ᠵᠣᠬᠢᠶᠠᠭᠴᠢ᠄ ᠰᠧᠷᠵᠢᠮᠡᠳᠡ | ᠨᠢᠭᠡ᠂ ᠣᠷᠣᠰ ᠤᠨ ᠪᠤᠷᠢᠶᠠᠳ ᠮᠣᠩᠭᠤᠯᠴᠣᠳ ᠤᠨ ᠲᠦᠢᠮᠣ ᠪᠠᠶᠢᠳᠠᠯ | ᠪᠣᠷᠢᠶᠠᠳ ᠮᠣᠩᠭᠤᠯ ᠪᠣᠯ ᠮᠠᠰᠢ ᠡᠷᠲᠡ ᠡᠭᠦᠰᠦᠭᠰᠡᠨ ᠮᠣᠩᠭᠤᠯ ᠣᠭᠰᠠᠭᠠᠲᠠᠨ ᠤ ᠨᠢᠭᠡ ᠶᠠᠰᠣᠲᠠᠨ ᠮᠦᠨ᠃ | ᠪᠣᠷᠢᠶᠠᠳ ᠮᠣᠩᠭᠤᠯ ᠪᠣᠯ ᠣᠭ ᠢᠵᠠᠭᠤᠷ ᠨᠢ ᠪᠠᠶᠢᠭᠠᠯ ᠳᠠᠯᠠᠢ ᠶᠢᠨ ᠡᠮᠦᠨ᠎ᠡ ᠲᠠᠯ᠎ᠠ ᠳᠤ ᠰᠠᠭᠤᠭᠰᠠᠨ ᠪᠧᠲ ᠭᠡᠳᠡᠭ ᠣᠪᠣᠭᠲᠠᠨ ᠤ ᠪᠦᠷᠳᠡ ᠴᠢᠨ᠋ᠸ᠎ᠡ ᠭᠡᠳᠡᠭ | ᠢᠵᠠᠭᠤᠷ ᠤᠨ ᠵᠣᠨ ︵ᠬᠦᠮᠦᠨ︶ ᠣᠯᠠᠰᠢᠷᠠᠭᠠᠳ ᠡᠮᠦᠨ᠎ᠡ ᠪᠠ ᠪᠠᠷᠠᠭᠤᠨ ᠵᠦᠭ ᠲᠡᠶᠢᠰᠢ ᠨᠡᠭᠦᠵᠦ ᠲᠠᠷᠬᠠᠭᠰᠠᠨ ᠠᠴᠠ ᠦᠯᠡᠳᠡᠭᠰᠡᠨ ᠬᠦᠮᠦᠰ ᠭᠡᠵᠦ ᠲᠡᠣᠬᠡᠨ | ᠰᠣᠳᠣᠷ ᠲᠤ ᠲᠡᠮᠳᠡᠭᠯᠡᠭᠳᠡᠭᠰᠡᠨ ᠪᠠᠶᠢᠳᠠᠭ᠃ ᠠᠷᠪᠠᠨ ᠬᠤᠶᠠᠳᠣᠭᠠᠷ ᠵᠠᠭᠤᠨ ᠤ ᠦᠶ᠎ᠡ ᠳᠤ ︽ᠮᠣᠩᠭᠤᠯ ᠤᠨ ᠨᠢᠭᠤᠴᠠ ᠲᠣᠪᠴᠢᠶᠠᠨ︾ ᠳᠤ ᠲᠣᠬᠠᠢ ᠦᠶ᠎ᠡ ᠶᠢᠨ | ᠮᠣᠩᠭᠤᠯ ᠠᠶᠢᠮᠠᠭ ᠤᠳ ᠤᠨ ᠳᠣᠲᠣᠷ᠎ᠠ ᠬᠤᠷᠢ ᠲᠦᠮᠡᠳ ︵ᠬᠤᠷᠢ ᠪᠣᠷᠢᠶᠠᠳ︶ ᠭᠡᠵᠦ ᠲᠡᠮᠳᠡᠭᠯᠡᠵᠠᠢ᠃ ᠠᠷᠪᠠᠨ ᠬᠤᠶᠠᠳᠣᠭᠠᠷ ᠵᠠᠭᠤᠨ ᠤ ᠦᠶ᠎ᠡ ᠪᠠ ᠠᠷᠪᠠᠨ | ᠭᠤᠷᠪᠠᠳᠣᠭᠠᠷ ᠵᠠᠭᠤᠨ ᠤ ᠦᠶ᠎ᠡ ᠳᠤ ᠪᠣᠷᠢᠶᠠᠳ ᠮᠣᠩᠭᠤᠯᠴᠣᠳ ᠪᠠᠶᠢᠭᠠᠯ ᠨᠠᠭᠤᠷ ᠤᠨ ᠣᠷᠴᠢᠮ ᠢᠶᠠᠷ ᠨᠣᠲᠣᠭᠯᠠᠵᠦ ᠪᠠᠶᠢᠭᠰᠠᠨ ᠶᠣᠮ᠃ ᠴᠢᠩᠭᠢᠰ ᠬᠠᠭᠠᠨ | ᠮᠣᠩᠭᠤᠯ ᠤᠨ ᠣᠯᠠᠨ ᠠᠶᠢᠮᠠᠭ ᠤᠳ ᠢ ᠨᠢᠭᠡᠳᠬᠡᠬᠦ ᠦᠶ᠎ᠡ ᠳᠤ ᠪᠣᠷᠢᠶᠠᠳᠴᠣᠳ ᠢ ᠮᠣᠩᠭᠤᠯ ᠣᠯᠣᠰ ᠲᠤ ᠨᠢᠭᠡᠳᠬᠡᠭᠳᠡᠭᠰᠡᠨ ᠢ ︽ᠮᠤᠩᠭᠤᠯ ᠤᠨ ᠨᠢᠭᠤᠴᠠ ᠲᠣᠪᠴᠢᠶᠠᠨ︾ | ᠳᠤ ᠲᠣᠳᠣᠷᠬᠠᠢ ᠲᠡᠮᠳᠡᠭᠯᠡᠵᠦ ᠪᠠᠶᠢᠳᠠᠭ᠃ ᠪᠣᠷᠢᠶᠠᠳ ᠮᠣᠩᠭᠤᠯᠴᠣᠳ ᠡᠷᠲᠡᠨ ᠦᠶ᠎ᠡ ᠮᠣᠩᠭᠤᠯ ᠦᠭᠡ ᠬᠡᠯᠡᠵᠦ ᠪᠠᠶᠢᠵᠠᠢ᠃ ︽ᠮᠣᠩᠭᠤᠯ ᠤᠨ ᠨᠢᠭᠤᠴᠠ ᠲᠣᠪᠴᠢᠶᠠᠨ︾ | ᠳᠤ ᠣᠳᠣ ᠶᠢᠨ ᠪᠣᠷᠢᠶᠠᠳ ᠬᠡᠯᠡᠨ ᠳᠤ ᠶᠠᠷᠢᠭᠳᠠᠵᠦ ᠪᠠᠶᠢᠬᠤ ᠦᠭᠡ ᠣᠯᠠᠨ ᠪᠣᠢ᠃ ᠱᠠᠰᠢᠨ ᠰᠢᠲᠣᠯᠭᠡ ᠶᠢᠨ ᠲᠠᠯ᠎ᠠ ᠪᠠᠷ ᠪᠣᠷᠢᠶᠠᠳᠴᠣᠳ ᠲᠡᠣᠬᠡᠨ ᠠᠴᠠ ᠪᠥᠭᠡ ᠶᠢᠨ | ᠮᠦᠷᠭᠦᠯ ᠲᠠᠢ ᠪᠠᠶᠢᠭᠰᠠᠨ ᠪᠦᠭᠡᠳ ᠪᠥᠭᠡ ᠶᠢᠨ ᠳᠠᠭᠤᠳᠠᠯᠭ᠎ᠠ ᠳᠤ ︵ᠪᠥᠭᠡᠯᠡᠯᠭᠡ︶ ᠪᠠᠶᠢᠭᠠᠯ ᠨᠠᠭᠤᠷ ᠤᠨ ᠡᠷᠭᠢ ᠳᠠᠬᠢ ᠣᠶᠢᠬᠤᠨ ᠪᠠᠷᠬᠠᠨ ᠠᠴᠠ ᠡᠬᠢᠯᠡᠭᠡᠳ᠂ ᠬᠦᠯᠣᠨ | ᠪᠤᠶᠢᠷ ᠤᠨ ᠳᠠᠯᠠᠢ ᠨᠠᠭᠤᠷ᠂ ᠲᠠᠭᠠᠨ ᠳᠡᠯ ︵ᠰᠢᠨ᠎ᠡ ᠪᠠᠷᠭᠤ ᠵᠡᠭᠦᠨ ᠬᠤᠰᠢᠭᠤᠨ ᠤ ᠶᠡᠭᠡ ᠠᠭᠤᠯᠠ︶ ᠬᠦᠷᠲᠡᠯ᠎ᠡ ᠠᠭᠤᠯᠠ ᠮᠦᠷᠡᠨ ᠨᠦᠭᠦᠳ ᠢ ᠳᠣᠷᠠᠳᠣᠨ | ᠪᠥᠭᠡᠯᠡᠳᠡᠭ ᠰᠠᠨ᠃ ᠠᠵᠦ ᠠᠬᠤᠢ ᠶᠢᠨ ᠲᠠᠯ᠎ᠠ ᠪᠠᠷ ᠭᠤᠣᠯ ᠨᠢ ᠮᠠᠯ ᠠᠵᠦ ᠠᠬᠤᠢ ᠶᠢ ᠡᠷᠬᠢᠯᠡᠵᠦ ᠠᠳᠣᠭᠤ᠂ ᠦᠬᠡᠷ᠂ ᠬᠤᠨᠢ᠂ ᠢᠮᠠᠭ᠎ᠠ ᠶᠢ ᠲᠡᠵᠢᠭᠡᠵᠦ ᠢᠰᠡᠭᠡᠢ | ᠭᠡᠷ ᠲᠤ ᠰᠠᠭᠤᠵᠦ ᠪᠠᠶᠢᠳᠠᠭ᠃ ᠪᠠᠰᠠ ᠵᠢᠭᠠᠰᠦ ᠪᠠᠷᠢᠬᠤ᠂ ᠠᠩ ᠠᠩᠨᠠᠬᠤ ᠶᠢ ᠳᠠᠭᠠᠯᠳᠣᠭᠤᠯᠵᠦ ᠪᠠᠶᠢᠯ᠎ᠠ᠃ ᠮᠠᠯ ᠤᠨ ᠠᠰᠢᠭ ᠰᠢᠮ᠎ᠡ ᠨᠢ ᠠᠮᠢᠳᠣᠷᠠᠯ ᠤᠨ ᠭᠤᠣᠯ | ᠲᠦᠰᠢᠭ ᠪᠣᠯᠵᠦ ᠪᠠᠶᠢᠪᠠ᠃ | ︽ᠮᠣᠩᠭᠤᠯ ᠤᠨ ᠨᠢᠭᠤᠴᠠ ᠲᠣᠪᠴᠢᠶᠠᠨ︾ ᠳᠤ ︵1240 ᠣᠨ ᠳᠤ ᠪᠢᠴᠢᠭᠰᠡᠨ︶ ᠲᠡᠮᠳᠡᠭᠯᠡᠭᠰᠡᠨ ᠢ ᠦᠨᠳᠦᠰᠦᠯᠡᠪᠡᠯ᠂ ᠮᠣᠩᠭᠤᠯ ᠤᠨ ᠠᠶᠢᠮᠠᠭ ᠤᠳ ᠳᠣᠲᠣᠷ᠎ᠠ᠂ | ᠬᠤᠷᠢ ᠲᠦᠮᠡᠳ ︵ᠬᠤᠷᠢ ᠪᠣᠷᠢᠶᠠᠳ︶᠂ ᠪᠠᠷᠭᠤᠵᠢᠨ ︵ᠪᠠᠷᠭᠤ︶ ᠢ ᠲᠡᠮᠳᠡᠭᠯᠡᠵᠦ ᠪᠣᠢ᠃ ᠠᠷᠪᠠᠨ ᠬᠤᠶᠠᠳᠣᠭᠠᠷ ᠵᠠᠭᠤᠨ ᠤ ᠦᠶ᠎ᠡ ᠶᠢᠨ ᠪᠣᠷᠢᠶᠠᠳᠴᠣᠳ ᠢ ᠪᠣᠯᠠᠭᠠᠳ | ︵ᠪᠣᠯᠠᠭᠠᠴᠢᠨ︶᠂ ᠢᠬᠢᠷᠢᠳ᠂ ᠬᠡᠷᠡᠮᠦᠴᠢᠨ᠂ ᠬᠤᠷᠢᠬᠠᠨ᠂ ︵ᠬᠤᠷᠢᠩᠬᠢᠨ︶ ᠠᠶᠢᠮᠠᠭ ᠤᠳ ᠤᠨ ᠬᠤᠯᠪᠣᠭ᠎ᠠ ᠭᠡᠵᠦ ᠲᠡᠮᠳᠡᠭᠯᠡᠭᠰᠡᠨ ᠪᠠᠶᠢᠳᠠᠭ᠃ ᠠᠷᠪᠠᠨ ᠬᠤᠶᠠᠳᠣᠭᠠᠷ ᠪᠠ | ᠠᠷᠪᠠᠨ ᠭᠤᠷᠪᠠᠳᠣᠭᠠᠷ ᠵᠠᠭᠤᠨ ᠤ ᠦᠶ᠎ᠡ ᠶᠢᠨ ᠪᠠᠶᠢᠭᠠᠯ ᠨᠠᠭᠤᠷ ᠤᠨ ᠣᠷᠴᠢᠮ ᠳᠠᠬᠢ ᠠᠶᠢᠮᠠᠭ ᠤᠨ ᠬᠤᠯᠪᠣᠭ᠎ᠠ ᠶᠢᠨ ᠳᠣᠲᠣᠷ᠎ᠠ ᠪᠠᠭᠲᠠᠵᠦ ᠪᠠᠶᠢᠭᠰᠠᠨ ᠨᠢ ᠬᠤᠷᠢ | ᠲᠦᠮᠡᠳ ︵ᠬᠤᠷᠢ ᠪᠣᠷᠢᠶᠠᠳ︶᠂ ᠪᠠᠷᠭᠤᠵᠢᠨ ︵ᠪᠠᠷᠭᠤ︶ ᠢᠬᠢᠷᠢᠳ᠂ ᠪᠣᠯᠠᠭᠠᠨ ︵ᠪᠣᠯᠠᠭᠠᠴᠢᠨ︶᠂ ᠬᠡᠷᠡᠮᠣᠴᠢᠨ ᠵᠡᠷᠭᠡ ᠪᠦᠯᠦᠭ ᠤᠳ ᠪᠠᠭᠲᠠᠨ᠎ᠠ᠃ ᠡᠳᠡ ᠪᠤᠯ ᠪᠣᠷᠢᠶᠠᠳ | ᠮᠣᠩᠭᠤᠯ ᠤᠨ ᠭᠤᠣᠯ ᠪᠦᠷᠢᠯᠳᠣᠭᠦᠨ ᠮᠦᠨ᠃ | ᠢᠯᠡᠷᠬᠡᠶᠢᠯᠡᠪᠠᠨᠯ᠂ ᠮᠣᠩᠭᠤᠯ ᠤᠨ ᠬᠤᠷᠢ ᠲᠦᠮᠡᠳ ᠤᠨ ᠪᠠᠷᠭᠤ ᠪᠭᠠᠲᠣᠷ ᠳᠠᠶᠢᠴᠢᠩ ᠨᠣᠶᠠᠨ ᠤ ᠭᠤᠷᠪᠠᠨ ᠬᠦᠪᠡᠭᠦᠨ ᠠᠴᠠ ᠣᠳᠬᠤᠨ ᠨᠢ ᠬᠤᠷᠢᠳᠠᠢ ᠮᠡᠷᠭᠡᠨ᠂ | ᠲᠡᠭᠦᠨ ᠤ ᠶᠡᠭᠡ ᠭᠡᠷᠭᠡᠢ ᠪᠠᠷᠭᠤᠵᠢᠨ ᠭᠤᠸ᠎ᠠ ᠠᠴᠠ ᠲᠦᠷᠦᠭᠰᠡᠨ ᠠᠯᠣᠨ ᠭᠤᠸ᠎ᠠ ᠭᠡᠮᠡᠨ ᠭᠠᠭᠴᠠ ᠦᠬᠢᠨ᠂ ᠰᠢᠷᠠᠯᠳᠠᠢ ᠭᠡᠮᠡᠬᠦ ᠲᠤᠮᠳᠠ ᠭᠡᠷᠭᠡᠢ ᠠᠴᠠ ᠭᠠᠯᠵᠣᠳ᠂ | ᠬᠤᠸᠠᠰᠠᠢ᠂ ᠬᠦᠪᠳᠡᠭᠦᠳ᠂ ᠭᠤᠴᠢᠳ᠂ ᠱᠠᠷᠠᠶᠢᠳ ᠭᠡᠮᠡᠬᠦ ᠲᠠᠪᠣᠨ ᠬᠦᠪᠡᠭᠦᠨ᠂ ᠨᠠᠬᠠᠲᠠᠢ ᠭᠡᠮᠡᠬᠦ ᠪᠠᠭ᠎ᠠ ᠭᠡᠷᠭᠡᠢ ᠠᠴᠠ ᠬᠠᠷᠭᠠᠨ᠎ᠠ᠂ ᠬᠤᠳᠠᠢ᠂ ᠪᠣᠳᠣᠩᠭᠤᠳ᠂ ᠬᠠᠯᠪᠢᠨ᠂ | ᠴᠠᠭᠠᠨ᠂ ᠪᠠᠲᠣᠨᠠᠢ ᠭᠡᠮᠡᠬᠦ ᠵᠢᠷᠭᠤᠭᠠᠨ ᠬᠦᠪᠡᠭᠦᠨ ᠲᠠᠢ ᠠᠷᠪᠠᠨ ᠨᠢᠭᠡᠨ ᠬᠦᠪᠡᠭᠦᠨ ᠲᠦᠷᠦᠭᠰᠡᠨ ᠢᠨᠦ ᠦᠷᠡᠵᠢᠭᠰᠡᠭᠡᠷ ᠠᠷᠪᠠᠨ ᠨᠢᠭᠡᠨ ᠣᠪᠣᠭᠲᠠᠨ ᠪᠣᠯᠵᠦ᠂ ᠡᠴᠢᠭᠡ ᠶᠢᠨ | ᠢᠨᠦ ᠨᠡᠷ᠎ᠡ ᠬᠤᠷᠢᠲᠠᠢ ᠮᠡᠷᠭᠡᠨ ᠲᠣᠯᠠ ᠲᠡᠭᠦᠪᠡᠷ ᠠᠳᠠᠯᠢᠳᠬᠠᠨ ᠶᠡᠷᠦ ᠨᠡᠷ᠎ᠡ ᠨᠢ ᠬᠤᠷᠢ ᠭᠡᠮᠡᠨ ᠨᠡᠷᠡᠶᠢᠳᠪᠡᠢ᠃ ᠲᠡᠭᠦᠨ ᠠᠴᠠ ᠬᠤᠶᠢᠨ᠎ᠠ ᠪᠠᠷᠭᠤ ᠮᠣᠩᠭᠤᠯ ᠤᠨ ᠭᠠᠵᠠᠷ | ᠰᠣᠯᠣᠨ ᠨᠤᠭᠤᠳ ᠤᠨ ᠪᠦᠣᠪᠡᠢ ᠪᠠᠭᠠᠲᠣᠷ ᠪᠠᠶᠢᠯ᠎ᠠ ᠬᠠᠭᠠᠨ ᠤ ᠬᠦᠪᠡᠭᠦᠨ ᠳ᠋ᠠᠢ ᠬᠤᠩ ᠲᠠᠶᠢᠵᠢ ᠳᠤ ᠪᠠᠯᠵᠢᠨ ᠬᠠᠲᠣᠨ ᠭᠡᠮᠡᠬᠦ ᠪᠡᠷᠢ ᠪᠠᠭᠤᠯᠭᠠᠬᠤᠢ ᠳᠤ᠂ ᠡᠨᠡ | ᠬᠤᠷᠢ ᠶᠢᠨ ᠠᠷᠪᠠᠨ ᠨᠢᠭᠡᠨ ᠣᠪᠣᠭ ᠤᠨ ᠣᠯᠣᠰ ᠢ ᠢᠨᠵᠢ ᠦᠭᠭᠦᠯᠴᠡᠪᠡ᠃ ᠢᠩᠭᠢᠭᠡᠳ ᠲᠡᠳᠡᠨᠠᠷ ᠬᠤᠩ ᠲᠠᠶᠢᠵᠢ ᠶᠢᠨ ᠠᠯᠪᠠᠲᠣ ᠪᠣᠯᠵᠦᠬᠤᠢ᠃ 1594 ᠣᠨ ᠳᠤ | ᠪᠠᠯᠵᠢᠨ ᠬᠠᠲᠣᠨ ᠡᠨᠡ ᠠᠷᠪᠠᠨ ᠨᠢᠭᠡᠨ ᠣᠪᠣᠭ ᠤᠨ ᠣᠯᠣᠰ ᠢᠶᠠᠨ ᠠᠪᠴᠣ ᠦᠷᠦᠨ᠎ᠡ ᠣᠮᠠᠷ᠎ᠠ ᠶᠢᠨ ᠵᠠᠪᠰᠠᠷ ᠤᠨ ᠵᠦᠭ ᠲᠤ ᠣᠷᠣᠰ ᠢᠶᠠᠷ ᠪᠣᠰᠬᠠᠯ ᠢᠶᠠᠷ ᠨᠡᠭᠦᠵᠦ᠂ | ᠡᠷᠭᠦᠨ᠎ᠡ ᠭᠤᠤᠯ ᠢ ᠭᠠᠲᠣᠯᠵᠦ᠂ ᠦᠯᠢᠷᠡᠩᠭᠡ ᠭᠤᠣᠯ ᠳᠤ ᠬᠦᠷᠦᠭᠡᠳ᠂ ᠲᠡᠭᠦᠨ᠎ᠡ ᠤᠷᠤᠭᠰᠠᠨ ᠬᠤᠷᠢᠬᠤᠨᠠ ᠤᠷᠢᠳ ᠮᠡᠳᠡᠭᠳᠡᠭᠡ ᠦᠭᠡᠢ ᠴᠠᠭ ᠲᠤ ᠴᠢᠯᠠᠭᠤ | ᠲᠣᠭᠤᠰᠭ᠎ᠠ ᠪᠠᠷ ᠭᠡᠷ ᠬᠤᠲᠠ ᠪᠣᠰᠬᠠᠭᠰᠠᠨ ᠨᠢ ᠬᠠᠭᠤᠴᠢᠷᠠᠵᠦ ᠪᠠᠶᠢᠭᠰᠠᠨ ᠢ ᠵᠠᠰᠠᠪᠣᠷᠢᠯᠠᠵᠦ ᠪᠠᠶᠢᠷᠢᠯᠠᠭᠰᠠᠨ ᠠᠵᠣᠭᠤ᠃ ᠲᠡᠷᠡ ᠭᠠᠵᠠᠷ ᠨᠢ ᠬᠤᠸ᠋ᠨᠩᠳᠢ ᠭᠡᠮᠡᠨ | ᠨᠡᠷᠡᠰᠢᠵᠦ ᠬᠤᠶᠢᠨ᠎ᠠ ᠨᠢᠭᠡ ᠴᠠᠭ ᠲᠤ᠂ ᠣᠷᠣᠰ ᠣᠯᠣᠰ ᠢᠷᠡᠵᠦ ᠪᠠᠶᠢᠷᠢᠯᠠᠭᠠᠳ ᠣᠷᠢᠳ ᠭᠡᠷ ᠬᠤᠲᠠ ᠪᠣᠰᠬᠠᠭᠰᠠᠨ ᠨᠢ ᠡᠪᠳᠡᠷᠡᠵᠦ ᠪᠠᠶᠢᠭᠰᠠᠨ ᠲᠣᠭᠤᠰᠭ᠎ᠠ ᠪᠠᠷ | ᠰᠦᠮ᠎ᠡ ᠳᠣᠭᠠᠩ ᠪᠣᠰᠬᠠᠵᠦ ᠡᠲᠦᠭᠡ ᠭᠦᠷᠲᠡᠯ᠎ᠡ ᠪᠠᠶᠢᠭᠰᠭᠠᠷ ᠠᠵᠣᠭᠤ᠃ ᠢᠯᠡᠷᠬᠡᠶᠢᠯᠡᠪᠡᠯ ᠳ᠋ᠠᠢ ᠬᠤᠩ ᠭᠡᠮᠡᠬᠦ ᠶᠢᠨ ᠬᠤᠩ ᠢ ᠣᠷᠢᠳ ᠳ᠋ᠠᠢ ᠶᠢ ᠬᠤᠶᠢᠨ᠎ᠠ ᠣᠷᠣᠭᠤᠯᠣᠨ | ᠨᠡᠷᠡᠯᠡᠭᠰᠡᠨ ᠢᠶᠠᠷ ᠬᠤᠸᠠᠩᠳᠢ ᠭᠡᠮᠡᠨ ᠨᠡᠷᠡᠵᠢᠭᠰᠡᠨ ᠪᠠᠶᠢᠵᠠᠢ᠃ | ᠲᠡᠨᠳᠡ ᠠᠴᠠ ᠡᠴᠢᠭᠡ ᠪᠠᠶᠢᠯ᠎ᠠ ᠬᠠᠭᠠᠨ ᠤ ᠡᠯᠴᠢ ᠨᠡᠬᠡᠭᠦᠯ ᠢᠷᠡᠭᠰᠡᠨ ᠠᠴᠠ ᠲᠡᠳᠡ ᠪᠣᠷᠣᠭᠤᠯᠠᠨ ᠳᠣᠲᠠᠭᠠᠵᠦ ᠨᠡᠭᠦᠭᠡᠳ ᠣᠨᠣᠨ ᠮᠦᠷᠡᠨ ᠤ ᠣᠷᠢᠲᠣ | ᠬᠤᠶᠢᠲᠣ ᠡᠲᠡᠭᠡᠳ᠂ ᠬᠦᠭᠦᠯᠪᠢ ᠭᠡᠮᠡᠬᠦ ᠬᠦᠪᠴᠢ ᠶᠢᠨ ᠦᠪᠦᠷ ᠠᠷᠤ ᠪᠠᠷ ᠠᠬᠤ ᠭᠤᠤᠯ ᠠᠴᠠ ᠠᠯᠤᠰᠲᠡᠨ ᠨᠤᠲᠤᠭᠯᠠᠨ ᠭᠤᠷᠪᠠᠨ ᠵᠢᠯ ᠳᠡᠳᠦᠢ ᠪᠠᠶᠢᠲᠠᠯ᠎ᠠ᠂ ᠪᠠᠭᠠᠲᠤᠷ | ᠪᠦᠪᠠᠢ ᠪᠠᠶᠢᠯ᠎ᠠ ᠬᠠᠭᠠᠨ ᠴᠡᠷᠢᠭ ᠢᠯᠡᠭᠡᠵᠦ ᠪᠠᠯᠵᠢᠨ ᠬᠠᠲᠤᠨ ᠢ ᠬᠤᠷᠤᠭᠠᠵᠤ᠂ ᠬᠤᠷᠢ ᠠᠷᠪᠠᠨ ᠨᠢᠭᠡᠨ ᠤᠪᠤᠭ ᠨᠢ ᠤᠢ ᠰᠢᠭᠤᠢ᠂ ᠬᠠᠳᠠ ᠠᠭᠤᠯᠠ ᠪᠠᠷ ᠳᠤᠲᠠᠭᠠᠨ | ᠤᠳᠪᠠ᠃ 1607 ᠤᠨ ᠲᠤᠬᠠᠢ ᠳᠤ ᠪᠤᠷᠤ ᠬᠤᠲᠠᠨ᠎ᠠ ᠨᠡᠭᠦᠵᠦ ᠬᠦᠭᠦᠯᠪᠢ ᠶᠢᠨ ᠬᠦᠪᠴᠢ ᠶᠢᠨ ᠠᠷᠤ ᠦᠪᠦᠷ ᠢᠶᠠᠷ ᠨᠤᠲᠤᠭᠯᠠᠪᠠ᠃ ᠲᠠᠬᠢᠨ ᠲᠡᠨᠳᠡ ᠠᠴᠠ ᠨᠡᠭᠦᠵᠦ᠂ | ᠪᠠᠶᠢᠭᠠᠯ ᠲᠠᠯᠠᠢ ᠶᠢᠨ ᠬᠦᠪᠡᠭᠡ ᠪᠠᠷ ᠪᠠ ᠤᠶᠢᠬᠠᠨ ᠭᠡᠮᠡᠬᠦ ᠠᠷᠠᠯ ᠢᠶᠠᠷ ᠨᠤᠲᠤᠭᠯᠠᠵᠤ ᠪᠠᠶᠢᠷᠢᠯᠠᠪᠠᠢ᠃ ᠳᠠᠶᠢᠨ ᠪᠠᠶᠢᠲᠠᠯ᠎ᠠ ᠶᠡᠭᠡ ᠳᠡᠭᠡᠳᠦ ᠠᠯᠧᠺᠰᠸᠢ ᠮᠢᠬᠠᠶᠢᠯᠤᠸᠢᠴᠢ | ᠴᠠᠭᠠᠨ ᠬᠠᠭᠠᠨ ᠤ ᠬᠠᠶᠢᠷ᠎ᠠ ᠳᠤ ᠲᠦᠰᠢᠵᠦ ᠨᠢᠷᠴᠢᠤ ᠶᠢᠨ ᠤᠢᠭ᠍ᠷᠦᠭ ᠲᠤ ᠬᠠᠮᠵᠢᠵᠤ᠂ ᠠᠯᠪᠠᠲᠤ ᠪᠤᠯᠤᠭᠠᠳ ᠤᠷᠤᠰ ᠢᠶᠠᠷ 1648 ᠣᠨ ᠠᠴᠠ ᠡᠬᠢᠯᠡᠨ ᠴᠢᠳᠠᠯ ᠲᠠᠢ | ᠤᠯᠤᠰ ᠢᠶᠠᠨ ᠲᠤᠭᠠᠯᠠᠵᠤ ᠨᠢᠭᠡᠨ ᠵᠠᠭᠤᠨ ᠵᠢᠷᠠᠨ ᠰᠠᠭᠠᠳᠠᠭ ᠭᠡᠮᠡᠨ ᠮᠦᠩᠭᠦ ᠠᠯᠪᠠ ᠡᠷᠭᠦᠬᠦ ᠪᠤᠯᠵᠤ ᠠᠮᠤᠷᠵᠢᠨ ᠰᠠᠭᠤᠭᠰᠠᠨ ᠪᠦᠯᠦᠭᠡ᠃ 1727 ᠣᠨ ᠳᠤ ᠣᠷᠣᠰ | ᠬᠢᠭᠡᠳ ᠮᠠᠨᠵᠦ ᠭᠠᠵᠠᠷ ᠬᠤᠪᠢᠶᠠᠯᠴᠠᠵᠦ᠂ ᠬᠢᠯᠢ ᠶᠢᠨ ᠲᠡᠮᠳᠡᠭ ᠲᠠᠯᠪᠢᠭᠰᠠᠨ ᠤ ᠰᠡᠭᠦᠯᠡᠷ ᠨᠡᠭᠦᠭᠰᠡᠭᠡᠷ ᠨᠢᠪᠴᠦ᠋ ᠤᠨ ᠲᠣᠭᠤᠷᠢᠭ ᠤᠨ ᠠᠬᠢᠲᠠᠢ ᠰᠢᠳᠢᠨ ᠭᠤᠣᠯ ᠤᠳ ᠪᠠ | ᠲᠡᠨᠳᠡ ᠠᠴᠠ ᠵᠠᠷᠢᠮ ᠨᠢ ᠣᠯᠠᠮ ᠨᠡᠭᠦᠭᠰᠡᠭᠡᠷ ᠦᠯᠦᠩᠭᠡ ᠳᠣᠷ᠎ᠠ ᠬᠤᠷᠢᠭᠤᠨ ᠬᠢᠭᠡᠳ ᠪᠣᠰᠣ ᠴᠦ ᠲᠡᠷᠡ ᠱᠠᠲᠣ ᠪᠠᠷ ᠨᠡᠭᠦᠵᠦ ᠣᠯᠠᠮ ᠳᠠᠮᠵᠢᠭᠰᠠᠭᠠᠷ ᠵᠠᠷᠢᠮ ᠨᠢ | ᠳᠡᠭᠡᠷ᠎ᠡ ᠢᠯᠡᠷᠬᠡᠶᠢᠯᠡᠭᠳᠡᠭᠰᠡᠨ 1703 ᠣᠨ ᠤ ᠭᠤᠷᠪᠠᠳᠣᠭᠠᠷ ᠰᠠᠷ᠎ᠠ ᠶᠢᠨ 22 ᠤ ᠡᠳᠦᠷ ᠤᠨ ᠬᠠᠷᠮᠣᠲᠠᠢ ᠶᠢᠨ ᠶᠣᠰᠣᠭᠠᠷ ᠡᠵᠡᠨ ᠦᠭᠡᠢ ᠪᠠᠶᠢᠭᠰᠠᠨ ᠠᠬᠤ ᠭᠤᠣᠯ | ᠬᠢᠭᠡᠳ ᠣᠨᠣᠨ ᠮᠦᠷᠡᠨ ᠤ ᠬᠦᠪᠡᠭᠡ ᠪᠠᠷ ᠪᠠᠶᠢᠪᠠ᠃ ᠡᠨᠡ ᠦᠶ᠎ᠡ ᠳᠤ ᠬᠠᠷᠭᠠᠨ᠎ᠠ᠂ ᠬᠤᠸᠠᠰᠠᠢ᠂ ᠭᠠᠯᠵᠣᠳ᠂ ᠴᠠᠭᠠᠨ᠂ ᠱᠠᠷᠠᠶᠢᠳ᠂ ᠬᠦᠪᠳᠣᠭᠦᠳ᠂ ᠪᠣᠳᠣᠩᠭᠤᠳ | ᠡᠭᠠ ᠶᠢᠨ ᠳᠣᠯᠣᠭᠠᠨ ᠣᠪᠣᠭ ᠭᠡᠮᠡᠨ ᠠᠯᠳᠠᠷᠰᠢᠭᠰᠠᠨ ᠶᠤᠮ᠃ ᠣᠪᠣᠭ ᠣᠪᠣᠭ ᠲᠠᠭᠠᠨ ᠵᠠᠶᠢᠰᠠᠩ ᠤᠳ ᠲᠠᠢ ᠪᠠᠶᠢᠵᠠᠢ᠃ | ᠬᠤᠶᠠᠷ᠂ ᠠᠮᠠᠨ ᠦᠯᠢᠭᠡᠷ ᠤᠨ ᠲᠧᠺᠰᠲ ᠤᠨ ᠠᠭᠤᠯᠭ᠎ᠠ | ᠡᠷᠳᠡ ᠣᠷᠢᠳᠦ ᠴᠠᠭ ᠲᠤ ᠪᠠᠷᠠᠭᠤᠨ ᠵᠦᠭ ᠪᠠᠳᠠ ᠨᠠᠸᠠ ᠨᠤᠳᠤᠭ ᠲᠠᠢ ᠬᠤᠷᠢᠯᠳᠠᠢ ᠮᠡᠷᠭᠡᠨ ᠭᠡᠵᠦ ᠪᠠᠭᠠᠳᠣᠷ ᠵᠤᠷᠢᠭ ᠲᠠᠢ᠂ ᠪᠠᠷᠰ ᠤᠨ ᠬᠦᠴᠦ ᠲᠠᠢ᠂ ᠪᠤᠯᠠᠭᠠᠨ | ᠳᠠᠬᠤ ᠲᠠᠢ᠂ ᠪᠤᠯᠠᠶᠢᠬᠠᠨ ︵ᠠᠮᠦᠷ ᠦᠭᠡᠢ︶ ᠬᠦᠪᠡᠬᠦᠨ ᠪᠠᠶᠢᠭᠰᠠᠨ ᠬᠡᠨ᠎ᠡ᠃ ᠪᠠᠶᠢᠭᠠᠯ ᠳᠠᠯᠠᠢ ᠶᠢᠨ ᠡᠷᠭᠢ ᠳᠤ ᠪᠠᠭᠠᠪᠠᠭᠠᠢ ᠶᠢᠨ ᠠᠷᠠᠰᠦᠨ ᠣᠷᠰᠠ ︵ᠤᠷᠤᠴᠠ︶ ᠪᠠᠷᠢᠵᠦ᠂ | ᠪᠠᠷᠬᠠᠨ ︵ᠠᠭᠤᠯᠠ︶ ᠤᠶᠢᠬᠤᠨ ︵ᠣᠯᠳᠣᠷᠢᠭ︶ ᠲᠤ ᠵᠠᠯᠪᠠᠷᠢᠵᠦ ᠶᠠᠪᠤᠬᠤ ᠳᠤ ᠨᠢ᠂ ᠨᠠᠢᠮᠠᠨ ᠢᠳᠡᠷᠡᠭᠦᠨ ᠬᠤᠨ ᠰᠢᠪᠠᠭᠤᠨ ᠨᠢᠳᠡᠨ ︵ᠨᠢᠰᠦᠨ︶ ᠢᠷᠡᠵᠦ᠂ | ᠬᠤᠪᠴᠠᠰᠦ ᠪᠠᠨ ᠳᠠᠶᠢᠯᠬᠤ ᠳᠤ ᠪᠠᠨ ᠰᠢᠪᠠᠭᠤᠳ ᠪᠢᠰᠢ᠂ ᠴᠡᠪᠡᠷᠬᠡᠨ ᠴᠡᠯᠮᠡᠭ ᠰᠣᠪᠣᠳ ᠠᠳᠠᠯᠢ ᠪᠠᠰᠠᠭᠠᠳ ︵ᠬᠡᠣᠬᠡᠨ︶ ᠪᠤᠯᠵᠦ᠂ ᠪᠠᠶᠢᠭᠠᠯ ᠳᠠᠯᠠᠢ ᠶᠢᠨ ᠣᠰᠣᠨ ᠳᠤ | ᠪᠠᠭᠯᠠᠭ᠎ᠠ ᠴᠡᠴᠡᠭ ᠣᠷᠭᠤᠭᠰᠠᠨ ᠰᠢᠬ ᠰᠠᠶᠢᠬᠠᠨ ᠢᠶᠠᠷ ᠨᠠᠭᠠᠳᠬᠤ ᠶᠢ ᠨᠢ ᠬᠠᠷᠠᠳᠠᠭ ᠪᠠᠶᠢᠪᠠ᠃ | ᠪᠠᠷ ︵ᠪᠠᠷᠰ︶ ᠠᠩᠨᠠᠵᠦ᠂ ᠬᠤᠷᠢᠯᠳᠠᠢ ᠮᠡᠷᠭᠡᠨ ᠬᠦᠪᠡᠬᠦᠨ ᠬᠡᠳᠦᠨ ᠡᠳᠦᠷ ᠬᠡᠰᠦᠵᠦ᠂ ᠠᠵᠢᠵᠦ ᠮᠡᠳᠡᠭᠡᠳ᠂ ᠰᠡᠮᠭᠡᠨ ᠣᠶᠢᠷᠠᠲᠤᠬᠤ ᠠᠷᠭ᠎ᠠ ᠶᠢ ᠣᠷᠣᠯᠳᠣᠪᠠ | ᠭᠡᠨ᠎ᠡ᠃ ᠳᠡᠭᠡᠭᠡᠳ ᠨᠢᠭᠡᠨ ᠡᠳᠦᠷ ᠠᠷᠠᠢ ᠭᠡᠵᠦ ᠬᠤᠨ ᠤ ᠬᠤᠪᠴᠠᠰᠣᠨ ᠳᠤ ᠨᠢ ᠤᠶᠢᠷᠠᠳᠣᠵᠦ ᠶᠠᠪᠤᠬᠤ ᠳᠤ ᠨᠢ ᠳᠡᠳᠡ ᠪᠠᠰᠠᠭᠠᠳ ᠬᠤᠪᠴᠠᠰᠦ ᠪᠠᠨ ᠡᠮᠦᠰᠦᠭᠡᠳ | ᠨᠢᠳᠡᠵᠦ ︵ᠨᠢᠰᠴᠦ︶ ᠭᠠᠷᠣᠭᠰᠠᠨ ᠭᠡᠨ᠎ᠡ᠃ ᠬᠠᠮᠤᠭ ᠤᠨ ᠰᠡᠭᠦᠯᠴᠢ ᠶᠢᠨ ᠨᠠᠭᠠᠳᠬᠤ ᠳᠣᠷᠠᠳᠠᠢ ᠪᠠᠰᠠᠭᠠᠨ ︵ᠬᠡᠣᠬᠡᠨ︶ ᠬᠤᠷᠢᠯᠳᠠᠢ ᠮᠡᠷᠭᠡᠨ ᠳᠤ ᠬᠤᠨ ᠬᠤᠪᠴᠠᠰᠦ ᠪᠠᠨ | ᠠᠪᠤᠭᠤᠯᠤᠭᠰᠠᠨ ᠪᠠᠶᠢᠪᠠ᠃ ᠵᠠᠢ︕ ᠳᠡᠭᠡᠬᠦ ᠳᠤ ᠪᠠᠰᠠᠭᠠᠨ ︵ᠬᠡᠣᠬᠡᠨ︶ ᠢᠴᠢᠵᠦ᠂ ᠭᠠᠶᠢᠬᠠᠵᠦ᠂ ᠭᠤᠶᠤᠵᠦ ᠶᠠᠳᠠᠭᠠᠳ᠂ ᠶᠠᠭᠠᠬᠢᠬᠤ ᠴᠦ ᠠᠷᠭ᠎ᠠ ᠦᠭᠡᠢ ᠪᠤᠯᠪᠠ ᠬᠡᠨ᠎ᠡ᠃ | ᠬᠦᠪᠡᠬᠦᠨ ᠴᠦ ᠪᠠᠰᠠ ᠬᠦᠰᠡᠬᠦ ᠶᠢᠨ ᠶᠡᠬᠡᠪᠡᠷ ᠬᠦᠰᠡᠵᠦ᠂ ᠭᠤᠶᠤᠬᠤ ᠶᠢᠨ ᠶᠡᠬᠡᠪᠡᠷ ᠭᠤᠶᠤᠵᠦ᠂ ᠪᠠᠰᠠᠭᠠᠨ ᠢ ᠠᠷᠠᠰᠤᠨ ᠣᠷᠰᠠ ︵ᠤᠷᠤᠴᠠ︶ ᠳᠤ ᠪᠠᠨ ᠠᠪᠴᠢᠷᠠᠵᠦ᠂ | ᠬᠤᠨ ᠳᠡᠪᠡᠯ ᠢ ᠨᠢ ᠦᠭᠭᠦᠭᠡ ᠦᠭᠡᠢ ᠪᠠᠷ ᠨᠢᠭᠤᠪᠠ᠃ ᠣᠳᠠᠭᠠᠨ ᠴᠦ ᠶᠡᠭᠡ ᠪᠤᠯᠤᠭ᠎ᠠ ᠦᠭᠡᠢ ᠪᠠᠷ ᠵᠠᠯᠠᠭᠤ ᠬᠤᠶᠠᠷ ᠠᠮᠢ ᠠᠶᠢᠯ ᠭᠡᠷ ᠪᠤᠯᠵᠦ᠂ ᠬᠡᠤᠬᠡᠳ ᠲᠠᠢ ᠪᠤᠯᠬᠤ | ᠪᠤᠯᠤᠭᠰᠠᠨ ᠬᠡᠨ᠎ᠡ᠃ ᠳᠡᠭᠡᠭᠡᠳ ᠤᠨ ᠵᠢᠯ ᠦᠭᠭᠡᠷᠡᠵᠦ᠂ ᠠᠷᠪᠠᠨ ᠨᠢᠭᠡᠨ ᠬᠦᠪᠡᠬᠦᠨ ᠲᠠᠢ ᠪᠤᠯᠵᠦ᠂ ᠠᠩ ᠠᠪᠠ ᠬᠢᠵᠦ ᠠᠵᠦ ᠲᠦᠷᠦᠵᠦ᠂ ᠨᠠᠶᠢᠷ ᠲᠠᠢ ᠨᠠᠭᠠᠳᠣᠮ ᠲᠠᠢ | ᠪᠠᠶᠢᠳᠠᠭ ᠪᠤᠯᠤᠭᠰᠠᠨ ᠰᠡᠨ᠃ | ᠳᠡᠭᠡᠭᠡᠳ ᠬᠤᠨ ᠬᠤᠪᠴᠠᠰᠣ ᠲᠠᠢ ᠪᠠᠰᠠᠠᠭᠠᠨ ︵ᠬᠡᠣᠬᠡᠨ︶ ᠨᠤᠳᠤᠭ ᠢᠶᠠᠨ ᠬᠦᠰᠡᠵᠦ᠂ ᠬᠤᠨ ᠬᠤᠪᠴᠠᠰᠦ ᠪᠠᠨ ᠭᠤᠶᠤᠳᠠᠭ ᠪᠠᠶᠢᠭᠰᠠᠨ ᠪᠠᠶᠢᠨ᠎ᠠ᠃ ᠳᠡᠭᠡᠬᠦ ᠳᠤ᠄ | ︽ᠬᠦᠬᠦᠭᠦᠯᠵᠦ ᠳᠡᠵᠢᠭᠡᠭᠰᠡᠨ ᠬᠦᠪᠡᠬᠦᠳ ᠢᠶᠠᠨ᠂ ᠬᠦᠭᠰᠢᠷᠡᠪᠡ ᠭᠡᠵᠦ ᠬᠠᠨᠢ ᠴᠢᠮᠠᠢᠢ ᠪᠠᠨ ᠣᠷᠬᠢᠬᠤ ᠠᠷᠭ᠎ᠠ ᠦᠭᠡᠢ ᠪᠤᠯᠤᠭ᠎ᠠ ᠭᠡᠴᠢᠭᠡᠪᠡ᠃ ᠬᠤᠨ ᠰᠢᠪᠠᠭᠤᠨ | ᠳᠡᠪᠡᠯ ᠢᠶᠠᠨ ᠦᠷ᠎ᠡ ᠪᠡᠶ᠎ᠡ ᠳᠤ ᠪᠠᠨ ᠦᠵᠡᠭᠦᠯᠭᠦᠮ᠃ ᠦᠪᠡᠷ ᠢᠶᠠᠨ ᠴᠦ ᠡᠮᠦᠰᠴᠦ ᠰᠣᠨᠢᠷᠬᠠᠬᠤᠮ᠂ ᠡᠭᠦᠳᠡ ᠮᠢᠨᠢ ᠤᠶᠠᠭᠠᠳᠠᠢ᠂ ᠡᠷᠦᠭᠡ ᠳᠣᠯᠣᠭᠰᠠᠨ ᠭᠠᠯ ᠲᠠᠢ ᠪᠠᠶᠢᠨᠠᠪ | ᠳ᠋ᠠ᠂ ᠪᠢ ᠶᠠᠭᠠᠬᠢᠵᠦ ᠨᠢᠰᠬᠦ ᠪᠤᠢ︾ ᠭᠡᠬᠦ ᠳᠤ ᠨᠢ ᠬᠤᠷᠢᠯᠳᠠᠢ ᠮᠡᠷᠭᠡᠨ ᠬᠤᠪᠴᠠᠰᠦ ᠶᠢ ᠨᠢ ᠭᠠᠷᠭᠠᠵᠦ ᠦᠭᠭᠦᠭᠡᠳ᠂ ᠡᠷᠦᠭᠡ ᠪᠠᠨ ᠲᠠᠲᠠᠵᠦ᠂ ᠭᠠᠯ ᠲᠦᠯᠡᠭᠡᠳ᠂ | ᠡᠭᠦᠳᠡ ᠪᠠᠨ ᠳᠠᠷᠣᠵᠦ ᠰᠠᠭᠤᠭᠰᠠᠨ ᠪᠠᠶᠢᠨ᠎ᠠ᠃ ᠠᠷᠪᠠᠨ ᠨᠢᠭᠡᠨ ᠬᠦᠪᠡᠬᠦᠳ ᠨᠢ ᠠᠵᠢᠭᠯᠠᠨ ᠪᠠᠶᠠᠷᠯᠠᠵᠦ᠂ ᠬᠤᠨ ᠬᠤᠪᠴᠠᠰᠣ ᠲᠠᠢ ᠡᠵᠢ ᠪᠠᠨ ᠳᠣᠭᠤᠷᠢᠨ ᠭᠠᠶᠢᠬᠠᠵᠦ | ᠪᠠᠶᠢᠬᠤ ᠳᠤ ᠨᠢ᠂ ᠡᠵᠢ ᠨᠢ᠄ | — ︽ᠦᠶ᠎ᠡ ᠶᠢᠨ ᠦᠶ᠎ᠡ ᠳᠤ ᠦᠨᠢᠷ᠂ ᠦᠷ᠎ᠡ ᠶᠢᠨ ᠦᠷ᠎ᠡ ᠳᠤ ᠪᠠᠶᠠᠨ᠂ ᠰᠠᠷᠠᠭᠤᠯ ᠰᠠᠶᠢᠬᠠᠨ ᠴᠠᠭ ᠲᠤ᠂ ᠡᠴᠢᠭᠡ ᠶᠢᠨ ᠢᠶᠠᠨ ᠢᠷᠦᠭᠡᠯ ᠳᠤ ᠡᠪᠳᠡᠢ | ᠨᠠᠶᠢᠷ ᠲᠠᠢ ᠶᠠᠪᠣᠭᠠᠷᠠᠢ︾ ᠭᠡᠵᠦ ᠢᠷᠦᠭᠡᠭᠡᠳ ᠭᠡᠨᠡᠳᠳᠡ ᠨᠢᠰᠦᠭᠡᠳ ᠳᠣᠭᠤᠨᠣ ᠪᠠᠷ ᠭᠠᠷᠣᠭᠰᠠᠨ ᠭᠡᠨ᠎ᠡ᠃ | — ︽ᠬᠤᠨ ᠴᠠᠭᠠᠨ ᠰᠡᠳᠭᠢᠯ ᠢᠶᠠᠷ ᠢᠶᠠᠨ᠂ ᠬᠤᠨ ᠴᠠᠭᠠᠨ ᠳᠠᠯᠠᠪᠴᠢ ᠪᠠᠷ ᠢᠶᠠᠨ ᠨᠢᠰᠴᠦ ᠢᠷᠡᠭᠡᠷᠡᠢ᠂ ᠡᠨᠡ ᠬᠦᠦ ᠨᠦᠭᠦᠳ ᠢᠶᠠᠨ ᠡᠩᠬᠡᠷᠡᠵᠦ ᠶᠠᠪᠤᠭᠠᠷᠠᠢ︾ | ᠭᠡᠭᠰᠡᠭᠡᠷ ᠬᠤᠷᠢᠯᠳᠠᠢ ᠮᠡᠷᠭᠡᠨ ᠦᠯᠡᠳᠡᠭᠰᠡᠨ ᠪᠠᠶᠢᠵᠠᠢ᠃ ᠳᠡᠭᠡᠭᠡᠳ ᠡᠩᠭᠡᠷᠡᠶᠢᠯᠳᠦ ᠡᠬᠡ ᠪᠠᠨ ᠦᠬᠡᠯᠡᠬᠦ ᠦᠬᠡᠢ ᠭᠡᠵᠦ ᠠᠶᠢᠯᠴᠢᠯᠠᠵᠦ ᠢᠷᠡᠨ᠎ᠡ ᠭᠡᠳ ᠴᠠᠪ ᠴᠠᠭᠠᠨ ᠬᠤᠨ | ᠳᠡᠪᠡᠯ ᠢᠶᠠᠨ ᠡᠯᠬᠦᠬᠦ ᠶᠢ ᠨᠢ ᠠᠪᠤ ᠬᠦᠪᠡᠬᠦᠨ ᠨᠡᠶᠢᠯᠡᠵᠦ ᠠᠷᠪᠠᠨ ᠬᠤᠶᠠᠷ ᠬᠤᠨ ᠴᠠᠭᠠᠨ ᠦᠩᠭᠡᠳᠡᠢ ᠬᠤᠰᠦ ᠮᠤᠳᠣᠨ ᠰᠡᠷᠭᠡ ︵ᠤᠶᠠᠭ᠎ᠠ︶ ᠵᠤᠬᠢᠶᠠᠭᠰᠠᠨ ᠭᠡᠳᠡᠭ᠃ | ᠬᠤᠷᠢᠯᠳᠠᠢ ᠬᠦᠪᠡᠬᠦᠨ ᠤ ᠬᠤᠷᠢ ᠠᠷᠪᠠᠨ ᠨᠢᠭᠡᠨ ᠪᠤᠷᠢᠶᠠᠳ ᠵᠤᠨ ︵ᠬᠦᠮᠦᠨ︶ ᠦᠰᠴᠦ ᠦᠷᠡᠵᠢᠵᠦ᠄ ︽ᠬᠤᠨ ᠰᠢᠪᠠᠭᠤᠨ ᠭᠠᠷᠣᠪᠠᠯ ᠲᠠᠢ᠂ ᠬᠤᠰᠦ ᠮᠣᠳᠣᠨ | ᠰᠡᠷᠭᠡ ᠲᠠᠢ︾ ᠭᠡᠬᠦ ᠪᠤᠯᠤᠭᠰᠠᠨ ᠭᠡᠳᠡᠭ᠃ ᠡᠨᠡ ᠪᠣᠯ ︽ᠬᠤᠷᠢᠯᠳᠠᠢ ᠮᠡᠷᠭᠡᠨ︾ ᠭᠡᠬᠦ ᠦᠯᠢᠭᠡᠷ ᠤᠨ ᠲᠧᠺᠰᠲ ᠤᠨ ᠠᠭᠤᠯᠭ᠎ᠠ᠃ | ᠨᠢᠭᠡᠨ ᠨᠠᠵᠠᠷ ᠦᠨᠦᠴᠢᠨ ᠬᠦᠪᠡᠭᠦᠨ ᠭᠠᠳᠠᠨ᠎ᠠ ᠭᠡᠳᠡᠰᠦ ᠪᠠᠨ ᠰᠢᠷᠠᠵᠦ ᠬᠡᠪᠳᠡᠬᠦ ᠳᠤ ᠨᠢ ᠳᠣᠯᠣᠭᠠᠨ ᠴᠠᠭᠠᠨ ᠰᠢᠪᠠᠭᠤᠳ ᠳᠡᠭᠡᠭᠦᠷ ᠨᠢ ᠳᠠᠭᠤ ᠭᠠᠷᠣᠯᠳᠣᠭᠠᠳ᠂ | ᠳᠠᠯᠠᠢ ᠶᠢᠨ ᠡᠷᠬᠢ ᠳᠤ ᠰᠠᠭᠤᠪᠠ᠃ ᠬᠦᠪᠡᠭᠦᠨ ᠰᠡᠮᠡᠬᠡᠨ ᠢᠶᠠᠷ ᠪᠤᠳᠣᠭᠠᠳ ︵ᠪᠤᠰᠤᠭᠠᠳ︶᠄︽ᠡᠳᠡᠨ ᠢ ᠪᠠᠷᠢᠵᠦ ᠴᠢᠳᠠᠬᠤ ᠠ︖︾ ᠭᠡᠵᠦ ᠮᠢᠷᠠᠢ ᠮᠢᠷᠠᠶᠢᠭᠰᠠᠭᠠᠷ | ᠣᠶᠢᠷ᠎ᠠ ᠣᠴᠢᠪᠠ᠃ ᠣᠴᠢᠭᠠᠳ ᠬᠠᠷᠠᠭᠰᠠᠭᠠᠷ ᠪᠠᠶᠢᠳᠠᠯ᠎ᠠ ᠨᠢ ᠳᠣᠯᠣᠭᠠᠨ ᠴᠠᠭᠠᠨ ᠰᠢᠪᠠᠭᠤᠳ ᠬᠤᠪᠴᠠᠰᠦ ᠪᠠᠨ ᠲᠠᠶᠢᠯᠵᠦ ᠬᠠᠶᠠᠭᠠᠳ᠂ ᠳᠣᠯᠣᠭᠠᠨ ᠣᠴᠢᠷ ᠦᠭᠡᠢ | ᠰᠠᠶᠢᠬᠠᠨ ᠪᠠᠰᠠᠭᠠᠳ ᠪᠤᠯᠴᠢᠬᠠᠪᠠ᠃ ᠳᠡᠭᠡᠭᠡᠳ ᠳᠠᠯᠠᠢ ᠳᠤ ᠣᠷᠣᠵᠦ ᠱᠣᠩᠪᠠᠭᠠᠳ᠂ ᠶᠡᠭᠡ ᠬᠤᠯᠠ ᠣᠮᠪᠠᠵᠦ ᠶᠠᠪᠤᠴᠢᠬᠠᠪᠠ᠃ ᠲᠡᠷᠡ ᠰᠢᠪᠠᠭᠤᠳ ᠢ ᠦᠭᠡᠢ | ᠪᠤᠯᠤᠭᠰᠠᠭᠠᠷ ᠬᠦᠪᠡᠭᠦᠨ ᠬᠦᠯᠢᠶᠡᠭᠡᠳ ᠰᠠᠭᠤᠭ᠎ᠠ᠃ ᠬᠠᠷᠠᠭᠳᠠᠬᠤ ᠦᠭᠡᠢ ᠶᠠ ᠪᠤᠯᠬᠤᠷ ᠨᠢ ᠬᠤᠷᠭᠤᠭᠳᠠᠭᠰᠠᠨ ᠭᠠᠵᠠᠷ ᠠᠴᠠ ᠪᠠᠨ ᠭᠠᠷᠴᠦ ᠨᠢᠭᠡ ᠡᠭᠡᠭᠡ ᠰᠠᠶᠢᠬᠠᠨ | ᠰᠢᠪᠠᠭᠤᠨ ᠬᠤᠪᠴᠠᠰᠦ ᠶᠢ ᠨᠢ ᠠᠪᠠᠴᠢᠪᠠ᠃ ᠳᠡᠭᠡᠭᠡᠳ ᠳᠠᠬᠢᠨ ᠬᠤᠷᠭᠤᠳᠣᠭᠠᠳ ︵ᠨᠢᠭᠤᠭᠳᠠᠨ︶ ᠰᠠᠭᠤᠴᠢᠬᠠᠪᠠ᠃ ᠵᠢᠷᠭᠤᠭᠠᠨ ᠰᠢᠪᠠᠭᠤ ᠨᠢ ᠬᠤᠪᠴᠠᠰᠦ ᠪᠠᠨ | ᠡᠮᠦᠰᠦᠭᠡᠳ ᠳᠠᠬᠢᠨ ᠵᠢᠷᠭᠤᠭᠠᠨ ᠴᠠᠭᠠᠨ ᠰᠢᠪᠠᠭᠤᠳ ᠪᠤᠯᠤᠭᠠᠳ ᠨᠢᠰᠪᠡ᠃ ᠨᠢᠭᠡ ᠪᠠᠰᠠᠭᠠᠨ ︵ᠬᠡᠣᠬᠡᠨ︶ ᠨᠢ ᠭᠠᠭᠴᠠᠭᠠᠷ ᠢᠶᠠᠷ ᠦᠯᠡᠳᠡᠭᠡᠳ᠂ ᠲᠡᠷᠡᠨᠳᠢ ︵ᠣᠰᠣᠨ ᠤ | ᠡᠷᠭᠢᠨ ᠳᠤ ᠣᠷᠭᠤᠮᠠᠯ ᠨᠢᠭᠡ ᠵᠦᠢᠯ ᠤᠨ ᠣᠷᠭᠤᠮᠠᠯ︶ ᠳᠣᠳᠣᠷ᠎ᠠ ᠣᠷᠣᠴᠢᠬᠠᠭᠠᠳ ᠰᠠᠭᠤᠨ᠎ᠠ᠃ ᠦᠳᠡᠰᠢ ᠪᠤᠯᠪᠠ᠃ ᠬᠠᠷᠠᠩᠭᠤᠢ ᠪᠤᠯᠭᠠᠭᠠᠳ ᠲᠡᠷᠡ ᠪᠠᠰᠠᠭᠠᠨ | ᠬᠠᠰᠬᠢᠷᠣᠨ᠎ᠠ᠄ | — ᠢᠳᠡᠷ ᠵᠠᠯᠠᠭᠤ ᠬᠦᠪᠡᠬᠦᠨ ᠪᠠᠶᠢᠪᠠᠯ ᠡᠷ᠎ᠡ ᠡᠮ᠎ᠡ ᠪᠤᠯᠬᠤᠰᠢ᠃ ᠦᠳᠡᠯᠦᠭᠰᠡᠨ ᠬᠦᠮᠦᠨ ᠪᠠᠶᠢᠪᠠᠯ᠂ ᠠᠪᠠᠮᠨᠢ ︵ᠠᠪᠤ︶ ᠪᠤᠯᠤᠭᠠᠷᠠᠢ᠃ ᠭᠠᠷᠴᠣ | ᠬᠤᠪᠴᠠᠰᠦ ᠶᠢ ᠮᠢᠨᠢ ᠦᠭᠭᠦᠭᠡᠴᠢ ᠭᠡᠨ᠎ᠡ᠃ ᠬᠦᠪᠡᠬᠦᠨ ᠭᠠᠷᠴᠦ ᠢᠷᠡᠭᠡᠳ᠂ ᠬᠤᠪᠴᠠᠰᠦ ᠶᠢ ᠨᠢ ᠦᠭᠭᠦᠭᠡᠳ᠂ ᠭᠠᠭᠴᠠ ᠳᠦᠷᠪᠡᠯᠵᠢᠨ ᠳᠣᠷᠭᠠᠨ ᠫᠣᠯᠠᠳ | ︵ᠳᠣᠯᠣᠭᠠᠢ ᠶᠢᠨ ᠪᠤᠭᠤᠯᠳᠠ︶ ᠢ ᠨᠢ ᠦᠭᠭᠦᠭᠡ ᠦᠭᠡᠢ᠃ ᠲᠡᠭᠡᠭᠡᠵᠦ ᠭᠡᠷᠭᠡᠢ ᠪᠠᠨ ᠪᠣᠯᠭᠠᠪᠠ᠃ ᠬᠦᠪᠡᠭᠦᠨ ᠦᠷᠯᠣᠭᠡ ᠡᠳᠦᠷ ᠨᠢ ᠭᠡᠷᠭᠡᠢ ᠪᠠᠨ ᠬᠠᠷᠠᠭᠠᠳ᠂ ᠬᠠᠷᠠᠵᠦ ᠯᠠ | ᠪᠠᠶᠢᠨ᠎ᠠ᠃ ᠳᠡᠭᠡᠬᠦ ᠳᠤ ᠨᠢ ᠰᠠᠮᠠᠭᠠᠨ ᠨᠢ ᠦᠪᠡᠷ ᠤᠨ ᠢᠶᠠᠨ ᠲᠦᠷᠢ ᠶᠢ ᠴᠠᠭᠠᠰᠣᠨ ᠳᠡᠭᠡᠷ᠎ᠡ ᠵᠢᠷᠤᠵᠦ ᠦᠭᠭᠦᠭᠡᠳ᠂ ᠭᠠᠷ ᠲᠤ ᠨᠢ ᠪᠠᠷᠢᠭᠤᠯᠤᠭᠠᠳ ᠳᠠᠯᠪᠢᠪᠠ᠃ | ᠬᠦᠪᠡᠬᠦᠨ ᠲᠡᠷᠡ ᠲᠦᠷᠢ ᠶᠢ ᠨᠢ ᠠᠪᠤᠭᠠᠳ ᠣᠷᠬ᠎ᠠ ᠲᠤ ᠨᠢ ᠣᠷᠣᠭᠰᠠᠨ ᠠᠩ ᠤᠳ ᠪᠠᠨ᠂ ᠬᠦᠯᠮᠡ ᠳᠤ ᠣᠷᠣᠭᠰᠠᠨ ᠵᠢᠭᠠᠰᠦ ᠤᠳ ᠪᠠᠨ ᠰᠠᠯᠭᠠᠬᠤ ᠪᠠᠷ ᠣᠴᠢᠪᠠ᠃ | ᠶᠠᠪᠤᠵᠦ ᠶᠠᠪᠤᠭᠰᠠᠭᠠᠷ ᠵᠩᠡ ᠰᠠᠯᠬᠢᠨ ᠳᠡᠭᠳᠡᠭᠡᠳ ᠲᠡᠷᠡ ᠲᠦᠷᠢ ᠨᠢ ᠰᠠᠯᠬᠢᠨ ᠳᠤ ᠭᠡᠶᠢᠰᠦᠨ ᠠᠪᠠᠭ᠋ᠠᠢ ᠬᠠᠭᠠᠨ ᠤ ᠣᠷᠳᠣᠨ ᠤ ᠬᠦᠷᠢᠶᠠᠨ ᠳᠤ ᠣᠨᠠᠴᠢᠬᠠᠪᠠ᠃ ᠠᠪᠠᠭ᠋ᠠᠢ | ᠬᠠᠭᠠᠨ ᠤ ᠴᠡᠷᠢᠭ ᠤᠳ ᠨᠢ ᠭᠠᠳᠠᠭᠤᠷ ᠢᠶᠠᠨ ᠶᠠᠪᠤᠵᠦ ᠪᠠᠶᠢᠭᠠᠳ ᠲᠡᠷᠡ ᠲᠦᠷᠢ ᠶᠢ ᠨᠢ ᠤᠯᠤᠭᠠᠳ ᠬᠠᠭᠠᠨ ᠳᠤ ᠪᠠᠨ ᠣᠷᠣᠭᠤᠯᠵᠦ ᠦᠭᠭᠦᠨ᠎ᠡ᠃ ᠬᠠᠭᠠᠨ | ᠬᠠᠷᠠᠭᠰᠠᠭᠠᠷ ᠲᠣᠷᠠᠯᠠᠭᠠᠳ᠂ ᠡᠨᠡ ᠪᠠᠰᠠᠭᠠᠨ ᠢ ᠡᠷᠢᠬᠦ ᠭᠡᠵᠦ ᠴᠡᠷᠢᠭ ᠴᠣᠭᠯᠠᠭᠤᠯᠪᠠ᠃ ᠲᠡᠭᠡᠭᠡᠳ ᠲᠡᠷᠡ ᠰᠠᠮᠠᠠᠭᠠᠨ ᠢ ᠣᠷᠳᠣᠨ ᠳᠤ ᠪᠠᠨ ᠪᠠᠷᠢᠵᠦ ᠬᠠᠲᠣᠨ ᠢᠶᠠᠨ | ᠪᠣᠯᠭᠠᠪᠠ᠃ | ᠡᠭᠦᠨ ᠢ ᠮᠡᠳᠡᠭᠰᠡᠨ ᠦᠨᠦᠴᠢᠨ ᠬᠦᠪᠡᠬᠦᠨ ᠣᠯᠠᠭᠠᠨ ᠨᠠᠷᠠᠨ ᠢᠶᠠᠷ ᠪᠣᠰᠴᠦ᠂ ᠬᠠᠭᠠᠨ ᠤ ᠣᠷᠳᠣᠨ ᠳᠤ ᠶᠠᠪᠣᠵᠦ᠂ ᠠᠪᠠᠭ᠋ᠠᠢ ᠬᠠᠭᠠᠨ ᠢ ᠠᠯᠠᠵᠦ᠂ ᠠᠪᠠᠭ᠋ᠠᠢ | ᠬᠠᠭᠠᠨ ᠤ ᠣᠷᠣᠨ ᠳᠤ ᠦᠪᠡᠷ ᠢᠶᠠᠨ ᠬᠠᠭᠠᠨ ᠪᠤᠯᠵᠦ ᠳᠡᠭᠷᠢ ᠶᠢᠨ ᠪᠠᠰᠠᠭᠠᠨ ︵ᠦᠬᠢᠨ︶ ᠬᠠᠳᠣᠨ ᠨᠢ ᠪᠤᠯᠵᠦ᠂ ᠶᠡᠭᠡ ᠵᠤᠭ᠎ᠠ ᠨᠠᠶᠢᠷ ᠪᠤᠯᠪᠠ᠃ ᠶᠢᠰᠦᠨ ᠡᠳᠦᠷ ᠶᠢᠰᠦᠨ | ᠰᠦᠨᠢ ᠨᠠᠶᠢᠷ ᠨᠠᠭᠠᠳᠣᠮ ᠬᠢᠬᠡᠳ ᠲᠠᠷᠬᠠᠵᠦ ᠠᠷᠠᠳ ᠵᠣᠨ ᠨᠢ ᠶᠡᠭᠡ ᠪᠠᠶᠠᠷᠳᠠᠢ ᠲᠠᠷᠬᠠᠵᠦ ᠬᠠᠷᠢᠪᠠ᠃ | ᠲᠡᠭᠦᠨ ᠠᠴᠠ ᠬᠤᠶᠢᠰᠢ ᠬᠦᠪᠡᠬᠦᠨ ᠰᠠᠮᠭᠠᠨ ᠲᠠᠢ ᠪᠠᠨ ᠤᠯᠠᠨ ᠦᠷ᠎ᠡ ᠲᠠᠢ ᠪᠣᠯᠣᠭᠠᠳ ᠵᠢᠷᠭᠠᠵᠦ ᠰᠠᠭᠤᠭᠰᠠᠨ ᠭᠡᠨ᠎ᠡ᠃ | ᠡᠨᠡ ᠪᠣᠯ ︽ᠴᠠᠭᠠᠨ ᠰᠢᠪᠠᠭᠤ ᠪᠠᠷ ᠭᠡᠷᠭᠡᠢ ᠪᠠᠨ ᠬᠢᠭᠰᠡᠨ ᠬᠦᠪᠡᠭᠦᠨ︾ ᠭᠡᠬᠦ ᠦᠯᠢᠭᠡᠷ ᠤᠨ ᠲᠧᠺᠰᠲ ᠤᠨ ᠠᠭᠤᠯᠭ᠎ᠠ᠃ | ᠭᠤᠷᠪᠠ᠂ ᠠᠮᠠᠨ ᠦᠯᠢᠭᠡᠷ ᠤᠨ ᠬᠡᠪ ᠰᠢᠨᠵᠢ ᠶᠢᠨ ᠵᠠᠳᠠᠯᠣᠯᠲᠠ | ᠣᠷᠣᠰ ᠤᠨ ᠪᠣᠷᠢᠶᠠᠳ ᠤᠨ ᠠᠮᠠᠨ ᠦᠯᠢᠭᠡᠷ ︽ᠴᠠᠭᠠᠨ ᠰᠢᠪᠠᠭᠤ ᠪᠠᠷ ᠭᠡᠷᠭᠡᠢ ᠪᠠᠨ ᠬᠢᠭᠰᠡᠨ ᠬᠦᠪᠡᠭᠦᠨ︾ ᠦᠯᠢᠭᠡᠷ ᠬᠢᠭᠡᠳ ᠪᠣᠷᠢᠶᠠᠳ ᠤᠨ ᠣᠭ ᠭᠠᠷᠣᠯ ᠤᠨ | ᠳᠣᠮᠤᠭ ︽ᠬᠤᠷᠢᠯᠳᠠᠢ ᠮᠡᠷᠭᠡᠨ︾ ᠭᠡᠬᠦ ᠦᠯᠢᠭᠡᠷ ᠤᠨ ᠦᠢᠯᠡ ᠶᠠᠪᠣᠳᠠᠯ ᠢ ᠬᠠᠷᠢᠴᠠᠭᠤᠯᠬᠤ ᠪᠠᠷ ᠳᠠᠮᠵᠢᠨ᠂ ᠬᠤᠶᠠᠷ ᠦᠯᠢᠭᠡᠷ ᠤᠨ ᠦᠢᠯᠡ ᠶᠠᠪᠣᠳᠠᠯ ᠤᠨ ᠬᠡᠪ | ᠰᠢᠨᠵᠢ ᠳᠤ ᠵᠠᠳᠣᠯᠣᠯᠲᠠ ᠬᠢᠭᠰᠡᠨ ᠶᠤᠮ᠃ | ᠸ᠊ · ᠶ᠊ · · ᠫᠷᠦᠪ ᠶᠠᠪᠠᠭᠠᠨ ᠦᠯᠢᠭᠡᠷ ᠤᠨ ᠪᠦᠲᠦᠴᠡ ᠶᠢᠨ ᠬᠡᠯᠪᠡᠷᠢ ᠶᠢᠨ ᠣᠨᠴᠠᠯᠢᠭ ᠢ ᠳᠠᠷᠠᠭᠠᠬᠢ ᠳᠦᠷᠪᠡᠨ ᠲᠠᠯ᠎ᠠ ᠪᠠᠷ ᠬᠤᠷᠢᠶᠠᠩᠭᠤᠶᠢᠯᠠᠭᠰᠠᠨ ᠪᠠᠶᠢᠨ᠎ᠠ᠃ | ⑴ ᠦᠯᠢᠭᠡᠷ ᠤᠨ ᠳᠣᠲᠣᠷᠠᠬᠢ ᠳᠦᠷᠢ ᠶᠢᠨ ᠦᠢᠯᠡᠳᠣᠯ ᠪᠣᠯ ᠶᠠᠪᠠᠭᠠᠨ ᠦᠯᠢᠭᠡᠷ ᠤᠨ ᠳᠣᠲᠣᠷᠠᠬᠢ ᠬᠡᠵᠢᠶ᠎ᠡ ᠴᠦ ᠬᠤᠪᠢᠷᠠᠳᠠᠭ ᠦᠭᠡᠢ ᠡᠯᠧᠮᠧᠨ᠋ᠲ ᠪᠣᠯᠬᠤ | ᠶᠤᠮ᠃ ᠡᠳᠡᠭᠡᠷ ᠦᠢᠯᠡᠳᠣᠯ ᠢ ᠬᠡᠨ ᠢᠶᠠᠷ ᠪᠡᠶᠡᠯᠡᠭᠦᠯᠬᠦ ᠪᠣᠶᠦ ᠶᠠᠭᠠᠭᠢᠵᠦ ᠭᠦᠢᠴᠡᠳᠬᠡᠭᠰᠡᠨ ᠴᠦ ᠬᠤᠪᠢᠷᠠᠳᠠᠭ ᠦᠭᠡᠢ᠂ ᠦᠢᠯᠡᠳᠣᠯ ᠨᠢ ᠦᠯᠢᠭᠡᠷ ᠤᠨ ᠦᠨᠳᠦᠰᠦᠨ | ᠪᠦᠷᠢᠯᠳᠣᠭᠦᠨ ᠬᠡᠰᠡᠭ ᠨᠢ ᠪᠣᠯᠳᠠᠭ᠃ | ⑵ ᠦᠯᠢᠭᠡᠷ ᠤᠨ ᠳᠣᠲᠣᠷᠠᠬᠢ ᠨᠢᠭᠡᠨᠲᠡ ᠮᠡᠳᠡᠭᠳᠡᠭᠰᠡᠨ ᠦᠢᠯᠡᠳᠣᠯ ᠤᠨ ᠲᠤᠭ᠎ᠠ ᠨᠢ ᠬᠢᠵᠠᠭᠠᠠᠷ ᠦᠭᠡᠢ᠃ ᠦᠭᠡᠷ᠎ᠡ ᠪᠠᠷ ᠬᠡᠯᠡᠪᠡᠯ᠂ ᠦᠯᠢᠭᠡᠷ ᠤᠨ ᠦᠢᠯᠡ | ᠶᠠᠪᠣᠳᠠᠯ ᠨᠢ ᠬᠢᠵᠠᠭᠠᠷ ᠲᠠᠢ ᠪᠠᠶᠢᠳᠠᠭ ᠭᠡᠰᠡᠨ ᠦᠭᠡ᠃ | ⑶ ᠦᠯᠢᠭᠡᠷ ᠤᠨ ᠳᠣᠲᠣᠷᠠᠬᠢ ᠦᠢᠯᠡᠳᠣᠯ ᠤᠨ ᠳᠡᠰ ᠳᠠᠷᠠᠭᠠᠯᠠᠯ ᠨᠢ ᠠᠳᠠᠯᠢ᠃ | ⑷ ᠪᠦᠳᠦᠴᠡ ᠶᠢᠨ ᠲᠠᠯ᠎ᠠ ᠠᠴᠠ ᠨᠢ ᠦᠵᠡᠬᠦ ᠳᠤ᠂ ᠪᠣᠢ ᠪᠦᠬᠦᠢ ᠶᠠᠪᠠᠭᠠᠨ ᠦᠯᠢᠭᠡᠷ ᠨᠢ ᠠᠳᠠᠯᠢ ᠨᠢᠭᠡᠨ ᠵᠦᠢᠯ ᠤᠨ ᠬᠡᠪ ᠰᠢᠨᠵᠢ ᠳᠤ ᠬᠠᠷᠢᠶᠠᠯᠠᠭᠳᠠᠳᠠᠭ | ᠭᠡᠵᠦ ᠦᠵᠡᠭᠡᠳ ᠶᠠᠪᠠᠭᠠᠨ ᠦᠯᠢᠭᠡᠷ ᠤᠨ ᠦᠢᠯᠡ ᠶᠠᠪᠣᠳᠠᠯ ᠤᠨ ᠪᠦᠲᠦᠴᠡ ᠶᠢ ᠦᠯᠦ ᠬᠤᠪᠢᠷᠠᠬᠤ ᠬᠡᠰᠡᠭ ᠬᠢᠭᠡᠳ ᠬᠤᠪᠢᠷᠠᠳᠠᠭ ᠬᠡᠰᠡᠭ ᠭᠡᠵᠦ ᠬᠤᠶᠠᠷ ᠬᠡᠰᠡᠭ ᠲᠤ | ᠬᠤᠪᠢᠶᠠᠭᠰᠠᠨ ᠪᠠᠶᠢᠨ᠎ᠠ᠃ | ᠡᠨᠡ ᠣᠨᠴᠠᠯᠢᠭ ᠢ ᠦᠨᠳᠦᠰᠦᠯᠡᠨ ᠳᠡᠭᠡᠷᠡᠬᠢ ᠬᠤᠶᠠᠷ ᠦᠯᠢᠭᠡᠷ ᠲᠤ ᠵᠠᠳᠣᠯᠣᠯᠲᠠ ᠬᠢᠪᠡᠯ᠄ | ᠨᠢᠭᠡ᠂ ᠬᠤᠶᠠᠷ ᠦᠯᠢᠭᠡᠷ ᠤᠨ ᠭᠤᠣᠯ ᠪᠠᠭᠠᠲᠣᠷ ᠨᠢ ᠵᠠᠯᠠᠭᠤᠬᠠᠨ ᠬᠦᠪᠡᠭᠦᠨ᠂ ᠠᠩ ᠠᠩᠨᠠᠯ ᠬᠢᠵᠦ ᠠᠵᠦ ᠲᠦᠷᠦᠵᠦ ᠠᠮᠢᠳᠣᠷᠠᠵᠦ ᠪᠠᠶᠢᠭᠰᠠᠨ ᠡᠭᠡᠯ | ᠠᠷᠠᠳ ᠤᠨ ᠳᠦᠷᠢ᠃ ᠲᠡᠣᠬᠡᠨ ᠦᠨᠡᠨ᠂ ᠲᠣᠬᠠᠢ ᠶᠢᠨ ᠦᠶ᠎ᠡ ᠶᠢᠨ ᠬᠦᠮᠦᠰ ᠤᠨ ᠪᠤᠳᠤᠯ ᠰᠡᠳᠭᠢᠯᠬᠡ ᠶᠢ ᠢᠯᠡᠷᠡᠭᠦᠯᠵᠦ ᠴᠢᠳᠠᠵᠠᠢ᠃ | ᠬᠤᠶᠠᠷ᠂ ᠦᠯᠢᠭᠡᠷ ᠤᠨ ᠦᠢᠯᠡ ᠶᠠᠪᠣᠳᠠᠯ ᠨᠢ ᠳᠡᠮᠡᠢ ᠶᠡᠭᠡ ᠬᠤᠪᠢᠷᠠᠯᠲᠠ ᠭᠠᠷᠣᠭᠰᠠᠨ ᠦᠭᠡᠢ᠃ ᠳᠡᠭᠷᠢ ᠶᠢᠨ ᠳᠠᠬᠢᠨᠢ᠂ ᠬᠦᠮᠦᠨ ᠤ ᠣᠷᠴᠢᠯᠠᠩ ᠳᠤ ᠪᠠᠭᠤᠨ᠂ | ᠨᠠᠭᠤᠷ ᠲᠤ ᠪᠡᠶ᠎ᠡ ᠪᠠᠨ ᠣᠬᠢᠶᠠᠭᠰᠠᠨ ᠦᠢᠯᠡ ᠶᠠᠪᠣᠳᠠᠯ ᠨᠢ ᠬᠤᠪᠢᠷᠠᠭᠰᠠᠨ ᠦᠭᠡᠢ᠂ ᠦᠯᠢᠭᠡᠷ ᠤᠨ ᠬᠡᠪ ᠰᠢᠨᠵᠢ ᠪᠣᠯᠣᠭᠰᠠᠨ ᠪᠠᠶᠢᠨ᠎ᠠ᠃ | ᠭᠤᠷᠪᠠ᠂ ᠦᠯᠢᠭᠡᠷ ᠤᠨ ᠦᠢᠯᠡᠳᠣᠯ ᠤᠨ ᠲᠠᠯ᠎ᠠ ᠪᠠᠷ ᠲᠣᠰ ᠦᠯᠢᠭᠡᠷ ᠨᠢ ᠠᠷᠠᠳ ᠲᠦᠮᠡᠨ ᠤ ᠵᠢᠷᠭᠠᠯᠲᠦ ᠠᠮᠢᠳᠣᠷᠠᠯ ᠢ ᠭᠥᠭᠡᠭᠡᠴᠡᠯᠳᠦᠬᠦ ᠣᠷᠮ᠎ᠠ ᠲᠠᠢ | ᠪᠣᠯᠭᠠᠳᠠᠭ ᠪᠠᠶᠢᠨ᠎ᠠ᠃ | ᠳᠦᠷᠪᠡ᠂ ᠪᠦᠲᠦᠴᠡ ᠤᠨ ᠲᠠᠯ᠎ᠠ ᠠᠴᠠ ᠨᠢ ᠠᠪᠴᠦ ᠬᠡᠯᠡᠪᠡᠯ᠂ | ︽ᠴᠠᠭᠠᠨ ᠰᠢᠪᠠᠭᠤ ᠪᠠᠷ ᠭᠡᠷᠭᠡᠢ ᠬᠢᠭᠰᠡᠨ ᠬᠦᠪᠡᠭᠦᠨ︾ ᠭᠡᠬᠦ ᠦᠯᠢᠭᠡᠷ ᠤᠨ ᠦᠢᠯᠡ ᠶᠠᠪᠣᠳᠠᠯ ᠤᠨ ᠡᠬᠢᠨ ᠤ ᠬᠡᠰᠡᠭ ᠨᠢ ᠴᠠᠭᠠᠨ ᠰᠢᠪᠠᠭᠤ ᠨᠠᠭᠤᠷ ᠲᠤ ᠣᠷᠣᠨ | ᠪᠡᠶ᠎ᠡ ᠪᠠᠨ ᠣᠬᠢᠶᠠᠭᠰᠠᠨ ᠦᠢᠯᠡ ᠶᠠᠪᠣᠳᠠᠯ ᠨᠢ ᠦᠯᠦ ᠬᠤᠪᠢᠷᠠᠬᠤ ᠬᠡᠰᠡᠭ ᠪᠣᠯᠣᠨ᠎ᠠ᠃ ᠰᠡᠭᠦᠯᠴᠢ ᠬᠡᠰᠡᠭ ᠤᠨ ᠦᠨᠦᠴᠢᠨ ᠬᠦᠪᠡᠭᠦᠨ ᠤ ᠭᠡᠷᠭᠡᠢ ᠪᠠᠨ ᠠᠪᠠᠭ᠋ᠠᠢ | ᠬᠠᠭᠠᠨ ᠠᠴᠠ ᠪᠣᠯᠢᠶᠠᠵᠦ ᠠᠪᠣᠭᠠᠳ ᠦᠪᠡᠷ ᠢᠶᠠᠨ ᠬᠠᠭᠠᠨ ᠰᠠᠭᠤᠭᠰᠠᠨ ᠦᠢᠯᠡ ᠶᠠᠪᠣᠳᠠᠯ ᠨᠢ ᠬᠤᠪᠢᠷᠠᠳᠠᠭ ᠬᠡᠰᠡᠭ ᠪᠣᠯᠣᠨ᠎ᠠ᠃ | ᠳᠡᠣᠬᠡᠨ ᠳᠣᠮᠤᠭ ᠨᠢ ᠠᠮᠠᠨ ᠤᠯᠠᠮᠵᠢᠯᠠᠯ ᠤᠨ ᠬᠡᠯᠪᠡᠷᠢ ᠪᠠᠷ ᠳᠠᠷᠬᠠᠵᠦ ᠢᠷᠡᠭᠰᠡᠨ ᠪᠤᠯᠪᠠᠴᠦ ᠲᠡᠷᠡ ᠨᠢ ᠦᠨᠡᠨ ᠬᠦᠮᠦᠨ᠂ ᠦᠨᠡᠨ ᠦᠢᠯᠡ ᠶᠠᠪᠤᠳᠠᠯ ᠠᠴᠠ | ᠰᠡᠳᠦᠪᠯᠡᠵᠦ ᠵᠤᠬᠢᠬᠤ ᠬᠡᠮᠵᠢᠶᠡᠨ ᠤ ᠳᠡᠤᠬᠡᠨ ᠦᠨᠡᠨ ᠢ ᠬᠠᠷᠠᠭᠤᠯᠤᠭᠰᠠᠨ ᠪᠠᠶᠢᠳᠠᠭ᠃ ᠡᠨᠡ ᠨᠢ ᠭᠡᠳᠦ᠋ᠢᠪᠡᠷ ᠰᠣᠷᠪᠤᠯᠵᠢ ᠪᠢᠴᠢᠭ ᠤᠨ ᠳᠡᠮᠳᠡᠭᠯᠡᠯ ᠪᠢᠰᠢ ᠪᠤᠯᠪᠠᠴᠦ | ᠤᠯᠠᠮᠵᠢᠯᠠᠭᠴᠢ ᠠᠴᠠ ᠠᠷᠠᠳ ᠳᠦᠮᠡᠨ ᠤ ᠰᠡᠳᠭᠢᠯ ᠤᠨ ᠦᠨᠡᠨ ᠢ ᠳᠣᠰᠬᠠᠭᠰᠠᠨ ᠠᠮᠠᠨ ᠳᠡᠤᠬᠡ ᠮᠦᠨ᠃ | ᠡᠶᠢᠮᠦ ᠠᠴᠠ ︽ᠴᠠᠭᠠᠨ ᠰᠢᠪᠠᠭᠤ ᠪᠠᠷ ᠭᠡᠷᠭᠡᠢ ᠬᠢᠭᠰᠡᠨ ᠬᠦᠪᠡᠭᠦᠨ︾ ᠬᠢᠭᠡᠳ ︽ᠬᠤᠷᠢᠯᠳᠠᠢ ᠮᠡᠷᠭᠡᠨ︾ ᠳᠡᠣᠬᠡ ᠲᠠᠢ ᠬᠠᠷᠢᠴᠠᠭᠤᠯᠵᠦ ᠰᠣᠳᠣᠯᠵᠦ᠂ ᠳᠣᠮᠤᠭ ᠪᠠ | ᠳᠡᠤᠬᠡ ᠶᠢᠨ ᠬᠠᠷᠢᠴᠠᠭ᠎ᠠ ᠬᠤᠯᠪᠤᠭ᠎ᠠ ᠶᠢ ᠮᠡᠳᠡᠵᠦ ᠪᠤᠯᠬᠤ ᠶᠢᠨ ᠣᠯᠠᠮ ᠠᠴᠠ ᠳᠣᠮᠤᠭ ᠲᠤ ᠬᠤᠯᠪᠤᠭᠳᠠᠬᠤ ᠴᠠᠭ ᠦᠶ᠎ᠡ᠂ ᠨᠡᠶᠢᠬᠡᠮ ᠤᠨ ᠪᠠᠶᠢᠳᠠᠯ ᠵᠢᠴᠢ ᠬᠦᠮᠦᠰ ᠤᠨ | ᠪᠤᠳᠤᠯ ᠰᠡᠳᠭᠢᠯᠬᠡ ᠶᠢ ᠨᠡᠩ ᠨᠠᠷᠢᠯᠢᠭ ᠤᠶᠢᠯᠠᠭᠠᠵᠦ ᠴᠢᠳᠠᠨ᠎ᠠ᠃ ︽ᠬᠤᠷᠢᠯᠳᠠᠢ ᠮᠡᠷᠭᠡᠨ︾ ᠭᠡᠬᠦ ᠦᠯᠢᠭᠡᠷ ᠠᠯᠢ ᠡᠷᠲᠡ ᠠᠴᠠ ᠪᠣᠷᠢᠶᠠᠳ ᠠᠷᠠᠳ ᠤᠨ ᠳᠣᠮᠳᠠ | ᠦᠶ᠎ᠡ ᠶᠢᠨ ᠦᠶ᠎ᠡ ᠣᠯᠠᠮᠵᠢᠯᠠᠭᠳᠠᠵᠦ ᠢᠷᠡᠭᠰᠡᠨ ᠦᠯᠢᠭᠡᠷ ᠶᠣᠮ᠃ ᠮᠦᠨ ᠴᠦ ᠪᠣᠷᠢᠶᠠᠳ ᠤᠨ ᠣᠭ ᠭᠠᠷᠣᠯ ᠤᠨ ᠲᠣᠬᠠᠢ ᠳᠣᠮᠤᠭ ᠭᠡᠵᠦ ᠬᠡᠯᠡᠳᠡᠭ᠃ ᠳᠡᠭᠡᠷᠡᠬᠢ | ︽ᠬᠤᠷᠢᠯᠳᠠᠢ ᠮᠡᠷᠭᠡᠨ︾ ᠭᠡᠬᠦ ᠦᠯᠢᠭᠡᠷ ᠳᠣᠲᠣᠷᠠᠬᠢ ᠬᠤᠨ ᠳᠡᠪᠡᠯ ᠲᠠᠢ ᠡᠬᠡᠨᠡᠷ ᠢ ᠠᠪᠤᠭᠴᠢ ᠠᠷᠪᠠᠨ ᠨᠢᠬᠡᠨ ᠬᠦᠪᠡᠬᠦᠨ ᠲᠠᠢ ᠪᠤᠯᠤᠭᠰᠠᠨ ᠬᠤᠷᠢᠯᠳᠠᠢ ᠭᠡᠭᠴᠢ ᠪᠤᠯ | ᠪᠠᠷᠭᠤᠵᠢᠨ ᠲᠦᠬᠦᠮ ᠨᠤᠳᠤᠭ ᠲᠠᠢ ᠪᠠᠷᠭᠠᠳᠠᠢ ᠮᠡᠷᠭᠡᠨ ᠤ ᠦᠬᠢᠨ ᠪᠠᠷᠭᠤᠵᠢᠨ ᠭᠤᠸ᠎ᠠ ᠡᠬᠡᠨᠡᠷ ᠲᠠᠢ ᠬᠦᠮᠦᠨ ᠪᠠᠶᠢᠭ᠎ᠠ ᠶᠣᠮ᠃ ᠪᠠᠷᠭᠤᠵᠢᠨ ᠳᠦᠮᠡᠳ ᠪᠤᠯᠤᠭᠠᠳ᠂ | ᠬᠤᠷᠢ ᠳᠦᠮᠡᠳ ᠤᠨ ᠨᠤᠶᠠᠨ ᠬᠤᠷᠢᠯᠳᠠᠢ ᠮᠡᠷᠭᠡᠨ ᠭᠡᠭᠴᠢ ᠬᠦᠮᠦᠨ ᠪᠠᠶᠢᠭ᠎ᠠ ᠶᠤᠮ᠃ ᠲᠡᠷᠡ ᠬᠦᠮᠦᠨ ᠬᠤᠷᠢᠯᠳᠠᠢ ᠮᠡᠷᠭᠡᠨ ᠭᠡᠵᠦ ᠨᠡᠷᠡᠳᠡᠢ᠃ ᠳᠡᠭᠡᠭᠡᠳ ᠬᠤᠨ | ᠳᠡᠪᠡᠯ ᠲᠠᠢ ᠡᠬᠡᠨᠡᠷ ᠨᠢ ᠪᠤᠯᠪᠠᠯ ᠲᠡᠷᠡ ᠪᠠᠷᠭᠤᠵᠢᠨ ᠭᠤᠸ᠎ᠠ ᠪᠤᠯᠵᠦ ᠪᠠᠶᠢᠨ᠎ᠠ ᠭᠡᠵᠦ ᠡᠨᠡ ᠠᠷᠪᠠᠨ ᠨᠢᠭᠡᠨ ᠣᠪᠣᠭ ᠤᠨ ᠬᠦᠪᠡᠭᠦᠳ ᠢ ᠨᠢ ᠬᠤᠷᠢ ᠶᠢᠨ ᠠᠷᠪᠠᠨ ᠨᠢᠭᠡᠨ | ᠣᠪᠣᠭᠲᠠᠨ ᠪᠣᠯᠣᠨ᠎ᠠ ᠭᠡᠵᠦ ᠣᠶᠢᠯᠠᠭᠠᠳᠠᠭ ᠬᠦᠮᠦᠨ ᠪᠤᠢ᠃ | ᠬᠤᠷᠢᠯᠳᠠᠢ ᠮᠡᠷᠭᠡᠨ ᠤ ᠨᠣᠳᠤᠭ ᠲᠤ ᠪᠠᠳᠠᠨ ᠶᠠᠸᠠ ᠭᠡᠭᠴᠢ ᠪᠤᠯ ᠬᠤᠷᠢ ᠳᠦᠮᠡᠳ ᠤᠨ ᠨᠤᠳᠤᠭ ᠲᠤ ᠪᠠᠶᠢᠭᠰᠠᠨ᠃ ᠳᠡᠤᠬᠡ ᠳᠤ ᠬᠤᠷᠢ ᠳᠦᠮᠡᠳ ᠪᠤᠷᠢᠶᠠᠳᠠᠢ | ᠣᠭ ᠭᠡᠰᠡᠨ ᠢᠶᠠᠷ ᠢᠯᠡᠷᠬᠡᠢ ᠶᠤᠮ ᠯᠠ ᠳ᠋ᠠ᠃ ᠪᠠᠶᠢᠭᠠᠯ᠂ ᠭᠦᠪᠰᠦᠭᠦᠯ᠂ ᠠᠶᠡᠰᠡ᠂ ᠣᠣᠪᠢ᠂ ᠠᠯᠳᠠᠢ ᠬᠤᠶᠢᠰᠢᠬᠢ ᠡᠨᠡ ᠨᠤᠳᠤᠭ ᠲᠤ ᠪᠠᠳᠠᠨ ᠣᠯᠣᠰ ᠶᠤᠮ ᠤᠤ ᠪᠠᠳᠠ | ᠶᠠᠸᠠ ᠭᠡᠳᠡᠭ ᠨᠤᠳᠤᠭ ᠪᠠᠶᠢᠭᠰᠠᠨ ᠪᠠᠶᠢᠬᠤ ᠭᠡᠵᠦ ᠰᠠᠨᠠᠭᠳᠠᠳᠠᠭ ᠶᠤᠮ᠃ ᠳᠡᠭᠡᠬᠦ ᠳᠤ ᠴᠢᠩᠭᠢᠰ ᠠᠴᠠ ᠣᠷᠣᠭᠰᠢᠬᠢ 12-14 ᠳ᠋ᠦ᠋ᠭᠡᠷ ᠦᠶ᠎ᠡ ᠶᠢᠨ ᠡᠪᠦᠭᠡ | ᠡᠴᠢᠭᠡ ᠤᠳ ᠤᠨ ᠦᠶ᠎ᠡ ᠠᠴᠠ ᠰᠠᠯᠠᠲᠠᠷ ᠰᠠᠯᠠᠭ᠎ᠠ ᠪᠤᠯᠬᠤ ᠳᠤ ᠨᠢ᠂ ᠪᠤᠷᠵᠢᠭᠢᠨ᠂ ᠬᠠᠳᠠᠬᠢᠨ ᠪᠤᠯᠤᠭᠠᠳ᠂ ᠪᠠᠰᠠ ᠳᠣᠸᠠ ᠰᠣᠬᠤᠷ ᠤᠨ ᠲᠦᠷᠪᠡᠨ ᠬᠦᠦ ᠤᠮᠤᠭ᠂ | ᠲᠦᠷᠪᠡᠨ ᠳᠦᠮᠡᠳ ᠶᠤᠮ ᠤᠤ︖ ᠲᠦᠷᠪᠡᠨ ᠦᠨᠳᠦᠰᠦᠳᠡᠨ ᠪᠠᠷᠠᠭᠤᠨ ᠮᠤᠩᠭᠤᠯ ᠳᠤ ᠪᠠᠶᠢᠨ᠎ᠠ᠃ ᠳᠡᠭᠡᠬᠦ ᠳᠤ ᠪᠠᠷᠭᠤᠵᠢᠨ ᠳᠦᠮᠡᠳ᠂ ᠬᠤᠷᠢ ᠲᠦᠮᠡᠳ ᠡᠨᠡ | ᠨᠤᠳᠤᠭ ᠲᠤ ᠪᠤᠯᠪᠠᠯ ᠲᠡᠳᠡ ᠬᠤᠶᠠᠷ ᠤᠨ ᠬᠠᠮᠳᠣ ᠦ᠋ᠢᠷᠠᠯᠴᠠᠭᠠ ᠬᠠᠷᠢᠴᠠᠭ᠎ᠠ ᠲᠠᠢ ᠪᠠᠶᠢᠭᠰᠠᠨ ᠪᠠᠶᠢᠬᠤ ᠶᠤᠰᠣᠳᠠᠢ ᠭᠡᠵᠦ ᠰᠠᠨᠠᠭᠳᠠᠳᠠᠭ ᠶᠤᠮ᠃ ᠲᠡᠳᠡᠨᠠᠷ ᠬᠤᠳᠠ | ᠤᠷᠤᠭ ᠤᠨ ᠬᠤᠯᠪᠤᠭ᠎ᠠ ᠲᠠᠢ ᠪᠠᠶᠢᠭᠰᠠᠨ᠂ ᠬᠤᠨ ᠳᠡᠪᠡᠯ ᠲᠠᠢ ᠪᠠᠷᠭᠤᠵᠢᠨ ᠭᠤᠸ᠎ᠠ ᠬᠠᠳᠣᠨ ᠠᠴᠠ ᠭᠠᠷᠣᠭᠰᠠᠨ᠂ ᠡᠯᠢᠶᠡᠨ ᠭᠤᠸ᠎ᠠ ᠳᠣᠸᠠ ᠰᠣᠬᠤᠷ ᠤᠨ ᠳᠡᠭᠦᠦ ᠳᠣᠪᠤ | ᠮᠡᠷᠭᠡᠨ ᠳᠤ ᠣᠴᠢᠵᠦ᠂ ᠲᠡᠬᠦᠨ ᠠᠴᠠ ᠭᠠᠷᠣᠭᠰᠠᠨ ᠠᠴᠢ ᠨᠠᠷ ᠨᠢ ᠪᠤᠯ ᠪᠤᠷᠵᠢᠬᠢᠨ ᠤᠪᠤᠭ ᠤᠨ ᠬᠢᠨ᠂ ᠬᠠᠳᠠᠭᠢᠨ ᠤᠪᠤᠭ ᠤᠨ ᠬᠢᠨ ᠪᠤᠯᠤᠭᠰᠠᠨ ᠪᠠᠶᠢᠨ᠎ᠠ᠃ ᠳᠡᠭᠡᠬᠦ ᠳᠤ | ᠡᠳᠡᠨ ᠤ ᠨᠠᠭᠠᠴᠦ ᠨᠠᠷ ᠨᠢ ᠬᠤᠷᠢ ᠳᠦᠮᠡᠳ ᠪᠤᠯᠳᠠᠭ ᠪᠠᠶᠢᠭ᠎ᠠ ᠶᠤᠮ᠃ ᠳᠡᠭᠡᠬᠦ ᠳᠤ ᠳᠦᠮᠡᠳ ᠭᠡᠬᠦ ᠦᠭᠡ ᠠᠳᠡ ᠶᠠᠭᠠᠬᠢᠭᠠᠳ ᠣᠷᠣᠵᠦ ᠪᠠᠶᠢᠨᠠᠪ ᠭᠡᠬᠦ ᠳᠤ᠄ | ᠲᠦᠷᠪᠡᠨ ᠳᠦᠮᠡ ᠣᠶᠢᠷ᠎ᠠ ᠨᠢ ᠭᠡᠬᠦ ᠶᠤᠮ᠃ ᠣᠷᠢᠶᠠᠩᠬᠠᠢ ᠲᠦᠮᠡᠳ᠂ ᠪᠠᠷᠭᠤᠵᠢᠨ ᠳᠦᠮᠡᠳ᠂ ᠬᠤᠷᠢ ᠳᠦᠮᠡᠳ ᠭᠡᠳᠡᠭ ᠣᠯᠠᠨ ᠳᠦᠮᠡᠨ ᠳᠤᠭ᠎ᠠ ᠦᠭᠡᠢ ᠨᠡᠷ᠎ᠡ᠂ | ᠳᠡᠭᠡᠭᠡᠳ ᠤᠯᠠᠨ ᠢ ᠨᠢ ᠵᠢᠭᠠᠵᠦ ᠳᠦᠮᠡᠳ ᠭᠡᠰᠡᠨ ᠢᠶᠠᠷ ᠨᠡᠷ᠎ᠡ ᠴᠦ ᠨᠡᠷᠡᠯᠡᠭᠳᠡᠵᠦ ᠶᠠᠪᠤᠭ᠎ᠠ ᠶᠤᠮ ᠭᠡᠵᠦ ᠰᠠᠨᠠᠭᠳᠠᠳᠠᠭ᠃ ᠪᠠᠷᠭᠤᠵᠢᠨ ᠭᠤᠸ᠎ᠠ ᠠᠴᠠ ᠭᠠᠷᠣᠭᠰᠠᠨ | ᠡᠯᠢᠶᠡᠨ ᠭᠤᠸ᠎ᠠ ᠭᠡᠭᠴᠢ ᠶᠢ ᠵᠠᠷᠢᠮ ᠬᠦᠮᠦᠨ ᠨᠤᠮ ᠰᠣᠳᠣᠷ ᠳᠡᠭᠡᠷ᠎ᠡ ᠪᠢᠴᠢᠬᠦ ᠳᠤ ᠪᠠᠨ ᠠᠯᠤᠨ ᠭᠤᠸ᠎ᠠ ᠬᠠᠳᠤᠨ ᠭᠡᠵᠦ ᠪᠢᠴᠢᠳᠡᠭ ᠶᠤᠮ᠃ ᠡᠬᠦᠨ ᠢ ᠳᠦᠪᠡᠳ ᠢᠶᠠᠷ | ᠵᠠᠷᠢᠮ ᠬᠦᠮᠦᠨ ᠤ ᠳᠡᠮᠳᠡᠭᠯᠡᠭᠰᠡᠨ ᠢ ᠦᠵᠡᠬᠦ ᠳᠤ᠂ ᠠᠷᠭ᠎ᠠ ᠦᠭᠡᠢ ᠡᠯᠢᠶᠡᠨ ᠭᠤᠸ᠎ᠠ ᠭᠡᠵᠦ ᠪᠢᠴᠢᠵᠦ ᠪᠠᠶᠢᠬᠤ ᠶᠤᠮ᠃ | ᠠᠮᠠᠨ ᠦᠯᠢᠭᠡᠷ ᠨᠢ ᠵᠣᠬᠢᠬᠤ ᠲᠡᠣᠬᠡᠨ ᠣᠶᠢᠯᠡ ᠶᠠᠪᠣᠳᠠᠯ ᠢ ᠢᠯᠡᠷᠡᠭᠦᠯᠡᠭᠰᠡᠨ ᠪᠠᠶᠢᠳᠠᠭ᠃ ᠮᠦᠨ ᠴᠦ ᠲᠣᠰ ᠣᠭᠰᠠᠭ᠎ᠠ ᠦᠨᠳᠦᠰᠦᠲᠡᠨ ᠤ ᠰᠣᠶᠣᠯ ᠤᠨ | ᠦᠪᠡᠷᠮᠢᠴᠡ ᠲᠠᠯ᠎ᠠ ᠶᠢ ᠢᠯᠡᠷᠡᠭᠦᠯᠵᠦ ᠴᠢᠳᠠᠳᠠᠭ᠃ ᠵᠢᠱᠢᠶᠡᠯᠡᠪᠡᠯ᠄ ︿ᠪᠠᠭᠠᠳᠣᠷ ᠵᠤᠷᠢᠭ ᠲᠠᠢ᠂ ᠪᠠᠷᠰ ᠤᠨ ᠬᠦᠴᠦ ᠲᠠᠢ᠂ ᠪᠤᠯᠠᠭᠠᠨ ᠳᠠᠬᠤ ᠲᠠᠢ᠂ ᠪᠤᠯᠠᠶᠢᠬᠠᠨ ︵ᠠᠮᠦᠷ ᠦᠭᠡᠢ︶ | ᠬᠦᠪᠡᠬᠦᠨ ᠪᠠᠶᠢᠭᠰᠠᠨ﹀ ᠭᠡᠰᠡᠨ ᠨᠢ ᠪᠣᠷᠢᠶᠠᠳ ᠮᠣᠩᠭᠤᠯᠴᠣᠳ ᠤᠨ ᠦᠪᠡᠷᠮᠢᠴᠡ ᠣᠨᠴᠠᠯᠢᠭ ᠢ ᠬᠠᠷᠠᠭᠤᠯᠵᠠᠢ᠃ ᠲᠣᠰ ᠬᠤᠶᠠᠷ ᠦᠯᠢᠭᠡᠷ ᠤᠨ ᠬᠡᠪ ᠰᠢᠨᠵᠢ ᠲᠠᠢ | ᠦᠯᠢᠭᠡᠷ ᠦᠭᠡᠷ᠎ᠡ ᠪᠣᠰᠣᠳ ᠣᠭᠰᠠᠭ᠎ᠠ ᠦᠨᠳᠦᠰᠦᠲᠡᠨ ᠳᠤ ᠪᠠᠰᠠ ᠪᠠᠶᠢᠳᠠᠭ ᠶᠤᠮ᠃ ᠵᠢᠱᠢᠶᠡᠯᠡᠪᠡᠯ᠄ ᠬᠢᠲᠠᠳ ᠦᠨᠳᠦᠰᠦᠲᠡᠨ ᠤ ︽ᠦᠭᠡᠷᠴᠢᠨ ᠬᠦᠪᠡᠬᠦᠨ ᠨᠡᠭᠡᠮᠡᠯᠴᠢᠨ | ᠦᠬᠢᠨ︾᠂ ᠮᠠᠨᠵᠦ ᠦᠨᠳᠦᠰᠦᠲᠡᠨ ᠤ ︽ᠨᠤᠤᠰᠤᠨ ᠬᠤᠪᠴᠠᠰᠤᠳᠦ ᠦᠬᠢᠨ︾᠂ ᠠᠷᠠᠪ ᠤᠨ ︽ᠬᠤᠨ ᠲᠠᠬᠢᠨᠢ︾ ᠭᠡᠬᠦ ᠮᠡᠳᠦ ᠪᠠᠷ ᠣᠯᠠᠨ ᠪᠠᠶᠢᠳᠠᠭ᠃ ᠡᠭᠦᠨ ᠠᠴᠠ | ᠦᠵᠡᠬᠦ ᠳᠤ᠂︽ᠴᠠᠭᠠᠨ ᠰᠢᠪᠠᠭᠤ ᠪᠠᠷ ᠭᠡᠷᠭᠡᠢ ᠬᠢᠭᠰᠡᠨ ᠬᠦᠪᠡᠭᠦᠨ︾ ᠬᠢᠭᠡᠳ ︽ᠬᠤᠷᠢᠯᠳᠠᠢ ᠮᠡᠷᠭᠡᠨ︾ ᠭᠡᠬᠦ ᠬᠤᠶᠠᠷ ᠦᠯᠢᠭᠡᠷ ᠤᠨ ᠬᠡᠪ ᠰᠢᠨᠵᠢ ᠲᠠᠢ ᠦᠯᠢᠭᠡᠷ ᠭᠠᠭᠴᠠ | ᠮᠣᠩᠭᠤᠯ ︵ᠪᠣᠷᠢᠶᠠᠳ︶ ᠳᠤ ᠪᠠᠶᠢᠬᠤ ᠪᠢᠰᠢ᠂ ᠬᠠᠷᠢᠨ ᠪᠦᠬᠦ᠋ᠢᠯᠡ ᠠᠽᠢᠶ᠎ᠠ ᠲᠢᠪ ᠤᠨ ᠡᠯ᠎ᠡ ᠭᠠᠵᠠᠷ ᠲᠤ ᠲᠠᠷᠬᠠᠵᠦ ᠳᠡᠯᠭᠡᠷᠡᠵᠦ᠂ ᠶᠠᠪᠠᠭᠠᠨ ᠦᠯᠢᠭᠡᠷ ᠤᠨ | ᠨᠡᠶᠢᠲᠡᠯᠢᠭ ᠰᠢᠨᠵᠢ ᠪᠠᠨ ᠬᠠᠳᠠᠭᠠᠯᠠᠵᠦ ᠠᠷᠠᠳ ᠤᠨ ᠳᠣᠮᠳᠠ ᠣᠯᠠᠮᠵᠢᠯᠠᠵᠦ ᠢᠷᠡᠭᠰᠡᠨ ᠢ ᠨᠢ ᠠᠽᠢᠶ᠎ᠠ ᠲᠢᠪ ᠤᠨ ᠦᠨᠳᠦᠰᠦᠲᠡᠨ ᠤ ᠰᠣᠶᠣᠯ ᠤᠨ ᠨᠡᠶᠢᠲᠡᠯᠢᠭ | ᠰᠢᠨᠵᠢ ᠠᠴᠠ ᠣᠶᠢᠯᠠᠭᠠᠵᠦ ᠮᠡᠳᠡᠵᠦ ᠪᠣᠯᠣᠨ᠎ᠠ᠃ ᠡᠨᠡ ᠨᠢ ᠠᠮᠠᠨ ᠵᠣᠬᠢᠶᠠᠯ ᠤᠨ ᠬᠡᠪ ᠰᠢᠨᠵᠢ ᠶᠢᠨ ᠰᠢᠰᠲ᠋ᠧᠮ ᠢ ᠪᠠᠶᠢᠭᠤᠯᠬᠤ ᠳᠤ ᠴᠢᠬᠤᠯᠠ ᠦᠢᠯᠡᠳᠣᠯ ᠲᠠᠢ ᠶᠣᠮ᠃ | ᠲᠣᠰ ᠰᠢᠨᠵᠢᠯᠡᠯ ᠢ ᠦᠷᠭᠦᠯᠵᠢᠯᠡᠭᠦᠯᠬᠦ ᠬᠡᠷᠡᠭᠲᠡᠢ᠂ ᠠᠳᠡ ᠵᠢᠭᠠᠨᠬᠠᠨ ᠬᠦᠴᠣ ᠪᠠᠨ ᠴᠦ ᠭᠡᠰᠡᠨ ᠡᠷᠭᠦᠨᠡᠮ︕ | ᠬᠠᠮᠤᠭ ᠰᠡᠭᠦᠯ ᠳᠤ᠂ ᠠᠩᠬ᠎ᠠ ᠡᠷᠳᠡᠮ ᠰᠢᠨᠵᠢᠯᠡᠭᠡᠨ ᠤ ᠮᠦᠷ ᠬᠦᠭᠡᠭᠡᠵᠦ ᠪᠠᠶᠢᠭ᠎ᠠ ᠮᠢᠨᠦ ᠮᠡᠳᠡᠯᠭᠡ ᠮᠡᠬᠦᠰ ᠴᠢᠳᠠᠪᠣᠷᠢ ᠬᠢᠵᠠᠭᠠᠷ ᠲᠠᠢ ᠲᠤᠯᠠ ᠦᠴᠦᠬᠡᠨ | ᠪᠦᠲᠦᠭᠡᠯ ᠳᠤ ᠠᠯᠳᠠᠭ᠎ᠠ ᠪᠣᠷᠣᠭᠤ᠂ ᠵᠠᠰᠠᠪᠣᠷᠢᠯᠠᠬᠤ ᠵᠦᠢᠯ ᠣᠯᠠᠨ ᠪᠠᠶᠢᠨ᠎ᠠ᠃ ᠠᠳᠡ ᠦᠷᠭᠡᠨ ᠣᠯᠠᠨ ᠡᠷᠳᠡᠮᠲᠡᠨ ᠰᠣᠳᠣᠯᠭᠠᠲᠠᠨ ᠰᠠᠨᠠᠯ ᠵᠦᠪᠯᠡᠯᠭᠡ ᠪᠤᠯᠤᠨ ᠰᠢᠬᠦᠮᠵᠢ | ᠢᠷᠡᠭᠦᠯᠬᠦ ᠪᠣᠯᠪᠠᠣ︕ | ᠠᠰᠢᠭᠯᠠᠭᠰᠠᠨ ᠨᠣᠮ ᠮᠠᠲ᠋ᠧᠷᠢᠶᠠᠯ᠄ | ﹇1﹈ ᠰᠡᠴᠡᠨᠮᠦ᠋ᠩᠬᠡ᠂ ᠰᠠᠷᠠᠨᠲᠣᠶᠠᠭ᠎ᠠ ︽ᠮᠣᠩᠭᠤᠯ ᠠᠷᠠᠳ ᠤᠨ ᠶᠠᠪᠠᠭᠠᠨ ᠦᠯᠢᠭᠡᠷ ᠤᠨ ᠬᠡᠪ ᠰᠢᠨᠵᠢ ᠶᠢᠨ ᠰᠣᠳᠣᠯᠭᠠᠨ ᠤ ᠣᠳᠣᠷᠢᠳᠬᠠᠯ︾᠂ ᠦᠨᠳᠦᠰᠦᠲᠡᠨ ᠤ | ᠬᠡᠪᠯᠡᠯ ᠤᠨ ᠬᠤᠷᠢᠶ᠎ᠠ᠂ 2010 ᠣᠨ᠃ | ﹇2﹈ ᠳᠣᠪᠠ ᠶᠢᠨ ᠲᠡᠭᠦᠯᠳᠡᠷ ︽ᠬᠤᠷᠢ ᠬᠢᠭᠡᠳ ᠠᠬᠤᠶᠢᠨ ︵ᠠᠭ᠎ᠠ ᠶᠢᠨ︶ ᠪᠣᠷᠢᠶᠠᠳ ᠨᠠᠷ ᠤᠨ ᠣᠷᠢᠲᠠ ᠳᠠᠭᠠᠨ ᠪᠣᠯᠣᠭᠰᠠᠨ ᠠᠨᠦ︾᠂ 1863 ᠣᠨ᠃ | ﹇3﹈ ᠬᠤᠸᠠᠰᠠᠢ· ᠠ᠊᠂ ᠪᠠᠳᠮᠠᠴᠡᠷᠡᠨ ︽ᠰᠢᠨᠡᠬᠡᠨ ᠪᠣᠷᠢᠶᠠᠳ ᠮᠣᠩᠭᠤᠯᠴᠣᠳ ᠤᠨ ᠲᠡᠣᠬᠡ ᠪᠠ ᠰᠣᠶᠣᠯ︾ ᠦᠪᠦᠷ ᠮᠣᠩᠭᠤᠯ ᠤᠨ ᠬᠡᠪᠯᠡᠯ ᠤᠨ ᠪᠦᠯᠦᠭᠯᠡᠯ᠂ | 2014 ᠣᠨ᠃ | ﹇4﹈ ︽ᠪᠤᠷᠢᠶᠠᠳ ᠠᠷᠠᠳ ᠤᠨ ᠤᠨᠲᠤᠬᠤᠨᠤᠳ᠂ ᠰᠢᠳᠢᠳᠦ ᠤᠨᠳᠤᠬᠤᠨᠤᠳ ︵ᠦᠯᠢᠭᠡᠷ︶︾ ᠡᠷᠳᠡᠮ ᠬᠡᠪᠯᠡᠯ ᠤᠨ ᠬᠤᠷᠢᠶ᠎ᠠ ᠨᠤᠸᠣᠰᠢᠪᠢᠷᠰᠺ ᠬᠤᠳᠠ | ﹇5﹈ ᠪᠠᠶᠠᠷ᠄︽ᠮᠤᠩᠭᠤᠯ ᠤᠨ ᠨᠢᠭᠤᠴᠠ ᠳᠣᠪᠴᠢᠶᠠᠨ︾᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1980 ᠤᠨ᠃ | ﹇6﹈ ᠨᠠᠰᠦᠬᠤᠢᠯᠵᠠᠢ᠂ ᠪᠢᠯᠢᠭ᠄ ︽ᠪᠣᠷᠢᠶᠠᠳ ᠤᠨ ᠲᠡᠣᠬᠡᠨ ᠰᠣᠷᠪᠣᠯᠵᠢ ᠪᠢᠴᠢᠭ︾ ᠦᠪᠦᠷ ᠮᠤᠩᠭᠤᠯ ᠤᠨ ᠰᠣᠶᠣᠯ ᠤᠨ ᠬᠡᠪᠯᠡᠯ ᠤᠨ ᠬᠤᠷᠢᠶ᠎ᠠ᠂ 1999 ᠣᠨ᠃ | ﹇7﹈ ︵ᠮᠤᠩᠭᠤᠯ︶ ᠲ᠊· ᠭᠠᠯᠰᠠᠩ᠄︽ᠪᠤᠷᠢᠶᠠᠳ ᠤᠨ ᠢᠵᠠᠭᠤᠷ ᠳᠣᠮᠤᠭ ᠤᠨ ᠳᠣᠪᠴᠢᠶᠠᠨ︾᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ | 2013 ᠤᠨ᠃ | ﹇8﹈ 陈建宪 , ︽论中国天鹅仙女故事的类型︾ , 2015年᠃ | ﹇9﹈ ᠪᠤᠤ ᠰᠢ ︽ᠮᠤᠩᠭᠤᠯ ᠤᠪᠤᠭ ᠤᠨ ᠤᠴᠢᠷ︾᠂ ᠦᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ᠂ 2002 ᠤᠨ᠃ | ﹇10﹈ ᠱᠠᠭᠳᠠᠷ ᠤᠨ ᠰᠤᠩᠳᠤᠢ ︽ᠡᠷᠲᠡᠨ ᠤ ᠪᠠᠷᠭᠤ ᠶᠠᠰᠤᠲᠠᠨ︾᠂ ᠦᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ᠂ 2005 ᠤᠨ᠃ | ﹇11﹈ ᠰᠠᠭᠠᠩ ᠰᠡᠴᠡᠨ ︽ᠡᠷᠳᠡᠨᠢ ᠶᠢᠨ ᠲᠤᠪᠴᠢ︾᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1981 ᠤᠨ᠃ | ﹇12﹈ ᠲᠦᠪᠰᠢᠨᠢᠮᠠ᠂ ᠠᠪᠢᠳᠠ ᠨᠠᠷ᠂ ︽ᠬᠦᠯᠣᠨ ᠪᠤᠶᠢᠷ ᠤᠨ ᠪᠠᠷᠭᠤ ᠪᠣᠷᠢᠶᠠᠳ ᠥᠭᠡᠯᠡᠳ ᠤᠨ ᠲᠡᠣᠬᠡᠨ ᠢᠷᠡᠯᠲᠡ︾ ᠦᠪᠦᠷ ᠮᠣᠩᠭᠤᠯ ᠤᠨ ᠬᠡᠪᠯᠡᠯ ᠤᠨ | ᠪᠦᠯᠦᠭᠯᠡᠯ᠂ 2013 ᠣᠨ᠃ | ﹇13﹈ ᠴᠠᠩᠲᠤ ᠶᠢᠨ ᠳᠠᠮᠳᠢᠨᠰᠦᠷᠦᠩ᠄︽ᠮᠤᠩᠭᠤᠯ ᠤᠨ ᠨᠢᠭᠤᠴᠠ ᠲᠤᠪᠴᠢᠶᠠᠨ︾᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 2007 ᠤᠨ᠃ | ﹇14﹈ ︽ᠮᠤᠩᠭᠤᠯ ᠤᠨ ᠨᠢᠭᠤᠴᠠ ᠲᠤᠪᠴᠢᠶᠠᠨ︾ ᠤ ᠰᠤᠳᠤᠯᠭᠠᠨ᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1991 ᠤᠨ᠃ |