ᠬᠦᠯᠣᠨ ᠪᠤᠶᠢᠷ ᠤᠨ ᠲᠣᠯᠢᠶᠠᠳᠣ ᠪᠦᠬᠡ ᠶᠢᠨ ᠡᠮᠣᠰᠬᠡᠯ | ᠬᠦᠯᠣᠨ ᠪᠤᠶᠢᠷ ᠤᠨ ᠪᠦᠬᠡᠴᠢᠳ ᠬᠤᠷᠭᠤᠢ ᠡᠮᠵᠢᠶᠡᠷᠢ ᠲᠠᠢ ᠵᠣᠳᠤᠭ ᠡᠮᠣᠰᠣᠨ᠂ ᠰᠠᠶᠢᠨ ᠴᠢᠨᠠᠷ ᠤᠨ ᠰᠣᠷ ᠪᠣᠶᠣ ᠬᠠᠳᠠᠭ ᠵᠡᠷᠬᠡ ᠪᠠᠷ ᠵᠣᠳᠤᠭ ᠤᠨ ᠪᠦᠰᠡ | ᠪᠣᠯᠭᠠᠨ ᠪᠦᠰᠡᠯᠡᠵᠦ᠂ ᠣᠯᠠᠭᠠᠨ᠂ ᠨᠣᠭᠤᠭᠠᠨ᠂ ᠰᠢᠷ᠎ᠠ᠂ ᠴᠡᠩᠬᠡᠷ᠂ ᠬᠦᠬᠡ ᠵᠡᠷᠬᠡ ᠶᠢᠨ ᠰᠠᠶᠢᠬᠠᠨ ᠦᠩᠭᠡ ᠲᠠᠢ ᠡᠳ᠋ ᠢᠶᠠᠷ ᠦᠷᠬᠡᠨ ᠠᠭᠤᠵᠢᠮ ᠦᠮᠣᠳᠣ ᠬᠢᠵᠦ᠂ | ᠬᠦᠯ ᠳᠡᠭᠡᠨ ᠲᠦᠷᠪᠠᠨ ᠬᠦᠴᠣᠳᠠᠨ ᠢᠶᠠᠷ ᠪᠡᠯᠬᠡᠳᠡᠯ ᠪᠣᠯᠭᠠᠬᠰᠠᠨ ᠲᠣᠯᠢᠶ᠎ᠠ ᠵᠡᠬᠦᠵᠦ᠂ ᠵᠣᠵᠠᠭᠠᠨ ᠣᠯᠠ ᠲᠠᠢ ᠪᠣᠯᠢᠭᠠᠷᠢ ᠠᠷᠠᠰᠣᠨ ᠭᠤᠳᠣᠯ ᠢᠰᠬᠦᠯᠣᠨ᠂ | ᠭᠤᠳᠣᠯ ᠤᠨ ᠲᠦᠷᠡᠢ ᠪᠠᠨ ᠲᠣᠯᠢᠶ᠎ᠠ ᠵᠢᠬᠢᠷᠢᠭ ᠲᠠᠢ ᠨᠢ ᠶᠠᠪ ᠴᠠᠪ ᠪᠣᠯᠭᠠᠨ ᠣᠯᠠᠭᠠᠨ᠂ ᠴᠡᠩᠬᠡᠷ᠂ ᠰᠢᠷ᠎ᠠ ᠵᠡᠷᠬᠡ ᠶᠢᠨ ᠬᠤᠷᠴᠠ ᠦᠩᠭᠡ ᠲᠠᠢ ᠱᠠᠩᠬᠠᠢ ᠲᠣᠷᠭ᠎ᠠ ᠪᠠᠷ | ᠭᠤᠷᠪᠠᠨ ᠬᠤᠷᠣᠭᠤ ᠦᠷᠬᠡᠨ ᠲᠠᠷᠤᠭᠤᠯᠣᠨ ᠬᠤᠶᠢᠰᠢ ᠨᠢ ᠨᠠᠮᠢᠷᠠᠭᠤᠯᠣᠨ ᠣᠶᠠᠵᠣ ᠪᠠᠷᠢᠯᠳᠣᠨ᠎ᠠ᠃ ᠡᠶᠢᠨ ᠬᠦ ᠬᠦᠯᠣᠨ ᠪᠤᠶᠢᠷ ᠤᠨ ᠪᠦᠬᠡᠴᠢᠳ ᠤᠨ ᠪᠦᠬᠡ ᠶᠢᠨ | ᠡᠮᠣᠰᠬᠡᠯ ᠬᠡᠷᠡᠭᠰᠡᠯ ᠨᠢ ᠦᠪᠡᠷᠮᠢᠴᠠ ᠣᠡᠴᠡᠯᠢᠭ᠋ ᠲᠠᠢ ᠪᠠᠶᠢᠳᠠᠭ᠃ | ᠬᠤᠷᠭᠤᠢ ᠡᠮᠵᠢᠶᠡᠷᠢ ᠲᠠᠢ ᠵᠣᠳᠤᠭ ᠢ ᠬᠤᠶᠠᠷ ᠮᠦᠷᠣ ᠳᠡᠭᠡᠨ ᠡᠮᠣᠰᠴᠤ ᠭᠠᠷᠣᠯ᠎ᠠ ᠁ | ᠪᠠᠷᠢᠯᠳᠣᠬᠤ ᠪᠦᠬᠡ ᠶᠢᠨ ᠲᠦᠰᠢᠯᠬᠡ ᠨᠢ ᠪᠠᠷᠢᠭᠤᠯ ᠵᠢᠬᠢᠷᠢᠭ ᠬᠤᠶᠠᠷ ᠯᠠ ᠳ᠋ᠠ ᠁ ᠬᠡᠵᠣ ᠠᠷᠠᠳ ᠤᠨ ᠳᠠᠭᠤᠤ ᠳᠤ ᠲᠠᠭᠤᠯᠠᠳᠠᠭ᠃ ᠬᠦᠯ ᠳᠡᠭᠡᠨ | ᠭᠤᠷᠪᠠᠨ ᠲᠠᠪᠬᠤᠷ ᠣᠯᠠ ᠲᠠᠢ ᠠᠷᠠᠰᠣᠨ ᠭᠤᠳᠣᠯ ᠢᠰᠬᠦᠯᠵᠣ᠂ ᠡᠪᠣᠳᠦᠭ ᠰᠢᠯᠪᠢ ᠪᠠᠨ ᠬᠠᠮᠠᠭᠠᠯᠠᠬᠤ ᠶᠢᠨ ᠲᠣᠯᠠ ᠪᠠᠮᠪᠠᠢ ᠵᠢᠬᠢᠷᠢᠭ ᠵᠡᠬᠦᠵᠣ ︵ᠪᠠᠮᠪᠠᠢ ᠵᠢᠬᠢᠷᠢᠭ | ᠬᠤᠶᠠᠷ ᠤᠨ ᠨᠡᠶᠢᠯᠡᠪᠣᠷᠢ ᠶᠢ ᠲᠣᠯᠢᠶ᠎ᠠ ᠬᠡᠨ᠎ᠡ︶᠂ ᠲᠣᠯᠢᠶ᠎ᠠ ᠶᠢᠨ ᠲᠣᠯᠣᠭᠠᠢ ᠨᠢ ᠰᠦᠭᠡᠮ ᠬᠢᠷᠢ ᠭᠤᠳᠣᠯ ᠤᠨ ᠲᠦᠷᠡᠢ ᠠᠴᠠ ᠲᠡᠬᠡᠭᠰᠢ ᠭᠠᠷᠬᠤ ᠵᠢᠷᠤᠭ ᠲᠠᠢ ᠬᠡᠰᠡᠭ ᠢ | ᠲᠣᠯᠢ ᠬᠡᠨ᠎ᠡ᠃ | ᠲᠦᠷᠪᠠᠨ ᠬᠦᠴᠣᠳᠠᠨ ᠤ ᠵᠢᠷᠤᠭ ᠲᠡᠮᠳᠡᠭ ᠲᠠᠢ ᠠᠷᠰᠯᠠᠨ᠂ ᠪᠠᠷᠰ᠂ ᠯᠣᠣ᠂ ᠭᠠᠷᠣᠳᠢ᠂ ᠰᠠᠷᠯᠤᠭ ᠤᠨ ᠪᠣᠬ᠎ᠠ ᠶᠢᠨ ᠵᠢᠷᠤᠭ ᠲᠠᠢ ᠲᠣᠯᠢᠶ᠎ᠠ ᠪᠠᠷ ᠴᠤᠭ ᠰᠦᠯᠳᠠ | ᠪᠣᠯᠭᠠᠯ᠎ᠠ᠃ ᠡᠨᠡ ᠨᠢ ᠡᠷᠳᠡᠨ ᠤ ᠡᠷᠡᠯᠬᠡᠭ ᠲᠠᠶᠢᠴᠢᠳ ᠠᠴᠠ ᠢᠷᠡᠯᠳᠠ ᠲᠠᠢ᠂ ᠪᠠᠰᠠᠴᠣ ᠱᠠᠰᠢᠨ ᠤ ᠲᠦᠷᠪᠠᠨ ᠬᠦᠴᠣᠳᠠᠨ ᠤ ᠲᠠᠷᠣᠯᠭ᠎ᠠ ᠶᠢᠨ ᠢᠷᠡᠯᠳᠠ ᠲᠠᠢ᠂ ᠣᠳᠣ | ᠴᠤ ᠷᠠᠰᠢᠶᠠᠨ ᠰᠦᠮ᠎ᠡ ᠶᠢᠨ ᠡᠬᠦᠳᠡᠨ ᠤ ᠲᠦᠷᠪᠡᠨ ᠬᠦᠴᠣᠳᠡᠨ ᠤ ᠱᠣᠭᠤᠮᠠᠯ ᠠᠴᠠ ᠮᠡᠳᠡᠵᠣ ᠪᠣᠯᠣᠨ᠎ᠠ᠃ ᠭᠠᠷᠣᠳᠢ ᠶᠢᠨ ᠵᠢᠷᠤᠭ ᠢ ᠭᠤᠣᠯ ᠨᠢ ᠵᠣᠳᠤᠭ ᠤᠨ ᠠᠷᠣ | ᠲᠣᠯᠢ ᠪᠣᠯᠭᠠᠨ ᠬᠡᠷᠡᠭᠰᠡᠨ᠎ᠡ ︵ᠵᠣᠳᠤᠭ ᠢ ᠵᠢᠷᠤᠭ ᠠᠴᠠ ᠦᠵᠡ︶᠃ | ᠡᠨᠡ ᠨᠢ ᠵᠦᠪᠬᠡᠨ ᠬᠦᠯᠣᠨ ᠪᠤᠶᠢᠷ ᠤᠨ ᠪᠦᠬᠡᠴᠣᠳ ᠤᠨ ᠪᠠᠷᠢᠯᠳᠣᠭᠠᠨ ᠤ ᠬᠡᠯᠪᠡᠷᠢ ᠪᠣᠯᠣᠨ᠎ᠠ᠃ ᠪᠡᠶ᠎ᠡ ᠳᠡᠭᠡᠨ ᠪᠣᠯᠢᠭᠠᠷᠢ ᠠᠷᠠᠰᠣᠨ ᠵᠣᠳᠤᠭ ᠵᠢᠴᠢ ᠪᠡᠷᠵᠢᠩᠬᠢ | ᠂ ᠪᠦᠰᠠ ᠵᠡᠷᠬᠡ ᠶᠢ ᠬᠤᠷᠭᠤᠢ ᠲᠣᠷᠭ᠎ᠠ ᠪᠠᠷ ᠦᠡᠭᠬᠡᠯᠡᠨ᠂ ᠬᠤᠷᠭᠤᠢ ᠡᠮᠵᠢᠶᠡᠷᠢ ᠲᠠᠢ ᠵᠣᠳᠤᠭ ᠢ ᠲᠣᠷᠭᠠᠨ ᠣᠳᠠᠰᠣ ᠪᠣᠶᠣ ᠰᠣᠷ ︵ᠦᠳᠡᠬᠡᠷᠢ︶ ᠢᠶᠠᠷ ᠭᠦᠪᠦᠷᠢᠳᠴᠦ | ᠣᠶᠣᠨ ᠬᠢᠭᠰᠡᠨ ᠰᠢᠪᠠᠭᠤᠨ ᠵᠣᠳᠤᠭ᠂ ᠰᠡᠬᠦᠯ ᠳᠤᠨᠢ ᠮᠦᠡᠭᠬᠦᠨ ᠲᠣᠪᠣᠷᠣᠣ ᠲᠠᠢ ᠵᠣᠳᠤᠭ ᠡᠮᠣᠰᠴᠣ ᠪᠠᠷᠢᠯᠳᠣᠬᠤ ᠪᠣᠯᠵᠡᠢ ︵ᠵᠢᠷᠤᠭ ①︶᠃ | ᠬᠦᠯ ᠳᠡᠭᠡᠨ ᠣᠷᠣᠰ ᠭᠤᠳᠣᠯ ᠢᠰᠬᠦᠯᠵᠣ᠂ ᠭᠤᠳᠣᠯ ᠤᠨ ᠲᠦᠷᠡᠢ ᠲᠣᠳᠣᠷ᠎ᠠ ᠪᠠᠨ ᠪᠠᠬᠢᠯᠢᠭ᠌ ᠠᠷᠠᠰᠣ ᠪᠠᠷ ᠲᠣᠰᠬᠠᠢ ᠬᠢᠭᠰᠡᠨ ᠵᠢᠬᠢᠷᠢᠭ ︵ᠵᠢᠬᠢᠷᠢᠭ᠂ ᠪᠠᠮᠪᠠᠢ | ᠂ ᠲᠣᠯᠢᠶ᠎ᠠ︶ ᠬᠢᠨ᠎ᠡ᠃ ᠲᠣᠯᠢᠶ᠎ᠠ ᠶᠢᠨ ᠲᠣᠯᠣᠭᠠᠢ ᠨᠢ ᠰᠦᠭᠡᠮ ᠬᠢᠷᠢ ᠭᠤᠳᠣᠯ ᠤᠨ ᠲᠦᠷᠡᠢ ᠠᠴᠠ ᠲᠡᠬᠡᠭᠰᠢ ᠭᠠᠷᠴᠣ ᠡᠪᠣᠳᠣᠭ᠌ ᠢ ᠬᠠᠮᠠᠭᠠᠯᠠᠨ᠎ᠠ᠃ ᠲᠣᠯᠢᠶ᠎ᠠ ᠶᠢᠨ | ᠲᠣᠯᠣᠭᠠᠢ ᠶᠢᠨ ᠬᠡᠰᠡᠭ ᠢ ᠴᠡᠩᠬᠡᠷ᠂ ᠣᠯᠠᠭᠠᠨ᠂ ᠰᠢᠷ᠎ᠠ᠂ ᠨᠣᠭᠤᠭᠠᠨ ᠦᠡᠭᠬᠡ ᠪᠠᠷ ᠰᠢᠷᠳᠡᠵᠣ᠂ ᠲᠡᠬᠦᠨ ᠤ ᠲᠡᠬᠡᠷ᠎ᠡ ᠠᠷᠰᠯᠠᠨ᠂ ᠪᠠᠷᠰ᠂ ᠯᠣᠣ᠂ ᠰᠠᠷᠯᠤᠭ ᠤᠨ ᠪᠣᠬ᠎ᠠ | ︵ᠭᠠᠷᠣᠳᠢ ᠶᠢ ᠵᠣᠳᠤᠭ ᠤᠨ ᠠᠷᠣ ᠲᠣᠯᠢ ᠪᠣᠯᠭᠠᠨ᠎ᠠ︶ ᠵᠡᠷᠬᠡ ᠶᠢᠨ ᠬᠦᠴᠣᠳᠠᠨ ᠠᠷᠢᠶᠠᠳᠠᠨ ᠤ ᠵᠢᠷᠤᠭ ᠢ ᠭᠤᠶᠣᠯᠠᠨ ᠵᠢᠷᠣᠵᠣ ᠪᠦᠬᠡ ᠶᠢᠨ ᠰᠦᠷ ᠴᠢᠮᠡᠭ ᠪᠣᠯᠭᠠᠨ᠎ᠠ᠃ | ᠲᠣᠯᠢᠶ᠎ᠠ ᠬᠦᠳᠡᠯᠬᠦ ᠠᠴᠠ ᠪᠣᠯᠭᠤᠮᠵᠢᠯᠠᠨ ᠦᠡᠭᠬᠡ ᠪᠦᠷᠢ ᠶᠢᠨ ᠲᠣᠷᠭᠠᠨ ᠱᠠᠩᠬᠠᠢ ᠪᠠᠷ ᠣᠷᠣᠰ ᠭᠤᠳᠣᠯ ᠤᠨ ᠲᠦᠷᠡᠢ ᠶᠢ ᠣᠷᠢᠶᠠᠨ ᠣᠶᠠᠵᠣ᠂ ᠬᠠᠨ ᠭᠠᠷᠣᠳᠢ ᠶᠢᠨ | ᠲᠡᠪᠢᠯᠳᠠ ᠪᠠᠷ ᠲᠡᠪᠢᠨ ᠭᠠᠷᠴᠣ ᠪᠠᠷᠢᠯᠳᠣᠨ᠎ᠠ᠃ ᠪᠠᠷᠢᠴᠠ ᠨᠢ ᠰᠠᠷᠪᠡᠭᠡ ᠵᠠᠳᠠᠭᠠᠢ ᠪᠣᠶᠣ ᠲᠡᠪᠡᠷᠢᠵᠣ ᠪᠠᠷᠢᠨ᠎ᠠ᠃ ᠬᠦᠯᠣᠨ ᠪᠤᠶᠢᠷ ᠮᠠᠶ᠋ᠢᠭ ᠤᠨ ᠪᠦᠬᠡ ᠶᠢᠨ ᠮᠡᠭᠡ | ᠮᠡᠷᠬᠡᠵᠢᠯ ᠤᠨ ᠣᠡᠴᠠᠯᠢᠭ ᠨᠢ ᠵᠠᠳᠠᠭᠠᠢ ᠲᠠᠰᠢᠬᠤ᠂ ᠲᠡᠪᠡᠷᠢᠵᠣ ᠲᠠᠰᠢᠬᠤ᠂ ᠪᠣᠬᠠᠬᠤ᠂ ᠭᠤᠣᠯ ᠲᠡᠬᠡᠬᠡ ᠬᠢᠬᠦ᠂ ᠬᠡᠢ ᠲᠠᠳᠠᠯᠭ᠎ᠠ ᠮᠡᠭᠡ ᠬᠢᠬᠦ᠂ ᠬᠡᠢ ᠲᠠᠳᠠᠯᠭ᠎ᠠ ᠬᠢᠵᠣ | ᠪᠣᠬᠠᠬᠤ᠂ ᠬᠦᠯ ᠤᠨ ᠣᠯᠠᠨ ᠵᠦᠢᠯ ᠤᠨ ᠮᠡᠭᠡ ᠁ ᠵᠡᠷᠬᠡ ᠶᠢᠨ ᠮᠡᠭᠡ ᠮᠡᠷᠬᠡᠵᠢᠯ ᠤᠳ ᠢ ᠭᠤᠣᠯᠳᠠᠭᠤ ᠬᠡᠷᠡᠭᠯᠡᠨ᠎ᠡ᠃ ᠬᠦᠯᠣᠨ ᠪᠤᠶᠢᠷ᠂ ᠦᠵᠣᠮᠣᠴᠢᠨ ᠮᠠᠶ᠋ᠢᠭ ᠤᠨ | ᠪᠠᠷᠢᠯᠳᠣᠭᠠᠨ ᠪᠣᠯ ᠮᠠᠨ ᠤ ᠣᠷᠣᠨ ᠤ ᠭᠤᠣᠯ ᠪᠣᠯᠬᠤ ᠪᠠᠷᠢᠯᠳᠣᠭᠠᠨ ᠤ ᠬᠡᠯᠪᠡᠷᠢ ᠮᠦᠨ ᠪᠦᠬᠡᠳ ᠡᠨᠡ ᠬᠤᠶᠠᠷ ᠠᠶᠢᠮᠠᠭ ︵ᠬᠤᠳᠠ︶ ᠪᠣᠯ ᠮᠠᠨ ᠤ ᠣᠷᠣᠨ ᠤ | ᠪᠦᠬᠡ ᠶᠢᠨ ᠰᠠᠭᠤᠷᠢᠨ ᠭᠠᠵᠠᠷ ᠪᠣᠯᠬᠤ ᠶᠢᠨ ᠬᠠᠮᠳᠣ ᠮᠠᠨ ᠤ ᠣᠷᠣᠨ ᠤ ᠪᠦᠬᠡ ᠶᠢᠨ ᠦᠯᠣᠬᠡᠢ ᠨᠣᠳᠤᠭ ᠪᠤᠯᠬᠤ ᠶᠣᠮ ᠬᠡᠵᠣ ᠪᠦᠬᠡ ᠶᠢᠨ ᠰᠣᠳᠣᠯᠭᠠᠳᠠᠨ ᠡᠷᠳᠡᠮᠳᠡᠳ | ᠦᠨᠡᠯᠡᠯᠳᠠ ᠦᠭᠭᠦᠭᠰᠡᠨ ᠪᠢᠯᠡ᠃ 1987 ᠣᠨ ᠤ ᠦᠪᠣᠷ ᠮᠣᠩᠭᠤᠯ ᠤᠨ ᠲᠦᠴᠢᠨ ᠵᠢᠯ ᠤᠨ ᠪᠦᠬᠡ ᠶᠢᠨ ᠱᠠᠩᠨᠡᠯ ᠳᠤ ᠦᠭᠴᠣ ᠪᠠᠶᠢᠬᠰᠠᠨ ︽ᠲᠠᠮᠢᠷ ᠤᠨ ᠲᠣᠯᠢ︾ | ᠬᠡᠬᠦ ᠨᠣᠮ ᠳᠤ ᠢᠡᠭᠬᠢᠵᠦ ᠪᠢᠴᠢᠵᠣ ᠪᠠᠶᠢᠯ᠎ᠠ᠂ ᠲᠣᠰ ᠨᠠᠶᠢᠷ ᠲᠤᠬᠠᠢ ᠶᠢᠨ ᠦᠶ᠎ᠡ ᠳᠤ ᠦᠪᠣᠷ ᠮᠣᠩᠭᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ ᠲᠠᠮᠢᠷ ᠤᠨ | ᠲᠠᠯᠠᠪᠠᠢ ᠳᠤ ᠶᠠᠪᠣᠬᠳᠠᠵᠡᠢ᠃ | ᠬᠦᠯᠣᠨ ᠪᠤᠶᠢᠷ ᠪᠦᠬᠡ ᠶᠢᠨ ᠵᠣᠳᠤᠭ ᠤᠨ ᠲᠣᠬᠠᠢ | ᠪᠦᠬᠡ ᠭᠠᠷᠴᠣ ᠵᠣᠳᠣᠬᠯᠠᠬᠤ ᠨᠢ ᠪᠠᠷᠢᠯᠳᠣᠭᠠᠨ ᠤ ᠡᠬᠢᠯᠡᠯᠳᠠ ᠶᠢᠨ ᠭᠤᠣᠯ ᠨᠢᠬᠡᠨ ᠠᠵᠢᠯ ᠪᠣᠯᠣᠨ᠎ᠠ᠃ ᠵᠣᠳᠣᠬᠯᠠᠵᠣ ᠪᠠᠷᠢᠯᠳᠣᠬᠤ ᠨᠢ ᠬᠡᠳᠤ ᠬᠡᠳᠣᠨ ᠲᠦᠷᠣ᠂ | ᠴᠠᠭ ᠡᠷᠢᠨ ᠢ ᠦᠡᠭᠬᠡᠷᠡᠬᠡᠵᠡᠢ᠃ ᠡᠷᠳᠡ ᠳᠤ ᠨᠦᠬᠦᠴᠠᠯ ᠪᠠᠷᠣᠬᠳᠠᠢ ᠵᠢᠴᠢ ᠨᠡᠶᠢᠬᠡᠮ ᠤᠨ ᠬᠠᠷᠢᠴᠠᠭ᠎ᠠ ᠠᠳᠠᠯᠢ ᠦᠬᠡᠢ ᠠᠴᠠ ᠪᠠᠶᠠᠨ ᠨᠣᠶᠠᠠ ᠠᠶᠢᠯ ᠤᠨ ᠬᠡᠣᠬᠡᠳ | ᠬᠢᠬᠡᠳ ᠡᠬᠡᠯ ᠠᠷᠠᠳ ᠤᠨ ᠬᠡᠦᠬᠡᠳ ᠤᠨ ᠵᠦᠷᠢᠶᠠᠨ ᠶᠡᠭᠡ ᠪᠠᠶᠢᠵᠠᠢ᠃ ᠠᠮᠢᠳᠣᠷᠠᠯ ᠰᠠᠶᠢᠨ ᠠᠶᠢᠯ ᠤᠨ ᠪᠦᠬᠡ ᠨᠢ ᠮᠦᠡᠭᠬᠦᠨ ᠲᠣᠪᠣᠷᠣᠣ ᠲᠠᠢ ᠵᠣᠳᠤᠭ ᠲᠠᠢ | ᠪᠠᠷᠢᠯᠳᠣᠬᠤ ᠳᠤ ᠡᠬᠡᠯ ᠠᠷᠠᠳ ᠤᠨ ᠬᠡᠦᠬᠡᠳ ᠤᠳ ᠮᠠᠭᠤ ᠵᠣᠳᠤᠭ ᠪᠣᠶᠣ ᠲᠡᠪᠡᠯ ᠤᠨ ᠪᠦᠰᠡ ᠪᠠᠨ ᠮᠦᠷᠣᠪᠴᠢᠯᠠᠨ ᠪᠦᠰᠡᠯᠡᠵᠣ ᠵᠣᠳᠤᠭ ᠲᠠᠶᠣᠣ ᠪᠣᠯᠭᠠᠨ | ᠪᠠᠷᠢᠯᠳᠣᠳᠠᠭ᠂ ᠠᠷᠠᠳ ᠤᠨ ᠨᠢᠬᠡᠳᠣᠯ ᠤᠨ ᠦᠶ᠎ᠠ ᠳᠤ ᠰᠠᠶᠢᠨ ᠪᠠᠷᠢᠯᠳᠣᠬᠤ ᠪᠦᠬᠡ ᠳᠤ ᠰᠣᠮᠣ ᠨᠢᠬᠡᠳᠣᠯ᠂ ᠬᠤᠰᠢᠭᠤᠨ ᠠᠴᠠ ᠲᠣᠰᠬᠠᠢ ᠵᠣᠳᠤᠭ ᠭᠤᠳᠣᠯ ᠵᠢᠬᠢᠷᠢᠭ | ᠬᠢᠯᠬᠡᠨ ᠦᠭᠴᠣ ᠵᠣᠷᠢᠬᠵᠢᠭᠤᠯᠳᠠᠭ ᠪᠠᠶᠢᠯ᠎ᠠ᠃ ᠣᠳᠣ ᠨᠡᠶᠢᠭᠡᠮ ᠬᠦᠭᠵᠢᠵᠦ᠂ ᠠᠮᠢᠳᠣᠷᠡᠯ ᠰᠠᠶᠢᠵᠢᠷᠠᠬᠰᠠᠨ ᠠᠴᠠ ᠬᠦᠮᠳ ᠪᠦᠬᠦᠨ ᠡᠷᠬᠡ ᠲᠡᠭᠰᠢ᠂ ᠪᠦᠬᠡ ᠳᠤ | ᠲᠣᠷᠠᠳᠠᠢ ᠬᠦᠮᠳ ᠪᠦᠬᠦᠨ ᠦᠪᠡᠷ ᠲᠡᠭᠡᠨ ᠮᠦᠡᠭᠬᠦᠨ ᠲᠣᠪᠣᠷᠣᠣ ᠲᠠᠢ ᠵᠣᠳᠤᠭ ᠬᠢᠯᠬᠡᠵᠣ ᠪᠠᠷᠢᠯᠳᠣᠬᠤ ᠪᠣᠯᠵᠡᠢ᠃ ᠲᠡᠭᠡᠷ᠎ᠠ ᠵᠠᠭᠤᠨ ᠤ 70᠂ 80᠂ 90 ᠬᠡᠳ | ᠣᠨ ᠤ ᠡᠬᠢᠨ ᠤ ᠦᠶᠠᠰ ᠲᠤ ᠮᠠᠨ ᠤ ᠨᠣᠳᠤᠭ ᠤᠨ ᠪᠠᠷᠢᠯᠳᠣᠬᠤ ᠪᠦᠬᠡ ᠨᠦᠭᠦᠳ ︽ᠪᠡᠷᠵᠢᠩᠬᠡᠨ ᠵᠣᠳᠤᠭ︾ ᠤᠨ ᠠᠷᠣ ᠲᠡᠬᠡᠷ᠎ᠡ ᠲᠠᠪᠣᠨ ᠬᠤᠰᠢᠭᠤᠳᠣ ᠣᠳᠣ ᠪᠠᠷ | ᠵᠣᠳᠤᠭ ᠤᠨ ᠲᠣᠯᠢ ᠪᠣᠯᠭᠠᠨ᠂ ᠣᠯᠠᠭᠠᠨ ᠪᠦᠰ ᠡᠮᠵᠢᠶᠠᠷᠢ ᠲᠠᠢ ᠵᠣᠳᠤᠭ ᠲᠠᠢ ᠪᠠᠷᠢᠯᠳᠤᠳᠠᠭ ᠪᠠᠶᠢᠪᠠ ︵ᠵᠢᠷᠤᠭ ②︶᠂ ᠰᠡᠬᠦᠯ ᠳᠤᠨᠢ ᠣᠳᠣ ᠡᠮᠵᠢᠶᠠᠷᠢ ᠨᠢ | ᠰᠣᠯᠢᠭᠳᠠᠵᠣ᠂ ᠲᠣᠷᠭ᠎ᠠ ᠬᠤᠷᠭᠤᠢ ᠪᠠᠷ ᠡᠮᠵᠢᠶᠠᠷᠢᠯᠠᠨ ᠣᠯᠠᠮ ᠴᠤ ᠭᠤᠶᠣ ᠰᠠᠶᠢᠬᠠᠨ ᠪᠣᠯᠵᠡᠢ᠃ ᠵᠣᠳᠤᠭ ᠤᠨ ᠬᠠᠨᠴᠣᠢ ᠳᠤ ᠲᠦᠷᠪᠠᠨ ᠬᠤᠷᠣᠭᠤ ᠶᠢ ᠰᠢᠭᠠᠵᠣ | ᠪᠠᠷᠢᠬᠤ ᠪᠠᠷᠢᠴᠠ ᠦᠭᠬᠦᠨ᠎ᠠ᠂ ᠵᠣᠳᠤᠭ ᠤᠨ ᠪᠦᠰᠠ ᠶᠢ ᠭᠤᠷᠪᠠ ᠲᠦᠷᠪᠠᠨ ᠬᠤᠷᠣᠭᠤ ᠰᠣᠯᠠ ᠪᠦᠰᠡᠯᠡᠨ᠎ᠡ᠃ ᠦᠪᠣᠷ ᠮᠣᠩᠭᠤᠯ ᠤᠨ ᠲᠦᠴᠢᠨ ᠵᠢᠯ ᠤᠨ ᠣᠢ ᠠᠴᠠ | ᠬᠤᠶᠢᠰᠢ ᠣᠷᠣᠨ ᠤ ᠪᠠᠷᠢᠮᠵᠢᠶ᠎ᠠ ᠵᠣᠳᠤᠭ ᠬᠡᠵᠣ ᠡᠷᠬᠡ ᠮᠡᠳᠡᠯ ᠲᠠᠢ ᠬᠡᠳᠣᠨ ᠪᠠᠭᠰᠢ᠂ ᠲᠠᠷᠤᠭ᠎ᠠ ᠨᠠᠷ ᠪᠣᠰᠣᠳ ᠤᠨ ᠵᠠᠩ ᠲᠠᠳᠬᠠᠯ ᠢ ᠦᠯᠣ ᠬᠠᠶᠢᠬᠤᠷᠤᠨ᠂ | ᠦᠵᠣᠮᠣᠴᠢᠨ ᠮᠠᠶ᠋ᠢᠭ ᠤᠨ ᠵᠣᠳᠤᠭ ᠡᠮᠦᠰᠬᠦ ᠶᠢ ᠱᠠᠭᠠᠷᠳᠠᠭᠰᠠᠨ ᠠᠴᠠ ᠣᠳᠣ ᠴᠤ ᠮᠦᠨ ᠬᠡᠷᠡᠭᠯᠡᠵᠤ ᠪᠠᠶᠢᠨ᠎ᠠ᠃ | ᠬᠦᠯᠣᠨ ᠪᠤᠶᠢᠷ ᠤᠨ ᠪᠦᠬᠡ ᠶᠢᠨ ᠵᠣᠳᠤᠭ ᠨᠢ ᠦᠪᠡᠷᠮᠢᠴᠠ ᠣᠡᠴᠡᠯᠢᠭ᠋ ᠲᠠᠢ ᠪᠠᠶᠢᠳᠠᠭ | ᠰᠢᠪᠠᠭᠤᠨ ᠵᠣᠳᠤᠭ ᠵᠢᠴᠢ ᠪᠢᠳᠡᠬᠦᠣ ᠵᠣᠳᠤᠭ᠂ ᠬᠠᠨᠵᠢᠶᠠᠷ ᠵᠣᠳᠤᠭ ᠬᠡᠵᠣ ᠭᠤᠷᠪᠠᠨ ᠵᠦᠢᠯ ᠤᠨ ᠵᠣᠳᠤᠭ ᠪᠠᠶᠢᠪᠠ᠃ | 1. ᠰᠢᠪᠠᠭᠤᠨ ᠵᠣᠳᠤᠭ ᠢ ᠨᠠᠶᠢᠳᠡᠮ ᠡᠮᠦᠰᠦᠨ᠎ᠡ᠂ ᠪᠡᠶ᠎ᠡ ᠳᠤ ᠶᠠᠪ ᠴᠠᠪ ᠵᠣᠬᠢᠴᠠᠵᠣ ᠦᠪᠡᠷ ᠤᠨ ᠪᠡᠶ᠎ᠡ ᠳᠤ ᠲᠣᠩ ᠡᠪ ᠲᠠᠢ ᠪᠠᠶᠢᠳᠠᠭ᠂ ᠪᠠᠷᠢᠯᠳᠣᠬᠤ | ᠦᠶᠡᠰ ᠲᠤ ᠨᠦᠬᠦᠭᠡ ᠲᠠᠯ᠎ᠠ ᠮᠢᠨᠢ ᠪᠠᠷᠢᠴᠠ ᠠᠪᠬᠤ ᠳᠤ ᠭᠠᠷ ᠤᠨ ᠠᠳᠬᠤ ᠲᠦᠬᠦᠷᠬᠦ ᠦᠬᠡᠢ ᠪᠡᠷᠬᠡ ᠪᠠᠶᠢᠳᠠᠭ ︵ᠵᠢᠷᠤᠭ ③︶᠃ ᠵᠣᠳᠤᠭ ᠤᠨ ᠣᠷᠳᠣ ᠨᠢ | ᠪᠦᠬᠡ ᠶᠢᠨ ᠵᠡᠬᠦᠨ ᠲᠣᠬᠤᠢ ᠠᠴᠠ ᠪᠠᠷᠠᠭᠤᠨ ᠲᠣᠬᠤᠢ ᠶᠢᠨ ᠬᠢᠷᠢ ᠣᠷᠳᠣ᠂ ᠣᠬᠤᠷ ᠬᠠᠨᠴᠣᠢ ᠲᠠᠢ᠂ ᠨᠢᠷᠣᠭᠤᠨ ᠤ ᠣᠷᠳᠣ ᠨᠢ ᠣᠬᠤᠷ ᠪᠠᠶᠢᠳᠠᠭ ︵ᠬᠤᠶᠠᠷ | ᠰᠦᠬᠡᠮ︶᠃ | 2. ᠪᠢᠳᠡᠬᠦᠣ ᠵᠣᠳᠤᠭ ᠢ ᠲᠡᠶᠢᠮᠣ ᠣᠯᠠᠨ ᠪᠦᠬᠡ ᠡᠮᠦᠰᠳᠡᠭ ᠦᠬᠡᠢ᠂ ᠬᠠᠨᠴᠣᠢ ᠶᠢᠨ ᠣᠷᠳᠣ ᠨᠢ ᠲᠡᠬᠡᠷᠡᠬᠢ ᠲᠠᠢ ᠠᠳᠠᠯᠢ ᠲᠣᠬᠤᠢ ᠠᠴᠠ ᠢᠯᠡᠬᠦᠣ ᠭᠠᠷᠬᠤ | ᠦᠬᠡᠢ᠂ ᠨᠢᠷᠣᠭᠤ ᠨᠢ ᠣᠷᠳᠣ᠂ ᠬᠡᠳᠡᠰᠣ ᠪᠠᠷ ᠨᠢ ᠪᠢᠳᠡᠬᠦᠣ ᠴᠡᠬᠡᠵᠢᠨ ᠬᠡᠰᠡᠭ ᠢᠶᠠᠨ ᠭᠠᠷᠭᠠᠨ᠎ᠠ᠂ ᠪᠢᠳᠡᠬᠦᠣ ᠵᠣᠳᠤᠭ ᠨᠢ ᠪᠡᠶ᠎ᠡ ᠪᠦᠳᠣᠬᠦᠨ ᠲᠠᠢ ᠪᠦᠬᠡ ᠡᠮᠣᠰᠪᠠᠯ | ᠪᠠᠷᠢᠴᠠ ᠣᠯᠬᠤ ᠳᠤ ᠲᠣᠩ ᠬᠦᠴᠢᠷ ᠪᠠᠶᠢᠳᠠᠭ ︵ᠪᠠᠷᠢᠴᠠ ᠣᠯᠬᠤ ᠳᠤ ᠡᠪ ᠦᠬᠡᠢ ᠪᠠᠶᠢᠳᠠᠭ︶᠃ | 3. ᠬᠠᠨᠵᠢᠶᠠᠷ ᠮᠠᠶ᠋ᠢᠭ ᠤᠨ ᠵᠣᠳᠤᠭ ᠭᠡᠵᠦ ᠪᠠᠶᠢᠳᠠᠭ᠂ ᠵᠣᠳᠤᠭ ᠨᠢ ᠬᠠᠨᠵᠢᠶᠠᠷ ᠬᠡᠯᠪᠡᠷᠢ ᠲᠠᠢ᠂ ᠬᠡᠪᠡᠴᠣ ᠪᠢᠳᠡᠬᠦᠣ ᠵᠣᠳᠤᠭ ᠢ ᠪᠣᠳᠣᠪᠠᠯ ᠬᠡᠳᠡᠰᠣᠨ | ᠬᠡᠰᠡᠭ ᠢᠶᠠᠨ ᠢᠯᠡ ᠭᠠᠷᠭᠠᠨ᠎ᠠ᠂ ᠨᠢᠷᠣᠭᠤᠨ ᠤ ᠬᠡᠰᠡᠭ ᠨᠢ ᠰᠢᠪᠠᠭᠤᠨ ᠵᠣᠳᠤᠭ ᠲᠠᠢ ᠠᠳᠠᠯᠢ᠃ ᠰᠢᠪᠠᠭᠤᠨ ᠵᠣᠳᠤᠭ᠂ ᠬᠠᠨᠵᠢᠶᠠᠷᠤᠨ ᠵᠣᠳᠤᠭ ᠤᠨ ᠪᠦᠰᠠ ᠪᠦᠷ | ᠠᠳᠠᠯᠢ᠂ ᠴᠢᠨᠠᠷ ᠰᠠᠶᠢᠲᠠᠢ ᠰᠣᠷ᠂ ᠬᠠᠳᠠᠭ ᠪᠤᠶᠦ ᠲᠣᠷᠭ᠎ᠠ ᠪᠠᠷ ᠵᠣᠳᠤᠭ ᠤᠨ ᠪᠦᠰᠠ ᠪᠣᠯᠭᠠᠨ᠂ ᠪᠢᠳᠡᠬᠦᠣ ᠵᠣᠳᠤᠭ ᠢ ᠴᠢᠨᠠᠷ ᠰᠠᠶᠢᠲᠠᠢ ᠨᠠᠷᠢᠬᠠᠨ ᠰᠣᠷ ᠢᠶᠠᠷ ᠦᠳᠡᠨ | ᠪᠦᠰᠡᠯᠡᠨ᠎ᠡ᠃ | ᠬᠦᠯᠣᠨ ᠪᠤᠶᠢᠷ ᠪᠦᠬᠡ ᠶᠢᠨ ᠡᠮᠣᠰᠬᠡᠯ ︵ᠦᠮᠣᠳᠣ︶ | ᠬᠦᠯᠣᠨ ᠪᠤᠶᠢᠷ ᠪᠦᠬᠡ ᠶᠢᠨ ᠡᠮᠣᠰᠬᠡᠯ ︵ᠦᠮᠣᠳᠣ︶ ᠨᠢ ᠦᠪᠡᠷᠮᠢᠴᠠ ᠣᠡᠴᠡᠯᠢᠭ᠋ ᠲᠠᠢ᠃ ᠤᠷᠢᠳᠦ ᠳᠠᠭᠠᠨ ᠦᠮᠣᠳᠣ ᠶᠢᠨ ᠲᠦᠷᠡᠢ ᠪᠠᠨ ᠲᠡᠬᠡᠭᠰᠢ ᠰᠢᠭᠤᠵᠣ | ᠱᠣᠳᠤᠭ ᠮᠠᠶ᠋ᠢᠭ ᠲᠠᠢ ᠪᠣᠯᠭᠠᠨ᠂ ᠯᠠᠮᠠ ᠨᠠᠷ ᠨᠢ ᠪᠠᠩᠵᠠᠯ ᠤᠨ ᠬᠤᠷᠮᠦ᠋ᠢᠪᠴᠢ ᠪᠠᠨ ᠲᠡᠬᠡᠭᠰᠢ ᠰᠢᠭᠤᠵᠣ ᠪᠦᠰᠡᠯᠡᠨ᠂ ᠬᠠᠯᠬ᠎ᠠ ᠮᠠᠶ᠋ᠢᠭ ᠢᠶᠠᠷ ᠪᠦᠳᠣᠬᠦᠨ ᠭᠤᠶ᠎ᠠ ᠪᠠᠨ | ᠠᠯᠠᠭᠠᠳᠠᠨ ᠰᠠᠪᠠᠭ᠎ᠠ ᠲᠡᠪᠢᠯᠬᠡ ᠬᠢᠵᠣ ᠲᠡᠪᠢᠨ ᠭᠠᠷᠣᠨ᠎ᠠ᠂ 1948 ᠣᠨ ᠤ ᠭᠠᠨᠵᠣᠣᠷ ᠴᠤᠭᠯᠠᠭᠠᠨ ᠢ ᠬᠦᠯᠣᠨ ᠪᠤᠶᠢᠷ ᠠᠶᠢᠮᠠᠭ ᠤᠨ ᠠᠩᠬᠠᠳᠠᠬᠴᠢ ᠠᠷᠠᠳ ᠤᠨ | ᠨᠠᠭᠠᠳᠣᠮ ᠤᠨ ᠬᠤᠷᠠᠯ ᠪᠣᠯᠭᠠᠨ ᠦᠬᠡᠷᠡᠴᠢᠯᠡᠭᠰᠠᠨ ᠠᠴᠠ ᠪᠣᠯᠪᠠᠰᠣᠨ ᠮᠣᠷᠠᠯ ᠬᠡᠵᠣ ᠡᠮᠣᠰᠬᠡᠯ ᠦᠮᠣᠳᠣ ᠶᠢ ᠣᠳᠣ ᠶᠢᠨ ᠮᠠᠶ᠋ᠢᠭ ᠲᠠᠢ ᠭᠤᠶ᠎ᠠ ᠪᠠᠨ ᠭᠠᠷᠭᠠᠬᠤ ᠦᠬᠡᠢ | ᠠᠭᠤᠵᠢᠮ ᠦᠮᠦᠳᠦ ᠲᠠᠢ ᠪᠠᠷᠢᠯᠳᠣᠬᠤ ᠪᠣᠯᠭᠠᠵᠠᠢ᠃ ᠲᠠᠬᠦᠨ ᠠᠴᠠ ᠬᠤᠶᠢᠰᠢ ᠣᠳᠣ ᠶᠢᠨ ᠮᠠᠶ᠋ᠢᠭ ᠲᠠᠢ ᠣᠯᠠᠭᠠᠨ᠂ ᠨᠣᠭᠤᠭᠠᠨ᠂ ᠰᠢᠷ᠎ᠠ᠂ ᠬᠦᠬᠡ᠂ ᠴᠡᠩᠬᠡᠷ | ᠦᠡᠭᠬᠡ ᠶᠢᠨ ᠲᠣᠷᠭ᠎ᠠ ᠱᠠᠩᠬᠠᠢ ᠵᠡᠷᠬᠡ ᠶᠢᠨ ᠲᠦᠪ ᠬᠤᠷᠴᠠ ᠦᠡᠭᠬᠡ ᠶᠢᠨ ᠡᠮᠣᠰᠬᠡᠯ ᠦᠮᠣᠳᠣ ᠡᠮᠦᠰᠬᠦ ᠪᠣᠯᠵᠠᠢ᠂ ᠡᠮᠣᠰᠬᠡᠯ ᠦᠮᠣᠳᠣ ᠶᠢ ᠬᠢᠬᠦ ᠳᠤ ᠭᠤᠷᠪᠠ ᠠᠴᠠ | ᠲᠦᠷᠪᠠᠨ ᠮᠧᠳ᠋ᠷ ᠪᠦᠰ ᠬᠡᠷᠡᠭᠰᠡᠨ᠎ᠡ ︵ᠵᠢᠷᠤᠭ ④︶᠃ ᠡᠨᠡ ᠨᠢ ᠲᠦᠷᠣ ᠶᠢᠨ ᠪᠣᠳᠣᠯᠭ᠎ᠠ᠂ ᠨᠡᠶᠢᠬᠡᠮ ᠤᠨ ᠬᠦᠭᠵᠢᠯᠳᠠ᠂ ᠠᠷᠠᠳ ᠤᠨ ᠠᠮᠢᠳᠣᠷᠠᠯ ᠤᠨ | ᠰᠠᠶᠢᠵᠢᠷᠠᠯᠳᠠ ᠠᠴᠠ ᠬᠤᠪᠢᠷᠠᠬᠤ ᠨᠢ ᠵᠢᠮ᠎ᠡ ᠶᠣᠰᠣ ᠶᠣᠮ᠃ | ᠯᠠᠪᠯᠠᠯᠳᠠ ᠪᠣᠯᠭᠠᠬᠤ ᠵᠦᠢᠯ᠄ ᠲᠣᠯᠢᠶ᠎ᠠ ᠶᠢᠨ ᠲᠦᠷᠪᠠᠨ ᠬᠦᠴᠣᠳᠠᠨ ᠤ ᠵᠢᠷᠤᠭ ᠵᠢᠴᠢ ᠡᠮᠣᠰᠬᠡᠯ ︵ᠦᠮᠣᠳᠣ︶ ᠤᠨ ᠦᠡᠭᠬᠡ ᠲᠣᠬᠢᠷᠠᠭᠤᠯᠬᠤ ᠨᠢ ᠲᠣᠰ | ᠬᠦᠮᠣᠨ ᠤ ᠵᠢᠯ ᠤᠨ ᠦᠡᠭᠬᠡ ᠲᠠᠢ ᠨᠢ ᠬᠤᠯᠪᠣᠨ ᠪᠣᠳᠣᠬᠤ ᠠᠷᠭ᠎ᠠ ᠪᠠᠶᠢᠳᠠᠭ ᠶᠣᠮ᠃ | ᠠᠵᠠ ᠲᠠᠢ ᠬᠡᠶᠢᠮᠣᠷᠢ ᠲᠠᠢ ᠪᠠᠶᠢᠬᠤ ᠶᠢ ᠬᠦᠰᠡᠭᠴᠢ ᠲᠠ ᠪᠦᠬᠦᠨ ᠮᠢᠨᠢ᠃ ᠷᠠᠪᠨᠠᠶᠢᠯᠠᠭᠰᠠᠨ ᠬᠡᠶᠢᠮᠣᠷᠢ ᠶᠢ ᠵᠢᠯ ᠢᠶᠠᠷ ᠢᠶᠠᠨ ᠲᠣᠬᠢᠷᠠᠭᠤᠯᠵᠣ ᠠᠪᠣᠭᠠᠷᠠᠢ︕ | 1. ᠬᠤᠯᠣᠭᠠᠨ᠎ᠠ᠂ ᠯᠣᠣ᠂ ᠪᠡᠴᠢ ᠵᠢᠯᠳᠠᠨ ᠤ ᠦᠡᠭᠬᠡ ᠨᠢ ᠬᠦᠬᠡ᠃ | 2. ᠪᠠᠷᠰ᠂ ᠮᠣᠷᠢ᠂ ᠨᠣᠬᠠᠢ ᠵᠢᠯᠳᠠᠨ ᠤ ᠦᠡᠭᠬᠡ ᠨᠢ ᠰᠢᠷ᠎ᠠ᠃ | 3. ᠦᠬᠡᠷ᠂ ᠲᠠᠬᠢᠶ᠎ᠠ᠂ ᠮᠣᠭᠠᠢ ᠵᠢᠯᠳᠠᠨ ᠤ ᠦᠡᠭᠬᠡ ᠨᠢ ᠴᠠᠭᠠᠨ᠃ | 4. ᠲᠠᠣᠯᠠᠢ᠂ ᠭᠠᠭ᠋ᠠᠢ᠂ ᠬᠤᠨᠢ ᠵᠢᠯᠳᠠᠨ ᠤ ᠦᠡᠭᠬᠡ ᠨᠢ ᠨᠣᠭᠤᠭᠠᠨ᠃ | 5. ᠣᠯᠠᠭᠠᠨ ᠦᠡᠭᠬᠡ ᠪᠣᠯ ᠶᠠᠮᠠᠷᠴᠣ ᠵᠢᠯᠳᠠᠨ ᠳᠤ ᠲᠣᠬᠢᠷᠠᠨ᠎ᠠ᠃ | ᠬᠦᠯᠣᠨ ᠪᠤᠶᠢᠷ ᠪᠦᠬᠡ ᠶᠢᠨ ᠲᠣᠯᠢᠶ᠎ᠠ ᠶᠢᠨ ᠲᠣᠬᠠᠢ ᠬᠦᠯᠣᠨ ᠪᠤᠶᠢᠷ ᠪᠦᠬᠡ ᠶᠢᠨ ᠲᠣᠯᠢᠶ᠎ᠠ ᠶᠢ ᠠᠯᠢ ᠡᠷᠳᠡᠨ ᠠᠴᠠ ᠣᠯᠠᠮᠵᠢᠯᠠᠠ ᠬᠡᠷᠡᠭᠯᠡᠭᠰᠡᠬᠡᠷ ᠢᠷᠡᠭᠰᠠᠨ ᠢ | ᠲᠡᠣᠬᠡᠨ ᠮᠠᠲ᠋ᠧᠷᠢᠶᠠᠯ ᠬᠡᠷᠡᠴᠢᠯᠡᠨ᠎ᠡ᠃ ᠬᠡᠪᠡᠴᠣ ᠲᠣᠯᠢᠶ᠎ᠠ ᠶᠢᠨ ᠨᠡᠷᠡᠶᠢᠳᠣᠯ ᠨᠢ ᠠᠳᠠᠯᠢ ᠪᠣᠰᠣ ᠭᠠᠵᠠᠷ ᠣᠷᠣᠨ᠂ ᠴᠠᠭ ᠦᠶ᠎ᠡ ᠶᠢᠨ ᠬᠤᠪᠢᠷᠠᠯᠳᠠ ᠠᠴᠠ ᠪᠤᠯᠵᠤ᠂ | ᠠᠳᠠᠯᠢ ᠪᠣᠰᠣ ᠶᠢᠨ ᠨᠡᠷᠡᠶᠢᠳᠣᠯ ᠢᠶᠠᠷ ᠶᠠᠷᠢᠭᠳᠠᠨ ᠬᠡᠷᠡᠭᠯᠡᠭᠰᠡᠬᠡᠷ ᠢᠷᠡᠵᠡᠢ᠃ ᠬᠠᠷᠢᠨ ᠮᠠᠨ ᠤ ᠬᠦᠯᠣᠨ ᠪᠤᠶᠢᠷ ᠲᠤ ᠣᠳᠣ ᠪᠣᠯᠳᠠᠯ᠎ᠠ ᠡᠨᠡᠬᠦ ᠦᠪ ᠰᠣᠶᠣᠯ ᠢ ᠬᠡᠷᠡᠭᠯᠡᠨ | ᠬᠠᠳᠠᠭᠠᠯᠠᠬᠰᠠᠭᠠᠷ ᠢᠷᠡᠭᠰᠠᠨ ᠢ 2013 ᠣᠨ ᠤ 11 ᠰᠠᠷ᠎ᠠ ᠳᠤ᠂ ᠦᠪᠣᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠤ ︽ᠣᠷᠣᠨ ᠤ ᠲᠡᠰ ᠤᠨ ᠪᠣᠳᠡᠰ ᠤᠨ | ᠪᠣᠰᠣ ᠰᠣᠶᠣᠯ ᠤᠨ ᠦᠪ︾ ᠢ ᠦᠪᠯᠡᠨ ᠣᠯᠠᠮᠵᠢᠯᠠᠬᠴᠢ ᠶᠢ ᠬᠢᠨᠠᠨ ᠦᠨᠡᠯᠡᠬᠦ ᠭᠠᠵᠠᠷ ᠠᠴᠠ ᠬᠢᠨᠠᠨ ᠦᠨᠡᠯᠡᠵᠣ ᠦᠭᠴᠡᠢ᠃ ᠮᠣᠩᠭᠤᠯ ᠪᠦᠬᠡ ︵ᠪᠠᠷᠭᠤ ᠲᠣᠯᠢᠶᠠᠳᠣ | ᠪᠦᠬᠡ︶ ᠬᠡᠰᠠᠨ ᠦᠨᠡᠮᠯᠡᠯ ᠢ ᠦᠪᠣᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠵᠦᠪᠰᠢᠶᠡᠷᠡᠵᠦ᠂ ᠦᠪᠣᠷ | ᠮᠣᠩᠭᠤᠯ ᠤᠨ ᠦᠪᠡᠷᠳᠡᠬᠡᠨ ᠵᠠᠰᠠᠬᠤ ᠣᠷᠣᠨ ᠤ ᠰᠣᠶᠣᠯ ᠤᠨ ᠲᠢᠩᠬᠢᠮ ᠠᠴᠠ ᠨᠡᠶᠢᠳᠡᠯᠡᠪᠡ᠃ ᠡᠶᠢᠮᠣ ᠠᠴᠠ ᠠᠳᠡ ᠨᠠᠷᠢᠯᠢᠭ ᠲᠠᠶᠢᠯᠪᠣᠷᠢ ᠬᠢᠬᠦ ᠴᠢᠬᠤᠯᠠ ᠦᠬᠡᠢ᠃ | ᠲᠣᠯᠢᠶᠠᠳᠣ ᠪᠦᠬᠡ ᠨᠢ ᠬᠦᠯ ᠳᠡᠭᠡᠨ ᠭᠤᠷᠪᠠᠨ ᠲᠠᠪᠬᠤᠷ ᠣᠯᠠ ᠲᠠᠢ ᠠᠷᠠᠰᠣᠨ ᠭᠤᠳᠣᠯ ᠢᠰᠬᠦᠯᠵᠣ᠂ ᠡᠪᠣᠳᠣᠭ᠌ ᠰᠢᠯᠪᠢ ᠪᠠᠨ ᠬᠠᠮᠠᠭᠠᠯᠠᠬᠤ ᠶᠢᠨ ᠲᠣᠯᠠ ᠪᠠᠮᠪᠠᠢ | ᠵᠢᠬᠢᠷᠢᠭ ᠵᠡᠬᠦᠳᠡᠭ᠂ ︵ᠪᠠᠮᠪᠠᠢ ᠵᠢᠬᠢᠷᠢᠭ ᠬᠤᠶᠠᠷ ᠤᠨ ᠨᠡᠶᠢᠯᠡᠪᠣᠷᠢ ᠶᠢ ᠲᠣᠯᠢᠶ᠎ᠠ ᠬᠡᠨ᠎ᠡ᠂ ᠲᠣᠯᠢᠶ᠎ᠠ ᠨᠢ ᠭᠤᠳᠣᠯ ᠤᠨ ᠲᠦᠷᠡᠢ ᠠᠴᠠ ᠲᠡᠬᠡᠭᠰᠢ ᠰᠦᠬᠡᠮ ᠬᠢᠷᠢᠳᠡᠢ | ᠭᠠᠷᠣᠬᠰᠠᠨ ᠵᠢᠷᠤᠭ ᠲᠠᠢ ᠬᠡᠰᠡᠭ ᠢ ᠲᠣᠯᠢ ᠬᠡᠨ᠎ᠡ᠃ ᠲᠦᠷᠪᠠᠨ ᠬᠦᠴᠣᠳᠠᠨ ᠤ ᠵᠢᠷᠤᠭ ᠲᠡᠮᠳᠡᠭ ᠲᠠᠢ ︵ᠠᠷᠰᠯᠠᠨ᠂ ᠪᠠᠷᠰ᠂ ᠯᠣᠣ᠂ ᠭᠠᠷᠣᠳᠢ᠂ ᠰᠠᠷᠯᠤᠭ ᠤᠨ ᠪᠣᠬ᠎ᠠ | ︶ ᠲᠣᠯᠢᠶ᠎ᠠ ᠪᠠᠷ ᠴᠤᠭ ᠰᠦᠯᠳᠠ ᠪᠣᠯᠭᠠᠯ᠎ᠠ᠂ ᠡᠨᠡ ᠨᠢ ᠡᠷᠳᠡᠨ ᠤ ᠡᠷᠡᠯᠬᠡᠭ ᠲᠠᠶᠢᠴᠢᠳ ᠠᠴᠠ ᠢᠷᠡᠯᠳᠡ ᠲᠠᠢ᠂ ᠪᠠᠰᠠᠴᠣ ᠱᠠᠰᠢᠨ ᠤ ᠲᠦᠷᠪᠠᠨ ᠬᠦᠴᠣᠳᠠᠨ ᠤ | ᠲᠠᠷᠣᠯᠭ᠎ᠠ ᠶᠢᠨ ᠢᠷᠡᠯᠳᠡ ᠲᠠᠢ᠂ ᠣᠳᠣ ᠴᠤ ᠷᠠᠰᠢᠶᠠᠨ ᠰᠦᠮ᠎ᠡ ᠶᠢᠨ ᠡᠬᠦᠳᠡᠡ ᠤ ᠲᠦᠷᠪᠠᠨ ᠬᠦᠴᠣᠳᠠᠨ ᠤ ᠱᠣᠭᠤᠮᠠᠯ ᠠᠴᠠ ᠮᠡᠳᠡᠵᠣ ᠪᠣᠯᠣᠨ᠎ᠠ᠂᠂᠂ ᠭᠠᠷᠣᠳᠢ ᠶᠢᠨ | ᠵᠢᠷᠤᠭ ᠢ ᠭᠤᠣᠯ ᠨᠢ ᠲᠡᠬᠡᠳᠣ ᠪᠡᠶ᠎ᠡ ᠶᠢᠨ ᠵᠣᠳᠤᠭ ᠤᠨ ᠠᠷᠣ ᠲᠠᠯ᠎ᠠ ᠶᠢᠨ ᠲᠣᠯᠢ ᠪᠣᠯᠭᠠᠨ ᠬᠡᠷᠡᠭᠰᠡᠨ᠎ᠡ ︵ᠵᠢᠷᠤᠭ ⑥︶᠃ | ᠶᠡᠷᠣᠩᠬᠡᠶᠢᠯᠡᠨ ᠬᠡᠯᠡᠪᠡᠯ᠄ ᠲᠣᠯᠢᠶ᠎ᠠ ᠨᠢ ᠪᠦᠬᠡ ᠬᠦᠮᠣᠨ᠂ ᠡᠪᠣᠳᠦᠭ ᠤᠨ ᠨᠢᠳᠦ ᠰᠢᠯᠪᠢ ᠪᠠᠨ ᠬᠠᠮᠠᠭᠠᠯᠠᠬᠤ ᠬᠡᠵᠣ ᠲᠣᠰᠬᠠᠶᠢᠯᠠᠨ ᠠᠷᠠᠰᠣᠨ ᠬᠦᠮ ᠡᠰᠬᠡᠵᠣ᠂ | ᠪᠣᠳᠤᠭ ᠰᠠᠭᠤᠯᠭᠠᠵᠣ᠂ ᠲᠦᠷᠪᠠᠨ ᠬᠦᠴᠣᠳᠠᠨ ᠢ ᠵᠢᠷᠣᠵᠣ᠂ ᠭᠤᠳᠣᠯ ᠤᠨ ᠲᠦᠷᠡᠢ ᠳᠡᠭᠡᠨ ᠵᠢᠬᠢᠷᠢᠭ ᠬᠢᠳᠡᠭ ᠬᠡᠷᠡᠭᠰᠡᠯ ᠢ ︽ᠲᠣᠯᠢᠶ᠎ᠠ ᠵᠢᠬᠢᠷᠢᠭ︾ ᠬᠡᠨ᠎ᠡ᠃ | ᠬᠦᠯᠣᠨ ᠪᠤᠶᠢᠷ ᠪᠦᠬᠡ ᠶᠢᠨ ᠭᠤᠳᠣᠯ | ᠮᠣᠩᠭᠤᠯ ᠪᠦᠬᠡ ᠪᠣᠯᠢᠭᠠᠷᠢ ᠠᠷᠠᠰᠣᠨ ᠭᠤᠳᠣᠯ ᠡᠮᠣᠰᠴᠣ ᠪᠠᠷᠢᠯᠳᠣᠨ᠎ᠠ᠂ ᠮᠣᠩᠭᠤᠯᠴᠣᠳ ᠤᠨ ᠡᠳᠣᠷ ᠲᠣᠳᠣᠮ ᠤᠨ ᠠᠮᠢᠳᠣᠷᠠᠯ ᠦᠢᠯᠡᠳᠪᠣᠷᠢᠯᠡᠯ ᠠᠯᠢ ᠨᠢ | ᠴᠤ ᠮᠣᠷᠢᠨ ᠠᠴᠠ ᠰᠠᠯᠵᠣ ᠴᠢᠳᠠᠬᠤ ᠦᠬᠡᠢ ᠪᠠᠶᠢᠯ᠎ᠠ᠂ ᠮᠣᠷᠢᠨ ᠲᠡᠬᠡᠷ᠎ᠡ ᠭᠤᠳᠣᠯ ᠡᠮᠣᠰᠬᠦ ᠦᠬᠡᠢ ᠪᠣᠯ ᠪᠣᠯᠬᠤ ᠦᠬᠡᠢ᠂ ᠪᠠᠷᠢᠯᠳᠣᠬᠤ ᠪᠦᠬᠡ ᠳᠤ ᠠᠪᠴᠣ ᠬᠡᠯᠡᠪᠡᠯ | ᠭᠤᠳᠣᠯ ᠨᠢ ᠪᠦᠬᠡᠴᠣᠳ ᠬᠦᠯ ᠢᠶᠠᠨ ᠬᠠᠮᠠᠭᠠᠯᠠᠬᠤ᠂ ᠵᠣᠬᠰᠣᠴᠠ ᠪᠠᠨ ᠪᠠᠳᠣ ᠯᠠᠪᠳᠠᠭᠤᠨ ᠪᠣᠯᠭᠠᠬᠤ᠂ ᠬᠦᠯ ᠤᠨ ᠡᠷᠳᠡᠮ ᠮᠡᠭᠡ ᠮᠡᠷᠬᠡᠵᠢᠯ ᠢᠶᠠᠨ ᠬᠦᠢᠴᠡᠳ ᠭᠠᠷᠭᠠᠬᠤ | ᠵᠡᠷᠬᠡ ᠳᠤ ᠲᠣᠬᠢᠷᠠᠬᠰᠠᠨ ᠮᠠᠰᠢ ᠴᠢᠬᠤᠯᠠ ᠡᠳ᠋ᠯᠡᠯ ᠮᠦᠨ᠃ ᠪᠦᠬᠡ ᠶᠢᠨ ᠭᠤᠳᠣᠯ ᠢ ᠶᠡᠷᠣ ᠶᠢᠨ ᠭᠤᠳᠣᠯ ᠠᠴᠠ ᠪᠠᠬᠢᠯᠢᠭ᠌ ᠪᠦᠬᠡᠳ ᠠᠷᠠᠰᠣ᠂ ᠰᠢᠷᠢᠮᠡᠯ ᠣᠯᠠ ᠲᠠᠢ | ᠬᠢᠳᠡᠭ᠂ ᠭᠤᠷᠪᠠᠨ ᠲᠠᠪᠬᠤᠷ ᠠᠷᠠᠰᠣᠨ ᠣᠯᠠ ᠲᠠᠢ ᠠᠷᠠᠰᠣᠨ ᠭᠤᠳᠣᠯ ᠡᠮᠣᠰᠣᠨ᠎ᠠ᠃ | ᠬᠦᠯᠣᠨ ᠪᠤᠶᠢᠷ ᠤᠨ ᠪᠦᠬᠡᠴᠣᠳ ᠣᠣᠯ ᠨᠢ ᠰᠢᠷᠢᠮᠡᠯ ᠣᠯᠠ ᠲᠠᠢ ︵ᠱᠠᠭᠠᠵᠠᠩ᠂ ᠹᠠᠯᠠᠨ ᠣᠯᠠ ᠲᠠᠢ ᠬᠡᠵᠣ ᠬᠡᠯᠡᠯᠴᠡᠳᠡᠭ᠂ ᠰᠢᠷᠢᠮᠡᠯ ᠣᠯᠠ ᠲᠠᠢ ᠭᠤᠳᠣᠯ ᠤᠨ | ᠣᠯᠠ ᠶᠢ ᠰᠠᠶ᠋ᠢ ᠲᠣᠭᠤᠯᠯᠠᠬᠰᠠᠨ ᠲᠣᠭᠤᠯ ᠤᠨ ᠵᠣᠩᠭᠠᠭ ᠢᠶᠠᠷ ᠲᠣᠭᠤᠷᠢᠭᠤᠯᠣᠨ ᠨᠠᠭᠠᠨ᠎ᠠ︶ ᠠᠷᠠᠰᠣᠨ ᠭᠤᠳᠣᠯ ᠡᠮᠦᠰᠳᠡᠭ ᠪᠠᠶᠢᠪᠠ᠃ ᠲᠡᠭᠡᠷ᠎ᠠ ᠵᠠᠭᠤᠨ ᠤ | ᠲᠠᠪᠢᠭᠠᠳ ᠣᠨ ᠤ ᠦᠶᠡᠰ ᠠᠴᠠ ᠡᠬᠢᠯᠠᠨ ᠣᠷᠣᠰ ᠭᠤᠳᠣᠯ ᠡᠮᠦᠰᠬᠦ ᠪᠤᠯᠵᠦ᠂ ᠣᠷᠴᠢᠮ ᠤᠨ ᠬᠡᠳᠣᠨ ᠵᠢᠯ ᠠᠴᠠ ᠰᠢᠯᠢ ᠶᠢᠨ ᠭᠤᠣᠯ ᠣᠯᠠ ᠲᠠᠢ ᠭᠤᠳᠣᠯ ᠪᠤᠶᠦ | ᠬᠠᠯᠬ᠎ᠠ ᠡᠭᠡᠳᠡᠨ ᠭᠤᠳᠣᠯ ᠡᠮᠣᠰᠬᠦ ᠪᠣᠯᠵᠣ ᠪᠠᠶᠢᠨ᠎ᠠ᠃ ᠣᠷᠣᠰ ᠭᠤᠳᠣᠯ ᠤᠨ ᠲᠣᠳᠣᠷ᠎ᠠ ᠬᠦᠯ ᠤᠨ ᠣᠷᠢᠶᠠᠯᠳᠠ ᠲᠠᠢ᠂ ᠲᠣᠯᠢᠶ᠎ᠠ ᠵᠢᠬᠢᠷᠢᠭ ᠬᠢᠵᠣ ᠡᠮᠣᠰᠳᠡᠭ᠂ | ᠣᠯᠠᠭᠠᠡᠬᠠᠳᠠ ᠶᠢᠨ ᠪᠦᠬᠡᠴᠢᠳ ᠵᠢᠴᠢ ᠵᠠᠷᠢᠮ ᠭᠠᠵᠠᠷ ᠤᠨ ᠪᠦᠬᠡᠴᠢᠳ ᠮᠣᠩᠭᠤᠯ ᠪᠦᠰ ᠭᠤᠳᠣᠯ ᠤᠨ ᠲᠣᠳᠣᠷ᠎ᠠ ᠴᠢᠬᠢ ᠵᠢᠬᠢᠷᠢᠭ ᠲᠠᠭᠠᠷᠠᠭᠤᠯᠣᠨ ᠡᠮᠣᠰᠴᠣ | ᠪᠠᠷᠢᠯᠳᠣᠨ᠎ᠠ᠃ ᠦᠵᠣᠮᠣᠴᠢᠨ ᠮᠠᠶ᠋ᠢᠭ ᠤᠨ ᠪᠦᠬᠡ ᠪᠣᠯᠢᠭᠠᠷᠢ ᠭᠤᠳᠣᠯ ᠤᠨ ᠲᠣᠳᠣᠷ᠎ᠠ ᠣᠯᠠᠨ ᠲᠠᠪᠬᠤᠷ ᠰᠢᠷᠢᠭᠰᠠᠨ ᠵᠣᠵᠠᠭᠠᠨ ᠪᠦᠰ ᠣᠶᠢᠮᠣᠰᠣ ᠲᠠᠭᠠᠷᠠᠭᠤᠯᠣᠨ | ᠡᠮᠦᠰᠳᠡᠭ᠃ | ᠬᠦᠯᠣᠨ ᠪᠤᠶᠢᠷ ᠪᠦᠬᠡ ᠶᠢᠨ ᠭᠤᠳᠣᠯ ᠤᠨ ᠨᠣᠬᠳᠣ ︵ᠬᠦᠯᠢᠭ᠂ ᠪᠣᠭᠤᠯᠳᠠ︶ | ᠬᠦᠯᠣᠨ ᠪᠤᠶᠢᠷ ᠤᠨ ᠪᠦᠬᠡᠴᠣᠳ ᠪᠦᠬᠡ ᠪᠠᠷᠢᠯᠳᠣᠬᠤ ᠳᠠᠭᠠᠨ ᠪᠦᠬᠡ ᠶᠢᠨ ᠭᠤᠳᠣᠯ ᠤᠨ ᠨᠣᠬᠳᠣ ᠶᠢ ᠨᠢᠬᠡᠨ ᠬᠡᠷᠡᠭᠰᠡᠯ ᠢᠶᠠᠷ ᠦᠵᠡᠨ ᠠᠩᠬᠠᠷᠳᠠᠭ᠂ | ᠭᠤᠳᠣᠯ ᠤᠨ ᠨᠣᠬᠳᠣ ᠶᠢᠨ ᠰᠣᠷ ᠢ ᠨᠢᠮᠬᠡᠪᠳᠣᠷ ᠰᠠᠶᠢᠨ ᠰᠣᠷ ᠢ ︵1.30 — 1.50︶ ᠮᠧᠳ᠋ᠷ ᠤᠷᠳᠦ᠂ ︵0.5 — 1︶ ᠰᠡᠨᠲ᠋ᠢᠮᠧᠳ᠋ᠷ ᠦᠷᠬᠡᠨ | ᠵᠦᠰᠣᠵᠣ ᠨᠢᠬᠡ ᠦᠵᠣᠬᠦᠷ ᠲᠤᠨᠢ ᠪᠢᠳᠡᠬᠦᠣ ᠭᠤᠬᠴᠤᠭ᠎ᠠ ᠭᠠᠷᠭᠠᠵᠣ ︵ᠣᠳᠣ ᠨᠦᠬᠦᠴᠡᠯ ᠰᠠᠶᠢᠨ ᠪᠣᠯᠣᠬᠰᠠᠨ ᠠᠴᠠ ᠨᠢᠬᠡ ᠦᠵᠣᠬᠦᠷ ᠲᠤᠨᠢ ᠭᠠᠣᠯᠢ ᠪᠣᠶᠣ ᠲᠡᠮᠣᠷ | ᠭᠠᠷᠬ᠎ᠠ ᠪᠠᠷ︶ ᠲᠠᠩ ᠪᠤᠶᠦ ᠲᠠᠪᠬᠤᠷ ᠨᠣᠬᠳᠣᠯᠠᠨᠠ ︵ᠵᠢᠷᠤᠭ ⑤︶᠂ ᠵᠠᠷᠢᠮ ᠦᠶᠠᠰ ᠭᠤᠳᠣᠯ ᠤᠨ ᠨᠣᠬᠳᠣ ᠬᠦᠯᠢᠭ ᠦᠬᠡᠢ ᠪᠣᠯ ᠡᠮᠡᠬᠡᠯ ᠤᠨ ᠭᠠᠨᠵᠤᠭ᠎ᠠ ᠪᠠᠨ | ᠴᠤ ᠭᠡᠷᠡᠭᠯᠡᠳᠡᠭ ᠣᠴᠢᠷ ᠪᠣᠢ᠂ ᠭᠤᠣᠯ ᠨᠢ ᠦᠪᠡᠷ ᠤᠨ ᠲᠣᠷ᠎ᠠ ᠠᠴᠠ ᠪᠠᠨ ᠰᠢᠯᠳᠠᠭᠠᠯᠠᠬᠳᠠᠨ᠎ᠠ᠂ ᠭᠤᠳᠣᠯ ᠤᠨ ᠨᠣᠬᠳᠣ ᠪᠣᠯ ᠪᠠᠷᠢᠯᠳᠣᠬᠤ ᠪᠦᠬᠡ ᠶᠢᠨ ᠭᠤᠳᠣᠯ ᠢᠶᠠᠨ | ᠪᠠᠬᠢᠯᠠᠵᠣ ᠬᠦᠯ ᠲᠠᠢ ᠪᠠᠨ ᠶᠠᠪ ᠴᠠᠪ ᠬᠤᠯᠬᠢᠨ ᠬᠦᠳᠡᠯᠬᠦ ᠦᠬᠡᠢ ᠪᠣᠯᠭᠠᠨ ᠬᠠᠯᠳᠣᠷᠢᠵᠣ ᠭᠤᠯᠭᠤᠷᠢᠬᠤ ᠶᠢ ᠰᠡᠷᠬᠡᠶᠢᠯᠡᠬᠦ ᠦᠢᠯᠡᠳᠣᠯ ᠲᠠᠢ ᠪᠦᠬᠡᠳ ᠮᠡᠭᠡ ᠮᠡᠷᠬᠡᠵᠢᠯ | ᠬᠢᠬᠦ ᠵᠢᠴᠢ ᠮᠡᠭᠡ ᠬᠠᠷᠢᠭᠤᠯᠬᠤ ᠳᠤ ᠴᠤ ᠬᠤᠷᠴᠠ ᠱᠠᠯᠠᠮᠠᠭᠠᠢ ᠪᠠᠶᠢᠬᠤ ᠳᠤ ᠲᠣᠰᠠ ᠲᠠᠢ ︵ᠭᠤᠳᠣᠯ ᠤᠨ ᠣᠯᠠ ᠲᠣᠣᠷ᠎ᠠ ᠨᠢ ᠪᠣᠳᠠᠳᠠᠢ ᠪᠠᠶᠢᠳᠠᠯ ᠳᠠᠭᠠᠨ | ᠵᠣᠬᠢᠴᠡᠭᠤᠯᠣᠨ ᠰᠣᠷ ᠢᠶᠠᠨ ᠵᠠᠩᠭᠢᠳᠴᠣ᠂ ᠨᠦᠢᠳᠠᠨ ᠭᠠᠵᠠᠷ ᠪᠤᠶᠦ ᠦᠡᠳᠣᠷ ᠡᠪᠡᠰᠣᠨ ᠳᠤ ᠭᠤᠯᠭᠤᠬᠤ ᠠᠴᠠ ᠰᠠᠷᠬᠡᠶᠢᠯᠡᠨᠠ︶᠃ ᠪᠦᠬᠡ ᠶᠢᠨ ᠪᠠᠷᠢᠯᠳᠣᠭᠠᠨ ᠳᠤ | ᠭᠤᠣᠯᠳᠠᠭᠤ ᠲᠠᠰᠢᠯᠭ᠎ᠠ ᠪᠣᠬᠠᠯᠭᠠ ︵ᠬᠦᠯᠣᠨ ᠪᠤᠶᠢᠷ ᠤᠨ ᠪᠦᠬᠡ ᠨᠢ ᠲᠠᠰᠢᠯᠭ᠎ᠠ᠂ ᠪᠣᠬᠠᠯᠭᠠ ᠶᠢᠨ ᠮᠡᠭᠡ ᠲᠠᠢ᠂ ᠰᠢᠯᠢ ᠶᠢᠨ ᠭᠤᠣᠯ ᠤᠨ ᠪᠦᠬᠡ ᠨᠢ ᠭᠢᠰᠬᠢᠭᠡ᠂ | ᠲᠠᠳᠠᠯᠭ᠎ᠠ ᠶᠢᠨ ᠮᠡᠭᠡ ᠲᠠᠢ ᠬᠡᠳᠡᠭ ᠠᠷᠠᠳ ᠤᠨ ᠵᠦᠢᠷ ᠦᠬᠡ ᠪᠠᠶᠢᠳᠠᠭ︶ ᠬᠤᠷᠴᠠ ᠮᠡᠭᠡ ᠬᠦᠳᠡᠯᠬᠡᠬᠡᠨ ᠢ ᠬᠡᠷᠡᠭᠯᠡᠬᠦ ᠲᠣᠯᠠ ᠪᠠᠷᠢᠯᠳᠣᠭᠠᠨ ᠤ ᠲᠣᠮᠳᠠ ᠭᠤᠳᠣᠯ ᠢᠶᠠᠨ | ᠰᠣᠷ ᠢᠶᠠᠷ ᠰᠠᠶᠢᠨ ᠨᠣᠬᠳᠣᠯᠠᠨ ᠬᠦᠯᠢᠬᠦ ᠦᠬᠡᠢ ᠪᠣᠯ ᠰᠢᠷᠣᠬᠦᠨ ᠬᠦᠴᠣᠳᠠᠢ ᠲᠠᠰᠢᠯᠭ᠎ᠠ᠂ ᠲᠣᠳᠣᠷ᠎ᠠ ᠬᠤᠶᠠᠷ ᠲᠠᠯ᠎ᠠ ᠵᠦᠭ ᠴᠣᠭᠤᠯᠣᠨ ᠲᠠᠰᠢᠬᠤ ᠳᠤ ᠭᠤᠯᠭᠤᠬᠤ᠂ | ᠭᠤᠳᠣᠯ ᠮᠣᠯᠳᠣᠷᠠᠵᠣ ᠬᠦᠯ ᠡᠷᠬᠢᠯᠳᠣᠨ ᠬᠡᠮᠳᠣᠬᠦ ᠪᠣᠶᠣ ᠭᠤᠳᠣᠯ ᠤᠨ ᠣᠯᠠ ᠬᠠᠭᠵᠠᠷᠠᠨ ᠵᠠᠳᠠᠷᠠᠵᠣ ᠰᠠᠯᠬᠤ ᠣᠴᠢᠷ ᠴᠤ ᠭᠠᠷᠬᠤ ᠶᠣᠮ᠃ ᠡᠬᠦᠨ ᠢ ᠰᠡᠷᠬᠡᠶᠢᠯᠡᠵᠣ | ᠪᠦᠬᠡᠴᠢᠳ ᠭᠤᠳᠣᠯ ᠢᠶᠠᠨ ᠨᠣᠬᠳᠣᠯᠠᠨ ᠬᠦᠯᠢᠬᠦ ᠵᠠᠩᠰᠢᠯ ᠲᠠᠢ ᠪᠣᠯᠵᠡᠢ᠂ ᠮᠦᠡᠴᠣ ᠭᠤᠳᠣᠯ ᠢᠶᠠᠨ ᠰᠠᠶᠢᠬᠠᠨ ᠨᠣᠬᠳᠣᠯᠠᠨ ᠬᠦᠯᠢᠪᠡᠯ ᠬᠦᠯ ᠭᠤᠳᠣᠯ ᠡᠪ ᠲᠠᠢ ᠪᠣᠯᠵᠣ | ᠂ ᠪᠡᠶ᠎ᠡ ᠶᠢᠨ ᠲᠦᠪ ᠢ ᠲᠣᠬᠳᠠᠭᠤᠨ ᠪᠣᠯᠭᠠᠨ ᠮᠡᠭᠡ ᠮᠡᠷᠬᠡᠵᠢᠯ ᠬᠢᠬᠦ ᠳᠤ ᠬᠤᠷᠴᠠ ᠱᠠᠯᠠᠮᠠᠭᠠᠢ ᠪᠣᠯᠭᠠᠳᠠᠭ᠃ | ᠵᠣᠬᠢᠶᠠᠭᠴᠢ᠄ ᠰᠢᠷᠠᠶᠢᠳ · ᠮᠦᠡᠭᠭᠡ ᠶᠢᠨ ᠦᠯᠵᠠᠶᠢᠬᠤᠳᠤᠭ |