ᠥᠪᠤᠷ ᠮᠤᠩᠭᠤᠯ ᠤᠨ ᠠᠮᠢ ᠠᠬᠤᠢ ᠶᠢᠨ ᠲᠤᠬᠠᠢ ᠶᠠᠷᠢᠯᠴᠠᠯᠭ᠎ᠠ ︵ᠱᠠᠯᠤᠨ︶ 12 ᠤᠨ ᠡᠳᠣᠷ ᠪᠡᠭᠡᠵᠢᠩ ᠳᠤ | ᠪᠤᠯᠵᠦ ᠥᠩᠭᠡᠷᠡᠯᠠ᠃ ᠡᠨᠡ ᠣᠳᠠᠭᠠᠨ ᠤ ᠶᠠᠷᠢᠯᠴᠠᠯᠭ᠎ᠠ ᠶᠢ ᠲᠥᠪ ᠷᠠᠳᠢᠣ᠋ ᠶᠢᠨ ᠮᠤᠩᠭᠤᠯ ᠬᠡᠯᠡᠨ ᠤ | ᠨᠡᠪᠳᠡᠷᠡᠭᠦᠯᠭᠡ ᠶᠢᠨ ᠬᠡᠯᠳᠡᠰ᠂ ᠥᠪᠤᠷ ᠮᠤᠩᠭᠤᠯ ᠤᠨ ᠡᠳᠣᠷ ᠤᠨ ᠰᠣᠨᠢᠨ ᠤ ᠬᠤᠷᠢᠶ᠎ᠠ᠂ ᠥᠪᠤᠷ ᠮᠤᠩᠭᠤᠯ ᠤᠨ | ᠷᠠᠳᠢᠣ᠋ ᠲᠧᠯᠸᠢᠰ ᠤᠨ ᠬᠤᠷᠢᠶ᠎ᠠ ᠬᠠᠮᠳᠣᠷᠠᠨ ᠡᠷᠬᠢᠯᠡᠵᠦ᠂ ᠪᠥᠬᠦ ᠣᠯᠣᠰ ᠤᠨ ᠠᠷᠠᠳ ᠤᠨ ᠲᠥᠯᠥᠭᠡᠯᠡᠭᠴᠢ ᠪᠤᠯᠤᠨ | ᠬᠠᠮᠢᠶᠠᠳᠠᠢ ᠡᠷᠳᠡᠮᠳᠡᠨ ᠮᠡᠷᠭᠡᠵᠢᠯᠳᠡᠨ ᠢ ᠤᠷᠢᠵᠦ᠂ ᠥᠪᠤᠷ ᠮᠤᠩᠭᠤᠯ ᠤᠨ ᠠᠮᠢ ᠠᠬᠤᠢ ᠪᠤᠯᠤᠨ ᠠᠵᠦ ᠠᠬᠤᠢ ᠶᠢᠨ | ᠲᠤᠬᠠᠢ ᠶᠠᠷᠢᠯᠴᠠᠯᠭ᠎ᠠ ᠥᠷᠨᠢᠬᠦᠯᠥᠭᠰᠡᠨ ᠶᠤᠮ᠃ | ᠡᠤ ᠶᠥᠨ ᠪᠥᠸᠧ ︵ᠪᠥᠬᠦ ᠣᠯᠣᠰ ᠤᠨ ᠠᠷᠠᠳ ᠤᠨ ᠲᠥᠯᠥᠭᠡᠯᠡᠭᠴᠢ︶᠄ ᠬᠤᠷᠰᠢᠶᠠᠵᠢᠯ ᠪᠤᠯ ᠵᠥᠪᠭᠡᠨ | ᠫᠧᠩ ᠰᠠᠷᠠᠪᠴᠢ ᠪᠠᠶᠢᠭᠤᠯᠤᠭᠠᠳ ᠬᠠᠰᠢᠶᠠᠯᠠᠵᠦ ᠲᠡᠵᠢᠭᠡᠬᠦ ᠶᠠᠪᠤᠳᠠᠯ ᠪᠢᠰᠢ᠃ ᠡᠭᠦᠨ ᠢ ᠮᠠᠯᠴᠢᠳ ᠵᠥᠪ ᠣᠶᠢᠯᠠᠭᠠᠪᠠᠯ | ᠵᠤᠬᠢᠨ᠎ᠠ᠃ ᠪᠢᠳᠠ ᠣᠯᠠᠮᠵᠢᠯᠠᠯᠳᠣ ᠮᠠᠯᠵᠢᠯ᠂ ᠰᠢᠨ᠎ᠡ ᠮᠠᠯᠵᠢᠯ᠂ ᠬᠡᠪᠴᠢᠶᠠᠵᠢᠭ᠍ᠰᠡᠨ ᠮᠠᠯᠵᠢᠯ ᠢ ᠪᠥᠷ ᠣᠶᠠᠯᠳᠣᠭᠤᠯᠵᠦ | ᠪᠤᠢ᠃ ᠶᠡᠷᠥᠩᠬᠡᠢ ᠱᠥᠵᠢ ︽ᠬᠠᠰᠢᠶᠠᠯᠠᠬᠤ ᠦᠭᠡᠢ ᠪᠤᠯ ᠪᠤᠯᠬᠤ ᠦᠭᠡᠢ︾ ᠭᠡᠵᠦ ᠬᠡᠯᠡᠭᠡ ᠦᠭᠡᠢ᠃ ᠬᠠᠷᠢᠨ ︽ᠲᠠ | ᠬᠠᠷᠢᠬᠰᠠᠨ ᠤ ᠪᠠᠨ ᠳᠠᠷᠠᠭ᠎ᠠ᠂ ᠪᠤᠳᠠᠳᠠᠢ ᠲᠠᠢ ᠪᠠᠨ ᠤᠶᠠᠯᠳᠣᠭᠤᠯᠵᠦ ᠬᠢ᠂ ᠭᠠᠵᠠᠷ ᠤᠷᠤᠨ ᠳᠠᠭᠠᠨ ᠲᠤᠬᠢᠷᠠᠬᠰᠠᠨ | ᠵᠥᠢᠯ ᠢᠶᠠᠨ ᠬᠢ︾ ᠬᠡᠰᠡᠨ᠃ ︽ᠮᠠᠯᠴᠢᠨ ᠠᠶᠢᠯ︾ ᠬᠡᠬᠦ ᠨᠡᠷᠡᠳᠣ ᠲᠡᠮᠳᠡᠭ ᠵᠥᠪᠬᠡᠨ ᠮᠢᠨᠥᠬᠢ ᠪᠢᠰᠢ᠂ ᠬᠠᠷᠢᠨ | ᠪᠥᠬᠦ ᠮᠠᠯᠴᠢᠨ ᠲᠥᠮᠡᠨ ᠤ ᠬᠢ᠃ ᠲᠡᠶᠢᠮᠥ ᠤᠴᠢᠷ ᠠᠴᠠ ᠪᠢ ᠪᠥᠬᠦ ᠮᠠᠯᠴᠢᠨ ᠲᠥᠮᠡᠨ ᠢᠶᠠᠨ ᠲᠥᠯᠥᠭᠡᠯᠡᠵᠦ ᠶᠡᠷᠥᠩᠬᠡᠢ | ᠱᠥᠵᠢ ᠶᠢᠨ ᠡᠮᠥᠨ᠎ᠡ ᠡᠭᠦᠨ ᠢ ᠪᠠᠨ ᠤᠬᠠᠭᠤᠯᠵᠦ ᠰᠣᠷᠳᠠᠯᠴᠢᠯᠠᠬᠰᠠᠨ ᠶᠤᠮ᠃ | | ᠣᠯᠠᠭᠠᠨᠪᠠᠭᠠᠨᠠ ︵ᠲᠤᠮᠳᠠᠳᠣ ᠣᠯᠣᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠬᠢᠵᠠᠭᠠᠷ | ᠤᠷᠤᠨ ᠢ ᠰᠣᠳᠣᠯᠬᠤ ᠬᠥᠷᠢᠶᠠᠯᠠᠩ ᠤᠨ ᠲᠡᠳ᠋ ᠫᠷᠥᠹᠧᠰᠰᠣᠷ︶᠄ ᠡᠨᠡ 40 ᠵᠢᠯ ᠳᠤ ᠮᠠᠨ ᠤ ᠡᠳ᠋ ᠤᠨ ᠵᠠᠰᠠᠭ ᠮᠠᠰᠢ | ᠲᠥᠷᠭᠡᠨ ᠨᠡᠮᠡᠭᠳᠡᠭᠰᠡᠨ ᠪᠤᠯᠪᠠᠴᠣ᠂ ᠠᠮᠢ ᠠᠬᠤᠢ ᠮᠠᠰᠢ ᠶᠡᠭᠡ ᠭᠠᠷᠤᠵᠠ ᠭᠠᠷᠭᠠᠬᠰᠠᠨ᠃ ᠣᠳᠣ ᠪᠢᠳᠠ ᠠᠮᠢ | ᠠᠬᠤᠢ ᠪᠠᠨ ᠡᠷᠬᠢᠵᠦ ᠬᠠᠷᠠᠬᠤ ᠭᠡᠷᠡᠭᠳᠡᠢ᠃ ᠠᠮᠢ ᠠᠬᠤᠢ ᠶᠢᠨ ᠲᠤᠭᠠᠴᠠᠭ᠎ᠠ ᠬᠢᠬᠦ ᠴᠠᠭ ᠪᠤᠯᠤᠬᠰᠠᠨ᠃ ᠥᠪᠤᠷ | ᠮᠤᠩᠭᠤᠯ ᠤᠨ ᠠᠮᠢ ᠠᠬᠤᠢ ᠬᠥᠨᠳᠣ ᠬᠡᠴᠡᠭᠦᠦ ᠪᠠᠶᠢᠳᠠᠯ ᠳᠤ ᠤᠷᠤᠪᠠᠯ ᠬᠥᠷᠰᠢᠯᠡᠵᠦ ᠪᠠᠶᠢᠭ᠎ᠠ 8 ᠮᠤᠵᠢ ᠤᠷᠤᠨ ᠴᠤ | ᠠᠶᠤᠯ ᠳᠤ ᠲᠤᠯᠭᠠᠷᠠᠬᠤ ᠪᠤᠯᠤᠨ᠎ᠠ᠃ ᠡᠶᠢᠮᠥ ᠠᠴᠠ ᠶᠡᠷᠥᠩᠬᠡᠢ ᠱᠥᠵᠢ ᠰᠢ ᠶᠢᠨ ᠫᠢᠩ ᠤᠨ ︽ᠠᠮᠢ ᠠᠬᠤᠢ ᠶᠢᠨ | ᠬᠠᠮᠠᠭᠠᠯᠠᠯᠳᠠ ᠶᠢ ᠲᠡᠷᠢᠭᠦᠨ ᠪᠠᠶᠢᠷᠢᠨ ᠳᠤ ᠲᠠᠯᠪᠢᠬᠰᠠᠨ ᠴᠢᠨᠠᠷᠯᠢᠭ ᠭᠦᠭᠵᠢᠯᠳᠡ ᠶᠢᠨ ᠰᠢᠨ᠎ᠡ ᠵᠠᠮ ᠢ ᠰᠥᠪᠡᠭᠴᠢᠯᠡᠬᠦ | ᠭᠡᠷᠡᠭᠳᠡᠢ︾ ᠬᠡᠰᠡᠨ ᠵᠢᠭᠠᠪᠥᠷᠢ ᠪᠤᠯ ᠴᠠᠭ ᠲᠠᠭᠠᠨ ᠲᠤᠬᠢᠷᠠᠬᠰᠠᠨ ᠮᠠᠰᠢ ᠴᠢᠬᠤᠯᠠ ᠵᠢᠭᠠᠪᠥᠷᠢ ᠪᠤᠯᠤᠨ᠎ᠠ᠃ | | ᠴᠧᠨ ᠯᠢᠶᠠᠩ ︵ᠪᠥᠬᠦ ᠣᠯᠣᠰ ᠤᠨ ᠠᠷᠠᠳ ᠤᠨ ᠲᠥᠯᠥᠭᠡᠯᠡᠭᠴᠢ︶᠄ ᠪᠠᠶᠢᠭᠠᠯᠢ ᠤᠷᠴᠢᠨ ᠤ ᠪᠠᠨ ᠣᠨᠴᠠᠯᠢᠭ | ᠰᠢᠨᠵᠢ ᠶᠢ ᠰᠠᠶᠢᠨ ᠲᠠᠨᠢᠵᠦ᠂ ᠰᠠᠶᠢᠨ ᠡᠵᠡᠮᠳᠡᠵᠦ᠂ ᠰᠠᠶᠢᠨ ᠵᠠᠳᠠᠯᠵᠦ ᠰᠢᠨᠵᠢᠯᠡᠬᠦ ᠴᠢᠬᠤᠯᠠᠳᠠᠢ᠃ ᠡᠨᠡ ᠪᠤᠯ ᠠᠵᠦ | ᠠᠬᠤᠢ ᠪᠤᠯᠤᠨ ᠠᠮᠢ ᠠᠬᠤᠢ ᠶᠢᠨ ᠬᠠᠷᠢᠴᠠᠭ᠎ᠠ ᠶᠢ ᠵᠤᠬᠢᠴᠠᠭᠤᠯᠬᠤ ᠶᠢᠨ ᠤᠷᠢᠳᠠᠯ ᠨᠥᠬᠦᠴᠡᠯ᠃ ᠥᠩᠭᠡᠷᠡᠭᠰᠡᠨ ᠳᠤ | ᠥᠪᠤᠷ ᠮᠤᠩᠭᠤᠯ ᠤᠨ ᠬᠢᠨ ᠭᠦᠭᠵᠢᠯᠳᠡ ᠶᠢ ᠲᠡᠷᠢᠭᠦᠨ ᠪᠠᠶᠢᠷᠢᠨ ᠳᠤ ᠲᠠᠯᠪᠢᠵᠦ ᠪᠠᠶᠢᠬᠰᠠᠨ ᠪᠤᠯ ᠤᠳᠤ ᠠᠮᠢ | ᠠᠬᠤᠢ ᠶᠢ ᠲᠡᠷᠢᠭᠦᠨ ᠪᠠᠶᠢᠷᠢᠨ ᠳᠤ ᠲᠠᠯᠪᠢᠬᠰᠠᠨ ᠴᠢᠨᠠᠷᠯᠢᠭ ᠭᠦᠭᠵᠢᠯᠳᠡ ᠶᠢᠨ ᠵᠠᠮ ᠢᠶᠠᠷ ᠶᠠᠪᠤᠬᠤ ᠴᠠᠭ ᠪᠤᠯᠵᠠᠢ᠃ | ᠡᠨᠡ ᠪᠤᠯ ᠶᠡᠷᠥᠩᠬᠡᠢ ᠱᠥᠵᠢ ᠶᠢᠨ ᠴᠢᠬᠤᠯᠠ ᠵᠢᠭᠠᠪᠥᠷᠢ ᠶᠤᠮ᠃ | | ᠪᠠᠢ ᠢᠥᠢ ᠵᠤ᠋ ︵ᠲᠤᠮᠳᠠᠳᠣ ᠣᠯᠣᠰ ᠤᠨ ᠬᠥᠳᠡᠭᠡ ᠠᠵᠦ ᠠᠬᠤᠢ ᠶᠢᠨ ᠶᠡᠭᠡ ᠰᠣᠷᠭᠠᠭᠤᠯᠢ ᠶᠢᠨ | ᠫᠷᠥᠹᠧᠰᠰᠣᠷ᠂ ᠲᠤᠮᠳᠠᠳᠣ ᠣᠯᠣᠰ ᠤᠨ ᠡᠪᠡᠰᠣ ᠪᠡᠯᠴᠢᠭᠡᠷ ᠤᠨ ᠮᠡᠷᠭᠡᠵᠢᠯ ᠤᠨ ᠰᠢᠨᠵᠢᠯᠡᠬᠦ ᠤᠬᠠᠭᠠᠨᠳᠠᠨ︶᠄ ᠠᠮᠢ | ᠠᠬᠤᠢ ᠪᠠᠶᠢᠭᠠᠯᠢ ᠤᠷᠴᠢᠨ ᠪᠤᠯ ᠠᠯᠢᠪᠠ ᠠᠵᠢᠯ ᠥᠢᠯᠡᠰ ᠤᠨ ᠰᠠᠭᠤᠷᠢ᠃ ᠥᠪᠤᠷ ᠮᠤᠩᠭᠤᠯ ᠤᠨ ᠠᠮᠢ ᠠᠬᠤᠢ | ᠪᠠᠶᠢᠭᠠᠯᠢ ᠤᠷᠴᠢᠨ ᠮᠠᠰᠢ ᠬᠡᠪᠡᠷᠡᠭ ᠪᠠᠶᠢᠳᠠᠭ᠃ ᠬᠡᠷᠪᠡ ᠵᠥᠢ ᠵᠤᠬᠢᠰᠳᠠᠢ ᠠᠷᠭ᠎ᠠ ᠪᠤᠳᠤᠯᠭ᠎ᠠ ᠠᠪᠬᠤ ᠦᠭᠡᠢ ᠶᠤᠮ | ᠪᠤᠯ ᠠᠮᠢ ᠠᠬᠤᠢ ᠶᠢᠨ ᠠᠶᠤᠯ ᠳᠤ ᠣᠴᠠᠷᠠᠬᠤ ᠪᠤᠯᠤᠨ᠎ᠠ᠃ | | ᠮᠸᠢ ᠬᠤᠸᠠ ︵ᠪᠥᠬᠦ ᠣᠯᠣᠰ ᠤᠨ ᠠᠷᠠᠳ ᠤᠨ ᠲᠥᠯᠥᠭᠡᠯᠡᠭᠴᠢ︶᠄ ︽ᠲᠠᠯ᠎ᠠ ᠨᠤᠳᠤᠭ ᠤᠨ ᠬᠠᠣᠯᠢ︾ ᠳᠤ | ᠶᠠᠭᠠᠷᠠᠯᠳᠠᠢ ᠵᠠᠰᠠᠪᠥᠷᠢ ᠤᠷᠤᠭᠤᠯᠵᠦ ᠰᠢᠨᠡᠴᠢᠯᠡᠬᠦ ᠴᠢᠬᠤᠯᠠᠳᠠᠢ᠃ ᠪᠠᠶᠢᠭᠠᠯᠢ ᠤᠷᠴᠢᠨ ᠢ ᠬᠠᠣᠯᠢ ᠶᠢᠨ ᠵᠡᠪᠰᠡᠭ ᠢᠶᠠᠷ | ᠣᠴᠢᠵᠦ ᠬᠠᠮᠠᠭᠠᠯᠠᠬᠤ ᠭᠡᠷᠡᠭᠳᠡᠢ᠃ ᠪᠠᠶᠢᠭᠠᠯᠢ ᠤᠷᠴᠢᠨ ᠢ ᠬᠠᠮᠠᠭᠠᠯᠠᠬᠤ ᠪᠤᠯ ᠵᠥᠪᠬᠡᠨ ᠮᠠᠯᠴᠢᠨ ᠲᠥᠮᠡᠨ ᠤ | ᠠᠰᠠᠭᠤᠳᠠᠯ ᠪᠢᠰᠢ᠂ ᠵᠥᠪᠬᠡᠨ ᠥᠪᠤᠷ ᠮᠤᠩᠭᠤᠯ ᠤᠨ ᠠᠰᠠᠭᠤᠳᠠᠯ ᠪᠢᠰᠢ᠂ ᠬᠠᠷᠢᠨ ᠪᠥᠬᠦ ᠣᠯᠣᠰ ᠤᠨ ᠠᠰᠠᠭᠤᠳᠠᠯ | ᠶᠤᠮ᠃ ᠠᠮᠢ ᠠᠬᠤᠢ ᠪᠠᠶᠢᠭᠠᠯᠢ ᠤᠷᠴᠢᠨ ᠢ ᠬᠠᠮᠠᠭᠠᠯᠠᠬᠤ ᠬᠢᠴᠢᠶᠠᠯ ᠬᠥᠮᠥᠵᠢᠯ ᠢ ᠬᠢᠳᠠᠳ ᠮᠤᠩᠭᠤᠯ ᠬᠡᠰᠡᠨ | ᠢᠯᠭᠠᠭ᠎ᠠ ᠦᠭᠡᠢ ᠰᠣᠷᠭᠠᠭᠤᠯᠢ ᠪᠥᠬᠦᠨ ᠳᠤ ᠤᠷᠤᠭᠤᠯᠵᠦ᠂ ᠬᠡᠣᠬᠡᠳ ᠤᠳ ᠢ ᠬᠠᠷ᠎ᠠ ᠪᠠᠭ᠎ᠠ ᠨᠢ ᠡᠶᠢᠮᠥ ᠥᠵᠡᠯ | ᠣᠬᠠᠮᠰᠠᠷ ᠲᠠᠢ ᠪᠤᠯᠭᠠᠬᠤ ᠭᠡᠷᠡᠭᠳᠡᠢ᠃ | | ᠰᠠᠶᠢᠨ ︵ᠲᠤᠮᠳᠠᠳᠣ ᠣᠯᠣᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠥᠨᠳᠣᠰᠣᠳᠠᠨ | ᠪᠤᠯᠤᠨ ᠣᠬᠰᠠᠭ᠎ᠠ ᠵᠥᠢ ᠰᠣᠳᠣᠯᠬᠤ ᠬᠥᠷᠢᠶᠠᠯᠠᠩ ᠤᠨ ᠫᠷᠥᠹᠧᠰᠰᠣᠷ︶᠄ ᠬᠥᠮᠥᠰ ᠤᠨ ᠠᠮᠢ ᠠᠬᠤᠢ ᠪᠠᠶᠢᠭᠠᠯᠢ | ᠤᠷᠴᠢᠨ ᠢᠶᠠᠨ ᠬᠠᠮᠠᠭᠠᠯᠠᠬᠤ ᠥᠵᠡᠯ ᠣᠬᠠᠮᠰᠠᠷ ᠢ ᠨᠢ ᠲᠡᠭᠡᠭᠰᠢᠯᠡᠭᠦᠯᠬᠦ ᠴᠢᠬᠤᠯᠠᠳᠠᠢ᠃ ᠣᠨᠴᠠᠭᠠᠶᠢᠯᠠᠨ ᠬᠠᠮᠢᠶᠠᠳᠠᠢ | ᠭᠠᠵᠠᠷ ᠤᠷᠤᠨ ᠤ ᠳᠠᠷᠤᠭ᠎ᠠ ᠣᠳᠣᠷᠢᠳᠣᠯᠭ᠎ᠠ ᠳᠤ ᠠᠮᠢ ᠠᠬᠤᠢ ᠶᠢᠨ ᠬᠠᠮᠠᠭᠠᠯᠠᠯᠳᠠ ᠶᠢᠨ ᠲᠤᠯᠭᠠᠮ᠎ᠠ ᠴᠢᠨᠠᠷ ᠢ | ᠲᠠᠨᠢᠭᠤᠯᠬᠤ ᠭᠡᠷᠡᠭᠳᠡᠢ᠃ ᠨᠥᠬᠦᠭᠡ ᠲᠠᠯ᠎ᠠ ᠪᠠᠷ ᠮᠠᠯᠴᠢᠨ ᠲᠠᠷᠢᠶᠠᠴᠢᠳ ᠤᠨ ᠠᠮᠢ ᠠᠬᠤᠢ ᠪᠠᠶᠢᠭᠠᠯᠢ ᠤᠷᠴᠢᠨ ᠢᠶᠠᠨ | ᠬᠠᠮᠠᠭᠠᠯᠠᠬᠤ ᠥᠵᠡᠯ ᠣᠬᠠᠮᠰᠠᠷ ᠢ ᠨᠢ ᠲᠡᠭᠡᠭᠰᠢᠯᠡᠭᠦᠯᠵᠦ᠂ ᠲᠡᠳᠡᠨ ᠢ ᠲᠠᠶᠢᠴᠢᠯᠠᠵᠦ ᠠᠮᠢ ᠠᠬᠤᠢ ᠶᠢᠨ | ᠬᠠᠮᠠᠭᠠᠯᠠᠯᠳᠠ ᠳᠤ ᠢᠳᠡᠪᠬᠢᠳᠡᠢ ᠤᠷᠤᠯᠴᠠᠭᠤᠯᠬᠤ ᠴᠢᠬᠤᠯᠠᠳᠠᠢ᠃ | | ᠴᠣᠯᠮᠣᠨ ︵ᠪᠥᠬᠦ ᠣᠯᠣᠰ ᠤᠨ ᠠᠷᠠᠳ ᠤᠨ ᠲᠥᠯᠥᠭᠡᠯᠡᠭᠴᠢ︶᠄ ᠮᠠᠯᠴᠢᠨ ᠲᠥᠮᠡᠨ ᠮᠠᠨᠢ ᠨᠤᠳᠤᠭ ᠣᠰᠣ᠂ | ᠪᠠᠶᠢᠭᠠᠯᠢ ᠤᠷᠴᠢᠨ ᠢᠶᠠᠨ ᠨᠢᠳᠣᠨ ᠤ ᠪᠠᠨ ᠴᠡᠴᠡᠭᠡᠢ ᠰᠢᠭ ᠬᠠᠶᠢᠷᠠᠯᠠᠵᠦ ᠬᠢᠮᠠᠭᠠᠳᠠᠳᠠᠭ᠃ ᠣᠳᠣ ᠵᠠᠷᠢᠮ ᠭᠠᠵᠠᠷ | ᠤᠷᠤᠨ ᠳᠤ ᠭᠤᠤᠯ ᠬᠠᠰᠢᠵᠦ᠂ ᠤᠷᠤᠰᠬᠠᠯ ᠲᠠᠰᠣᠯᠠᠬᠤ ᠥᠵᠡᠭᠳᠡᠯ ᠬᠥᠨᠳᠣ ᠨᠤᠴᠢᠳᠠᠢ ᠪᠤᠯᠵᠠᠢ᠃ ᠡᠶᠢᠮᠥ ᠠᠴᠠ | ᠭᠤᠤᠯ ᠬᠠᠰᠢᠵᠦ ᠤᠷᠤᠰᠬᠠᠯ ᠲᠠᠰᠣᠯᠠᠬᠤ ᠠᠵᠢᠯᠯᠠᠭ᠎ᠠ ᠶᠢ ᠵᠤᠬᠰᠤᠭᠠᠵᠦ᠂ ᠪᠠᠶᠢᠭᠠᠯᠢ ᠤᠷᠴᠢᠨ ᠢ ᠡᠪᠳᠡᠭᠰᠡᠨ | ᠡᠳᠡᠭᠡᠳ ᠢ ᠶᠠᠯᠠᠯᠠᠨ ᠰᠢᠢᠳᠭᠡᠵᠦ᠂ ᠭᠤᠣᠯ ᠭᠤᠷᠤᠬ᠎ᠠ᠂ ᠨᠠᠭᠤᠷ ᠪᠥᠷᠢᠳᠣ ᠶᠢᠨ ᠣᠩᠭᠤᠨ ᠪᠠᠶᠢᠳᠠᠯ ᠢ ᠰᠡᠷᠭᠦᠭᠡᠬᠦ ᠨᠢ | ᠲᠤᠯᠭᠠᠮ᠎ᠠ ᠱᠠᠭᠠᠷᠳᠠᠯᠭ᠎ᠠ ᠪᠤᠯᠵᠦ ᠪᠠᠶᠢᠨ᠎ᠠ᠃ | | ᠰᠣᠷᠭᠠᠯᠳᠣ ︵ᠲᠥᠪ ᠤᠨ ᠡᠳ᠋ ᠤᠨ ᠵᠠᠰᠠᠭ ᠠᠵᠦ ᠠᠬᠤᠢ ᠶᠢᠨ ᠶᠡᠭᠡ ᠰᠣᠷᠭᠠᠭᠤᠯᠢ ᠶᠢᠨ ᠨᠡᠶᠢᠭᠡᠮ ᠤᠨ | ᠭᠦᠭᠵᠢᠯᠳᠡ ᠶᠢᠨ ᠲᠡᠭᠡᠳᠣ ᠰᠣᠷᠭᠠᠭᠤᠯᠢ ᠶᠢᠨ ᠫᠷᠥᠹᠧᠰᠰᠣᠷ︶᠄ ᠶᠡᠷᠥᠩᠬᠡᠢ ᠱᠥᠵᠢ ᠰᠢ ᠶᠢᠨ ᠫᠢᠩ ᠠᠮᠢ ᠠᠬᠤᠢ ᠶᠢᠨ | ᠬᠠᠮᠠᠭᠠᠯᠠᠯᠳᠠ ᠶᠢᠨ ᠲᠤᠬᠠᠢ ᠶᠠᠷᠢᠬᠤ ᠳᠠᠭᠠᠨ ︽ᠠᠶᠠᠨᠳᠠᠭᠠᠨ ᠰᠡᠷᠭᠦᠭᠡᠭᠦ ᠪᠠᠷ ᠭᠤᠤᠯ ᠴᠢᠭᠯᠡᠯ ᠪᠤᠯᠭᠠᠬᠤ︾ ᠬᠡᠰᠡᠨ | ᠥᠭᠡ ᠶᠢ ᠲᠤᠷᠠᠳᠣᠬᠰᠠᠨ ᠪᠠᠶᠢᠨ᠎ᠠ᠃ ᠡᠨᠡ ᠪᠤᠯ ᠪᠠᠶᠢᠭᠠᠯᠢ ᠶᠢᠨ ᠵᠢᠮ᠎ᠠ ᠶᠤᠰᠤ ᠶᠢ ᠮᠠᠰᠢ ᠣᠨᠣᠪᠴᠢᠳᠠᠢ ᠣᠨᠣᠭᠠᠵᠦ | ᠬᠡᠯᠡᠭᠰᠡᠨ ᠥᠭᠡ ᠶᠤᠮ᠃ ᠥᠪᠤᠷ ᠮᠤᠩᠭᠤᠯ ᠤᠨ ᠠᠮᠢ ᠠᠬᠤᠢ ᠪᠠᠶᠢᠭᠠᠯᠢ ᠤᠷᠴᠢᠨ ᠢ ᠬᠠᠮᠠᠭᠠᠯᠠᠵᠦ ᠰᠡᠷᠭᠦᠭᠡᠬᠦ ᠳᠤ | ᠵᠠᠪᠠᠯ ᠪᠠᠶᠢᠭᠠᠯᠢ ᠶᠢᠨ ᠵᠢᠮ᠎ᠠ ᠶᠤᠰᠤ ᠪᠠᠷ ᠠᠵᠢᠯᠯᠠᠬᠤ ᠭᠡᠷᠡᠭᠳᠡᠢ᠃ ᠬᠠᠷᠢᠨ ᠨᠢᠭᠡ ᠵᠥᠢᠯ ᠤᠨ ᠠᠷᠭ᠎ᠠ ᠬᠡᠯᠪᠡᠷᠢ ᠶᠢ | ᠭᠠᠵᠠᠷ ᠪᠤᠯᠭᠠᠨ ᠳᠤ ᠲᠤᠬᠤᠵᠦ ᠪᠤᠯᠬᠤ ᠦᠭᠡᠢ᠃ | | | |