ᠰᠤᠷᠤᠯᠴᠠᠬᠤ ᠦᠷ᠎ᠠ ᠪᠦᠳᠦᠮᠵᠢ ᠶᠢ ᠲᠡᠭᠡᠭᠰᠢᠯᠡᠬᠦᠯᠬᠦ ᠠᠷᠭ᠎ᠠ
ᠨᠡᠶᠢᠲᠡᠯᠡᠭᠰᠡᠨ ᠴᠠᠭ᠄
2019/4/22
     ᠰᠤᠷᠤᠯᠴᠠᠬᠤ ᠦᠷ᠎ᠠ ᠪᠦᠳᠦᠮᠵᠢ ᠶᠢ ᠲᠡᠭᠡᠭᠰᠢᠯᠡᠬᠦᠯᠬᠦ ᠳᠤ ᠰᠢᠨᠵᠢᠯᠡᠬᠦ ᠤᠬᠠᠭᠠᠨᠴᠢ ᠠᠷᠭ᠎ᠠ ᠶᠢ ᠡᠵᠡᠮᠰᠢᠬᠦ ᠨᠢ ᠲᠤᠩ ᠴᠢᠬᠤᠯᠠ ᠶᠤᠮ᠃ ᠠᠭᠤᠤ ᠶᠡᠭᠡ ᠠᠮᠢᠳᠤ ᠪᠤᠳᠠᠰ ᠤᠨ ᠤᠬᠠᠭᠠᠨᠳᠠᠨ ᠳ᠋ᠠᠷᠧᠢᠨ ᠬᠡᠯᠡᠭᠰᠡᠨ ᠨᠢ᠄ ︽ᠠᠯᠢᠪᠠ ᠮᠡᠳᠡᠯᠭᠡ ᠲᠤᠳᠤᠷ᠎ᠠ ᠬᠠᠮᠤᠭ ᠤᠨ ᠦᠨ᠎ᠠ ᠦᠷᠳᠡᠭ ᠲᠠᠢ ᠨᠢ ᠰᠤᠷᠤᠯᠴᠠᠬᠤ ᠠᠷᠭ᠎ᠠ ᠶᠢᠨ ᠮᠡᠳᠡᠯᠭᠡ ᠪᠤᠯᠤᠨ᠎ᠠ︾ ᠭᠡᠪᠡ᠃ ᠮᠡᠳᠡᠯᠭᠡ ᠶᠢᠨ ᠠᠵᠥ ᠠᠬᠤᠢ ᠶᠢᠨ ᠴᠠᠭ ᠦᠶ᠎ᠠ ᠳᠤ ᠬᠡᠷᠡᠭᠰᠡᠬᠦ ᠨᠢ ᠦᠨᠳᠦᠷ ᠦᠷ᠎ᠠ ᠪᠦᠳᠦᠮᠵᠢ ᠲᠠᠢ ᠪᠠᠷ ᠰᠤᠷᠤᠯᠴᠠᠵᠥ ᠴᠢᠳᠠᠬᠤ ᠴᠢᠳᠠᠪᠤᠷᠢᠳᠠᠨ ᠪᠤᠯᠤᠨ᠎ᠠ᠃ ᠰᠤᠷᠤᠯᠴᠠᠵᠥ ᠴᠢᠳᠠᠬᠤ ᠦᠭᠡᠢ ᠬᠦᠮᠦᠨ ᠡᠴᠦᠰ ᠲᠡᠭᠡᠨ ᠮᠡᠳᠡᠯᠭᠡ ᠶᠢᠨ ᠠᠵᠥ ᠠᠬᠤᠢ ᠶᠢᠨ ᠴᠠᠭ ᠦᠶ᠎ᠠ ᠶᠢᠨ ᠶᠡᠭᠡ ᠤᠷᠤᠰᠬᠠᠯ ᠳᠤ ᠲᠠᠶᠠᠭᠳᠠᠭᠳᠠᠬᠤ ᠪᠤᠯᠤᠨ᠎ᠠ᠃ ᠡᠶᠢᠮᠦ ᠠᠴᠠ ᠦᠨᠳᠦᠷ ᠦᠷ᠎ᠠ ᠪᠦᠳᠦᠮᠵᠢᠳᠦ ᠰᠤᠷᠤᠯᠴᠠᠬᠤ ᠠᠷᠭ᠎ᠠ ᠶᠢ ᠡᠵᠡᠮᠰᠢᠬᠦ ᠨᠢ ᠰᠤᠷᠤᠭᠴᠢᠳ ᠤᠨ ᠰᠤᠷᠤᠯᠭ᠎ᠠ ᠶᠢᠨ ᠬᠢᠷᠢ ᠪᠦᠳᠦᠮᠵᠢ ᠶᠢ ᠲᠡᠭᠡᠭᠰᠢᠯᠡᠬᠦᠯᠬᠦ ᠪᠦᠭᠡᠳ ᠲᠤᠷᠰᠢᠨ ᠠᠰᠢᠭ ᠬᠦᠷᠳᠡᠭᠡᠬᠦ ᠪᠤᠯᠤᠨ᠎ᠠ᠃ ᠲᠤᠤᠷ᠎ᠠ ᠬᠡᠳᠦᠨ ᠲᠡᠯ᠎ᠠ ᠠᠴᠠ ᠦᠨᠳᠦᠷ ᠦᠷ᠎ᠠ ᠪᠦᠳᠦᠮᠵᠢᠳᠦ ᠰᠤᠷᠤᠯᠴᠠᠬᠤ ᠠᠷᠭ᠎ᠠ ᠶᠢ ᠵᠠᠳᠠᠯᠤᠨ ᠲᠤᠳᠤᠷᠬᠠᠢᠢᠯᠠᠶ᠎ᠠ᠃      ᠨᠢᠭᠡ᠂ ᠬᠠᠷᠠᠯᠳᠠ ᠪᠠᠨ ᠲᠤᠳᠤᠷᠬᠠᠢ ᠲᠤᠭᠳᠠᠭᠠᠬᠤ᠃ ᠠᠤᠭ᠎ᠠ ᠶᠡᠭᠡ ᠬᠠᠷᠠᠯᠳᠠ ᠪᠤᠯ ᠬᠦᠮᠦᠨ ᠢ ᠵᠤᠷᠢᠭᠵᠢᠭᠤᠯᠤᠨ ᠠᠮᠵᠢᠯᠳᠠ ᠤᠯᠬᠤ ᠶᠢ ᠠᠬᠢᠭᠤᠯᠬᠤ ᠬᠦᠳᠡᠯᠭᠡᠭᠴᠢ ᠬᠦᠴᠦ ᠮᠦᠨ᠃ ᠰᠤᠷᠤᠭᠴᠢ ᠨᠦᠬᠦᠳ ᠦᠪᠡᠷ ᠤᠨ ᠬᠠᠷᠠᠯᠳᠠ ᠪᠠᠨ ᠲᠤᠳᠤᠷᠬᠠᠢ ᠲᠤᠭᠳᠠᠭᠠᠪᠠᠯ ᠰᠠᠶ᠋ᠢ ᠴᠢᠷᠮᠠᠶᠢᠬᠤ ᠵᠦᠪ ᠴᠢᠭᠯᠡᠯ ᠢᠶᠠᠨ ᠤᠯᠵᠥ᠂ ᠰᠤᠷᠤᠯᠴᠠᠬᠤ ᠦᠨ᠎ᠠ ᠦᠷᠳᠡᠭ ᠢ ᠤᠢᠢᠯᠠᠭᠠᠵᠥ᠂ ᠠᠮᠢᠳᠤᠷᠠᠯ ᠰᠤᠷᠤᠯᠭ᠎ᠠ ᠶᠢᠨ ᠲᠤᠮᠳᠠ ᠲᠤᠬᠢᠶᠠᠯᠳᠤᠬᠤ ᠬᠦᠴᠢᠷ ᠪᠡᠷᠬᠡᠰᠢᠶᠡᠯ ᠨᠤᠭᠤᠷᠠᠯ ᠪᠦᠳᠦᠷᠢᠯ ᠢ ᠢᠯᠠᠨ ᠲᠠᠪᠠᠭ᠋ᠤ ᠬᠦᠴᠦᠨ ᠲᠠᠢ ᠪᠤᠯᠵᠥ ᠴᠢᠳᠠᠨ᠎ᠠ᠃ ᠰᠤᠷᠤᠭᠴᠢ ᠨᠢᠭᠡᠪᠦᠷᠢ ᠦᠪᠡᠷ ᠤᠨ ᠲᠤᠳᠤᠷᠬᠠᠢ ᠠᠯᠤᠰ ᠬᠡᠳᠦ ᠶᠢᠨ ᠬᠠᠷᠠᠯᠳᠠ ᠬᠢᠭᠡᠳ ᠤᠢᠢᠷ᠎ᠠ ᠶᠢᠨ ᠬᠤᠭᠤᠴᠠᠭᠠᠨ ᠤ ᠬᠠᠷᠠᠯᠳᠠ ᠭᠡᠵᠥ ᠲᠤᠭᠳᠠᠭᠠᠵᠥ ᠪᠤᠯᠤᠨ᠎ᠠ᠂ ︽ᠬᠦᠮᠦᠨ ᠤᠬᠠᠭᠠᠨ ᠤ ᠠᠮᠢᠳᠤᠷᠠᠯ︾ ᠠᠭᠤᠯᠭ᠎ᠠ ᠶᠢ ᠰᠤᠷᠬᠤ ᠪᠠᠷ ᠵᠢᠱᠢᠶᠡᠯᠡᠪᠡᠯ᠂ ᠲᠤᠰ ᠭᠠᠷᠠᠭ ᠲᠤ ᠨᠢᠭᠡᠳᠦᠭᠡᠷ ᠬᠢᠴᠢᠶᠡᠯ ᠳᠤ ᠰᠤᠷᠤᠭᠰᠠᠨ ᠤᠭ ᠶᠤᠰᠤ ᠬᠢᠭᠡᠳ ᠠᠷᠭ᠎ᠠ ᠶᠢᠨ ᠤᠨᠤᠯ ᠢ ᠤᠢᠢᠯᠠᠭᠠᠨ ᠴᠡᠭᠡᠵᠢᠯᠡᠬᠦ᠂ ᠲᠤᠰ ᠰᠠᠷ᠎ᠠ ᠳᠤ ᠨᠢᠭᠡᠳᠦᠭᠡᠷ ᠨᠢᠭᠡᠴᠢ ᠳᠤ ᠰᠤᠷᠤᠭᠰᠠᠨ ᠬᠢᠷᠢ ᠪᠦᠳᠦᠮᠵᠢ ᠪᠠᠨ 70 ᠬᠤᠪᠢ ᠠᠴᠠ 80 ᠬᠤᠪᠢ ᠪᠤᠯᠭᠠᠨ ᠲᠡᠭᠡᠭᠰᠢᠯᠡᠬᠦᠯᠬᠦ ᠬᠡᠬᠦ ᠮᠡᠳᠦ ᠪᠠᠷ ᠲᠤᠳᠤᠷᠬᠠᠢ ᠬᠠᠷᠠᠯᠳᠠ ᠲᠤᠭᠳᠠᠭᠠᠵᠥ ᠵᠠᠪᠠᠯ ᠪᠡᠶᠡᠯᠡᠬᠦᠯᠤᠨ᠎ᠠ᠃ ᠠᠯᠤᠰ ᠬᠡᠳᠦ ᠶᠢᠨ ᠬᠠᠷᠠᠯᠳᠠ ᠠᠴᠠ ᠦᠵᠡᠪᠡᠯ ᠬᠤᠵᠢᠮ ᠨᠢᠭᠡᠨ ᠨᠡᠷᠡᠳᠦ ᠵᠤᠬᠢᠶᠠᠯᠴᠢ ᠪᠤᠯᠬᠤ ᠰᠢᠯᠢᠳᠡᠭ ᠬᠦᠳᠦᠯᠦᠭᠴᠢ ᠪᠤᠯᠬᠤ᠂ ᠰᠢᠨᠵᠢᠯᠡᠬᠦ ᠤᠬᠠᠭᠠᠨᠳᠠᠨ ᠪᠤᠯᠬᠤ ᠵᠡᠷᠭᠡ ᠤᠯᠠᠨ ᠵᠦᠢᠯ ᠤᠨ ᠰᠤᠩᠭᠤᠯᠳᠠ ᠪᠠᠶᠢᠵᠥ ᠪᠤᠯᠤᠨ᠎ᠠ᠂ ᠤᠢᠢᠷ᠎ᠠ ᠶᠢᠨ ᠬᠤᠭᠤᠴᠠᠭᠠᠨ ᠤ ᠪᠤᠳᠠᠳᠠᠢ ᠬᠠᠷᠠᠯᠳᠠ ᠪᠠᠨ ᠨᠢᠭᠡ ᠨᠢᠭᠡ ᠪᠠᠷ ᠪᠡᠶᠡᠯᠡᠬᠦᠯᠬᠦ ᠪᠠᠷ ᠲᠠᠮᠵᠢᠨ ᠠᠯᠤᠰ ᠬᠡᠳᠦ ᠶᠢᠨ ᠠᠤᠭ᠎ᠠ ᠬᠠᠷᠠᠯᠳᠠ ᠪᠠᠨ ᠪᠡᠶᠡᠯᠡᠬᠦᠯᠵᠥ᠂ ᠲᠤᠭᠠᠨ ᠤ ᠬᠤᠷᠠᠮᠳᠤᠯ ᠠᠴᠠ ᠴᠢᠨᠠᠷ ᠤᠨ ᠦᠰᠦᠷᠦᠯᠳᠠ ᠳᠤ ᠬᠦᠷᠦᠨ᠎ᠠ᠃      ᠬᠤᠶᠠᠷ᠂ ᠴᠠᠭ ᠢ ᠠᠰᠢᠭᠯᠠᠬᠤ ᠳᠠᠭᠠᠨ ᠴᠢᠳᠠᠮᠠᠭᠠᠢ ᠪᠠᠶᠢᠬᠤ᠃ 1. ᠤᠨᠳᠠᠵᠥ ᠠᠮᠠᠷᠠᠬᠤ ᠴᠠᠭ ᠢᠶᠠᠨ ᠵᠤᠬᠢᠰᠳᠠᠢ ᠲᠤᠬᠢᠷᠠᠭᠤᠯᠤᠨ᠂ ᠪᠡᠶ᠎ᠠ ᠲᠡᠮᠢᠷ ᠤᠨ ᠪᠤᠯᠪᠠᠰᠤᠷᠠᠯ ᠳᠤ ᠢᠳᠡᠪᠬᠢᠳᠠᠢ ᠤᠷᠤᠯᠴᠠᠨ᠎ᠠ᠃ ᠵᠠᠷᠢᠮ ᠨᠦᠬᠦᠳ ᠢᠯᠡᠬᠦᠦ ᠰᠤᠷᠬᠤ ᠶᠢᠨ ᠲᠦᠯᠦᠭᠡ ᠲᠡᠩᠳᠡᠬᠦᠦ ᠤᠷᠤᠢ ᠪᠤᠯᠳᠠᠯ᠎ᠠ ᠰᠤᠷᠳᠠᠭ᠂ ᠵᠠᠷᠢᠮ ᠨᠢ ᠭᠠᠷ ᠤᠳᠠᠰᠤ ᠨᠠᠭᠠᠳᠬᠤ ᠪᠤᠶᠤ ᠵᠤᠭᠤᠭ ᠬᠡᠯᠡᠯᠴᠡᠨ ᠡᠷᠳᠡᠭᠡᠨ ᠤᠨᠳᠠᠵᠥ ᠠᠮᠠᠷᠠᠬᠤ ᠦᠭᠡᠢ ᠪᠠᠶᠢᠳᠠᠭ᠂ ᠡᠬᠦᠨ ᠠᠴᠠ ᠪᠤᠯᠵᠥ ᠲᠠᠷᠠᠭ᠎ᠠ ᠡᠳᠦᠷ ᠤᠨ ᠬᠢᠴᠢᠶᠡᠯ ᠲᠡᠭᠡᠷ᠎ᠠ ᠨᠦᠢᠷ ᠬᠦᠷᠬᠦ ᠪᠤᠶᠤ ᠲᠡᠷᠢᠬᠢ ᠲᠤᠯᠤᠭᠠᠢ ᠰᠡᠷᠭᠡᠭ ᠦᠭᠡᠢ ᠪᠤᠯᠵᠥ ᠬᠢᠴᠢᠶᠡᠯ ᠰᠤᠨᠤᠰᠬᠤ ᠦᠷ᠎ᠠ ᠪᠦᠳᠦᠮᠵᠢ ᠪᠠᠨ ᠶᠡᠬᠡᠪᠡᠷ ᠨᠦᠯᠦᠭᠡᠯᠡᠳᠡᠭ᠂ ᠢᠩᠭᠢᠵᠥ ᠤᠷᠳᠤ ᠬᠤᠭᠤᠴᠠᠭ᠎ᠠ ᠪᠠᠷ ᠦᠷᠬᠦᠯᠵᠢᠯᠡᠬᠦ ᠳᠤ ᠬᠦᠷᠪᠡᠯ ᠰᠤᠷᠤᠭᠴᠢ ᠶᠢᠨ ᠪᠡᠶ᠎ᠠ ᠮᠠᠬᠠᠪᠤᠳ ᠤᠨ ᠡᠷᠡᠬᠦᠯ ᠴᠢᠬᠢᠷᠠᠭ ᠢ ᠨᠦᠯᠦᠭᠡᠯᠡᠨ᠂ ᠰᠤᠷᠤᠯᠭ᠎ᠠ ᠶᠢᠨ ᠬᠢᠷᠢ ᠪᠦᠳᠦᠮᠵᠢ ᠶᠢᠨ ᠲᠡᠭᠡᠭᠰᠢᠯᠡᠯᠳᠡ ᠶᠢ ᠨᠦᠯᠦᠭᠡᠯᠡᠳᠡᠭ ᠶᠤᠮ᠃ ᠡᠶᠢᠮᠦ ᠠᠴᠠ ᠤᠨᠳᠠᠵᠥ ᠠᠮᠠᠷᠠᠬᠤ᠂ ᠰᠤᠷᠤᠯᠴᠠᠬᠤ᠂ ᠨᠠᠭᠠᠳᠬᠤ ᠴᠠᠭ ᠢᠶᠠᠨ ᠰᠠᠶᠢᠬᠠᠨ ᠵᠤᠬᠢᠰᠳᠠᠢ ᠲᠤᠬᠢᠷᠠᠭᠤᠯᠬᠤ ᠬᠡᠷᠡᠭᠳᠠᠢ᠃ 2. ᠡᠳᠦᠷ ᠤᠨ ᠶᠠᠪᠤᠳᠠᠯ ᠢᠶᠠᠨ ᠡᠳᠦᠷ ᠲᠡᠭᠡᠨ ᠬᠢᠵᠥ ᠲᠠᠭᠤᠰᠬᠠᠬᠤ᠃ ᠡᠳᠦᠷ ᠤᠨ ᠰᠤᠷᠤᠭᠰᠠᠨ ᠠᠭᠤᠯᠭ᠎ᠠ ᠪᠠᠨ ᠡᠳᠦᠷ ᠲᠡᠭᠡᠨ ᠰᠢᠩᠭᠡᠭᠡᠵᠥ ᠠᠪᠬᠤ ᠪᠠᠷ ᠴᠢᠷᠮᠠᠶᠢᠬᠤ᠂ ᠲᠠᠰᠬᠠᠯ ᠪᠤᠯᠪᠠᠰᠤᠷᠠᠯ ᠢᠶᠠᠨ ᠴᠠᠭ ᠲᠠᠭᠠᠨ ᠬᠦᠢᠴᠡᠳᠬᠡᠬᠦ᠂ ᠰᠠᠶᠢᠨ ᠰᠠᠶᠢᠬᠠᠨ ᠵᠠᠩ ᠲᠠᠳᠬᠠᠯ ᠢ ᠪᠠᠷᠢᠮᠳᠠᠯᠠᠨ᠂ ᠵᠠᠯᠠᠬᠠᠭᠤᠷᠠᠨ ᠤᠴᠢᠷ ᠶᠠᠪᠤᠳᠠᠯ ᠢᠶᠠᠨ ᠬᠤᠶᠢᠰᠢᠯᠠᠭᠤᠯᠬᠤ᠂ ︽ᠮᠠᠷᠭᠠᠰᠢ︾ ᠭᠡᠭᠰᠡᠭᠡᠷ ᠪᠠᠶᠢᠭᠠᠳ ᠡᠴᠦᠰ ᠲᠡᠭᠡᠨ ᠶᠠᠭᠤ ᠴᠦ ᠪᠦᠳᠦᠭᠡᠵᠥ ᠲᠡᠶᠢᠯᠬᠦ ᠦᠭᠡᠢ ᠪᠠᠶᠢᠳᠠᠭ ᠮᠠᠭᠤ ᠲᠠᠳᠬᠠᠯ ᠢ ᠲᠡᠪᠴᠢᠬᠦ ᠬᠡᠷᠡᠭᠳᠠᠢ᠃ 3. ᠲᠠᠷᠠᠬᠠᠢ ᠪᠤᠳᠠᠷᠬᠠᠢ ᠰᠤᠯᠠ ᠴᠠᠭ ᠢ ᠴᠢᠳᠠᠮᠠᠭᠠᠢ ᠠᠰᠢᠭᠯᠠᠬᠤ᠃ ᠴᠠᠭ ᠮᠦᠴᠡ ᠨᠢᠭᠡ ᠨᠢᠭᠡ ᠴᠠᠭ ᠢᠶᠠᠷ ᠦᠩᠭᠡᠷᠡᠵᠥ ᠪᠠᠶᠢᠬᠤ ᠪᠢᠰᠢ ᠬᠠᠷᠢᠨ ᠨᠢᠭᠡ ᠨᠢᠭᠡ ᠮᠢᠨᠦ᠋ᠲ ᠢᠶᠠᠷ ᠦᠩᠭᠡᠷᠡᠵᠥ ᠪᠠᠶᠢᠳᠠᠭ᠃ ᠡᠶᠢᠮᠦ ᠠᠴᠠ ᠪᠢᠳᠠ ᠲᠤᠭᠠᠨ ᠤ ᠬᠤᠷᠠᠮᠳᠤᠯ ᠢ ᠴᠢᠬᠤᠯᠠᠴᠢᠯᠠᠨ ᠦᠵᠡᠵᠥ᠂ ᠨᠢᠭᠡ ᠮᠢᠨᠦ᠋ᠲ ᠨᠢᠭᠡ ᠰᠧᠺᠦ᠋ᠨᠲ ᠤᠨ ᠬᠤᠷᠠᠮᠳᠤᠯ ᠢᠶᠠᠷ ᠲᠡᠮᠵᠢᠨ ᠴᠠᠭ ᠤᠨ ᠠᠰᠢᠭᠯᠠᠮᠵᠢ ᠶᠢ ᠨᠡᠮᠡᠭᠳᠡᠬᠦᠯᠤᠨ᠎ᠠ᠃ ᠵᠢᠱᠢᠶᠡᠯᠡᠪᠡᠯ᠂ ᠲᠡᠷᠭᠡᠨ ᠦᠷᠳᠡᠭᠡᠨ ᠳᠤ ᠲᠡᠷᠭᠡ ᠬᠦᠯᠢᠶᠡᠬᠦ ᠲᠠᠪᠤ ᠠᠷᠪᠠᠨ ᠮᠢᠨᠦ᠋ᠲ᠂ ᠵᠠᠮ ᠠᠶᠠᠯᠠᠬᠤ ᠬᠠᠭᠠᠰ ᠴᠠᠭ ᠬᠤᠷᠢᠨ ᠮᠢᠨᠦ᠋ᠲ ᠤᠨ ᠴᠠᠭ ᠢ ᠠᠰᠢᠭᠯᠠᠨ ᠠᠩᠭ᠍ᠯᠢ ᠬᠡᠯᠡᠨ ᠤ ᠦᠭᠡ ᠦᠬᠦᠯᠡᠪᠦᠷᠢ ᠶᠢ ᠴᠡᠭᠡᠵᠢᠯᠡᠬᠦ᠂ ᠤᠯᠤᠰ ᠲᠦᠷᠦ᠂ ᠲᠡᠤᠬᠡ ᠶᠢᠨ ᠤᠬᠠᠭᠳᠠᠬᠤᠨ᠂ ᠤᠭ ᠶᠤᠰᠤ ᠶᠢ ᠴᠡᠭᠡᠵᠢᠯᠡᠬᠦ᠂ ᠰᠤᠨᠢᠨ ᠰᠡᠳᠬᠦᠯ ᠤᠩᠰᠢᠬᠤ᠂ ᠮᠠᠲ᠋ᠧᠷᠢᠶᠠᠯ ᠴᠤᠭᠯᠠᠭᠤᠯᠬᠤ ᠵᠡᠷᠭᠡ ᠠᠵᠢᠯ ᠢ ᠬᠢᠵᠥ ᠪᠤᠯᠤᠨ᠎ᠠ᠃     ᠭᠤᠷᠪᠠ᠂ ᠰᠤᠷᠬᠤ ᠶᠠᠪᠤᠴᠠ ᠶᠢᠨ ᠭᠤᠭᠴᠤᠭ᠎ᠠ ᠶᠢ ᠬᠢᠨᠠᠮᠠᠭᠠᠢ ᠬᠦᠢᠴᠡᠳᠬᠡᠬᠦ᠃ 1. ᠤᠷᠢᠳᠴᠢᠯᠠᠨ ᠲᠠᠪᠳᠠᠬᠤ᠃ ᠪᠡᠯᠡᠳᠬᠡᠯ ᠦᠭᠡᠢ ᠲᠠᠶᠢᠨ ᠢᠯᠠᠭᠳᠠᠵᠥ᠂ ᠤᠷᠢᠳᠴᠢᠯᠠᠨ ᠲᠠᠪᠳᠠᠬᠤ ᠦᠭᠡᠢ ᠬᠢᠴᠢᠶᠡᠯ ᠰᠠᠶᠢᠨ ᠦᠷ᠎ᠠ ᠪᠦᠳᠦᠮᠵᠢ ᠤᠯᠵᠥ ᠴᠢᠳᠠᠬᠤ ᠦᠭᠡᠢ᠃ ᠤᠷᠢᠳᠴᠢᠯᠠᠨ ᠲᠠᠪᠳᠠᠬᠤ ᠪᠠᠷ ᠲᠠᠮᠵᠢᠨ ᠰᠢᠨ᠎ᠠ ᠬᠢᠴᠢᠶᠡᠯ ᠤᠨ ᠲᠤᠬᠠᠢ ᠠᠩᠬ᠎ᠠ ᠠᠯᠬᠤᠮ ᠤᠨ ᠤᠢᠢᠯᠠᠭᠠᠯᠳᠠ ᠲᠠᠢ ᠪᠤᠯᠵᠥ᠂ ᠰᠢᠨ᠎ᠠ ᠬᠢᠴᠢᠶᠡᠯ ᠢᠶᠠᠨ ᠬᠢᠯᠪᠡᠷᠬᠠᠨ ᠰᠤᠷᠬᠤ᠂ ᠦᠪᠡᠷ ᠤᠨ ᠬᠢᠴᠢᠶᠡᠯ ᠰᠤᠨᠤᠰᠬᠤ ᠬᠠᠨᠳᠤᠯᠭᠠᠳᠤ ᠴᠢᠨᠠᠷ᠂ ᠢᠳᠡᠪᠬᠢ ᠴᠢᠨᠠᠷ ᠢᠶᠠᠨ ᠲᠡᠭᠡᠭᠰᠢᠯᠡᠬᠦᠯᠵᠥ᠂ ᠰᠢᠨ᠎ᠠ ᠠᠭᠤᠯᠭ᠎ᠠ ᠶᠢ ᠤᠢᠢᠯᠠᠭᠠᠬᠤ ᠳᠤ ᠠᠰᠢᠬᠳᠠᠢ ᠶᠤᠮ᠃ 2. ᠦᠨᠳᠦᠷ ᠪᠦᠳᠦᠮᠵᠢᠳᠠᠢ ᠪᠠᠷ ᠬᠢᠴᠢᠶᠡᠯ ᠰᠤᠨᠤᠰᠬᠤ᠃ ᠨᠢᠭᠡ ᠰᠤᠷᠤᠭᠴᠢ ᠶᠢᠨ ᠰᠤᠷᠤᠯᠭ᠎ᠠ ᠶᠢᠨ ᠰᠠᠶᠢᠨ ᠮᠠᠭᠤ᠂ ᠬᠢᠷᠢ ᠪᠦᠳᠦᠮᠵᠢ ᠶᠢᠨ ᠦᠨᠳᠦᠷ ᠲᠤᠤᠷ᠎ᠠ ᠶᠢᠨ ᠵᠠᠩᠬᠢᠯᠠᠭ᠎ᠠ ᠨᠢ ᠬᠢᠴᠢᠶᠠᠯ ᠤᠨ ᠴᠠᠭ ᠤᠨ ᠰᠤᠷᠤᠯᠭ᠎ᠠ ᠳᠤ ᠪᠤᠢ᠃ ᠬᠢᠴᠢᠶᠡᠯ ᠤᠨ ᠴᠠᠭ ᠤᠨ 45 ᠮᠢᠨᠦ᠋ᠲ ᠢ ᠬᠦᠢᠴᠡᠳ ᠠᠰᠢᠭᠯᠠᠨ᠂ ᠦᠷ᠎ᠠ ᠪᠦᠳᠦᠮᠵᠢᠳᠠᠢ ᠰᠤᠷᠤᠯᠴᠠᠬᠤ ᠨᠢ ᠰᠤᠷᠤᠯᠭ᠎ᠠ ᠶᠢᠨ ᠴᠢᠨᠠᠷ ᠴᠢᠨᠰᠠᠭ᠎ᠠ ᠶᠢ ᠲᠡᠭᠡᠭᠰᠢᠯᠡᠬᠦᠯᠬᠦ ᠳᠤ ᠯᠤᠳᠤ ᠶᠡᠭᠡ ᠨᠦᠯᠦᠭᠡ ᠲᠠᠢ ᠶᠤᠮ᠃ ᠨᠢᠭᠡ ᠬᠢᠴᠢᠶᠡᠯ ᠢ ᠰᠠᠶᠢᠨ ᠰᠤᠨᠤᠰᠬᠤ ᠳᠤ ᠬᠢᠴᠢᠶᠡᠯ ᠠᠴᠠ ᠡᠮᠤᠨ᠎ᠠ ᠪᠡᠶ᠎ᠠ ᠰᠡᠳᠬᠢᠴᠡ᠂ ᠮᠡᠳᠡᠯᠭᠡ ᠪᠤᠯᠪᠠᠰᠤᠷᠠᠯ ᠤᠨ ᠲᠡᠯ᠎ᠠ ᠠᠴᠠ ᠬᠦᠢᠴᠡᠳ ᠪᠡᠯᠡᠳᠬᠡᠯ ᠬᠢᠵᠥ᠂ ᠲᠠᠷᠤᠢ ᠬᠢᠨᠠᠮᠠᠭᠠᠢ ᠰᠤᠨᠤᠰᠬᠤ᠂ ᠨᠠᠷᠢᠨ ᠦᠵᠡᠬᠦ ᠢᠳᠡᠪᠬᠢᠳᠠᠢ ᠶᠠᠷᠢᠬᠤ᠂ ᠰᠡᠳᠬᠢᠯ ᠢᠶᠠᠨ ᠲᠦᠪᠯᠡᠷᠡᠬᠦᠯᠬᠦ᠂ ᠭᠠᠷ ᠢᠶᠠᠨ ᠬᠦᠳᠡᠯᠭᠡᠬᠦ ᠵᠡᠷᠭᠡ ᠪᠤᠯᠤᠨ᠎ᠠ᠂ 3. ᠴᠠᠭ ᠲᠤᠬᠠᠢ ᠳᠤᠨᠢ ᠲᠠᠪᠳᠠᠬᠤ᠃ ᠬᠠᠭᠤᠴᠢᠨ ᠢᠶᠠᠨ ᠲᠡᠪᠳᠡᠮᠠᠨᠵᠢᠨ ᠰᠠᠶ᠋ᠢ ᠰᠢᠨ᠎ᠠ ᠮᠡᠳᠡᠯᠭᠡ ᠶᠢ ᠡᠵᠡᠮᠰᠢᠵᠥ ᠴᠢᠳᠠᠨ᠎ᠠ᠃ ᠰᠤᠷᠤᠭᠰᠠᠨ ᠠᠭᠤᠯᠭ᠎ᠠ ᠪᠠᠨ ᠲᠠᠪᠳᠠᠬᠤ ᠨᠢ ᠰᠤᠷᠤᠭᠴᠢ ᠶᠢᠨ ᠮᠡᠳᠡᠯᠭᠡ ᠶᠢᠨ ᠴᠢᠬᠤᠯᠠ ᠨᠢᠭᠡ ᠭᠤᠭᠴᠤᠭ᠎ᠠ ᠮᠦᠨ᠃ ᠡᠶᠢᠮᠦ ᠠᠴᠠ ᠰᠤᠷᠤᠯᠴᠠᠬᠤ ᠦᠷ᠎ᠠ ᠪᠦᠳᠦᠮᠵᠢ ᠪᠠᠨ ᠲᠡᠭᠡᠭᠰᠢᠯᠡᠬᠦᠯᠬᠦ ᠳᠤ ᠡᠷᠬᠡᠪᠰᠢ ᠴᠠᠭ ᠲᠤᠬᠠᠢ ᠳᠤᠨᠢ ᠲᠡᠬᠢᠨ ᠲᠡᠪᠳᠠᠬᠤ ᠬᠡᠷᠡᠭᠳᠠᠢ᠃ ᠲᠠᠪᠳᠠᠬᠤ ᠦᠶᠡᠰ ᠵᠠᠪᠠᠯ ᠵᠤᠬᠢᠰᠳᠠᠢ ᠲᠦᠯᠦᠪᠯᠡᠭᠡ ᠲᠤᠭᠳᠠᠭᠠᠵᠥ ᠰᠢᠰᠲ᠋ᠧᠮ ᠲᠠᠢ᠂ ᠠᠯᠬᠤᠮ ᠲᠠᠷᠠᠭ᠎ᠠ ᠲᠠᠢ᠂ ᠰᠢᠨᠵᠢᠯᠡᠬᠦ ᠤᠬᠠᠭᠠᠨᠴᠢ ᠪᠠᠷ ᠲᠡᠪᠳᠡᠬᠤ ᠰᠠᠶᠢᠨ ᠰᠠᠶᠢᠬᠠᠨ ᠲᠠᠳᠬᠠᠯ ᠢ ᠪᠤᠢ ᠪᠤᠯᠭᠠᠨ᠎ᠠ᠃
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ