ᠨᠢᠭᠡ᠂ ᠲᠤᠬᠠᠢ ᠶᠢᠨ ᠦᠶ᠎ᠡ ᠶᠢᠨ ᠪᠠᠶᠢᠳᠠᠯ | 1914 ᠤᠨ ᠤ ᠲᠡᠯᠡᠬᠡᠢ ᠶᠢᠨ ᠨᠢᠭᠡᠳᠤᠭᠡᠷ ᠲᠠᠶᠢᠨ ᠤ ᠲᠠᠷᠠᠭ᠎ᠠ᠂ ᠤᠷᠤᠰ ᠤᠨ ᠪᠤᠯᠱᠸᠧᠢᠡᠡ ᠨᠠᠮ ᠤᠨ ᠤᠳᠤᠷᠢᠳᠤᠭᠰᠠᠨ ᠬᠤᠪᠢᠰᠬᠠᠯᠳᠤ ᠬᠦᠳᠡᠯᠭᠡᠭᠡᠨ ᠮᠠᠰᠢ | ᠲᠦᠷᠭᠡᠨ ᠦᠷᠨᠢᠵᠤ᠂ ᠨᠡᠩ ᠴᠤ 1917 ᠤᠨ ᠤ ᠤᠷᠤᠰ ᠤᠨ ᠤᠺᠲ᠋ᠢᠶᠠᠪᠠᠷ ᠤᠨ ᠬᠤᠪᠢᠰᠬᠠᠯ ᠢ ᠦᠡᠭᠭᠡᠷᠡᠭᠡᠨ ᠤᠷᠤᠰ ᠤᠯᠤᠰ ᠤᠨ ᠬᠠᠭᠠᠨᠳᠤ ᠵᠠᠰᠠᠭ ᠲᠦᠷᠤ | ᠰᠦᠢᠷᠡᠵᠤ ᠵᠦᠪᠯᠡᠯᠳᠤ ᠵᠠᠰᠠᠭ ᠲᠦᠷᠤ ᠲᠤᠭᠳᠠᠬᠤ ᠦᠶ᠎ᠡ ᠳᠤ ᠶᠡᠭᠡ ᠰᠠᠮᠠᠭᠤᠨ ᠪᠠᠶᠢᠳᠠᠯ ᠤᠷᠤᠰ ᠤᠯᠤᠰ ᠲᠠᠶᠠᠭᠠᠷ ᠲᠤ ᠦᠷᠬᠦᠯᠵᠢᠯᠡᠨ ᠭᠠᠷᠤᠭᠰᠠᠭᠠᠷ ᠪᠠᠶᠢᠪᠠ᠃ | ᠰᠢᠪᠧᠷᠢᠶ᠎ᠠ ᠪᠤᠯᠤᠨ ᠪᠤᠷᠢᠶᠠᠳ ᠤᠷᠤᠨ ᠳᠤ ᠴᠤ ᠤᠺᠲ᠋ᠢᠶᠠᠪᠠᠷ ᠤᠨ ᠬᠤᠪᠢᠰᠬᠠᠯ ᠳᠤ ᠴᠤᠬᠢᠭᠳᠠᠭᠰᠠᠨ ᠬᠠᠭᠠᠨᠳᠠᠨ ᠤ ᠦᠯᠡᠳᠡᠭᠳᠡᠮᠡᠯ ᠬᠦᠴᠤᠨ ᠤ ᠨᠢᠭᠡᠨ ᠲᠦᠷᠤᠭᠦᠤ | ᠺᠤᠯᠴᠢᠶᠠᠬᠢᠨ ᠤ ᠲᠤᠭᠳᠠᠭᠠᠭᠰᠠᠨ ᠲᠢᠭᠯᠢᠮ ᠪᠤᠶᠤ ᠲᠡᠭᠦᠨ ᠤ ᠬᠠᠮᠰᠠᠭᠠᠳᠠᠨ ᠠᠳ᠋ᠮᠠᠨ ᠰᠢᠮᠢᠶᠤᠨᠤᠸ᠋ ᠪᠠ ᠪᠠᠷᠤᠨ ᠤᠡᠭᠬᠢᠷᠠᠨ ᠤ ᠪᠦᠯᠦᠭ ᠤᠳ᠂ ᠶᠠᠫᠤᠨ᠂ ᠠᠮᠧᠷᠢᠺᠡ᠂ | ᠠᠩᠭ᠍ᠯᠢ ᠵᠡᠷᠭᠡ ᠶᠢᠨ ᠭᠠᠳᠠᠭᠠᠳᠤ ᠶᠢᠨ ᠬᠦᠴᠤᠨ ᠳᠤ ᠲᠦᠰᠢᠭᠯᠡᠨ ᠵᠦᠪᠯᠡᠯᠳᠤ ᠵᠠᠰᠠᠭ ᠦᠭᠡᠳᠡ ᠲᠤᠪᠳᠤᠯᠤᠯᠳᠠ ᠬᠢᠵᠤ᠂ ᠪᠤᠷᠢᠶᠠᠳ ᠮᠤᠩᠭᠤᠯ ᠤᠷᠤᠨ ᠲᠠᠶᠢᠨ ᠤ | ᠬᠦᠯ ᠳᠤ ᠲᠠᠭᠠᠷᠢᠭᠳᠠᠪᠠ᠃ ᠲᠡᠳᠡ ︽ᠨᠠᠷᠮᠠᠢ ᠮᠤᠩᠭᠤᠯ ᠤᠯᠤᠰ︾ ᠢ ᠪᠠᠶᠢᠭᠤᠯᠬᠤ ᠨᠡᠷ᠎ᠡ ᠪᠠᠷ ᠤᠷᠤᠨ ᠨᠤᠳᠤᠭ ᠤᠨ ᠦᠨᠳᠤᠰᠤᠳᠡᠨ ᠤ ᠦᠵᠡᠯᠳᠡᠨ ᠨᠦᠭᠦᠳ ᠢ | ᠦᠳᠤᠭᠡᠨ ᠠᠰᠢᠭᠯᠠᠵᠤ᠂ ᠴᠡᠷᠢᠭ ᠪᠠᠶᠢᠭᠤᠯᠤᠨ ᠬᠢᠯᠢ ᠬᠢᠵᠠᠭᠠᠷ ᠤᠷᠤᠨ ᠤ ᠪᠤᠷᠢᠶᠠᠳ ᠮᠤᠩᠭᠤᠯ ᠤᠨ ᠨᠤᠳᠤᠭ ᠪᠠ ᠪᠤᠤᠷᠵᠢ᠂ ᠳ᠋ᠠᠤᠷᠢ ᠵᠡᠷᠭᠡ ᠶᠢᠨ ᠭᠠᠯᠳᠤ ᠲᠡᠷᠭᠡ ᠶᠢᠨ | ᠦᠷᠳᠡᠭᠡ ᠪᠠᠷ ᠪᠠᠶᠢᠷᠢᠯᠠᠨ᠂ ᠨᠢᠭᠡ ᠲᠠᠯ᠎ᠠ ᠪᠠᠷ ᠤᠯᠠᠭᠠᠨ ᠴᠡᠷᠢᠭ ᠲᠠᠢ ᠲᠠᠶᠢᠨ ᠬᠢᠵᠤ᠂ ᠨᠦᠭᠦᠭᠡ ᠲᠠᠯ᠎ᠠ ᠪᠠᠷ ᠪᠤᠷᠢᠶᠠᠳ ᠮᠤᠩᠭᠤᠯᠴᠤᠳ ᠤᠨ ᠢᠳᠡᠷ ᠬᠦᠪᠡᠭᠦᠳ ᠢ | ᠠᠯᠪᠠᠳᠠᠨ ᠴᠡᠷᠢᠭ ᠲᠤ ᠡᠯᠰᠡᠬᠦ᠂ ᠴᠡᠷᠢᠭ ᠤᠨ ᠠᠭᠳᠠ ᠮᠤᠷᠢ ᠪᠤᠯᠤᠨ ᠬᠦᠨᠡᠰᠤ ᠬᠤᠭᠤᠯᠠᠨ ᠤ ᠮᠠᠯ ᠢ ᠰᠢᠭᠤᠳ ᠲᠠᠳᠠᠪᠤᠷᠢᠯᠠᠬᠤ᠂ ᠮᠦᠨ ᠤᠯᠠᠭᠠᠨ ᠨᠠᠮ ᠠᠴᠠ ᠵᠠᠶᠢᠯᠠᠵᠤ | ᠨᠡᠭᠦᠳᠡᠯ ᠬᠢᠬᠦ ᠶᠢ ᠱᠠᠭᠠᠷᠳᠠᠬᠤ ᠵᠡᠷᠭᠡ ᠪᠠᠷ ᠬᠢᠯᠢ ᠬᠢᠵᠠᠭᠠᠷ ᠤᠷᠤᠨ ᠤ ᠮᠠᠯᠴᠢᠨ ᠠᠷᠠᠳ ᠲᠤ ᠶᠡᠬᠡᠬᠡᠨ ᠲᠠᠷᠤᠯᠳᠠ ᠦᠵᠡᠭᠦᠯᠦᠭᠰᠡᠨ ᠪᠠᠶᠢᠨ᠎ᠠ᠃ ᠲᠡᠳᠡᠨ ᠤ | ᠬᠦᠳᠡᠯᠭᠡᠭᠡᠨ ᠳᠤ ᠠᠭ᠎ᠠ ᠨᠤᠳᠤᠭ ᠤᠨ ᠲᠠᠪᠬᠠᠢ ᠶᠢᠨ ᠲᠤᠭᠠᠷ ᠴᠤ ᠤᠳ᠋ᠷᠢᠶᠠᠳ᠋ ᠪᠠᠶᠢᠭᠤᠯᠤᠨ ᠬᠠᠮᠢᠶᠠᠷᠳᠠᠵᠤ ᠤᠷᠤᠯᠴᠠᠭᠰᠠᠨ ᠪᠢᠯᠡ᠃ ᠡᠶᠢᠨ ᠬᠦ ᠪᠤᠷᠢᠶᠠᠳ ᠮᠤᠩᠭᠤᠯ | ᠮᠠᠯᠴᠢᠳ ᠴᠠᠭᠠᠨ ᠤ ᠲᠡᠭᠡᠷᠡᠮᠴᠢᠳ ᠤᠨ ᠰᠦᠷᠳᠡᠭᠦᠯᠤᠯ᠂ ᠬᠢᠬᠠᠯᠳᠠ᠂ ᠬᠢᠳᠤᠯᠭ᠎ᠠ᠂ ᠲᠤᠨᠤᠯᠭᠠ ᠳᠤ ᠤᠷᠤᠵᠤ᠂ ᠦᠨᠤᠴᠢᠨ ᠦᠷᠤᠭᠡᠰᠤᠨ᠂ ᠦᠭᠡᠶᠢᠭᠦᠤ ᠶᠠᠳᠠᠭᠤ ᠨᠡᠮᠡᠭᠳᠡᠨ᠂ | ᠬᠦᠮᠤᠰ ᠤᠨ ᠰᠡᠳᠭᠢᠯ ᠰᠠᠨᠠᠭ᠎ᠠ ᠴᠤ ᠲᠤᠭᠳᠠᠭᠤᠨ ᠪᠤᠰᠤ ᠪᠤᠯᠵᠤ ᠬᠦᠨᠳᠤ ᠪᠠᠶᠢᠳᠠᠯ ᠳᠤ ᠲᠤᠯᠭᠠᠷᠠᠭᠰᠠᠨ ᠪᠠᠶᠢᠨ᠎ᠠ᠃ ᠲᠡᠭᠡᠭᠡᠳ ᠦᠶ᠎ᠡ ᠶᠢᠨ ᠦᠶ᠎ᠡ ᠪᠠᠷ ᠢᠶᠠᠨ ᠨᠡᠭᠦᠳᠡᠯ | ᠮᠠᠯᠵᠢᠯ ᠡᠷᠬᠢᠯᠡᠨ ᠢᠷᠡᠭᠰᠡᠨ ᠮᠠᠯᠴᠢᠳ ᠶᠠᠭᠠᠬᠢᠬᠤ ᠪᠠᠨ ᠤᠯᠵᠤ ᠶᠠᠳᠠᠨ ᠪᠠᠶᠢᠯ᠎ᠠ᠃ ᠡᠶᠢᠨ ᠬᠦ ᠪᠤᠷᠢᠶᠠᠳ ᠨᠤᠳᠤᠭ ᠤᠨ ᠲᠤᠮᠤᠭᠠᠳᠠᠳ ᠪᠤᠯᠤᠨ ᠠᠭ᠎ᠠ᠂ ᠴᠦᠬᠡᠯ | ᠳ᠋ᠠᠴᠡᠩ ᠤᠨ ᠶᠡᠭᠡ ᠯᠠᠮᠠ ᠨᠠᠷ ᠡᠨᠡ ᠪᠠᠶᠢᠳᠠᠯ ᠠᠴᠠ ᠬᠡᠷᠬᠢᠨ ᠮᠤᠯᠳᠤᠷᠠᠬᠤ ᠶᠢ ᠰᠦᠪᠡᠭᠴᠢᠯᠡᠬᠦ ᠨᠢ ᠪᠠᠴᠢᠮ ᠲᠦᠷᠭᠡᠨ ᠰᠢᠢᠳᠪᠤᠷᠢᠯᠡᠬᠦ ᠠᠰᠠᠭᠤᠳᠠᠯ ᠪᠤᠯᠤᠨ ᠲᠤᠯᠭᠠᠷᠠᠵᠤ᠂ | ᠲᠤᠰ ᠪᠦᠷᠢ ᠳᠡᠭᠡᠨ ᠪᠤᠯᠤᠯᠴᠠᠭ᠎ᠠ ᠪᠦᠬᠦᠢ ᠠᠷᠭ᠎ᠠ ᠬᠡᠮᠵᠢᠶ᠎ᠡ ᠠᠪᠴᠤ ᠡᠬᠢᠯᠡᠭᠰᠡᠨ ᠪᠠᠶᠢᠨ᠎ᠠ᠃ | ᠲᠡᠯᠡᠬᠡᠢ ᠶᠢᠨ ᠨᠢᠭᠡᠳᠤᠭᠡᠷ ᠲᠠᠶᠢᠨ ᠳᠤ ᠠᠭ᠎ᠠ ᠨᠤᠳᠤᠭ ᠠᠴᠠ ᠲᠠᠳᠠᠭᠳᠠᠨ ᠠᠵᠢᠯ ᠬᠢᠬᠦ ᠪᠠᠷ ᠶᠠᠪᠤᠭᠰᠠᠨ ᠬᠦᠮᠤᠰ ᠢ ᠲᠠᠭᠠᠭᠤᠯᠵᠤ ᠶᠠᠪᠤᠭᠰᠠᠨ ᠨᠠᠩᠵᠢ ᠶᠢᠨ | ᠰᠠᠨᠵᠢᠶᠠ ᠪᠤᠯᠤᠨ ᠲᠤᠮ᠎ᠠ ᠶᠢᠨ ᠴᠡᠷᠠᠨᠵᠠᠪ ᠨᠠᠷ ᠠᠭ᠎ᠠ ᠲᠠᠭᠠᠨ ᠪᠤᠴᠠᠵᠤ ᠢᠷᠡᠭᠰᠡᠨ ᠤ ᠰᠡᠭᠦᠯᠡᠷ ᠠᠭ᠎ᠠ᠂ ᠤᠨᠤᠨ ᠤ 200 ᠰᠢᠬᠠᠮ ᠡᠷᠤᠬᠡ ᠠᠶᠢᠯ ᠢ ᠲᠠᠭᠠᠭᠤᠯᠵᠤ᠂ | ᠡᠮᠤᠨᠡᠰᠢ ᠪᠠᠨ ᠮᠤᠩᠭᠤᠯ ᠤᠯᠤᠰ ᠤᠨ ᠭᠠᠵᠠᠷ ᠲᠤ ᠨᠡᠭᠦᠳᠡᠯᠯᠡᠨ ᠤᠷᠤᠭᠰᠠᠨ ᠪᠠᠶᠢᠪᠠ᠃ ᠲᠡᠭᠦᠨ ᠠᠴᠠ ᠬᠤᠶᠢᠰᠢᠬᠢ ᠵᠢᠯ ᠤᠳ ᠲᠤ ᠪᠤᠷᠢᠶᠠᠳ ᠮᠤᠩᠭᠤᠯ ᠤᠨ ᠨᠤᠳᠤᠭ | ᠪᠦᠬᠦᠨ ᠠᠴᠠ ᠮᠤᠩᠭᠤᠯ ᠤᠷᠤᠨ ᠦᠭᠡᠳᠡ ᠨᠡᠭᠦᠭᠴᠢᠳ ᠤᠯᠠᠮ ᠤᠯᠠᠨ ᠪᠤᠯᠤᠭᠰᠨᠨ ᠪᠠᠶᠢᠨ᠎ᠠ᠃ | ᠬᠤᠶᠠᠷ᠂ ᠪᠤᠷᠢᠶᠠᠳ ᠮᠤᠩᠭᠤᠯᠴᠤᠳ ᠤᠨ ᠰᠢᠨᠡᠬᠡᠨ ᠳᠤ ᠨᠡᠭᠦᠨ ᠢᠷᠡᠭᠰᠡᠨ ᠦᠡᠭᠭᠡᠷᠡᠯᠳᠡ ᠪᠤᠯᠤᠨ ᠲᠡᠭᠦᠨ ᠤ ᠰᠢᠯᠳᠠᠭᠠᠨ | ᠪᠤᠷᠢᠶᠠᠳ ᠮᠤᠩᠭᠤᠯᠴᠤᠳ ᠠᠯᠢ ᠲᠡᠭᠡᠳᠤ ᠠᠴᠠ ᠪᠠᠶᠢᠭᠠᠯ ᠲᠠᠯᠠᠢ ᠪᠤᠯᠤᠨ ᠬᠢᠨᠭ᠍ᠭᠠᠨ ᠲᠠᠪᠠᠭᠠᠨ ᠤ ᠲᠤᠮᠳᠠᠬᠢ ᠦᠷᠭᠡᠨ ᠠᠭᠤᠳᠠᠮ ᠨᠤᠳᠤᠭ ᠲᠤ ᠨᠤᠳᠤᠭᠯᠠᠵᠤ | ᠪᠠᠶᠢᠭᠰᠠᠨ ᠢᠶᠠᠷ ᠪᠠᠷᠠᠬᠤ ᠦᠭᠡᠢ ᠡᠷᠳᠡ ᠦᠶ᠎ᠡ ᠳᠤ ᠡᠮᠤᠨᠡᠰᠢ ᠬᠠᠳᠤᠨ ᠭᠤᠤᠯ᠂ ᠬᠦᠬᠡᠨᠠᠭᠤᠷ ᠬᠦᠷᠳᠡᠯ᠎ᠡ ᠨᠡᠭᠦᠳᠡᠯᠯᠡᠨ ᠠᠮᠢᠳᠤᠷᠠᠵᠤ ᠪᠠᠶᠢᠭᠰᠠᠨ ᠲᠡᠤᠬᠡ ᠲᠠᠢ ᠶᠤᠮ᠃ | 1727 ᠤᠨ ᠳᠤ ᠮᠠᠨᠵᠤ ᠴᠢᠩ ᠪᠤᠯᠤᠨ ᠤᠷᠤᠰ ᠤᠨ ᠴᠠᠭᠠᠨ ᠬᠠᠭᠠᠨ ᠤ ᠬᠢᠭᠰᠡᠨ ᠨᠢᠪᠴᠦ᠋ ᠶᠢᠨ ᠭᠡᠷ᠎ᠡ ᠪᠠᠷ ᠨᠤᠳᠤᠭ ᠤᠰᠤ᠂ ᠬᠦᠮᠤᠨ ᠠᠷᠠᠳ ᠲᠠᠢ ᠪᠠᠨ | ᠤᠷᠤᠰ ᠤᠨ ᠮᠡᠳᠡᠯ ᠳᠤ ᠤᠷᠤᠭᠰᠠᠨ ᠪᠢᠯᠡ᠃ ᠪᠤᠷᠢᠶᠠᠳ ᠮᠤᠩᠭᠤᠯᠴᠤᠳ ᠡᠶᠢᠨ ᠬᠦ ᠴᠠᠭᠠᠨ ᠬᠠᠭᠠᠨ ᠤ ᠮᠡᠳᠡᠯ ᠳᠤ ᠤᠷᠤᠭᠰᠠᠨ ᠴᠤ ᠬᠢᠯᠢ ᠲᠠᠭᠠᠤ ᠳᠠᠬᠢ ᠦᠯᠢᠷᠡᠩᠭᠡ᠂ | ᠪᠤᠤᠷᠵᠢ᠂ ᠲᠠᠷᠢ ᠨᠤᠳᠤᠭ ᠤᠨ ᠪᠤᠷᠢᠶᠠᠳ ᠮᠤᠩᠭᠤᠯ ᠨᠡᠭᠦᠳᠡᠯᠴᠢᠳ ᠡᠷᠭᠦᠨ᠎ᠡ ᠶᠢᠨ ᠦᠪᠤᠷ᠂ ᠲᠠᠯᠠᠢ ᠨᠠᠭᠤᠷ᠂ ᠮᠠᠨᠠᠩ ᠤᠨ ᠲᠠᠯ᠎ᠠ ᠪᠠᠷ ᠮᠦᠨ ᠯᠡ ᠤᠷᠤᠵᠤ ᠭᠠᠷᠤᠨ | ᠨᠡᠭᠦᠳᠡᠯᠯᠡᠵᠤ ᠪᠠᠶᠢᠭᠰᠠᠨ ᠶᠤᠮ᠃ 1918 ᠤᠨ ᠤ ᠦᠶ᠎ᠡ ᠪᠤᠯᠬᠤ ᠳᠤ ᠠᠭ᠎ᠠ ᠶᠢᠨ ᠳ᠋ᠦᠮᠠ ᠶᠢᠨ ᠵᠠᠬᠢᠷᠭ᠎ᠠ ᠶᠢᠨ ᠬᠢᠯᠢ ᠳᠤ ᠤᠢᠢᠷᠠᠯᠴᠠᠭ᠎ᠠ ᠪᠠᠶᠢᠭᠰᠠᠨ ᠤᠨᠤᠨ᠂ ᠠᠭ᠎ᠠ᠂ | ᠪᠤᠤᠷᠵᠢ᠂ ᠲᠦᠤᠷᠬᠡ᠂ ᠲᠠᠷᠢ᠂ ᠦᠯᠢᠷᠡᠩᠭᠡ ᠵᠡᠷᠭᠡ ᠶᠢᠨ ᠨᠤᠳᠤᠭ ᠤᠨ ᠪᠤᠷᠢᠶᠠᠳ ᠮᠤᠩᠭᠤᠯᠴᠤᠳ ᠪᠠ ᠲᠡᠳᠡᠨ ᠲᠠᠢ ᠬᠠᠮᠳᠤ ᠠᠮᠢᠳᠤᠷᠠᠵᠤ ᠪᠠᠶᠢᠭᠰᠠᠨ ᠬᠠᠮᠨᠢᠭᠠᠳ | ᠬᠦᠯᠤᠨ ᠪᠤᠶᠢᠷ ᠤᠨ ᠬᠡᠷᠤᠯᠤᠨ ᠭᠤᠤᠯ᠂ ᠮᠡᠨᠡᠩ ᠤᠨ ᠲᠠᠯ᠎ᠠ᠂ ᠲᠠᠯᠠᠢ ᠨᠠᠭᠤᠷ᠂ ᠬᠠᠶᠢᠯᠠᠷ ᠭᠤᠤᠯ ᠬᠦᠷᠳᠡᠯ᠎ᠡ ᠨᠡᠭᠦᠳᠡᠯᠯᠡᠨ ᠬᠡᠳᠤᠨ ᠵᠢᠯ ᠢᠶᠠᠷ ᠨᠤᠳᠤᠭᠯᠠᠭᠠᠳ ᠡᠷᠭᠢᠨ | ᠤᠷᠤᠰ ᠤᠨ ᠠᠭ᠎ᠠ ᠶᠢᠨ ᠳ᠋ᠦᠮᠠ ᠳᠡᠭᠡᠨ ᠪᠤᠴᠠᠭᠰᠠᠨ ᠦᠭᠡᠢ᠃ ᠶᠠᠭ ᠡᠨᠡ ᠦᠶ᠎ᠡ 1918 ᠤᠨ ᠳᠤ ᠠᠭ᠎ᠠ ᠨᠤᠳᠤᠭ ᠤᠨ ᠪᠠᠵᠠᠷ ᠤᠨ ᠨᠠᠮᠳᠠᠭ ᠨᠤᠶᠠᠨ | ︵ᠲᠤᠭᠲ᠋ᠤᠷ ᠬᠤᠸᠠᠰᠠᠢ ᠤᠪᠤᠭ ᠤᠨ ᠠᠭ᠎ᠠ ᠶᠢᠨ ᠲᠠᠶᠢᠱᠠ ᠨᠤᠶᠠᠨ ᠪᠠᠶᠢᠭᠰᠠᠨ ᠲᠤᠪᠤ ᠶᠢᠨ ᠲᠡᠭᠦᠯᠳᠡᠷ ᠤᠨ ᠠᠴᠢ ᠬᠦᠪᠡᠭᠦᠨ︶ ᠪᠤᠯᠤᠨ ᠪᠠᠭᠳᠠᠨᠤᠸ᠋ ᠬᠡᠮᠡᠬᠦ ᠬᠦᠮᠤᠨ ᠲᠠᠢ | ᠬᠠᠮᠳᠤ ᠬᠡᠳᠤᠨ ᠬᠦᠮᠤᠨ ᠬᠦᠯᠤᠨ ᠪᠤᠶᠢᠷ ᠤᠨ ᠨᠤᠳᠤᠭ ᠲᠤ ᠢᠷᠡᠵᠤ᠂ ᠬᠦᠯᠤᠨ ᠪᠤᠶᠢᠷ ᠤᠨ ᠮᠠᠶᠢᠷᠠᠨ ᠵᠠᠩᠭᠢ ᠶᠢᠨ ᠶᠠᠮᠤᠨ ︵ᠠᠮᠪᠠᠨ ᠶᠠᠮᠤᠨ︶ ᠤ ᠡᠷᠬᠡ | ᠪᠠᠷᠢᠭᠴᠢᠳ ᠲᠠᠢ ᠤᠴᠠᠷᠠᠵᠤ ᠨᠢᠭᠡ ᠪᠦᠯᠦᠭ ᠪᠤᠷᠢᠶᠠᠳ ᠮᠤᠩᠭᠤᠯᠴᠤᠳ ᠬᠦᠯᠤᠨ ᠪᠤᠶᠢᠷ ᠲᠤ ᠨᠡᠭᠦᠵᠤ ᠢᠷᠡᠨ ᠨᠤᠳᠤᠭᠰᠢᠨ ᠰᠠᠭᠤᠬᠤ ᠲᠤᠬᠠᠢ ᠭᠠᠵᠠᠷ ᠨᠤᠳᠤᠭ | ᠭᠤᠶᠤᠴᠢᠯᠠᠬᠤ ᠶᠢᠨ ᠵᠡᠷᠭᠡ ᠰᠢᠨᠡᠬᠡᠨ ᠭᠤᠤᠯ᠂ ᠢᠮᠢᠨ ᠭᠤᠤᠯ ᠲᠠᠭᠠᠤ ᠭᠠᠵᠠᠷ ᠤᠳ ᠢ ᠶᠡᠬᠡᠪᠴᠢᠯᠡᠨ ᠬᠠᠶᠢᠨ ᠪᠠᠶᠢᠴᠠᠭᠠᠵᠤ ᠦᠵᠡᠭᠡᠳ ᠠᠩᠬᠠᠨ ᠤ ᠬᠠᠷᠠᠯᠳᠠ ᠪᠠᠨ | ᠲᠤᠭᠳᠠᠭᠠᠨ ᠠᠩᠬ᠎ᠠ ᠠᠯᠬᠤᠮ ᠤᠨ ᠵᠦᠪᠰᠢᠶᠡᠷᠡᠯ ᠤᠯᠤᠭᠠᠳ ᠪᠤᠴᠠᠭᠰᠠᠨ ᠶᠤᠮ᠃ | ᠲᠡᠭᠡᠬᠦ ᠳᠡᠭᠡᠨ ᠨᠠᠮᠳᠠᠭ ᠨᠤᠶᠠᠨ᠂ ᠰᠢᠨᠡᠬᠡᠨ ᠭᠤᠤᠯ ᠤᠨ ᠢᠮᠢᠨ ᠭᠤᠤᠯ ᠳᠤ ᠴᠢᠳᠬᠤᠳᠠᠭ ᠠᠭᠤᠯᠵᠠᠭᠤᠷ ᠤᠨ ᠬᠤᠶᠢᠳᠤ ᠲᠠᠯ᠎ᠠ ᠳᠤ ᠢᠮᠢᠨ ᠭᠤᠤᠯ ᠤᠨ ᠵᠡᠭᠦᠨ | ᠲᠡᠨᠵᠢᠨ ᠳᠤ ᠪᠦᠬᠦᠢ ᠨᠢᠭᠡᠨ ᠲᠤᠪᠤᠴᠠᠭ ᠲᠤᠯᠤᠭᠠᠢ ᠲᠡᠭᠡᠷ᠎ᠡ ᠮᠦᠷᠢᠨ ᠠᠴᠠ ᠪᠠᠭᠤᠵᠤ᠂ ᠡᠮᠡᠭᠡᠯ ᠤᠨ ᠲᠤᠬᠤᠮ ᠢᠶᠠᠨ ᠠᠪᠴᠤ ᠭᠠᠵᠠᠷ ᠲᠤ ᠲᠡᠪᠢᠰᠤᠭᠡᠳ ᠲᠡᠭᠡᠷ᠎ᠡ ᠨᠢ | ᠦᠪᠡᠷ ᠤᠨ ᠤᠷᠤᠰ ᠴᠠᠮᠪᠠ ᠪᠤᠷᠤᠭᠠᠨ ᠤ ᠴᠤᠪᠠ ᠪᠠᠨ ᠲᠡᠯᠭᠡᠵᠤ᠂ ᠢᠳᠡᠭᠡᠨ ᠤ ᠵᠦᠢᠯ ᠰᠢᠬᠢᠷ ᠪᠤᠭᠤᠷᠰᠤᠭ ᠵᠡᠷᠭᠡ ᠪᠠᠷ ᠲᠠᠬᠢᠯ ᠲᠠᠯᠪᠢᠭᠠᠳ ᠬᠤᠶᠠᠷ ᠭᠠᠷ ᠤᠨ ᠨᠡᠷᠡᠭᠦᠢ | ᠬᠤᠷᠤᠭᠤᠨ ᠳᠠᠭᠠᠨ ᠵᠡᠭᠦᠵᠤ ᠶᠠᠪᠤᠭᠰᠠᠨ ᠠᠯᠳᠠᠨ ᠪᠦᠭᠡᠵᠢ ᠪᠤᠯᠤᠨ ᠴᠠᠭᠠᠨ ᠮᠦᠡᠭᠭᠦ ᠵᠡᠷᠭᠡ ᠶᠢ ᠲᠠᠯᠪᠢᠵᠤ ︽ᠡᠨᠡ ᠨᠤᠳᠤᠭ ᠮᠠᠨ ᠤ ᠪᠤᠷᠢᠶᠠᠳ ᠮᠤᠩᠭᠤᠯᠴᠤᠳ ᠤᠨ | ᠦᠨᠢᠷᠵᠢᠨ ᠦᠭᠡᠳᠡᠯᠡᠵᠤ ᠮᠦᠡᠭᠬᠡᠵᠢᠨ ᠰᠠᠭᠤᠬᠤ ᠨᠤᠳᠤᠭ ᠪᠤᠯᠬᠤ ᠪᠤᠯᠳᠤᠭᠠᠢ︾ ᠬᠡᠮᠡᠨ ᠢᠷᠤᠭᠡᠵᠤ ᠮᠦᠷᠭᠦᠨ ᠶᠤᠰᠤᠯᠠᠭᠠᠳ ᠮᠤᠷᠳᠠᠭᠰᠨᠨ ᠭᠡᠳᠡᠭ᠃ ᠨᠠᠮᠳᠠᠭ | ᠨᠤᠶᠠᠨ 1921 ᠤᠨ ᠤ ᠬᠠᠪᠤᠷ᠂ ᠬᠤᠶᠠᠳᠡᠬᠢ ᠤᠳᠠᠭ᠎ᠠ ᠪᠠᠨ ᠬᠦᠯᠤᠨ ᠪᠤᠶᠢᠷ ᠲᠤ ᠢᠷᠡᠬᠦ ᠳᠡᠭᠡᠨ ᠨᠡᠭᠦᠳᠡᠯᠴᠢᠳ ᠤᠨ ᠲᠦᠷᠤᠭᠦᠤ ᠪᠤᠤᠷᠵᠢ ᠨᠤᠳᠤᠭ ᠤᠨ | ᠪᠤᠳᠤᠩᠭᠤᠳ ᠤᠪᠤᠭ ᠤᠨ ᠷᠠᠳᠨ᠎ᠠ ᠶᠢᠨ ᠠᠪᠢᠳᠠ᠂ ᠦᠯᠢᠷᠡᠩᠭᠡ ᠨᠤᠳᠤᠭ ᠤᠨ ᠬᠤᠸᠠᠰᠠᠢ ᠤᠪᠤᠭ ᠤᠨ ᠵᠠᠮᠰᠤᠷᠠᠨ ᠤ ᠠᠶᠤᠰᠢ ᠵᠡᠷᠭᠡ ᠬᠦᠮᠤᠰ ᠢ ᠲᠠᠭᠠᠭᠤᠯᠤᠨ | ᠮᠠᠶᠢᠷᠠᠨ ᠵᠠᠩᠭᠢ ᠶᠢᠨ ᠶᠠᠮᠤᠨ ᠳᠤ ᠲᠠᠬᠢᠨ ᠢᠷᠡᠵᠤ᠂ ᠬᠦᠯᠤᠨ ᠪᠤᠶᠢᠷ ᠭᠠᠵᠠᠷ ᠲᠤ ᠨᠢᠭᠡᠨᠳᠡ ᠨᠡᠭᠦᠳᠡᠯᠯᠡᠨ ᠢᠷᠡᠭᠰᠨᠨ ᠪᠤᠷᠢᠶᠠᠳ ᠮᠤᠩᠭᠤᠯᠴᠤᠳ ᠲᠤ ᠤᠷᠤᠰᠢᠨ | ᠰᠠᠭᠤᠬᠤ ᠨᠤᠳᠤᠭ ᠤᠯᠭᠤᠬᠤ ᠶᠢ ᠬᠡᠯᠡᠯᠴᠡᠭᠰᠡᠨ ᠪᠠᠶᠢᠨ᠎ᠠ᠃ ᠲᠡᠭᠡᠭᠡᠳ ᠮᠠᠶᠢᠷᠠᠨ ᠵᠠᠩᠭᠢ ᠶᠢᠨ ᠶᠠᠮᠤᠨ ᠠᠴᠠ ᠴᠡᠪᠰᠠᠩᠭᠡ᠂ ᠡᠷᠬᠢᠮᠪᠠᠳᠤ ᠵᠡᠷᠭᠡ ᠶᠢᠨ ᠲᠤᠰᠢᠶᠠᠯᠳᠠᠳ ᠢ | ᠬᠡᠷᠤᠯᠤᠨ ᠭᠤᠤᠯ᠂ ᠲᠠᠯᠠᠢ ᠨᠠᠭᠤᠷ ᠬᠠᠪᠢ ᠪᠠᠷ ᠨᠤᠳᠤᠭᠯᠠᠵᠤ ᠪᠠᠶᠢᠭᠰᠠᠨ ᠪᠤᠷᠢᠶᠠᠳ ᠮᠤᠩᠭᠤᠯᠴᠤᠳ ᠲᠤ ᠲᠤᠮᠢᠯᠠᠨ ᠢᠯᠡᠭᠡᠵᠤ᠂ ᠲᠡᠨᠳᠡᠬᠢ ᠲᠦᠯᠤᠭᠡᠯᠡᠬᠦ ᠬᠦᠮᠤᠰ | ᠪᠤᠯᠤᠨ ᠮᠠᠯᠴᠢᠳ ᠤᠨ ᠬᠦᠰᠡᠯ ᠡᠷᠡᠮᠡᠯᠵᠡᠯ ᠢ ᠤᠢᠢᠯᠠᠭᠠᠬᠤ ᠶᠢᠨ ᠬᠠᠮᠳᠤ ᠨᠡᠭᠦᠨ ᠢᠷᠡᠭᠰᠡᠳ ᠢ ᠲᠤᠳᠤᠷᠬᠠᠢᠢᠯᠠᠨ ᠲᠠᠩᠰᠠᠯᠠᠵᠠᠢ᠃ ᠲᠡᠳᠡ ᠪᠤᠴᠠᠵᠤ ᠢᠷᠡᠭᠡᠳ ᠠᠮᠪᠠᠨ | ᠶᠠᠮᠤᠨ ᠤ ᠡᠮᠤᠨ᠎ᠡ ᠠᠴᠠ ᠬᠠᠷᠠᠮᠦ᠋ᠷᠡᠨ ᠤ ᠳᠤ ᠵᠢᠶᠦ᠋ᠨ ᠶᠠᠮᠤᠨ ᠳᠤ ᠡᠨᠡ ᠬᠦ ᠤᠴᠢᠷ ᠢ ᠮᠡᠳᠡᠭᠦᠯᠦᠭᠰᠡᠨ ᠳᠤ᠂ ᠪᠤᠷᠢᠶᠠᠳ ᠤᠨ ᠨᠤᠳᠤᠭᠰᠢᠨ ᠰᠠᠭᠤᠬᠤ ᠶᠢ | ᠵᠦᠪᠰᠢᠶᠡᠷᠡᠭᠰᠡᠨ ᠪᠠᠶᠢᠨ᠎ᠠ᠃ ᠡᠳᠡᠭᠡᠷ ᠪᠦᠬᠦ ᠶᠠᠪᠤᠴᠠ ᠳᠤ ᠠᠮᠪᠠᠨ ᠨᠤᠶᠠᠨ ᠬᠦᠢᠹᠦ᠋ ᠪᠤᠯᠤᠨ ᠲᠡᠭᠦᠨ ᠤ ᠵᠡᠭᠦᠨ ᠲᠠᠩᠬᠢᠮ ᠤᠨ ᠲᠠᠷᠤᠭ᠎ᠠ ᠴᠸᠡᠭᠳᠧ ︵ᠴᠡᠩᠳᠡ︶ ᠭᠦᠡᠭ | ᠨᠠᠷ ᠶᠡᠭᠡ ᠲᠡᠮᠵᠢᠯᠭᠡ ᠦᠵᠡᠭᠦᠯᠦᠭᠰᠡᠨ ᠶᠤᠮ᠃ | ᠡᠶᠢᠨ ᠬᠦ 1921 ᠤᠨ ᠤ 8 ᠳ᠋ᠤᠭᠠᠷ ᠰᠠᠷ᠎ᠠ ᠶᠢᠨ 28 ᠤ ᠡᠳᠤᠷ᠂ ᠬᠦᠯᠤᠨ ᠪᠤᠶᠢᠷ ᠤᠨ ᠮᠠᠶᠢᠷᠠᠨ ᠵᠠᠩᠭᠢ ᠶᠢᠨ ᠶᠠᠮᠤᠨ ᠠᠴᠠ ᠠᠯᠪᠠᠨ ᠪᠢᠴᠢᠭ ᠭᠠᠷᠭᠠᠨ᠂ | ᠰᠢᠨᠡᠬᠡᠨ ᠭᠠᠵᠠᠷ ᠤᠷᠤᠨ ᠢ ᠰᠢᠨ᠎ᠡ ᠪᠠᠷ ᠨᠡᠭᠦᠵᠤ ᠢᠷᠡᠭᠰᠡᠨ ᠪᠤᠷᠢᠶᠠᠳ ᠮᠤᠩᠭᠤᠯᠴᠤᠳ ᠤᠨ ᠨᠤᠳᠤᠭ ᠪᠤᠯᠭᠠᠨ ᠰᠠᠭᠤᠷᠢᠰᠢᠭᠤᠯᠬᠤ ᠰᠢᠢᠳᠪᠤᠷᠢ ᠭᠠᠷᠭᠠᠬᠤ ᠶᠢᠨ | ᠬᠠᠮᠳᠤ ᠵᠠᠰᠠᠭ ᠵᠠᠬᠢᠷᠭᠠᠨ ᠤ ᠲᠠᠯ᠎ᠠ ᠪᠠᠷ ᠪᠤᠷᠢᠶᠠᠳ ᠬᠤᠰᠢᠭᠤ ᠬᠡᠮᠡᠨ ᠪᠠᠶᠢᠭᠤᠯᠵᠤ᠂ ᠬᠦᠯᠤᠨ ᠪᠤᠶᠢᠷ ᠤᠨ ᠨᠢᠭᠡᠨ ᠪᠦᠷᠢᠯᠳᠤᠭᠦᠨ ᠪᠤᠯᠭᠠᠭᠰᠠᠨ ᠪᠠᠶᠢᠨ᠎ᠠ᠃ ᠠᠮᠪᠠᠨ | ᠨᠤᠶᠠᠨ ᠠᠯᠪᠠᠨ ᠪᠢᠴᠢᠭ ᠪᠠᠭᠤᠯᠭᠠᠵᠤ᠂ ᠨᠤᠳᠤᠭ ᠬᠤᠪᠢᠶᠠᠨ ᠪᠤᠷᠢᠶᠠᠳ ᠬᠤᠰᠢᠭᠤ ᠪᠠᠶᠢᠭᠤᠯᠵᠤ᠂ ᠷᠠᠳᠨ᠎ᠠ ᠶᠢᠨ ᠠᠪᠢᠳᠠ ᠶᠢ ᠬᠤᠰᠢᠭᠤᠨ ᠲᠠᠷᠤᠭ᠎ᠠ ᠪᠠᠷ ᠲᠤᠮᠢᠯᠠᠪᠠ᠃ | ᠡᠨᠡ ᠬᠦ ᠰᠢᠨᠡᠬᠡᠨ ᠬᠡᠮᠡᠬᠦ ᠭᠠᠵᠠᠷ ᠨᠢ ᠢᠮᠢᠨ᠂ ᠬᠤᠢ ᠬᠤᠶᠠᠷ ᠭᠤᠤᠯ ᠤᠨ ᠠᠭᠤᠯᠵᠠᠭᠤᠷ ᠠᠴᠠ ᠡᠮᠤᠨᠡᠰᠢ ᠢᠮᠢᠨ ᠭᠤᠤᠯ ᠤᠨ ᠬᠤᠶᠠᠷ ᠲᠠᠯ᠎ᠠ ᠪᠤᠯᠤᠨ ᠵᠡᠭᠦᠨᠰᠢ ᠪᠠᠨ | ᠰᠢᠨᠡᠭᠡᠨ ᠭᠤᠤᠯ ᠤᠨ ᠬᠤᠶᠠᠷ ᠲᠠᠯ᠎ᠠ ᠶᠢ ᠲᠠᠭᠠᠭᠰᠠᠨ ᠪᠠ ᠡᠮᠤᠨᠡᠰᠢ ᠦᠢᠳᠬᠡᠨ᠂ ᠤᠭᠤᠨᠤ ᠶᠢᠨ ᠭᠤᠤᠯ ᠢ ᠪᠠᠭᠳᠠᠭᠠᠵᠤ᠂ ᠪᠠᠷᠠᠭᠤᠨᠰᠢ ᠪᠠᠨ ᠬᠤᠢ ᠭᠤᠤᠯ ᠲᠠᠭᠠᠭᠰᠠᠨ | ᠭᠠᠵᠠᠷ ᠨᠤᠳᠤᠭ ᠪᠠᠶᠢᠪᠠ᠃ ᠢᠡᠭᠭᠢᠭᠡᠳ ᠰᠢᠨᠡᠬᠡᠨ ᠨᠤᠳᠤᠭ ᠲᠤ ᠠᠩᠬ᠎ᠠ ᠤᠳᠠᠭ᠎ᠠ ᠨᠡᠭᠦᠵᠤ ᠢᠷᠡᠭᠰᠡᠳ ᠨᠡᠶᠢᠳᠡ 170 ᠭᠠᠷᠤᠢ ᠡᠷᠤᠬᠡ᠂ 700 ᠭᠠᠷᠤᠢ ᠬᠦᠮᠤᠨ | ᠠᠮᠠ ᠪᠠᠶᠢᠯ᠎ᠠ᠂ ᠡᠭᠦᠨ ᠳᠤ ᠠᠮᠪᠠᠨ ᠶᠠᠮᠤᠨ ᠤ ᠨᠤᠳᠤᠭ ᠤᠯᠭᠤᠬᠤ ᠠᠴᠠ ᠡᠮᠤᠨ᠎ᠡ ᠬᠦᠯᠤᠨ ᠪᠤᠶᠢᠷ ᠲᠤ ᠢᠷᠡᠭᠰᠡᠨ ᠴᠦᠬᠡᠨ ᠪᠤᠷᠢᠶᠠᠳ ᠮᠤᠩᠭᠤᠯᠴᠤᠳ ᠴᠤ ᠪᠠᠭᠳᠠᠨ᠎ᠠ᠃ | ᠡᠳᠡᠭᠡᠷ ᠬᠦᠮᠤᠰ ᠦᠪᠡᠷ ᠤᠨ ᠬᠡᠮᠡᠬᠦ ᠨᠡᠷᠡᠯᠡᠭᠰᠡᠨ ᠭᠠᠵᠠᠷ ᠨᠤᠳᠤᠭ ᠦᠭᠡᠢ᠂ ᠰᠢᠨ᠎ᠡ ᠪᠠᠷᠭᠤ ᠪᠤᠯᠤᠨ ᠬᠠᠭᠤᠴᠢᠨ ᠪᠠᠷᠭᠤ ᠶᠢᠨ ᠠᠬ᠎ᠠ ᠲᠡᠭᠦᠤ ᠨᠠᠷ ᠤᠨ ᠨᠤᠳᠤᠭ ᠲᠤ | ᠨᠤᠳᠤᠭᠯᠠᠵᠤ ᠪᠠᠶᠢᠭᠰᠠᠨ ᠪᠠᠶᠢᠳᠠᠯ ᠢ ᠡᠴᠤᠰᠯᠡᠭᠦᠯᠤᠨ᠂ ᠨᠠᠮᠳᠠᠭ ᠨᠤᠶᠠᠨ ᠢᠶᠠᠷ ᠲᠦᠷᠤᠭᠦᠯᠡᠭᠦᠯᠦᠭᠰᠡᠨ ᠨᠡᠭᠦᠨ ᠢᠷᠡᠭᠰᠡᠳ ᠲᠠᠢ ᠬᠠᠮᠳᠤ ᠰᠢᠨᠡᠭᠡᠨ ᠳᠤ ᠢᠷᠡᠭᠰᠡᠨ ᠪᠦᠬᠦ | ᠪᠤᠷᠢᠶᠠᠳ᠂ ᠬᠦᠯᠤᠨ ᠪᠤᠶᠢᠷ ᠤᠨ ᠮᠠᠶᠢᠷᠠᠨ ᠵᠠᠩᠭᠢ ᠶᠢᠨ ᠶᠠᠮᠤᠨ ᠤ ᠵᠠᠬᠢᠷᠭᠠᠨ ᠲᠤᠤᠷ᠎ᠠ ᠲᠤᠮᠳᠠᠳᠤ ᠢᠷᠭᠡᠨ ᠤᠯᠤᠰ ᠤᠨ ᠬᠠᠷᠢᠶᠠᠳᠤ ᠢᠷᠭᠡᠨ ᠪᠤᠯᠵᠤ᠂ ᠦᠪᠡᠷ ᠤᠨ ᠬᠡᠮᠡᠬᠦ | ᠨᠤᠳᠤᠭ ᠤᠷᠤᠨ ᠲᠠᠢ᠂ ᠵᠠᠰᠠᠭ ᠵᠠᠬᠢᠷᠭ᠎ᠠ ᠲᠠᠢ ᠪᠤᠯᠤᠭᠰᠠᠨ ᠪᠠᠶᠢᠨ᠎ᠠ᠃ ᠠᠩᠬ᠎ᠠ ᠰᠢᠨᠡᠬᠡᠨ ᠳᠤ ᠢᠷᠡᠭᠰᠡᠨ ᠪᠤᠷᠢᠶᠠᠳ ᠮᠤᠩᠭᠤᠯᠴᠤᠳ ᠤᠨ ᠤᠯᠠᠩᠭᠢ ᠨᠢ ᠪᠤᠤᠷᠵᠢ᠂ | ᠦᠯᠢᠷᠡᠩᠭᠡ ᠨᠤᠳᠤᠭ ᠤᠨ ᠬᠢᠨ ᠪᠠᠶᠢᠵᠤ᠂ ᠠᠭ᠎ᠠ᠂ ᠤᠨᠤᠨ ᠨᠤᠳᠤᠭ ᠤᠨ ᠬᠢᠨ ᠴᠦᠬᠡᠨ ᠪᠠᠶᠢᠪᠠ᠃ ᠡᠳᠡᠭᠡᠷ ᠠᠩᠬ᠎ᠠ ᠨᠡᠭᠦᠨ ᠢᠷᠡᠭᠰᠡᠳ ᠤᠨ ᠤᠯᠠᠩᠭᠢ ᠨᠢ ᠢᠮᠢᠨ | ᠭᠤᠤᠯ ᠤᠨ ᠵᠡᠭᠦᠨ ᠲᠠᠯ᠎ᠠ᠂ ᠰᠢᠨᠡᠬᠡᠨ ᠭᠤᠤᠯ ᠢ ᠲᠠᠭᠠᠵᠤ ᠨᠤᠳᠤᠭᠰᠢᠨ ᠰᠠᠭᠤᠷᠢᠰᠢᠪᠠ᠃ ᠢᠮᠢᠨ ᠭᠤᠤᠯ ᠤᠨ ᠪᠠᠷᠠᠭᠤᠨ ᠲᠠᠯ᠎ᠠ ᠳᠤ ᠬᠤᠢ ᠶᠢᠨ ᠭᠤᠤᠯ ᠢ ᠲᠠᠭᠠᠵᠤ ᠨᠢᠭᠡ | ᠪᠦᠯᠦᠭ ᠠᠶᠢᠯ ᠤᠳ ᠤᠳᠤᠷᠯᠠᠨ ᠨᠡᠭᠦᠳᠡᠭ ᠪᠠᠶᠢᠭᠰᠨᠨ ᠪᠤᠯᠪᠠᠴᠤ ᠬᠤᠯᠠᠭᠠᠢ ᠲᠡᠭᠡᠷᠡᠮ ᠤᠨ ᠠᠶᠤᠯ ᠠᠴᠠ ᠵᠠᠶᠢᠯᠠᠵᠤ᠂ ᠢᠮᠢᠨ ᠭᠤᠤᠯ ᠤᠨ ᠵᠡᠭᠦᠨ ᠲᠠᠯ᠎ᠠ ᠳᠤ ᠭᠠᠷᠴᠤ | ᠰᠠᠭᠤᠷᠢᠰᠢᠯ ᠪᠠᠶᠢᠭᠤᠯᠵᠤ ᠡᠪᠤᠯᠵᠢᠬᠦ ᠪᠤᠯᠪᠠ᠃ ᠢᠡᠭᠭᠢᠭᠡᠳ ᠠᠭ᠎ᠠ ᠨᠤᠳᠤᠭ ᠤᠨ ᠬᠦᠮᠤᠰ ᠵᠠᠯᠭ᠎ᠠ ᠪᠠᠷ ᠨᠡᠮᠡᠵᠤ ᠢᠷᠡᠭᠰᠡᠭᠡᠷ ᠬᠡᠳᠤᠬᠡᠨ ᠵᠢᠯ ᠤᠨ ᠲᠤᠳᠤᠷ᠎ᠠ 800 | ᠰᠢᠬᠠᠮ ᠡᠷᠤᠬᠡ᠂ 3000 ᠤᠷᠴᠢᠮ ᠬᠦᠮᠤᠨ ᠠᠮᠠ ᠲᠠᠢ ᠪᠤᠯᠤᠭᠰᠨᠨ ᠪᠠᠶᠢᠨ᠎ᠠ᠃ | ᠰᠢᠨᠡᠬᠡᠨ ᠳᠤ ᠢᠷᠡᠭᠰᠡᠨ ᠪᠤᠷᠢᠶᠠᠳ ᠮᠤᠩᠭᠤᠯᠴᠤᠳ ᠢ ᠲᠤᠯᠤᠭᠠᠢᠢᠯᠠᠨ ᠲᠠᠭᠠᠭᠤᠯᠵᠤ ᠢᠷᠡᠭᠰᠡᠨ ᠬᠦᠮᠤᠨ ᠪᠤᠯ ᠪᠠᠵᠠᠷ ᠤᠨ ᠨᠠᠮᠳᠠᠭ ᠨᠤᠶᠠᠨ ᠪᠦᠭᠡᠳ ᠲᠡᠷᠡ | ᠤᠷᠢᠳ ᠬᠤᠵᠢᠳ 2 ᠤᠳᠠᠭ᠎ᠠ ᠬᠦᠯᠤᠨ ᠪᠤᠶᠢᠷ ᠲᠤ ᠢᠷᠡᠵᠤ᠂ ᠪᠦᠬᠦ ᠶᠠᠪᠤᠳᠠᠯ ᠢ ᠬᠢᠵᠤ ᠦᠭᠭᠦᠭᠰᠡᠨ ᠪᠤᠯᠪᠠᠴᠤ 1921 ᠤᠨ ᠳᠤ ᠠᠭ᠎ᠠ ᠨᠤᠳᠤᠭ ᠲᠠᠭᠠᠨ ᠪᠤᠴᠠᠵᠤ | ᠲᠠᠬᠢᠨ ᠢᠷᠡᠭᠰᠡᠨ ᠦᠭᠡᠢ ︵ᠰᠤᠨᠤᠰᠤᠯᠳᠠ ᠪᠠᠷ ᠲᠦᠷᠭᠡᠨ ᠡᠪᠡᠳᠴᠢᠨ ᠢᠶᠠᠷ ᠨᠠᠰᠤ ᠪᠤᠯᠤᠭᠰᠨᠨ ᠭᠡᠨ᠎ᠡ︶᠃ ᠬᠠᠷᠢᠨ ᠲᠡᠭᠦᠨ ᠤ ᠡᠬᠡᠨᠡᠷ᠂ ᠬᠦᠤ ᠪᠠᠪᠤᠤ ᠲᠠᠢ ᠪᠠᠨ᠂ | ᠲᠡᠭᠦᠤ ᠨᠢ ᠪᠠᠵᠠᠷ ᠤᠨ ᠠᠶᠤᠰᠢ ᠭᠡᠷ ᠪᠦᠯᠢ ᠲᠠᠢ ᠪᠠᠨ ᠨᠡᠭᠦᠵᠤ ᠢᠷᠡᠭᠰᠡᠨ ᠶᠤᠮ᠃ ᠲᠡᠷᠡ ᠦᠶ᠎ᠡ ᠳᠤ ᠨᠤᠳᠤᠭ ᠪᠦᠬᠦᠨ ᠠᠴᠠ ᠨᠡᠭᠦᠳᠡᠯᠯᠡᠨ ᠭᠠᠷᠴᠤ ᠢᠷᠡᠭᠰᠡᠨ | ᠠᠶᠢᠯ ᠤᠳ ᠤᠨ ᠲᠤᠳᠤᠷ᠎ᠠ ᠲᠤᠰ ᠪᠦᠷᠢ ᠤᠷᠢᠳᠤ ᠪᠠᠨ ᠬᠠᠷᠠᠵᠤ ᠲᠠᠭᠠᠵᠤ ᠶᠠᠪᠤᠳᠠᠭ ᠲᠤᠮᠤᠭᠠᠳᠠᠨ ᠬᠦᠮᠤᠰ ᠲᠠᠢ ᠪᠠᠶᠢᠪᠠ᠃ ᠡᠳᠡᠭᠡᠷ ᠢ ᠶᠡᠬᠡᠪᠴᠢᠯᠡᠨ ᠲᠤᠷᠠᠳᠪᠠᠯ᠄ | ᠠᠭ᠎ᠠ ᠨᠤᠳᠤᠭ ᠤᠨ ᠬᠢᠨ ᠳᠤ ᠪᠠᠵᠠᠷ ᠤᠨ ᠠᠶᠤᠰᠢ᠂ ᠪᠠᠳᠮ᠎ᠠ ᠶᠢᠨ ᠱᠢᠷᠨᠢᠨ᠃ ᠪᠤᠤᠷᠵᠢ ᠨᠤᠳᠤᠭ ᠤᠨ ᠬᠢᠨ ᠳᠤ ᠷᠠᠳᠨ᠎ᠠ ᠶᠢᠨ ᠠᠪᠢᠳᠠ᠂ ᠭᠠᠷᠮ᠎ᠠ ᠶᠢᠨ ᠦᠷᠵᠢᠨ᠃ | ᠦᠯᠢᠷᠡᠩᠭᠡ ᠨᠤᠳᠤᠭ ᠤᠨ ᠬᠢᠨ ᠳᠤ ᠵᠤᠳᠪᠠ ᠶᠢᠨ ᠪᠠᠳᠮ᠎ᠠ᠂ ᠵᠠᠮᠰᠠᠷᠠᠨ ᠤ ᠠᠶᠤᠰᠢ᠂ ᠱᠦᠢᠮᠫᠤᠯ ᠤᠨ ᠳ᠋ᠠᠰᠢ᠃ ᠤᠨᠤᠨ ᠨᠤᠳᠤᠭ ᠤᠨ ᠬᠢᠨ ᠳᠤ ᠰᠡᠩᠭᠡ ᠶᠢᠨ ᠳ᠋ᠤᠯᠮᠠ᠂ | ᠮᠢᠨᠳᠡᠭ ᠤᠨ ᠮᠢᠵᠢᠳ ᠵᠡᠷᠭᠡ ᠶᠢᠨ ᠲᠤᠮᠤᠭᠠᠳᠠᠳ ᠪᠠᠶᠢᠪᠠ᠃ ᠡᠭᠦᠨ ᠠᠴᠠ ᠭᠠᠳᠠᠨ᠎ᠠ᠂ ᠲᠠᠪᠠᠭ᠋ᠠᠢ ᠶᠢᠨ ᠲᠤᠭᠠᠷ ᠴᠡᠷᠡᠨᠵᠠᠪ ᠤᠨ ᠷᠢᠨᠴᠢᠨᠳᠤᠷᠵᠢ᠂ ᠬᠤᠷᠤᠳᠬᠠ ᠶᠢᠨ ᠮᠠᠷᠭᠤ᠂ | ᠨᠠᠮᠰᠠᠷᠠᠢ ᠶᠢᠨ ᠰᠤᠩᠳᠤᠢ ︵ᠪᠠᠯᠬᠤᠵᠢᠨ︶᠂ ᠮᠠᠬᠠᠷ ᠭᠤᠮᠪᠤ᠂ ᠴᠠᠪᠡᠭ ᠤᠨ ᠬᠤᠯᠬᠤᠢ᠂ ᠭᠤᠮᠪᠤ ᠶᠢᠨ ᠮᠤᠬᠠᠨ ᠵᠡᠷᠭᠡ ᠶᠢᠨ ᠨᠡᠯᠢᠶᠡᠳ ᠨᠡᠷᠡᠳᠠᠢ ᠬᠦᠮᠤᠰ ᠪᠠ ᠪᠠᠶᠠᠴᠤᠤᠯ | ᠪᠠᠶᠢᠪᠠ᠃ ᠲᠡᠷᠡᠴᠢᠯᠡᠨ ᠱᠠᠰᠢᠨ ᠤ ᠲᠠᠯ᠎ᠠ ᠳᠤ᠂ ᠴᠦᠬᠡᠯ ᠪᠤᠯᠤᠨ ᠠᠭ᠎ᠠ ᠶᠢᠨ ᠳ᠋ᠠᠴᠠᠩ ᠤᠳ ᠠᠴᠠ ᠭᠠᠷᠴᠤ ᠢᠷᠡᠭᠰᠡᠨ ᠨᠠᠶᠠᠨᠳᠠᠢ ᠶᠢᠨ ᠵᠠᠯᠴᠠᠨ᠂ ᠲᠠᠭᠠᠷᠢᠨ ᠭᠡᠭᠡᠨ | ︵ᠲᠦᠪᠡᠳ ᠬᠦᠮᠤᠨ︶᠂ ᠭᠤᠨᠭ᠍ᠴᠤᠭ ᠤᠨ ᠨᠠᠶᠢᠳᠠᠨ ᠳ᠋ᠤᠷᠤᠮᠪᠠ᠂ ᠬᠡᠰᠢᠭᠳᠦ ᠶᠢᠨ ᠰᠢᠷᠠᠪ᠂ ᠶᠢᠰᠢ ᠮᠡᠷᠡᠮᠪᠠ᠂ ᠷᠠᠳᠨ᠎ᠠ ᠶᠢᠨ ᠮᠠᠭᠰᠤᠷ᠂ ᠮᠦᠡᠭᠬᠡ ᠶᠢᠨ ᠲᠤᠷᠵᠢ᠂ ᠲᠡᠩᠵᠡᠨ ᠤ | ᠭᠠᠴᠢᠨ᠂ ᠳ᠋ᠤᠯᠳᠢ ᠶᠢᠨ ᠭᠡᠭᠡᠨ ᠵᠡᠷᠭᠡ ᠶᠢᠨ ᠶᠡᠭᠡ ᠯᠠᠮᠠ ᠨᠠᠷ ᠨᠡᠯᠢᠶᠡᠳ ᠪᠠᠶᠢᠪᠠ᠃ ᠰᠢᠨᠡᠬᠡᠨ ᠨᠤᠳᠤᠭ ᠲᠤ ᠪᠤᠷᠢᠶᠠᠳ ᠮᠤᠩᠭᠤᠯᠴᠤᠳ ᠢᠷᠡᠭᠰᠡᠨ ᠤ ᠲᠠᠷᠠᠭ᠎ᠠ᠂ ᠤᠤᠯ ᠤᠨ | ᠴᠠᠭᠠᠨᠳᠠᠨ ᠤ ᠴᠡᠷᠢᠭ ᠲᠤ ᠡᠯᠰᠡᠭᠳᠡᠭᠡᠳ ᠶᠠᠪᠤᠭᠰᠠᠨ ᠢᠶᠠᠨ ᠲᠤᠳᠠᠭᠠᠨ ᠭᠠᠷᠴᠤ ᠢᠷᠡᠭᠰᠡᠨ ᠰᠡᠯᠡᠩᠭᠡ᠂ ᠵᠠᠳ᠋ ᠨᠤᠳᠤᠭ ᠤᠨ ᠰᠠᠷᠳᠠᠭᠤᠤᠯ᠂ ᠴᠤᠩᠭᠤᠤᠯ ᠤᠪᠤᠭᠳᠤ | ᠬᠦᠮᠤᠰ᠂ ᠡᠷᠺᠦ ᠭᠠᠵᠠᠷ ᠤᠨ ᠪᠤᠤᠬᠠᠨ᠂ ᠪᠤᠯᠠᠭᠠᠨ ᠨᠤᠳᠤᠭ ᠤᠨ ᠬᠦᠮᠤᠰ᠂ ᠪᠠᠷᠭᠤᠵᠢᠨ ᠬᠤᠷᠢ ᠨᠤᠳᠤᠭ ᠤᠨ ᠬᠦᠮᠤᠰ ᠴᠦᠬᠡᠨ ᠲᠤᠭᠠᠳᠠᠢ ᠪᠠᠶᠢᠵᠤ ᠰᠢᠨᠡᠬᠡᠨ ᠤ | ᠪᠤᠷᠢᠶᠠᠳ ᠢ ᠲᠦᠰᠢᠭᠯᠡᠨ ᠢᠷᠡᠵᠤ ᠰᠠᠭᠤᠷᠢᠰᠢᠭᠰᠠᠳ ᠪᠠᠶᠢᠭᠰᠨᠨ ᠶᠤᠮ᠃ ᠮᠦᠨ ᠬᠢᠯᠢ ᠤᠷᠴᠢᠮ ᠦᠯᠢᠷᠡᠩᠭᠡ᠂ ᠪᠤᠤᠷᠵᠢ᠂ ᠤᠨᠤᠨ ᠵᠡᠷᠭᠡ ᠶᠢᠨ ᠨᠤᠳᠤᠭ ᠤᠳ ᠲᠤ | ᠪᠤᠷᠢᠶᠠᠳᠴᠤᠳ ᠲᠠᠢ ᠬᠠᠮᠳᠤ ᠰᠠᠭᠤᠵᠤ ᠪᠠᠶᠢᠭᠰᠠᠨ ᠬᠠᠮᠨᠢᠭᠠᠨ ᠠᠶᠢᠯ ᠤᠳ ᠪᠠᠰᠠ ᠪᠤᠷᠢᠶᠠᠤᠴᠤᠳ ᠲᠠᠢ ᠬᠠᠮᠳᠤ ᠨᠡᠭᠦᠳᠡᠯᠯᠡᠨ ᠬᠢᠯᠢ ᠲᠠᠪᠠᠵᠤ ᠭᠠᠷᠴᠤ ᠢᠷᠡᠭᠡᠳ ᠨᠢᠭᠡ | ᠪᠦᠯᠦᠭ ᠨᠢ ᠲᠡᠨᠢᠭᠡ᠂ ᠮᠡᠷᠭᠡᠯ ᠵᠡᠷᠭᠡ ᠶᠢᠨ ᠭᠠᠵᠠᠷ ᠤᠳ ᠢᠶᠠᠷ ᠲᠤᠬᠢᠷᠠᠭᠤᠯᠤᠭᠳᠠᠨ ᠨᠤᠳᠤᠭᠰᠢᠪᠠ᠃ | ᠬᠦᠯᠤᠨ ᠪᠤᠶᠢᠷ ᠤᠨ ᠠᠮᠪᠠᠨ ᠶᠠᠮᠤᠨ ᠤ ᠭᠠᠷᠭᠠᠭᠰᠠᠨ ᠠᠯᠪᠠᠨ ᠪᠢᠴᠢᠭ ᠤᠨ ᠶᠤᠰᠤᠭᠠᠷ ᠰᠢᠨ᠎ᠡ ᠲᠤᠮᠢᠯᠠᠭᠰᠠᠨ ᠤᠭᠤᠷᠳᠠ ᠷᠠᠳᠨ᠎ᠠ ᠶᠢᠨ ᠠᠪᠢᠳᠠ ᠬᠤᠰᠢᠭᠤ | ᠰᠤᠮᠤ ᠨᠤᠭᠤᠳ ᠢᠶᠠᠨ ᠴᠡᠭᠴᠡᠯᠡᠨ ᠪᠠᠶᠢᠭᠤᠯᠬᠤ ᠠᠵᠢᠯ ᠢᠶᠠᠨ ᠭᠠᠷᠳᠠᠨ ᠬᠢᠪᠠ᠃ ᠪᠦᠬᠦ ᠠᠶᠢᠯ ᠤᠳ ᠢᠶᠠᠨ 4 ᠰᠤᠮᠤᠨ ᠳᠤ ᠬᠤᠪᠢᠶᠠᠨ ᠲᠦᠷᠪᠡᠳᠤᠭᠡᠷ ᠰᠤᠮᠤ ᠪᠤᠯᠭᠠᠵᠤ᠂ | ᠲᠤᠰ ᠪᠦᠷᠢ ᠨᠢᠭᠡ ᠰᠤᠮᠤᠨ ᠵᠠᠩᠭᠢ ᠪᠠ ᠰᠤᠮᠤᠨ ᠤ ᠬᠠᠹᠠᠨ ︵ᠤᠷᠤᠯᠠᠨ ᠬᠦᠭᠡᠭᠡᠭᠴᠢ︶ ᠲᠤᠬᠢᠷᠠᠭᠤᠯᠤᠨ ᠨᠤᠳᠤᠭ ᠤᠷᠤᠨ ᠤ ᠦᠨᠳᠤᠰᠤᠨ ᠵᠠᠬᠢᠷᠭ᠎ᠠ ᠪᠤᠯᠭᠠᠪᠠ᠃ | ᠪᠤᠷᠢᠶᠠᠳᠴᠤᠳ ᠲᠠᠢ ᠬᠠᠮᠳᠤ ᠨᠡᠭᠦᠵᠤ ᠢᠷᠡᠭᠰᠡᠨ ᠤᠯᠠᠨ ᠬᠠᠮᠨᠢᠭᠠᠨ ᠠᠶᠢᠯ ᠤᠳ ᠤᠨ ᠤᠯᠠᠩᠬᠢ ᠶᠢ ᠨᠢ ᠬᠠᠶᠢᠯᠠᠷ ᠭᠤᠤᠯ ᠤᠨ ᠠᠷᠤ ᠲᠠᠯ᠎ᠠ᠂ ᠲᠡᠨᠢᠬᠡ᠂ ᠮᠡᠷᠭᠡᠯ | ᠵᠡᠷᠭᠡ ᠶᠢᠨ ᠭᠠᠵᠠᠷ ᠤᠳ ᠢᠶᠠᠷ ᠨᠤᠳᠤᠭ ᠲᠤᠬᠢᠷᠠᠭᠤᠯᠵᠤ 2 ᠰᠤᠮᠤ ᠪᠤᠯᠭᠠᠨ ᠲᠡᠷᠡ ᠦᠶ᠎ᠡ ᠶᠢᠨ ᠰᠤᠯᠤᠨ ᠵᠡᠭᠦᠨ ᠭᠠᠷ ᠤᠨ ᠵᠠᠬᠢᠷᠭ᠎ᠠ ᠳᠤ ᠬᠠᠮᠢᠶᠠᠷᠤᠭᠤᠯᠪᠠ᠃ ᠡᠨᠡ ᠨᠢ | ᠤᠳᠤ ᠶᠢᠨ ᠬᠠᠭᠤᠴᠢᠨ ᠪᠠᠷᠭᠤ ᠬᠤᠰᠢᠭᠤᠨ ᠳᠤ ᠪᠠᠶᠢᠬᠤ ᠡᠸᠡᠩᠬᠢ ᠰᠤᠮᠤᠨ ᠤ ᠪᠦᠷᠢᠯᠳᠦᠭᠰᠡᠨ ᠤᠤᠯ ᠤᠨ ᠰᠠᠭᠤᠷᠢ ᠪᠢᠯᠡ᠃ ᠰᠢᠨᠡᠬᠡᠨ ᠤ ᠪᠤᠷᠢᠶᠠᠳ | ᠬᠤᠰᠢᠭᠤᠨ ᠳᠤ ᠮᠦᠨ ᠴᠤ ᠬᠡᠳᠤᠨ ᠠᠷᠪᠠᠨ ᠬᠠᠮᠨᠢᠭᠠᠨ ᠠᠶᠢᠯ ᠤᠳ ᠦᠯᠡᠳᠡᠵᠤ ᠰᠠᠭᠤᠷᠢᠰᠢᠭᠠᠳ ᠤᠳᠤ ᠬᠦᠷᠳᠡᠯ᠎ᠡ ᠪᠤᠷᠢᠶᠠᠳᠴᠤᠳ ᠲᠠᠢ ᠬᠠᠮᠳᠤ ᠰᠠᠭᠤᠵᠤ | ᠪᠠᠶᠢᠳᠠᠭ᠃ ᠶᠡᠷᠤ ᠳᠡᠭᠡᠨ ᠬᠠᠮᠨᠢᠭᠠᠨ ᠪᠤᠯ ᠪᠤᠷᠢᠶᠠᠳ ᠨᠠᠷ ᠲᠠᠢ ᠦᠯᠢᠷᠡᠩᠭᠡ᠂ ᠪᠤᠤᠷᠵᠢ᠂ ᠤᠨᠤᠨ ᠵᠡᠷᠭᠡ ᠶᠢᠨ ᠨᠤᠳᠤᠭ ᠤᠳ ᠲᠤ ᠬᠠᠮᠳᠤ ᠰᠠᠭᠤᠵᠤ ᠪᠠᠶᠢᠭᠰᠠᠨ ᠢᠶᠠᠨ | ᠮᠦᠨ ᠬᠠᠮᠳᠤ ᠪᠠᠷ ᠨᠡᠭᠦᠳᠡᠯᠯᠡᠨ ᠭᠠᠷᠴᠤ ᠢᠷᠡᠭᠡᠳ ᠰᠢᠨᠡᠬᠡᠨ ᠳᠤ ᠢᠷᠡᠭᠰᠡᠨ ᠠᠴᠠ ᠬᠤᠶᠢᠰᠢ ᠴᠤ ᠨᠢᠭᠡ ᠪᠦᠯᠦᠭ ᠨᠢ ᠪᠤᠷᠢᠶᠠᠳᠴᠤᠳ ᠲᠠᠢ ᠤᠳᠠᠭᠠᠨ | ᠬᠤᠭᠤᠴᠠᠭ᠎ᠠ ᠪᠠᠷ ᠬᠠᠮᠳᠤ ᠤᠷᠤᠰᠢᠨ ᠰᠠᠭᠤᠭᠰᠨᠨ ᠤ ᠬᠤᠪᠢ ᠳᠤ᠂ ᠤᠷᠤᠭ ᠲᠦᠷᠤᠯ ᠤᠨ ᠬᠠᠷᠢᠴᠠᠭ᠎ᠠ ᠮᠠᠰᠢ ᠤᠯᠠᠨ ᠪᠤᠯᠵᠤ ᠤᠳᠤ ᠶᠢᠨ ᠪᠠᠶᠢᠳᠠᠯ ᠢᠶᠠᠷ ᠤᠪᠤᠭ | ᠬᠠᠯᠠ ᠶᠢ ᠨᠢ ᠮᠦᠷᠳᠡᠵᠤ ᠯᠡ ᠮᠡᠳᠡᠬᠦ ᠠᠴᠠ ᠪᠤᠰᠤ ᠶᠡᠷᠤ ᠳᠡᠭᠡᠨ ᠪᠤᠷᠢᠶᠠᠳ ᠬᠠᠮᠨᠢᠭᠠᠨ ᠬᠡᠮᠡᠨ ᠢᠯᠭᠠᠬᠤ ᠳᠤ ᠪᠡᠷᠭᠡᠳᠠᠢ ᠪᠤᠯᠤᠭᠠᠳ ᠪᠠᠶᠢᠨ᠎ᠠ᠃ | ᠪᠤᠷᠢᠶᠠᠳ ᠮᠤᠩᠭᠤᠯᠴᠤᠳ ᠰᠢᠨᠡᠬᠡᠨ ᠳᠤ ᠨᠤᠳᠤᠭ ᠤᠷᠤᠨ᠂ ᠪᠠᠶᠢᠷᠢ ᠰᠠᠭᠤᠷᠢ ᠪᠠᠨ ᠤᠯᠵᠤ ᠵᠠᠰᠠᠭ ᠵᠠᠬᠢᠷᠭ᠎ᠠ ᠲᠠᠢ ᠪᠤᠯᠵᠤ ᠲᠠᠶᠢᠪᠤᠰᠢᠷᠠᠨ ᠡᠬᠢᠯᠡᠭᠰᠡᠨ ᠠᠴᠠ | ᠬᠤᠶᠢᠰᠢ ᠠᠷᠪᠠᠭᠠᠳ ᠵᠢᠯ ᠤᠨ ᠲᠤᠷᠰᠢ ᠳᠤ ᠦᠷᠬᠦᠯᠵᠢ ᠶᠢᠨ ᠴᠢᠨᠠᠷᠳᠠᠢ ᠪᠠᠷ ᠤᠷᠤᠰ ᠤᠷᠤᠨ ᠤ ᠪᠤᠷᠢᠶᠠᠳ ᠤᠨ ᠨᠤᠳᠤᠭ ᠪᠦᠬᠦᠨ ᠠᠴᠠ ᠤᠯᠠᠨ ᠴᠦᠬᠡᠨ ᠠᠳᠠᠯᠢ | ᠪᠤᠰᠤ ᠪᠠᠷ ᠬᠦᠮᠤᠰ ᠨᠡᠮᠡᠵᠤ ᠢᠷᠡᠭᠰᠡᠭᠡᠷ ᠯᠡ ᠪᠠᠶᠢᠪᠠ᠃ ᠭᠠᠭᠴᠠ ᠬᠤᠶᠠᠷ ᠬᠦᠮᠤᠰ᠂ ᠭᠤᠷᠪᠠ ᠲᠠᠪᠤᠨ ᠬᠦᠮᠤᠰ ᠪᠤᠶᠤ ᠬᠡᠳᠤᠨ ᠡᠷᠤᠬᠡ᠂ ᠬᠡᠳᠤᠨ ᠠᠷᠪᠠᠨ ᠡᠷᠤᠬᠡ | ᠭᠡᠬᠦ ᠮᠡᠳᠤ ᠪᠠᠷ ᠤᠷᠢᠳ ᠬᠤᠵᠢᠳ ᠦᠷᠬᠦᠯᠵᠢᠯᠡᠵᠤ᠂ 1929 ᠤᠨ ᠤ ᠡᠬᠢᠨ ᠳᠤ ᠪᠤᠤᠷᠵᠢ᠂ ᠲᠠᠷᠢ ᠨᠤᠳᠤᠭ ᠤᠳ ᠤᠨ 100 ᠭᠠᠷᠤᠢ ᠡᠷᠤᠬᠡ ᠠᠶᠢᠯ ᠮᠠᠯ | ᠬᠦᠷᠤᠩᠭᠡ᠂ ᠭᠡᠷ ᠪᠦᠯᠢ ᠲᠠᠢ ᠪᠠᠨ ᠪᠦᠭᠡᠮ ᠢᠶᠠᠷ ᠨᠡᠭᠦᠳᠡᠯᠯᠡᠨ ᠬᠢᠯᠢ ᠲᠠᠪᠠᠵᠤ ᠭᠠᠷᠴᠤ ᠢᠷᠡᠭᠰᠡᠨ ᠡᠳᠡᠭᠡᠷ ᠢ ᠲᠤᠷᠵᠢ ᠶᠢᠨ ᠬᠤᠯᠬᠤᠨ ᠪᠤᠯᠤᠨ ᠪᠤᠳ᠋ ᠤᠨ ᠴᠠᠷᠠᠶᠢᠳᠠᠷ | ᠬᠤᠶᠠᠷ ᠭᠡᠷ ᠠᠬᠠᠯᠠᠨ ᠲᠠᠭᠠᠭᠤᠯᠵᠤ ᠢᠷᠡᠭᠰᠡᠨ ᠶᠤᠮ᠃ ᠮᠦᠨ ᠲᠡᠷᠡ ᠦᠶ᠎ᠡ ᠳᠤ ᠮᠤᠩᠭᠤᠯ ᠤᠯᠤᠰ ᠤᠨ ᠬᠠᠯᠬ᠎ᠠ ᠨᠦᠮᠤᠷᠭᠡ ᠶᠢᠨ ᠬᠤᠰᠢᠭᠤᠨ ᠤ ᠪᠤᠷᠢᠶᠠᠳ ᠨᠠᠷ ᠠᠴᠠ | ᠬᠡᠳᠤᠨ ᠡᠷᠤᠬᠡ ᠬᠦᠮᠤᠰ ᠭᠠᠷᠴᠤ ᠢᠷᠡᠭᠰᠡᠨ ᠤᠳᠠᠭ᠎ᠠ ᠴᠤ ᠪᠠᠶᠢᠪᠠ᠃ ᠡᠶᠢᠮᠤᠷᠬᠦᠤ ᠪᠠᠶᠢᠳᠠᠯ ᠠᠩᠬ᠎ᠠ ᠬᠤᠰᠢᠭᠤ ᠪᠤᠯᠤᠭᠰᠠᠨ ᠠᠴᠠ ᠬᠤᠶᠢᠰᠢ 10 ᠵᠢᠯ | ᠦᠷᠬᠦᠯᠵᠢᠯᠡᠵᠤ᠂ ᠢᠷᠡᠭᠰᠡᠳ ᠤᠨ ᠤᠯᠠᠩᠬᠢ ᠨᠢ ᠭᠡᠷ ᠪᠠᠷᠠᠭ᠎ᠠ ᠦᠭᠡᠢ᠂ ᠮᠠᠯ ᠬᠦᠷᠤᠩᠭᠡ ᠦᠭᠡᠢ᠂ ᠲᠠᠩ ᠮᠤᠷᠢ ᠪᠤᠶᠤ ᠨᠢᠭᠡ ᠬᠤᠶᠠᠷ ᠲᠡᠷᠭᠡ ᠤᠨᠤᠯᠭ᠎ᠠ ᠲᠠᠢ ᠪᠠᠷ ᠭᠡᠷ | ᠪᠦᠯᠢ ᠪᠠᠨ ᠠᠪᠴᠤ ᠢᠷᠡᠭᠰᠡᠳ ᠠᠯᠢ ᠤᠯᠠᠨ ᠪᠠᠶᠢᠪᠠ᠃ 1929 ᠤᠨ ᠪᠤᠯᠬᠤ ᠳᠤ ᠰᠢᠨᠡᠭᠡᠨ ᠤ ᠪᠤᠷᠢᠶᠠᠳ ᠮᠤᠩᠭᠤᠯᠴᠤᠳ ᠤᠨ ᠬᠦᠮᠤᠰ ᠨᠠᠮᠡᠵᠤ ᠢᠷᠡᠭᠰᠡᠭᠡᠷ | ᠪᠠᠶᠢᠭᠠᠳ ᠡᠷᠤᠬᠡ ᠶᠢᠨ ᠲᠤᠭ᠎ᠠ 900 ᠰᠢᠬᠠᠮ᠂ ᠬᠦᠮᠤᠨ ᠠᠮᠠ 4000 ᠤᠷᠴᠢᠮ ᠪᠤᠯᠵᠤ ᠠᠮᠪᠠᠨ ᠶᠠᠮᠤᠨ ᠠᠴᠠ ᠪᠤᠷᠢᠶᠠᠳ ᠬᠤᠰᠢᠭᠤ ᠶᠢ ᠦᠷᠭᠡᠳᠭᠡᠨ ᠪᠠᠷᠠᠭᠤᠨ | ᠵᠡᠭᠦᠨ ᠬᠤᠶᠠᠷ ᠭᠠᠷ᠂ ᠨᠠᠢᠮᠠᠨ ᠰᠤᠮᠤ ᠪᠤᠯᠭᠠᠬᠤ ᠰᠢᠢᠳᠪᠤᠷᠢ ᠶᠢ 1929 ᠤᠨ ᠤ 4 ᠳ᠋ᠤᠭᠡᠷ ᠰᠠᠷ᠎ᠠ ᠳᠤ ᠭᠠᠷᠭᠠᠨ᠂ ᠮᠢᠨᠳᠡᠭ ᠤᠨ ᠮᠢᠵᠢᠳ ᠢ ᠦᠷᠬᠦᠯᠵᠢᠯᠡᠨ | ᠪᠦᠭᠦᠳᠡ ᠶᠢᠨ ᠲᠠᠷᠤᠭ᠎ᠠ ᠤᠭᠤᠷᠳᠠ ᠪᠠᠷ ᠠᠵᠢᠯᠯᠠᠭᠤᠯᠤᠨ᠂ ᠵᠡᠭᠦᠨ ᠭᠠᠷ ᠤᠨ ᠲᠡᠳ᠋ ᠲᠠᠷᠤᠭ᠎ᠠ ︵ᠭᠠᠯᠢᠳᠠ︶ ᠳᠤ ᠵᠠᠮᠰᠠᠷᠠᠨ ᠤ ᠠᠶᠤᠰᠢ᠂ ᠪᠠᠷᠠᠭᠤᠨ ᠭᠠᠷ ᠤᠨ ᠲᠡᠳ᠋ | ᠲᠠᠷᠤᠭ᠎ᠠ ︵ᠭᠠᠯᠢᠳᠠ︶ ᠳᠤ ᠱᠦᠢᠮᠫᠤᠯ ᠤᠨ ᠳ᠋ᠠᠰᠢ ︵ᠱᠠᠷᠠᠶᠢᠳ ᠤᠪᠤᠭ ᠲᠠᠢ︶ ᠶᠢ ᠲᠤᠬᠢᠷᠠᠭᠤᠯᠤᠭᠰᠠᠨ ᠪᠠᠶᠢᠨ᠎ᠠ᠃ ᠢᠡᠭᠭᠢᠭᠡᠳ ᠲᠡᠷᠡ ᠵᠢᠯ ᠤᠨ ᠡᠬᠢᠨ ᠳᠤ ᠨᠡᠭᠦᠵᠤ | ᠢᠷᠡᠭᠰᠡᠨ ᠲᠠᠷᠢ᠂ ᠪᠤᠤᠷᠵᠢ ᠨᠤᠳᠤᠭ ᠤᠨ 100 ᠭᠠᠷᠤᠢ ᠠᠶᠢᠯ ᠤᠳ ᠢ ᠬᠤᠢ ᠭᠤᠤᠯ ᠲᠠᠭᠠᠤ ᠲᠦᠰᠢ᠂ ᠰᠢᠪᠡᠭᠡ ᠬᠦᠷᠳᠡᠯ᠎ᠡ ᠲᠤᠬᠢᠷᠠᠭᠤᠯᠤᠨ ᠰᠠᠭᠤᠷᠢᠰᠢᠭᠤᠯᠪᠠ᠃ | ᠠᠳᠡ ᠲᠠᠬᠢᠨ ᠬᠡᠯᠡᠬᠦ ᠳᠤ ᠠᠩᠬ᠎ᠠ ᠬᠢᠯᠢ ᠲᠠᠪᠠᠵᠤ ᠨᠡᠭᠦᠳᠡᠯᠯᠡᠨ ᠢᠷᠡᠬᠦ ᠦᠶ᠎ᠡ ᠳᠤ᠂ ᠰᠢᠨ᠎ᠡ ᠪᠠᠷᠭᠤ ᠪᠠᠷᠠᠭᠤᠨ ᠬᠤᠰᠢᠭᠤᠨ ᠤ ᠬᠡᠷᠤᠯᠤᠨ᠂ ᠮᠡᠨᠡᠩ | ᠬᠠᠪᠢ ᠠᠴᠠ ᠪᠤᠶᠦ ᠲᠡᠭᠦᠨ ᠠᠴᠠ ᠨᠠᠭᠠᠰᠢᠯᠠᠬᠤ ᠵᠠᠮ ᠲᠤᠮᠳᠠ ᠠᠴᠠ᠂ ᠡᠰᠡᠪᠡᠯ ᠰᠢᠨᠡᠬᠡᠨ ᠳᠤ ᠢᠷᠡᠭᠰᠡᠨ ᠠᠴᠠ ᠬᠤᠶᠢᠰᠢ ᠡᠯᠳᠡᠪ ᠰᠢᠯᠳᠠᠭᠠᠨ ᠢᠶᠠᠷ ᠬᠡᠳᠤᠨ ᠡᠷᠤᠬᠡ | ᠪᠤᠶᠤ ᠬᠡᠳᠤᠨ ᠠᠷᠪᠠᠨ ᠡᠷᠤᠬᠡ ᠪᠠᠷ ᠨᠡᠶᠢᠳᠡ 100 ᠭᠠᠷᠤᠢ ᠡᠷᠤᠬᠡ ᠠᠶᠢᠯ ᠨᠢ ᠮᠤᠩᠭᠤᠯ ᠤᠯᠤᠰ ᠤᠨ ᠬᠠᠯᠭᠠ ᠭᠤᠤᠯ᠂ ᠨᠦᠮᠤᠷᠬᠡ ᠶᠢᠨ ᠭᠤᠤᠯ ᠦᠭᠡᠳᠡ | ᠤᠴᠢᠵᠤ ᠨᠢᠭᠡᠨᠳᠡ ᠲᠡᠨᠳᠡ ᠤᠴᠢᠭᠠᠳ ᠪᠠᠶᠢᠭᠰᠠᠨ ᠪᠠᠷᠳᠠᠰᠢ ᠶᠢᠨ ᠰᠠᠨᠵᠢᠶᠠ ᠨᠤᠶᠠᠨ ᠲᠡᠷᠢᠭᠦᠨ ᠲᠠᠢ ᠪᠤᠷᠢᠶᠠᠳᠴᠤᠳ ᠲᠠᠢ ᠨᠡᠶᠢᠯᠡᠭᠰᠡᠨ ᠪᠤᠶᠤ ᠤᠯᠠᠮ ᠴᠢᠨᠠᠭᠰᠢ | ᠬᠡᠨᠳᠠᠢ ᠬᠠᠨ ᠠᠶᠢᠮᠠᠭ ᠤᠨ ᠶᠦᠬᠦᠵᠡᠷ ᠬᠤᠳᠤᠭᠳᠤ ᠶᠢᠨ ᠱᠠᠪᠢ ᠪᠤᠯᠵᠤ ᠤᠷᠤᠭᠰᠠᠨ ᠡᠷᠤᠬᠡ ᠪᠠᠰᠠ 70 ᠤᠷᠴᠢᠮ ᠪᠠᠶᠢᠭᠰᠠᠨ ᠶᠢᠨ ᠰᠡᠭᠦᠯ ᠳᠤ 1924 ᠤᠨ ᠳᠤ | ᠬᠠᠯᠬ᠎ᠠ ᠨᠦᠮᠤᠷᠭᠡ ᠶᠢᠨ ᠭᠤᠤᠯ ᠤᠨ ᠪᠤᠷᠢᠶᠠᠳ ᠬᠤᠰᠢᠭᠤᠨ ᠳᠤ ᠬᠠᠮᠵᠢᠵᠤ ᠤᠷᠤᠭᠰᠠᠨ ᠭᠡᠳᠡᠭ᠃ ᠡᠳᠡᠭᠡᠷ ᠢ ᠶᠡᠷᠤ ᠳᠡᠭᠡᠨ ︽ᠱᠠᠪᠢ ᠶᠢᠨ ᠬᠢᠳ︾ ᠭᠡᠵᠤ | ᠨᠡᠷᠡᠯᠡᠳᠡᠭ᠃ ᠰᠢᠨᠡᠬᠡᠨ ᠤ ᠪᠤᠷᠢᠶᠠᠳᠴᠤᠳ ᠪᠤᠯᠤᠨ ᠮᠤᠩᠭᠤᠯ ᠤᠯᠤᠰ ᠤᠨ ᠬᠠᠯᠬ᠎ᠠ ᠨᠦᠮᠤᠷᠭᠡ ᠶᠢᠨ ᠭᠤᠤᠯ ᠤᠨ ᠪᠤᠷᠢᠶᠠᠳ ᠬᠤᠰᠢᠭᠤᠨ ᠤ ︵ᠤᠳᠤ ᠶᠢᠨ ᠲᠤᠷᠤᠨᠠᠳᠤ | ᠠᠶᠢᠮᠠᠭ ᠤᠨ ᠴᠠᠭᠠᠨ ᠤᠪᠤᠭ᠎ᠠ ᠰᠤᠮᠤ︶ ᠬᠦᠮᠤᠰ ᠤᠨ ᠲᠤᠮᠳᠠ ᠲᠦᠷᠤᠯ ᠰᠠᠳᠤᠨ ᠤ ᠬᠤᠯᠪᠤᠭ᠎ᠠ ᠪᠦᠬᠦᠢ ᠬᠦᠮᠤᠰ ᠤᠯᠠᠨ ᠪᠠᠶᠢᠬᠤ ᠰᠢᠯᠳᠠᠭᠠᠨ ᠨᠢ ᠠᠩᠬᠠᠨ ᠳᠠᠭᠠᠨ | ᠪᠤᠤᠷᠵᠢ᠂ ᠤᠨᠤᠨ᠂ ᠦᠯᠢᠷᠡᠩᠬᠡ᠂ ᠠᠭ᠎ᠠ ᠨᠤᠳᠤᠭ ᠤᠳ ᠲᠤ ᠬᠠᠮᠳᠤ ᠪᠠᠶᠢᠵᠤ᠂ ᠲᠡᠭᠡᠷ᠎ᠡ ᠵᠠᠭᠤᠨ ᠤ ᠬᠤᠷᠢᠭᠠᠳ ᠤᠨ ᠤ ᠡᠬᠢᠨ ᠤ ᠦᠶ᠎ᠡ ᠳᠤ ᠶᠡᠭᠡ ᠨᠡᠭᠦᠳᠡᠯ ᠤᠨ | ᠲᠤᠮᠳᠠ ᠠᠬ᠎ᠠ ᠲᠡᠭᠦᠤ᠂ ᠲᠦᠷᠤᠯ ᠰᠠᠳᠤᠨ ᠬᠠᠷᠢᠯᠴᠨᠨ ᠬᠠᠭᠠᠴᠠᠭᠰᠠᠨ ᠠᠴᠠ ᠪᠤᠯᠤᠭᠰᠠᠨ ᠪᠦᠭᠡᠳ ᠲᠡᠭᠡᠷ᠎ᠡ ᠵᠠᠭᠤᠨ ᠤ ᠬᠤᠷᠢᠭᠠᠳ ᠤᠨ ᠤ ᠦᠶ᠎ᠡ ᠳᠤ ᠬᠠᠷᠢᠯᠴᠠᠨ | ᠶᠠᠪᠤᠯᠴᠠᠵᠤ ᠪᠠᠶᠢᠭᠰᠠᠨ ᠲᠡᠤᠬᠡ ᠲᠠᠢ ᠶᠤᠮ᠃ | ᠰᠢᠨᠡᠬᠡᠨ ᠤ ᠪᠤᠷᠢᠶᠠᠳᠴᠤᠳ ᠭᠡᠪᠡᠯ ᠦᠨᠳᠤᠰᠤ ᠢᠵᠠᠭᠤᠷ ᠠᠴᠠ ᠦᠵᠡᠬᠦ ᠳᠤ᠂ ᠠᠭ᠎ᠠ ᠶᠢᠨ ᠪᠤᠷᠢᠶᠠᠳ ᠤᠨ ᠪᠦᠷᠢᠯᠳᠤᠭᠦᠨ ᠳᠤ ᠪᠠᠭᠳᠠᠬᠤ ᠪᠦᠭᠡᠳ ᠬᠤᠷᠢ ᠶᠢᠨ 11 | ᠤᠪᠤᠭ ᠤᠨ ᠲᠤᠳᠤᠷᠠᠬᠢ 8 ᠤᠪᠤᠭ ᠢᠶᠠᠷ ᠭᠤᠤᠯᠯᠠᠵᠤ ᠪᠠᠷᠠᠭᠤᠨ ᠵᠦᠭ ᠤᠨ ᠪᠤᠷᠢᠶᠠᠳ᠂ ᠰᠡᠯᠡᠩᠭᠡ᠂ ᠪᠠᠷᠭᠤᠵᠢᠨ ᠤ ᠪᠤᠷᠢᠶᠠᠳ ᠴᠦᠬᠡᠨ ᠪᠠᠶᠢᠵᠤ᠂ ᠪᠠᠰᠠ ᠨᠢᠭᠡ | ᠪᠦᠯᠦᠭ ᠬᠠᠮᠨᠢᠭᠠᠨ ᠤᠪᠤᠭᠳᠠᠨ ᠪᠠᠶᠢᠬᠤ ᠶᠤᠮ᠃ ᠰᠢᠨᠡᠬᠡᠨ ᠪᠤᠷᠢᠶᠠᠳ ᠤᠨ ᠬᠦᠯᠤᠨ ᠪᠤᠶᠢᠷ ᠲᠤ ᠨᠡᠭᠦᠨ ᠢᠷᠡᠵᠤ ᠨᠤᠳᠤᠭᠰᠢᠭᠰᠨᠨ ᠨᠢ ᠲᠤᠤᠷᠠᠬᠢ ᠰᠢᠯᠳᠠᠭᠠᠨ ᠠᠴᠠ | ᠪᠤᠯᠬᠤ ᠶᠤᠮ᠃ | ᠨᠡᠭᠦᠳᠡᠯᠴᠢᠨ ᠠᠮᠢᠳᠤᠷᠠᠯᠳᠠᠢ ᠪᠤᠷᠢᠶᠠᠳ ᠮᠤᠩᠭᠤᠯᠴᠤᠳ᠂ ᠤᠢᠢᠷ᠎ᠠ ᠵᠡᠷᠭᠡᠯᠡᠳᠡᠭᠡ ᠪᠠᠶᠢᠬᠤ ᠮᠤᠩᠭᠤᠯ ᠤᠷᠤᠨ ᠪᠤᠶᠤ ᠬᠦᠯᠤᠨ ᠪᠤᠶᠢᠷ ᠤᠨ ᠨᠤᠳᠤᠭ | ᠤᠷᠤᠨ ᠨᠤᠭᠤᠳ ᠢᠶᠠᠷ ᠤᠳᠤᠷᠯᠠᠨ ᠨᠤᠳᠤᠭᠯᠠᠵᠤ ᠤᠷᠤᠵᠤ ᠭᠠᠷᠴᠤ ᠪᠠᠶᠢᠷᠢᠰᠢᠨ ᠰᠠᠭᠤᠵᠤ ᠪᠠᠶᠢᠭᠰᠠᠨ ᠲᠡᠤᠬᠡ ᠲᠠᠢ ᠶᠤᠮ᠃ ᠵᠢᠱᠢᠶ᠎ᠡ ᠨᠢ᠄ ᠮᠦᠨ ᠴᠤ ᠠᠯᠢ ᠡᠷᠳᠡ | ᠲᠡᠭᠡᠳᠤ ᠴᠠᠭ ᠠᠴᠠ ᠪᠠᠷᠭᠤ ᠪᠤᠷᠢᠶᠠᠳ ᠪᠠᠶᠢᠭᠠᠯ ᠠᠴᠠ ᠬᠢᠨᠭ᠍ᠭᠠᠨ ᠤ ᠠᠷᠤ ᠬᠤᠷᠮᠤᠢ ᠬᠦᠷᠳᠡᠯ᠎ᠡ ᠦᠷᠭᠡᠨ ᠠᠭᠤᠳᠠᠮ ᠭᠠᠵᠠᠷ ᠨᠤᠳᠤᠭ ᠲᠤ ᠠᠮᠢᠳᠤᠷᠠᠵᠤ ᠪᠠᠶᠢᠭᠰᠨᠨ | ᠲᠡᠤᠬᠡ ᠲᠠᠢ ᠪᠦᠭᠡᠳ 16 ᠳ᠋ᠤᠭᠠᠷ ᠵᠠᠭᠤᠨ ᠤ ᠦᠶ᠎ᠡ ᠳᠤ ᠪᠠᠷᠠᠭᠤᠨ ᠲᠦᠮᠡᠳ ᠤᠨ ᠠᠯᠳᠠᠨ ᠬᠠᠨ ᠦᠬᠢᠨ ᠪᠠᠯᠵᠢᠨ ᠢᠶᠠᠨ ᠰᠤᠯᠤᠩᠭᠤᠳ ᠠᠶᠢᠮᠠᠭ ᠤᠨ ᠪᠦᠪᠠᠢ | ᠪᠠᠶᠢᠯ᠎ᠡ ᠬᠠᠨ ᠤ ᠬᠦᠪᠡᠭᠦᠨ ᠳ᠋ᠠᠢ ᠬᠤᠨᠭ᠌ ᠲᠠᠶᠢᠵᠢ ᠳᠤ ᠤᠷᠤᠭᠯᠠᠭᠤᠯᠤᠨ ᠬᠦᠷᠭᠡᠬᠦ ᠳᠡᠭᠡᠨ ᠲᠡᠭᠦᠨ ᠤ ᠬᠠᠷᠢᠶ᠎ᠠ ᠨᠢᠭᠡ ᠪᠦᠯᠦᠭ ᠬᠤᠷᠢ ᠲᠦᠮᠡᠳ ᠤᠨ ᠪᠤᠷᠢᠶᠠᠳ ᠨᠠᠷ ᠢ | ᠪᠠᠯᠵᠢᠨ ᠬᠠᠳᠤᠨ ᠤ ᠢᠨᠵᠢ ᠪᠤᠯᠭᠠᠨ ᠲᠠᠭᠠᠭᠤᠯᠤᠭᠰᠠᠨ ᠤᠴᠢᠷ ᠠᠴᠠ ᠲᠡᠳᠡ ᠨᠠᠷ ᠬᠦᠯᠤᠨ ᠪᠤᠶᠢᠷ ᠤᠨ ᠨᠤᠳᠤᠭ ᠲᠤ ᠳ᠋ᠠᠢ ᠬᠤᠨᠭ᠌ ᠲᠠᠶᠢᠵᠢ ᠶᠢᠨ ᠬᠠᠷᠢᠶᠠᠳᠤ ᠪᠠᠷ | ᠤᠳᠠᠭᠠᠨ ᠵᠢᠯ ᠰᠠᠭᠤᠭᠰᠠᠨ ᠲᠡᠤᠬᠡ ᠲᠠᠢ ᠪᠢᠯᠡ᠃ ᠬᠠᠷᠢᠨ ᠡᠨᠡ ᠤᠳᠠᠭ᠎ᠠ ᠤᠯᠠᠨ ᠲᠤᠭ᠎ᠠ ᠪᠠᠷ ᠨᠡᠭᠦᠳᠡᠯᠯᠡᠨ ᠬᠢᠯᠢ ᠲᠠᠪᠠᠨ ᠭᠠᠷᠴᠤ ᠢᠷᠡᠭᠰᠡᠨ ᠨᠢ ᠲᠡᠤᠬᠡ ᠶᠢᠨ | ᠤᠳᠤᠮᠰᠢᠯ ᠢ ᠪᠠᠷᠢᠮᠳᠠᠯᠠᠨ ᠠᠩᠬ᠎ᠠ ᠲᠡᠭᠡᠳᠤ ᠶᠢᠨ ᠨᠤᠳᠤᠭ ᠤᠷᠤᠨ ᠳᠠᠭᠠᠨ ᠪᠤᠴᠠᠵᠤ ᠢᠷᠡᠬᠦ ᠨᠢᠭᠡᠨ ᠲᠠᠯ᠎ᠠ ᠶᠢᠨ ᠰᠢᠯᠳᠠᠭᠠᠨ ᠪᠤᠯᠬᠤ ᠶᠤᠮ᠃ | ᠪᠤᠷᠢᠶᠠᠳ ᠮᠤᠩᠭᠤᠯᠴᠤᠳ ᠤᠨ ᠰᠢᠨᠡᠬᠡᠨ ᠨᠤᠳᠤᠭ ᠲᠤ ᠢᠷᠡᠭᠰᠡᠨ ᠪᠦᠬᠦ ᠶᠠᠪᠤᠴᠠ ᠨᠢ ᠲᠡᠷᠡ ᠦᠶ᠎ᠡ ᠶᠢᠨ ᠴᠠᠭ ᠲᠦᠷᠤ ᠶᠢᠨ ᠬᠤᠪᠢᠰᠤᠯ ᠪᠠ ᠤᠷᠤᠰᠢᠨ | ᠲᠤᠭᠳᠠᠨᠢᠬᠤ ᠭᠠᠵᠠᠷ ᠨᠤᠳᠤᠭ᠂ ᠲᠠᠶᠢᠪᠤᠡᠭ ᠴᠢᠯᠤᠭᠡᠳᠠᠢ ᠠᠮᠢᠳᠤᠷᠠᠬᠤ ᠬᠦᠰᠡᠯ ᠡᠷᠡᠮᠡᠯᠵᠡᠯ ᠲᠠᠢ ᠰᠢᠭᠤᠳ ᠬᠤᠯᠪᠤᠭᠳᠠᠯᠳᠠᠢ ᠪᠦᠭᠡᠳ ᠲᠡᠷᠡ ᠴᠠᠭ ᠦᠶ᠎ᠡ ᠳᠤ | ᠵᠦᠪᠯᠡᠯᠳᠤ ᠤᠯᠤᠰ ᠤᠨ ᠲᠤᠳᠤᠭᠠᠳᠤ ᠳᠠᠭᠠᠨ ᠵᠡᠭᠦᠨ ᠤ ᠱᠤᠭᠤᠮ ᠢ ᠴᠢᠩᠭ᠎ᠠ ᠪᠠᠷ ᠶᠠᠪᠤᠭᠤᠯᠵᠤ᠂ ᠮᠠᠰᠢ ᠤᠯᠠᠨ ᠬᠦᠮᠤᠰ ᠢ ᠬᠤᠪᠢᠰᠬᠠᠯ ᠤᠨ ᠡᠰᠡᠷᠭᠦᠤ ᠪᠤᠶᠤ | ᠨᠢᠳᠤᠷᠭᠠᠨ ᠪᠠᠶᠠᠨ ᠬᠡᠮᠡᠨ ᠬᠡᠯᠮᠡᠭᠳᠡᠬᠦᠯᠭᠦ᠂ ᠪᠠᠷᠢᠪᠴᠢᠯᠠᠬᠤ᠂ ᠬᠤᠷᠢᠬᠤ᠂ ᠴᠦᠯᠡᠬᠦ ᠵᠡᠷᠭᠡ ᠶᠢᠨ ᠶᠠᠪᠤᠳᠠᠯ ᠬᠦᠨᠳᠤ ᠪᠠᠶᠢᠭᠰᠨᠨ ᠲᠤᠯᠠ ᠲᠡᠭᠦᠨ ᠠᠴᠠ ᠠᠶᠤᠬᠤ᠂ | ᠵᠠᠶᠢᠯᠠᠬᠤ᠂ ᠲᠤᠳᠠᠭᠠᠬᠤ ᠨᠢ ᠮᠦᠨ ᠨᠢᠭᠡᠨ ᠲᠠᠯ᠎ᠠ ᠶᠢᠨ ᠰᠢᠯᠳᠠᠭᠠᠨ ᠪᠤᠯᠵᠤ ᠪᠠᠶᠢᠭᠰᠠᠨ ᠶᠤᠮ᠃ | ᠭᠤᠷᠪᠠ᠂ ᠪᠤᠷᠢᠶᠠᠳ ᠮᠤᠩᠭᠤᠯᠴᠤᠳ ᠰᠢᠨᠡᠬᠡᠨ ᠨᠤᠲᠤᠭ ᠲᠤ ᠢᠷᠡᠭᠰᠡᠨ ᠠᠩᠬᠠᠨ ᠤ ᠦᠶ᠎ᠡ | ᠰᠢᠨᠡᠬᠡᠨ ᠬᠡᠮᠡᠬᠦ ᠨᠤᠳᠤᠭ ᠪᠤᠯ ᠰᠢᠨᠡᠬᠡᠨ ᠭᠤᠤᠯ ᠤᠨ ᠨᠡᠷ᠎ᠡ ᠪᠠᠷ ᠨᠡᠷᠡᠶᠢᠳᠦᠭᠳᠡᠵᠤ᠂ ᠰᠢᠨᠡᠬᠡᠨ ᠭᠤᠤᠯ ᠨᠢ ᠲᠡᠤᠬᠡᠨ ᠲᠡᠭᠡᠷ᠎ᠡ ᠲᠠᠬᠢᠮ ᠤᠨ ᠭᠤᠤᠯ ᠬᠡᠮᠡᠬᠦ | ᠨᠡᠷᠡᠳᠠᠢ ᠪᠠᠶᠢᠭᠰᠠᠨ ᠢᠶᠠᠨ 1730 ᠭᠠᠳ ᠤᠨ ᠠᠴᠠ ᠡᠬᠢᠯᠡᠨ ᠦᠭᠡᠯᠡᠳ ᠬᠦᠮᠤᠰ ᠰᠢᠨᠡᠬᠡᠨ ᠭᠤᠤᠯ ᠭᠡᠵᠤ ᠨᠡᠷᠡᠶᠢᠳᠦᠭᠡᠳ ᠲᠡᠭᠦᠨ ᠠᠴᠠ ᠬᠤᠶᠢᠰᠢ ᠰᠢᠨᠡᠬᠡᠨ ᠭᠤᠤᠯ | ᠬᠡᠮᠨᠬᠦ ᠨᠡᠷ᠎ᠡ ᠲᠠᠢ ᠪᠤᠯᠤᠭᠰᠠᠨ ᠪᠠᠶᠢᠵᠠᠢ᠃ ᠡᠨᠡ ᠨᠤᠳᠤᠭ ᠦᠨᠢ ᠬᠤᠯᠠ ᠠᠴᠠ ᠠᠶᠢᠯ ᠬᠦᠮᠤᠨ ᠦᠭᠡᠢ ᠤᠷᠬᠢᠭᠳᠠᠮᠠᠯ ᠭᠠᠵᠠᠷ ᠪᠠᠶᠢᠭᠰᠠᠨ ᠪᠦᠭᠡᠳ ᠭᠤᠤᠯ ᠤᠨ | ᠪᠤᠷᠭᠠᠰᠤ᠂ ᠮᠠᠩᠬ᠎ᠠ ᠪᠤᠯᠳᠤᠷᠤᠤ ᠶᠢᠨ ᠮᠤᠳᠤ ᠰᠢᠭᠤᠢ ᠰᠠᠬᠤᠯᠢᠭ᠂ ᠡᠪᠡᠰᠤ ᠤᠷᠭᠤᠮᠠᠯ ᠦᠨᠳᠤᠷ ᠦᠳᠭᠡᠨ ᠪᠠᠶᠢᠵᠤ᠂ ᠵᠡᠷᠯᠢᠭ ᠠᠡᠭ ᠬᠦᠷᠤᠭᠡ ᠰᠢᠪᠠᠭᠤ | ᠱᠤᠩᠬᠤᠷ ᠠᠴᠠ ᠦᠭᠡᠷ᠎ᠡ ᠶᠠᠭᠤ ᠴᠤ ᠬᠠᠷᠠᠭᠳᠠᠬᠤ ᠦᠭᠡᠢ ᠭᠠᠵᠠᠷ ᠪᠠᠶᠢᠪᠠ᠃ ᠦᠭᠡᠯᠡᠳ ᠤᠪᠤᠭ᠎ᠠ ᠬᠡᠮᠡᠬᠦ ᠠᠭᠤᠯᠠ ᠲᠤᠯᠤᠭᠠᠢ ᠶᠢᠨ ᠦᠪᠤᠷ ᠲᠤ ᠨᠢᠭᠡᠨ | ᠰᠦᠮ᠎ᠡ ᠶᠢᠨ ᠰᠠᠭᠤᠷᠢ ᠲᠡᠭᠡᠷᠡᠬᠢ ᠡᠪᠳᠡᠷᠬᠡᠢ ᠰᠤᠪᠤᠷᠭ᠎ᠠ ᠪᠠ ᠪᠠᠶᠠᠨ ᠬᠤᠰᠢᠭᠤ ᠤᠪᠤᠭ᠎ᠠ ᠶᠢᠨ ᠦᠪᠤᠷ ᠲᠤ ᠨᠢᠭᠡᠨ ᠰᠦᠮ᠎ᠡ ᠶᠢᠨ ᠰᠠᠭᠤᠷᠢ ᠠᠴᠠ ᠦᠭᠡᠷ᠎ᠡ ᠶᠠᠭᠤ ᠴᠤ | ᠦᠭᠡᠢ ᠴᠦᠯ ᠭᠠᠵᠠᠷ ᠪᠠᠶᠢᠪᠠ᠃ ᠡᠨᠡ ᠭᠠᠵᠠᠷ ᠠᠩᠬᠠᠨ ᠳᠠᠭᠠᠨ ᠦᠭᠡᠯᠡᠳ ᠮᠤᠩᠭᠤᠯᠴᠤᠳ 18 ᠵᠠᠭᠤᠨ ᠤ ᠭᠤᠴᠢᠭᠠᠳ ᠤᠨ ᠤ ᠡᠬᠢᠨ ᠤ ᠦᠶ᠎ᠡ ᠳᠤ ᠬᠦᠯᠤᠨ | ᠪᠤᠶᠢᠷ ᠲᠤ ᠢᠷᠡᠵᠤ ᠨᠤᠳᠤᠭᠰᠢᠨ ᠰᠠᠭᠤᠭᠰᠠᠨ ᠭᠠᠵᠠᠷ ᠪᠠᠶᠢᠭᠰᠠᠨ ᠪᠦᠭᠡᠳ 19 ᠳ᠋ᠤᠭᠡᠷ ᠵᠠᠭᠤᠨ ᠤ ᠰᠡᠭᠦᠯ ᠦᠶ᠎ᠡ ᠳᠤ ᠬᠠᠯᠳᠠᠪᠤᠷᠢᠳᠤ ᠡᠪᠡᠳᠴᠢᠨ ᠲᠠᠷᠪᠠᠭᠠᠨ | ᠲᠠᠬᠤᠯ ᠲᠡᠯᠭᠡᠷᠡᠵᠤ ᠮᠠᠰᠢ ᠤᠯᠠᠨ ᠬᠦᠮᠤᠰ ᠦᠭᠦᠭᠰᠡᠨ ᠲᠤᠯᠠ ᠦᠭᠡᠯᠡᠳ ᠮᠤᠩᠭᠤᠯᠴᠤᠳ ᠨᠤᠳᠤᠭ ᠤᠷᠤᠨ᠂ ᠰᠦᠮ᠎ᠡ ᠬᠡᠶᠢᠳ ᠢᠶᠠᠨ ᠬᠦᠷᠳᠡᠯ᠎ᠡ ᠤᠷᠬᠢᠵᠤ ᠨᠤᠳᠤᠭ | ᠰᠢᠯᠵᠢᠨ ᠢᠮᠢᠨ ᠭᠤᠤᠯ ᠢ ᠪᠠᠭ᠎ᠠ ᠦᠭᠰᠤᠨ ᠨᠡᠭᠦᠨ ᠵᠠᠶᠢᠯᠠᠵᠤ ᠰᠠᠭᠤᠷᠢᠰᠢᠭᠰᠠᠨ ᠪᠠᠶᠢᠪᠠ᠃ ᠡᠶᠢᠮᠤ ᠤᠴᠢᠷ ᠠᠴᠠ ᠰᠢᠨᠡᠬᠡᠨ ᠭᠤᠤᠯ ᠲᠠᠭᠠᠤ ᠠᠳᠡ ᠲᠡᠨᠳᠡ | ᠦᠭᠦᠭᠰᠡᠨ ᠬᠦᠮᠤᠰ ᠤᠨ ᠠᠷᠠᠭ ᠶᠠᠰᠤ᠂ ᠭᠡᠷ ᠲᠡᠷᠭᠡ ᠶᠢᠨ ᠢᠯᠵᠢᠷᠡᠵᠤ ᠬᠤᠪᠠᠭ᠋ᠠᠢ ᠪᠤᠯᠤᠭᠰᠠᠨ ᠦᠯᠡᠳᠡᠭᠳᠡᠯ᠂ ᠠᠶᠢᠯ ᠤᠳ ᠤᠨ ᠬᠠᠶᠠᠭᠳᠠᠮᠠᠯ ᠡᠳ᠋ᠯᠡᠯ ᠬᠡᠷᠡᠭᠰᠡᠯ ᠤᠨ | ᠵᠦᠢᠯ ᠤᠳ ᠬᠠᠷᠠᠭᠳᠠᠳᠠᠭ ᠪᠠᠶᠢᠪᠠ᠃ ᠡᠨᠡ ᠨᠤᠳᠤᠭ ᠲᠤ ᠢᠷᠡᠭᠰᠡᠨ ᠪᠤᠷᠢᠶᠠᠳ ᠮᠤᠩᠭᠤᠯᠴᠤᠳ ᠤᠨ ᠵᠠᠷᠢᠮ ᠨᠢ ᠡᠯᠳᠡᠪ ᠰᠡᠵᠢᠭ ᠲᠦᠷᠤᠵᠤ᠂ ᠱᠠᠰᠢᠨ ᠤ ᠲᠠᠯ᠎ᠠ ᠪᠠᠷ | ᠨᠤᠮ ᠭᠦᠷᠢᠮ ᠤᠡᠭᠰᠢᠭᠤᠯᠵᠤ ᠵᠠᠰᠠᠯ ᠬᠢᠯᠭᠡᠬᠦ᠂ ᠵᠠᠷᠢᠮ ᠨᠢ ᠵᠠᠶᠢᠯᠠᠨ ᠶᠠᠪᠤᠬᠤ ᠶᠢ ᠬᠦᠰᠡᠵᠤ ᠦᠨᠡᠬᠡᠷ ᠪᠠᠷᠠᠭᠤᠨᠰᠢ ᠪᠠᠨ ᠬᠠᠯᠬ᠎ᠠ ᠭᠤᠤᠯ ᠬᠦᠷᠳᠡᠯ᠎ᠡ ᠨᠡᠭᠦᠵᠤ | ᠤᠴᠢᠭᠰᠠᠨ ᠠᠶᠢᠯ ᠤᠳ ᠴᠤ ᠪᠠᠶᠢᠪᠠ᠃ ᠭᠡᠰᠡᠨ ᠴᠤ ᠤᠯᠠᠩᠬᠢ ᠬᠦᠮᠤᠰ ᠤᠳ ᠪᠢᠳᠡ ᠤᠷᠤᠨ ᠨᠤᠳᠤᠭ ᠠᠴᠠ ᠭᠠᠷᠴᠤ ᠰᠢᠨ᠎ᠠ ᠭᠠᠵᠠᠷ ᠲᠤ ᠢᠷᠡᠭᠡᠳ ᠪᠠᠭᠳᠠᠬᠤ | ᠲᠤᠭᠳᠠᠬᠤ ᠭᠠᠵᠠᠷ ᠦᠭᠡᠢ ᠨᠡᠭᠦᠵᠤ ᠰᠠᠭᠤᠵᠤ ᠶᠠᠪᠤᠭᠰᠠᠨ ᠠᠴᠠ ᠶᠠᠮᠠᠷ ᠴᠤ ᠭᠡᠰᠡᠨ ᠤᠷᠤᠰᠢᠨ ᠰᠠᠭᠤᠬᠤ ᠭᠠᠵᠠᠷ ᠨᠤᠳᠤᠭ ᠲᠠᠢ ᠪᠤᠯᠬᠤ ᠨᠢ ᠶᠠᠭᠤᠨ ᠠᠴᠠ ᠴᠤ | ᠴᠢᠬᠤᠯᠠ ᠪᠠᠶᠢᠨ᠎ᠠ ᠬᠡᠮᠡᠯᠳᠤᠨ ᠬᠠᠷᠢᠨ ᠡᠪᠡᠳᠴᠢᠨ ᠲᠠᠬᠤᠯ ᠭᠠᠷᠬᠤ ᠶᠢ ᠯᠡ ᠰᠡᠷᠭᠡᠶᠢᠯᠡᠬᠦ ᠬᠡᠷᠡᠭᠳᠠᠢ ᠭᠡᠵᠤ ᠦᠵᠡᠳᠡᠭ ᠪᠠᠶᠢᠪᠠ᠃ ᠡᠶᠢᠮᠤᠷᠬᠡᠤ ᠪᠠᠶᠢᠳᠠᠯ ᠢ | ᠦᠨᠳᠤᠰᠤᠯᠡᠨ ᠠᠩᠬᠠᠨ ᠤ ᠤᠭᠤᠷᠳᠠ ︵ᠬᠤᠰᠢᠭᠤᠨ ᠲᠠᠷᠤᠭ᠎ᠠ︶ ᠠᠪᠢᠳᠠ ᠲᠤᠰᠬᠠᠢᠢᠯᠠᠨ ᠮᠦᠭᠳᠡᠨ ᠬᠤᠳᠠ ᠬᠦᠷᠳᠡᠯ᠎ᠡ ᠤᠴᠢᠵᠤ ᠲᠡᠷᠡ ᠦᠶ᠎ᠡ ᠳᠤ ᠮᠦᠭᠳᠡᠨ | ᠬᠤᠳᠠᠨ᠎ᠠ ᠪᠠᠶᠢᠷᠢᠯᠠᠵᠤ ᠪᠠᠶᠢᠭᠰᠠᠨ ᠶᠡᠭᠡ ᠯᠠᠮᠠ ᠵᠠᠩᠵᠢᠶ᠎ᠠ ᠬᠤᠳᠤᠭᠳᠤ ᠷᠢᠯᠪᠢᠳᠤᠷᠵᠢ ᠭᠡᠭᠡᠨ ᠳᠤ ᠤᠴᠠᠷᠠᠨ ᠨᠤᠳᠤᠭ ᠤᠷᠤᠨ ᠨᠡᠭᠦᠨ ᠰᠤᠯᠢᠵᠤ ᠰᠢᠨ᠎ᠡ ᠭᠠᠵᠠᠷ | ᠢᠷᠡᠭᠰᠡᠨ ᠲᠤᠬᠠᠢ ᠪᠠᠨ ᠬᠡᠯᠡᠵᠤ ᠭᠤᠶᠤᠭᠰᠠᠨ ᠳᠤ ︽ᠲᠦᠢᠨᠠᠭ ᠤᠨ ᠲᠤᠷᠳᠤᠭ︾ ᠭᠡᠮᠡᠬᠦ ᠨᠤᠮ ᠭᠦᠷᠢᠮ ᠤᠡᠭᠰᠢᠭᠤᠯᠬᠤ ᠬᠡᠷᠡᠭᠳᠠᠢ ᠭᠡᠵᠤ ᠠᠪᠤᠷᠠᠯ ᠪᠠᠭᠤᠯᠭᠠᠭᠰᠠᠨ | ᠭᠡᠳᠡᠭ᠃ ᠡᠶᠢᠨ ᠬᠦ ᠤᠭᠤᠷᠳᠠ ᠬᠠᠷᠢᠵᠤ ᠢᠷᠡᠩᠭᠦᠳᠡ ᠦᠪᠡᠰᠤᠪᠡᠨ ᠭᠤᠤᠯᠯᠠᠨ ᠰᠦᠰᠦᠭᠳᠡᠨ ᠤᠯᠠᠨ ᠲᠠᠢ ᠪᠠᠨ ᠬᠠᠮᠳᠤᠷᠠᠨ ᠢᠮᠢᠨ ᠭᠤᠤᠯ ᠤᠨ ᠵᠡᠭᠦᠨ ᠲᠠᠯ᠎ᠠ | ᠰᠤᠪᠤᠷᠭᠠᠳᠤ ᠶᠢᠨ ᠠᠷᠤ ᠳᠤ ᠬᠤᠶᠠᠷ ᠮᠤᠩᠭᠤᠯ ᠭᠡᠷ ᠪᠠᠷᠢᠵᠤ ᠪᠤᠳ᠋ ᠤᠨ ᠭᠤᠨᠭ᠍ᠭᠠ᠂ ᠮᠠᠨᠽᠠ ᠷᠢᠨᠴᠢᠨ ᠵᠡᠷᠭᠡ ᠶᠢᠨ 8 ᠨᠡᠷ᠎ᠡ ᠵᠤᠳᠴᠢ ᠯᠠᠮᠠ ᠨᠡᠷ ᠢ ᠴᠤᠭᠯᠠᠭᠤᠯᠤᠨ ︽ | ᠲᠦᠢᠨᠠᠭ ᠤᠨ ᠲᠤᠷᠳᠤᠭ︾ ᠬᠡᠮᠡᠬᠦ ᠨᠤᠮ ᠢ 7 ᠡᠳᠤᠷ 7 ᠰᠦᠨᠢ ᠤᠡᠭᠰᠢᠭᠤᠯᠵᠤ᠂ ᠨᠤᠳᠤᠭ ᠤᠷᠤᠨ ᠤ ᠵᠠᠰᠠᠯ ᠬᠢᠯᠭᠡᠭᠰᠡᠨ ᠪᠦᠭᠡᠳ ᠲᠡᠭᠦᠨ ᠠᠴᠠ ᠬᠤᠶᠢᠰᠢ | ᠬᠦᠮᠤᠰ ᠤᠨ ᠰᠡᠳᠭᠢᠯ ᠰᠠᠨᠠᠭᠠᠨ ᠤ ᠲᠠᠯ᠎ᠠ ᠶᠢᠨ ᠰᠡᠵᠢᠭ ᠬᠦᠡᠭᠬᠡᠷᠡᠨ ᠰᠠᠨᠠᠭ᠎ᠠ ᠠᠮᠤᠷ ᠰᠠᠭᠤᠬᠤ ᠪᠤᠯᠤᠭᠰᠠᠨ ᠬᠡᠯᠡᠯᠴᠡᠳᠡᠭ᠃ ᠭᠡᠰᠡᠨ ᠴᠤ ᠠᠩᠬᠠᠨ ᠤ ᠦᠶ᠎ᠡ ᠳᠤ ᠬᠡᠳᠤ | ᠬᠡᠳᠤᠨ ᠬᠦᠮᠤᠨ ᠡᠯᠳᠡᠪ ᠵᠦᠢᠯ ᠤᠨ ᠡᠪᠡᠳᠴᠢᠨ ᠢᠶᠠᠷ ᠨᠠᠰᠤ ᠪᠠᠷᠠᠭᠰᠠᠨ ᠪᠤᠯᠪᠠᠴᠤ ᠲᠡᠷᠡ ᠦᠶ᠎ᠡ ᠳᠤ ᠨᠡᠯᠢᠶᠡᠳ ᠵᠦᠭᠡᠷ ᠯᠠᠮᠠ ᠡᠮᠴᠢ ᠨᠠᠷ ᠪᠠᠶᠢᠵᠤ ᠲᠡᠳᠡᠨ ᠤ | ᠤᠷᠤᠯᠳᠤᠯᠭ᠎ᠠ ᠪᠠᠷ ᠡᠪᠡᠳᠴᠢᠨ ᠢ ᠬᠤᠷᠢᠭᠯᠠᠨ ᠴᠢᠳᠠᠭᠰᠠᠨ ᠶᠤᠮ᠃ ᠰᠢᠨᠡᠬᠡᠨ ᠪᠤᠷᠢᠶᠠᠳ ᠮᠤᠩᠭᠤᠯᠴᠤᠳ ᠤᠨ ᠠᠵᠢᠯ ᠠᠮᠢᠳᠤᠷᠠᠯ ᠨᠡᠯᠢᠶᠡᠳ ᠲᠦᠪᠬᠢᠨᠡᠭᠦᠨ | ᠪᠤᠯᠤᠭᠰᠨᠨ ᠪᠠᠶᠢᠳᠠᠯ ᠲᠤᠤᠷ᠎ᠠ 1924 ᠤᠨ ᠤ ᠮᠢᠵᠢᠳ ᠤᠭᠤᠷᠳᠠ ︵ᠬᠠᠯᠪᠢᠨ ᠤᠪᠤᠭ ᠤᠨ ᠮᠢᠨᠳᠡᠭ ᠤᠨ ᠮᠢᠵᠢᠳ︶ ᠲᠡᠷᠢᠭᠦᠯᠡᠨ ᠵᠠᠩᠭᠢ ᠨᠠᠷ ᠪᠤᠯᠤᠨ | ᠨᠤᠳᠤᠭ ᠤᠨ ᠤᠯᠠᠨ ᠲᠦᠮᠡᠨ ᠲᠠᠢ ᠪᠠᠨ ᠵᠦᠪᠳᠡᠨ ᠬᠡᠯᠡᠯᠴᠡᠵᠤ᠂ ᠰᠢᠨᠡᠬᠡᠨ ᠭᠤᠤᠯ ᠤᠨ ᠬᠤᠶᠢᠳᠤ ᠲᠡᠨᠵᠢ ᠶᠢᠨ ᠦᠨᠳᠤᠷ ᠪᠤᠯᠳᠤᠷᠤᠤ ᠳᠤ ᠰᠢᠨᠡᠬᠡᠨ ᠳᠤ ᠨᠤᠳᠤᠭᠰᠢᠨ | ᠰᠠᠭᠤᠭᠰᠠᠨ ᠪᠠᠶᠠᠷ ᠤᠨ ᠶᠡᠭᠡ ᠨᠠᠶᠢᠷ ᠨᠠᠭᠠᠳᠤᠮ ᠬᠢᠵᠤ᠂ ᠠᠮᠪᠠᠨ ᠶᠠᠮᠤᠨ ᠤ ᠡᠷᠬᠡ ᠪᠠᠷᠢᠭᠴᠢᠳ ᠠᠴᠠ ᠠᠮᠪᠠᠨ ᠨᠤᠶᠠᠨ ᠬᠦᠢᠹᠦ᠋᠂ ᠬᠦᠡᠭ ᠨᠤᠶᠠᠨ ᠴᠸᠡᠭᠳᠧ ︵ | ᠴᠡᠩᠳᠡ︶ ᠪᠤᠯᠤᠨ ᠪᠤᠰᠤᠳ ᠤᠯᠠᠨ ᠲᠤᠰᠢᠶᠠᠯᠳᠠᠳ ᠪᠠ ᠵᠡᠷᠭᠡᠯᠡᠳᠡᠭᠡ ᠬᠤᠰᠢᠭᠤ ᠰᠤᠮᠤ ᠨᠤᠭᠤᠳ ᠤᠨ ᠤᠭᠤᠷᠳᠠ᠂ ᠭᠠᠯᠢᠳᠠ᠂ ᠵᠠᠩᠬᠢ ᠨᠠᠷ ᠢ ᠬᠦᠷᠳᠡᠯ᠎ᠡ ᠤᠷᠢᠵᠤ | ᠬᠦᠨᠳᠤᠳᠭᠡᠨ ᠵᠤᠴᠢᠯᠠᠬᠤ ᠶᠢᠨ ᠬᠠᠮᠳᠤ ᠨᠤᠳᠤᠭ ᠤᠰᠤ ᠤᠯᠭᠤᠵᠤ ᠪᠠᠭᠳᠠᠭᠠᠨ ᠠᠪᠴᠤ ᠨᠤᠳᠤᠭᠰᠢᠭᠤᠯᠤᠭᠰᠠᠨ ᠳᠤ ᠪᠠᠶᠠᠷ ᠲᠠᠯᠠᠷᠬᠠᠯ ᠢᠶᠠᠨ ᠢᠯᠡᠳᠭᠡᠨ ᠠᠮᠪᠠᠨ | ᠨᠤᠶᠠᠨ ᠳᠤ ᠮᠦᠡᠭᠭᠦᠨ ᠡᠮᠡᠭᠡᠯ ᠬᠠᠵᠠᠭᠠᠷ ᠲᠠᠢ ᠠᠭᠳᠠ ᠮᠤᠷᠢ ᠲᠡᠷᠢᠭᠦᠨ ᠲᠠᠢ ᠡᠷᠬᠢᠮ ᠰᠠᠶᠢᠨ ᠡᠳ᠋ ᠢ ᠪᠡᠯᠡᠭ ᠪᠤᠯᠭᠠᠨ ᠪᠠᠷᠢᠵᠤ᠂ ᠲᠠᠯᠠᠷᠬᠠᠬᠤ ᠰᠡᠳᠭᠢᠯ ᠢᠶᠠᠨ | ᠢᠯᠡᠷᠭᠡᠶᠢᠯᠡᠭᠰᠡᠨ ᠶᠤᠮ᠃ ᠲᠡᠷᠡ ᠦᠶ᠎ᠡ ᠳᠤ ᠷᠠᠳᠨ᠎ᠠ ᠶᠢᠨ ᠠᠪᠢᠳᠠ ᠤᠭᠤᠷᠳᠠ ᠪᠡᠶ᠎ᠡ ᠮᠠᠭᠤᠳᠠᠢ ᠪᠠᠶᠢᠭᠰᠠᠨ ᠲᠤᠯᠠ ᠤᠷᠤᠨ ᠳᠤᠨᠢ ᠮᠢᠨᠳᠡᠭ ᠤᠨ ᠮᠢᠵᠢᠳ ᠤᠭᠤᠷᠳᠠ | ᠪᠤᠯᠤᠭᠠᠳ ᠪᠠᠶᠢᠭᠰᠠᠨ ᠶᠤᠮ᠃ | ᠮᠢᠨᠳᠡᠭ ᠤᠨ ᠮᠢᠵᠢᠳ ᠤᠭᠤᠷᠳᠠ 1929 ᠤᠨ ᠳᠤ ᠮᠦᠭᠳᠡᠨ ᠬᠤᠳᠠ ᠬᠦᠷᠳᠡᠯ᠎ᠡ ᠤᠴᠢᠵᠤ ᠨᠢᠭᠡ ᠪᠦᠯᠦᠭ ᠪᠤᠷᠢᠶᠠᠳ ᠮᠤᠩᠭᠤᠯᠴᠤᠳ ᠬᠦᠯᠤᠨ ᠪᠤᠶᠢᠷ ᠲᠤ | ᠨᠡᠭᠦᠳᠡᠯᠯᠡᠨ ᠢᠷᠡᠵᠤ ᠨᠤᠳᠤᠭᠰᠢᠭᠰᠠᠨ ᠲᠤᠬᠠᠢ ᠤᠴᠢᠷ ᠢᠶᠠᠨ ᠲᠡᠷᠡ ᠦᠶ᠎ᠡ ᠶᠢᠨ ᠵᠡᠭᠦᠨ ᠬᠤᠶᠢᠳᠤ ᠤᠷᠤᠨ ᠤ ᠴᠡᠷᠢᠭ ᠤᠨ ᠡᠷᠬᠡᠳᠡᠨ ᠵᠠᠩ ᠽᠦᠸᠧ ᠯᠢᠨ ᠪᠤᠯᠤᠨ | ᠲᠡᠭᠦᠨ ᠤ ᠬᠦᠤ ᠵᠠᠩ ᠰᠢᠤᠸᠠᠢ ᠯᠢᠶᠠᠩ ᠳᠤ ᠬᠡᠯᠡᠵᠤ᠂ ᠲᠡᠳᠡᠨ ᠤ ᠲᠡᠮᠵᠢᠯᠡᠭᠡ ᠶᠢ ᠤᠯᠵᠤ᠂ ᠪᠡᠶ᠎ᠡ ᠪᠠᠨ ᠬᠠᠮᠠᠭᠠᠯᠠᠬᠤ ᠪᠠᠭ᠎ᠠ ᠵᠡᠷᠭᠡ ᠵᠡᠪᠰᠡᠭ ᠪᠤᠯᠤᠨ ᠤᠯᠠᠨ ᠳᠤ | ᠬᠤᠭᠤᠯᠠ ᠬᠦᠨᠡᠰᠤᠨ ᠤ ᠨᠡᠮᠡᠷᠢ ᠬᠡᠮᠡᠨ ᠪᠠᠭ᠎ᠠ ᠵᠡᠷᠭᠡ ᠶᠢᠨ ᠠᠮᠤ ᠪᠤᠳᠠᠭ᠎ᠠ ᠠᠪᠴᠢᠷᠠᠨ ᠤᠯᠠᠨ ᠲᠦᠮᠡᠨ ᠳᠤ ᠬᠤᠪᠢᠶᠠᠷᠢᠯᠠᠨ ᠦᠭᠭᠦᠭᠰᠡᠨ ᠪᠠᠶᠢᠪᠠ᠃ ᠮᠦᠨ ᠲᠡᠷᠡ | ᠦᠶ᠎ᠡ ᠳᠤ ᠲᠤᠳᠤᠭᠠᠳᠤ ᠶᠢᠨ ᠠᠮᠤᠷ ᠲᠦᠪᠰᠢᠨ ᠤ ᠪᠠᠶᠢᠳᠠᠯ ᠢ ᠬᠠᠮᠠᠭᠠᠯᠠᠬᠤ ᠵᠤᠷᠢᠯᠭ᠎ᠠ ᠪᠠᠷ ᠮᠧᠶ᠋ᠢᠨ ᠬᠡᠮᠡᠬᠦ ᠠᠮᠤᠷ ᠢ ᠬᠠᠮᠠᠭᠠᠯᠠᠬᠤ ᠠᠩᠭᠢ ᠲᠠᠢ ᠪᠤᠯᠪᠠ᠃ ᠲᠡᠷᠡ ᠨᠢ | ᠨᠤᠳᠤᠭ ᠤᠨ ᠵᠠᠯᠠᠭᠤᠰ ᠠᠴᠠ 20 ᠭᠠᠷᠤᠢ ᠬᠦᠮᠤᠨ ᠢ ᠨᠢᠭᠡᠨ ᠡᠭᠡᠯᠵᠢ ᠪᠤᠯᠭᠠᠨ 15 ᠬᠤᠨᠤᠭ ᠢᠶᠠᠷ ᠡᠭᠡᠯᠵᠢᠯᠡᠭᠦᠯᠤᠨ ᠰᠠᠭᠤᠯᠭᠠᠳᠠᠭ ᠪᠠᠶᠢᠪᠠ᠃ ᠡᠨᠡ ᠨᠢ 2 | ᠮᠤᠩᠭᠤᠯ ᠭᠡᠷ ᠲᠠᠢ᠂ ᠠᠯᠪᠠᠨ ᠤ ᠫᠤᠤ ᠵᠡᠪᠰᠡᠭ ᠲᠠᠢ ᠴᠤ ᠭᠡᠰᠡᠨ ᠮᠤᠷᠢ ᠡᠮᠡᠭᠡᠯ᠂ ᠬᠤᠪᠴᠠᠰᠤ ᠬᠤᠨᠠᠷ ᠨᠢ ᠴᠦᠮ ᠬᠤᠪᠢ ᠶᠢᠨ ᠪᠦᠭᠡᠳ ᠡᠨᠡ ᠬᠦ ᠠᠮᠤᠷ ᠢ | ᠬᠠᠮᠠᠭᠠᠯᠠᠬᠤ ᠠᠩᠭᠢ ᠮᠧᠶ᠋ᠢᠨ ᠤ ᠲᠠᠷᠤᠭ᠎ᠠ ᠶᠢ ᠵᠢᠷᠬᠡᠢ ︵ᠮᠠᠨᠵᠤ ᠦᠭᠡ︶ ᠭᠡᠵᠤ ᠬᠡᠯᠡᠳᠡᠭ ᠪᠠᠶᠢᠵᠤ᠂ ᠡᠨᠡ ᠬᠦ ᠲᠤᠰᠢᠶᠠᠯ ᠳᠤ ᠤᠷᠢᠳ ᠬᠤᠵᠢᠳ ᠯᠠᠮᠠᠵᠠᠪ ᠤᠨ | ᠰᠤᠳᠨᠠᠮ᠂ ᠲᠠᠸᠠ ᠶᠢᠨ ᠬᠦᠯᠬᠡᠨ᠂ ᠠᠴᠢᠳᠤ ᠶᠢᠨ ᠭᠤᠮᠪᠤᠵᠠᠪ ᠨᠠᠷ ᠪᠠᠶᠢᠵᠤ᠂ ᠮᠦᠨ ᠡᠭᠡᠯᠵᠢ ᠪᠠᠷ ᠲᠤᠰᠢᠶᠠᠯ ᠢᠶᠠᠨ ᠭᠦᠢᠴᠡᠳᠭᠡᠬᠦ ᠳᠡᠭᠡᠨ ᠤᠭᠤᠷᠢᠳᠠ ᠨᠤᠶᠠᠨ ᠤ | ᠰᠢᠭᠤᠳ ᠤᠳᠤᠷᠢᠳᠤᠯᠭ᠎ᠠ ᠶᠢ ᠬᠦᠯᠢᠶᠡᠳᠡᠭ ᠪᠠᠶᠢᠪᠠ᠃ ᠲᠤᠬᠠᠢ ᠶᠢᠨ ᠦᠶ ᠡ ᠳᠤ ᠲᠤᠳᠤᠨ᠎ᠠ ᠭᠠᠳᠠᠨ᠎ᠠ ᠶᠢᠨ ᠬᠤᠯᠠᠭᠠᠢ ᠲᠡᠭᠡᠷᠡᠮ ᠡᠳᠤᠢ ᠲᠡᠳᠤᠢ ᠪᠠᠶᠢᠳᠠᠭ ᠪᠠᠶᠢᠪᠠ᠃ | ᠤᠷᠤᠰ ᠤᠨ ᠴᠠᠭᠠᠨᠳᠠᠨ ᠤ ᠪᠦᠯᠦᠭ ᠠᠴᠠ ᠪᠤᠳᠠᠷᠠᠨ ᠰᠠᠷᠨᠢᠭᠰᠠᠨ ᠤᠷᠤᠰ ᠤᠳ 10 — 20 ᠪᠠᠷ ᠪᠦᠯᠦᠭᠯᠡᠨ ᠠᠭᠤᠯᠠ ᠬᠦᠪᠴᠢ ᠪᠠᠷ ᠪᠠᠶᠢᠷᠢᠯᠠᠨ ᠲᠡᠭᠡᠷᠡᠮ | ᠬᠢᠭᠴᠢᠳ ᠬᠡᠳᠤ ᠬᠡᠳᠤᠨ ᠪᠦᠯᠦᠭ ᠪᠠᠶᠢᠪᠠ᠃ ᠵᠢᠱᠢᠶ᠎ᠠ ᠨᠢ᠄ ᠤᠷᠤᠰ ᠪᠠᠳ᠋ᠯᠢᠶᠡᠳ᠋ ᠤᠨ ᠪᠦᠯᠦᠭ 20 ᠭᠠᠷᠤᠢ ᠬᠦᠮᠤᠨ ᠲᠠᠢ᠂ ᠫᠤᠤ ᠵᠡᠪᠰᠡᠭ ᠲᠠᠢ᠃ ᠼᠠᠸᠢᠢᠺᠤᠸ᠋ ᠤᠨ | ᠪᠦᠯᠦᠭ ᠨᠢ 20 ᠰᠢᠬᠠᠮ ᠬᠦᠮᠤᠨ ᠲᠠᠢ᠂ ᠫᠤᠤ ᠵᠡᠪᠰᠡᠭ ᠲᠠᠢ᠃ ᠮᠤᠲ᠋ᠤᠷᠢᠨ ᠤ ᠪᠦᠯᠦᠭ ᠨᠢ 10 ᠰᠢᠬᠠᠮ ᠬᠦᠮᠤᠨ ᠲᠠᠢ᠃ ᠡᠳᠡᠭᠡᠷ ᠲᠡᠭᠡᠷᠡᠮ ᠤᠳ ᠬᠢᠨᠭ᠍ᠭᠠᠨ ᠤ ᠠᠷᠤ | ᠬᠦᠪᠴᠢ ᠬᠠᠨᠭ᠍ᠭᠠᠢ᠂ ᠬᠦᠨᠳᠡᠢ ᠵᠢᠯᠠᠭ᠎ᠠ ᠨᠤᠭᠤᠳ ᠢᠶᠠᠷ ᠪᠠᠶᠢᠷᠢᠯᠠᠨ ᠬᠡᠨᠡᠳᠳᠡ ᠭᠠᠷᠴᠤ ᠢᠷᠡᠨ ᠪᠤᠯᠢᠶᠠᠵᠤ ᠲᠡᠭᠡᠷᠡᠮᠳᠡᠬᠦ ᠪᠤᠶᠤ ᠵᠠᠬ᠎ᠠ ᠦᠵᠤᠭᠦᠷ ᠤᠨ ᠵᠠᠷᠢᠮ | ᠲᠤᠰᠢᠶᠠᠯᠳᠠᠨ ᠢ ᠪᠠᠷᠢᠵᠤ᠂ ᠪᠠᠷᠢᠶᠠᠰᠤ ᠪᠤᠯᠭᠠᠨ ᠬᠤᠭᠤᠴᠠᠭ᠎ᠠ ᠲᠤᠭᠳᠠᠭᠠᠨ ᠡᠳᠤᠢ ᠲᠡᠳᠤᠢ ᠮᠤᠷᠢ ᠦᠬᠡᠷ᠂ ᠬᠤᠨᠢ ᠪᠤᠶᠤ ᠬᠤᠪᠴᠠᠰᠤ ᠬᠤᠨᠠᠷ ᠵᠡᠷᠭᠡ ᠶᠢ ᠠᠪᠤᠨ᠎ᠠ | ᠬᠡᠮᠡᠨ ᠱᠠᠭᠠᠷᠳᠠᠬᠤ ᠮᠡᠳᠤ ᠶᠢᠨ ᠶᠠᠪᠤᠳᠠᠯ ᠤᠳ ᠭᠠᠷᠳᠠᠭ ᠪᠠᠶᠢᠭᠰᠠᠨ ᠶᠤᠮ᠃ ᠡᠶᠢᠮᠤ ᠠᠴᠠ ᠬᠦᠮᠤᠰ ᠲᠡᠳᠡᠨ ᠠᠴᠠ ᠠᠶᠤᠬᠤ ᠪᠦᠭᠡᠳ ᠠᠯᠢ ᠪᠤᠯᠬᠤ ᠪᠠᠷ | ᠰᠡᠷᠭᠡᠶᠢᠯᠡᠳᠡᠭ ᠪᠠᠶᠢᠪᠠ᠃ ᠡᠳᠡᠭᠡᠷ ᠢ ᠰᠡᠷᠭᠡᠶᠢᠯᠡᠬᠦ ᠨᠢ ᠠᠮᠤᠷ ᠢ ᠬᠠᠮᠠᠭᠠᠯᠠᠬᠤ ᠠᠩᠭᠢ ᠮᠧᠶ᠋ᠢᠨ ᠬᠡᠮᠡᠬᠦ ᠶᠢᠨ ᠴᠢᠬᠤᠯᠠ ᠨᠢᠭᠡ ᠡᠭᠦᠷᠭᠡ ᠪᠠᠶᠢᠪᠠ᠃ ᠡᠨᠡ ᠬᠦ ᠤᠷᠤᠰ | ᠲᠡᠭᠡᠷᠡᠮᠴᠢᠳ ᠬᠡᠮᠡᠬᠦ ᠨᠢ ᠶᠡᠷᠤ ᠠᠴᠠ ᠬᠤᠯᠠᠭᠠᠢ ᠲᠡᠭᠡᠷᠡᠮ ᠢᠶᠠᠷ ᠠᠮᠢᠳᠤᠷᠠᠨ᠎ᠠ ᠭᠡᠰᠡᠨ ᠲᠦᠷᠤᠯᠬᠢ ᠵᠤᠷᠢᠯᠭᠠᠳᠠᠨ ᠪᠤᠰᠤ᠂ ᠬᠠᠷᠢᠨ ᠤᠷᠤᠰ ᠤᠨ ᠪᠤᠯᠱᠸᠧᠡᠭ ᠨᠠᠮ ᠢ | ᠡᠰᠡᠷᠭᠦᠴᠡᠭᠰᠡᠨ ᠠᠳ᠋ᠮᠠᠨ ᠰᠢᠮᠢᠶᠤᠨᠤᠸ᠋ ᠤᠨ ᠴᠡᠷᠢᠭ ᠤᠨ ᠪᠤᠳᠠᠷᠠᠭᠰᠠᠨ ᠰᠠᠯᠪᠤᠷᠢ ᠨᠤᠭᠤᠳ ᠪᠦᠭᠡᠳ ᠤᠯᠤᠰ ᠲᠦᠷᠤ ᠶᠢᠨ ᠲᠠᠯ᠎ᠠ ᠪᠠᠷ ᠴᠠᠭᠠᠨᠳᠠᠨ ᠤ ᠪᠦᠯᠦᠭ ᠤᠳ | ᠪᠠᠶᠢᠵᠤ᠂ ᠭᠤᠴᠢᠭᠠᠳ ᠤᠨ ᠤ ᠡᠬᠢᠨ ᠳᠤ ᠶᠠᠫᠤᠨ ᠤ ᠡᠵᠡᠷᠭᠡᠭᠴᠢᠳ ᠤᠨ ᠤᠷᠤᠵᠤ ᠢᠷᠡᠬᠦ ᠶᠢ ᠲᠠᠭᠠᠯᠳᠤᠨ ᠠᠶᠠᠨᠳᠠᠭᠠᠨ ᠪᠤᠳᠠᠷᠠᠨ ᠰᠠᠷᠨᠢᠵᠤ ᠭᠤᠷᠪᠠᠨ ᠭᠤᠤᠯ | ᠲᠠᠭᠠᠤ ᠤᠷᠤᠰ ᠲᠤᠰᠬᠤᠨ ᠨᠤᠭᠤᠳ ᠪᠤᠯᠤᠨ ᠲᠡᠮᠤᠷ ᠵᠠᠮ ᠲᠠᠭᠠᠤ ᠰᠠᠭᠤᠭᠰᠠᠨ ᠤᠷᠤᠰ ᠤᠳ ᠤᠨ ᠲᠤᠳᠤᠷ᠎ᠠ ᠤᠷᠤᠵᠤ ᠤᠷᠤ ᠮᠦᠷ ᠦᠭᠡᠢ ᠪᠤᠯᠤᠭᠰᠠᠨ ᠪᠠᠶᠢᠨ᠎ᠠ᠃ | |