ᠠᠮᠧᠷᠢᠺᠠ ᠶᠢᠨ ᠵᠠᠭᠤᠴᠢᠯᠠᠭᠤᠷ ᠤᠨ ᠬᠢᠨ ᠲᠦᠷᠦᠬᠦᠭᠡᠨ ᠮᠡᠳᠡᠭᠡᠯᠡᠯ ᠨᠡᠶᠢᠳᠡᠯᠡᠵᠦ᠂ ᠬᠠᠮᠤᠬ ᠤᠨ ᠰᠢᠨ᠎ᠡ | ᠰᠤᠳᠤᠯᠭᠠᠨ ᠳᠤ ᠢᠯᠡᠷᠡᠬᠦᠯᠦᠭᠰᠡᠨ ᠢᠶᠠᠷ ᠮᠦᠬᠦ ᠠᠷᠪᠢᠨ ᠢᠳᠡᠪᠡᠯ ᠭᠠᠩᠰᠠᠷᠠᠬᠤ ᠭᠡᠮ ᠢ ᠵᠠᠰᠠᠳᠠᠭ᠂ ᠤᠴᠢᠷ ᠨᠢ | ᠮᠦᠬᠦ ᠳᠤ ᠨᠢᠭᠡ ᠵᠦᠢᠯ ᠤᠨ ᠰᠠᠢ ᠯᠦᠸᠧ ᠰᠢ ᠪᠢᠨ ᠭᠡᠮᠡᠭᠴᠢ ᠭᠡᠢ ᠰᠡᠷᠡᠯ ᠲᠦᠷᠦᠭᠳᠡᠬᠦᠯᠬᠦ ᠡᠳ᠋ ᠠᠭᠤᠯᠤᠭᠳᠠᠳᠠᠭ | ᠭᠡᠵᠡᠢ᠃ | ᠠᠩᠭ᠍ᠯᠢ ᠶᠢᠨ ᠤᠯᠤᠰ ᠤᠨ ᠰᠢᠨᠵᠢᠯᠡᠬᠦ ᠤᠬᠠᠭᠠᠨ ᠮᠡᠷᠭᠡᠵᠢᠯ ᠤᠨ ᠰᠤᠳᠤᠯᠭᠠᠨ ᠤ ᠵᠦᠪᠯᠡᠯ ᠠᠴᠠ ᠲᠡᠮᠵᠢᠨ | ᠶᠠᠪᠤᠭᠳᠠᠭᠤᠯᠵᠤ ᠪᠠᠶᠢᠭ᠎ᠠ ᠳᠤᠰ ᠰᠤᠳᠤᠯᠭᠠᠨ ᠤ ᠳᠤᠮᠳᠠ᠂ ᠰᠤᠳᠤᠯᠭᠠᠳᠠᠳ ᠭᠠᠩᠰᠠᠷᠠᠬᠤ ᠭᠡᠮ ᠲᠠᠢ ᠡᠪᠡᠳᠴᠢᠳᠡᠨ ᠳᠤ | ᠭᠠᠷᠠᠭ ᠪᠦᠷᠢ ᠬᠤᠶᠠᠷ ᠤᠳᠠᠭ᠎ᠠ ᠰᠠᠢ ᠯᠦᠸᠧ ᠰᠢ ᠪᠢᠨ ᠢ ᠤᠤᠭᠤᠯᠭᠠᠬᠤ ᠶᠢᠨ ᠬᠠᠮᠳᠤ ᠲᠡᠳᠡᠨ ᠤ ᠶᠡᠭᠡ ᠳᠠᠷᠢᠬᠢᠨ ᠤ | ᠳᠤᠰᠬᠠᠯ ᠢ ᠠᠵᠢᠬᠯᠠᠵᠠᠢ᠃ ᠭᠠᠶᠢᠬᠠᠯᠳᠠᠢ ᠨᠢ᠂ ᠨᠢᠭᠡ ᠭᠠᠷᠠᠭ ᠤᠨ ᠳᠠᠷᠠᠭ᠎ᠠ ᠪᠦᠬᠦ᠋ᠢᠯᠡ ᠡᠪᠡᠳᠴᠢᠳᠡᠨ ᠤ ᠭᠠᠩᠰᠠᠷᠠᠬᠤ | ᠢᠯᠡᠷᠡᠯ ᠨᠢ ᠴᠦᠮ ᠨᠠᠮᠳᠠᠪᠠ᠃ ᠳᠠᠪᠤᠨ ᠭᠠᠷᠠᠭ ᠤᠨ ᠳᠠᠷᠠᠭ᠎ᠠ᠂ 47% ᠤᠨ ᠡᠪᠡᠳᠴᠢᠳᠡᠨ ᠭᠤᠳᠤᠷᠠᠵᠤ | ᠪᠤᠬᠢᠨᠢᠳᠤᠬᠤ ᠪᠠᠨ ᠪᠠᠶᠢᠬᠰᠠᠨ ᠪᠠᠶᠢᠪᠠ᠃ ᠳᠠᠷᠢᠬᠢᠨ ᠤ ᠭᠡᠰᠡᠭ ᠤᠨ ᠰᠢᠷᠪᠢᠯᠳᠡ ᠳᠤ ᠬᠠᠷᠠᠭᠤᠯᠤᠭᠰᠠᠨ ᠢᠶᠠᠷ᠂ | ᠡᠪᠡᠳᠴᠢᠳᠡᠨ ᠤ ᠬᠦᠢᠯᠡᠰᠦᠨ ᠴᠦᠮ᠎ᠡ ᠶᠢᠨ ᠳᠤᠭᠤᠷᠢᠭ ᠤᠨ ᠠᠵᠢᠯᠯᠠᠭ᠎ᠠ ᠴᠤ ᠢᠯᠡᠳᠳᠡ ᠪᠠᠭᠠᠰᠴᠠᠢ᠃ | | ᠰᠤᠳᠤᠯᠭᠠᠳᠠᠳ ᠤᠨ ᠢᠯᠡᠷᠭᠡᠶᠢᠯᠡᠭᠰᠡᠨ ᠢᠶᠠᠷ᠂ ᠰᠠᠢ ᠯᠦᠸᠧ ᠰᠢ ᠪᠢᠨ ᠭᠠᠩᠰᠠᠷᠠᠬᠤ ᠭᠡᠮ ᠲᠠᠢ | ᠡᠪᠡᠳᠴᠢᠳᠡᠨ ᠳᠤ ᠪᠤᠳᠤᠯ ᠰᠠᠨᠠᠭ᠎ᠠ ᠨᠢ ᠳᠠᠯᠪᠢᠭᠤᠷᠠᠬᠤ ᠪᠠ ᠦᠪᠡᠷᠮᠢᠴᠡ ᠵᠠᠩ ᠠᠭᠠᠯᠢ ᠨᠢ ᠬᠤᠪᠢᠷᠠᠬᠤ ᠲᠦᠷᠦᠭᠳᠡᠯ | ᠦᠭᠳᠡᠭ ᠪᠠᠶᠢᠨ᠎ᠠ᠃ ᠮᠦᠬᠦ ᠠᠷᠪᠢᠨ ᠢᠳᠡᠪᠡᠯ ᠲᠡᠬᠦᠨ ᠳᠤ ᠠᠭᠤᠯᠤᠭᠳᠠᠬᠤ ᠰᠠᠢ ᠯᠦᠸᠧ ᠰᠢ ᠪᠢᠨ ᠨᠢ ᠶᠡᠭᠡ | ᠳᠠᠷᠢᠬᠢᠨ ᠳᠤ ᠳᠠᠬᠢᠨᠳᠠ ᠳᠤᠬᠢᠷᠠᠭᠤᠯᠤᠯᠳᠠ ᠬᠢᠵᠦ᠂ ᠭᠠᠩᠰᠠᠷᠠᠬᠤ ᠭᠡᠮ ᠤᠨ ᠵᠠᠰᠠᠯᠭ᠎ᠠ ᠳᠤ ᠮᠠᠰᠢ ᠰᠠᠶᠢᠨ ᠦᠢᠯᠡᠳᠦᠯ | ᠦᠵᠡᠬᠦᠯᠳᠡᠭ᠃ |