ᠪᠤᠷᠢᠶᠠᠳ ᠮᠤᠩᠭᠤᠯᠴᠤᠳ ᠬᠦᠯᠦᠨ ᠪᠤᠶᠢᠷ ᠲᠤ ᠢᠷᠡᠭᠰᠡᠨ ᠨᠢ
ᠨᠡᠶᠢᠲᠡᠯᠡᠭᠰᠡᠨ ᠴᠠᠭ᠄
2019/4/4
     ᠨᠢᠭᠡ᠂ ᠲᠤᠬᠠᠢ ᠶᠢᠨ ᠦᠶ᠎ᠡ ᠶᠢᠨ ᠪᠠᠶᠢᠳᠠᠯ      1914 ᠤᠨ ᠤ ᠲᠡᠯᠡᠬᠡᠢ ᠶᠢᠨ ᠨᠢᠭᠡᠳᠤᠭᠡᠷ ᠲᠠᠶᠢᠨ ᠤ ᠲᠠᠷᠠᠭ᠎ᠠ᠂ ᠤᠷᠤᠰ ᠤᠨ ᠪᠤᠯᠱᠸᠧᠢᠡᠡ ᠨᠠᠮ ᠤᠨ ᠤᠳᠤᠷᠢᠳᠤᠭᠰᠠᠨ ᠬᠤᠪᠢᠰᠬᠠᠯᠳᠤ ᠬᠦᠳᠡᠯᠭᠡᠭᠡᠨ ᠮᠠᠰᠢ ᠲᠦᠷᠭᠡᠨ ᠦᠷᠨᠢᠵᠤ᠂ ᠨᠡᠩ ᠴᠤ 1917 ᠤᠨ ᠤ ᠤᠷᠤᠰ ᠤᠨ ᠤᠺᠲ᠋ᠢᠶᠠᠪᠠᠷ ᠤᠨ ᠬᠤᠪᠢᠰᠬᠠᠯ ᠢ ᠦᠡᠭᠭᠡᠷᠡᠭᠡᠨ ᠤᠷᠤᠰ ᠤᠯᠤᠰ ᠤᠨ ᠬᠠᠭᠠᠨᠳᠤ ᠵᠠᠰᠠᠭ ᠲᠦᠷᠤ ᠰᠦᠢᠷᠡᠵᠤ ᠵᠦᠪᠯᠡᠯᠳᠤ ᠵᠠᠰᠠᠭ ᠲᠦᠷᠤ ᠲᠤᠭᠳᠠᠬᠤ ᠦᠶ᠎ᠡ ᠳᠤ ᠶᠡᠭᠡ ᠰᠠᠮᠠᠭᠤᠨ ᠪᠠᠶᠢᠳᠠᠯ ᠤᠷᠤᠰ ᠤᠯᠤᠰ ᠲᠠᠶᠠᠭᠠᠷ ᠲᠤ ᠦᠷᠬᠦᠯᠵᠢᠯᠡᠨ ᠭᠠᠷᠤᠭᠰᠠᠭᠠᠷ ᠪᠠᠶᠢᠪᠠ᠃ ᠰᠢᠪᠧᠷᠢᠶ᠎ᠠ ᠪᠤᠯᠤᠨ ᠪᠤᠷᠢᠶᠠᠳ ᠤᠷᠤᠨ ᠳᠤ ᠴᠤ ᠤᠺᠲ᠋ᠢᠶᠠᠪᠠᠷ ᠤᠨ ᠬᠤᠪᠢᠰᠬᠠᠯ ᠳᠤ ᠴᠤᠬᠢᠭᠳᠠᠭᠰᠠᠨ ᠬᠠᠭᠠᠨᠳᠠᠨ ᠤ ᠦᠯᠡᠳᠡᠭᠳᠡᠮᠡᠯ ᠬᠦᠴᠤᠨ ᠤ ᠨᠢᠭᠡᠨ ᠲᠦᠷᠤᠭᠦᠤ ᠺᠤᠯᠴᠢᠶᠠᠬᠢᠨ ᠤ ᠲᠤᠭᠳᠠᠭᠠᠭᠰᠠᠨ ᠲᠢᠭᠯᠢᠮ ᠪᠤᠶᠤ ᠲᠡᠭᠦᠨ ᠤ ᠬᠠᠮᠰᠠᠭᠠᠳᠠᠨ ᠠᠳ᠋ᠮᠠᠨ ᠰᠢᠮᠢᠶᠤᠨᠤᠸ᠋ ᠪᠠ ᠪᠠᠷᠤᠨ ᠤᠡᠭᠬᠢᠷᠠᠨ ᠤ ᠪᠦᠯᠦᠭ ᠤᠳ᠂ ᠶᠠᠫᠤᠨ᠂ ᠠᠮᠧᠷᠢᠺᠡ᠂ ᠠᠩᠭ᠍ᠯᠢ ᠵᠡᠷᠭᠡ ᠶᠢᠨ ᠭᠠᠳᠠᠭᠠᠳᠤ ᠶᠢᠨ ᠬᠦᠴᠤᠨ ᠳᠤ ᠲᠦᠰᠢᠭᠯᠡᠨ ᠵᠦᠪᠯᠡᠯᠳᠤ ᠵᠠᠰᠠᠭ ᠦᠭᠡᠳᠡ ᠲᠤᠪᠳᠤᠯᠤᠯᠳᠠ ᠬᠢᠵᠤ᠂ ᠪᠤᠷᠢᠶᠠᠳ ᠮᠤᠩᠭᠤᠯ ᠤᠷᠤᠨ ᠲᠠᠶᠢᠨ ᠤ ᠬᠦᠯ ᠳᠤ ᠲᠠᠭᠠᠷᠢᠭᠳᠠᠪᠠ᠃ ᠲᠡᠳᠡ ︽ᠨᠠᠷᠮᠠᠢ ᠮᠤᠩᠭᠤᠯ ᠤᠯᠤᠰ︾ ᠢ ᠪᠠᠶᠢᠭᠤᠯᠬᠤ ᠨᠡᠷ᠎ᠡ ᠪᠠᠷ ᠤᠷᠤᠨ ᠨᠤᠳᠤᠭ ᠤᠨ ᠦᠨᠳᠤᠰᠤᠳᠡᠨ ᠤ ᠦᠵᠡᠯᠳᠡᠨ ᠨᠦᠭᠦᠳ ᠢ ᠦᠳᠤᠭᠡᠨ ᠠᠰᠢᠭᠯᠠᠵᠤ᠂ ᠴᠡᠷᠢᠭ ᠪᠠᠶᠢᠭᠤᠯᠤᠨ ᠬᠢᠯᠢ ᠬᠢᠵᠠᠭᠠᠷ ᠤᠷᠤᠨ ᠤ ᠪᠤᠷᠢᠶᠠᠳ ᠮᠤᠩᠭᠤᠯ ᠤᠨ ᠨᠤᠳᠤᠭ ᠪᠠ ᠪᠤᠤᠷᠵᠢ᠂ ᠳ᠋ᠠᠤᠷᠢ ᠵᠡᠷᠭᠡ ᠶᠢᠨ ᠭᠠᠯᠳᠤ ᠲᠡᠷᠭᠡ ᠶᠢᠨ ᠦᠷᠳᠡᠭᠡ ᠪᠠᠷ ᠪᠠᠶᠢᠷᠢᠯᠠᠨ᠂ ᠨᠢᠭᠡ ᠲᠠᠯ᠎ᠠ ᠪᠠᠷ ᠤᠯᠠᠭᠠᠨ ᠴᠡᠷᠢᠭ ᠲᠠᠢ ᠲᠠᠶᠢᠨ ᠬᠢᠵᠤ᠂ ᠨᠦᠭᠦᠭᠡ ᠲᠠᠯ᠎ᠠ ᠪᠠᠷ ᠪᠤᠷᠢᠶᠠᠳ ᠮᠤᠩᠭᠤᠯᠴᠤᠳ ᠤᠨ ᠢᠳᠡᠷ ᠬᠦᠪᠡᠭᠦᠳ ᠢ ᠠᠯᠪᠠᠳᠠᠨ ᠴᠡᠷᠢᠭ ᠲᠤ ᠡᠯᠰᠡᠬᠦ᠂ ᠴᠡᠷᠢᠭ ᠤᠨ ᠠᠭᠳᠠ ᠮᠤᠷᠢ ᠪᠤᠯᠤᠨ ᠬᠦᠨᠡᠰᠤ ᠬᠤᠭᠤᠯᠠᠨ ᠤ ᠮᠠᠯ ᠢ ᠰᠢᠭᠤᠳ ᠲᠠᠳᠠᠪᠤᠷᠢᠯᠠᠬᠤ᠂ ᠮᠦᠨ ᠤᠯᠠᠭᠠᠨ ᠨᠠᠮ ᠠᠴᠠ ᠵᠠᠶᠢᠯᠠᠵᠤ ᠨᠡᠭᠦᠳᠡᠯ ᠬᠢᠬᠦ ᠶᠢ ᠱᠠᠭᠠᠷᠳᠠᠬᠤ ᠵᠡᠷᠭᠡ ᠪᠠᠷ ᠬᠢᠯᠢ ᠬᠢᠵᠠᠭᠠᠷ ᠤᠷᠤᠨ ᠤ ᠮᠠᠯᠴᠢᠨ ᠠᠷᠠᠳ ᠲᠤ ᠶᠡᠬᠡᠬᠡᠨ ᠲᠠᠷᠤᠯᠳᠠ ᠦᠵᠡᠭᠦᠯᠦᠭᠰᠡᠨ ᠪᠠᠶᠢᠨ᠎ᠠ᠃ ᠲᠡᠳᠡᠨ ᠤ ᠬᠦᠳᠡᠯᠭᠡᠭᠡᠨ ᠳᠤ ᠠᠭ᠎ᠠ ᠨᠤᠳᠤᠭ ᠤᠨ ᠲᠠᠪᠬᠠᠢ ᠶᠢᠨ ᠲᠤᠭᠠᠷ ᠴᠤ ᠤᠳ᠋ᠷᠢᠶᠠᠳ᠋ ᠪᠠᠶᠢᠭᠤᠯᠤᠨ ᠬᠠᠮᠢᠶᠠᠷᠳᠠᠵᠤ ᠤᠷᠤᠯᠴᠠᠭᠰᠠᠨ ᠪᠢᠯᠡ᠃ ᠡᠶᠢᠨ ᠬᠦ ᠪᠤᠷᠢᠶᠠᠳ ᠮᠤᠩᠭᠤᠯ ᠮᠠᠯᠴᠢᠳ ᠴᠠᠭᠠᠨ ᠤ ᠲᠡᠭᠡᠷᠡᠮᠴᠢᠳ ᠤᠨ ᠰᠦᠷᠳᠡᠭᠦᠯᠤᠯ᠂ ᠬᠢᠬᠠᠯᠳᠠ᠂ ᠬᠢᠳᠤᠯᠭ᠎ᠠ᠂ ᠲᠤᠨᠤᠯᠭ᠎ᠠ ᠳᠤ ᠤᠷᠤᠵᠤ᠂ ᠦᠨᠤᠴᠢᠨ ᠦᠷᠤᠭᠡᠰᠤᠨ᠂ ᠦᠭᠡᠶᠢᠭᠦᠤ ᠶᠠᠳᠠᠭᠤ ᠨᠡᠮᠡᠭᠳᠡᠨ᠂ ᠬᠦᠮᠤᠰ ᠤᠨ ᠰᠡᠳᠭᠢᠯ ᠰᠠᠨᠠᠭ᠎ᠠ ᠴᠤ ᠲᠤᠭᠳᠠᠭᠤᠨ ᠪᠤᠰᠤ ᠪᠤᠯᠵᠤ ᠬᠦᠨᠳᠤ ᠪᠠᠶᠢᠳᠠᠯ ᠳᠤ ᠲᠤᠯᠭᠠᠷᠠᠭᠰᠠᠨ ᠪᠠᠶᠢᠨ᠎ᠠ᠃ ᠲᠡᠭᠡᠭᠡᠳ ᠦᠶ᠎ᠡ ᠶᠢᠨ ᠦᠶ᠎ᠡ ᠪᠠᠷ ᠢᠶᠠᠨ ᠨᠡᠭᠦᠳᠡᠯ ᠮᠠᠯᠵᠢᠯ ᠡᠷᠬᠢᠯᠡᠨ ᠢᠷᠡᠭᠰᠡᠨ ᠮᠠᠯᠴᠢᠳ ᠶᠠᠭᠠᠬᠢᠬᠤ ᠪᠠᠨ ᠤᠯᠵᠤ ᠶᠠᠳᠠᠨ ᠪᠠᠶᠢᠯ᠎ᠠ᠃ ᠡᠶᠢᠨ ᠬᠦ ᠪᠤᠷᠢᠶᠠᠳ ᠨᠤᠳᠤᠭ ᠤᠨ ᠲᠤᠮᠤᠭᠠᠳᠠᠳ ᠪᠤᠯᠤᠨ ᠠᠭ᠎ᠠ᠂ ᠴᠦᠬᠡᠯ ᠳ᠋ᠠᠴᠡᠩ ᠤᠨ ᠶᠡᠭᠡ ᠯᠠᠮᠠ ᠨᠠᠷ ᠡᠨᠡ ᠪᠠᠶᠢᠳᠠᠯ ᠠᠴᠠ ᠬᠡᠷᠬᠢᠨ ᠮᠤᠯᠳᠤᠷᠠᠬᠤ ᠶᠢ ᠰᠦᠪᠡᠭᠴᠢᠯᠡᠬᠦ ᠨᠢ ᠪᠠᠴᠢᠮ ᠲᠦᠷᠭᠡᠨ ᠰᠢᠢᠳᠪᠤᠷᠢᠯᠡᠬᠦ ᠠᠰᠠᠭᠤᠳᠠᠯ ᠪᠤᠯᠤᠨ ᠲᠤᠯᠭᠠᠷᠠᠵᠤ᠂ ᠲᠤᠰ ᠪᠦᠷᠢ ᠳᠡᠭᠡᠨ ᠪᠤᠯᠤᠯᠴᠠᠭ᠎ᠠ ᠪᠦᠬᠦᠢ ᠠᠷᠭ᠎ᠠ ᠬᠡᠮᠵᠢᠶ᠎ᠡ ᠠᠪᠴᠤ ᠡᠬᠢᠯᠡᠭᠰᠡᠨ ᠪᠠᠶᠢᠨ᠎ᠠ᠃      ᠲᠡᠯᠡᠬᠡᠢ ᠶᠢᠨ ᠨᠢᠭᠡᠳᠤᠭᠡᠷ ᠲᠠᠶᠢᠨ ᠳᠤ ᠠᠭ᠎ᠠ ᠨᠤᠳᠤᠭ ᠠᠴᠠ ᠲᠠᠳᠠᠭᠳᠠᠨ ᠠᠵᠢᠯ ᠬᠢᠬᠦ ᠪᠠᠷ ᠶᠠᠪᠤᠭᠰᠠᠨ ᠬᠦᠮᠤᠰ ᠢ ᠲᠠᠭᠠᠭᠤᠯᠵᠤ ᠶᠠᠪᠤᠭᠰᠠᠨ ᠨᠠᠩᠵᠢ ᠶᠢᠨ ᠰᠠᠨᠵᠢᠶ᠎ᠠ ᠪᠤᠯᠤᠨ ᠲᠤᠮ᠎ᠠ ᠶᠢᠨ ᠴᠡᠷᠠᠨᠵᠠᠪ ᠨᠠᠷ ᠠᠭ᠎ᠠ ᠲᠠᠭᠠᠨ ᠪᠤᠴᠠᠵᠤ ᠢᠷᠡᠭᠰᠡᠨ ᠤ ᠰᠡᠭᠦᠯᠡᠷ ᠠᠭ᠎ᠠ᠂ ᠤᠨᠤᠨ ᠤ 200 ᠰᠢᠬᠠᠮ ᠡᠷᠤᠬᠡ ᠠᠶᠢᠯ ᠢ ᠲᠠᠭᠠᠭᠤᠯᠵᠤ᠂ ᠡᠮᠤᠨᠡᠰᠢ ᠪᠠᠨ ᠮᠤᠩᠭᠤᠯ ᠤᠯᠤᠰ ᠤᠨ ᠭᠠᠵᠠᠷ ᠲᠤ ᠨᠡᠭᠦᠳᠡᠯᠯᠡᠨ ᠤᠷᠤᠭᠰᠠᠨ ᠪᠠᠶᠢᠪᠠ᠃ ᠲᠡᠭᠦᠨ ᠠᠴᠠ ᠬᠤᠶᠢᠰᠢᠬᠢ ᠵᠢᠯ ᠤᠳ ᠲᠤ ᠪᠤᠷᠢᠶᠠᠳ ᠮᠤᠩᠭᠤᠯ ᠤᠨ ᠨᠤᠳᠤᠭ ᠪᠦᠬᠦᠨ ᠠᠴᠠ ᠮᠤᠩᠭᠤᠯ ᠤᠷᠤᠨ ᠦᠭᠡᠳᠡ ᠨᠡᠭᠦᠭᠴᠢᠳ ᠤᠯᠠᠮ ᠤᠯᠠᠨ ᠪᠤᠯᠤᠭᠰᠨᠨ ᠪᠠᠶᠢᠨ᠎ᠠ᠃     ᠬᠤᠶᠠᠷ᠂ ᠪᠤᠷᠢᠶᠠᠳ ᠮᠤᠩᠭᠤᠯᠴᠤᠳ ᠤᠨ ᠰᠢᠨᠡᠬᠡᠨ ᠳᠤ ᠨᠡᠭᠦᠨ ᠢᠷᠡᠭᠰᠡᠨ ᠦᠡᠭᠭᠡᠷᠡᠯᠳᠡ ᠪᠤᠯᠤᠨ ᠲᠡᠭᠦᠨ ᠤ ᠰᠢᠯᠳᠠᠭᠠᠨ      ᠪᠤᠷᠢᠶᠠᠳ ᠮᠤᠩᠭᠤᠯᠴᠤᠳ ᠠᠯᠢ ᠲᠡᠭᠡᠳᠤ ᠠᠴᠠ ᠪᠠᠶᠢᠭᠠᠯ ᠲᠠᠯᠠᠢ ᠪᠤᠯᠤᠨ ᠬᠢᠨᠭ᠍ᠭᠠᠨ ᠲᠠᠪᠠᠭᠠᠨ ᠤ ᠲᠤᠮᠳᠠᠬᠢ ᠦᠷᠭᠡᠨ ᠠᠭᠤᠳᠠᠮ ᠨᠤᠳᠤᠭ ᠲᠤ ᠨᠤᠳᠤᠭᠯᠠᠵᠤ ᠪᠠᠶᠢᠭᠰᠠᠨ ᠢᠶᠠᠷ ᠪᠠᠷᠠᠬᠤ ᠦᠭᠡᠢ ᠡᠷᠳᠡ ᠦᠶ᠎ᠡ ᠳᠤ ᠡᠮᠤᠨᠡᠰᠢ ᠬᠠᠳᠤᠨ ᠭᠤᠤᠯ᠂ ᠬᠦᠬᠡᠨᠠᠭᠤᠷ ᠬᠦᠷᠳᠡᠯ᠎ᠡ ᠨᠡᠭᠦᠳᠡᠯᠯᠡᠨ ᠠᠮᠢᠳᠤᠷᠠᠵᠤ ᠪᠠᠶᠢᠭᠰᠠᠨ ᠲᠡᠤᠬᠡ ᠲᠠᠢ ᠶᠤᠮ᠃ 1727 ᠤᠨ ᠳᠤ ᠮᠠᠨᠵᠤ ᠴᠢᠩ ᠪᠤᠯᠤᠨ ᠤᠷᠤᠰ ᠤᠨ ᠴᠠᠭᠠᠨ ᠬᠠᠭᠠᠨ ᠤ ᠬᠢᠭᠰᠡᠨ ᠨᠢᠪᠴᠦ᠋ ᠶᠢᠨ ᠭᠡᠷ᠎ᠡ ᠪᠠᠷ ᠨᠤᠳᠤᠭ ᠤᠰᠤ᠂ ᠬᠦᠮᠤᠨ ᠠᠷᠠᠳ ᠲᠠᠢ ᠪᠠᠨ ᠤᠷᠤᠰ ᠤᠨ ᠮᠡᠳᠡᠯ ᠳᠤ ᠤᠷᠤᠭᠰᠠᠨ ᠪᠢᠯᠡ᠃ ᠪᠤᠷᠢᠶᠠᠳ ᠮᠤᠩᠭᠤᠯᠴᠤᠳ ᠡᠶᠢᠨ ᠬᠦ ᠴᠠᠭᠠᠨ ᠬᠠᠭᠠᠨ ᠤ ᠮᠡᠳᠡᠯ ᠳᠤ ᠤᠷᠤᠭᠰᠠᠨ ᠴᠤ ᠬᠢᠯᠢ ᠲᠠᠭᠠᠤ ᠳᠠᠬᠢ ᠦᠯᠢᠷᠡᠩᠭᠡ᠂ ᠪᠤᠤᠷᠵᠢ᠂ ᠲᠠᠷᠢ ᠨᠤᠳᠤᠭ ᠤᠨ ᠪᠤᠷᠢᠶᠠᠳ ᠮᠤᠩᠭᠤᠯ ᠨᠡᠭᠦᠳᠡᠯᠴᠢᠳ ᠡᠷᠭᠦᠨ᠎ᠡ ᠶᠢᠨ ᠦᠪᠤᠷ᠂ ᠲᠠᠯᠠᠢ ᠨᠠᠭᠤᠷ᠂ ᠮᠠᠨᠠᠩ ᠤᠨ ᠲᠠᠯ᠎ᠠ ᠪᠠᠷ ᠮᠦᠨ ᠯᠡ ᠤᠷᠤᠵᠤ ᠭᠠᠷᠤᠨ ᠨᠡᠭᠦᠳᠡᠯᠯᠡᠵᠤ ᠪᠠᠶᠢᠭᠰᠠᠨ ᠶᠤᠮ᠃ 1918 ᠤᠨ ᠤ ᠦᠶ᠎ᠡ ᠪᠤᠯᠬᠤ ᠳᠤ ᠠᠭ᠎ᠠ ᠶᠢᠨ ᠳ᠋ᠦᠮ᠎ᠠ ᠶᠢᠨ ᠵᠠᠬᠢᠷᠭ᠎ᠠ ᠶᠢᠨ ᠬᠢᠯᠢ ᠳᠤ ᠤᠢᠢᠷᠠᠯᠴᠠᠭ᠎ᠠ ᠪᠠᠶᠢᠭᠰᠠᠨ ᠤᠨᠤᠨ᠂ ᠠᠭ᠎ᠠ᠂ ᠪᠤᠤᠷᠵᠢ᠂ ᠲᠦᠤᠷᠬᠡ᠂ ᠲᠠᠷᠢ᠂ ᠦᠯᠢᠷᠡᠩᠭᠡ ᠵᠡᠷᠭᠡ ᠶᠢᠨ ᠨᠤᠳᠤᠭ ᠤᠨ ᠪᠤᠷᠢᠶᠠᠳ ᠮᠤᠩᠭᠤᠯᠴᠤᠳ ᠪᠠ ᠲᠡᠳᠡᠨ ᠲᠠᠢ ᠬᠠᠮᠳᠤ ᠠᠮᠢᠳᠤᠷᠠᠵᠤ ᠪᠠᠶᠢᠭᠰᠠᠨ ᠬᠠᠮᠨᠢᠭᠠᠳ ᠬᠦᠯᠤᠨ ᠪᠤᠶᠢᠷ ᠤᠨ ᠬᠡᠷᠤᠯᠤᠨ ᠭᠤᠤᠯ᠂ ᠮᠡᠨᠡᠩ ᠤᠨ ᠲᠠᠯ᠎ᠠ᠂ ᠲᠠᠯᠠᠢ ᠨᠠᠭᠤᠷ᠂ ᠬᠠᠶᠢᠯᠠᠷ ᠭᠤᠤᠯ ᠬᠦᠷᠳᠡᠯ᠎ᠡ ᠨᠡᠭᠦᠳᠡᠯᠯᠡᠨ ᠬᠡᠳᠤᠨ ᠵᠢᠯ ᠢᠶᠠᠷ ᠨᠤᠳᠤᠭᠯᠠᠭᠠᠳ ᠡᠷᠭᠢᠨ ᠤᠷᠤᠰ ᠤᠨ ᠠᠭ᠎ᠠ ᠶᠢᠨ ᠳ᠋ᠦᠮ᠎ᠠ ᠳᠡᠭᠡᠨ ᠪᠤᠴᠠᠭᠰᠠᠨ ᠦᠭᠡᠢ᠃     ᠶᠠᠭ ᠡᠨᠡ ᠦᠶ᠎ᠡ 1918 ᠤᠨ ᠳᠤ ᠠᠭ᠎ᠠ ᠨᠤᠳᠤᠭ ᠤᠨ ᠪᠠᠵᠠᠷ ᠤᠨ ᠨᠠᠮᠳᠠᠭ ᠨᠤᠶᠠᠨ ︵ᠲᠤᠭᠲ᠋ᠤᠷ ᠬᠤᠸᠠᠰᠠᠢ ᠤᠪᠤᠭ ᠤᠨ ᠠᠭ᠎ᠠ ᠶᠢᠨ ᠲᠠᠶᠢᠱᠠ ᠨᠤᠶᠠᠨ ᠪᠠᠶᠢᠭᠰᠠᠨ ᠲᠤᠪᠤ ᠶᠢᠨ ᠲᠡᠭᠦᠯᠳᠡᠷ ᠤᠨ ᠠᠴᠢ ᠬᠦᠪᠡᠭᠦᠨ︶ ᠪᠤᠯᠤᠨ ᠪᠠᠭᠳᠠᠨᠤᠸ᠋ ᠬᠡᠮᠡᠬᠦ ᠬᠦᠮᠤᠨ ᠲᠠᠢ ᠬᠠᠮᠳᠤ ᠬᠡᠳᠤᠨ ᠬᠦᠮᠤᠨ ᠬᠦᠯᠤᠨ ᠪᠤᠶᠢᠷ ᠤᠨ ᠨᠤᠳᠤᠭ ᠲᠤ ᠢᠷᠡᠵᠤ᠂ ᠬᠦᠯᠤᠨ ᠪᠤᠶᠢᠷ ᠤᠨ ᠮᠠᠶᠢᠷᠠᠨ ᠵᠠᠩᠭᠢ ᠶᠢᠨ ᠶᠠᠮᠤᠨ ︵ᠠᠮᠪᠠᠨ ᠶᠠᠮᠤᠨ︶ ᠤ ᠡᠷᠬᠡ ᠪᠠᠷᠢᠭᠴᠢᠳ ᠲᠠᠢ ᠤᠴᠠᠷᠠᠵᠤ ᠨᠢᠭᠡ ᠪᠦᠯᠦᠭ ᠪᠤᠷᠢᠶᠠᠳ ᠮᠤᠩᠭᠤᠯᠴᠤᠳ ᠬᠦᠯᠤᠨ ᠪᠤᠶᠢᠷ ᠲᠤ ᠨᠡᠭᠦᠵᠤ ᠢᠷᠡᠨ ᠨᠤᠳᠤᠭᠰᠢᠨ ᠰᠠᠭᠤᠬᠤ ᠲᠤᠬᠠᠢ ᠭᠠᠵᠠᠷ ᠨᠤᠳᠤᠭ ᠭᠤᠶᠤᠴᠢᠯᠠᠬᠤ ᠶᠢᠨ ᠵᠡᠷᠭᠡ ᠰᠢᠨᠡᠬᠡᠨ ᠭᠤᠤᠯ᠂ ᠢᠮᠢᠨ ᠭᠤᠤᠯ ᠲᠠᠭᠠᠤ ᠭᠠᠵᠠᠷ ᠤᠳ ᠢ ᠶᠡᠬᠡᠪᠴᠢᠯᠡᠨ ᠬᠠᠶᠢᠨ ᠪᠠᠶᠢᠴᠠᠭᠠᠵᠤ ᠦᠵᠡᠭᠡᠳ ᠠᠩᠬᠠᠨ ᠤ ᠬᠠᠷᠠᠯᠳᠠ ᠪᠠᠨ ᠲᠤᠭᠳᠠᠭᠠᠨ ᠠᠩᠬ᠎ᠠ ᠠᠯᠬᠤᠮ ᠤᠨ ᠵᠦᠪᠰᠢᠶᠡᠷᠡᠯ ᠤᠯᠤᠭᠠᠳ ᠪᠤᠴᠠᠭᠰᠠᠨ ᠶᠤᠮ᠃      ᠲᠡᠭᠡᠬᠦ ᠳᠡᠭᠡᠨ ᠨᠠᠮᠳᠠᠭ ᠨᠤᠶᠠᠨ᠂ ᠰᠢᠨᠡᠬᠡᠨ ᠭᠤᠤᠯ ᠤᠨ ᠢᠮᠢᠨ ᠭᠤᠤᠯ ᠳᠤ ᠴᠢᠳᠬᠤᠳᠠᠭ ᠠᠭᠤᠯᠵᠠᠭᠤᠷ ᠤᠨ ᠬᠤᠶᠢᠳᠤ ᠲᠠᠯ᠎ᠠ ᠳᠤ ᠢᠮᠢᠨ ᠭᠤᠤᠯ ᠤᠨ ᠵᠡᠭᠦᠨ ᠲᠡᠨᠵᠢᠨ ᠳᠤ ᠪᠦᠬᠦᠢ ᠨᠢᠭᠡᠨ ᠲᠤᠪᠤᠴᠠᠭ ᠲᠤᠯᠤᠭᠠᠢ ᠲᠡᠭᠡᠷ᠎ᠡ ᠮᠦᠷᠢᠨ ᠠᠴᠠ ᠪᠠᠭᠤᠵᠤ᠂ ᠡᠮᠡᠭᠡᠯ ᠤᠨ ᠲᠤᠬᠤᠮ ᠢᠶᠠᠨ ᠠᠪᠴᠤ ᠭᠠᠵᠠᠷ ᠲᠤ ᠲᠡᠪᠢᠰᠤᠭᠡᠳ ᠲᠡᠭᠡᠷ᠎ᠡ ᠨᠢ ᠦᠪᠡᠷ ᠤᠨ ᠤᠷᠤᠰ ᠴᠠᠮᠪᠠ ᠪᠤᠷᠤᠭᠠᠨ ᠤ ᠴᠤᠪᠠ ᠪᠠᠨ ᠲᠡᠯᠭᠡᠵᠤ᠂ ᠢᠳᠡᠭᠡᠨ ᠤ ᠵᠦᠢᠯ ᠰᠢᠬᠢᠷ ᠪᠤᠭᠤᠷᠰᠤᠭ ᠵᠡᠷᠭᠡ ᠪᠠᠷ ᠲᠠᠬᠢᠯ ᠲᠠᠯᠪᠢᠭᠠᠳ ᠬᠤᠶᠠᠷ ᠭᠠᠷ ᠤᠨ ᠨᠡᠷᠡᠭᠦᠢ ᠬᠤᠷᠤᠭᠤᠨ ᠳᠠᠭᠠᠨ ᠵᠡᠭᠦᠵᠤ ᠶᠠᠪᠤᠭᠰᠠᠨ ᠠᠯᠳᠠᠨ ᠪᠦᠭᠡᠵᠢ ᠪᠤᠯᠤᠨ ᠴᠠᠭᠠᠨ ᠮᠦᠡᠭᠭᠦ ᠵᠡᠷᠭᠡ ᠶᠢ ᠲᠠᠯᠪᠢᠵᠤ ︽ᠡᠨᠡ ᠨᠤᠳᠤᠭ ᠮᠠᠨ ᠤ ᠪᠤᠷᠢᠶᠠᠳ ᠮᠤᠩᠭᠤᠯᠴᠤᠳ ᠤᠨ ᠦᠨᠢᠷᠵᠢᠨ ᠦᠭᠡᠳᠡᠯᠡᠵᠤ ᠮᠦᠡᠭᠬᠡᠵᠢᠨ ᠰᠠᠭᠤᠬᠤ ᠨᠤᠳᠤᠭ ᠪᠤᠯᠬᠤ ᠪᠤᠯᠳᠤᠭᠠᠢ︾ ᠬᠡᠮᠡᠨ ᠢᠷᠤᠭᠡᠵᠤ ᠮᠦᠷᠭᠦᠨ ᠶᠤᠰᠤᠯᠠᠭᠠᠳ ᠮᠤᠷᠳᠠᠭᠰᠨᠨ ᠭᠡᠳᠡᠭ᠃     ᠨᠠᠮᠳᠠᠭ ᠨᠤᠶᠠᠨ 1921 ᠤᠨ ᠤ ᠬᠠᠪᠤᠷ᠂ ᠬᠤᠶᠠᠳᠡᠬᠢ ᠤᠳᠠᠭ᠎ᠠ ᠪᠠᠨ ᠬᠦᠯᠤᠨ ᠪᠤᠶᠢᠷ ᠲᠤ ᠢᠷᠡᠬᠦ ᠳᠡᠭᠡᠨ ᠨᠡᠭᠦᠳᠡᠯᠴᠢᠳ ᠤᠨ ᠲᠦᠷᠤᠭᠦᠤ ᠪᠤᠤᠷᠵᠢ ᠨᠤᠳᠤᠭ ᠤᠨ ᠪᠤᠳᠤᠩᠭᠤᠳ ᠤᠪᠤᠭ ᠤᠨ ᠷᠠᠳᠨ᠎ᠠ ᠶᠢᠨ ᠠᠪᠢᠳᠠ᠂ ᠦᠯᠢᠷᠡᠩᠭᠡ ᠨᠤᠳᠤᠭ ᠤᠨ ᠬᠤᠸᠠᠰᠠᠢ ᠤᠪᠤᠭ ᠤᠨ ᠵᠠᠮᠰᠤᠷᠠᠨ ᠤ ᠠᠶᠤᠰᠢ ᠵᠡᠷᠭᠡ ᠬᠦᠮᠤᠰ ᠢ ᠲᠠᠭᠠᠭᠤᠯᠤᠨ ᠮᠠᠶᠢᠷᠠᠨ ᠵᠠᠩᠭᠢ ᠶᠢᠨ ᠶᠠᠮᠤᠨ ᠳᠤ ᠲᠠᠬᠢᠨ ᠢᠷᠡᠵᠤ᠂ ᠬᠦᠯᠤᠨ ᠪᠤᠶᠢᠷ ᠭᠠᠵᠠᠷ ᠲᠤ ᠨᠢᠭᠡᠨᠳᠡ ᠨᠡᠭᠦᠳᠡᠯᠯᠡᠨ ᠢᠷᠡᠭᠰᠨᠨ ᠪᠤᠷᠢᠶᠠᠳ ᠮᠤᠩᠭᠤᠯᠴᠤᠳ ᠲᠤ ᠤᠷᠤᠰᠢᠨ ᠰᠠᠭᠤᠬᠤ ᠨᠤᠳᠤᠭ ᠤᠯᠭᠤᠬᠤ ᠶᠢ ᠬᠡᠯᠡᠯᠴᠡᠭᠰᠡᠨ ᠪᠠᠶᠢᠨ᠎ᠠ᠃ ᠲᠡᠭᠡᠭᠡᠳ ᠮᠠᠶᠢᠷᠠᠨ ᠵᠠᠩᠭᠢ ᠶᠢᠨ ᠶᠠᠮᠤᠨ ᠠᠴᠠ ᠴᠡᠪᠰᠠᠩᠭᠡ᠂ ᠡᠷᠬᠢᠮᠪᠠᠳᠤ ᠵᠡᠷᠭᠡ ᠶᠢᠨ ᠲᠤᠰᠢᠶᠠᠯᠳᠠᠳ ᠢ ᠬᠡᠷᠤᠯᠤᠨ ᠭᠤᠤᠯ᠂ ᠲᠠᠯᠠᠢ ᠨᠠᠭᠤᠷ ᠬᠠᠪᠢ ᠪᠠᠷ ᠨᠤᠳᠤᠭᠯᠠᠵᠤ ᠪᠠᠶᠢᠭᠰᠠᠨ ᠪᠤᠷᠢᠶᠠᠳ ᠮᠤᠩᠭᠤᠯᠴᠤᠳ ᠲᠤ ᠲᠤᠮᠢᠯᠠᠨ ᠢᠯᠡᠭᠡᠵᠤ᠂ ᠲᠡᠨᠳᠡᠬᠢ ᠲᠦᠯᠤᠭᠡᠯᠡᠬᠦ ᠬᠦᠮᠤᠰ ᠪᠤᠯᠤᠨ ᠮᠠᠯᠴᠢᠳ ᠤᠨ ᠬᠦᠰᠡᠯ ᠡᠷᠡᠮᠡᠯᠵᠡᠯ ᠢ ᠤᠢᠢᠯᠠᠭᠠᠬᠤ ᠶᠢᠨ ᠬᠠᠮᠳᠤ ᠨᠡᠭᠦᠨ ᠢᠷᠡᠭᠰᠡᠳ ᠢ ᠲᠤᠳᠤᠷᠬᠠᠢᠢᠯᠠᠨ ᠲᠠᠩᠰᠠᠯᠠᠵᠠᠢ᠃ ᠲᠡᠳᠡ ᠪᠤᠴᠠᠵᠤ ᠢᠷᠡᠭᠡᠳ ᠠᠮᠪᠠᠨ ᠶᠠᠮᠤᠨ ᠤ ᠡᠮᠤᠨ᠎ᠡ ᠠᠴᠠ ᠬᠠᠷᠠᠮᠦ᠋ᠷᠡᠨ ᠤ ᠳᠤ ᠵᠢᠶᠦ᠋ᠨ ᠶᠠᠮᠤᠨ ᠳᠤ ᠡᠨᠡ ᠬᠦ ᠤᠴᠢᠷ ᠢ ᠮᠡᠳᠡᠭᠦᠯᠦᠭᠰᠡᠨ ᠳᠤ᠂ ᠪᠤᠷᠢᠶᠠᠳ ᠤᠨ ᠨᠤᠳᠤᠭᠰᠢᠨ ᠰᠠᠭᠤᠬᠤ ᠶᠢ ᠵᠦᠪᠰᠢᠶᠡᠷᠡᠭᠰᠡᠨ ᠪᠠᠶᠢᠨ᠎ᠠ᠃ ᠡᠳᠡᠭᠡᠷ ᠪᠦᠬᠦ ᠶᠠᠪᠤᠴᠠ ᠳᠤ ᠠᠮᠪᠠᠨ ᠨᠤᠶᠠᠨ ᠬᠦᠢᠹᠦ᠋ ᠪᠤᠯᠤᠨ ᠲᠡᠭᠦᠨ ᠤ ᠵᠡᠭᠦᠨ ᠲᠠᠩᠬᠢᠮ ᠤᠨ ᠲᠠᠷᠤᠭ᠎ᠠ ᠴᠸᠡᠭᠳᠧ ︵ᠴᠡᠩᠳᠡ︶ ᠭᠦᠡᠭ ᠨᠠᠷ ᠶᠡᠭᠡ ᠲᠡᠮᠵᠢᠯᠭᠡ ᠦᠵᠡᠭᠦᠯᠦᠭᠰᠡᠨ ᠶᠤᠮ᠃      ᠡᠶᠢᠨ ᠬᠦ 1921 ᠤᠨ ᠤ 8 ᠳ᠋ᠤᠭᠠᠷ ᠰᠠᠷ᠎ᠠ ᠶᠢᠨ 28 ᠤ ᠡᠳᠤᠷ᠂ ᠬᠦᠯᠤᠨ ᠪᠤᠶᠢᠷ ᠤᠨ ᠮᠠᠶᠢᠷᠠᠨ ᠵᠠᠩᠭᠢ ᠶᠢᠨ ᠶᠠᠮᠤᠨ ᠠᠴᠠ ᠠᠯᠪᠠᠨ ᠪᠢᠴᠢᠭ ᠭᠠᠷᠭᠠᠨ᠂ ᠰᠢᠨᠡᠬᠡᠨ ᠭᠠᠵᠠᠷ ᠤᠷᠤᠨ ᠢ ᠰᠢᠨ᠎ᠡ ᠪᠠᠷ ᠨᠡᠭᠦᠵᠤ ᠢᠷᠡᠭᠰᠡᠨ ᠪᠤᠷᠢᠶᠠᠳ ᠮᠤᠩᠭᠤᠯᠴᠤᠳ ᠤᠨ ᠨᠤᠳᠤᠭ ᠪᠤᠯᠭᠠᠨ ᠰᠠᠭᠤᠷᠢᠰᠢᠭᠤᠯᠬᠤ ᠰᠢᠢᠳᠪᠤᠷᠢ ᠭᠠᠷᠭᠠᠬᠤ ᠶᠢᠨ ᠬᠠᠮᠳᠤ ᠵᠠᠰᠠᠭ ᠵᠠᠬᠢᠷᠭᠠᠨ ᠤ ᠲᠠᠯ᠎ᠠ ᠪᠠᠷ ᠪᠤᠷᠢᠶᠠᠳ ᠬᠤᠰᠢᠭᠤ ᠬᠡᠮᠡᠨ ᠪᠠᠶᠢᠭᠤᠯᠵᠤ᠂ ᠬᠦᠯᠤᠨ ᠪᠤᠶᠢᠷ ᠤᠨ ᠨᠢᠭᠡᠨ ᠪᠦᠷᠢᠯᠳᠤᠭᠦᠨ ᠪᠤᠯᠭᠠᠭᠰᠠᠨ ᠪᠠᠶᠢᠨ᠎ᠠ᠃ ᠠᠮᠪᠠᠨ ᠨᠤᠶᠠᠨ ᠠᠯᠪᠠᠨ ᠪᠢᠴᠢᠭ ᠪᠠᠭᠤᠯᠭᠠᠵᠤ᠂ ᠨᠤᠳᠤᠭ ᠬᠤᠪᠢᠶᠠᠨ ᠪᠤᠷᠢᠶᠠᠳ ᠬᠤᠰᠢᠭᠤ ᠪᠠᠶᠢᠭᠤᠯᠵᠤ᠂ ᠷᠠᠳᠨ᠎ᠠ ᠶᠢᠨ ᠠᠪᠢᠳᠠ ᠶᠢ ᠬᠤᠰᠢᠭᠤᠨ ᠲᠠᠷᠤᠭ᠎ᠠ ᠪᠠᠷ ᠲᠤᠮᠢᠯᠠᠪᠠ᠃ ᠡᠨᠡ ᠬᠦ ᠰᠢᠨᠡᠬᠡᠨ ᠬᠡᠮᠡᠬᠦ ᠭᠠᠵᠠᠷ ᠨᠢ ᠢᠮᠢᠨ᠂ ᠬᠤᠢ ᠬᠤᠶᠠᠷ ᠭᠤᠤᠯ ᠤᠨ ᠠᠭᠤᠯᠵᠠᠭᠤᠷ ᠠᠴᠠ ᠡᠮᠤᠨᠡᠰᠢ ᠢᠮᠢᠨ ᠭᠤᠤᠯ ᠤᠨ ᠬᠤᠶᠠᠷ ᠲᠠᠯ᠎ᠠ ᠪᠤᠯᠤᠨ ᠵᠡᠭᠦᠨᠰᠢ ᠪᠠᠨ ᠰᠢᠨᠡᠭᠡᠨ ᠭᠤᠤᠯ ᠤᠨ ᠬᠤᠶᠠᠷ ᠲᠠᠯ᠎ᠠ ᠶᠢ ᠲᠠᠭᠠᠭᠰᠠᠨ ᠪᠠ ᠡᠮᠤᠨᠡᠰᠢ ᠦᠢᠳᠬᠡᠨ᠂ ᠤᠭᠤᠨᠤ ᠶᠢᠨ ᠭᠤᠤᠯ ᠢ ᠪᠠᠭᠳᠠᠭᠠᠵᠤ᠂ ᠪᠠᠷᠠᠭᠤᠨᠰᠢ ᠪᠠᠨ ᠬᠤᠢ ᠭᠤᠤᠯ ᠲᠠᠭᠠᠭᠰᠠᠨ ᠭᠠᠵᠠᠷ ᠨᠤᠳᠤᠭ ᠪᠠᠶᠢᠪᠠ᠃ ᠢᠡᠭᠭᠢᠭᠡᠳ ᠰᠢᠨᠡᠬᠡᠨ ᠨᠤᠳᠤᠭ ᠲᠤ ᠠᠩᠬ᠎ᠠ ᠤᠳᠠᠭ᠎ᠠ ᠨᠡᠭᠦᠵᠤ ᠢᠷᠡᠭᠰᠡᠳ ᠨᠡᠶᠢᠳᠡ 170 ᠭᠠᠷᠤᠢ ᠡᠷᠤᠬᠡ᠂ 700 ᠭᠠᠷᠤᠢ ᠬᠦᠮᠤᠨ ᠠᠮᠠ ᠪᠠᠶᠢᠯ᠎ᠠ᠂ ᠡᠭᠦᠨ ᠳᠤ ᠠᠮᠪᠠᠨ ᠶᠠᠮᠤᠨ ᠤ ᠨᠤᠳᠤᠭ ᠤᠯᠭᠤᠬᠤ ᠠᠴᠠ ᠡᠮᠤᠨ᠎ᠡ ᠬᠦᠯᠤᠨ ᠪᠤᠶᠢᠷ ᠲᠤ ᠢᠷᠡᠭᠰᠡᠨ ᠴᠦᠬᠡᠨ ᠪᠤᠷᠢᠶᠠᠳ ᠮᠤᠩᠭᠤᠯᠴᠤᠳ ᠴᠤ ᠪᠠᠭᠳᠠᠨ᠎ᠠ᠃ ᠡᠳᠡᠭᠡᠷ ᠬᠦᠮᠤᠰ ᠦᠪᠡᠷ ᠤᠨ ᠬᠡᠮᠡᠬᠦ ᠨᠡᠷᠡᠯᠡᠭᠰᠡᠨ ᠭᠠᠵᠠᠷ ᠨᠤᠳᠤᠭ ᠦᠭᠡᠢ᠂ ᠰᠢᠨ᠎ᠡ ᠪᠠᠷᠭᠤ ᠪᠤᠯᠤᠨ ᠬᠠᠭᠤᠴᠢᠨ ᠪᠠᠷᠭᠤ ᠶᠢᠨ ᠠᠬ᠎ᠠ ᠲᠡᠭᠦᠤ ᠨᠠᠷ ᠤᠨ ᠨᠤᠳᠤᠭ ᠲᠤ ᠨᠤᠳᠤᠭᠯᠠᠵᠤ ᠪᠠᠶᠢᠭᠰᠠᠨ ᠪᠠᠶᠢᠳᠠᠯ ᠢ ᠡᠴᠤᠰᠯᠡᠭᠦᠯᠤᠨ᠂ ᠨᠠᠮᠳᠠᠭ ᠨᠤᠶᠠᠨ ᠢᠶᠠᠷ ᠲᠦᠷᠤᠭᠦᠯᠡᠭᠦᠯᠦᠭᠰᠡᠨ ᠨᠡᠭᠦᠨ ᠢᠷᠡᠭᠰᠡᠳ ᠲᠠᠢ ᠬᠠᠮᠳᠤ ᠰᠢᠨᠡᠭᠡᠨ ᠳᠤ ᠢᠷᠡᠭᠰᠡᠨ ᠪᠦᠬᠦ ᠪᠤᠷᠢᠶᠠᠳ᠂ ᠬᠦᠯᠤᠨ ᠪᠤᠶᠢᠷ ᠤᠨ ᠮᠠᠶᠢᠷᠠᠨ ᠵᠠᠩᠭᠢ ᠶᠢᠨ ᠶᠠᠮᠤᠨ ᠤ ᠵᠠᠬᠢᠷᠭᠠᠨ ᠲᠤᠤᠷ᠎ᠠ ᠲᠤᠮᠳᠠᠳᠤ ᠢᠷᠭᠡᠨ ᠤᠯᠤᠰ ᠤᠨ ᠬᠠᠷᠢᠶᠠᠳᠤ ᠢᠷᠭᠡᠨ ᠪᠤᠯᠵᠤ᠂ ᠦᠪᠡᠷ ᠤᠨ ᠬᠡᠮᠡᠬᠦ ᠨᠤᠳᠤᠭ ᠤᠷᠤᠨ ᠲᠠᠢ᠂ ᠵᠠᠰᠠᠭ ᠵᠠᠬᠢᠷᠭ᠎ᠠ ᠲᠠᠢ ᠪᠤᠯᠤᠭᠰᠠᠨ ᠪᠠᠶᠢᠨ᠎ᠠ᠃ ᠠᠩᠬ᠎ᠠ ᠰᠢᠨᠡᠬᠡᠨ ᠳᠤ ᠢᠷᠡᠭᠰᠡᠨ ᠪᠤᠷᠢᠶᠠᠳ ᠮᠤᠩᠭᠤᠯᠴᠤᠳ ᠤᠨ ᠤᠯᠠᠩᠭᠢ ᠨᠢ ᠪᠤᠤᠷᠵᠢ᠂ ᠦᠯᠢᠷᠡᠩᠭᠡ ᠨᠤᠳᠤᠭ ᠤᠨ ᠬᠢᠨ ᠪᠠᠶᠢᠵᠤ᠂ ᠠᠭ᠎ᠠ᠂ ᠤᠨᠤᠨ ᠨᠤᠳᠤᠭ ᠤᠨ ᠬᠢᠨ ᠴᠦᠬᠡᠨ ᠪᠠᠶᠢᠪᠠ᠃ ᠡᠳᠡᠭᠡᠷ ᠠᠩᠬ᠎ᠠ ᠨᠡᠭᠦᠨ ᠢᠷᠡᠭᠰᠡᠳ ᠤᠨ ᠤᠯᠠᠩᠭᠢ ᠨᠢ ᠢᠮᠢᠨ ᠭᠤᠤᠯ ᠤᠨ ᠵᠡᠭᠦᠨ ᠲᠠᠯ᠎ᠠ᠂ ᠰᠢᠨᠡᠬᠡᠨ ᠭᠤᠤᠯ ᠢ ᠲᠠᠭᠠᠵᠤ ᠨᠤᠳᠤᠭᠰᠢᠨ ᠰᠠᠭᠤᠷᠢᠰᠢᠪᠠ᠃ ᠢᠮᠢᠨ ᠭᠤᠤᠯ ᠤᠨ ᠪᠠᠷᠠᠭᠤᠨ ᠲᠠᠯ᠎ᠠ ᠳᠤ ᠬᠤᠢ ᠶᠢᠨ ᠭᠤᠤᠯ ᠢ ᠲᠠᠭᠠᠵᠤ ᠨᠢᠭᠡ ᠪᠦᠯᠦᠭ ᠠᠶᠢᠯ ᠤᠳ ᠤᠳᠤᠷᠯᠠᠨ ᠨᠡᠭᠦᠳᠡᠭ ᠪᠠᠶᠢᠭᠰᠨᠨ ᠪᠤᠯᠪᠠᠴᠤ ᠬᠤᠯᠠᠭᠠᠢ ᠲᠡᠭᠡᠷᠡᠮ ᠤᠨ ᠠᠶᠤᠯ ᠠᠴᠠ ᠵᠠᠶᠢᠯᠠᠵᠤ᠂ ᠢᠮᠢᠨ ᠭᠤᠤᠯ ᠤᠨ ᠵᠡᠭᠦᠨ ᠲᠠᠯ᠎ᠠ ᠳᠤ ᠭᠠᠷᠴᠤ ᠰᠠᠭᠤᠷᠢᠰᠢᠯ ᠪᠠᠶᠢᠭᠤᠯᠵᠤ ᠡᠪᠤᠯᠵᠢᠬᠦ ᠪᠤᠯᠪᠠ᠃ ᠢᠡᠭᠭᠢᠭᠡᠳ ᠠᠭ᠎ᠠ ᠨᠤᠳᠤᠭ ᠤᠨ ᠬᠦᠮᠤᠰ ᠵᠠᠯᠭ᠎ᠠ ᠪᠠᠷ ᠨᠡᠮᠡᠵᠤ ᠢᠷᠡᠭᠰᠡᠭᠡᠷ ᠬᠡᠳᠤᠬᠡᠨ ᠵᠢᠯ ᠤᠨ ᠲᠤᠳᠤᠷ᠎ᠠ 800 ᠰᠢᠬᠠᠮ ᠡᠷᠤᠬᠡ᠂ 3000 ᠤᠷᠴᠢᠮ ᠬᠦᠮᠤᠨ ᠠᠮᠠ ᠲᠠᠢ ᠪᠤᠯᠤᠭᠰᠨᠨ ᠪᠠᠶᠢᠨ᠎ᠠ᠃      ᠰᠢᠨᠡᠬᠡᠨ ᠳᠤ ᠢᠷᠡᠭᠰᠡᠨ ᠪᠤᠷᠢᠶᠠᠳ ᠮᠤᠩᠭᠤᠯᠴᠤᠳ ᠢ ᠲᠤᠯᠤᠭᠠᠢᠢᠯᠠᠨ ᠲᠠᠭᠠᠭᠤᠯᠵᠤ ᠢᠷᠡᠭᠰᠡᠨ ᠬᠦᠮᠤᠨ ᠪᠤᠯ ᠪᠠᠵᠠᠷ ᠤᠨ ᠨᠠᠮᠳᠠᠭ ᠨᠤᠶᠠᠨ ᠪᠦᠭᠡᠳ ᠲᠡᠷᠡ ᠤᠷᠢᠳ ᠬᠤᠵᠢᠳ 2 ᠤᠳᠠᠭ᠎ᠠ ᠬᠦᠯᠤᠨ ᠪᠤᠶᠢᠷ ᠲᠤ ᠢᠷᠡᠵᠤ᠂ ᠪᠦᠬᠦ ᠶᠠᠪᠤᠳᠠᠯ ᠢ ᠬᠢᠵᠤ ᠦᠭᠭᠦᠭᠰᠡᠨ ᠪᠤᠯᠪᠠᠴᠤ 1921 ᠤᠨ ᠳᠤ ᠠᠭ᠎ᠠ ᠨᠤᠳᠤᠭ ᠲᠠᠭᠠᠨ ᠪᠤᠴᠠᠵᠤ ᠲᠠᠬᠢᠨ ᠢᠷᠡᠭᠰᠡᠨ ᠦᠭᠡᠢ ︵ᠰᠤᠨᠤᠰᠤᠯᠳᠠ ᠪᠠᠷ ᠲᠦᠷᠭᠡᠨ ᠡᠪᠡᠳᠴᠢᠨ ᠢᠶᠠᠷ ᠨᠠᠰᠤ ᠪᠤᠯᠤᠭᠰᠨᠨ ᠭᠡᠨ᠎ᠡ︶᠃ ᠬᠠᠷᠢᠨ ᠲᠡᠭᠦᠨ ᠤ ᠡᠬᠡᠨᠡᠷ᠂ ᠬᠦᠤ ᠪᠠᠪᠤᠤ ᠲᠠᠢ ᠪᠠᠨ᠂ ᠲᠡᠭᠦᠤ ᠨᠢ ᠪᠠᠵᠠᠷ ᠤᠨ ᠠᠶᠤᠰᠢ ᠭᠡᠷ ᠪᠦᠯᠢ ᠲᠠᠢ ᠪᠠᠨ ᠨᠡᠭᠦᠵᠤ ᠢᠷᠡᠭᠰᠡᠨ ᠶᠤᠮ᠃ ᠲᠡᠷᠡ ᠦᠶ᠎ᠡ ᠳᠤ ᠨᠤᠳᠤᠭ ᠪᠦᠬᠦᠨ ᠠᠴᠠ ᠨᠡᠭᠦᠳᠡᠯᠯᠡᠨ ᠭᠠᠷᠴᠤ ᠢᠷᠡᠭᠰᠡᠨ ᠠᠶᠢᠯ ᠤᠳ ᠤᠨ ᠲᠤᠳᠤᠷ᠎ᠠ ᠲᠤᠰ ᠪᠦᠷᠢ ᠤᠷᠢᠳᠤ ᠪᠠᠨ ᠬᠠᠷᠠᠵᠤ ᠲᠠᠭᠠᠵᠤ ᠶᠠᠪᠤᠳᠠᠭ ᠲᠤᠮᠤᠭᠠᠳᠠᠨ ᠬᠦᠮᠤᠰ ᠲᠠᠢ ᠪᠠᠶᠢᠪᠠ᠃ ᠡᠳᠡᠭᠡᠷ ᠢ ᠶᠡᠬᠡᠪᠴᠢᠯᠡᠨ ᠲᠤᠷᠠᠳᠪᠠᠯ ᠄ ᠠᠭ᠎ᠠ ᠨᠤᠳᠤᠭ ᠤᠨ ᠬᠢᠨ ᠳᠤ ᠪᠠᠵᠠᠷ ᠤᠨ ᠠᠶᠤᠰᠢ᠂ ᠪᠠᠳᠮ᠎ᠠ ᠶᠢᠨ ᠱᠢᠷᠨᠢᠨ᠃ ᠪᠤᠤᠷᠵᠢ ᠨᠤᠳᠤᠭ ᠤᠨ ᠬᠢᠨ ᠳᠤ ᠷᠠᠳᠨ᠎ᠠ ᠶᠢᠨ ᠠᠪᠢᠳᠠ᠂ ᠭᠠᠷᠮ᠎ᠠ ᠶᠢᠨ ᠦᠷᠵᠢᠨ᠃ ᠦᠯᠢᠷᠡᠩᠭᠡ ᠨᠤᠳᠤᠭ ᠤᠨ ᠬᠢᠨ ᠳᠤ ᠵᠤᠳᠪᠠ ᠶᠢᠨ ᠪᠠᠳᠮ᠎ᠠ᠂ ᠵᠠᠮᠰᠠᠷᠠᠨ ᠤ ᠠᠶᠤᠰᠢ᠂ ᠱᠦᠢᠮᠫᠤᠯ ᠤᠨ ᠳ᠋ᠠᠰᠢ᠃ ᠤᠨᠤᠨ ᠨᠤᠳᠤᠭ ᠤᠨ ᠬᠢᠨ ᠳᠤ ᠰᠡᠩᠭᠡ ᠶᠢᠨ ᠳ᠋ᠤᠯᠮ᠎ᠠ᠂ ᠮᠢᠨᠳᠡᠭ ᠤᠨ ᠮᠢᠵᠢᠳ ᠵᠡᠷᠭᠡ ᠶᠢᠨ ᠲᠤᠮᠤᠭᠠᠳᠠᠳ ᠪᠠᠶᠢᠪᠠ᠃ ᠡᠭᠦᠨ ᠠᠴᠠ ᠭᠠᠳᠠᠨ᠎ᠠ᠂ ᠲᠠᠪᠠᠭ᠋ᠠᠢ ᠶᠢᠨ ᠲᠤᠭᠠᠷ ᠴᠡᠷᠡᠨᠵᠠᠪ ᠤᠨ ᠷᠢᠨᠴᠢᠨᠳᠤᠷᠵᠢ᠂ ᠬᠤᠷᠤᠳᠬ᠎ᠠ ᠶᠢᠨ ᠮᠠᠷᠭᠤ᠂ ᠨᠠᠮᠰᠠᠷᠠᠢ ᠶᠢᠨ ᠰᠤᠩᠳᠤᠢ ︵ᠪᠠᠯᠬᠤᠵᠢᠨ︶᠂ ᠮᠠᠬᠠᠷ ᠭᠤᠮᠪᠤ᠂ ᠴᠠᠪᠡᠭ ᠤᠨ ᠬᠤᠯᠬᠤᠢ᠂ ᠭᠤᠮᠪᠤ ᠶᠢᠨ ᠮᠤᠬᠠᠨ ᠵᠡᠷᠭᠡ ᠶᠢᠨ ᠨᠡᠯᠢᠶᠡᠳ ᠨᠡᠷᠡᠳᠠᠢ ᠬᠦᠮᠤᠰ ᠪᠠ ᠪᠠᠶᠠᠴᠤᠤᠯ ᠪᠠᠶᠢᠪᠠ᠃ ᠲᠡᠷᠡᠴᠢᠯᠡᠨ ᠱᠠᠰᠢᠨ ᠤ ᠲᠠᠯ᠎ᠠ ᠳᠤ᠂ ᠴᠦᠬᠡᠯ ᠪᠤᠯᠤᠨ ᠠᠭ᠎ᠠ ᠶᠢᠨ ᠳ᠋ᠠᠴᠠᠩ ᠤᠳ ᠠᠴᠠ ᠭᠠᠷᠴᠤ ᠢᠷᠡᠭᠰᠡᠨ ᠨᠠᠶᠠᠨᠳᠠᠢ ᠶᠢᠨ ᠵᠠᠯᠴᠠᠨ᠂ ᠲᠠᠭᠠᠷᠢᠨ ᠭᠡᠭᠡᠨ ︵ᠲᠦᠪᠡᠳ ᠬᠦᠮᠤᠨ︶᠂ ᠭᠤᠨᠭ᠍ᠴᠤᠭ ᠤᠨ ᠨᠠᠶᠢᠳᠠᠨ ᠳ᠋ᠤᠷᠤᠮᠪᠠ᠂ ᠬᠡᠰᠢᠭᠳᠦ ᠶᠢᠨ ᠰᠢᠷᠠᠪ᠂ ᠶᠢᠰᠢ ᠮᠡᠷᠡᠮᠪᠠ᠂ ᠷᠠᠳᠨ᠎ᠠ ᠶᠢᠨ ᠮᠠᠭᠰᠤᠷ᠂ ᠮᠦᠡᠭᠬᠡ ᠶᠢᠨ ᠲᠤᠷᠵᠢ᠂ ᠲᠡᠩᠵᠡᠨ ᠤ ᠭᠠᠴᠢᠨ᠂ ᠳ᠋ᠤᠯᠳᠢ ᠶᠢᠨ ᠭᠡᠭᠡᠨ ᠵᠡᠷᠭᠡ ᠶᠢᠨ ᠶᠡᠭᠡ ᠯᠠᠮᠠ ᠨᠠᠷ ᠨᠡᠯᠢᠶᠡᠳ ᠪᠠᠶᠢᠪᠠ᠃ ᠰᠢᠨᠡᠬᠡᠨ ᠨᠤᠳᠤᠭ ᠲᠤ ᠪᠤᠷᠢᠶᠠᠳ ᠮᠤᠩᠭᠤᠯᠴᠤᠳ ᠢᠷᠡᠭᠰᠡᠨ ᠤ ᠲᠠᠷᠠᠭ᠎ᠠ᠂ ᠤᠤᠯ ᠤᠨ ᠴᠠᠭᠠᠨᠳᠠᠨ ᠤ ᠴᠡᠷᠢᠭ ᠲᠤ ᠡᠯᠰᠡᠭᠳᠡᠭᠡᠳ ᠶᠠᠪᠤᠭᠰᠠᠨ ᠢᠶᠠᠨ ᠲᠤᠳᠠᠭᠠᠨ ᠭᠠᠷᠴᠤ ᠢᠷᠡᠭᠰᠡᠨ ᠰᠡᠯᠡᠩᠭᠡ᠂ ᠵᠠᠳ᠋ ᠨᠤᠳᠤᠭ ᠤᠨ ᠰᠠᠷᠳᠠᠭᠤᠤᠯ᠂ ᠴᠤᠩᠭᠤᠤᠯ ᠤᠪᠤᠭᠳᠤ ᠬᠦᠮᠤᠰ᠂ ᠡᠷᠺᠦ ᠭᠠᠵᠠᠷ ᠤᠨ ᠪᠤᠤᠬᠠᠨ᠂ ᠪᠤᠯᠠᠭᠠᠨ ᠨᠤᠳᠤᠭ ᠤᠨ ᠬᠦᠮᠤᠰ᠂ ᠪᠠᠷᠭᠤᠵᠢᠨ ᠬᠤᠷᠢ ᠨᠤᠳᠤᠭ ᠤᠨ ᠬᠦᠮᠤᠰ ᠴᠦᠬᠡᠨ ᠲᠤᠭᠠᠳᠠᠢ ᠪᠠᠶᠢᠵᠤ ᠰᠢᠨᠡᠬᠡᠨ ᠤ ᠪᠤᠷᠢᠶᠠᠳ ᠢ ᠲᠦᠰᠢᠭᠯᠡᠨ ᠢᠷᠡᠵᠤ ᠰᠠᠭᠤᠷᠢᠰᠢᠭᠰᠠᠳ ᠪᠠᠶᠢᠭᠰᠨᠨ ᠶᠤᠮ᠃ ᠮᠦᠨ ᠬᠢᠯᠢ ᠤᠷᠴᠢᠮ ᠦᠯᠢᠷᠡᠩᠭᠡ᠂ ᠪᠤᠤᠷᠵᠢ᠂ ᠤᠨᠤᠨ ᠵᠡᠷᠭᠡ ᠶᠢᠨ ᠨᠤᠳᠤᠭ ᠤᠳ ᠲᠤ ᠪᠤᠷᠢᠶᠠᠳᠴᠤᠳ ᠲᠠᠢ ᠬᠠᠮᠳᠤ ᠰᠠᠭᠤᠵᠤ ᠪᠠᠶᠢᠭᠰᠠᠨ ᠬᠠᠮᠨᠢᠭᠠᠨ ᠠᠶᠢᠯ ᠤᠳ ᠪᠠᠰᠠ ᠪᠤᠷᠢᠶᠠᠤᠴᠤᠳ ᠲᠠᠢ ᠬᠠᠮᠳᠤ ᠨᠡᠭᠦᠳᠡᠯᠯᠡᠨ ᠬᠢᠯᠢ ᠲᠠᠪᠠᠵᠤ ᠭᠠᠷᠴᠤ ᠢᠷᠡᠭᠡᠳ ᠨᠢᠭᠡ ᠪᠦᠯᠦᠭ ᠨᠢ ᠲᠡᠨᠢᠭᠡ᠂ ᠮᠡᠷᠭᠡᠯ ᠵᠡᠷᠭᠡ ᠶᠢᠨ ᠭᠠᠵᠠᠷ ᠤᠳ ᠢᠶᠠᠷ ᠲᠤᠬᠢᠷᠠᠭᠤᠯᠤᠭᠳᠠᠨ ᠨᠤᠳᠤᠭᠰᠢᠪᠠ᠃      ᠬᠦᠯᠤᠨ ᠪᠤᠶᠢᠷ ᠤᠨ ᠠᠮᠪᠠᠨ ᠶᠠᠮᠤᠨ ᠤ ᠭᠠᠷᠭᠠᠭᠰᠠᠨ ᠠᠯᠪᠠᠨ ᠪᠢᠴᠢᠭ ᠤᠨ ᠶᠤᠰᠤᠭᠠᠷ ᠰᠢᠨ᠎ᠡ ᠲᠤᠮᠢᠯᠠᠭᠰᠠᠨ ᠤᠭᠤᠷᠳᠠ ᠷᠠᠳᠨ᠎ᠠ ᠶᠢᠨ ᠠᠪᠢᠳᠠ ᠬᠤᠰᠢᠭᠤ ᠰᠤᠮᠤ ᠨᠤᠭᠤᠳ ᠢᠶᠠᠨ ᠴᠡᠭᠴᠡᠯᠡᠨ ᠪᠠᠶᠢᠭᠤᠯᠬᠤ ᠠᠵᠢᠯ ᠢᠶᠠᠨ ᠭᠠᠷᠳᠠᠨ ᠬᠢᠪᠠ᠃ ᠪᠦᠬᠦ ᠠᠶᠢᠯ ᠤᠳ ᠢᠶᠠᠨ 4 ᠰᠤᠮᠤᠨ ᠳᠤ ᠬᠤᠪᠢᠶᠠᠨ ᠲᠦᠷᠪᠡᠳᠤᠭᠡᠷ ᠰᠤᠮᠤ ᠪᠤᠯᠭᠠᠵᠤ᠂ ᠲᠤᠰ ᠪᠦᠷᠢ ᠨᠢᠭᠡ ᠰᠤᠮᠤᠨ ᠵᠠᠩᠭᠢ ᠪᠠ ᠰᠤᠮᠤᠨ ᠤ ᠬᠠᠹᠠᠨ ︵ᠤᠷᠤᠯᠠᠨ ᠬᠦᠭᠡᠭᠡᠭᠴᠢ︶ ᠲᠤᠬᠢᠷᠠᠭᠤᠯᠤᠨ ᠨᠤᠳᠤᠭ ᠤᠷᠤᠨ ᠤ ᠦᠨᠳᠤᠰᠤᠨ ᠵᠠᠬᠢᠷᠭ᠎ᠠ ᠪᠤᠯᠭᠠᠪᠠ᠃ ᠪᠤᠷᠢᠶᠠᠳᠴᠤᠳ ᠲᠠᠢ ᠬᠠᠮᠳᠤ ᠨᠡᠭᠦᠵᠤ ᠢᠷᠡᠭᠰᠡᠨ ᠤᠯᠠᠨ ᠬᠠᠮᠨᠢᠭᠠᠨ ᠠᠶᠢᠯ ᠤᠳ ᠤᠨ ᠤᠯᠠᠩᠬᠢ ᠶᠢ ᠨᠢ ᠬᠠᠶᠢᠯᠠᠷ ᠭᠤᠤᠯ ᠤᠨ ᠠᠷᠤ ᠲᠠᠯ᠎ᠠ᠂ ᠲᠡᠨᠢᠬᠡ᠂ ᠮᠡᠷᠭᠡᠯ ᠵᠡᠷᠭᠡ ᠶᠢᠨ ᠭᠠᠵᠠᠷ ᠤᠳ ᠢᠶᠠᠷ ᠨᠤᠳᠤᠭ ᠲᠤᠬᠢᠷᠠᠭᠤᠯᠵᠤ 2 ᠰᠤᠮᠤ ᠪᠤᠯᠭᠠᠨ ᠲᠡᠷᠡ ᠦᠶ᠎ᠡ ᠶᠢᠨ ᠰᠤᠯᠤᠨ ᠵᠡᠭᠦᠨ ᠭᠠᠷ ᠤᠨ ᠵᠠᠬᠢᠷᠭ᠎ᠠ ᠳᠤ ᠬᠠᠮᠢᠶᠠᠷᠤᠭᠤᠯᠪᠠ᠃ ᠡᠨᠡ ᠨᠢ ᠤᠳᠤ ᠶᠢᠨ ᠬᠠᠭᠤᠴᠢᠨ ᠪᠠᠷᠭᠤ ᠬᠤᠰᠢᠭᠤᠨ ᠳᠤ ᠪᠠᠶᠢᠬᠤ ᠡᠸᠡᠩᠬᠢ ᠰᠤᠮᠤᠨ ᠤ ᠪᠦᠷᠢᠯᠳᠦᠭᠰᠡᠨ ᠤᠤᠯ ᠤᠨ ᠰᠠᠭᠤᠷᠢ ᠪᠢᠯᠡ᠃ ᠰᠢᠨᠡᠬᠡᠨ ᠤ ᠪᠤᠷᠢᠶᠠᠳ ᠬᠤᠰᠢᠭᠤᠨ ᠳᠤ ᠮᠦᠨ ᠴᠤ ᠬᠡᠳᠤᠨ ᠠᠷᠪᠠᠨ ᠬᠠᠮᠨᠢᠭᠠᠨ ᠠᠶᠢᠯ ᠤᠳ ᠦᠯᠡᠳᠡᠵᠤ ᠰᠠᠭᠤᠷᠢᠰᠢᠭᠠᠳ ᠤᠳᠤ ᠬᠦᠷᠳᠡᠯ᠎ᠡ ᠪᠤᠷᠢᠶᠠᠳᠴᠤᠳ ᠲᠠᠢ ᠬᠠᠮᠳᠤ ᠰᠠᠭᠤᠵᠤ ᠪᠠᠶᠢᠳᠠᠭ᠃ ᠶᠡᠷᠤ ᠳᠡᠭᠡᠨ ᠬᠠᠮᠨᠢᠭᠠᠨ ᠪᠤᠯ ᠪᠤᠷᠢᠶᠠᠳ ᠨᠠᠷ ᠲᠠᠢ ᠦᠯᠢᠷᠡᠩᠭᠡ᠂ ᠪᠤᠤᠷᠵᠢ᠂ ᠤᠨᠤᠨ ᠵᠡᠷᠭᠡ ᠶᠢᠨ ᠨᠤᠳᠤᠭ ᠤᠳ ᠲᠤ ᠬᠠᠮᠳᠤ ᠰᠠᠭᠤᠵᠤ ᠪᠠᠶᠢᠭᠰᠠᠨ ᠢᠶᠠᠨ ᠮᠦᠨ ᠬᠠᠮᠳᠤ ᠪᠠᠷ ᠨᠡᠭᠦᠳᠡᠯᠯᠡᠨ ᠭᠠᠷᠴᠤ ᠢᠷᠡᠭᠡᠳ ᠰᠢᠨᠡᠬᠡᠨ ᠳᠤ ᠢᠷᠡᠭᠰᠡᠨ ᠠᠴᠠ ᠬᠤᠶᠢᠰᠢ ᠴᠤ ᠨᠢᠭᠡ ᠪᠦᠯᠦᠭ ᠨᠢ ᠪᠤᠷᠢᠶᠠᠳᠴᠤᠳ ᠲᠠᠢ ᠤᠳᠠᠭᠠᠨ ᠬᠤᠭᠤᠴᠠᠭ᠎ᠠ ᠪᠠᠷ ᠬᠠᠮᠳᠤ ᠤᠷᠤᠰᠢᠨ ᠰᠠᠭᠤᠭᠰᠨᠨ ᠤ ᠬᠤᠪᠢ ᠳᠤ᠂ ᠤᠷᠤᠭ ᠲᠦᠷᠤᠯ ᠤᠨ ᠬᠠᠷᠢᠴᠠᠭ᠎ᠠ ᠮᠠᠰᠢ ᠤᠯᠠᠨ ᠪᠤᠯᠵᠤ ᠤᠳᠤ ᠶᠢᠨ ᠪᠠᠶᠢᠳᠠᠯ ᠢᠶᠠᠷ ᠤᠪᠤᠭ ᠬᠠᠯᠠ ᠶᠢ ᠨᠢ ᠮᠦᠷᠳᠡᠵᠤ ᠯᠡ ᠮᠡᠳᠡᠬᠦ ᠠᠴᠠ ᠪᠤᠰᠤ ᠶᠡᠷᠤ ᠳᠡᠭᠡᠨ ᠪᠤᠷᠢᠶᠠᠳ ᠬᠠᠮᠨᠢᠭᠠᠨ ᠬᠡᠮᠡᠨ ᠢᠯᠭᠠᠬᠤ ᠳᠤ ᠪᠡᠷᠭᠡᠳᠠᠢ ᠪᠤᠯᠤᠭᠠᠳ ᠪᠠᠶᠢᠨ᠎ᠠ᠃      ᠪᠤᠷᠢᠶᠠᠳ ᠮᠤᠩᠭᠤᠯᠴᠤᠳ ᠰᠢᠨᠡᠬᠡᠨ ᠳᠤ ᠨᠤᠳᠤᠭ ᠤᠷᠤᠨ᠂ ᠪᠠᠶᠢᠷᠢ ᠰᠠᠭᠤᠷᠢ ᠪᠠᠨ ᠤᠯᠵᠤ ᠵᠠᠰᠠᠭ ᠵᠠᠬᠢᠷᠭ᠎ᠠ ᠲᠠᠢ ᠪᠤᠯᠵᠤ ᠲᠠᠶᠢᠪᠤᠰᠢᠷᠠᠨ ᠡᠬᠢᠯᠡᠭᠰᠡᠨ ᠠᠴᠠ ᠬᠤᠶᠢᠰᠢ ᠠᠷᠪᠠᠭᠠᠳ ᠵᠢᠯ ᠤᠨ ᠲᠤᠷᠰᠢ ᠳᠤ ᠦᠷᠬᠦᠯᠵᠢ ᠶᠢᠨ ᠴᠢᠨᠠᠷᠳᠠᠢ ᠪᠠᠷ ᠤᠷᠤᠰ ᠤᠷᠤᠨ ᠤ ᠪᠤᠷᠢᠶᠠᠳ ᠤᠨ ᠨᠤᠳᠤᠭ ᠪᠦᠬᠦᠨ ᠠᠴᠠ ᠤᠯᠠᠨ ᠴᠦᠬᠡᠨ ᠠᠳᠠᠯᠢ ᠪᠤᠰᠤ ᠪᠠᠷ ᠬᠦᠮᠤᠰ ᠨᠡᠮᠡᠵᠤ ᠢᠷᠡᠭᠰᠡᠭᠡᠷ ᠯᠡ ᠪᠠᠶᠢᠪᠠ᠃ ᠭᠠᠭᠴᠠ ᠬᠤᠶᠠᠷ ᠬᠦᠮᠤᠰ᠂ ᠭᠤᠷᠪᠠ ᠲᠠᠪᠤᠨ ᠬᠦᠮᠤᠰ ᠪᠤᠶᠤ ᠬᠡᠳᠤᠨ ᠡᠷᠤᠬᠡ᠂ ᠬᠡᠳᠤᠨ ᠠᠷᠪᠠᠨ ᠡᠷᠤᠬᠡ ᠭᠡᠬᠦ ᠮᠡᠳᠤ ᠪᠠᠷ ᠤᠷᠢᠳ ᠬᠤᠵᠢᠳ ᠦᠷᠬᠦᠯᠵᠢᠯᠡᠵᠤ᠂ 1929 ᠤᠨ ᠤ ᠡᠬᠢᠨ ᠳᠤ ᠪᠤᠤᠷᠵᠢ᠂ ᠲᠠᠷᠢ ᠨᠤᠳᠤᠭ ᠤᠳ ᠤᠨ 100 ᠭᠠᠷᠤᠢ ᠡᠷᠤᠬᠡ ᠠᠶᠢᠯ ᠮᠠᠯ ᠬᠦᠷᠤᠩᠭᠡ᠂ ᠭᠡᠷ ᠪᠦᠯᠢ ᠲᠠᠢ ᠪᠠᠨ ᠪᠦᠭᠡᠮ ᠢᠶᠠᠷ ᠨᠡᠭᠦᠳᠡᠯᠯᠡᠨ ᠬᠢᠯᠢ ᠲᠠᠪᠠᠵᠤ ᠭᠠᠷᠴᠤ ᠢᠷᠡᠭᠰᠡᠨ ᠡᠳᠡᠭᠡᠷ ᠢ ᠲᠤᠷᠵᠢ ᠶᠢᠨ ᠬᠤᠯᠬᠤᠨ ᠪᠤᠯᠤᠨ ᠪᠤᠳ᠋ ᠤᠨ ᠴᠠᠷᠠᠶᠢᠳᠠᠷ ᠬᠤᠶᠠᠷ ᠭᠡᠷ ᠠᠬᠠᠯᠠᠨ ᠲᠠᠭᠠᠭᠤᠯᠵᠤ ᠢᠷᠡᠭᠰᠡᠨ ᠶᠤᠮ᠃ ᠮᠦᠨ ᠲᠡᠷᠡ ᠦᠶ᠎ᠡ ᠳᠤ ᠮᠤᠩᠭᠤᠯ ᠤᠯᠤᠰ ᠤᠨ ᠬᠠᠯᠬ᠎ᠠ ᠨᠦᠮᠤᠷᠭᠡ ᠶᠢᠨ ᠬᠤᠰᠢᠭᠤᠨ ᠤ ᠪᠤᠷᠢᠶᠠᠳ ᠨᠠᠷ ᠠᠴᠠ ᠬᠡᠳᠤᠨ ᠡᠷᠤᠬᠡ ᠬᠦᠮᠤᠰ ᠭᠠᠷᠴᠤ ᠢᠷᠡᠭᠰᠡᠨ ᠤᠳᠠᠭ᠎ᠠ ᠴᠤ ᠪᠠᠶᠢᠪᠠ᠃ ᠡᠶᠢᠮᠤᠷᠬᠦᠤ ᠪᠠᠶᠢᠳᠠᠯ ᠠᠩᠬ᠎ᠠ ᠬᠤᠰᠢᠭᠤ ᠪᠤᠯᠤᠭᠰᠠᠨ ᠠᠴᠠ ᠬᠤᠶᠢᠰᠢ 10 ᠵᠢᠯ ᠦᠷᠬᠦᠯᠵᠢᠯᠡᠵᠤ᠂ ᠢᠷᠡᠭᠰᠡᠳ ᠤᠨ ᠤᠯᠠᠩᠬᠢ ᠨᠢ ᠭᠡᠷ ᠪᠠᠷᠠᠭ᠎ᠠ ᠦᠭᠡᠢ᠂ ᠮᠠᠯ ᠬᠦᠷᠤᠩᠭᠡ ᠦᠭᠡᠢ᠂ ᠲᠠᠩ ᠮᠤᠷᠢ ᠪᠤᠶᠤ ᠨᠢᠭᠡ ᠬᠤᠶᠠᠷ ᠲᠡᠷᠭᠡ ᠤᠨᠤᠯᠭ᠎ᠠ ᠲᠠᠢ ᠪᠠᠷ ᠭᠡᠷ ᠪᠦᠯᠢ ᠪᠠᠨ ᠠᠪᠴᠤ ᠢᠷᠡᠭᠰᠡᠳ ᠠᠯᠢ ᠤᠯᠠᠨ ᠪᠠᠶᠢᠪᠠ᠃     1929 ᠤᠨ ᠪᠤᠯᠬᠤ ᠳᠤ ᠰᠢᠨᠡᠭᠡᠨ ᠤ ᠪᠤᠷᠢᠶᠠᠳ ᠮᠤᠩᠭᠤᠯᠴᠤᠳ ᠤᠨ ᠬᠦᠮᠤᠰ ᠨᠠᠮᠡᠵᠤ ᠢᠷᠡᠭᠰᠡᠭᠡᠷ ᠪᠠᠶᠢᠭᠠᠳ ᠡᠷᠤᠬᠡ ᠶᠢᠨ ᠲᠤᠭ᠎ᠠ 900 ᠰᠢᠬᠠᠮ᠂ ᠬᠦᠮᠤᠨ ᠠᠮᠠ 4000 ᠤᠷᠴᠢᠮ ᠪᠤᠯᠵᠤ ᠠᠮᠪᠠᠨ ᠶᠠᠮᠤᠨ ᠠᠴᠠ ᠪᠤᠷᠢᠶᠠᠳ ᠬᠤᠰᠢᠭᠤ ᠶᠢ ᠦᠷᠭᠡᠳᠭᠡᠨ ᠪᠠᠷᠠᠭᠤᠨ ᠵᠡᠭᠦᠨ ᠬᠤᠶᠠᠷ ᠭᠠᠷ᠂ ᠨᠠᠢᠮᠠᠨ ᠰᠤᠮᠤ ᠪᠤᠯᠭᠠᠬᠤ ᠰᠢᠢᠳᠪᠤᠷᠢ ᠶᠢ 1929 ᠤᠨ ᠤ 4 ᠳ᠋ᠤᠭᠡᠷ ᠰᠠᠷ᠎ᠠ ᠳᠤ ᠭᠠᠷᠭᠠᠨ᠂ ᠮᠢᠨᠳᠡᠭ ᠤᠨ ᠮᠢᠵᠢᠳ ᠢ ᠦᠷᠬᠦᠯᠵᠢᠯᠡᠨ ᠪᠦᠭᠦᠳᠡ ᠶᠢᠨ ᠲᠠᠷᠤᠭ᠎ᠠ ᠤᠭᠤᠷᠳᠠ ᠪᠠᠷ ᠠᠵᠢᠯᠯᠠᠭᠤᠯᠤᠨ᠂ ᠵᠡᠭᠦᠨ ᠭᠠᠷ ᠤᠨ ᠲᠡᠳ᠋ ᠲᠠᠷᠤᠭ᠎ᠠ ︵ᠭᠠᠯᠢᠳᠠ︶ ᠳᠤ ᠵᠠᠮᠰᠠᠷᠠᠨ ᠤ ᠠᠶᠤᠰᠢ᠂ ᠪᠠᠷᠠᠭᠤᠨ ᠭᠠᠷ ᠤᠨ ᠲᠡᠳ᠋ ᠲᠠᠷᠤᠭ᠎ᠠ ︵ᠭᠠᠯᠢᠳᠠ︶ ᠳᠤ ᠱᠦᠢᠮᠫᠤᠯ ᠤᠨ ᠳ᠋ᠠᠰᠢ ︵ᠱᠠᠷᠠᠶᠢᠳ ᠤᠪᠤᠭ ᠲᠠᠢ︶ ᠶᠢ ᠲᠤᠬᠢᠷᠠᠭᠤᠯᠤᠭᠰᠠᠨ ᠪᠠᠶᠢᠨ᠎ᠠ᠃ ᠢᠡᠭᠭᠢᠭᠡᠳ ᠲᠡᠷᠡ ᠵᠢᠯ ᠤᠨ ᠡᠬᠢᠨ ᠳᠤ ᠨᠡᠭᠦᠵᠤ ᠢᠷᠡᠭᠰᠡᠨ ᠲᠠᠷᠢ᠂ ᠪᠤᠤᠷᠵᠢ ᠨᠤᠳᠤᠭ ᠤᠨ 100 ᠭᠠᠷᠤᠢ ᠠᠶᠢᠯ ᠤᠳ ᠢ ᠬᠤᠢ ᠭᠤᠤᠯ ᠲᠠᠭᠠᠤ ᠲᠦᠰᠢ᠂ ᠰᠢᠪᠡᠭᠡ ᠬᠦᠷᠳᠡᠯ᠎ᠡ ᠲᠤᠬᠢᠷᠠᠭᠤᠯᠤᠨ ᠰᠠᠭᠤᠷᠢᠰᠢᠭᠤᠯᠪᠠ᠃      ᠠᠳᠡ ᠲᠠᠬᠢᠨ ᠬᠡᠯᠡᠬᠦ ᠳᠤ ᠠᠩᠬ᠎ᠠ ᠬᠢᠯᠢ ᠲᠠᠪᠠᠵᠤ ᠨᠡᠭᠦᠳᠡᠯᠯᠡᠨ ᠢᠷᠡᠬᠦ ᠦᠶ᠎ᠡ ᠳᠤ᠂ ᠰᠢᠨ᠎ᠡ ᠪᠠᠷᠭᠤ ᠪᠠᠷᠠᠭᠤᠨ ᠬᠤᠰᠢᠭᠤᠨ ᠤ ᠬᠡᠷᠤᠯᠤᠨ᠂ ᠮᠡᠨᠡᠩ ᠬᠠᠪᠢ ᠠᠴᠠ ᠪᠤᠶᠦ ᠲᠡᠭᠦᠨ ᠠᠴᠠ ᠨᠠᠭᠠᠰᠢᠯᠠᠬᠤ ᠵᠠᠮ ᠲᠤᠮᠳᠠ ᠠᠴᠠ᠂ ᠡᠰᠡᠪᠡᠯ ᠰᠢᠨᠡᠬᠡᠨ ᠳᠤ ᠢᠷᠡᠭᠰᠡᠨ ᠠᠴᠠ ᠬᠤᠶᠢᠰᠢ ᠡᠯᠳᠡᠪ ᠰᠢᠯᠳᠠᠭᠠᠨ ᠢᠶᠠᠷ ᠬᠡᠳᠤᠨ ᠡᠷᠤᠬᠡ ᠪᠤᠶᠤ ᠬᠡᠳᠤᠨ ᠠᠷᠪᠠᠨ ᠡᠷᠤᠬᠡ ᠪᠠᠷ ᠨᠡᠶᠢᠳᠡ 100 ᠭᠠᠷᠤᠢ ᠡᠷᠤᠬᠡ ᠠᠶᠢᠯ ᠨᠢ ᠮᠤᠩᠭᠤᠯ ᠤᠯᠤᠰ ᠤᠨ ᠬᠠᠯᠭ᠎ᠠ ᠭᠤᠤᠯ᠂ ᠨᠦᠮᠤᠷᠬᠡ ᠶᠢᠨ ᠭᠤᠤᠯ ᠦᠭᠡᠳᠡ ᠤᠴᠢᠵᠤ ᠨᠢᠭᠡᠨᠳᠡ ᠲᠡᠨᠳᠡ ᠤᠴᠢᠭᠠᠳ ᠪᠠᠶᠢᠭᠰᠠᠨ ᠪᠠᠷᠳᠠᠰᠢ ᠶᠢᠨ ᠰᠠᠨᠵᠢᠶ᠎ᠠ ᠨᠤᠶᠠᠨ ᠲᠡᠷᠢᠭᠦᠨ ᠲᠠᠢ ᠪᠤᠷᠢᠶᠠᠳᠴᠤᠳ ᠲᠠᠢ ᠨᠡᠶᠢᠯᠡᠭᠰᠡᠨ ᠪᠤᠶᠤ ᠤᠯᠠᠮ ᠴᠢᠨᠠᠭᠰᠢ ᠬᠡᠨᠳᠠᠢ ᠬᠠᠨ ᠠᠶᠢᠮᠠᠭ ᠤᠨ ᠶᠦᠬᠦᠵᠡᠷ ᠬᠤᠳᠤᠭᠳᠤ ᠶᠢᠨ ᠱᠠᠪᠢ ᠪᠤᠯᠵᠤ ᠤᠷᠤᠭᠰᠠᠨ ᠡᠷᠤᠬᠡ ᠪᠠᠰᠠ 70 ᠤᠷᠴᠢᠮ ᠪᠠᠶᠢᠭᠰᠠᠨ ᠶᠢᠨ ᠰᠡᠭᠦᠯ ᠳᠤ 1924 ᠤᠨ ᠳᠤ ᠬᠠᠯᠬ᠎ᠠ ᠨᠦᠮᠤᠷᠭᠡ ᠶᠢᠨ ᠭᠤᠤᠯ ᠤᠨ ᠪᠤᠷᠢᠶᠠᠳ ᠬᠤᠰᠢᠭᠤᠨ ᠳᠤ ᠬᠠᠮᠵᠢᠵᠤ ᠤᠷᠤᠭᠰᠠᠨ ᠭᠡᠳᠡᠭ᠃ ᠡᠳᠡᠭᠡᠷ ᠢ ᠶᠡᠷᠤ ᠳᠡᠭᠡᠨ ︽ᠱᠠᠪᠢ ᠶᠢᠨ ᠬᠢᠳ︾ ᠭᠡᠵᠤ ᠨᠡᠷᠡᠯᠡᠳᠡᠭ᠃ ᠰᠢᠨᠡᠬᠡᠨ ᠤ ᠪᠤᠷᠢᠶᠠᠳᠴᠤᠳ ᠪᠤᠯᠤᠨ ᠮᠤᠩᠭᠤᠯ ᠤᠯᠤᠰ ᠤᠨ ᠬᠠᠯᠬ᠎ᠠ ᠨᠦᠮᠤᠷᠭᠡ ᠶᠢᠨ ᠭᠤᠤᠯ ᠤᠨ ᠪᠤᠷᠢᠶᠠᠳ ᠬᠤᠰᠢᠭᠤᠨ ᠤ ︵ᠤᠳᠤ ᠶᠢᠨ ᠲᠤᠷᠤᠨᠠᠳᠤ ᠠᠶᠢᠮᠠᠭ ᠤᠨ ᠴᠠᠭᠠᠨ ᠤᠪᠤᠭ᠎ᠠ ᠰᠤᠮᠤ︶ ᠬᠦᠮᠤᠰ ᠤᠨ ᠲᠤᠮᠳᠠ ᠲᠦᠷᠤᠯ ᠰᠠᠳᠤᠨ ᠤ ᠬᠤᠯᠪᠤᠭ᠎ᠠ ᠪᠦᠬᠦᠢ ᠬᠦᠮᠤᠰ ᠤᠯᠠᠨ ᠪᠠᠶᠢᠬᠤ ᠰᠢᠯᠳᠠᠭᠠᠨ ᠨᠢ ᠠᠩᠬᠠᠨ ᠳᠠᠭᠠᠨ ᠪᠤᠤᠷᠵᠢ᠂ ᠤᠨᠤᠨ᠂ ᠦᠯᠢᠷᠡᠩᠬᠡ᠂ ᠠᠭ᠎ᠠ ᠨᠤᠳᠤᠭ ᠤᠳ ᠲᠤ ᠬᠠᠮᠳᠤ ᠪᠠᠶᠢᠵᠤ᠂ ᠲᠡᠭᠡᠷ᠎ᠡ ᠵᠠᠭᠤᠨ ᠤ ᠬᠤᠷᠢᠭᠠᠳ ᠤᠨ ᠤ ᠡᠬᠢᠨ ᠤ ᠦᠶ᠎ᠡ ᠳᠤ ᠶᠡᠭᠡ ᠨᠡᠭᠦᠳᠡᠯ ᠤᠨ ᠲᠤᠮᠳᠠ ᠠᠬ᠎ᠠ ᠲᠡᠭᠦᠤ᠂ ᠲᠦᠷᠤᠯ ᠰᠠᠳᠤᠨ ᠬᠠᠷᠢᠯᠴᠨᠨ ᠬᠠᠭᠠᠴᠠᠭᠰᠠᠨ ᠠᠴᠠ ᠪᠤᠯᠤᠭᠰᠠᠨ ᠪᠦᠭᠡᠳ ᠲᠡᠭᠡᠷ᠎ᠡ ᠵᠠᠭᠤᠨ ᠤ ᠬᠤᠷᠢᠭᠠᠳ ᠤᠨ ᠤ ᠦᠶ᠎ᠡ ᠳᠤ ᠬᠠᠷᠢᠯᠴᠠᠨ ᠶᠠᠪᠤᠯᠴᠠᠵᠤ ᠪᠠᠶᠢᠭᠰᠠᠨ ᠲᠡᠤᠬᠡ ᠲᠠᠢ ᠶᠤᠮ᠃ ᠰᠢᠨᠡᠬᠡᠨ ᠤ ᠪᠤᠷᠢᠶᠠᠳᠴᠤᠳ ᠭᠡᠪᠡᠯ ᠦᠨᠳᠤᠰᠤ ᠢᠵᠠᠭᠤᠷ ᠠᠴᠠ ᠦᠵᠡᠬᠦ ᠳᠤ᠂ ᠠᠭ᠎ᠠ ᠶᠢᠨ ᠪᠤᠷᠢᠶᠠᠳ ᠤᠨ ᠪᠦᠷᠢᠯᠳᠤᠭᠦᠨ ᠳᠤ ᠪᠠᠭᠳᠠᠬᠤ ᠪᠦᠭᠡᠳ ᠬᠤᠷᠢ ᠶᠢᠨ 11 ᠤᠪᠤᠭ ᠤᠨ ᠲᠤᠳᠤᠷᠠᠬᠢ 8 ᠤᠪᠤᠭ ᠢᠶᠠᠷ ᠭᠤᠤᠯᠯᠠᠵᠤ ᠪᠠᠷᠠᠭᠤᠨ ᠵᠦᠭ ᠤᠨ ᠪᠤᠷᠢᠶᠠᠳ᠂ ᠰᠡᠯᠡᠩᠭᠡ᠂ ᠪᠠᠷᠭᠤᠵᠢᠨ ᠤ ᠪᠤᠷᠢᠶᠠᠳ ᠴᠦᠬᠡᠨ ᠪᠠᠶᠢᠵᠤ᠂ ᠪᠠᠰᠠ ᠨᠢᠭᠡ ᠪᠦᠯᠦᠭ ᠬᠠᠮᠨᠢᠭᠠᠨ ᠤᠪᠤᠭᠳᠠᠨ ᠪᠠᠶᠢᠬᠤ ᠶᠤᠮ᠃ ᠰᠢᠨᠡᠬᠡᠨ ᠪᠤᠷᠢᠶᠠᠳ ᠤᠨ ᠬᠦᠯᠤᠨ ᠪᠤᠶᠢᠷ ᠲᠤ ᠨᠡᠭᠦᠨ ᠢᠷᠡᠵᠤ ᠨᠤᠳᠤᠭᠰᠢᠭᠰᠨᠨ ᠨᠢ ᠲᠤᠤᠷᠠᠬᠢ ᠰᠢᠯᠳᠠᠭᠠᠨ ᠠᠴᠠ ᠪᠤᠯᠬᠤ ᠶᠤᠮ᠃      ᠨᠡᠭᠦᠳᠡᠯᠴᠢᠨ ᠠᠮᠢᠳᠤᠷᠠᠯᠳᠠᠢ ᠪᠤᠷᠢᠶᠠᠳ ᠮᠤᠩᠭᠤᠯᠴᠤᠳ᠂ ᠤᠢᠢᠷ᠎ᠠ ᠵᠡᠷᠭᠡᠯᠡᠳᠡᠭᠡ ᠪᠠᠶᠢᠬᠤ ᠮᠤᠩᠭᠤᠯ ᠤᠷᠤᠨ ᠪᠤᠶᠤ ᠬᠦᠯᠤᠨ ᠪᠤᠶᠢᠷ ᠤᠨ ᠨᠤᠳᠤᠭ ᠤᠷᠤᠨ ᠨᠤᠭᠤᠳ ᠢᠶᠠᠷ ᠤᠳᠤᠷᠯᠠᠨ ᠨᠤᠳᠤᠭᠯᠠᠵᠤ ᠤᠷᠤᠵᠤ ᠭᠠᠷᠴᠤ ᠪᠠᠶᠢᠷᠢᠰᠢᠨ ᠰᠠᠭᠤᠵᠤ ᠪᠠᠶᠢᠭᠰᠠᠨ ᠲᠡᠤᠬᠡ ᠲᠠᠢ ᠶᠤᠮ᠃ ᠵᠢᠱᠢᠶ᠎ᠡ ᠨᠢ᠄ ᠮᠦᠨ ᠴᠤ ᠠᠯᠢ ᠡᠷᠳᠡ ᠲᠡᠭᠡᠳᠤ ᠴᠠᠭ ᠠᠴᠠ ᠪᠠᠷᠭᠤ ᠪᠤᠷᠢᠶᠠᠳ ᠪᠠᠶᠢᠭᠠᠯ ᠠᠴᠠ ᠬᠢᠨᠭ᠍ᠭᠠᠨ ᠤ ᠠᠷᠤ ᠬᠤᠷᠮᠤᠢ ᠬᠦᠷᠳᠡᠯ᠎ᠡ ᠦᠷᠭᠡᠨ ᠠᠭᠤᠳᠠᠮ ᠭᠠᠵᠠᠷ ᠨᠤᠳᠤᠭ ᠲᠤ ᠠᠮᠢᠳᠤᠷᠠᠵᠤ ᠪᠠᠶᠢᠭᠰᠨᠨ ᠲᠡᠤᠬᠡ ᠲᠠᠢ ᠪᠦᠭᠡᠳ 16 ᠳ᠋ᠤᠭᠠᠷ ᠵᠠᠭᠤᠨ ᠤ ᠦᠶ᠎ᠡ ᠳᠤ ᠪᠠᠷᠠᠭᠤᠨ ᠲᠦᠮᠡᠳ ᠤᠨ ᠠᠯᠳᠠᠨ ᠬᠠᠨ ᠦᠬᠢᠨ ᠪᠠᠯᠵᠢᠨ ᠢᠶᠠᠨ ᠰᠤᠯᠤᠩᠭᠤᠳ ᠠᠶᠢᠮᠠᠭ ᠤᠨ ᠪᠦᠪᠠᠢ ᠪᠠᠶᠢᠯᠡ ᠬᠠᠨ ᠤ ᠬᠦᠪᠡᠭᠦᠨ ᠳ᠋ᠠᠢ ᠬᠤᠨᠭ᠌ ᠲᠠᠶᠢᠵᠢ ᠳᠤ ᠤᠷᠤᠭᠯᠠᠭᠤᠯᠤᠨ ᠬᠦᠷᠭᠡᠬᠦ ᠳᠡᠭᠡᠨ ᠲᠡᠭᠦᠨ ᠤ ᠬᠠᠷᠢᠶ᠎ᠠ ᠨᠢᠭᠡ ᠪᠦᠯᠦᠭ ᠬᠤᠷᠢ ᠲᠦᠮᠡᠳ ᠤᠨ ᠪᠤᠷᠢᠶᠠᠳ ᠨᠠᠷ ᠢ ᠪᠠᠯᠵᠢᠨ ᠬᠠᠳᠤᠨ ᠤ ᠢᠨᠵᠢ ᠪᠤᠯᠭᠠᠨ ᠲᠠᠭᠠᠭᠤᠯᠤᠭᠰᠠᠨ ᠤᠴᠢᠷ ᠠᠴᠠ ᠲᠡᠳᠡ ᠨᠠᠷ ᠬᠦᠯᠤᠨ ᠪᠤᠶᠢᠷ ᠤᠨ ᠨᠤᠳᠤᠭ ᠲᠤ ᠳ᠋ᠠᠢ ᠬᠤᠨᠭ᠌ ᠲᠠᠶᠢᠵᠢ ᠶᠢᠨ ᠬᠠᠷᠢᠶᠠᠳᠤ ᠪᠠᠷ ᠤᠳᠠᠭᠠᠨ ᠵᠢᠯ ᠰᠠᠭᠤᠭᠰᠠᠨ ᠲᠡᠤᠬᠡ ᠲᠠᠢ ᠪᠢᠯᠡ᠃ ᠬᠠᠷᠢᠨ ᠡᠨᠡ ᠤᠳᠠᠭ᠎ᠠ ᠤᠯᠠᠨ ᠲᠤᠭ᠎ᠠ ᠪᠠᠷ ᠨᠡᠭᠦᠳᠡᠯᠯᠡᠨ ᠬᠢᠯᠢ ᠲᠠᠪᠠᠨ ᠭᠠᠷᠴᠤ ᠢᠷᠡᠭᠰᠡᠨ ᠨᠢ ᠲᠡᠤᠬᠡ ᠶᠢᠨ ᠤᠳᠤᠮᠰᠢᠯ ᠢ ᠪᠠᠷᠢᠮᠳᠠᠯᠠᠨ ᠠᠩᠬ᠎ᠠ ᠲᠡᠭᠡᠳᠤ ᠶᠢᠨ ᠨᠤᠳᠤᠭ ᠤᠷᠤᠨ ᠳᠠᠭᠠᠨ ᠪᠤᠴᠠᠵᠤ ᠢᠷᠡᠬᠦ ᠨᠢᠭᠡᠨ ᠲᠠᠯ᠎ᠠ ᠶᠢᠨ ᠰᠢᠯᠳᠠᠭᠠᠨ ᠪᠤᠯᠬᠤ ᠶᠤᠮ᠃      ᠪᠤᠷᠢᠶᠠᠳ ᠮᠤᠩᠭᠤᠯᠴᠤᠳ ᠤᠨ ᠰᠢᠨᠡᠬᠡᠨ ᠨᠤᠳᠤᠭ ᠲᠤ ᠢᠷᠡᠭᠰᠡᠨ ᠪᠦᠬᠦ ᠶᠠᠪᠤᠴᠠ ᠨᠢ ᠲᠡᠷᠡ ᠦᠶ᠎ᠡ ᠶᠢᠨ ᠴᠠᠭ ᠲᠦᠷᠤ ᠶᠢᠨ ᠬᠤᠪᠢᠰᠤᠯ ᠪᠠ ᠤᠷᠤᠰᠢᠨ ᠲᠤᠭᠳᠠᠨᠢᠬᠤ ᠭᠠᠵᠠᠷ ᠨᠤᠳᠤᠭ᠂ ᠲᠠᠶᠢᠪᠤᠡᠭ ᠴᠢᠯᠤᠭᠡᠳᠠᠢ ᠠᠮᠢᠳᠤᠷᠠᠬᠤ ᠬᠦᠰᠡᠯ ᠡᠷᠡᠮᠡᠯᠵᠡᠯ ᠲᠠᠢ ᠰᠢᠭᠤᠳ ᠬᠤᠯᠪᠤᠭᠳᠠᠯᠳᠠᠢ ᠪᠦᠭᠡᠳ ᠲᠡᠷᠡ ᠴᠠᠭ ᠦᠶ᠎ᠡ ᠳᠤ ᠵᠦᠪᠯᠡᠯᠳᠤ ᠤᠯᠤᠰ ᠤᠨ ᠲᠤᠳᠤᠭᠠᠳᠤ ᠳᠠᠭᠠᠨ ᠵᠡᠭᠦᠨ ᠤ ᠱᠤᠭᠤᠮ ᠢ ᠴᠢᠩᠭ᠎ᠠ ᠪᠠᠷ ᠶᠠᠪᠤᠭᠤᠯᠵᠤ᠂ ᠮᠠᠰᠢ ᠤᠯᠠᠨ ᠬᠦᠮᠤᠰ ᠢ ᠬᠤᠪᠢᠰᠬᠠᠯ ᠤᠨ ᠡᠰᠡᠷᠭᠦᠤ ᠪᠤᠶᠤ ᠨᠢᠳᠤᠷᠭᠠᠨ ᠪᠠᠶᠠᠨ ᠬᠡᠮᠡᠨ ᠬᠡᠯᠮᠡᠭᠳᠡᠬᠦᠯᠭᠦ᠂ ᠪᠠᠷᠢᠪᠴᠢᠯᠠᠬᠤ᠂ ᠬᠤᠷᠢᠬᠤ᠂ ᠴᠦᠯᠡᠬᠦ ᠵᠡᠷᠭᠡ ᠶᠢᠨ ᠶᠠᠪᠤᠳᠠᠯ ᠬᠦᠨᠳᠤ ᠪᠠᠶᠢᠭᠰᠨᠨ ᠲᠤᠯᠠ ᠲᠡᠭᠦᠨ ᠠᠴᠠ ᠠᠶᠤᠬᠤ᠂ ᠵᠠᠶᠢᠯᠠᠬᠤ᠂ ᠲᠤᠳᠠᠭᠠᠬᠤ ᠨᠢ ᠮᠦᠨ ᠨᠢᠭᠡᠨ ᠲᠠᠯ᠎ᠠ ᠶᠢᠨ ᠰᠢᠯᠳᠠᠭᠠᠨ ᠪᠤᠯᠵᠤ ᠪᠠᠶᠢᠭᠰᠠᠨ ᠶᠤᠮ᠃      ᠭᠤᠷᠪᠠ᠂ ᠪᠤᠷᠢᠶᠠᠳ ᠮᠤᠩᠭᠤᠯᠴᠤᠳ ᠰᠢᠨᠡᠬᠡᠨ ᠨᠤᠲᠤᠭ ᠲᠤ ᠢᠷᠡᠭᠰᠡᠨ ᠠᠩᠬᠠᠨ ᠤ ᠦᠶ᠎ᠡ      ᠰᠢᠨᠡᠬᠡᠨ ᠬᠡᠮᠡᠬᠦ ᠨᠤᠳᠤᠭ ᠪᠤᠯ ᠰᠢᠨᠡᠬᠡᠨ ᠭᠤᠤᠯ ᠤᠨ ᠨᠡᠷ᠎ᠡ ᠪᠠᠷ ᠨᠡᠷᠡᠶᠢᠳᠦᠭᠳᠡᠵᠤ᠂ ᠰᠢᠨᠡᠬᠡᠨ ᠭᠤᠤᠯ ᠨᠢ ᠲᠡᠤᠬᠡᠨ ᠲᠡᠭᠡᠷ᠎ᠡ ᠲᠠᠬᠢᠮ ᠤᠨ ᠭᠤᠤᠯ ᠬᠡᠮᠡᠬᠦ ᠨᠡᠷᠡᠳᠠᠢ ᠪᠠᠶᠢᠭᠰᠠᠨ ᠢᠶᠠᠨ 1730 ‍ᠭᠠᠳ ᠤᠨ ᠠᠴᠠ ᠡᠬᠢᠯᠡᠨ ᠦᠭᠡᠯᠡᠳ ᠬᠦᠮᠤᠰ ᠰᠢᠨᠡᠬᠡᠨ ᠭᠤᠤᠯ ᠭᠡᠵᠤ ᠨᠡᠷᠡᠶᠢᠳᠦᠭᠡᠳ ᠲᠡᠭᠦᠨ ᠠᠴᠠ ᠬᠤᠶᠢᠰᠢ ᠰᠢᠨᠡᠬᠡᠨ ᠭᠤᠤᠯ ᠬᠡᠮᠨᠬᠦ ᠨᠡᠷ᠎ᠡ ᠲᠠᠢ ᠪᠤᠯᠤᠭᠰᠠᠨ ᠪᠠᠶᠢᠵᠠᠢ᠃ ᠡᠨᠡ ᠨᠤᠳᠤᠭ ᠦᠨᠢ ᠬᠤᠯᠠ ᠠᠴᠠ ᠠᠶᠢᠯ ᠬᠦᠮᠤᠨ ᠦᠭᠡᠢ ᠤᠷᠬᠢᠭᠳᠠᠮᠠᠯ ᠭᠠᠵᠠᠷ ᠪᠠᠶᠢᠭᠰᠠᠨ ᠪᠦᠭᠡᠳ ᠭᠤᠤᠯ ᠤᠨ ᠪᠤᠷᠭᠠᠰᠤ᠂ ᠮᠠᠩᠬ᠎ᠠ ᠪᠤᠯᠳᠤᠷᠤᠤ ᠶᠢᠨ ᠮᠤᠳᠤ ᠰᠢᠭᠤᠢ ᠰᠠᠬᠤᠯᠢᠭ᠂ ᠡᠪᠡᠰᠤ ᠤᠷᠭᠤᠮᠠᠯ ᠦᠨᠳᠤᠷ ᠦᠳᠭᠡᠨ ᠪᠠᠶᠢᠵᠤ᠂ ᠵᠡᠷᠯᠢᠭ ᠠᠡᠭ ᠬᠦᠷᠤᠭᠡ ᠰᠢᠪᠠᠭᠤ ᠱᠤᠩᠬᠤᠷ ᠠᠴᠠ ᠦᠭᠡᠷ᠎ᠡ ᠶᠠᠭᠤ ᠴᠤ ᠬᠠᠷᠠᠭᠳᠠᠬᠤ ᠦᠭᠡᠢ ᠭᠠᠵᠠᠷ ᠪᠠᠶᠢᠪᠠ᠃ ᠦᠭᠡᠯᠡᠳ ᠤᠪᠤᠭ᠎ᠠ ᠬᠡᠮᠡᠬᠦ ᠠᠭᠤᠯᠠ ᠲᠤᠯᠤᠭᠠᠢ ᠶᠢᠨ ᠦᠪᠤᠷ ᠲᠤ ᠨᠢᠭᠡᠨ ᠰᠦᠮ᠎ᠡ ᠶᠢᠨ ᠰᠠᠭᠤᠷᠢ ᠲᠡᠭᠡᠷᠡᠬᠢ ᠡᠪᠳᠡᠷᠬᠡᠢ ᠰᠤᠪᠤᠷᠭ᠎ᠠ ᠪᠠ ᠪᠠᠶᠠᠨ ᠬᠤᠰᠢᠭᠤ ᠤᠪᠤᠭ᠎ᠠ ᠶᠢᠨ ᠦᠪᠤᠷ ᠲᠤ ᠨᠢᠭᠡᠨ ᠰᠦᠮ᠎ᠡ ᠶᠢᠨ ᠰᠠᠭᠤᠷᠢ ᠠᠴᠠ ᠦᠭᠡᠷ᠎ᠡ ᠶᠠᠭᠤ ᠴᠤ ᠦᠭᠡᠢ ᠴᠦᠯ ᠭᠠᠵᠠᠷ ᠪᠠᠶᠢᠪᠠ᠃ ᠡᠨᠡ ᠭᠠᠵᠠᠷ ᠠᠩᠬᠠᠨ ᠳᠠᠭᠠᠨ ᠦᠭᠡᠯᠡᠳ ᠮᠤᠩᠭᠤᠯᠴᠤᠳ 18 ᠵᠠᠭᠤᠨ ᠤ ᠭᠤᠴᠢᠭᠠᠳ ᠤᠨ ᠤ ᠡᠬᠢᠨ ᠤ ᠦᠶ᠎ᠡ ᠳᠤ ᠬᠦᠯᠤᠨ ᠪᠤᠶᠢᠷ ᠲᠤ ᠢᠷᠡᠵᠤ ᠨᠤᠳᠤᠭᠰᠢᠨ ᠰᠠᠭᠤᠭᠰᠠᠨ ᠭᠠᠵᠠᠷ ᠪᠠᠶᠢᠭᠰᠠᠨ ᠪᠦᠭᠡᠳ 19 ᠳ᠋ᠤᠭᠡᠷ ᠵᠠᠭᠤᠨ ᠤ ᠰᠡᠭᠦᠯ ᠦᠶ᠎ᠡ ᠳᠤ ᠬᠠᠯᠳᠠᠪᠤᠷᠢᠳᠤ ᠡᠪᠡᠳᠴᠢᠨ ᠲᠠᠷᠪᠠᠭᠠᠨ ᠲᠠᠬᠤᠯ ᠲᠡᠯᠭᠡᠷᠡᠵᠤ ᠮᠠᠰᠢ ᠤᠯᠠᠨ ᠬᠦᠮᠤᠰ ᠦᠭᠦᠭᠰᠡᠨ ᠲᠤᠯᠠ ᠦᠭᠡᠯᠡᠳ ᠮᠤᠩᠭᠤᠯᠴᠤᠳ ᠨᠤᠳᠤᠭ ᠤᠷᠤᠨ᠂ ᠰᠦᠮ᠎ᠡ ᠬᠡᠶᠢᠳ ᠢᠶᠠᠨ ᠬᠦᠷᠳᠡᠯ᠎ᠡ ᠤᠷᠬᠢᠵᠤ ᠨᠤᠳᠤᠭ ᠰᠢᠯᠵᠢᠨ ᠢᠮᠢᠨ ᠭᠤᠤᠯ ᠢ ᠪᠠᠭ᠎ᠠ ᠦᠭᠰᠤᠨ ᠨᠡᠭᠦᠨ ᠵᠠᠶᠢᠯᠠᠵᠤ ᠰᠠᠭᠤᠷᠢᠰᠢᠭᠰᠠᠨ ᠪᠠᠶᠢᠪᠠ᠃ ᠡᠶᠢᠮᠤ ᠤᠴᠢᠷ ᠠᠴᠠ ᠰᠢᠨᠡᠬᠡᠨ ᠭᠤᠤᠯ ᠲᠠᠭᠠᠤ ᠠᠳᠡ ᠲᠡᠨᠳᠡ ᠦᠭᠦᠭᠰᠡᠨ ᠬᠦᠮᠤᠰ ᠤᠨ ᠠᠷᠠᠭ ᠶᠠᠰᠤ᠂ ᠭᠡᠷ ᠲᠡᠷᠭᠡ ᠶᠢᠨ ᠢᠯᠵᠢᠷᠡᠵᠤ ᠬᠤᠪᠠᠭ᠋ᠠᠢ ᠪᠤᠯᠤᠭᠰᠠᠨ ᠦᠯᠡᠳᠡᠭᠳᠡᠯ᠂ ᠠᠶᠢᠯ ᠤᠳ ᠤᠨ ᠬᠠᠶᠠᠭᠳᠠᠮᠠᠯ ᠡᠳ᠋ᠯᠡᠯ ᠬᠡᠷᠡᠭᠰᠡᠯ ᠤᠨ ᠵᠦᠢᠯ ᠤᠳ ᠬᠠᠷᠠᠭᠳᠠᠳᠠᠭ ᠪᠠᠶᠢᠪᠠ᠃ ᠡᠨᠡ ᠨᠤᠳᠤᠭ ᠲᠤ ᠢᠷᠡᠭᠰᠡᠨ ᠪᠤᠷᠢᠶᠠᠳ ᠮᠤᠩᠭᠤᠯᠴᠤᠳ ᠤᠨ ᠵᠠᠷᠢᠮ ᠨᠢ ᠡᠯᠳᠡᠪ ᠰᠡᠵᠢᠭ ᠲᠦᠷᠤᠵᠤ᠂ ᠱᠠᠰᠢᠨ ᠤ ᠲᠠᠯ᠎ᠠ ᠪᠠᠷ ᠨᠤᠮ ᠭᠦᠷᠢᠮ ᠤᠡᠭᠰᠢᠭᠤᠯᠵᠤ ᠵᠠᠰᠠᠯ ᠬᠢᠯᠭᠡᠬᠦ᠂ ᠵᠠᠷᠢᠮ ᠨᠢ ᠵᠠᠶᠢᠯᠠᠨ ᠶᠠᠪᠤᠬᠤ ᠶᠢ ᠬᠦᠰᠡᠵᠤ ᠦᠨᠡᠬᠡᠷ ᠪᠠᠷᠠᠭᠤᠨᠰᠢ ᠪᠠᠨ ᠬᠠᠯᠬ᠎ᠠ ᠭᠤᠤᠯ ᠬᠦᠷᠳᠡᠯ᠎ᠡ ᠨᠡᠭᠦᠵᠤ ᠤᠴᠢᠭᠰᠠᠨ ᠠᠶᠢᠯ ᠤᠳ ᠴᠤ ᠪᠠᠶᠢᠪᠠ᠃ ᠭᠡᠰᠡᠨ ᠴᠤ ᠤᠯᠠᠩᠬᠢ ᠬᠦᠮᠤᠰ ᠤᠳ ᠪᠢᠳᠡ ᠤᠷᠤᠨ ᠨᠤᠳᠤᠭ ᠠᠴᠠ ᠭᠠᠷᠴᠤ ᠰᠢᠨ᠎ᠠ ᠭᠠᠵᠠᠷ ᠲᠤ ᠢᠷᠡᠭᠡᠳ ᠪᠠᠭᠳᠠᠬᠤ ᠲᠤᠭᠳᠠᠬᠤ ᠭᠠᠵᠠᠷ ᠦᠭᠡᠢ ᠨᠡᠭᠦᠵᠤ ᠰᠠᠭᠤᠵᠤ ᠶᠠᠪᠤᠭᠰᠠᠨ ᠠᠴᠠ ᠶᠠᠮᠠᠷ ᠴᠤ ᠭᠡᠰᠡᠨ ᠤᠷᠤᠰᠢᠨ ᠰᠠᠭᠤᠬᠤ ᠭᠠᠵᠠᠷ ᠨᠤᠳᠤᠭ ᠲᠠᠢ ᠪᠤᠯᠬᠤ ᠨᠢ ᠶᠠᠭᠤᠨ ᠠᠴᠠ ᠴᠤ ᠴᠢᠬᠤᠯᠠ ᠪᠠᠶᠢᠨ᠎ᠠ ᠬᠡᠮᠡᠯᠳᠤᠨ ᠬᠠᠷᠢᠨ ᠡᠪᠡᠳᠴᠢᠨ ᠲᠠᠬᠤᠯ ᠭᠠᠷᠬᠤ ᠶᠢ ᠯᠡ ᠰᠡᠷᠭᠡᠶᠢᠯᠡᠬᠦ ᠬᠡᠷᠡᠭᠳᠠᠢ ᠭᠡᠵᠤ ᠦᠵᠡᠳᠡᠭ ᠪᠠᠶᠢᠪᠠ᠃ ᠡᠶᠢᠮᠤᠷᠬᠡᠤ ᠪᠠᠶᠢᠳᠠᠯ ᠢ ᠦᠨᠳᠤᠰᠤᠯᠡᠨ ᠠᠩᠬᠠᠨ ᠤ ᠤᠭᠤᠷᠳᠠ ︵ᠬᠤᠰᠢᠭᠤᠨ ᠲᠠᠷᠤᠭ᠎ᠠ︶ ᠠᠪᠢᠳᠠ ᠲᠤᠰᠬᠠᠢᠢᠯᠠᠨ ᠮᠦᠭᠳᠡᠨ ᠬᠤᠳᠠ ᠬᠦᠷᠳᠡᠯ᠎ᠡ ᠤᠴᠢᠵᠤ ᠲᠡᠷᠡ ᠦᠶ᠎ᠡ ᠳᠤ ᠮᠦᠭᠳᠡᠨ ᠬᠤᠳᠠᠨ᠎ᠠ ᠪᠠᠶᠢᠷᠢᠯᠠᠵᠤ ᠪᠠᠶᠢᠭᠰᠠᠨ ᠶᠡᠭᠡ ᠯᠠᠮᠠ ᠵᠠᠩᠵᠢᠶ᠎ᠠ ᠬᠤᠳᠤᠭᠳᠤ ᠷᠢᠯᠪᠢᠳᠤᠷᠵᠢ ᠭᠡᠭᠡᠨ ᠳᠤ ᠤᠴᠠᠷᠠᠨ ᠨᠤᠳᠤᠭ ᠤᠷᠤᠨ ᠨᠡᠭᠦᠨ ᠰᠤᠯᠢᠵᠤ ᠰᠢᠨ᠎ᠡ ᠭᠠᠵᠠᠷ ᠢᠷᠡᠭᠰᠡᠨ ᠲᠤᠬᠠᠢ ᠪᠠᠨ ᠬᠡᠯᠡᠵᠤ ᠭᠤᠶᠤᠭᠰᠠᠨ ᠳᠤ ︽ᠲᠦᠢᠨᠠᠭ ᠤᠨ ᠲᠤᠷᠳᠤᠭ︾ ᠭᠡᠮᠡᠬᠦ ᠨᠤᠮ ᠭᠦᠷᠢᠮ ᠤᠡᠭᠰᠢᠭᠤᠯᠬᠤ ᠬᠡᠷᠡᠭᠳᠠᠢ ᠭᠡᠵᠤ ᠠᠪᠤᠷᠠᠯ ᠪᠠᠭᠤᠯᠭᠠᠭᠰᠠᠨ ᠭᠡᠳᠡᠭ᠃ ᠡᠶᠢᠨ ᠬᠦ ᠤᠭᠤᠷᠳᠠ ᠬᠠᠷᠢᠵᠤ ᠢᠷᠡᠩᠭᠦᠳᠡ ᠦᠪᠡᠰᠤᠪᠡᠨ ᠭᠤᠤᠯᠯᠠᠨ ᠰᠦᠰᠦᠭᠳᠡᠨ ᠤᠯᠠᠨ ᠲᠠᠢ ᠪᠠᠨ ᠬᠠᠮᠳᠤᠷᠠᠨ ᠢᠮᠢᠨ ᠭᠤᠤᠯ ᠤᠨ ᠵᠡᠭᠦᠨ ᠲᠠᠯ᠎ᠠ ᠰᠤᠪᠤᠷᠭᠠᠳᠤ ᠶᠢᠨ ᠠᠷᠤ ᠳᠤ ᠬᠤᠶᠠᠷ ᠮᠤᠩᠭᠤᠯ ᠭᠡᠷ ᠪᠠᠷᠢᠵᠤ ᠪᠤᠳ᠋ ᠤᠨ ᠭᠤᠨᠭ᠍ᠭ᠎ᠠ᠂ ᠮᠠᠨᠽᠠ ᠷᠢᠨᠴᠢᠨ ᠵᠡᠷᠭᠡ ᠶᠢᠨ 8 ᠨᠡᠷ᠎ᠡ ᠵᠤᠳᠴᠢ ᠯᠠᠮᠠ ᠨᠡᠷ ᠢ ᠴᠤᠭᠯᠠᠭᠤᠯᠤᠨ ︽ᠲᠦᠢᠨᠠᠭ ᠤᠨ ᠲᠤᠷᠳᠤᠭ︾ ᠬᠡᠮᠡᠬᠦ ᠨᠤᠮ ᠢ 7 ᠡᠳᠤᠷ 7 ᠰᠦᠨᠢ ᠤᠡᠭᠰᠢᠭᠤᠯᠵᠤ᠂ ᠨᠤᠳᠤᠭ ᠤᠷᠤᠨ ᠤ ᠵᠠᠰᠠᠯ ᠬᠢᠯᠭᠡᠭᠰᠡᠨ ᠪᠦᠭᠡᠳ ᠲᠡᠭᠦᠨ ᠠᠴᠠ ᠬᠤᠶᠢᠰᠢ ᠬᠦᠮᠤᠰ ᠤᠨ ᠰᠡᠳᠭᠢᠯ ᠰᠠᠨᠠᠭᠠᠨ ᠤ ᠲᠠᠯ᠎ᠠ ᠶᠢᠨ ᠰᠡᠵᠢᠭ ᠬᠦᠡᠭᠬᠡᠷᠡᠨ ᠰᠠᠨᠠᠭ᠎ᠠ ᠠᠮᠤᠷ ᠰᠠᠭᠤᠬᠤ ᠪᠤᠯᠤᠭᠰᠠᠨ ᠬᠡᠯᠡᠯᠴᠡᠳᠡᠭ᠃ ᠭᠡᠰᠡᠨ ᠴᠤ ᠠᠩᠬᠠᠨ ᠤ ᠦᠶ᠎ᠡ ᠳᠤ ᠬᠡᠳᠤ ᠬᠡᠳᠤᠨ ᠬᠦᠮᠤᠨ ᠡᠯᠳᠡᠪ ᠵᠦᠢᠯ ᠤᠨ ᠡᠪᠡᠳᠴᠢᠨ ᠢᠶᠠᠷ ᠨᠠᠰᠤ ᠪᠠᠷᠠᠭᠰᠠᠨ ᠪᠤᠯᠪᠠᠴᠤ ᠲᠡᠷᠡ ᠦᠶ᠎ᠡ ᠳᠤ ᠨᠡᠯᠢᠶᠡᠳ ᠵᠦᠭᠡᠷ ᠯᠠᠮᠠ ᠡᠮᠴᠢ ᠨᠠᠷ ᠪᠠᠶᠢᠵᠤ ᠲᠡᠳᠡᠨ ᠤ ᠤᠷᠤᠯᠳᠤᠯᠭ᠎ᠠ ᠪᠠᠷ ᠡᠪᠡᠳᠴᠢᠨ ᠢ ᠬᠤᠷᠢᠭᠯᠠᠨ ᠴᠢᠳᠠᠭᠰᠠᠨ ᠶᠤᠮ᠃ ᠰᠢᠨᠡᠬᠡᠨ ᠪᠤᠷᠢᠶᠠᠳ ᠮᠤᠩᠭᠤᠯᠴᠤᠳ ᠤᠨ ᠠᠵᠢᠯ ᠠᠮᠢᠳᠤᠷᠠᠯ ᠨᠡᠯᠢᠶᠡᠳ ᠲᠦᠪᠬᠢᠨᠡᠭᠦᠨ ᠪᠤᠯᠤᠭᠰᠨᠨ ᠪᠠᠶᠢᠳᠠᠯ ᠲᠤᠤᠷ᠎ᠠ 1924 ᠤᠨ ᠤ ᠮᠢᠵᠢᠳ ᠤᠭᠤᠷᠳᠠ ︵ᠬᠠᠯᠪᠢᠨ ᠤᠪᠤᠭ ᠤᠨ ᠮᠢᠨᠳᠡᠭ ᠤᠨ ᠮᠢᠵᠢᠳ︶ ᠲᠡᠷᠢᠭᠦᠯᠡᠨ ᠵᠠᠩᠭᠢ ᠨᠠᠷ ᠪᠤᠯᠤᠨ ᠨᠤᠳᠤᠭ ᠤᠨ ᠤᠯᠠᠨ ᠲᠦᠮᠡᠨ ᠲᠠᠢ ᠪᠠᠨ ᠵᠦᠪᠳᠡᠨ ᠬᠡᠯᠡᠯᠴᠡᠵᠤ᠂ ᠰᠢᠨᠡᠬᠡᠨ ᠭᠤᠤᠯ ᠤᠨ ᠬᠤᠶᠢᠳᠤ ᠲᠡᠨᠵᠢ ᠶᠢᠨ ᠦᠨᠳᠤᠷ ᠪᠤᠯᠳᠤᠷᠤᠤ ᠳᠤ ᠰᠢᠨᠡᠬᠡᠨ ᠳᠤ ᠨᠤᠳᠤᠭᠰᠢᠨ ᠰᠠᠭᠤᠭᠰᠠᠨ ᠪᠠᠶᠠᠷ ᠤᠨ ᠶᠡᠭᠡ ᠨᠠᠶᠢᠷ ᠨᠠᠭᠠᠳᠤᠮ ᠬᠢᠵᠤ᠂ ᠠᠮᠪᠠᠨ ᠶᠠᠮᠤᠨ ᠤ ᠡᠷᠬᠡ ᠪᠠᠷᠢᠭᠴᠢᠳ ᠠᠴᠠ ᠠᠮᠪᠠᠨ ᠨᠤᠶᠠᠨ ᠬᠦᠢᠹᠦ᠋᠂ ᠬᠦᠡᠭ ᠨᠤᠶᠠᠨ ᠴᠸᠡᠭᠳᠧ ︵ᠴᠡᠩᠳᠡ︶ ᠪᠤᠯᠤᠨ ᠪᠤᠰᠤᠳ ᠤᠯᠠᠨ ᠲᠤᠰᠢᠶᠠᠯᠳᠠᠳ ᠪᠠ ᠵᠡᠷᠭᠡᠯᠡᠳᠡᠭᠡ ᠬᠤᠰᠢᠭᠤ ᠰᠤᠮᠤ ᠨᠤᠭᠤᠳ ᠤᠨ ᠤᠭᠤᠷᠳᠠ᠂ ᠭᠠᠯᠢᠳᠠ᠂ ᠵᠠᠩᠬᠢ ᠨᠠᠷ ᠢ ᠬᠦᠷᠳᠡᠯ᠎ᠡ ᠤᠷᠢᠵᠤ ᠬᠦᠨᠳᠤᠳᠭᠡᠨ ᠵᠤᠴᠢᠯᠠᠬᠤ ᠶᠢᠨ ᠬᠠᠮᠳᠤ ᠨᠤᠳᠤᠭ ᠤᠰᠤ ᠤᠯᠭᠤᠵᠤ ᠪᠠᠭᠳᠠᠭᠠᠨ ᠠᠪᠴᠤ ᠨᠤᠳᠤᠭᠰᠢᠭᠤᠯᠤᠭᠰᠠᠨ ᠳᠤ ᠪᠠᠶᠠᠷ ᠲᠠᠯᠠᠷᠬᠠᠯ ᠢᠶᠠᠨ ᠢᠯᠡᠳᠭᠡᠨ ᠠᠮᠪᠠᠨ ᠨᠤᠶᠠᠨ ᠳᠤ ᠮᠦᠡᠭᠭᠦᠨ ᠡᠮᠡᠭᠡᠯ ᠬᠠᠵᠠᠭᠠᠷ ᠲᠠᠢ ᠠᠭᠳᠠ ᠮᠤᠷᠢ ᠲᠡᠷᠢᠭᠦᠨ ᠲᠠᠢ ᠡᠷᠬᠢᠮ ᠰᠠᠶᠢᠨ ᠡᠳ᠋ ᠢ ᠪᠡᠯᠡᠭ ᠪᠤᠯᠭᠠᠨ ᠪᠠᠷᠢᠵᠤ᠂ ᠲᠠᠯᠠᠷᠬᠠᠬᠤ ᠰᠡᠳᠭᠢᠯ ᠢᠶᠠᠨ ᠢᠯᠡᠷᠭᠡᠶᠢᠯᠡᠭᠰᠡᠨ ᠶᠤᠮ᠃ ᠲᠡᠷᠡ ᠦᠶ᠎ᠡ ᠳᠤ ᠷᠠᠳᠨ᠎ᠠ ᠶᠢᠨ ᠠᠪᠢᠳᠠ ᠤᠭᠤᠷᠳᠠ ᠪᠡᠶ᠎ᠡ ᠮᠠᠭᠤᠳᠠᠢ ᠪᠠᠶᠢᠭᠰᠠᠨ ᠲᠤᠯᠠ ᠤᠷᠤᠨ ᠳᠤᠨᠢ ᠮᠢᠨᠳᠡᠭ ᠤᠨ ᠮᠢᠵᠢᠳ ᠤᠭᠤᠷᠳᠠ ᠪᠤᠯᠤᠭᠠᠳ ᠪᠠᠶᠢᠭᠰᠠᠨ ᠶᠤᠮ᠃      ᠮᠢᠨᠳᠡᠭ ᠤᠨ ᠮᠢᠵᠢᠳ ᠤᠭᠤᠷᠳᠠ 1929 ᠤᠨ ᠳᠤ ᠮᠦᠭᠳᠡᠨ ᠬᠤᠳᠠ ᠬᠦᠷᠳᠡᠯ᠎ᠡ ᠤᠴᠢᠵᠤ ᠨᠢᠭᠡ ᠪᠦᠯᠦᠭ ᠪᠤᠷᠢᠶᠠᠳ ᠮᠤᠩᠭᠤᠯᠴᠤᠳ ᠬᠦᠯᠤᠨ ᠪᠤᠶᠢᠷ ᠲᠤ ᠨᠡᠭᠦᠳᠡᠯᠯᠡᠨ ᠢᠷᠡᠵᠤ ᠨᠤᠳᠤᠭᠰᠢᠭᠰᠠᠨ ᠲᠤᠬᠠᠢ ᠤᠴᠢᠷ ᠢᠶᠠᠨ ᠲᠡᠷᠡ ᠦᠶ᠎ᠡ ᠶᠢᠨ ᠵᠡᠭᠦᠨ ᠬᠤᠶᠢᠳᠤ ᠤᠷᠤᠨ ᠤ ᠴᠡᠷᠢᠭ ᠤᠨ ᠡᠷᠬᠡᠳᠡᠨ ᠵᠠᠩ ᠽᠦᠸᠧ ᠯᠢᠨ ᠪᠤᠯᠤᠨ ᠲᠡᠭᠦᠨ ᠤ ᠬᠦᠤ ᠵᠠᠩ ᠰᠢᠤᠸᠠᠢ ᠯᠢᠶᠠᠩ ᠳᠤ ᠬᠡᠯᠡᠵᠤ᠂ ᠲᠡᠳᠡᠨ ᠤ ᠲᠡᠮᠵᠢᠯᠡᠭᠡ ᠶᠢ ᠤᠯᠵᠤ᠂ ᠪᠡᠶ᠎ᠡ ᠪᠠᠨ ᠬᠠᠮᠠᠭᠠᠯᠠᠬᠤ ᠪᠠᠭ᠎ᠠ ᠵᠡᠷᠭᠡ ᠵᠡᠪᠰᠡᠭ ᠪᠤᠯᠤᠨ ᠤᠯᠠᠨ ᠳᠤ ᠬᠤᠭᠤᠯᠠ ᠬᠦᠨᠡᠰᠤᠨ ᠤ ᠨᠡᠮᠡᠷᠢ ᠬᠡᠮᠡᠨ ᠪᠠᠭ᠎ᠠ ᠵᠡᠷᠭᠡ ᠶᠢᠨ ᠠᠮᠤ ᠪᠤᠳᠠᠭ᠎ᠠ ᠠᠪᠴᠢᠷᠠᠨ ᠤᠯᠠᠨ ᠲᠦᠮᠡᠨ ᠳᠤ ᠬᠤᠪᠢᠶᠠᠷᠢᠯᠠᠨ ᠦᠭᠭᠦᠭᠰᠡᠨ ᠪᠠᠶᠢᠪᠠ᠃ ᠮᠦᠨ ᠲᠡᠷᠡ ᠦᠶ᠎ᠡ ᠳᠤ ᠲᠤᠳᠤᠭᠠᠳᠤ ᠶᠢᠨ ᠠᠮᠤᠷ ᠲᠦᠪᠰᠢᠨ ᠤ ᠪᠠᠶᠢᠳᠠᠯ ᠢ ᠬᠠᠮᠠᠭᠠᠯᠠᠬᠤ ᠵᠤᠷᠢᠯᠭ᠎ᠠ ᠪᠠᠷ ᠮᠧᠶ᠋ᠢᠨ ᠬᠡᠮᠡᠬᠦ ᠠᠮᠤᠷ ᠢ ᠬᠠᠮᠠᠭᠠᠯᠠᠬᠤ ᠠᠩᠭᠢ ᠲᠠᠢ ᠪᠤᠯᠪᠠ᠃ ᠲᠡᠷᠡ ᠨᠢ ᠨᠤᠳᠤᠭ ᠤᠨ ᠵᠠᠯᠠᠭᠤᠰ ᠠᠴᠠ 20 ᠭᠠᠷᠤᠢ ᠬᠦᠮᠤᠨ ᠢ ᠨᠢᠭᠡᠨ ᠡᠭᠡᠯᠵᠢ ᠪᠤᠯᠭᠠᠨ 15 ᠬᠤᠨᠤᠭ ᠢᠶᠠᠷ ᠡᠭᠡᠯᠵᠢᠯᠡᠭᠦᠯᠤᠨ ᠰᠠᠭᠤᠯᠭᠠᠳᠠᠭ ᠪᠠᠶᠢᠪᠠ᠃ ᠡᠨᠡ ᠨᠢ 2 ᠮᠤᠩᠭᠤᠯ ᠭᠡᠷ ᠲᠠᠢ᠂ ᠠᠯᠪᠠᠨ ᠤ ᠫᠤᠤ ᠵᠡᠪᠰᠡᠭ ᠲᠠᠢ ᠴᠤ ᠭᠡᠰᠡᠨ ᠮᠤᠷᠢ ᠡᠮᠡᠭᠡᠯ ᠂ ᠬᠤᠪᠴᠠᠰᠤ ᠬᠤᠨᠠᠷ ᠨᠢ ᠴᠦᠮ ᠬᠤᠪᠢ ᠶᠢᠨ ᠪᠦᠭᠡᠳ ᠡᠨᠡ ᠬᠦ ᠠᠮᠤᠷ ᠢ ᠬᠠᠮᠠᠭᠠᠯᠠᠬᠤ ᠠᠩᠭᠢ ᠮᠧᠶ᠋ᠢᠨ ᠤ ᠲᠠᠷᠤᠭ᠎ᠠ ᠶᠢ ᠵᠢᠷᠬᠡᠢ ︵ᠮᠠᠨᠵᠤ ᠦᠭᠡ︶ ᠭᠡᠵᠤ ᠬᠡᠯᠡᠳᠡᠭ ᠪᠠᠶᠢᠵᠤ᠂ ᠡᠨᠡ ᠬᠦ ᠲᠤᠰᠢᠶᠠᠯ ᠳᠤ ᠤᠷᠢᠳ ᠬᠤᠵᠢᠳ ᠯᠠᠮᠠᠵᠠᠪ ᠤᠨ ᠰᠤᠳᠨᠠᠮ᠂ ᠲᠠᠸᠠ ᠶᠢᠨ ᠬᠦᠯᠬᠡᠨ᠂ ᠠᠴᠢᠳᠤ ᠶᠢᠨ ᠭᠤᠮᠪᠤᠵᠠᠪ ᠨᠠᠷ ᠪᠠᠶᠢᠵᠤ᠂ ᠮᠦᠨ ᠡᠭᠡᠯᠵᠢ ᠪᠠᠷ ᠲᠤᠰᠢᠶᠠᠯ ᠢᠶᠠᠨ ᠭᠦᠢᠴᠡᠳᠭᠡᠬᠦ ᠳᠡᠭᠡᠨ ᠤᠭᠤᠷᠢᠳᠠ ᠨᠤᠶᠠᠨ ᠤ ᠰᠢᠭᠤᠳ ᠤᠳᠤᠷᠢᠳᠤᠯᠭ᠎ᠠ ᠶᠢ ᠬᠦᠯᠢᠶᠡᠳᠡᠭ ᠪᠠᠶᠢᠪᠠ᠃ ᠲᠤᠬᠠᠢ ᠶᠢᠨ ᠦᠶ ᠎ᠡ ᠳᠤ ᠲᠤᠳᠤᠨ᠎ᠠ ᠭᠠᠳᠠᠨ᠎ᠠ ᠶᠢᠨ ᠬᠤᠯᠠᠭᠠᠢ ᠲᠡᠭᠡᠷᠡᠮ ᠡᠳᠤᠢ ᠲᠡᠳᠤᠢ ᠪᠠᠶᠢᠳᠠᠭ ᠪᠠᠶᠢᠪᠠ᠃ ᠤᠷᠤᠰ ᠤᠨ ᠴᠠᠭᠠᠨᠳᠠᠨ ᠤ ᠪᠦᠯᠦᠭ ᠠᠴᠠ ᠪᠤᠳᠠᠷᠠᠨ ᠰᠠᠷᠨᠢᠭᠰᠠᠨ ᠤᠷᠤᠰ ᠤᠳ 10 — 20 ᠪᠠᠷ ᠪᠦᠯᠦᠭᠯᠡᠨ ᠠᠭᠤᠯᠠ ᠬᠦᠪᠴᠢ ᠪᠠᠷ ᠪᠠᠶᠢᠷᠢᠯᠠᠨ ᠲᠡᠭᠡᠷᠡᠮ ᠬᠢᠭᠴᠢᠳ ᠬᠡᠳᠤ ᠬᠡᠳᠤᠨ ᠪᠦᠯᠦᠭ ᠪᠠᠶᠢᠪᠠ᠃ ᠵᠢᠱᠢᠶ᠎ᠠ ᠨᠢ᠄ ᠤᠷᠤᠰ ᠪᠠᠳ᠋ᠯᠢᠶᠡᠳ᠋ ᠤᠨ ᠪᠦᠯᠦᠭ 20 ᠭᠠᠷᠤᠢ ᠬᠦᠮᠤᠨ ᠲᠠᠢ᠂ ᠫᠤᠤ ᠵᠡᠪᠰᠡᠭ ᠲᠠᠢ᠃ ᠼᠠᠸᠢᠢᠺᠤᠸ᠋ ᠤᠨ ᠪᠦᠯᠦᠭ ᠨᠢ 20 ᠰᠢᠬᠠᠮ ᠬᠦᠮᠤᠨ ᠲᠠᠢ᠂ ᠫᠤᠤ ᠵᠡᠪᠰᠡᠭ ᠲᠠᠢ᠃ ᠮᠤᠲ᠋ᠤᠷᠢᠨ ᠤ ᠪᠦᠯᠦᠭ ᠨᠢ 10 ᠰᠢᠬᠠᠮ ᠬᠦᠮᠤᠨ ᠲᠠᠢ᠃ ᠡᠳᠡᠭᠡᠷ ᠲᠡᠭᠡᠷᠡᠮ ᠤᠳ ᠬᠢᠨᠭ᠍ᠭᠠᠨ ᠤ ᠠᠷᠤ ᠬᠦᠪᠴᠢ ᠬᠠᠨᠭ᠍ᠭᠠᠢ᠂ ᠬᠦᠨᠳᠡᠢ ᠵᠢᠯᠠᠭ᠎ᠠ ᠨᠤᠭᠤᠳ ᠢᠶᠠᠷ ᠪᠠᠶᠢᠷᠢᠯᠠᠨ ᠬᠡᠨᠡᠳᠳᠡ ᠭᠠᠷᠴᠤ ᠢᠷᠡᠨ ᠪᠤᠯᠢᠶᠠᠵᠤ ᠲᠡᠭᠡᠷᠡᠮᠳᠡᠬᠦ ᠪᠤᠶᠤ ᠵᠠᠬ᠎ᠠ ᠦᠵᠤᠭᠦᠷ ᠤᠨ ᠵᠠᠷᠢᠮ ᠲᠤᠰᠢᠶᠠᠯᠳᠠᠨ ᠢ ᠪᠠᠷᠢᠵᠤ᠂ ᠪᠠᠷᠢᠶᠠᠰᠤ ᠪᠤᠯᠭᠠᠨ ᠬᠤᠭᠤᠴᠠᠭ᠎ᠠ ᠲᠤᠭᠳᠠᠭᠠᠨ ᠡᠳᠤᠢ ᠲᠡᠳᠤᠢ ᠮᠤᠷᠢ ᠦᠬᠡᠷ᠂ ᠬᠤᠨᠢ ᠪᠤᠶᠤ ᠬᠤᠪᠴᠠᠰᠤ ᠬᠤᠨᠠᠷ ᠵᠡᠷᠭᠡ ᠶᠢ ᠠᠪᠤᠨ᠎ᠠ ᠬᠡᠮᠡᠨ ᠱᠠᠭᠠᠷᠳᠠᠬᠤ ᠮᠡᠳᠤ ᠶᠢᠨ ᠶᠠᠪᠤᠳᠠᠯ ᠤᠳ ᠭᠠᠷᠳᠠᠭ ᠪᠠᠶᠢᠭᠰᠠᠨ ᠶᠤᠮ᠃ ᠡᠶᠢᠮᠤ ᠠᠴᠠ ᠬᠦᠮᠤᠰ ᠲᠡᠳᠡᠨ ᠠᠴᠠ ᠠᠶᠤᠬᠤ ᠪᠦᠭᠡᠳ ᠠᠯᠢ ᠪᠤᠯᠬᠤ ᠪᠠᠷ ᠰᠡᠷᠭᠡᠶᠢᠯᠡᠳᠡᠭ ᠪᠠᠶᠢᠪᠠ᠃ ᠡᠳᠡᠭᠡᠷ ᠢ ᠰᠡᠷᠭᠡᠶᠢᠯᠡᠬᠦ ᠨᠢ ᠠᠮᠤᠷ ᠢ ᠬᠠᠮᠠᠭᠠᠯᠠᠬᠤ ᠠᠩᠭᠢ ᠮᠧᠶ᠋ᠢᠨ ᠬᠡᠮᠡᠬᠦ ᠶᠢᠨ ᠴᠢᠬᠤᠯᠠ ᠨᠢᠭᠡ ᠡᠭᠦᠷᠭᠡ ᠪᠠᠶᠢᠪᠠ᠃ ᠡᠨᠡ ᠬᠦ ᠤᠷᠤᠰ ᠲᠡᠭᠡᠷᠡᠮᠴᠢᠳ ᠬᠡᠮᠡᠬᠦ ᠨᠢ ᠶᠡᠷᠤ ᠠᠴᠠ ᠬᠤᠯᠠᠭᠠᠢ ᠲᠡᠭᠡᠷᠡᠮ ᠢᠶᠠᠷ ᠠᠮᠢᠳᠤᠷᠠᠨ᠎ᠠ ᠭᠡᠰᠡᠨ ᠲᠦᠷᠤᠯᠬᠢ ᠵᠤᠷᠢᠯᠭᠠᠳᠠᠨ ᠪᠤᠰᠤ᠂ ᠬᠠᠷᠢᠨ ᠤᠷᠤᠰ ᠤᠨ ᠪᠤᠯᠱᠸᠧᠡᠭ ᠨᠠᠮ ᠢ ᠡᠰᠡᠷᠭᠦᠴᠡᠭᠰᠡᠨ ᠠᠳ᠋ᠮᠠᠨ ᠰᠢᠮᠢᠶᠤᠨᠤᠸ᠋ ᠤᠨ ᠴᠡᠷᠢᠭ ᠤᠨ ᠪᠤᠳᠠᠷᠠᠭᠰᠠᠨ ᠰᠠᠯᠪᠤᠷᠢ ᠨᠤᠭᠤᠳ ᠪᠦᠭᠡᠳ ᠤᠯᠤᠰ ᠲᠦᠷᠤ ᠶᠢᠨ ᠲᠠᠯ᠎ᠠ ᠪᠠᠷ ᠴᠠᠭᠠᠨᠳᠠᠨ ᠤ ᠪᠦᠯᠦᠭ ᠤᠳ ᠪᠠᠶᠢᠵᠤ᠂ ᠭᠤᠴᠢᠭᠠᠳ ᠤᠨ ᠤ ᠡᠬᠢᠨ ᠳᠤ ᠶᠠᠫᠤᠨ ᠤ ᠡᠵᠡᠷᠭᠡᠭᠴᠢᠳ ᠤᠨ ᠤᠷᠤᠵᠤ ᠢᠷᠡᠬᠦ ᠶᠢ ᠲᠠᠭᠠᠯᠳᠤᠨ ᠠᠶᠠᠨᠳᠠᠭᠠᠨ ᠪᠤᠳᠠᠷᠠᠨ ᠰᠠᠷᠨᠢᠵᠤ ᠭᠤᠷᠪᠠᠨ ᠭᠤᠤᠯ ᠲᠠᠭᠠᠤ ᠤᠷᠤᠰ ᠲᠤᠰᠬᠤᠨ ᠨᠤᠭᠤᠳ ᠪᠤᠯᠤᠨ ᠲᠡᠮᠤᠷ ᠵᠠᠮ ᠲᠠᠭᠠᠤ ᠰᠠᠭᠤᠭᠰᠠᠨ ᠤᠷᠤᠰ ᠤᠳ ᠤᠨ ᠲᠤᠳᠤᠷ᠎ᠠ ᠤᠷᠤᠵᠤ ᠤᠷᠤ ᠮᠦᠷ ᠦᠭᠡᠢ ᠪᠤᠯᠤᠭᠰᠠᠨ ᠪᠠᠶᠢᠨ᠎ᠠ᠃
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号