᠡᠯᠢᠶᠡᠳ ᠰᠠᠶᠢᠵᠢᠷᠠᠨ᠎ᠠ᠂ ᠲᠡᠬᠡᠳᠣ ᠨᠠᠢᠮᠠᠨ ᠪᠦᠬᠡ ᠶᠢᠨ ᠱᠠᠩ ᠨᠡᠯᠢᠶᠡᠳ ᠰᠠᠶᠢᠨ᠂ ᠦᠵᠣᠬᠦᠷ ᠪᠦᠬᠡ ᠶᠢᠨ ᠱᠠᠩᠨᠡᠯ ᠬᠠᠮᠤᠭ ᠶᠡᠭᠡ᠂ ᠲᠡᠳ᠋ ᠪᠦᠬᠡ ᠶᠢᠨ ᠱᠠᠩᠨᠡᠯ ᠨᠢ ᠦᠵᠣᠬᠦᠷ ᠪᠦᠬᠡ ᠠᠴᠠ ᠨᠡᠯᠢᠶᠡᠳ ᠪᠠᠭ᠎ᠠ᠂ ᠭᠤᠷᠪᠠ᠂ ᠲᠦᠷᠪᠠᠳᠣᠬᠡᠷ ᠪᠦᠬᠡ ᠶᠢᠨ ᠱᠠᠩᠨᠡᠯ ᠪᠠᠭ᠎ᠠ ᠯᠠ ᠵᠦᠷᠢᠶᠠᠨ ᠲᠠᠢ ︵ᠵᠠᠷᠢᠮ ᠦᠶᠡᠰ ᠠᠳᠠᠯᠢ ᠪᠠᠶᠢᠳᠠᠭ︶᠃ ᠶᠡᠭᠡ ᠨᠠᠭᠠᠳᠣᠮ ᠳᠤ ᠲᠡᠬᠡᠳᠣ ᠨᠠᠢᠮᠠᠨ ᠪᠦᠬᠡ ᠶᠢᠨ ᠱᠠᠩᠨᠡᠯ ᠢ ᠬᠠᠮᠳᠣ ᠳᠤᠨᠢ ᠣᠯᠭᠤᠨ᠎ᠠ᠂ ᠪᠠᠭ᠎ᠠ ᠰᠢᠭ᠋ ᠨᠠᠭᠠᠳᠣᠮ ᠳᠤ ᠲᠡᠬᠡᠳᠣ ᠲᠦᠷᠪᠠᠨ ᠪᠦᠬᠡ ᠶᠢᠨ ᠱᠠᠩᠨᠡᠯ ᠢ ᠬᠠᠮᠳᠣ ᠳᠤᠨᠢ ᠣᠯᠭᠤᠨ᠎ᠠ᠃ ᠲᠡᠬᠡᠳᠣ ᠲᠦᠷᠪᠠᠨ ᠪᠦᠬᠡ ᠪᠠᠷᠢᠯᠳᠣᠬᠤ ᠠᠴᠠ ᠡᠮᠣᠨ᠎ᠠ ᠬᠡᠳᠤᠨ ᠲᠦᠷᠣᠯ ᠤᠨ ᠮᠣᠷᠢᠳ ᠤᠨ ᠱᠠᠩᠨᠡᠯ ᠣᠯᠭᠤᠨ᠎ᠠ᠂ ᠲᠡᠬᠢᠨ ᠲᠡᠬᠡᠳᠣ ᠲᠦᠷᠪᠠᠨ ᠪᠦᠬᠡ ᠪᠠᠨ ᠪᠠᠷᠢᠯᠳᠣᠭᠤᠯᠵᠣ ᠦᠵᠣᠬᠦᠷ ᠲᠡᠳ᠋ ᠢᠶᠠᠨ ᠭᠠᠷᠭᠠᠨ ᠱᠠᠩᠨᠡᠯ ᠦᠭᠬᠦ ᠶᠣᠰᠣᠯᠠᠯ ᠡᠬᠢᠯᠠᠨ ᠨᠠᠭᠠᠳᠣᠮ ᠢᠶᠠᠨ ᠳ᠋ᠦᠡᠭᠨᠠᠨ᠎ᠠ᠃                          ᠵᠣᠬᠢᠶᠠᠭᠴᠢ᠄ ᠰᠢᠷᠠᠶᠢᠳ · ᠮᠦᠡᠭᠭᠡ ᠶᠢᠨ ᠦᠯᠵᠠᠶᠢᠬᠤᠳᠤᠭ
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ