ᠪᠦᠭᠡᠷᠡᠩᠭᠡᠢ ᠴᠠᠭᠠᠨ ᠨᠤᠭᠤᠭ᠎ᠠ ᠶᠢᠨ ᠨᠠᠪᠴᠢᠴᠢ ᠴᠠᠭᠠᠨ ᠡᠷᠪᠡᠬᠡᠢ ᠶᠢᠨ ᠠᠪᠠᠭᠠᠯᠳᠠᠢ ᠶᠢᠨ ᠬᠦᠨᠦᠭᠡᠯ ᠢ ᠰᠡᠷᠭᠡᠶᠢᠯᠡᠨ ᠵᠠᠰᠠᠬᠤ
ᠨᠡᠶᠢᠲᠡᠯᠡᠭᠰᠡᠨ ᠴᠠᠭ᠄
2019/4/12
     ᠨᠠᠪᠴᠢᠴᠢ ᠴᠠᠭᠠᠨ ᠡᠷᠪᠡᠬᠡᠢ ᠶᠢᠨ ᠠᠪᠠᠭᠠᠯᠳᠠᠢ ᠪᠤᠯ ᠨᠤᠭᠤᠭ᠎ᠠ ᠶᠢᠨ ᠴᠠᠭᠠᠨ ᠡᠷᠪᠡᠬᠡᠢ ᠶᠢᠨ ᠠᠪᠠᠭᠠᠯᠳᠠᠢ ᠮᠦᠨ᠂ ᠬᠠᠶᠢᠷᠰᠤᠳᠤ ᠳᠠᠯᠠᠪᠴᠢᠳᠠᠨ ᠤ ᠪᠠᠭ ᠤᠨ ᠴᠠᠭᠠᠨ ᠡᠷᠪᠡᠬᠡᠢ ᠶᠢᠨ ᠢᠵᠠᠭᠤᠷ ᠲᠤ ᠬᠠᠷᠢᠶᠠᠯᠠᠭᠳᠠᠨ᠎ᠠ᠃      ᠬᠦᠨᠦᠭᠡᠯ ᠤᠨ ᠰᠢᠨᠵᠢ᠄ ᠡᠭᠢᠨ ᠤ ᠬᠤᠭᠤᠴᠠᠭᠠᠨ ᠳᠤ ᠨᠠᠪᠴᠢ ᠶᠢ ᠴᠤᠭᠤᠯᠵᠤ᠂ ᠠᠪᠠᠭᠠᠯᠳᠠᠢ ᠨᠢ 2 ᠨᠠᠰᠤᠨ ᠠᠴᠠ ᠡᠮᠦᠨ᠎ᠡ ᠨᠠᠪᠴᠢᠨ ᠮᠢᠬ᠎ᠠ ᠶᠢ ᠬᠡᠮᠡᠯᠢᠵᠤ ᠵᠦᠪᠬᠡᠨ ᠦᠩᠭᠡᠨ ᠬᠠᠯᠢᠰᠤ ᠯᠡ ᠦᠯᠡᠳᠡᠳᠡᠭ᠃ 3 ᠨᠠᠰᠤᠨ ᠤ ᠰᠡᠭᠦᠯᠡᠷ ᠢᠳᠡᠬᠦ ᠬᠡᠮᠵᠢᠶ᠎ᠡ ᠨᠢ ᠢᠯᠡᠳᠳᠡ ᠨᠡᠮᠡᠭᠳᠡᠵᠤ᠂ ᠨᠠᠪᠴᠢ ᠶᠢ ᠬᠡᠮᠡᠯᠢᠵᠤ ᠴᠤᠭᠤᠯᠬᠤ ᠪᠤᠶᠤ ᠨᠠᠪᠴᠢᠨ ᠤ ᠬᠦᠪᠡᠭᠡ ᠶᠢ ᠬᠡᠯᠳᠡᠭᠡᠢ ᠪᠤᠯᠳᠠᠯ᠎ᠠ ᠬᠡᠮᠡᠯᠢᠵᠤ᠂ ᠴᠢᠨᠠᠭᠰᠢᠯᠠᠪᠠᠯ ᠨᠠᠪᠴᠢ ᠶᠢ ᠬᠤᠭᠤᠰᠤᠷᠠᠳᠠᠯ᠎ᠠ ᠢᠳᠡᠵᠤ ᠵᠦᠪᠬᠡᠨ ᠨᠠᠪᠴᠢᠨ ᠤ ᠰᠤᠳᠠᠰᠤ ᠪᠠ ᠨᠠᠪᠴᠢᠨ ᠤ ᠪᠠᠷᠢᠭᠤᠯ ᠯᠡ ᠦᠯᠡᠳᠡᠳᠡᠭ᠃ ᠨᠢᠯᠬ᠎ᠠ ᠴᠢᠬᠢ ᠳᠤ ᠬᠦᠨᠦᠭᠡᠯ ᠳᠤᠰᠪᠠᠯ᠂ ᠬᠦᠨᠳᠤ ᠳᠤᠬᠢᠶᠠᠯᠳᠤᠯ ᠳᠤ ᠴᠢᠬᠢ ᠦᠭᠦᠵᠤ᠂ ᠬᠦᠩᠭᠡᠨ ᠳᠤᠬᠢᠶᠠᠯᠳᠤᠯ ᠳᠤ ᠦᠰᠦᠯᠳᠡ ᠨᠢ ᠬᠡᠪ ᠤᠨ ᠪᠤᠰᠤ ᠪᠤᠯᠳᠠᠭ᠃ ᠭᠤᠤᠯ ᠤᠷᠢᠶᠠᠬᠤ ᠰᠡᠭᠦᠯᠴᠢ ᠶᠢᠨ ᠬᠤᠭᠤᠴᠠᠭᠠᠨ ᠳᠤ ᠬᠡᠷᠪᠡ ᠴᠠᠭ ᠳᠤᠬᠠᠢ ᠳᠤᠨᠢ ᠰᠡᠷᠭᠡᠶᠢᠯᠡᠨ ᠵᠠᠰᠠᠬᠤ ᠦᠭᠡᠢ ᠪᠤᠯ ᠬᠤᠷᠢᠶᠠᠯᠳᠠ ᠪᠠ ᠴᠢᠨᠠᠷ ᠳᠡᠰ ᠢ ᠶᠡᠭᠡ ᠪᠠᠷ ᠳᠤᠷᠤᠭᠰᠢᠯᠠᠭᠤᠯᠳᠠᠭ᠃ ᠬᠤᠷᠤᠬᠠᠢ ᠶᠢᠨ ᠬᠡᠮᠡᠯᠢᠭᠰᠡᠨ ᠰᠢᠷᠬ᠎ᠠ ᠨᠢ ᠪᠠᠰᠠ ᠢᠯᠵᠢᠷᠡᠬᠦ ᠡᠪᠡᠳᠴᠢᠨ ᠡᠭᠦᠰᠭᠡᠳᠡᠭ᠃      ᠰᠡᠷᠭᠡᠶᠢᠯᠡᠨ ᠵᠠᠰᠠᠬᠤ᠄ 1. ᠲᠠᠷᠢᠶᠠᠨ ᠭᠠᠵᠠᠷ ᠲᠠᠬᠢ ᠬᠡᠮᠳᠦᠭᠰᠡᠨ ᠡᠰᠢ ᠪᠠ ᠨᠠᠪᠴᠢ ᠶᠢ ᠴᠡᠪᠡᠷᠯᠡᠨ ᠬᠠᠶᠠᠵᠤ᠂ ᠬᠤᠷᠤᠬᠠᠢ ᠶᠢᠨ ᠢᠷᠡᠯᠳᠡ ᠶᠢ ᠪᠠᠭᠠᠰᠬᠠᠨ᠎ᠠ᠃ 2. ᠡᠮ ᠢᠶᠠᠷ ᠰᠡᠷᠭᠡᠶᠢᠯᠡᠨ ᠵᠠᠰᠠᠨ᠎ᠠ᠃ 90% ᠶᠢᠨ ᠳ᠋ᠢ ᠪᠠᠢ ᠴᠦᠩ ᠤᠨ 800 ᠳᠠᠬᠢᠨ ᠤ ᠰᠢᠩᠭᠡᠨ᠂ 80% ᠶᠢᠨ ᠳ᠋ᠢ ᠱᠠ ᠰᠧ ᠶᠢᠨ 4000 ᠳᠠᠬᠢᠨ ᠤ ᠰᠢᠩᠭᠡᠨ ᠪᠤᠶᠤ 20% ᠶᠢᠨ ᠮᠢᠶᠤ ᠰᠤᠤ ᠯᠢ ᠶᠢᠨ ᠴᠢᠢᠳᠡᠮᠡᠭ ᠤᠨ 6000 — 8000 ᠳᠠᠬᠢᠨ ᠤ ᠰᠢᠩᠭᠡᠨ ᠢᠶᠠᠷ ᠠᠪᠠᠭᠠᠯᠳᠠᠢ ᠶᠢ ᠤᠰᠠᠳᠬᠠᠨ᠎ᠠ᠃
 
ᠢᠷᠡᠯᠲᠡ᠄ ᠬᠦᠯᠦᠨ ᠪᠤᠶᠢᠷ ᠤᠨ ᠷᠠᠳᠢᠤ᠋ ᠲᠧᠯᠸᠢᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号