ᠮᠠᠨ ᠤ ᠤᠷᠤᠨ ᠤ ᠡᠯ᠎ᠠ ᠭᠠᠵᠠᠷ ᠤᠨ ᠤᠷᠤᠨ ᠤ ᠠᠮᠲᠠᠲᠤ ᠢᠳᠡᠭᠡᠨ ᠤᠮᠳᠠᠭᠠᠨ
ᠨᠡᠶᠢᠲᠡᠯᠡᠭᠰᠡᠨ ᠴᠠᠭ᠄
2019/4/8
     ᠦᠪᠦᠷ ᠮᠤᠩᠭᠤᠯ ᠪᠤᠯ ᠨᠤᠲᠤᠭ ᠳᠡᠪᠢᠰᠭᠡᠷ ᠦᠷᠬᠡᠨ ᠠᠭᠤᠳᠠᠮ ᠪᠦᠭᠡᠳ ᠤᠯᠠᠨ ᠦᠨᠳᠦᠰᠦᠲᠡᠨ ᠳᠦᠪᠯᠡᠷᠡᠭᠰᠡᠨ ᠴᠦᠬᠡᠨ ᠳᠤᠭᠠᠳᠤ ᠦᠨᠳᠦᠰᠦᠳᠡᠨ ᠤ ᠦᠪᠡᠷᠳᠡᠬᠡᠨ ᠵᠠᠰᠠᠬᠤ ᠤᠷᠤᠨ᠂ ᠮᠦᠨᠴᠤ ᠦᠨᠳᠦᠰᠦᠲᠡᠨ ᠤ ᠦᠪ ᠰᠤᠶᠤᠯ ᠪᠠ ᠵᠠᠩ ᠵᠠᠩᠰᠢᠯ ᠢᠶᠠᠷ ᠦᠳᠬᠡᠨ ᠵᠤᠵᠠᠭᠠᠨ ᠤᠷᠤᠨ ᠪᠤᠯᠤᠨ᠎ᠠ᠃ ᠦᠪᠦᠷ ᠮᠤᠩᠭᠤᠯ ᠤᠷᠤᠨ ᠤ ᠠᠮᠲᠠᠲᠤ ᠢᠳᠡᠭᠡᠨ ᠤᠮᠳᠠᠭᠠᠨ ᠴᠤ ᠮᠠᠨ ᠤ ᠤᠷᠤᠨ ᠤ ᠪᠠᠨ ᠤᠨᠴᠠᠯᠢᠭ ᠰᠢᠨᠵᠢ ᠶᠢ ᠬᠠᠷᠠᠭᠤᠯᠤᠠ᠂ ᠨᠤᠲᠤᠭ ᠨᠤᠲᠤᠭ ᠤᠨ ᠤᠨᠴᠠᠯᠢᠭ᠂ ᠭᠠᠵᠠᠷ ᠭᠠᠵᠠᠷ ᠤᠨ ᠦᠡᠭᠭᠡ ᠪᠠᠷ ᠢᠶᠠᠨ ᠢᠯᠭᠠᠷᠠᠨ ᠰᠤᠯᠤᠩᠭᠠᠷᠠᠵᠦ᠂ ᠦᠪᠦᠷ ᠮᠤᠩᠭᠤᠯ ᠤᠨ ᠢᠶᠠᠨ ︽ᠨᠠᠷ᠎ᠠ ᠶᠢᠨ ᠬᠠᠭᠤᠳᠠᠰᠤ︾ ᠪᠤᠯᠵᠤ᠂ ᠬᠤᠷᠸ᠎ᠠ ᠳᠤ ᠠᠯᠳᠠᠷᠰᠢᠵᠤ ᠪᠠᠶᠢᠨᠠᠮ᠃      1. ᠬᠦᠬᠡᠬᠤᠲᠠ ᠶᠢᠨ ᠱᠤᠤᠮᠠᠢ      ᠬᠦᠬᠡᠬᠤᠲᠠ ᠶᠢᠨ ᠱᠤᠤᠮᠠᠢ ᠪᠤᠯ ᠬᠡᠯᠪᠡᠷᠢ ᠳᠦᠷᠰᠦ ᠨᠢ ᠠᠨᠠᠷ ᠵᠢᠮᠢᠰ ᠰᠢᠭ᠂ ᠦᠡᠭᠭᠡ ᠨᠢ ᠳᠤᠩ ᠴᠠᠭᠠᠨ ᠪᠦᠭᠡᠳ ᠭᠡᠭᠡᠨ ᠲᠤᠩᠭᠠᠯᠠᠭ᠃ ᠶᠤᠸᠠᠨ ᠤᠯᠤᠰ ᠤᠨ ᠦᠶ᠎ᠠ ᠠᠴᠠ ᠪᠤᠢ ᠪᠤᠯᠵᠦ᠂ ᠤᠷᠲᠤ ᠤᠳᠠᠭᠠᠨ ᠲᠡᠤᠬᠡ ᠲᠠᠢ ᠮᠦᠷᠲᠡᠭᠡᠨ ᠨᠤᠲᠤᠭ ᠤᠷᠤᠨ ᠤ ᠦᠨᠦᠷ ᠠᠮᠲᠠ ᠲᠠᠢ ᠤᠬᠢ ᠢᠳᠡᠭᠡᠨ ᠪᠤᠯᠵᠤ ᠪᠤᠢ᠃ ᠡᠷᠲᠡᠨ ᠠᠴᠠ ᠠᠪᠤᠭᠠᠳ ᠤᠯᠠᠮᠵᠢᠯᠠᠭᠳᠠᠭᠰᠠᠨ ᠱᠤᠤᠮᠠᠢ ᠤᠳᠤᠬᠠᠨ ᠳᠤ ᠤᠯᠠᠮᠵᠢᠯᠠᠯᠲᠤ ᠠᠮᠲᠠᠲᠤ ᠢᠳᠡᠭᠡᠨ ᠤ ᠨᠢᠭᠡ ᠪᠤᠯᠪᠠ᠃ ᠠᠯᠢ ᠡᠷᠲᠡ ᠴᠢᠩ ᠤᠯᠤᠰ ᠤᠨ ᠦᠶ᠎ᠠ ᠳᠤ᠂ ᠬᠦᠬᠡᠬᠤᠲᠠ ᠤᠷᠤᠨ ᠤ ᠱᠤᠤᠮᠠᠢ ᠪᠡᠭᠡᠵᠢᠩ ᠬᠤᠲᠠ ᠳᠤ ᠠᠯᠳᠠᠷ ᠨᠡᠷ᠎ᠠ ᠮᠠᠨᠳᠤᠵᠤ᠂ ᠪᠡᠭᠡᠵᠢᠩ ᠤᠨ ᠡᠮᠦᠨ᠎ᠠ ᠬᠠᠭᠠᠯᠭ᠎ᠠ ᠤᠷᠴᠢᠮ ᠤᠨ ᠱᠤᠤᠮᠠᠢ ᠶᠢᠨ ᠭᠤᠸᠠᠩᠵᠠ ᠶᠢᠨ ᠡᠭᠦᠳᠡᠨ ᠡᠮᠦᠨ᠎ᠠ ︽ᠭᠦᠢ ᠰᠦᠢ ᠱᠤᠤᠮᠠᠢ︾ ᠭᠡᠬᠦ ᠦᠰᠦᠭ ᠲᠠᠢ ᠫᠠᠶᠢᠰᠠ ᠡᠯᠭᠦᠭᠳᠡᠵᠦ ᠪᠠᠶᠢᠭᠰᠠᠨ ᠲᠡᠤᠬᠡ ᠲᠠᠢ᠃ ᠱᠤᠤᠮᠠᠢ ᠬᠢᠬᠦ ᠤᠷ᠎ᠠ ᠮᠡᠷᠭᠡᠵᠢᠯ ᠡᠲᠡᠭᠡᠳ ᠤᠨᠴᠠᠭᠠᠢ᠂ ᠲᠦᠭᠦᠬᠡᠢ ᠮᠠᠲ᠋ᠧᠷᠢᠶᠠᠯ ᠰᠤᠩᠭᠤᠬᠤ ᠨᠢ ᠴᠤ ᠨᠠᠷᠢᠨ ᠨᠢᠭᠳᠠ᠂ ᠭᠠᠳᠠᠷ ᠬᠠᠯᠢᠰᠤ ᠨᠢ ᠨᠢᠮᠭᠡᠨ ᠮᠦᠷᠲᠡᠭᠡᠨ ᠨᠠᠷᠢᠯᠢᠭ᠂ ᠬᠤᠨᠢᠨ ᠤ ᠲᠠᠷᠭᠤᠨ ᠪᠤᠯᠤᠨ ᠬᠠᠷ᠎ᠠ ᠮᠢᠬ᠎ᠠ ᠶᠢ ᠬᠢᠬᠦ ᠨᠢ ᠲᠤᠬᠢᠷᠠᠮᠵᠢᠲᠠᠢ᠂ ᠰᠤᠩᠭᠢᠨ᠎ᠠ ᠭᠠ ᠵᠡᠷᠭᠡ ᠠᠮᠲᠠ ᠶᠢᠨ ᠤᠬᠢ ᠪᠦᠷᠢᠨ᠂ ᠵᠢᠩᠨᠡᠭᠦᠷ ᠠᠴᠠ ᠠᠪᠴᠤ ᠭᠠᠷᠭᠠᠬᠤ ᠳᠤ ᠬᠠᠯᠠᠭᠤᠨ ᠠᠭᠤᠷ ᠰᠡᠪᠰᠡᠯᠵᠡᠭᠦᠯᠦᠨ ᠰᠤᠳᠤᠨ ᠠᠩᠭᠢᠯᠤᠮ᠎ᠠ ᠪᠠᠶᠢᠵᠦ᠂ ᠠᠮᠲᠠᠲᠠᠢ ᠮᠦᠷᠲᠡᠭᠡᠨ ᠱᠠᠩᠳᠠᠭᠤᠨ ᠪᠢᠰᠢ ᠪᠠᠶᠢᠳᠠᠭ᠃
           2. ᠮᠤᠷᠢᠨᠳᠠᠪᠠᠭ᠎ᠠ ᠶᠢᠨ ᠳᠠᠭᠤᠷ ᠦᠨᠳᠦᠰᠦᠲᠡᠨ ᠤ ᠦᠪᠡᠷᠲᠡᠭᠡᠨ ᠵᠠᠰᠠᠬᠤ ᠬᠤᠰᠢᠭᠤᠨ ᠤ ᠰᠢᠷ᠎ᠠ ᠦᠵᠦᠮ ᠮᠠᠨ ᠤ ᠤᠷᠤᠨ ᠤ ᠬᠦᠮᠦᠨ ᠠᠮᠠ ᠪᠠᠷ ᠴᠦᠬᠡᠨ ᠭᠤᠷᠪᠠᠨ ᠴᠦᠬᠡᠨ ᠲᠤᠭᠠᠲᠤ ᠦᠨᠳᠦᠰᠦᠲᠡᠨ ᠤ ᠨᠢᠭᠡ ᠪᠤᠯᠬᠤ ᠮᠤᠷᠢᠨᠳᠠᠪᠠᠭ᠎ᠠ ᠶᠢᠨ ᠳᠠᠭᠤᠷ ᠦᠨᠳᠦᠰᠦᠲᠡᠨ ᠤ ᠦᠪᠡᠷᠲᠡᠭᠡᠨ ᠵᠠᠰᠠᠬᠤ ᠬᠤᠰᠢᠭᠤ ᠪᠤᠯ ︽ᠰᠢᠷ᠎ᠠ ᠦᠵᠦᠮ︾ ᠤᠨ ᠨᠤᠲᠤᠭ ᠭᠡᠬᠦ ᠰᠠᠶᠢᠬᠠᠨ ᠠᠯᠳᠠᠷ ᠲᠠᠢ᠃ ᠰᠢᠷ᠎ᠠ ᠦᠵᠦᠮ ᠢ ᠪᠠᠰᠠ ︽ᠬᠡᠮᠡᠷᠯᠢᠭ ᠳ᠋ᠸᠡᠭᠯᠦ︾ ᠭᠡᠵᠦ ᠨᠡᠷᠡᠯᠡᠳᠡᠭ᠃ ᠬᠠᠰᠢ ᠶᠢᠨ ᠲᠦᠷᠦᠯ ᠤᠨ ᠤᠯᠠᠨ ᠨᠠᠰᠤᠲᠤ ᠡᠪᠡᠰᠦᠯᠢᠭ ᠤᠷᠭᠤᠮᠠᠯ ᠪᠤᠯᠤᠨ᠎ᠠ᠃ ᠢᠰᠭᠦᠯᠠᠩ ᠮᠦᠷᠲᠡᠭᠡᠨ ᠰᠢᠬᠢᠷᠯᠢᠭ ᠠᠮᠲᠠ ᠲᠠᠢ᠂ ᠬᠠᠯᠠᠭᠤᠨ ᠢ ᠬᠦᠭᠡᠭᠡᠵᠦ ᠬᠤᠤᠷ ᠢ ᠲᠠᠶᠢᠯᠬᠤ᠂ ᠬᠠᠨᠢᠶᠠᠬᠤ ᠶᠢ ᠵᠤᠭᠰᠤᠭᠠᠵᠦ ᠬᠤᠭᠤᠯᠠᠢ ᠶᠢ ᠨᠤᠷᠭᠠᠬᠤ ᠦᠢᠯᠡᠳᠦᠯ ᠲᠠᠢ᠃ ᠰᠢᠷ᠎ᠠ ᠦᠵᠦᠮ ᠳᠤᠮᠳᠠᠳᠤ ᠤᠯᠤᠰ ᠤᠨ ᠡᠯ᠎ᠠ ᠭᠠᠵᠠᠷ ᠤᠨ ᠠᠭᠤᠯᠠᠷᠬᠠᠭ ᠤᠷᠤᠨ ᠳᠤ ᠴᠦᠮ ᠤᠷᠭᠤᠳᠠᠭ ᠪᠤᠯᠪᠠᠴᠤ ᠵᠡᠭᠦᠨ ᠬᠤᠶᠢᠲᠤ ᠤᠷᠤᠨ ᠳᠤ ᠬᠠᠮᠤᠭ ᠤᠨ ᠠᠷᠪᠢᠨ ᠤᠷᠭᠤᠳᠠᠭ᠃
     3. ᠠᠤᠬᠠᠨ ᠬᠤᠰᠢᠭᠤᠨ ᠤ ᠨᠠᠷᠢᠮᠦ      ᠠᠤᠬᠠᠨ ᠬᠤᠰᠢᠭᠤ ᠪᠤᠯ ᠳᠡᠯᠡᠬᠡᠢ ᠶᠢᠨ ᠨᠠᠷᠢᠮᠦ ᠶᠢᠨ ᠭᠠᠷᠤᠯᠳᠠ ᠶᠢᠨ ᠤᠷᠤᠨ ᠪᠤᠯᠤᠨ᠎ᠠ᠃ ᠲᠤᠰ ᠭᠠᠵᠠᠷ ᠠᠴᠠ ᠬᠠᠭᠤᠴᠢ ᠰᠤᠳᠤᠯᠤᠯ ᠤᠨ ᠡᠷᠳᠡᠮᠲᠡᠳ 8000 ᠵᠢᠯ ᠲᠡᠤᠬᠡ ᠲᠠᠢ ᠨᠠᠷᠢᠮᠦ ᠶᠢ ᠢᠯᠡᠷᠡᠭᠦᠯᠵᠦ᠂ ᠠᠤᠬᠠᠨ ᠬᠤᠰᠢᠭᠤ ᠮᠠᠨ ᠤ ᠤᠯᠤᠰ ᠤᠨ ᠬᠠᠭᠤᠷᠠᠢ ᠲᠠᠷᠢᠶᠠᠯᠠᠭ᠎ᠠ ᠶᠢᠨ ᠭᠠᠷᠤᠯᠳᠠ ᠶᠢᠨ ᠤᠷᠤᠨ ᠢᠶᠠᠷ ᠦᠯᠦ ᠪᠠᠷᠠᠮ᠂ ᠠᠽᠢᠶ᠎ᠠ ᠡᠸᠦ᠋ᠷᠦᠫᠡ ᠶᠢᠨ ᠡᠬᠡ ᠬᠠᠭᠤᠷᠠᠢ ᠶᠢᠨ ᠬᠠᠭᠤᠷᠠᠢ ᠲᠠᠷᠢᠶᠠᠯᠠᠭ᠎ᠠ ᠶᠢᠨ ᠭᠠᠷᠤᠯᠳᠠ ᠶᠢᠨ ᠤᠷᠤᠨ ᠭᠡᠳᠡᠭ ᠢ ᠪᠠᠲᠤᠯᠠᠭᠰᠠᠨ ᠪᠠᠶᠢᠨ᠎ᠠ᠃ ᠠᠤᠬᠠᠨ ᠬᠤᠰᠢᠭᠤᠨ ᠤ ᠨᠠᠷᠢᠮᠦ ᠳᠤ ᠬᠦᠮᠦᠨ ᠤ ᠪᠡᠶ᠎ᠠ ᠳᠤ ᠬᠡᠷᠡᠭᠰᠡᠳᠡᠭ ᠰᠢᠪᠲᠤᠷᠲᠤ ᠬᠦᠴᠢᠯ᠂ ᠺᠠᠯᠼ᠂ ᠹᠤᠰᠹᠤᠷ᠂ ᠲᠡᠮᠤᠷ ᠵᠡᠷᠭᠡ ᠪᠢᠴᠢᠯ ᠡᠯᠧᠮᠧᠨ᠋ᠲ ᠠᠭᠤᠯᠤᠭᠳᠠᠵᠦ᠂ ᠰᠢᠮ᠎ᠠ ᠲᠡᠵᠢᠭᠡᠯ ᠡᠯᠪᠡᠭ᠂ ᠴᠢᠨᠠᠷ ᠰᠠᠶᠢᠨ ᠮᠦᠷᠲᠡᠭᠡᠨ ᠠᠩᠬᠢᠯᠤᠮ᠎ᠠ ᠦᠨᠦᠷ ᠲᠠᠢ ᠪᠦᠭᠡᠳ ᠢᠳᠡᠬᠦ ᠳᠤ ᠠᠮᠲᠠᠲᠠᠢ ᠪᠠᠶᠢᠳᠠᠭ᠃ ᠨᠠᠷᠢᠮᠦ ᠪᠤᠯ ᠢᠳᠡᠰᠢ ᠶᠢ ᠲᠡᠭᠰᠢᠯᠡᠵᠦ᠂ ᠢᠳᠡᠭᠡᠨ ᠤ ᠳᠤᠷᠠᠰᠢᠯ ᠢ ᠨᠡᠮᠡᠭᠳᠡᠭᠦᠯᠳᠡᠭ ᠰᠠᠶᠢᠨ ᠢᠳᠡᠭᠡᠨ ᠪᠤᠯᠤᠨ᠎ᠠ᠃ ᠠᠯᠲᠠᠨ ᠰᠢᠷᠭᠠᠯ ᠦᠡᠭᠭᠡ ᠲᠠᠢ ᠨᠠᠷᠢᠮᠦᠨ ᠪᠤᠳᠠᠭᠠᠨ ᠰᠦᠮᠦᠰᠦ ᠨᠢ ᠵᠢᠷᠮᠤᠰᠤᠨ ᠬᠤᠭᠤᠴᠠᠭᠠᠨ ᠳᠠᠬᠢ ᠡᠮᠡᠭᠲᠠᠶᠢᠴᠤᠳ ᠲᠤ ᠮᠠᠰᠢ ᠲᠤᠬᠢᠷᠠᠬᠤ ᠪᠦᠭᠡᠳ ᠬᠦᠡᠭᠭᠡᠵᠢᠭᠰᠡᠨ ᠤ ᠳᠠᠷᠠᠭ᠎ᠠ ᠰᠢᠮ᠎ᠠ ᠲᠡᠵᠢᠭᠡᠯ ᠨᠦᠬᠦᠪᠦᠷᠢᠯᠡᠬᠦ ᠮᠠᠰᠢ ᠰᠠᠶᠢᠨ ᠪᠦᠳᠦᠭᠦᠯᠢᠭ ᠠᠮᠤ ᠪᠤᠯᠤᠨ᠎ᠠ᠃
     4. ᠬᠦᠷᠢᠶ᠎ᠠ ᠬᠤᠰᠢᠭᠤᠨ ᠤ ᠰᠠᠭᠠᠭ ᠤᠨ ᠭᠤᠯᠢᠷ      ᠬᠦᠷᠢᠶ᠎ᠠ ᠬᠤᠰᠢᠭᠤ ᠶᠢ ︽ᠳᠤᠮᠳᠠᠳᠤ ᠤᠯᠤᠰ ᠤᠨ ᠰᠠᠭᠠᠭ ᠤᠨ ᠰᠤᠶᠤᠯ ᠤᠨ ᠨᠤᠲᠤᠭ︾ ᠭᠡᠳᠡᠭ᠃ ᠬᠦᠷᠢᠶ᠎ᠠ ᠬᠤᠰᠢᠭᠤ 1000 ᠭᠠᠷᠤᠢ ᠵᠢᠯ ᠰᠠᠭᠠᠭ ᠲᠠᠷᠢᠵᠦ ᠤᠷᠭᠤᠭᠤᠯᠤᠭᠰᠠᠨ ᠲᠡᠤᠬᠡ ᠲᠠᠢ᠃ ᠤᠨᠴᠠᠭᠠᠢ ᠠᠭᠤᠷ ᠠᠮᠢᠰᠬᠤᠯ ᠤᠨ ᠨᠦᠬᠦᠴᠡᠯ᠂ ᠬᠦᠷᠦᠰᠦ ᠰᠢᠷᠤᠢ ᠶᠢᠨ ᠪᠠᠶᠢᠳᠠᠯ ᠨᠢ ᠬᠦᠷᠢᠶ᠎ᠠ ᠶᠢᠨ ᠰᠠᠭᠠᠭ ᠤᠨ ᠠᠮᠲᠠᠯᠢᠭ᠂ ᠰᠢᠮ᠎ᠡ ᠲᠡᠵᠢᠭᠡᠯ ᠰᠠᠶᠢᠲᠠᠢ ᠤᠨᠴᠠᠯᠢᠭ ᠢ ᠪᠦᠷᠢᠯᠳᠦᠭᠦᠯᠵᠦ᠂ ᠳᠡᠯᠡᠬᠡᠢ ᠨᠠᠶᠢᠭᠡᠮ ᠤᠨ ᠮᠡᠳᠡᠷᠡᠭᠰᠡᠨ ᠰᠠᠭᠠᠭ ᠲᠠᠷᠢᠵᠦ ᠤᠷᠭᠤᠭᠤᠯᠬᠤ ︽ᠠᠯᠲᠠᠨ ᠪᠦᠰᠡ︾ ᠪᠤᠯᠤᠭᠰᠠᠨ ᠪᠠᠶᠢᠨ᠎ᠠ᠃ ᠬᠦᠷᠢᠶ᠎ᠠ ᠰᠠᠭᠠᠭ ᠤᠨ ᠭᠤᠯᠢᠷ ᠨᠢ ᠨᠠᠷᠢᠯᠢᠭ᠂ ᠦᠡᠭᠭᠡ ᠨᠢ ᠴᠠᠭᠠᠨ᠂ ᠤᠭᠤᠷᠠᠭ ᠪᠤᠯᠤᠨ ᠤᠯᠠᠨ ᠵᠦᠢᠯ ᠤᠨ ᠸᠢᠲ᠋ᠠᠮᠢᠨ᠂ ᠴᠠᠷᠳᠠᠭᠤᠯ ᠤᠨ ᠠᠭᠤᠯᠤᠭᠳᠠᠴᠠ ᠦᠨᠳᠦᠷ ᠵᠡᠷᠭᠡ ᠤᠨᠴᠠᠯᠢᠭ ᠢᠶᠠᠷ ᠢᠶᠠᠨ ᠤᠯᠤᠰ ᠤᠨ ᠲᠤᠲᠤᠭᠠᠳᠤ ᠭᠠᠳᠠᠭᠠᠳᠤ ᠳᠤ ᠠᠯᠳᠠᠷᠰᠢᠪᠠ᠃ ᠰᠠᠭᠠᠭ ᠨᠢ ᠨᠢᠭᠡ ᠵᠦᠢᠯ ᠤᠨ ᠪᠦᠳᠦᠭᠦᠯᠢᠭ ᠠᠮᠤ ᠪᠤᠯᠤᠭᠰᠠᠨ ᠤ ᠬᠤᠪᠢ ᠳᠤ ᠴᠢᠰᠤᠨ ᠰᠤᠳᠠᠯ ᠢ ᠵᠦᠭᠡᠯᠡᠷᠡᠭᠦᠯᠬᠦ᠂ ᠴᠢᠰᠤᠨ ᠤ ᠦᠭᠡᠬᠦ ᠪᠤᠯᠤᠨ ᠰᠦᠰᠦᠨ ᠤ ᠭᠤᠨᠠᠨ ᠠᠯᠺᠤᠤᠯ ᠢ ᠳᠤᠷᠤᠭᠰᠢᠯᠠᠭᠤᠯᠬᠤ ᠴᠢᠳᠠᠮᠵᠢ ᠲᠠᠢ᠂ ᠵᠢᠷᠦᠬᠡ ᠴᠢᠰᠤᠨ ᠰᠤᠳᠠᠯ ᠤᠨ ᠡᠪᠡᠳᠴᠢᠨ᠂ ᠴᠢᠰᠤᠨ ᠳᠠᠷᠤᠯᠲᠠ ᠦᠨᠳᠦᠷ ᠡᠪᠡᠳᠴᠢᠨ᠂ ᠰᠢᠬᠢᠷ ᠰᠢᠵᠢᠩ ᠡᠪᠡᠳᠴᠢᠨ ᠢ ᠰᠡᠷᠭᠡᠶᠢᠯᠡᠬᠦ ᠦᠢᠯᠡᠳᠦᠯ ᠲᠠᠢ᠃ ᠰᠠᠭᠠᠭ ᠤᠨ ᠭᠤᠯᠢᠷ ᠤᠨ ᠡᠾᠧᠯᠧ᠂ ᠰᠠᠭᠠᠭ ᠤᠨ ᠭᠤᠯᠢᠷ ᠤᠨ ᠱᠠᠯᠪᠢᠡᠭ᠂ ᠰᠠᠭᠠᠭ ᠤᠨ ᠭᠤᠯᠢᠷ ᠤᠨ ᠪᠤᠤᠪᠤ ᠵᠡᠷᠭᠡ ᠬᠡᠳᠦᠨ ᠠᠷᠪᠠᠨ ᠵᠦᠢᠯ ᠤᠨ ᠰᠠᠭᠠᠭ ᠤᠨ ᠭᠤᠯᠢᠷ ᠤᠨ ᠤᠯᠠᠮᠵᠢᠯᠠᠯᠲᠤ ᠬᠢᠬᠦ ᠠᠷᠭ᠎ᠠ ᠶᠢᠨ ᠰᠠᠭᠤᠷᠢᠨ ᠳᠡᠭᠡᠷ᠎ᠠ ᠰᠠᠭᠠᠭ ᠤᠨ ᠭᠤᠸᠠᠮᠢᠶᠠᠨ᠂ ᠰᠠᠭᠠᠭ ᠤᠨ ᠴᠠᠢ᠂ ᠰᠠᠭᠠᠭ ᠤᠨ ᠤᠮᠳᠠᠭᠠᠨ ᠵᠡᠷᠭᠡ ᠠᠮᠲᠠᠲᠤ ᠢᠳᠡᠭᠡᠨ ᠤᠮᠳᠠᠭᠠᠨ ᠢ ᠤᠯᠠᠨ ᠠᠷᠪᠢᠨ ᠰᠤᠳᠤᠯᠤᠨ ᠦᠢᠯᠡᠳᠪᠦᠷᠢᠯᠡᠵᠦ ᠪᠤᠢ᠃
     5. ᠠᠪᠠᠭ᠎ᠠ ᠬᠤᠰᠢᠭᠤᠨ ᠤ ᠴᠡᠭᠡ      ᠴᠡᠭᠡ ᠪᠤᠯ ᠮᠤᠩᠭᠤᠯ ᠲᠦᠮᠡᠨ ᠤ ᠡᠷᠲᠡ ᠤᠵᠠᠭᠤᠷ ᠠᠴᠠ ᠪᠠᠨ ᠳᠡᠭᠡᠳᠦᠯᠡᠭᠰᠡᠭᠡᠷ ᠢᠷᠡᠭᠰᠡᠨ ᠭᠡᠭᠦᠦ ᠶᠢᠨ ᠰᠦ ᠪᠠᠷ ᠢᠰᠭᠡᠳᠡᠭ ᠠᠷᠢᠬᠢᠨ ᠤ ᠲᠦᠷᠦᠯ ᠪᠤᠯᠬᠤ ᠶᠤᠮ᠃ ᠴᠡᠭᠡ ᠰᠤᠷᠭᠤᠭ ᠰᠠᠶᠢᠬᠠᠨ ᠠᠮᠳᠠᠳᠠᠢ᠂ ᠰᠡᠷᠢᠭᠦᠨ ᠴᠢᠨᠠᠷᠳᠠᠢ ᠪᠦᠬᠡᠳ ᠤᠮᠳᠠ ᠳᠠᠷᠤᠳᠠᠭ᠂ ᠮᠠᠯᠴᠢᠨ ᠲᠦᠮᠡᠨ ᠤ ᠬᠦᠨᠳᠦᠲᠤ ᠵᠤᠴᠢᠨ ᠢᠶᠠᠨ ᠳᠠᠶᠢᠯᠠᠬᠤ ᠳᠤ ᠲᠤᠰᠬᠠᠢᠢᠯᠠᠨ ᠪᠡᠯᠡᠳᠭᠡᠭᠰᠡᠨ ᠬᠦᠢᠲᠡᠨ ᠤᠮᠳᠠᠭᠠᠨ ᠤ ᠳᠡᠭᠡᠵᠢ ᠪᠤᠯᠤᠨ᠎ᠠ᠃ ᠴᠡᠭᠡ ᠨᠢ ᠭᠡᠭᠦᠦ ᠶᠢᠨ ᠰᠦ ᠶᠢ ᠦᠬᠡᠷ ᠬᠤᠨᠢᠨ ᠤ ᠲᠦᠭᠦᠬᠡᠢ ᠠᠷᠠᠰᠤᠨ ᠳᠤ ᠪᠦᠷᠢᠵᠦ᠂ ᠨᠠᠷᠠᠨ ᠵᠦᠭ ᠬᠠᠨᠳᠤᠭᠤᠯᠤᠨ ᠡᠯᠭᠦᠵᠦ᠂ ᠲᠤᠰᠬᠠᠢ ᠵᠤᠬᠢᠶᠠᠭᠰᠠᠨ ᠨᠠᠷᠢᠨ ᠮᠤᠳᠤ ᠪᠠᠷ ᠡᠳᠤᠷ ᠪᠦᠷᠢ ᠲᠤᠭᠠᠯᠠᠨ ᠪᠦᠷᠢᠵᠦ ᠢᠰᠭᠡᠨ ᠪᠤᠯᠪᠠᠰᠤᠷᠠᠭᠤᠯᠵᠦ ᠬᠢᠳᠡᠭ ᠶᠤᠮ᠃ ᠴᠡᠭᠡ ᠨᠡᠭᠦᠷᠡᠰᠦᠬᠦ᠋ᠴᠢᠯ ᠤᠨ ᠬᠡᠢ᠂ ᠺᠠᠽᠠᠸᠢᠨ ᠪᠠ ᠡᠩ ᠤᠨ ᠤᠭᠤᠷᠠᠭ ᠤᠨ ᠪᠦᠯᠦᠭᠯᠡᠯ᠂ ᠤᠯᠠᠨ ᠲᠦᠷᠦᠯ ᠤᠨ ᠸᠢᠲ᠋ᠠᠮᠢᠨ᠂ ᠤᠭᠤᠷᠠᠭ ᠤᠨ ᠴᠢᠯᠦᠭᠡᠲᠦ ᠠᠮᠢᠨ ᠬᠦᠴᠢᠯ᠂ ᠡᠷᠤᠳᠡᠰᠦ᠂ ᠮᠢᠨᠧᠷᠡᠯ ᠪᠤᠳᠠᠰ᠂ ᠬᠠᠨᠤᠭᠰᠠᠨ ᠬᠠᠨᠤᠭ᠎ᠠ ᠦᠭᠡᠢ ᠦᠭᠡᠬᠦᠨ ᠬᠦᠴᠢᠯ᠂ ᠠᠷᠪᠠᠭᠠᠳ ᠵᠦᠢᠯ ᠤᠨ ᠠᠮᠢᠨᠣ᠋ ᠬᠦᠴᠢᠯ ᠵᠡᠷᠭᠡ ᠰᠢᠮ᠎ᠠ ᠲᠡᠵᠢᠭᠡᠯ ᠲᠠᠢ ᠪᠤᠳᠠᠰ ᠠᠭᠤᠯᠤᠭᠳᠠᠳᠠᠭ᠃ ᠦᠷᠭᠦᠯᠵᠢ ᠴᠡᠭᠡ ᠤᠤᠭᠤᠪᠠᠯ ᠪᠡᠶ᠎ᠠ ᠶᠢ ᠲᠦᠯᠵᠢᠭᠦᠯᠦᠨ᠂ ᠴᠢᠰᠤ ᠰᠢᠷ᠎ᠠ ᠶᠢᠨ ᠬᠠᠯᠠᠭᠤᠨ ᠢ ᠠᠷᠢᠯᠭᠠᠨ᠂ ᠮᠠᠬᠠᠪᠤᠳ ᠢ ᠲᠡᠭᠰᠢᠳᠭᠡᠬᠦ ᠦᠢᠯᠡᠳᠦᠯ ᠲᠠᠢ᠃ ᠴᠢᠰᠤᠨ ᠳᠠᠷᠤᠯᠲᠠ ᠦᠨᠳᠦᠷ ᠡᠪᠡᠳᠴᠢᠨ᠂ ᠰᠤᠳᠠᠯ ᠤᠨ ᠬᠠᠲᠠᠭᠤᠷᠠᠯ᠂ ᠡᠯᠢᠭᠡ ᠵᠢᠷᠦᠬᠡᠨ ᠡᠪᠡᠳᠴᠢᠨ᠂ ᠠᠭᠤᠰᠬᠢᠨ ᠰᠦᠷᠢᠶ᠎ᠠ᠂ ᠠᠭᠤᠰᠬᠢᠨ ᠬᠠᠪᠤᠳᠠᠷ᠂ ᠬᠤᠳᠤᠭᠤᠳᠤ ᠭᠡᠳᠡᠰᠦᠨ ᠤ ᠠᠷᠬᠠᠭ᠂ ᠴᠢᠰᠤᠨ ᠤ ᠦᠭᠡᠬᠦ ᠦᠨᠳᠦᠷ ᠡᠪᠡᠳᠴᠢᠨ᠂ ᠰᠢᠬᠢᠷ ᠰᠢᠵᠢᠩ ᠡᠪᠡᠳᠴᠢᠨ ᠢ ᠵᠠᠰᠠᠬᠤ ᠳᠤ ᠤᠨᠴᠠ ᠲᠤᠰᠠᠳᠠᠢ᠃ ᠡᠭᠦᠨ ᠠᠴᠠ ᠭᠠᠳᠠᠨ᠎ᠠ᠂ ᠴᠡᠭᠡ ᠳᠤ ᠪᠠᠰᠠ ᠪᠡᠯᠭᠡ ᠶᠢᠨ ᠰᠠᠶᠢᠵᠢᠷᠠᠯᠲᠠ ᠶᠢ ᠠᠬᠢᠭᠤᠯᠬᠤ᠂ ᠵᠢᠰᠤ ᠭᠤᠶᠤᠯᠠᠬᠤ ᠦᠢᠯᠡᠳᠦᠯ ᠲᠠᠢ ᠴᠤ ᠭᠡᠳᠡᠭ᠃ ᠴᠡᠭᠡ ᠶᠢ ᠪᠠᠰᠠ ︽ᠮᠤᠩᠭᠤᠯ ᠤᠨ ᠨᠠᠢᠮᠠᠨ ᠬᠤᠪᠤᠷ ᠡᠳ᠋︾ ᠤᠨ ᠨᠢᠭᠡ ᠨᠢ ᠮᠦᠨ ᠭᠡᠳᠡᠭ᠃ ᠠᠪᠠᠭ᠎ᠠ ᠬᠤᠰᠢᠭᠤᠨ ᠤ ᠰᠡᠩᠰᠠᠨ ᠬᠠᠷ᠎ᠠ ᠠᠳᠤᠭᠤᠨ ᠤ ᠴᠡᠭᠡ ᠨᠢ ᠰᠢᠮ᠎ᠠ ᠲᠡᠵᠢᠭᠡᠯ ᠦᠨᠳᠦᠷ ᠪᠦᠭᠡᠳ ᠬᠦᠮᠦᠨ ᠤ ᠪᠡᠶ᠎ᠠ ᠶᠢ ᠲᠦᠯᠵᠢᠭᠦᠯᠬᠦ ᠤᠬᠢ ᠰᠠᠶᠢᠨ ᠴᠢᠳᠠᠮᠵᠢ ᠦᠢᠯᠡᠳᠦᠯ ᠲᠠᠢ᠃
           6. ᠬᠦᠯᠦᠨ ᠪᠤᠶᠢᠷ ᠤᠨ ᠴᠢᠨᠠᠭᠰᠠᠨ ᠮᠢᠬ᠎ᠠ      ᠴᠢᠨᠠᠭᠰᠠᠨ ᠮᠢᠬ᠎ᠠ ᠪᠤᠯ ᠬᠦᠯᠦᠨ ᠪᠤᠶᠢᠷ ᠤᠨ ᠲᠠᠯ᠎ᠠ ᠨᠤᠲᠤᠭ ᠲᠠᠬᠢ ᠮᠤᠩᠭᠤᠯ᠂ ᠡᠸᠡᠩᠬᠢ᠂ ᠤᠷᠴᠤᠨ᠂ ᠳᠠᠭᠤᠷ ᠵᠡᠷᠭᠡ ᠨᠡᠭᠦᠳᠡᠯ ᠮᠠᠯᠵᠢᠯ᠂ ᠠᠡᠭ ᠠᠩᠨᠠᠯ ᠤᠨ ᠦᠨᠳᠦᠰᠦᠲᠡᠨ ᠤ ᠵᠠᠭᠤ ᠮᠢᠩᠭᠠᠨ ᠵᠢᠯ ᠤᠨ ᠲᠤᠷᠰᠢᠬᠢ ᠤᠯᠠᠮᠵᠢᠯᠠᠯᠲᠤ ᠤᠬᠢ ᠰᠠᠶᠢᠨ ᠢᠳᠡᠭᠡᠨ᠃ ᠬᠤᠨᠢ ᠢᠮᠠᠭ᠎ᠠ᠂ ᠦᠬᠡᠷ᠂ ᠮᠤᠷᠢ᠂ ᠲᠡᠮᠡᠭᠡ ᠵᠡᠷᠭᠡ ᠲᠡᠵᠢᠭᠡᠪᠦᠷᠢ ᠠᠮᠢᠲᠠᠨ ᠤ ᠮᠢᠬ᠎ᠠ ᠪᠤᠯᠤᠨ ᠬᠡᠭᠡᠷ᠎ᠠ ᠶᠢᠨ ᠠᠮᠢᠲᠠᠨ ᠤ ᠮᠢᠬ᠎ᠠ ᠶᠢ ᠴᠢᠨᠠᠵᠦ ᠪᠤᠯᠭᠤᠭᠰᠠᠨ ᠶᠠᠰᠤᠲᠠᠢ ᠮᠢᠬ᠎ᠠ ᠪᠤᠯᠤᠨ᠎ᠠ᠃ ᠤᠳᠤᠬᠠᠨ ᠳᠤ ᠤᠯᠠᠩᠬᠢ ᠳᠠᠭᠠᠨ ᠬᠤᠨᠢ ᠦᠬᠡᠷ ᠤᠨ ᠴᠢᠨᠠᠭᠰᠠᠨ ᠮᠢᠬ᠎ᠠ ᠶᠢ ᠵᠢᠭᠠᠳᠠᠭ᠃ ᠴᠢᠨᠠᠭᠰᠠᠨ ᠮᠢᠬ᠎ᠠ ᠪᠤᠯ ᠲᠠᠯ᠎ᠠ ᠶᠢᠨ ᠮᠠᠯᠴᠢᠳ ᠤᠨ ᠦᠷᠭᠦᠯᠵᠢ ᠢᠳᠡᠳᠡᠭ ᠮᠦᠷᠲᠡᠭᠡᠨ ᠬᠠᠮᠤᠭ ᠤᠨ ᠳᠤᠷᠠᠲᠠᠢ ᠢᠳᠡᠭᠡᠨ ᠤ ᠨᠢᠭᠡ ᠪᠤᠯᠬᠤ ᠪᠦᠬᠡᠳ ᠲᠡᠳᠡᠨᠡᠷ ᠤᠨ ᠭᠡᠶᠢᠴᠢᠨ ᠵᠤᠴᠢᠨ ᠢᠶᠠᠨ ᠵᠤᠴᠢᠯᠠᠬᠤ ᠤᠬᠢ ᠰᠠᠶᠢᠨ ᠢᠳᠡᠭᠡᠨ ᠪᠤᠯᠤᠨ᠎ᠠ᠃
     7. ᠵᠦᠸᠧᠽᠢ ᠰᠢᠶᠠᠨ ᠤ ᠤᠲᠤᠮᠠᠯ ᠲᠠᠬᠢᠶ᠎ᠠ      ᠤᠲᠤᠮᠠᠯ ᠲᠠᠬᠢᠶ᠎ᠠ ᠪᠤᠯ ᠤᠯᠠᠭᠠᠨᠴᠠᠪ ᠬᠤᠲᠠ ᠶᠢᠨ ᠵᠦᠸᠧᠽᠢ ᠰᠢᠶᠠᠨ ᠤ ᠤᠯᠠᠮᠵᠢᠯᠠᠯᠲᠤ ᠨᠡᠷᠡᠲᠤ ᠢᠳᠡᠭᠡᠨ᠃ ᠬᠢᠬᠦ ᠪᠤᠯᠤᠨ ᠪᠤᠯᠪᠠᠰᠤᠷᠠᠭᠤᠯᠬᠤ ᠠᠷᠭ᠎ᠠ ᠨᠢ ᠵᠠᠭᠤ ᠰᠢᠬᠠᠮ ᠵᠢᠯ ᠤᠨ ᠲᠡᠤᠬᠡ ᠲᠠᠢ᠃ ᠪᠦᠬᠦ ᠤᠯᠤᠰ ᠤᠨ ᠭᠤᠷᠪᠠᠨ ᠶᠡᠭᠡ ᠨᠡᠷᠡᠲᠤ ᠲᠠᠬᠢᠶ᠎ᠠ ᠶᠢᠨ ᠨᠢᠭᠡ ᠪᠤᠯᠤᠨ᠎ᠠ᠃ ᠲᠤᠮᠤ ᠪᠡᠶ᠎ᠠ ᠲᠠᠷᠭᠤᠨ ᠴᠤᠭᠴᠠ ᠲᠠᠢ᠂ ᠦᠡᠭᠭᠡ ᠨᠢ ᠡᠲᠡᠭᠡᠳ ᠭᠤᠶᠤ᠂ ᠦᠨᠦᠷ ᠠᠮᠲᠠ ᠰᠤᠷᠭᠤᠭ ᠰᠠᠶᠢᠬᠠᠨ᠂ ᠮᠢᠬᠠᠨ ᠤ ᠴᠢᠨᠠᠷ ᠨᠢ ᠨᠠᠷᠢᠨ ᠪᠤᠯᠪᠠᠷᠠᠢ ᠵᠦᠭᠡᠯᠡᠨ ᠢᠶᠠᠷ ᠢᠶᠠᠨ ᠠᠯᠳᠠᠷᠰᠢᠵᠠᠢ᠃
     8. ᠦᠬᠠᠢ ᠬᠤᠲᠠ ᠶᠢᠨ ᠱᠦᠯᠦ ᠲᠠᠢ ᠦᠬᠡᠷ ᠤᠨ ᠰᠡᠭᠦᠯ      ᠦᠪᠦᠷ ᠮᠤᠩᠭᠤᠯ ᠤᠨ ᠤᠯᠠᠮᠵᠢᠯᠠᠯᠲᠤ ᠦᠨᠦᠷ ᠠᠮᠲᠠ ᠲᠠᠢ ᠨᠡᠷᠡᠲᠤ ᠵᠠᠭᠤᠰᠢ᠂ ᠮᠦᠨᠴᠤ ᠦᠬᠠᠢ ᠤᠷᠤᠨ ᠤ ᠤᠨᠴᠠᠯᠢᠭᠲᠤ ᠨᠤᠭᠤᠭ᠎ᠠ ᠶᠢᠨ ᠨᠢᠬᠡ᠃ ᠦᠪᠦᠷ ᠮᠤᠩᠭᠤᠯ ᠤᠷᠤᠨ ᠤ ᠰᠢᠨ᠎ᠠ ᠰᠤᠷᠭᠤᠭ ᠦᠬᠡᠷ ᠤᠨ ᠰᠡᠭᠦᠯ ᠢᠶᠠᠷ ᠭᠤᠤᠯ ᠲᠦᠭᠦᠬᠡᠢ ᠮᠠᠲ᠋ᠧᠷᠢᠶᠠᠯ ᠪᠤᠯᠭᠠᠵᠦ᠂ ᠲᠠᠬᠢᠶᠠᠨ ᠬᠦᠯ᠂ ᠵᠢᠭᠠᠰᠤᠨ ᠭᠡᠳᠡᠰᠦ᠂ ᠳᠠᠯᠠᠢ ᠶᠢᠨ ᠢᠳᠡᠭᠡᠨ ᠵᠡᠷᠭᠡ ᠶᠢ ᠳᠠᠭᠠᠯᠳᠤᠭᠤᠯᠵᠦ ᠬᠢᠭᠰᠡᠨ ᠱᠦᠯᠦ ᠲᠠᠢ ᠨᠤᠭᠤᠭ᠎ᠠ ᠪᠤᠯᠤᠨ᠎ᠠ᠃ ᠰᠢᠮ᠎ᠠ ᠲᠡᠵᠢᠭᠡᠯ ᠤᠨ ᠠᠭᠤᠯᠤᠭᠳᠠᠭᠴᠠ ᠦᠨᠳᠦᠷ᠂ ᠠᠮᠲᠠ ᠰᠢᠮᠲᠠ ᠨᠢ ᠤᠬᠢ ᠰᠢᠯᠢᠳᠡᠭ ᠮᠦᠷᠲᠡᠭᠡᠨ ᠤᠳᠠᠭᠠᠨ ᠵᠢᠯ ᠤᠨ ᠲᠡᠤᠬᠡ ᠲᠠᠢ ᠠᠮᠲᠠᠲᠤ ᠢᠳᠡᠭᠡᠨ ᠪᠤᠯᠤᠨ᠎ᠠ᠃
           9. ᠤᠯᠠᠭᠠᠨᠬᠠᠳᠠ ᠶᠢᠨ ᠬᠠᠪᠴᠢᠮᠠᠯ ᠪᠤᠤᠪᠤ      ᠰᠢᠷᠠᠭᠰᠠᠨ ᠪᠤᠤᠪᠤ ᠶᠢᠨ ᠲᠤᠲᠤᠷ᠎ᠠ ᠤᠲᠤᠮᠠᠯ ᠮᠢᠬ᠎ᠠ ᠶᠢ ᠬᠠᠪᠴᠢᠭᠤᠯᠤᠨ ᠬᠢᠭᠰᠡᠨ ᠠᠮᠲᠠᠲᠤ ᠢᠳᠡᠭᠡᠨ᠃
     10. ᠲᠦᠡᠭᠯᠢᠶᠤᠤ ᠶᠢᠨ ᠨᠤᠭᠤᠭ᠎ᠠ ᠶᠢᠨ ᠪᠠᠭᠯᠠᠭᠠᠰᠤ      ᠪᠠᠰᠠ ︽ᠪᠤᠳᠠᠭᠠᠨ ᠤ ᠪᠠᠭᠯᠠᠭᠠᠰᠤ︾ ᠴᠤ ᠭᠡᠳᠡᠭ᠃ ᠤᠬᠢᠶᠠᠵᠦ ᠴᠡᠪᠡᠷᠯᠡᠭᠰᠡᠨ ᠴᠠᠭᠠᠨ ᠨᠤᠭᠤᠭ᠎ᠠ ᠶᠢᠨ ᠨᠠᠪᠴᠢᠨ ᠳᠤ ᠰᠤᠩᠭᠢᠨ᠎ᠠ᠂ ᠦᠨᠦᠷᠲᠦ ᠨᠤᠭᠤᠭ᠎ᠠ᠂ ᠦᠷᠭᠡᠰᠦᠲᠦ ᠬᠡᠮᠭᠡ ᠶᠢᠨ ᠨᠠᠷᠢᠨ ᠬᠡᠷᠴᠢᠮᠡᠯ ᠵᠡᠷᠭᠡ ᠰᠢᠨ᠎ᠠ ᠰᠤᠷᠭᠤᠭ ᠢᠳᠡᠰᠢᠨ ᠨᠤᠭᠤᠭ᠎ᠠ ᠶᠢ ᠵᠡᠷᠭᠡᠯᠡᠨ ᠲᠠᠯᠪᠢᠵᠦ᠂ ᠪᠤᠷᠴᠠᠭ ᠤᠨ ᠵᠢᠶᠠᠩ ᠢ ᠲᠦᠷᠬᠢᠵᠦ ᠪᠠᠭᠯᠠᠭᠠᠳ ᠢᠳᠡᠳᠡᠭ ᠨᠢᠭᠡᠡ ᠵᠦᠢᠯ ᠤᠨ ᠠᠮᠲᠠᠲᠤ ᠢᠳᠡᠭᠡᠨ ᠪᠤᠯᠤᠨ᠎ᠠ᠃ ᠮᠦᠨᠴᠤ ᠲᠦᠡᠭᠯᠢᠶᠤᠤ ᠤᠷᠤᠨ ᠤ ᠬᠦᠮᠦᠰ ᠤᠨ ᠬᠠᠮᠤᠭ ᠤᠨ ᠢᠳᠡᠬᠦ ᠳᠤᠷᠠᠲᠠᠢ ᠢᠳᠡᠭᠡᠨ ᠤ ᠨᠢᠭᠡ ᠪᠤᠯᠤᠨ᠎ᠠ᠃
           11. ᠤᠷᠳᠤᠰ ᠤᠨ ᠢᠰᠭᠦᠯᠡᠩ ᠪᠤᠳᠠᠭ᠎ᠠ      ᠦᠪᠦᠷ ᠮᠤᠩᠭᠤᠯ ᠤᠨ ᠪᠠᠷᠠᠭᠤᠨ ᠬᠡᠰᠡᠭ ᠤᠷᠤᠨ ᠤ ᠬᠦᠮᠦᠰ ᠤᠨ ᠦᠷᠭᠦᠯᠵᠢ ᠢᠳᠡᠳᠡᠭ ᠤᠨᠴᠠᠯᠢᠭᠲᠤ ᠢᠳᠡᠭᠡᠨ ᠪᠤᠯᠤᠨ᠎ᠠ᠃ ᠢᠰᠭᠦᠯᠡᠩ ᠪᠤᠳᠠᠭ᠎ᠠ ᠶᠢ ᠢᠳᠡᠪᠡᠯ ᠠᠭᠠᠭᠢᠮ᠎ᠠ ᠬᠠᠯᠠᠭᠤᠨ ᠳᠤ ᠠᠵᠢᠯ ᠬᠦᠳᠡᠯᠮᠦᠷᠢ ᠬᠢᠬᠦ ᠳᠤ ᠦᠯ ᠲᠠᠢ᠂ ᠤᠮᠳᠠᠭᠠᠰᠬᠤ ᠦᠭᠡᠢ ᠮᠦᠷᠲᠡᠭᠡᠨ ᠬᠠᠯᠠᠭᠤᠴᠠᠬᠤ ᠶᠢ ᠰᠡᠷᠬᠡᠶᠢᠯᠡᠨ᠎ᠠ᠃
     12. ᠬᠦᠯᠦᠨ ᠪᠤᠶᠢᠷ ᠤᠨ ᠪᠤᠷᠳᠤᠭᠰᠠᠨ ᠭᠡᠳᠡᠰᠦ      ᠬᠤᠨᠢᠨ ᠤ ᠠᠭᠰᠢᠭᠤᠨ ᠴᠢᠰᠤᠨ ᠡᠭᠡᠳᠡᠩ ᠢ ᠵᠢᠭᠠᠬᠠᠨ ᠦᠭᠡᠬᠦ ᠲᠠᠢ ᠬᠤᠯᠢᠵᠦ᠂ ᠠᠷᠢᠯᠭᠠᠨ ᠴᠡᠪᠡᠷᠯᠡᠭᠰᠡᠨ ᠪᠦᠳᠦᠭᠦᠨ ᠭᠡᠳᠡᠰᠦᠨ ᠳᠤ ᠰᠤᠩᠭᠢᠨ᠎ᠠ᠂ ᠰᠡᠷᠢᠮᠰᠠᠭ᠂ ᠠᠮᠲᠠ ᠶᠢᠨ ᠤᠬᠢ ᠵᠡᠷᠭᠡ ᠲᠠᠢ ᠬᠠᠮᠲᠤ ᠴᠢᠳᠬᠤᠵᠦ ᠪᠤᠯᠭᠤᠭᠰᠠᠨ ᠢᠳᠡᠭᠡᠨ᠃
           13. ᠪᠠᠶᠠᠨᠨᠠᠭᠤᠷ ᠤᠨ ︽ᠰᠡᠷᠢᠭᠦᠨ ᠹᠧᠨᠲ᠋ᠢᠶᠤᠤᠷ︾      ᠴᠠᠶᠢᠪᠤᠷ ᠦᠡᠭᠭᠡ ᠲᠠᠢ᠂ ᠨᠡᠪᠲᠡᠷᠬᠡᠢ ᠲᠤᠩᠭᠠᠯᠠᠭ᠂ ᠵᠤᠨ ᠤ ᠴᠠᠭ ᠲᠤ ᠬᠠᠯᠠᠭᠤᠨ ᠢ ᠬᠦᠭᠡᠭᠡᠵᠦ ᠦᠯᠦᠰᠬᠦ ᠶᠢ ᠳᠠᠷᠤᠳᠠᠭ ᠰᠡᠷᠢᠭᠦᠨ ᠲᠠᠭᠠᠲᠠᠢ ᠤᠬᠢ ᠢᠳᠡᠭᠡᠨ ᠤ ᠨᠢᠭᠡ᠃ ᠬᠠᠯᠠᠭᠤᠨ ᠬᠦᠢᠲᠡᠨ ᠢᠶᠠᠷ ᠨᠢ ᠪᠦᠷ ᠢᠳᠡᠵᠦ ᠪᠤᠯᠤᠨ᠎ᠠ᠃
           14. ᠰᠢᠯᠤᠭᠤᠨ ᠬᠦᠬᠡ ᠬᠤᠰᠢᠭᠤᠨ ᠤ ᠴᠠᠭᠠᠨ ᠢᠳᠡᠭᠡᠨ      ᠰᠢᠯᠤᠭᠤᠨ ᠬᠦᠬᠡ ᠬᠤᠰᠢᠭᠤ ᠪᠤᠯ ᠴᠠᠭᠠᠨ ᠢᠳᠡᠭᠡᠨ ᠤ ᠰᠤᠶᠤᠯ ᠤᠨ ᠦᠯᠦᠭᠡᠢ ᠶᠤᠮ᠃ 2013 ᠤᠨ ᠤ 12 ᠰᠠᠷ᠎ᠠ ᠳᠤ ︽ᠰᠢᠯᠤᠭᠤᠨ ᠬᠦᠬᠡ ᠬᠤᠰᠢᠭᠤᠨ ᠤ ᠬᠤᠷᠤᠳ︾ ᠪᠤᠯᠤᠨ ︽ᠰᠢᠯᠤᠭᠤᠨ ᠬᠦᠬᠡ ᠬᠤᠰᠢᠭᠤᠨ ᠤ ᠦᠷᠦᠮ᠎ᠠ︾ ᠤᠯᠤᠰ ᠤᠨ ᠭᠠᠵᠠᠷ ᠵᠦᠢ ᠶᠢᠨ ᠢᠯᠡᠷᠬᠡᠶᠢᠯᠡᠯᠳᠤ ᠪᠦᠲᠦᠭᠡᠭᠳᠡᠭᠦᠨ ᠤ ᠬᠠᠮᠠᠭᠠᠯᠠᠯᠲᠠ ᠶᠢ ᠬᠦᠷᠲᠡᠵᠦ᠂ 2014 ᠤᠨ ᠤ 8 ᠰᠠᠷ᠎ᠠ ᠳᠤ ︽ᠰᠢᠯᠤᠭᠤᠨ ᠬᠦᠬᠡ ᠬᠤᠰᠢᠭᠤᠨ ᠤ ᠴᠠᠭᠠᠨ ᠢᠳᠡᠭᠡᠨ ᠦᠢᠯᠡᠳᠪᠦᠷᠢᠯᠡᠬᠦ ᠠᠷᠭ᠎ᠠ︾ ᠠᠮᠵᠢᠯᠲᠠ ᠲᠠᠢ ᠪᠠᠷ ᠤᠯᠤᠰ ᠤᠨ ᠪᠤᠳᠠᠰ ᠤᠨ ᠪᠤᠰᠤ ᠰᠤᠶᠤᠯ ᠤᠨ ᠦᠪ ᠢᠶᠠᠷ ᠪᠦᠷᠢᠳᠭᠡᠭᠳᠡᠵᠠᠢ᠃ ᠰᠢᠯᠤᠭᠤᠨ ᠬᠦᠬᠡ ᠬᠤᠰᠢᠭᠤᠨ ᠤ ᠴᠠᠭᠠᠨ ᠢᠳᠡᠭᠡᠠ ᠤᠮᠳᠠᠭᠠᠨ ᠲᠦᠷᠦᠯ ᠵᠦᠢᠯ ᠢᠶᠠᠷ ᠡᠯᠪᠡᠭ᠂ ᠬᠤᠷᠤᠳ ᠪᠢᠰᠢᠯᠠᠭ᠂ ᠦᠷᠦᠮ᠎ᠠ᠂ ᠵᠦᠬᠡᠬᠡᠢ᠂ ᠰᠢᠷ᠎ᠠ ᠲᠤᠰᠤ᠂ ᠰᠠᠭᠠᠯᠢ ᠶᠢᠨ ᠠᠷᠢᠬᠢ᠂ ᠲᠠᠷᠠᠭ ᠭᠡᠳ ᠬᠡᠳᠦᠨ ᠠᠷᠪᠠᠨ ᠲᠦᠷᠦᠯ ᠬᠤᠪᠢᠶᠠᠳᠠᠭ ᠪᠦᠭᠡᠳ ᠠᠮᠲᠠ ᠰᠢᠮᠲᠡ ᠨᠢ ᠤᠯᠠᠮᠵᠢᠯᠠᠯ ᠢᠶᠠᠨ ᠪᠠᠲᠤᠯᠠᠭᠰᠠᠨ ᠪᠠᠶᠢᠳᠠᠭ᠃
           15. ᠬᠢᠨᠭ᠍ᠭᠠᠨ ᠤ ᠰᠢᠷᠠᠭᠰᠠᠨ ᠬᠤᠨᠢᠨ ᠭᠤᠶ᠎ᠠ      ᠦᠡᠭᠭᠡ ᠭᠠᠳᠠᠷ ᠨᠢ ᠭᠢᠯᠲᠠᠭᠠᠨᠠᠮ᠎ᠠ ᠰᠤᠷᠭᠤᠭ᠂ ᠮᠢᠬ᠎ᠠ ᠨᠢ ᠬᠡᠤᠷᠡᠭ ᠮᠦᠷᠲᠡᠭᠡᠨ ᠦᠨᠦᠷ ᠠᠮᠲᠠ ᠨᠢ ᠡᠳᠡᠬᠡᠤᠨ ᠰᠠᠶᠢᠬᠠᠨ᠂ ᠰᠢᠮ᠎ᠠ ᠲᠡᠵᠢᠭᠡᠯ ᠢᠶᠠᠷ ᠡᠯᠪᠡᠭ ᠪᠠᠶᠢᠳᠠᠭ᠃ ᠪᠡᠶ᠎ᠠ ᠮᠠᠬᠠᠪᠤᠳ ᠪᠠᠨ ᠴᠠᠬᠢᠷᠠᠭᠵᠢᠭᠤᠯᠵᠦ ᠰᠢᠮ᠎ᠠ ᠲᠡᠵᠢᠭᠡᠯ ᠨᠦᠬᠦᠪᠦᠷᠢᠯᠡᠬᠦ ᠳᠤ ᠲᠤᠬᠢᠷᠠᠮᠵᠢᠲᠠᠢ ᠠᠴᠠ ᠬᠦᠮᠦᠰ ᠲᠤ ᠮᠠᠰᠢ ᠡᠭᠡᠯᠢᠲᠠᠢ ᠮᠤᠩᠭᠤᠯ ᠦᠨᠳᠦᠰᠦᠲᠡᠨ ᠤ ᠨᠡᠷᠡᠲᠤ ᠵᠠᠭᠤᠰᠢ ᠪᠤᠯᠤᠨ᠎ᠠ᠃ ᠰᠢᠷᠠᠭᠰᠠᠨ ᠬᠤᠨᠢᠨ ᠭᠤᠶ᠎ᠠ ᠪᠤᠯ ᠮᠤᠩᠭᠤᠯ ᠬᠦᠮᠦᠨ ᠤ ᠭᠡᠶᠢᠴᠢᠨ ᠵᠤᠴᠢᠨ ᠢᠶᠠᠨ ᠳᠠᠶᠢᠯᠠᠬᠤ ᠳᠤ ᠬᠡᠷᠡᠭᠯᠡᠳᠡᠭ ᠢᠷᠭᠡ ᠶᠢᠨ ᠪᠦᠬᠦᠯᠢ ᠰᠢᠭᠦᠰᠦ ᠠᠴᠠ ᠤᠯᠠᠷᠢᠨ ᠬᠤᠪᠢᠷᠠᠵᠦ ᠢᠷᠡᠭᠰᠡᠨ ᠨᠢᠭᠡ ᠵᠦᠢᠯ ᠤᠨ ᠠᠮᠲᠠᠲᠤ ᠢᠳᠡᠭᠡᠨ ᠪᠤᠯᠤᠨ᠎ᠠ᠃
           16. ᠪᠠᠶᠠᠨᠨᠠᠭᠤᠷ ᠤᠨ ᠭᠠᠭ᠋ᠠᠢ ᠶᠢᠨ ᠮᠢᠬ᠎ᠠ ᠲᠠᠢ ᠴᠢᠨᠠᠭᠰᠠᠨ ᠬᠦᠴᠢᠯᠯᠢᠭ ᠨᠤᠭᠤᠭ᠎ᠠ      ᠭᠠᠭ᠋ᠠᠢ ᠶᠢᠨ ᠬᠠᠷ᠎ᠠ ᠮᠢᠬ᠎ᠠ ᠶᠢ ᠬᠦᠴᠢᠯᠯᠢᠭ ᠨᠤᠭᠤᠭ᠎ᠠ᠂ ᠲᠦᠮᠦᠰᠦ ᠵᠡᠷᠭᠡ ᠲᠠᠢ ᠬᠠᠮᠲᠤ ᠴᠢᠨᠠᠵᠦ ᠪᠤᠯᠭᠤᠭᠠᠳ ᠭᠤᠭᠤᠳ ᠰᠤᠩᠭᠢᠨ᠎ᠠ ᠵᠡᠷᠭᠡ ᠶᠢ ᠬᠢᠵᠦ ᠦᠨᠦᠷ ᠤᠷᠤᠭᠤᠯᠤᠨ ᠬᠠᠭᠤᠷᠤᠭᠰᠠᠨ ᠨᠤᠭᠤᠭ᠎ᠠ ᠵᠠᠭᠤᠰᠢ ᠪᠤᠯᠤᠨ᠎ᠠ᠃
           17. ᠠᠯᠠᠱᠠ ᠶᠢᠨ ᠰᠠᠮ ᠪᠤᠭᠤᠷᠰᠤᠭ      ᠠᠯᠠᠱᠠ ᠶᠢᠨ ᠡᠯ᠎ᠠ ᠠᠶᠢᠮᠠᠭ ᠶᠠᠰᠤᠲᠠᠨ ᠡᠷᠲᠡ ᠢᠵᠠᠭᠤᠷ ᠠᠴᠠ ᠪᠠᠨ ᠰᠠᠮ ᠪᠤᠭᠤᠷᠰᠤᠭ ᠢᠳᠡᠬᠦ ᠵᠠᠩ ᠳᠠᠳᠬᠠᠯ ᠲᠠᠢ ᠪᠠᠶᠢᠳᠠᠭ᠃ ᠢᠯᠡᠩᠭᠤᠶ᠎ᠠ ᠪᠠᠶᠠᠷ ᠳᠤᠷᠠᠰᠬᠠᠯ ᠤᠨ ᠡᠳᠤᠷ ᠢᠳᠡᠳᠡᠭ ᠳᠤᠰᠤᠨ ᠳᠤ ᠪᠤᠴᠠᠯᠭᠠᠵᠦ ᠬᠠᠭᠰᠠᠭᠠᠭᠰᠠᠨ ᠪᠤᠤᠪᠤ᠃
           18. ᠬᠤᠷᠴᠢᠨ ᠤ ᠪᠤᠷᠴᠠ      ᠦᠬᠡᠷ ᠤᠨ ᠪᠤᠷᠴᠠ ᠪᠤᠯ ᠮᠤᠩᠭᠤᠯ ᠲᠤᠭᠤᠷᠭᠠᠲᠠᠨ ᠤ ᠮᠤᠷᠢᠲᠠᠨ ᠴᠡᠷᠢᠭ ᠤᠨ ᠬᠦᠨᠡᠰᠤᠨ ᠠᠴᠠ ᠢᠷᠡᠯᠲᠠᠢ᠃ ᠠᠪᠴᠤ ᠶᠠᠪᠤᠬᠤ ᠳᠤ ᠳᠦᠭᠦᠮ ᠮᠦᠷᠲᠡᠭᠡᠨ ᠰᠢᠮ᠎ᠠ ᠲᠡᠵᠢᠭᠡᠯ ᠡᠯᠪᠡᠭ᠂ ᠦᠨᠦᠷ ᠠᠮᠲᠠ ᠬᠠᠨᠭ᠍ᠬᠤᠯᠤᠭᠤᠨ᠂ ᠦᠡᠭᠭᠡ ᠰᠤᠷᠭᠤᠭ᠃ ︽ᠴᠢᠩᠭᠢᠰ ᠬᠠᠭᠠᠨ ᠤ ᠴᠡᠷᠢᠭ ᠤᠨ ᠬᠦᠨᠡᠰᠦ︾ ᠭᠡᠰᠡᠨ ᠰᠠᠶᠢᠬᠠᠨ ᠠᠯᠳᠠᠷ ᠲᠠᠢ ᠶᠤᠮ᠃
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ