ᠬᠠᠲᠠᠭᠤ ᠵᠢᠮᠢᠰ ᠪᠤᠯ ᠰᠢᠮ᠎ᠡ ᠳᠡᠵᠢᠭᠡᠯ ᠢᠶᠠᠷ ᠡᠯᠪᠡᠭ ᠪᠠᠶᠢᠲᠠᠭ ᠪᠤᠯᠬᠤᠷ ᠬᠦᠮᠦᠰ ᠲᠤ ᠶᠡᠭᠡ ᠲᠠᠭᠠᠯᠠᠬᠲᠠᠲᠠᠭ᠃ | ︽ᠤᠯᠠᠨ ᠤᠯᠤᠰ ᠤᠨ ᠲᠠᠬᠤᠯ ᠡᠪᠡᠳᠴᠢᠨ ᠤ ᠰᠤᠳᠤᠯᠤᠯ ᠤᠨ ᠰᠡᠳᠬᠦᠯ︾ ᠳᠤ ᠨᠡᠶᠢᠲᠡᠯᠡᠭᠰᠡᠨ ᠨᠢᠭᠡᠨ ᠰᠤᠳᠤᠯᠭᠠᠨ ᠤ | ᠳ᠋ᠦᠩ ᠠᠴᠠ ᠦᠵᠡᠪᠡᠯ᠂ ᠡᠳᠦᠷ ᠪᠦᠷᠢ 10 ᠭᠷᠠᠮ ᠬᠠᠲᠠᠭᠤ ᠵᠢᠮᠢᠰ ᠢᠲᠡᠪᠡᠯ᠂ ᠵᠢᠷᠦᠬᠡᠨ ᠡᠪᠡᠳᠴᠢᠨ᠂ ᠦᠮᠡᠨ᠂ ᠰᠢᠬᠢᠷ | ᠰᠢᠵᠢᠩ ᠡᠪᠡᠳᠴᠢᠨ ᠳᠤ ᠨᠡᠷᠪᠡᠭᠲᠡᠬᠦ ᠳᠦᠭᠰᠢᠬᠦᠷᠢ ᠶᠢ ᠳᠤᠰ ᠳᠤᠰ 17%᠂ 21%᠂ 30% ᠪᠠᠷ ᠪᠠᠭᠠᠰᠬᠠᠵᠤ | ᠪᠤᠯᠤᠨ᠎ᠠ᠃ ᠱᠠᠩᠬᠠᠢ ᠶᠢᠨ ᠬᠤᠸᠠᠳᠦ᠋ᠩ ᠡᠮᠨᠡᠯᠭᠡ ᠶᠢᠨ ᠬᠤᠷᠢᠶᠠᠨ ᠤ ᠰᠢᠮ᠎ᠡ ᠳᠡᠵᠢᠭᠡᠯ ᠤᠨ ᠮᠡᠷᠭᠡᠵᠢᠯᠲᠠᠨ ᠴᠧᠨ ᠰᠢᠶᠠ | ᠹᠸᠢ ᠬᠡᠯᠡᠭᠰᠡᠨ ᠨᠢ᠂ ᠦᠨᠡᠨ ᠳᠡᠭᠡᠨ ᠬᠠᠲᠠᠭᠤ ᠵᠢᠮᠢᠰ ᠪᠤᠯ ᠰᠢᠮ᠎ᠡ ᠲᠡᠵᠢᠭᠡᠯ ᠤᠨ ᠲᠠᠯ᠎ᠠ ᠪᠠᠷ ᠦᠪᠡᠷ ᠦᠪᠡᠷ ᠤᠨ | ᠤᠨᠴᠠᠯᠢᠭ ᠲᠠᠢ ᠪᠠᠶᠢᠲᠠᠭ᠃ ᠬᠠᠲᠠᠭᠤ ᠵᠢᠮᠢᠰ ᠭᠡᠵᠤ ᠶᠡᠷᠦ ᠳᠡᠭᠡᠨ ᠬᠤᠰᠢᠭ᠎ᠠ᠂ ᠭᠦᠢᠯᠡᠰᠦᠨ ᠴᠦᠮ᠎ᠡ᠂ ᠨᠠᠷᠠᠨ | ᠬᠤᠸᠠᠷ ᠤᠨ ᠦᠷ᠎ᠡ ᠵᠡᠷᠭᠡ ᠤᠷᠭᠤᠮᠠᠯᠤᠨ ᠦᠷ᠎ᠡ ᠶᠢᠨ ᠳᠦᠷᠦᠯ ᠤᠨ ᠳᠤᠰᠤᠯᠢᠭ ᠢᠲᠡᠭᠡᠨ ᠢ ᠬᠡᠯᠡᠲᠡᠭ᠃ ᠡᠨᠡ | ᠳᠦᠷᠦᠯ ᠤᠨ ᠢᠲᠡᠭᠡᠨ ᠦᠵᠡᠬᠦ ᠳᠤ ᠲᠦᠷᠢ ᠳᠦᠷᠬᠦ ᠪᠠᠷ ᠪᠠᠷᠤᠭᠲᠠᠢ ᠪᠤᠯᠪᠠᠴᠦ ᠰᠢᠮ᠎ᠡ ᠳᠡᠵᠢᠭᠡᠯ ᠰᠤᠳᠤᠯᠲᠠᠭ | ᠬᠦᠮᠦᠰ ᠮᠠᠰᠢ ᠴᠢᠬᠤᠯᠠᠴᠢᠯᠠᠵᠤ ᠦᠵᠡᠲᠡᠭ ᠶᠤᠮ᠃ ᠬᠠᠲᠠᠭᠤ ᠵᠢᠮᠢᠰ ᠰᠢᠮ᠎ᠡ ᠳᠡᠵᠢᠭᠡᠯ ᠰᠠᠶᠢᠲᠠᠢ ᠪᠠᠷ ᠪᠠᠷᠠᠬᠤ ᠦᠭᠡᠢ᠂ | ᠪᠠᠶᠢᠩᠭᠤ ᠢᠲᠡᠪᠡᠯ ᠤᠯᠠᠨ ᠵᠦᠢᠯ ᠤᠨ ᠡᠪᠡᠳᠴᠢᠨ ᠢ ᠰᠡᠷᠭᠡᠶᠢᠯᠡᠬᠦ ᠳᠤ ᠳᠤᠰᠠᠲᠠᠢ ᠪᠢᠯᠠ᠃ ᠴᠢᠺᠠᠭᠤ᠋ ᠳᠤ | ᠬᠤᠷᠠᠯᠳᠤᠭᠰᠠᠨᠠᠮᠧᠷᠢᠺᠠ ᠶᠢᠨ ᠵᠢᠷᠦᠬᠡᠨ ᠤ ᠰᠤᠳᠤᠯᠭᠠᠨ ᠤ ᠨᠡᠶᠢᠭᠡᠮᠯᠢᠭ ︵AmericanHeart | Association︶ ᠤᠨ ᠬᠤᠷᠠᠯ ᠳᠡᠭᠡᠷ᠎ᠡ ᠨᠡᠶᠢᠲᠡᠯᠡᠭᠰᠡᠨ ᠬᠤᠶᠠᠷ ᠰᠤᠳᠤᠯᠭᠠᠨ ᠤ ᠳ᠋ᠦᠩ ᠠᠴᠠ ᠦᠵᠡᠪᠡᠯ᠂ ᠡᠳᠦᠷ | ᠪᠦᠷᠢ ᠠᠳᠬᠤ ᠬᠠᠲᠠᠭᠤ ᠵᠢᠮᠢᠰ ᠢᠲᠡᠪᠡᠯ ᠳᠤᠮᠳᠠ ᠨᠠᠰᠦᠨ ᠳᠤ ᠮᠠᠷᠢᠶᠠᠯᠠᠬᠤ ᠶᠢ ᠰᠡᠷᠭᠡᠶᠢᠯᠡᠵᠦ ᠪᠤᠯᠤᠨ᠎ᠠ᠃ ᠨᠢᠭᠡ | ᠰᠤᠳᠤᠯᠭᠠᠨ ᠤ ᠳ᠋ᠦᠩ ᠠᠴᠠ ᠦᠵᠡᠪᠡᠯ᠂ ᠪᠠᠶᠢᠩᠭᠤ ᠬᠠᠲᠠᠭᠤ ᠵᠢᠮᠢᠰ ᠢᠲᠡᠪᠡᠯ ᠵᠠᠯᠠᠭᠤ ᠡᠷ᠎ᠡ ᠬᠦᠮᠦᠨ ᠤ ᠦᠷ᠎ᠡ ᠶᠢᠨ | ᠡᠷᠡᠬᠦᠯ ᠢ ᠮᠡᠲᠡᠭᠲᠡᠬᠦ᠋ᠢᠴᠠ ᠰᠠᠶᠢᠵᠢᠷᠠᠭᠤᠯᠵᠤ ᠪᠤᠯᠤᠨ᠎ᠠ᠃ ᠰᠢᠨᠵᠢᠯᠡᠬᠦ ᠤᠬᠠᠭᠠᠨᠲᠠᠨ ᠤ ᠢᠯᠡᠷᠡᠬᠦᠯᠦᠭᠰᠡᠨ ᠢᠶᠠᠷ᠂ ᠡᠷ᠎ᠡ | ᠬᠦᠮᠦᠨ ᠡᠳᠦᠷ ᠪᠦᠷᠢ ᠬᠤᠶᠠᠷ ᠠᠳᠬᠤ ᠭᠦᠢᠯᠡᠰᠦᠨ ᠴᠦᠮ᠎ᠡ᠂ ᠰᠠᠮᠤᠷ ᠪᠠ ᠬᠤᠰᠢᠭ᠎ᠠ ᠢᠲᠡᠪᠡᠯ 14 ᠭᠠᠷᠠᠭ ᠤᠨ | ᠲᠠᠷᠠᠭ᠎ᠠ ᠦᠷ᠎ᠡ ᠶᠢᠨ ᠲᠤᠭ᠎ᠠ ᠬᠡᠮᠵᠢᠶ᠎ᠡ ᠨᠢ ᠨᠡᠮᠡᠭᠲᠡᠲᠡᠭ᠃ 5 ᠵᠦᠢᠯ ᠤᠨ ᠪᠠᠶᠢᠲᠠᠯ ᠳᠤ ᠬᠠᠲᠠᠭᠤ ᠵᠢᠮᠢᠰ ᠢᠲᠡᠬᠦ | ᠦᠭᠡᠢ ᠪᠠᠶᠢᠪᠠᠯ ᠵᠤᠬᠢᠨ᠎ᠠ ᠤᠨᠲᠠᠬᠤ ᠠᠴᠠ ᠡᠮᠦᠨ᠎ᠡ ᠢᠲᠡᠬᠦ ᠦᠭᠡᠢ᠃ ᠬᠠᠲᠠᠭᠤ ᠵᠢᠮᠢᠰ ᠲᠤ ᠠᠬᠤᠭᠤᠯᠤᠬᠲᠠᠵᠤ | ᠪᠠᠶᠢᠭ᠎ᠠ ᠬᠠᠨᠤᠮᠠᠯ ᠪᠤᠰᠦ ᠦᠭᠡᠬᠦᠨ ᠤ ᠬᠦᠴᠢᠯ ᠨᠢ ᠡᠷᠡᠬᠦᠯ ᠮᠠᠨᠳᠦ ᠳᠤ ᠠᠰᠢᠬᠲᠠᠢ ᠪᠤᠯᠪᠠᠴᠦ ᠬᠤᠲᠤᠭᠤᠲᠤᠨ | ᠬᠦᠴᠢᠯ ᠤᠨ ᠪᠤᠴᠠᠯᠲᠠ ᠢ ᠠᠮᠠᠷᠬᠠᠨ ᠡᠬᠦᠰᠭᠡᠲᠡᠭ᠃ ᠭᠡᠳᠡᠰᠦ ᠰᠠᠭᠤᠯᠭᠠᠬᠤ ᠦᠶ᠎ᠡ ᠳᠤ ᠢᠲᠡᠬᠦ ᠦᠭᠡᠢ᠃ ᠬᠠᠲᠠᠭᠤ | ᠵᠢᠮᠢᠰ ᠲᠤ ᠠᠬᠤᠭᠤᠯᠤᠬᠲᠠᠭᠰᠠᠨ ᠢᠲᠡᠭᠡᠨ ᠤ ᠰᠢᠷᠭᠡᠭᠯᠢᠭ ᠪᠠ ᠦᠭᠡᠬᠦ ᠨᠢ ᠦᠳᠭᠡᠨ ᠰᠢᠩᠭᠡᠯᠡᠬᠦ ᠦᠢᠯᠡᠳᠦᠯ ᠲᠠᠢ | ᠪᠤᠯᠬᠤᠷ ᠰᠠᠭᠤᠯᠭᠠᠵᠤ ᠪᠠᠶᠢᠭ᠎ᠠ ᠬᠦᠮᠦᠨ ᠳᠦᠷ ᠢᠲᠡᠬᠦ ᠦᠭᠡᠢ ᠪᠠᠶᠢᠪᠠᠯ ᠵᠤᠬᠢᠨ᠎ᠠ᠃ ᠶᠡᠭᠡ ᠤᠯᠠᠨ ᠮᠢᠬ᠎ᠠ ᠱᠦᠯᠦ | ᠢᠲᠡᠭᠰᠡᠨ ᠤ ᠲᠠᠷᠠᠭ᠎ᠠ ᠢᠲᠡᠬᠦ ᠦᠭᠡᠢ᠃ ᠭᠤᠷᠪᠠᠨ ᠴᠠᠭ ᠤᠨ ᠬᠤᠭᠤᠯᠠᠨ ᠳᠠᠭᠠᠨ ᠶᠡᠭᠡ ᠤᠯᠠᠨ ᠮᠢᠬ᠎ᠠ ᠢᠲᠡᠭᠰᠡᠨ | ᠪᠠᠶᠢᠪᠠᠯ ᠲᠡᠭᠡᠷ᠎ᠡ ᠨᠢ ᠬᠠᠲᠠᠭᠤ ᠵᠢᠮᠢᠰ ᠢᠲᠡᠵᠦ ᠪᠤᠯᠬᠤ ᠦᠭᠡᠢ᠂ ᠢᠲᠡᠬᠦ ᠳᠤ ᠬᠦᠷᠪᠡᠯ ᠦᠭᠡᠬᠦ ᠠᠷᠪᠢᠳᠴᠦ᠂ | ᠮᠠᠷᠢᠶᠠᠯᠠᠭᠤᠯᠬᠤ ᠪᠤᠯᠤᠨ᠎ᠠ᠃ ᠬᠤᠭᠤᠯᠠᠢ ᠶᠢᠨ ᠦᠷᠪᠢᠰᠦᠯ ᠲᠠᠢ ᠬᠦᠮᠦᠨ ᠪᠤᠶᠤ ᠬᠠᠲᠠᠭᠤ ᠵᠢᠮᠢᠰ ᠲᠤ ᠬᠠᠷᠰᠢᠯ ᠲᠠᠢ | ᠬᠦᠮᠦᠨ ᠢᠲᠡᠵᠦ ᠪᠤᠯᠬᠤ ᠦᠭᠡᠢ᠃ ᠬᠠᠲᠠᠭᠤ ᠵᠢᠮᠢᠰ ᠶᠡᠷᠦ ᠳᠡᠭᠡᠨ ᠴᠦᠮ ᠮᠠᠰᠢ ᠬᠠᠭᠤᠷᠠᠢ ᠪᠠᠶᠢᠲᠠᠭ ᠪᠤᠯᠬᠤᠷ | ᠢᠲᠡᠪᠡᠯ ᠬᠤᠭᠤᠯᠠᠢ ᠶᠢ ᠤᠯᠠᠮ ᠬᠠᠭᠤᠷᠠᠢ ᠪᠤᠯᠭᠠᠵᠤ᠂ ᠴᠢᠰᠦ ᠬᠤᠷᠠᠬᠤ᠂ ᠬᠦᠭᠡᠷᠬᠦ ᠪᠠᠶᠢᠲᠠᠯ ᠡᠬᠦᠰᠭᠡᠲᠡᠭ᠃ | ᠡᠬᠦᠨ ᠠᠴᠠ ᠭᠠᠲᠠᠨ᠎ᠠ᠂ ᠬᠠᠲᠠᠭᠤ ᠵᠢᠮᠢᠰ ᠲᠤ ᠬᠠᠷᠰᠢᠯ ᠲᠠᠢ ᠵᠠᠷᠢᠮ ᠬᠦᠮᠦᠰ ᠨᠡᠩ ᠴᠦ ᠢᠲᠡᠬᠦ ᠦᠭᠡᠢ ᠪᠤᠯ ᠰᠠᠶᠢᠨ᠃ | ᠨᠢᠯᠬ᠎ᠠ ᠬᠡᠦᠭᠡᠳ ᠲᠤ ᠢᠲᠡᠬᠦᠯᠬᠦ ᠦᠭᠡᠢ᠃ ᠭᠤᠷᠪᠠᠨ ᠨᠠᠰᠦᠨ ᠠᠴᠠ ᠲᠤᠷᠤᠭᠰᠢ ᠨᠢᠯᠬ᠎ᠠ ᠬᠡᠦᠭᠡᠳ ᠨᠡᠯᠢᠶᠡᠳ ᠳᠤᠮᠤ | ᠮᠦ᠋ᠬᠦᠯᠢᠭ ᠬᠠᠲᠠᠭᠤ ᠵᠢᠮᠢᠰ ᠢᠲᠡᠪᠡᠯ ᠵᠠᠩᠬᠢᠷᠠᠬᠤ ᠠᠶᠤᠯ ᠲᠠᠢ᠂ ᠴᠢᠨᠠᠭᠰᠢᠯᠠᠪᠠᠯ ᠠᠮᠢ ᠨᠠᠰᠦᠨ ᠤ ᠠᠶᠤᠯ ᠲᠠᠢ ᠶᠤᠮ᠃ | ᠳᠡᠭᠡᠬᠦᠯᠡᠷ ᠬᠠᠲᠠᠭᠤ ᠵᠢᠮᠢᠰ ᠢ ᠨᠢᠴᠠᠯᠬᠤ ᠪᠤᠶᠤ ᠨᠤᠨᠲᠠᠭᠯᠠᠭᠠᠳ ᠬᠡᠦᠭᠡᠳ ᠲᠤ ᠢᠲᠡᠬᠦᠯᠪᠡᠯ ᠵᠦᠭᠡᠷ ᠪᠠᠶᠢᠲᠠᠭ᠃ |