ᠪᠠᠶᠢᠩᠭᠤ ᠴᠤᠺᠤᠯᠡᠳ᠋ ᠢᠲᠡᠪᠡᠯ ᠢᠲᠡᠷ ᠨᠠᠰᠦᠨ ᠤ ᠬᠦᠮᠦᠨ ᠤ ᠰᠤᠨᠤᠷ ᠮᠠᠭᠤᠲᠠᠬᠤ ᠶᠢ ᠤᠲᠠᠭᠠᠰᠢᠷᠠᠭᠤᠯᠵᠤ ᠪᠤᠯᠤᠨ᠎ᠠ
ᠨᠡᠶᠢᠲᠡᠯᠡᠭᠰᠡᠨ ᠴᠠᠭ᠄
2019/4/29
     ᠴᠤᠺᠤᠯᠠᠳ᠋ ᠢ ᠵᠤᠬᠢᠬᠤ ᠬᠡᠮᠵᠢᠶ᠎ᠡ ᠪᠠᠷ ᠢᠲᠡᠪᠡᠯ ᠡᠷᠡᠬᠦᠯ ᠳᠤ ᠲᠤᠰᠠᠳᠠᠢ ᠭᠡᠲᠡᠭ ᠢ ᠤᠷᠢᠲᠤ   ᠶᠢᠨ ᠰᠤᠳᠤᠯᠭᠠᠨ  ᠢᠶᠠᠷ ᠢᠯᠡᠷᠡᠬᠦᠯᠦᠭᠰᠡᠨ ᠪᠢᠯᠠ᠃ ᠺᠤᠷᠢᠶᠠ ᠶᠢᠨ ᠨᠢᠭᠡᠨ ᠰᠤᠳᠤᠯᠭᠠᠨ ᠤ ᠰᠢᠨ᠎ᠡ ᠳ᠋ᠦᠩ ᠠᠴᠠ ᠦᠵᠡᠪᠡᠯ᠂ ᠢᠲᠡᠷ ᠨᠠᠰᠦᠨ  ᠤ ᠬᠦᠮᠦᠨ ᠪᠠᠶᠢᠩᠭᠤ ᠴᠤᠺᠤᠯᠡᠳ᠋ ᠢᠲᠡᠪᠡᠯ ᠰᠤᠨᠤᠷ ᠮᠠᠭᠤᠲᠠᠬᠤ ᠶᠢ ᠤᠲᠠᠭᠠᠰᠢᠷᠠᠭᠤᠯᠵᠤ ᠪᠤᠯᠤᠨ᠎ᠠ᠃      ᠰᠸᠦ᠋ᠯ ᠶᠡᠭᠡ ᠰᠤᠷᠭᠠᠭᠤᠯᠢ ᠶᠢᠨ ᠡᠮᠨᠡᠯᠭᠡ ᠶᠢᠨ ᠬᠤᠷᠢᠶᠠᠨ ᠤ ᠨᠢᠭᠡᠨ ᠰᠤᠳᠤᠯᠭᠠᠨ ᠤ ᠳᠤᠭᠤᠶᠢᠯᠠᠩ2012-2013 ᠳᠤ ᠶᠠᠪᠤᠭᠤᠯᠤᠬᠰᠠᠨ ︽ᠺᠤᠷᠢᠶᠠ ᠶᠢᠨ ᠤᠯᠤᠰ ᠤᠨ ᠡᠷᠡᠬᠦᠯ ᠮᠠᠨᠳᠦ ᠪᠠ ᠰᠢᠮ᠎ᠡ ᠳᠡᠵᠢᠭᠡᠯ ᠤᠨ ᠳᠤᠬᠠᠢ ᠪᠠᠶᠢᠴᠠᠭᠠᠯᠲᠠ︾ ᠳᠤ 40 ᠠᠴᠠ 64 ᠨᠠᠰᠦᠨ ᠤ ᠬᠤᠭᠤᠷᠤᠨᠲᠤᠬᠢ 3575 ᠬᠦᠮᠦᠨ ᠤ ᠡᠨᠡ ᠳᠤᠬᠠᠢ ᠮᠡᠲᠡᠭᠡ ᠵᠠᠩᠬᠢ ᠶᠢ ᠠᠪᠴᠦ ᠵᠠᠲᠠᠯᠤᠯᠲᠠ ᠬᠢᠵᠡᠢ᠃ ᠳᠡᠭᠡᠭᠡᠳ ᠡᠲᠡᠭᠡᠷ ᠪᠤᠢ ᠪᠦᠬᠦᠢ ᠡᠷᠡᠭᠲᠡᠢ ᠡᠮᠡᠭᠲᠡᠢ ᠬᠦᠮᠦᠰ ᠲᠤ ᠴᠦᠮ ᠪᠡᠶ᠎ᠡ ᠶᠢᠨ  ᠪᠠᠶᠢᠴᠠᠭᠠᠯᠲᠠ᠂ ᠡᠮᠴᠢ   ᠶᠢᠨ ᠶᠠᠷᠢᠯᠴᠠᠯᠭ᠎ᠠ᠂ ᠰᠤᠨᠤᠷ ᠤᠨ ᠦᠨᠡᠯᠡᠨ ᠵᠢᠱᠢᠯᠲᠠ᠂ ᠴᠢᠬᠢ ᠱᠣᠣᠭᠢᠬᠤ ᠳᠤᠬᠠᠢ ᠪᠠᠶᠢᠴᠠᠭᠠᠯᠲᠠ ᠪᠠ ᠰᠢᠮ᠎ᠡ ᠲᠡᠵᠢᠭᠡᠯ ᠤᠨ ᠳᠤᠬᠠᠢ ᠪᠠᠶᠢᠴᠠᠭᠠᠯᠲᠠ ᠬᠢᠭᠰᠡᠨ ᠪᠠᠶᠢᠨ᠎ᠠ᠃ ᠢᠩᠬᠢᠭᠡᠳ ᠴᠤᠺᠤᠯᠠᠳ᠋ ᠢᠲᠡᠲᠡᠭ ᠦᠭᠡᠢ ᠬᠦᠮᠦᠰ ᠤᠨ ᠰᠤᠨᠤᠷ ᠮᠠᠭᠤᠲᠠᠬᠤ ᠠᠰᠠᠭᠤᠲᠠᠯ ᠭᠠᠷᠬᠤ ᠬᠠᠷᠢᠴᠠᠯ ᠨᠢ ᠪᠠᠷᠤᠭ 36% ᠪᠠᠶᠢᠵᠤ᠂ ᠪᠠᠶᠢᠩᠭᠤ ᠴᠤᠺᠤᠯᠠᠳ᠋ ᠢᠲᠡᠲᠡᠭ ᠬᠦᠮᠦᠰ ᠤᠨ ᠰᠤᠨᠤᠷ ᠮᠠᠭᠤᠲᠠᠬᠤ ᠠᠰᠠᠭᠤᠲᠠᠯ ᠭᠠᠷᠬᠤ ᠬᠠᠷᠢᠴᠠᠯ ᠨᠢ ᠪᠠᠷᠤᠭ 26.8% ᠪᠠᠶᠢᠬᠤ ᠶᠢ ᠰᠤᠳᠤᠯᠭᠠᠨ ᠤ ᠠᠵᠢᠯᠲᠠᠳ ᠤᠯᠵᠤ ᠮᠡᠲᠡᠵᠡᠢ᠃ ᠴᠤᠺᠤᠯᠠᠳ᠋ ᠲᠤ ᠠᠬᠤᠭᠤᠯᠤᠬᠲᠠᠭᠰᠠᠨ ᠢᠰᠦᠯᠳᠦᠬᠦᠯᠦᠭᠴᠢ ᠶᠢᠨ ᠡᠰᠡᠷᠬᠦ ᠡᠳ᠋ ᠨᠢ ᠰᠤᠨᠤᠷ ᠢ ᠬᠠᠮᠠᠭᠠᠯᠠᠬᠤ ᠦᠢᠯᠡᠳᠦᠯ ᠭᠠᠷᠭᠠᠭᠰᠠᠨ ᠪᠠᠶᠢᠵᠤ ᠮᠡᠲᠡᠨ᠎ᠡ ᠭᠡᠵᠤ ᠰᠤᠳᠤᠯᠭᠠᠨ ᠤ ᠠᠵᠢᠯᠲᠠᠳ ᠦᠵᠡᠵᠦ ᠪᠠᠶᠢᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号