| ᠣᠶᠢᠷ᠎ᠠ ᠶᠢᠨ ᠵᠢᠯ ᠳᠤ᠂ ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠦᠭᠡᠷ ᠦᠨᠳᠣᠰᠣᠳᠠᠨ ᠤ ᠬᠡᠣᠬᠡᠳ ᠤᠨ ᠴᠡᠴᠡᠷᠯᠢᠭ ᠴᠡᠴᠡᠷᠯᠢᠭ ᠤᠨ ᠰᠣᠶᠣᠯ ᠤᠨ | ᠪᠦᠳᠦᠭᠡᠨ ᠪᠠᠶᠢᠭᠤᠯᠣᠯᠳᠠ ᠪᠠᠨ ᠴᠢᠩᠭᠠᠳᠬᠠᠵᠦ᠂ ᠢᠳᠡᠪᠬᠢᠳᠡᠢ ᠪᠠᠷ ᠨᠡᠭᠡᠭᠡᠯᠳᠠ ᠬᠢᠵᠦ᠂ ᠤᠯᠤᠰ ᠤᠷᠤᠨ ᠪᠠ ᠦᠨᠳᠣᠰᠣᠳᠠᠨ ᠤ ᠪᠠᠨ ᠠᠵᠣ ᠠᠬᠤᠢ ᠨᠠᠶᠢᠭᠡᠮ | ᠰᠣᠶᠣᠯ ᠤᠨ ᠬᠦᠭᠵᠢᠯᠳᠠ ᠳᠤ ᠦᠨᠳᠣᠰᠣᠳᠠᠨ ᠤ ᠴᠢᠳᠠᠪᠦᠷᠢᠳᠠᠨ ᠢ ᠬᠦᠮᠦᠵᠢᠬᠦᠯᠬᠦ ᠰᠠᠭᠤᠷᠢ ᠶᠢ ᠲᠠᠯᠪᠢᠵᠤ ᠪᠤᠢ᠃ ᠲᠣᠰ ᠴᠡᠴᠡᠷᠯᠢᠭ ᠨᠢ ᠨᠢᠳᠤᠨᠤᠨ ᠤ 3 ᠳ᠋ᠣᠭᠠᠷ | ᠰᠠᠷ᠎ᠠ ᠠᠴᠠ ᠡᠬᠢᠯᠠᠨ ︽ᠮᠣᠩᠭᠤᠯ ᠦᠨᠳᠣᠰᠣᠳᠠᠨ ᠤ ᠣᠯᠠᠮᠵᠢᠯᠠᠯᠳᠣ ᠲᠣᠭᠯᠠᠭᠠᠮ︾ ᠪᠣᠯᠬᠤ ᠱᠠᠭ᠎ᠠ ᠲᠣᠭᠯᠠᠭᠠᠮ ᠤᠨ ᠬᠢᠴᠢᠶᠡᠯ ᠢ ᠰᠣᠳᠣᠯᠤᠨ ᠨᠡᠭᠡᠭᠡᠵᠦ᠂ ᠰᠢᠨ᠎ᠡ | ᠴᠠᠭ ᠡᠷᠢᠨ ᠤ ᠦᠨᠳᠣᠰᠣᠳᠠᠨ ᠤ ᠣᠨᠴᠠᠯᠢᠭᠳᠣ ᠰᠣᠷᠭᠠᠨ ᠬᠦᠮᠦᠵᠢᠯ ᠤᠨ ᠬᠢᠯᠠᠰ ᠴᠡᠭ ᠢ ᠡᠬᠦᠳᠣᠭ᠍ᠰᠡᠨ ᠪᠠᠶᠢᠨ᠎ᠠ᠃ | ᠰᠣᠷᠪᠣᠯᠵᠢᠯᠠᠭᠴᠢ ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠦᠭᠡᠷ ᠦᠨᠳᠣᠰᠣᠳᠠᠨ ᠤ ᠬᠡᠣᠬᠡᠳ ᠤᠨ ᠴᠡᠴᠡᠷᠯᠢᠭ ᠤᠨ ᠬᠦᠯᠦᠨ ᠵᠢᠷᠭᠤᠳᠣᠭᠠᠷ ᠠᠩᠬᠢ ᠳᠤ | ᠢᠷᠡᠬᠦ ᠳᠤ᠂ ᠪᠠᠭᠰᠢ ᠨᠢ ᠪᠢᠴᠢᠬᠠᠨ ᠬᠡᠣᠬᠡᠳ ᠤᠳ ᠲᠠᠢ ᠪᠠᠨ ᠪᠥᠷ ᠦᠨᠳᠣᠰᠣᠳᠠᠨ ᠤ ᠬᠤᠪᠴᠠᠰᠣ ᠪᠠᠷ ᠢᠶᠠᠨ ᠭᠤᠶᠤᠯᠠᠨ᠂ ᠱᠠᠭ᠎ᠠ ᠲᠣᠭᠯᠠᠭᠠᠮ ᠨᠠᠭᠠᠳᠴᠣ ᠪᠠᠶᠢᠪᠠ᠃ | ᠬᠦᠯᠦᠨ ᠵᠢᠷᠭᠤᠳᠣᠭᠠᠷ ᠠᠩᠬᠢ ᠶᠢᠨ ᠲᠠᠨ᠎ᠠ ᠪᠠᠭᠰᠢ ᠶᠢᠨ ᠶᠠᠷᠢᠬᠤ ᠪᠠᠷ᠄ ︽ᠱᠠᠭ᠎ᠠ ᠳᠣᠠᠨᠯᠠᠭᠠᠮ ᠪᠣᠯ ᠮᠤᠩᠭᠤᠯ ᠦᠨᠳᠣᠰᠣᠳᠡᠨ ᠤ ᠤᠯᠠᠮᠵᠢᠯᠠᠯᠲᠦ ᠳᠣᠠᠨᠯᠠᠭᠠᠮ ᠤᠨ | ᠨᠢᠬᠡ ᠲᠦᠷᠣᠯ᠂ ᠪᠠᠰᠠ ᠴᠤ ᠬᠡᠣᠬᠡᠳ ᠤᠨ ᠰᠡᠳᠬᠢᠨ ᠪᠤᠳᠤᠬᠤ ᠴᠢᠳᠠᠪᠦᠷᠢ ᠶᠢ ᠨᠡᠮᠡᠭᠳᠡᠬᠦᠯᠬᠦ ᠮᠡᠯᠵᠢᠬᠤ ᠰᠣᠶᠣᠯ ᠤᠨ ᠤᠡᠴᠠᠯᠢᠭᠳᠤ ᠨᠠᠭᠠᠳᠣᠮ ᠳᠣᠠᠨᠯᠠᠭᠠᠮ ᠤᠨ ᠨᠢᠭᠡ | ᠮᠦᠨ᠃ ᠱᠠᠭ᠎ᠠ ᠲᠣᠭᠯᠠᠭᠠᠮ ᠤᠨ ᠨᠠᠭᠠᠳᠬᠤ ᠠᠷᠭ᠎ᠠ ᠬᠡᠯᠪᠡᠷᠢ ᠣᠯᠠᠨ ᠪᠠᠶᠢᠳᠠᠭ᠂ ᠮᠡᠨ ᠤ ᠬᠡᠣᠬᠡᠳ ᠤᠳ ᠤᠨ ᠣᠳᠣ ᠶᠢᠨ ᠨᠠᠭᠠᠳᠴᠦ ᠪᠠᠶᠢᠭ᠎ᠠ ᠪᠣᠯ ᠮᠠᠨ ᠤ | ᠴᠡᠴᠡᠷᠯᠢᠭ ᠤᠨ ᠬᠡᠳᠣᠨ ᠪᠠᠭᠰᠢ ᠬᠠᠮᠳᠣᠷᠠᠨ ᠬᠠᠮᠢᠶ᠎ᠠ ᠪᠦᠬᠦᠢ ᠱᠠᠭ᠎ᠠ ᠲᠣᠭᠯᠠᠭᠠᠮ ᠤᠨ ᠨᠣᠮ ᠢᠶᠠᠷ ᠯᠠᠪᠯᠠᠯᠳᠠ ᠪᠣᠯᠭᠠᠨ᠂ ᠬᠡᠣᠬᠡᠳ ᠨᠠᠰᠣᠨ ᠤ ᠣᠨᠴᠠᠯᠢᠭ ᠲᠤ | ᠲᠣᠬᠢᠷᠠᠭᠤᠯᠣᠨ ᠰᠣᠳᠣᠯᠣᠯᠳᠠ ᠬᠢᠵᠦ ᠭᠠᠷᠭᠠᠭᠰᠠᠨ ᠨᠠᠭᠠᠳᠬᠤ ᠠᠷᠭ᠎ᠠ ᠪᠤᠯᠤᠨ᠎ᠠ︾ ᠬᠡᠪᠡ᠃ | ᠣᠶᠢᠯᠠᠭᠠᠭᠰᠠᠨ ᠢᠶᠠᠷ᠂ ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠦᠭᠡᠷ ᠦᠨᠳᠣᠰᠣᠳᠠᠨ ᠤ ᠬᠡᠣᠬᠡᠳ ᠤᠨ ᠴᠡᠴᠡᠷᠯᠢᠭ ᠨᠢ ︽ᠮᠣᠩᠭᠤᠯ ᠦᠨᠳᠣᠰᠣᠳᠠᠨ ᠤ | ᠣᠯᠠᠮᠵᠢᠯᠠᠯᠳᠣ ᠲᠣᠭᠯᠠᠭᠠᠮ︾ ᠤᠨ ᠰᠡᠳᠣᠪ ᠢᠶᠠᠷ ᠨᠡᠭᠡᠭᠡᠯᠳᠠ ᠬᠢᠵᠦ᠂ ᠱᠠᠭ᠎ᠠ ᠲᠤᠭᠯᠠᠭᠠᠮ ᠢ ᠲᠣᠷᠰᠢᠨ ᠰᠣᠳᠣᠯᠣᠭᠰᠠᠨ ᠢᠶᠠᠷ᠂ ᠲᠤᠰ ᠰᠡᠳᠥᠪ ᠨᠢ ᠰᠢᠨ᠎ᠡ ᠴᠠᠭ | ᠦᠶ᠎ᠠ ᠶᠢᠨ ᠮᠣᠩᠭᠤᠯ ᠰᠣᠶᠣᠯ ᠤᠨ ᠣᠨᠴᠠᠯᠢᠭᠳᠣ ᠰᠣᠷᠭᠠᠨ ᠬᠦᠮᠦᠵᠢᠯ ᠤᠨ ᠰᠣᠳᠣᠯᠭᠠᠨ ᠤ ᠶᠠᠷᠣᠩᠭᠡᠢ ᠠᠵᠢᠯ ᠲᠦᠷᠦᠯ ᠤᠨ ᠲᠣᠰᠬᠠᠢ ᠮᠡᠷᠭᠡᠵᠢᠯᠳᠠᠨ ᠤ ᠬᠢᠨᠠᠨ | ᠲᠣᠭᠳᠠᠭᠠᠯᠳᠠ ᠪᠠᠷ ᠲᠠᠮᠵᠢᠨ 2017 ᠣᠨ ᠳᠤ᠂ ︽ᠰᠢᠨ᠎ᠡ ᠴᠠᠭ ᠦᠶ᠎ᠠ ᠶᠢᠨ ᠮᠣᠩᠭᠤᠯ ᠰᠣᠶᠣᠯ ᠤᠨ ᠣᠨᠴᠠᠯᠢᠭᠳᠣ ᠰᠣᠷᠭᠠᠨ ᠬᠦᠮᠦᠵᠢᠯ ᠤᠨ ᠰᠣᠳᠣᠯᠭᠠᠨ︾ ᠤ | ᠰᠡᠳᠣᠪ ᠢᠶᠠᠷ ᠦᠨᠡᠯᠡᠭᠳᠡᠭᠰᠡᠨ ᠪᠠᠶᠢᠨ᠎ᠠ᠃ | ᠨᠢᠭᠡᠳᠦᠭᠡᠷ ᠦᠨᠳᠣᠰᠣᠳᠠᠨ ᠤ ᠬᠡᠣᠬᠡᠳ ᠤᠨ ᠴᠡᠴᠡᠷᠯᠢᠭ ᠤᠨ ᠱᠠᠭ᠎ᠠ ᠲᠣᠭᠯᠠᠭᠠᠮ ᠤᠨ ᠬᠢᠴᠢᠶᠡᠯ ᠤᠨ ᠭᠡᠷ ᠲᠤ ᠪᠢᠴᠢᠬᠠᠨ ᠭᠡᠣᠬᠡᠳ ᠤᠳ ᠤᠷᠮ᠎ᠠ ᠪᠠᠭ᠋ᠠᠳᠠᠢ | ᠱᠠᠭ᠎ᠠ ᠨᠠᠭᠠᠳᠣᠨ ᠲᠣᠭᠯᠠᠵᠦ ᠬᠦᠭᠡᠷᠣᠯᠳᠣᠨᠠ᠃ ᠴᠡᠴᠡᠷᠯᠢᠭ ᠤᠨ ᠪᠠᠭᠰᠢ ᠶᠢᠨ ᠲᠠᠨᠢᠯᠴᠠᠭᠤᠯᠬᠤ ᠪᠠᠷ᠂ ᠬᠡᠥᠬᠡᠳ ᠤᠨ ᠨᠠᠭᠠᠳᠴᠦ ᠪᠠᠶᠢᠭ᠎ᠠ ᠱᠠᠭ᠎ᠠ ᠨᠢ 400 ᠭᠠᠷᠣᠢ | ᠬᠡᠷ ᠤᠨ ᠠᠬᠠᠮᠡᠳ ᠤᠨ ᠴᠣᠭᠯᠠᠭᠤᠯᠵᠦ ᠦᠭᠬᠦᠭᠰᠡᠨ ᠱᠠᠭ᠎ᠠ ᠪᠣᠯᠣᠨ᠎ᠠ ᠭᠡᠨ᠎ᠠ᠃ ᠡᠶᠢᠡ ᠬᠦ ᠪᠠᠭᠰᠢ ᠪᠣᠯᠣᠨ ᠦᠷᠭᠡᠨ ᠣᠯᠠᠨ ᠬᠡᠷ ᠤᠨ ᠠᠬᠠᠮᠠᠳ ᠤᠨ ᠬᠠᠮᠳᠣ ᠶᠢᠨ | ᠴᠢᠷᠮᠠᠶᠢᠯᠭ᠎ᠠ ᠪᠠᠷ᠂ ᠠᠭᠤᠳᠠᠮ ᠰᠠᠷᠠᠭᠤᠯ ᠬᠢᠴᠢᠶᠠᠯ ᠤᠨ ᠲᠠᠩᠬᠢᠮ ᠳᠤ ᠵᠢᠭᠠᠯ ᠬᠡᠣᠬᠡᠳ ᠤᠳ ᠱᠠᠭ᠎ᠠ ᠶᠢᠨ ᠲᠣᠭᠯᠠᠭᠠᠮ ᠢ ᠨᠠᠭᠠᠳᠬᠤ ᠪᠠᠷ ᠲᠠᠮᠵᠢᠵᠦ᠂ | ᠦᠨᠳᠣᠰᠣᠳᠠᠨ ᠤ ᠣᠯᠠᠮᠵᠢᠯᠠᠯᠳᠣ ᠰᠣᠶᠣᠯ ᠳᠠᠭᠠᠨ ᠲᠣᠷ᠎ᠠ ᠰᠣᠨᠢᠷᠬᠠᠯ ᠲᠠᠢ ᠪᠤᠯᠵᠤ᠂ ᠲᠠᠳᠡᠨᠤᠰ ᠤᠨ ᠦᠨᠳᠣᠰᠣᠳᠠᠨ ᠤ ᠰᠣᠶᠣᠯ ᠢ ᠣᠯᠠᠮᠵᠢᠯᠠᠨ ᠰᠣᠷᠣᠯᠴᠠᠬᠤ ᠳᠤ | ᠠᠰᠢᠭᠳᠠᠢ ᠲᠠᠪᠴᠡᠩ ᠢ ᠬᠠᠩᠭᠠᠨ ᠦᠭᠴᠦ ᠪᠠᠶᠢᠨ᠎ᠠ᠃ |