ᠲᠤᠯᠭ᠎ᠠ ᠶᠢᠨ ᠭᠤᠷᠪᠡᠨ ᠴᠢᠯᠠᠭᠤ
ᠨᠡᠶᠢᠲᠡᠯᠡᠭᠰᠡᠨ ᠴᠠᠭ᠄
2019/5/20
         ᠣᠨ ᠵᠢᠯ ᠤᠨ ᠲᠥᠷᠭᠡᠨ ᠤᠷᠤᠰᠬᠠᠯ ᠳᠤ ᠥᠩᠭᠡᠷᠡᠨ ᠣᠳᠤᠭᠰᠠᠨ ᠵᠦᠢᠯᠡᠰ ᠤᠨ ᠵᠠᠷᠢᠮ ᠨᠢ ᠣᠷᠤ ᠮᠥᠷ ᠦᠭᠡᠢ ᠮᠠᠷᠲᠠᠭᠳᠠᠵᠤ ᠣᠷᠬᠢᠭᠳᠠᠳᠠᠭ ᠴᠦ ᠵᠠᠷᠢᠮ ᠨᠢ ᠴᠠᠭ ᠦᠷᠭᠦᠯᠵᠢ ᠰᠡᠳᠬᠢᠯ ᠳᠤ ᠮᠥᠩᠭᠡᠷᠡᠨ ᠪᠣᠳᠤᠯ ᠳᠤ ᠡᠷᠢᠭᠳᠡᠵᠦ᠂ ᠡᠷᠬᠢᠮᠯᠠᠨ ᠨᠠᠨᠳᠢᠩᠨᠠᠵᠤ ᠬᠠᠶᠢᠷᠠᠯᠠᠭᠳᠠᠳᠠᠭ ᠨᠢ ᠪᠠᠰᠠ ᠴᠦ ᠰᠣᠨᠢᠬᠠᠨ᠃ ᠮᠢᠨᠦ ᠪᠢᠴᠢᠭ ᠤᠨ ᠬᠤᠷᠭᠤᠨ ᠳᠤ ᠳᠤᠮᠳᠠᠳᠤ ᠰᠤᠷᠭᠠᠭᠤᠯᠢ ᠶᠢᠨ ᠨᠢᠭᠡᠳᠦᠭᠡᠷ ᠣᠨ ᠠᠴᠠ ᠪᠠᠭᠰᠢ ᠶᠢᠨ ᠰᠤᠷᠭᠠᠭᠤᠯᠢ ᠲᠡᠭᠦᠰᠬᠦ ᠪᠣᠯᠲᠠᠯᠠᠬᠢ ᠬᠤᠭᠤᠴᠠᠭᠠᠨ ᠳᠤ ᠪᠡᠶᠡᠯᠡᠭᠦᠯᠦᠭᠰᠡᠨ ᠵᠣᠬᠢᠶᠠᠯ ᠤᠨ ᠳᠠᠰᠬᠠᠯ ᠮᠢᠨᠢ ᠣᠳᠤ ᠪᠣᠯᠲᠠᠯ᠎ᠠ ᠴᠡᠪᠡᠷ ᠲᠡᠭᠰᠢ ᠬᠠᠳᠠᠭᠠᠯᠠᠭᠠᠰᠤᠲᠠᠢ ᠪᠠᠶᠢᠭᠰᠠᠭᠠᠷ᠃ ᠡᠨᠡ ᠵᠣᠬᠢᠶᠠᠯ ᠤᠨ ᠳᠠᠰᠬᠠᠯ ᠢᠶᠠᠨ ᠤᠷᠪᠠᠭᠤᠯᠤᠨ ᠦᠵᠡᠬᠦ ᠪᠦᠷᠢ ᠬᠠᠭᠤᠳᠠᠰᠤ ᠨᠢᠭᠡᠪᠦᠷᠢ ᠳᠤᠨᠢ ᠮᠢᠨᠦ ᠪᠠᠭ᠎ᠠ ᠨᠠᠰᠤ ᠬᠠᠷᠠᠭᠳᠠᠵᠤ᠂ ᠬᠢᠴᠢᠶᠡᠩᠭᠦ᠋ᠢᠯᠡᠨ ᠪᠢᠴᠢᠭᠰᠡᠨ ᠦᠰᠦᠭ ᠪᠦᠷᠢ ᠠᠴᠠ ᠨᠢ ᠵᠠᠯᠠᠭᠤ ᠽᠠᠨᠳᠠᠨ ᠨᠠᠰᠤᠨ ᠤ ᠢᠲᠡᠭᠡᠯ ᠬᠦᠰᠡᠯ ᠤᠨ ᠭᠠᠯ ᠨᠢᠯᠴᠢᠬᠢᠨᠡᠨ᠎ᠡ᠃ ᠬᠦᠨᠳᠦᠲᠦ ᠪᠠᠭᠰᠢ ᠨᠠᠷ ᠤᠨ ᠮᠢᠨᠢ ᠰᠢᠷᠭᠠᠭᠤ ᠬᠥᠳᠡᠯᠮᠦᠷᠢ ᠪᠠᠷ ᠤᠬᠠᠭᠠᠨ ᠲᠡᠯᠡᠵᠦ ᠮᠡᠳᠡᠯᠭᠡ ᠨᠡᠮᠡᠭᠳᠡᠨ᠂ ᠮᠣᠩᠭᠤᠯ ᠰᠣᠶᠤᠯ ᠤᠨ ᠰᠣᠳᠤᠨ ᠭᠠᠶᠢᠬᠠᠮᠰᠢᠭ ᠢ ᠪᠢᠰᠢᠷᠡᠨ ᠪᠠᠭ᠋ᠠᠲᠤᠵᠤ ᠶᠠᠪᠤᠭᠰᠠᠨ ᠤᠯᠠ ᠮᠥᠷ ᠮᠢᠨᠢ ᠲᠣᠳᠤᠷᠠᠨ᠎ᠠ᠃ ᠡᠨᠡ ᠵᠣᠬᠢᠶᠠᠯ ᠤᠨ ᠳᠠᠰᠬᠠᠯ ᠤᠳ ᠪᠣᠯ ᠦᠨᠡᠨ ᠳᠡᠭᠡᠨ ᠭᠡᠨᠡᠨ ᠴᠠᠶᠢᠯᠭᠠᠨ ᠰᠤᠷᠤᠭᠴᠢ ᠦᠶ᠎ᠡ ᠶᠢᠨ ᠮᠢᠨᠢ ᠦᠨᠡᠨ ᠪᠣᠳᠠᠲᠠᠢ ᠠᠮᠢᠳᠤᠷᠠᠯ ᠪᠣᠯᠬᠤ ᠶᠤᠮ᠃ ᠲᠡᠷᠡ ᠨᠢ ᠵᠥᠪᠬᠡᠨ ᠨᠢᠭᠡ ᠬᠤᠪᠢ ᠵᠣᠬᠢᠶᠠᠯ ᠤᠨ ᠳᠠᠰᠬᠠᠯ ᠢᠶᠠᠷ ᠯᠡ ᠵᠣᠭᠰᠤᠬᠤ ᠦᠭᠡᠢ᠂ ᠪᠠᠭᠰᠢ ᠨᠠᠷ ᠤᠨ ᠮᠢᠨᠢ ᠵᠢᠭᠠᠭᠰᠠᠨ ᠠᠮᠢᠳᠤᠷᠠᠯ ᠤᠨ ᠠᠯᠲᠠᠨ ᠵᠠᠮ᠂ ᠠᠶᠤᠤᠯᠢᠬᠠᠢ ᠴᠡᠭᠡᠵᠢᠨ ᠳᠤ ᠮᠢᠨᠢ ᠬᠠᠳᠠᠩᠰᠢᠭᠰᠠᠨ ᠠᠷᠢᠭᠤᠬᠠᠨ ᠰᠤᠷᠭᠠᠯ ᠪᠠᠶᠢᠵᠤ ᠲᠠᠭᠠᠷᠠᠨ᠎ᠠ᠃ ᠡᠶᠢᠮᠦ ᠶᠢᠨ ᠲᠤᠯᠠᠳᠠ ᠰᠦᠯᠳᠠ ᠲᠠᠬᠢᠯᠭ᠎ᠠ ᠲᠠᠢ ᠮᠠᠨᠳᠤᠯ ᠣᠪᠤᠭ᠎ᠠ ᠶᠢ ᠲᠦᠰᠢᠵᠦ ᠠᠯᠳᠠᠯᠠᠭᠰᠠᠨ ᠬᠠᠳᠠᠭ ᠰᠢᠭ᠋ ᠬᠡᠷᠦᠯᠦᠨ ᠭᠤᠣᠯ ᠢ ᠤᠷᠢᠳᠤᠭᠤᠷ ᠢᠶᠠᠨ ᠳᠡᠯᠭᠡᠭᠰᠡᠨ ᠰᠢᠨ᠎ᠠ ᠪᠠᠷᠭᠤ ᠪᠠᠷᠠᠭᠤᠨ ᠬᠤᠰᠢᠭᠤᠨ ᠤ ᠠᠳᠤᠭᠤᠨᠴᠢᠯᠠᠭᠤ ᠰᠤᠮᠤ ᠨᠢ ᠨᠠᠳᠠ ᠳᠤ ᠤᠭᠤᠷᠠᠭ ᠴᠠᠭᠠᠨ ᠬᠦᠰᠡᠯ ᠤᠷᠭᠤᠭᠤᠯᠵᠤ᠂ ᠳᠠᠷᠬᠠᠨ ᠮᠣᠩᠭᠤᠯ ᠰᠣᠶᠤᠯ ᠤᠨ ᠳᠠᠯᠠᠢ ᠶᠡᠭᠡ ᠪᠤᠶᠠᠨ ᠳᠤ ᠤᠮᠪᠠᠨ ᠱᠤᠩᠪᠠᠨ ᠬᠥᠮᠥᠨ ᠪᠣᠯᠬᠤ ᠤᠴᠢᠷᠲᠡᠢ ᠰᠠᠶᠢᠬᠠᠨ ᠢᠷᠦᠭᠡᠯ ᠬᠠᠶᠢᠷᠠᠯᠠᠭᠰᠠᠨ ᠪᠠᠶᠢᠵᠠᠢ ᠳ᠋ᠠ᠃ ᠪᠢ ᠲᠡᠨᠳᠡ ᠯᠡ ᠳᠡᠪᠡᠯ ᠲᠠᠢ ᠮᠣᠩᠭᠤᠯ ᠵᠣᠨ ᠤ ᠳᠡᠯᠭᠡᠷ ᠶᠡᠭᠡ ᠤᠬᠠᠭᠠᠨ ᠰᠣᠷᠢᠵᠤ᠂ ᠳᠡᠭᠳᠡᠭᠡᠬᠡᠢ ᠰᠢᠭ ᠪᠠᠭ᠎ᠠ ᠪᠡᠶ᠎ᠡ ᠮᠢᠨᠢ ᠳᠡᠯᠡᠬᠡᠢ ᠳᠤ ᠪᠠᠭᠲᠠᠮ᠎ᠠ ᠦᠭᠡᠢ ᠥᠷᠢ ᠲᠠᠢ ᠪᠠᠨ ᠮᠡᠳᠡᠷᠡᠭᠰᠡᠨ ᠪᠢᠯᠡ᠃      ᠨᠠᠮᠠᠢᠢ ᠠᠳᠤᠭᠤᠨᠴᠢᠯᠠᠭᠤ ᠰᠤᠮᠤᠨ ᠤ ᠪᠠᠭ᠎ᠠ ᠰᠤᠷᠭᠠᠭᠤᠯᠢ ᠳᠤ ᠪᠠᠶᠢᠬᠤ ᠳᠤ ᠮᠢᠨᠦ ᠠᠩᠭᠢ ᠶᠢᠨ ᠡᠷᠭᠢᠯᠡᠭᠴᠢ ᠰᠧᠳᠡᠨᠳᠣᠷᠵᠢ ᠪᠠᠭᠰᠢ ᠨᠢᠭᠡ ᠤᠳᠠᠭᠠᠨ ᠤ ᠬᠢᠴᠢᠶᠡᠯ ᠳᠡᠭᠡᠷ᠎ᠡ᠄ ︽ᠥᠩᠭᠡᠷᠡᠭᠰᠡᠨ ᠳᠤ ᠮᠠᠨ ᠤ ᠡᠨᠡ ᠨᠤᠲᠤᠭ ᠲᠤ ᠨᠢᠭᠡ ᠮᠡᠷᠭᠡᠨ ᠰᠢᠨᠵᠢᠭᠡᠴᠢ ᠬᠥᠮᠥᠨ ᠪᠠᠶᠢᠭᠰᠠᠨ ᠶᠤᠮ ᠭᠡᠨ᠎ᠡ᠃ ᠲᠡᠭᠡᠭᠡᠳ ᠲᠡᠷᠡ ᠬᠥᠮᠥᠨ ᠮᠠᠨ ᠤ ᠰᠤᠮᠤᠨ ᠤ ᠬᠤᠶᠢᠨ᠎ᠠ ᠪᠠᠶᠢᠭ᠎ᠠ ᠵᠢᠯ ᠪᠦᠷᠢ ᠶᠢᠨ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠬᠤᠷᠢᠨ ᠭᠤᠷᠪᠠᠨ ᠤ ᠡᠳᠦᠷ ᠲᠠᠬᠢᠳᠠᠭ ᠮᠠᠨᠳᠤᠯ ᠣᠪᠤᠭ᠎ᠠ ᠶᠢ ᠯᠤᠤ ᠶᠢᠨ ᠲᠣᠯᠤᠭᠠᠢ ᠶᠢᠨ ᠣᠷᠤᠢ ᠭᠡᠵᠤ᠂ ᠠᠳᠤᠭᠤᠨᠴᠢᠯᠠᠭᠤ ᠰᠤᠮᠤ ᠶᠢᠨ ᠶᠠᠭ ᠪᠠᠷᠠᠭᠤᠨ ᠳᠡᠷᠭᠡᠳᠡ ᠨᠢ ᠪᠠᠶᠢᠭ᠎ᠠ ᠪᠤᠶᠠᠨᠲᠤ ᠪᠦᠷᠢᠳᠦ ᠭᠡᠳᠡᠭ ᠬᠤᠶᠠᠷ ᠨᠠᠭᠤᠷ ᠪᠦᠷᠢᠳᠦ ᠶᠢ ᠯᠤᠤ ᠶᠢᠨ ᠬᠤᠶᠠᠷ ᠨᠢᠳᠦ ᠭᠡᠵᠤ᠂ ᠪᠠᠶᠢᠷᠢᠰᠢᠵᠤ ᠪᠠᠶᠢᠭ᠎ᠠ ᠡᠨᠡ ᠭᠠᠵᠠᠷ ᠢ ᠨᠢ ᠯᠤᠤ ᠬᠡᠪᠲᠡᠵᠦ ᠪᠠᠶᠢᠭ᠎ᠠ ᠰᠢᠨᠵᠢᠲᠡᠢ ᠪᠡᠯᠭᠡ ᠳᠡᠮᠪᠡᠷᠢᠯ ᠲᠠᠢ ᠰᠠᠶᠢᠬᠠᠨ ᠭᠠᠵᠠᠷ ᠭᠡᠵᠤ ᠰᠢᠨᠵᠢᠭᠰᠡᠨ ᠭᠡᠨ᠎ᠡ᠃ ᠡᠶᠢᠮᠦ ᠠᠴᠠ ᠶᠤᠮ ᠤᠤ ᠳ᠋ᠠ᠃ ᠮᠠᠨ ᠤ ᠰᠤᠮᠤᠨ ᠤ ᠴᠢᠯᠠᠭᠤ ᠲᠠᠢ ᠨᠤᠲᠤᠭ ᠠᠴᠠ ᠰᠢᠨᠳᠠᠰᠤ ᠲᠠᠢ ᠦᠷᠡᠰ ᠴᠣᠯᠭᠤᠷᠠᠨ ᠭᠠᠷᠳᠠᠭ ᠶᠤᠮ ᠰᠢᠦ ᠁︾ ᠭᠡᠵᠤ ᠰᠡᠳᠬᠢᠯ ᠤᠶᠠᠷᠠᠭᠠᠮ᠎ᠠ ᠰᠠᠶᠢᠬᠠᠨ ᠳᠣᠮᠤᠭ ᠢᠶᠠᠷ ᠵᠢᠷᠦᠬᠡ ᠶᠢ ᠮᠢᠨᠢ ᠠᠷᠭᠠᠮᠵᠢᠵᠤ᠂ ᠰᠣᠷᠢᠨᠵᠢᠨ ᠳᠤ ᠲᠠᠲᠠᠭᠳᠠᠭᠰᠠᠨ ᠰᠢᠭ᠋ ᠠᠩᠬᠠᠷᠤᠯ ᠲᠥᠪᠯᠡᠷᠡᠭᠦᠯᠦᠭᠰᠡᠨ ᠣᠨᠢᠨ ᠳᠡᠭᠡᠷ᠎ᠡ ᠰᠢᠨ᠎ᠡ ᠰᠤᠷᠤᠭᠰᠠᠨ ᠬᠡᠳᠦᠨ ᠦᠭᠡ ᠪᠠᠷ ᠥᠭᠦᠯᠡᠪᠦᠷᠢ ᠵᠣᠬᠢᠶᠠᠯᠭᠠᠪᠠ᠃      ᠪᠠᠭᠰᠢ ᠶᠢᠨ ᠮᠢᠨᠢ ᠰᠠᠶᠢᠬᠠᠨ ᠶᠠᠷᠢᠶ᠎ᠠ ᠬᠦᠷᠦᠰᠦᠨ ᠳᠤ ᠳᠠᠷᠤᠭᠰᠠᠨ ᠲᠠᠮᠠᠭ᠎ᠠ ᠰᠢᠭ᠋ ᠰᠡᠳᠬᠢᠯ ᠳᠤ ᠮᠢᠨᠢ ᠭᠦᠨ ᠰᠠᠭᠤᠭᠳᠠᠭᠰᠠᠨ ᠠᠴᠠ ᠤᠷᠮᠠᠰᠢᠵᠤ ᠵᠣᠷᠢᠭᠵᠢᠭᠰᠠᠨ ᠪᠢ ᠰᠤᠷᠴᠤ ᠥᠩᠭᠡᠷᠡᠭᠰᠡᠨ ᠰᠢᠯᠦᠭ ᠤᠨ ᠢᠶᠠᠨ ᠲᠢᠭ ᠮᠠᠶ᠋ᠢᠭ ᠢ ᠳᠠᠭᠤᠷᠢᠶᠠᠵᠤ ᠥᠭᠦᠯᠡᠪᠦᠷᠢ ᠪᠠᠨ ᠵᠣᠬᠢᠶᠠᠭᠰᠠᠨ ᠳᠤ ᠪᠠᠭᠰᠢ ᠮᠢᠨᠢ ᠳᠣᠣᠷ᠎ᠠ ᠪᠠᠨ ᠣᠯᠠᠨ ᠢ ᠨᠠᠮ ᠵᠢᠮ ᠰᠠᠭᠤᠯᠭᠠᠵᠤ᠂ ᠮᠢᠨᠦ ᠵᠣᠬᠢᠶᠠᠭᠰᠠᠨ ᠥᠭᠦᠯᠡᠪᠦᠷᠢ ᠶᠢ ᠤᠩᠰᠢᠵᠤ ᠥᠭᠭᠦᠭᠡᠳ ᠨᠠᠮᠠᠢᠢ᠄ ︽ᠲᠠᠷᠢᠬᠢ ᠪᠠᠨ ᠬᠥᠳᠡᠯᠭᠡᠵᠦ ᠰᠤᠷᠤᠭᠰᠠᠨ ᠮᠡᠳᠡᠯᠭᠡ ᠪᠠᠨ ᠠᠮᠢᠳᠤᠯᠢᠭ ᠬᠡᠷᠡᠭᠯᠡᠵᠦ ᠪᠠᠶᠢᠨ᠎ᠠ︾ ᠭᠡᠵᠤ ᠮᠠᠭᠲᠠᠭᠰᠠᠨ᠃ ᠲᠡᠷᠡ ᠮᠠᠭᠲᠠᠭᠠᠯ ᠨᠢ ᠨᠠᠳᠠ ᠳᠤ ᠨᠠᠰᠤᠨ ᠲᠤᠷᠰᠢᠲᠠ ᠮᠠᠷᠲᠠᠭᠳᠠᠰᠢ ᠦᠭᠡᠢ ᠭᠦᠨ ᠰᠠᠭᠤᠭᠳᠠᠯ ᠦᠯᠡᠳᠡᠭᠡᠵᠦ᠂ ᠪᠠᠭᠰᠢ ᠶᠢᠨ ᠮᠢᠨᠢ ᠮᠢᠨᠦ ᠳᠠᠰᠬᠠᠯ ᠢ ᠦᠵᠡᠭᠰᠡᠨ ᠤ ᠰᠡᠭᠦᠯᠡᠷ ᠶᠠᠭᠠᠬᠢᠵᠤ ᠪᠡᠶ᠎ᠡ ᠡᠷᠭᠢᠭᠰᠡᠨ᠂ ᠨᠢᠭᠤᠷ ᠲᠤᠨᠢ ᠶᠠᠮᠠᠷ ᠰᠢᠤᠬᠠᠨ ᠢᠨᠢᠶᠡᠮᠰᠦᠭᠯᠡᠯ ᠲᠣᠳᠤᠷᠠᠭᠰᠠᠨ᠂ ᠶᠠᠭᠠᠬᠢᠵᠤ ᠰᠡᠳᠬᠢᠯ ᠲᠣᠭᠳᠤᠯᠤᠭᠰᠠᠨ ᠨᠢ ᠬᠦᠷᠲᠡᠯ᠎ᠡ ᠣᠳᠤ ᠪᠣᠯᠲᠠᠯ᠎ᠠ ᠲᠣᠳᠤ ᠴᠡᠭᠡᠵᠢᠯᠡᠭᠳᠡᠭᠰᠡᠭᠡᠷ᠁ ᠤᠴᠢᠷ ᠨᠢ ᠪᠢ ᠲᠡᠷᠡ ᠤᠳᠠᠭ᠎ᠠ ᠠᠴᠠ ᠬᠤᠶᠢᠰᠢ ᠬᠡᠯᠡ ᠪᠢᠴᠢᠭ ᠰᠤᠷᠬᠤ ᠳᠤᠷᠠᠲᠠᠢ ᠪᠣᠯᠤᠭᠰᠠᠨ ᠪᠢᠯᠡ᠃      1979 ᠣᠨ ᠳᠤ ᠪᠢ ᠣᠨᠴᠠ ᠰᠠᠶᠢᠨ ᠬᠢᠷᠢ ᠪᠦᠲᠦᠮᠵᠢ ᠪᠠᠷ ᠠᠳᠤᠭᠤᠨᠴᠢᠯᠠᠭᠤ ᠰᠤᠮᠤᠨ ᠤ ᠪᠠᠭ᠎ᠠ ᠰᠤᠷᠭᠠᠭᠤᠯᠢ ᠠᠴᠠ ᠪᠠᠨ ᠬᠠᠶᠢᠯᠠᠷ ᠲᠠᠬᠢ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠠᠩᠬ᠎ᠠ ᠵᠡᠷᠭᠡ ᠶᠢᠨ ᠨᠢᠭᠡᠳᠦᠭᠡᠷ ᠣᠨ ᠳᠤ ᠰᠢᠯᠭᠠᠭᠳᠠᠨ ᠣᠷᠤᠵᠤ᠂ ᠳᠠᠷᠠᠭ᠎ᠠ ᠵᠢᠯ ᠨᠢ ᠬᠤᠪᠢ ᠵᠠᠶᠠᠭᠠᠨ ᠤ ᠠᠯᠲᠠᠨ ᠪᠠᠷᠢᠯᠳᠤᠯᠭ᠎ᠠ ᠪᠠᠷ ᠠᠰᠠᠭᠠᠭᠰᠠᠨ ᠯᠠ ᠰᠢᠭ᠋ ᠠᠷᠠᠳ ᠤᠨ ᠬᠡᠦᠬᠡᠳ ᠤᠨ ᠲᠥᠯᠥᠭᠡ ᠠᠯᠢᠪᠠ ᠪᠠᠨ ᠵᠣᠷᠢᠭᠤᠯᠳᠠᠭ ᠠᠨ ᠶᠢᠨ ᠱᠠᠨ ᠭᠡᠳᠡᠭ ᠪᠠᠭᠰᠢ ᠲᠠᠢ ᠲᠣᠬᠢᠶᠠᠯᠳᠤᠭᠰᠠᠨ ᠶᠤᠮ᠃ ᠠᠨ ᠶᠢᠨ ᠱᠠᠨ ᠪᠠᠭᠰᠢ ᠪᠢᠳᠡᠨ ᠢ ᠬᠦᠯᠢᠶᠡᠨ ᠠᠪᠤᠭᠰᠠᠨ ᠤ ᠳᠠᠷᠠᠭ᠎ᠠ ᠬᠠᠮᠤᠭ ᠠᠩᠬᠠᠨ ᠤ ᠵᠣᠬᠢᠶᠠᠨ ᠪᠢᠴᠢᠯᠭᠡ ᠶᠢᠨ ᠳᠠᠰᠬᠠᠯ ᠬᠢᠯᠭᠡᠬᠦ ᠳᠡᠭᠡᠨ ᠵᠠᠬᠢᠳᠠᠯ ᠪᠢᠴᠢᠭᠦᠯᠪᠡ᠃ ᠬᠡᠳᠦᠨ ᠡᠳᠦᠷ ᠤᠨ ᠳᠠᠷᠠᠭ᠎ᠠ ᠮᠢᠨᠦ ᠳᠠᠰᠬᠠᠯ ᠤᠯᠠᠭᠠᠨ ᠤᠰᠤᠨ ᠪᠢᠷ ᠢᠶᠠᠷ ᠳᠤᠷᠠᠶᠢᠲᠠᠯ᠎ᠠ ᠵᠠᠰᠠᠭᠳᠠᠭᠰᠠᠨ᠂ ᠠᠷᠤ ᠳᠤᠨᠢ᠄ ︽ᠨᠡᠯᠢᠶᠡᠳ ᠰᠠᠶᠢᠨ᠂ ᠦᠭᠡ ᠥᠭᠦᠯᠡᠪᠦᠷᠢ ᠪᠠᠨ ᠪᠢᠲᠡᠭᠡᠢ ᠣᠯᠠᠨ ᠨᠣᠷᠱᠢ︾ ᠭᠡᠳᠡᠭ ᠴᠣᠬᠤᠯᠠᠪᠤᠷᠢ ᠲᠠᠢ ᠪᠤᠴᠠᠵᠤ ᠢᠷᠡᠯ᠎ᠡ᠃ ᠲᠡᠭᠦᠨ ᠠᠴᠠ ᠡᠬᠢᠯᠡᠵᠦ ᠪᠢ ᠵᠣᠬᠢᠶᠠᠯ ᠤᠨ ᠳᠠᠰᠬᠠᠯ ᠢᠶᠠᠨ ᠪᠡᠶᠡᠯᠡᠭᠦᠯᠬᠦ ᠪᠦᠷᠢ ᠦᠭᠡ ᠥᠭᠦᠯᠡᠪᠦᠷᠢ ᠪᠠᠨ ᠨᠣᠷᠱᠤᠭᠰᠠᠨ ᠡᠰᠡᠬᠦ ᠶᠢ ᠣᠨᠴᠠᠭᠠᠶᠢᠯᠠᠨ ᠠᠩᠬᠠᠷᠬᠤ ᠪᠣᠯᠵᠤ᠂ ᠵᠣᠬᠢᠶᠠᠯ ᠤᠨ ᠳᠠᠰᠬᠠᠯ ᠢᠶᠠᠨ ᠲᠤᠰᠢᠶᠠᠭᠰᠠᠨ ᠤ ᠰᠡᠭᠦᠯᠡᠷ ᠪᠠᠭᠰᠢ ᠶᠢᠨ ᠢᠶᠠᠨ ᠤᠯᠠᠭᠠᠨ ᠪᠢᠷ ᠢᠶᠠᠷ ᠳᠤᠷᠠᠶᠢᠲᠠᠯ᠎ᠠ ᠪᠢᠴᠢᠭᠰᠡᠨ ᠴᠣᠬᠤᠯᠠᠪᠤᠷᠢ ᠶᠢ ᠨᠢ ᠦᠵᠡᠬᠦ ᠭᠡᠳ ᠶᠠᠭᠠᠷᠠᠵᠤ ᠬᠦᠯᠢᠶᠡᠳᠡᠭ ᠪᠣᠯᠪᠠ᠃ ᠣᠳᠤ ᠪᠣᠳᠤᠬᠤ ᠳᠤ ᠲᠡᠷᠡ ᠴᠣᠬᠤᠯᠠᠪᠤᠷᠢ ᠨᠠᠮᠠᠢᠢ ᠤᠷᠮᠠᠰᠢᠭᠤᠯᠵᠤ ᠵᠣᠷᠢᠭᠵᠢᠭᠤᠯᠳᠠᠭ ᠤᠨ ᠬᠠᠮᠲᠤ ᠮᠢᠨᠦ ᠡᠮᠵᠡᠭ ᠪᠠᠭᠤᠷᠠᠢ ᠶᠢ ᠢᠯᠳᠠᠷ ᠦᠭᠡᠢ ᠢᠯᠡᠴᠢᠯᠡᠵᠦ ᠨᠠᠳᠠ ᠳᠤ ᠳᠠᠩᠴᠤ ᠦᠨᠡᠲᠡᠢ᠂ ᠳᠠᠩᠴᠤ ᠴᠢᠩᠭ᠎ᠠ ᠬᠠᠨᠳᠤᠳᠠᠭ ᠠᠴᠠ ᠯᠡ ᠪᠣᠯᠤᠭᠰᠠᠨ ᠪᠠᠶᠢᠬ᠎ᠠ ᠳ᠋ᠠ᠃      ᠠᠩᠬ᠎ᠠ ᠬᠤᠶᠠᠷ ᠤᠨ ᠲᠡᠷᠡ ᠵᠢᠯ ᠳᠤ ᠮᠠᠨ ᠤ ᠬᠠᠶᠢᠯᠠᠷ ᠲᠠᠬᠢ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠮᠣᠩᠭᠤᠯ ᠬᠡᠯᠡᠨ ᠤ ᠳᠤᠭᠤᠶᠢᠯᠠᠩ ᠠᠴᠠ ᠡᠷᠬᠢᠯᠡᠭᠰᠡᠨ ᠵᠣᠬᠢᠶᠠᠨ ᠪᠢᠴᠢᠯᠭᠡ ᠶᠢᠨ ᠤᠷᠤᠯᠳᠤᠭᠠᠨ ᠳᠤ ᠪᠢ ︽ᠵᠤᠯᠵᠠᠭᠠᠨ ᠮᠣᠳᠤ ᠪᠠᠨ ᠤᠰᠤᠯᠠᠬᠤ ᠪᠦᠷᠢ︾ ᠭᠡᠬᠦ ᠵᠣᠬᠢᠶᠠᠯ ᠢᠶᠠᠷ ᠢᠶᠠᠨ ᠬᠤᠶᠠᠳᠤᠭᠠᠷ ᠲᠡᠰ ᠤᠨ ᠱᠠᠩᠨᠠᠯ ᠬᠦᠷᠲᠡᠭᠰᠡᠨ ᠪᠥᠭᠡᠳ ᠡᠨᠡ ᠵᠣᠬᠢᠶᠠᠯ ᠮᠠᠨᠢ ᠮᠥᠨ ᠵᠢᠯ ᠳᠡᠭᠡᠨ ᠰᠤᠷᠭᠠᠭᠤᠯᠢ ᠶᠢᠨ ᠰᠡᠳᠬᠦᠯ ᠳᠤ ᠰᠣᠩᠭᠤᠭᠳᠠᠨ ᠣᠷᠤᠪᠠ᠃ ᠲᠡᠷᠡ ᠬᠤᠷᠤᠮ ᠳᠤ ᠣᠶᠤᠨ ᠰᠠᠨᠠᠭᠠᠨ ᠳᠤ ᠮᠢᠨᠢ ᠶᠡᠭᠡ ᠥᠰᠦᠷᠦᠯᠲᠡ ᠭᠠᠷᠴᠤ ᠦᠭᠡ ᠪᠠᠷ ᠳᠦᠷᠰᠦᠯᠡᠨ ᠥᠯᠥ ᠴᠢᠳᠠᠬᠤ ᠬᠦᠰᠡᠯ ᠤᠨ ᠭᠠᠯ ᠢ ᠳᠦᠷᠡᠯᠵᠡᠭᠦᠯᠵᠦ ᠰᠣᠶᠤᠯ ᠤᠨ ᠠᠯᠲᠠᠨ ᠠᠶᠠᠭᠠᠨ ᠠᠴᠠ ᠴᠠᠢ ᠣᠭᠤᠴᠢᠬᠤ ᠪᠢᠲᠡᠭᠦᠬᠡᠨ ᠲᠣᠭᠳᠤᠯᠤᠯ ᠢ ᠵᠠᠩᠭᠢᠳᠴᠤ ᠣᠷᠬᠢᠭᠰᠠᠨ ᠪᠠᠶᠢᠯ᠎ᠠ᠃ᠬᠡᠰᠢᠭᠲᠦ ᠪᠠᠭᠰᠢ ᠪᠣᠯ ᠮᠢᠨᠦ ᠬᠠᠶᠢᠯᠠᠷ ᠲᠠᠬᠢ ᠮᠣᠩᠭᠤᠯ ᠦᠨᠳᠦᠰᠦᠲᠡᠨ ᠤ ᠪᠠᠭᠰᠢ ᠶᠢᠨ ᠰᠤᠷᠭᠠᠭᠤᠯᠢ ᠳᠤ ᠰᠤᠷᠤᠯᠴᠠᠵᠤ ᠪᠠᠶᠢᠬᠤ ᠦᠶ᠎ᠡ ᠶᠢᠨ ᠤᠳᠬ᠎ᠠ ᠵᠣᠬᠢᠶᠠᠯ ᠤᠨ ᠪᠠᠭᠰᠢ ᠪᠣᠯᠤᠨ᠎ᠠ᠃ ︽ᠰᠣᠶᠤᠯ︾ ᠤᠨ ᠥᠨᠳᠦᠷ ᠲᠦᠪᠰᠢᠨ᠂ ᠮᠡᠳᠡᠯᠭᠡ ᠶᠢᠨ ᠳᠡᠯᠭᠡᠷ ᠬᠡᠮᠵᠢᠶ᠎ᠡ ᠪᠣᠯ ᠪᠠᠭᠰᠢ ᠬᠥᠮᠥᠨ ᠤ ᠬᠤᠶᠠᠷ ᠵᠢᠭᠦᠷ ᠶᠤᠮ ᠰᠢᠦ ᠭᠡᠵᠤ ᠪᠠᠶᠢᠩᠭᠤ ᠰᠤᠷᠭᠠᠳᠠᠭ ᠬᠥᠮᠥᠨ ᠤ ᠨᠢᠭᠡ᠃      ᠪᠠᠭᠰᠢ ᠶᠢᠨ ᠰᠤᠷᠭᠠᠭᠤᠯᠢ ᠶᠢᠨ ᠭᠤᠷᠪᠠᠳᠤᠭᠠᠷ ᠣᠨ ᠤ ᠵᠢᠯ ᠳᠤ ᠬᠡᠰᠢᠭᠲᠦ ᠪᠠᠭᠰᠢ ᠪᠢᠳᠡᠨ ᠳᠤ︽ᠥᠪᠡᠷ ᠤᠨ ᠬᠠᠮᠤᠭ ᠠᠴᠠ ᠣᠶᠢᠯᠠᠭᠠᠳᠠᠭ ᠬᠥᠮᠥᠨ ᠢᠶᠠᠨ ᠪᠢᠴᠢ︾ ᠭᠡᠰᠡᠨ ᠵᠣᠬᠢᠶᠠᠯ ᠤᠨ ᠳᠠᠰᠬᠠᠯ ᠦᠯᠡᠳᠡᠭᠡᠪᠡ᠃ ᠪᠢ ᠲᠡᠷᠡ ᠵᠣᠬᠢᠶᠠᠯ ᠢᠶᠠᠨ ︽ᠵᠠᠯᠠᠭᠤ ᠨᠠᠰᠤᠨ ᠤ ᠡᠷᠢᠯ ᠬᠦᠰᠡᠯ︾ ᠭᠡᠵᠤ ᠭᠠᠷᠴᠠᠭᠯᠠᠭᠰᠠᠨ ᠪᠥᠭᠡᠳ ᠬᠥᠳᠡᠭᠡ ᠶᠢᠨ ᠨᠢᠭᠡ ᠮᠠᠯᠴᠢᠨ ᠬᠡᠦᠬᠡᠨ ᠠᠶᠢᠮᠠᠭ ᠤᠨ ᠤᠷᠠᠯᠢᠭ ᠤᠨ ᠰᠤᠷᠭᠠᠭᠤᠯᠢ ᠳᠤ ᠰᠢᠯᠭᠠᠭᠳᠠᠨ ᠣᠷᠤᠭᠰᠠᠨ ᠢᠶᠠᠷ ᠰᠡᠳᠦᠪᠯᠡᠵᠦ ᠪᠢᠴᠢᠭᠰᠡᠨ ᠶᠤᠮ᠃ ᠲᠤᠰ ᠵᠣᠬᠢᠶᠠᠯ ᠳᠤ ᠮᠢᠨᠢ ᠬᠡᠰᠢᠭᠲᠦ ᠪᠠᠭᠰᠢ ᠮᠠᠰᠢ ᠬᠠᠨᠤᠮᠵᠢᠲᠠᠢ ᠦᠨᠡᠯᠡᠯᠲᠡ ᠥᠭᠴᠦ᠂ ᠮᠠᠨ ᠤ ᠠᠩᠭᠢ ᠶᠢᠨ ᠰᠤᠷᠤᠭᠴᠢᠳ ᠲᠤ ᠤᠩᠰᠢᠨ ᠥᠭᠭᠦᠭᠰᠡᠨ ᠢᠶᠠᠷ ᠪᠠᠷᠠᠬᠤ ᠦᠭᠡᠢ᠂ ᠨᠥᠭᠦᠭᠡ ᠠᠩᠬᠢ ᠶᠢᠨ ᠨᠥᠬᠦᠳ ᠲᠤ ᠴᠦ ᠤᠩᠰᠢᠨ ᠰᠣᠨᠢᠷᠬᠠᠭᠤᠯᠤᠭᠰᠠᠨ ᠠᠴᠠ ᠰᠠᠨᠠᠭᠠᠨ ᠳᠤ ᠦᠭᠡᠢ ᠬᠠᠷᠢᠨ ᠪᠠᠭᠰᠢ ᠰᠤᠷᠤᠭᠴᠢᠳ ᠤᠨ ᠰᠡᠳᠬᠢᠯ ᠢ ᠬᠥᠳᠡᠯᠭᠡᠵᠦ᠂ ᠣᠨ ᠪᠦᠯᠦᠭ ᠢᠶᠠᠨ ᠳᠣᠷᠭᠢᠭᠤᠯᠤᠭᠰᠠᠨ ᠪᠠᠶᠢᠯ᠎ᠠ᠃ ᠡᠨᠡ ᠮᠡᠳᠦ ᠪᠠᠷ ᠪᠠᠭᠰᠢ ᠨᠠᠷ ᠮᠢᠨᠢ ᠨᠠᠳᠠ ᠶᠢ ᠬᠡᠯᠡ ᠪᠢᠴᠢᠭ ᠢ ᠤᠷᠮ᠎ᠠ ᠲᠠᠢ ᠰᠤᠷᠬᠤ ᠵᠠᠮ ᠲᠡᠰᠢ ᠠᠯᠬᠤᠮ ᠠᠯᠬᠤᠮ ᠢᠶᠠᠷ ᠬᠥᠲᠥᠯᠥᠭᠰᠡᠨ ᠶᠤᠮ᠃      ᠰᠢᠪᠠᠭᠤ ᠥᠳᠦ ᠵᠢᠭᠦᠷ ᠨᠢ ᠤᠷᠭᠤᠵᠤ ᠭᠦᠢᠴᠡᠪᠡᠯ ᠥᠨᠳᠦᠷ ᠣᠭᠲᠠᠷᠭᠤᠢ ᠳᠤ ᠬᠠᠯᠢᠨ ᠨᠢᠰᠳᠡᠭ ᠲᠠᠢ ᠠᠳᠠᠯᠢ ᠪᠠᠷ 1987 ᠣᠨ ᠤ ᠵᠤᠨ ᠪᠢ ᠠᠵᠢᠯ ᠦᠢᠯᠡᠰ ᠤᠨ ᠠᠯᠲᠠᠨ ᠬᠠᠷᠭᠤᠢ ᠪᠠᠷ ᠵᠠᠮᠨᠠᠬᠤ ᠠᠩᠬᠠᠨ ᠤ ᠠᠯᠬᠤᠭ᠎ᠠ ᠪᠠᠨ ᠠᠳᠤᠭᠤᠨᠴᠢᠯᠠᠭᠤ ᠰᠤᠮᠤᠨ ᠤ ᠪᠠᠭ᠎ᠠ ᠰᠤᠷᠭᠠᠭᠤᠯᠢ ᠳᠤ ᠡᠬᠢᠯᠡᠭᠦᠯᠵᠦ ᠰᠧᠳᠡᠨᠳᠣᠷᠵᠢ ᠪᠠᠭᠰᠢ ᠲᠠᠢ ᠪᠠᠨ ᠬᠠᠮᠲᠤ ᠠᠵᠢᠯᠯᠠᠬᠤ ᠪᠣᠯᠪᠠ᠃ ᠪᠠᠭᠰᠢ ᠶᠢᠨ ᠬᠥᠮᠥᠵᠢᠯ ᠳᠣᠣᠷ᠎ᠠ ᠡᠳᠦᠷᠵᠢᠨ ᠳᠠᠪᠲᠠᠯᠭ᠎ᠠ ᠬᠢᠴᠢᠶᠡᠯ ᠭᠡᠵᠤ ᠶᠠᠭᠠᠷᠠᠳᠠᠭ ᠪᠠᠶᠢᠭᠰᠠᠨ ᠢᠶᠠᠨ ᠨᠢᠳᠦ ᠢᠷᠮᠡᠬᠦ ᠶᠢᠨ ᠵᠠᠭᠤᠷ᠎ᠠ ᠥᠪᠡᠷ ᠢᠶᠠᠨ ᠬᠠᠷᠢᠨ ᠪᠠᠭᠰᠢ ᠶᠢᠨ ᠠᠯᠪᠠ ᠭᠦᠢᠴᠡᠳᠬᠡᠵᠦ᠂ ᠰᠤᠷᠤᠭᠴᠢᠳ ᠢᠶᠠᠨ ᠭᠡᠵᠤ ᠭᠦᠶᠦᠬᠦ ᠪᠣᠯᠤᠭᠰᠠᠨ ᠨᠢ ᠰᠤᠷᠤᠭᠴᠢ ᠶᠢᠨ ᠠᠮᠢᠳᠤᠷᠠᠯ ᠳᠤ ᠳᠡᠩᠳᠡᠭᠦᠦ ᠳᠠᠰᠤᠭᠰᠠᠨ ᠨᠠᠳᠠ ᠳᠤ ᠲᠣᠩ ᠰᠣᠨᠢᠬᠠᠨ ᠰᠠᠨᠠᠭᠳᠠᠵᠤ ᠪᠠᠶᠢᠭᠰᠠᠨ ᠶᠤᠮ᠃ ᠨᠡᠩ ᠴᠦ ᠮᠠᠨ ᠤ ᠠᠳᠤᠭᠤᠨᠴᠢᠯᠠᠭᠤ ᠰᠤᠮᠤ ᠨᠢ ᠪᠤᠶᠢᠳᠠ ᠪᠦᠭᠯᠡᠭᠦᠦ᠂ ᠨᠥᠬᠦᠴᠡᠯ ᠪᠠᠷᠤᠭ ᠲᠠᠢ᠂ ᠭᠠᠷᠠᠭ ᠲᠤ ᠨᠢᠭᠡ ᠯᠡ ᠤᠳᠠᠭ᠎ᠠ ᠬᠤᠰᠢᠭᠤ ᠰᠤᠮᠤᠨ ᠤ ᠬᠤᠭᠤᠷᠤᠨᠳᠤ ᠨᠡᠶᠢᠲᠡ ᠶᠢᠨ ᠮᠠᠰᠢᠨ ᠭᠦᠶᠦᠳᠡᠭ ᠠᠴᠠ ᠵᠠᠮ ᠬᠠᠷᠢᠯᠴᠠᠭ᠎ᠠ ᠳᠦᠭᠦᠮ ᠦᠭᠡᠢ᠂ ᠴᠠᠬᠢᠯᠭᠠᠨ ᠴᠦ ᠪᠠᠶᠢᠬᠤ ᠦᠭᠡᠢ ᠪᠠᠶᠢᠳᠠᠯ ᠳᠣᠣᠷ᠎ᠠ ᠣᠷᠤᠢ ᠨᠢ ᠰᠦᠮᠡᠯᠵᠡᠭᠰᠡᠨ ᠯᠠ ᠶᠢᠨ ᠭᠡᠷᠡᠯ ᠳᠤ ᠬᠢᠴᠢᠶᠡᠯ ᠪᠡᠯᠡᠳᠬᠡᠵᠦ ᠰᠠᠭᠤᠬᠤ ᠳᠤ ᠥᠪᠡᠷ ᠢ ᠪᠠᠨ ᠠᠩᠬ᠎ᠠ ᠤᠳᠠᠭ᠎ᠠ ᠲᠣᠮᠤ ᠬᠥᠮᠥᠨ ᠪᠣᠯᠤᠭᠰᠠᠨ ᠢᠶᠠᠨ ᠮᠡᠳᠡᠷᠡᠵᠦ᠂ ᠥᠪᠡᠷ ᠤᠨ ᠪᠡᠶ᠎ᠡ ᠪᠠᠨ ᠨᠡᠶᠢᠭᠡᠮ ᠨᠡᠶᠢᠲᠡ ᠳᠤ ᠶᠠᠮᠠᠷ ᠰᠢᠤᠬᠠᠨ ᠠᠪᠴᠤ ᠶᠠᠪᠤᠪᠠᠯ ᠲᠠᠭᠠᠷᠠᠨ᠎ᠠ ᠭᠡᠬᠦ ᠪᠣᠳᠤᠯ ᠲᠠᠢ ᠪᠣᠯᠪᠠ᠃ ᠲᠤᠬᠠᠢ ᠶᠢᠨ ᠦᠶ᠎ᠡ ᠳᠤ ᠭᠠᠭᠴᠠ ᠬᠦ ᠭᠠᠷᠠᠭ ᠤᠨ ᠡᠳᠦᠷ ᠤᠨ ᠠᠮᠠᠷᠠᠯᠲᠠ ᠶᠢ ᠥᠩᠭᠡᠷᠡᠭᠡᠬᠦ ᠨᠢ ᠨᠠᠳᠠ ᠳᠤ ᠲᠣᠩ ᠬᠡᠴᠡᠭᠦᠦ ᠤᠶᠢᠳᠬᠠᠷᠯᠠᠯᠲᠠᠢ ᠰᠠᠨᠠᠭᠳᠠᠵᠤ ᠪᠠᠶᠢᠭᠰᠠᠨ ᠶᠤᠮ᠃ ᠬᠡᠳᠦ᠋ᠢᠪᠡᠷ ᠲᠡᠶᠢᠮᠦ ᠪᠣᠯᠪᠠᠴᠤ ᠰᠤᠷᠤᠭᠴᠢ ᠦᠶ᠎ᠡ ᠶᠢᠨ ᠵᠢᠷᠤᠭ ᠳᠤᠷᠠᠰᠬᠠᠯ ᠢᠶᠠᠨ ᠡᠬᠢᠨ ᠠᠴᠠ ᠨᠢ ᠦᠵᠡᠵᠦ᠂ ᠨᠣᠮ ᠪᠢᠴᠢᠭ ᠢᠶᠠᠨ ᠤᠷᠪᠠᠭᠤᠯᠤᠨ ᠰᠠᠭᠤᠵᠤ ᠪᠠᠶᠢᠲᠠᠯ᠎ᠠ ᠮᠥᠨ ᠥᠨᠥᠬᠢ ᠵᠣᠬᠢᠶᠠᠯ ᠤᠨ ᠳᠠᠰᠬᠠᠯ ᠮᠢᠨᠢ ᠭᠠᠷᠤᠭᠠᠳ ᠢᠷᠡᠪᠡ᠃ ᠪᠢ ᠨᠢᠭᠡ ᠯᠡ ᠠᠮᠢᠰᠬᠤᠭ᠎ᠠ ᠪᠠᠷ ᠡᠬᠢᠨ ᠠᠴᠠ ᠨᠢ ᠤᠩᠰᠢᠬᠤ ᠳᠤ ᠪᠠᠭᠰᠢ ᠶᠢᠨ ᠰᠤᠷᠭᠠᠭᠤᠯᠢ ᠶᠢᠨ ᠳᠥᠷᠪᠡᠳᠦᠭᠡᠷ ᠣᠨ ᠤ ᠵᠢᠯ ᠳᠤ ᠪᠢᠴᠢᠭᠰᠡᠨ ︽ᠮᠢᠨᠦ ᠡᠵᠢ ᠮᠣᠩᠭᠤᠯ ᠪᠦᠰᠡᠭᠦᠢ︾ ᠭᠡᠳᠡᠭ ᠰᠢᠯᠦᠭ ᠮᠢᠨᠢ ᠬᠡᠰᠢᠭᠲᠦ ᠪᠠᠭᠰᠢ ᠶᠢᠨ ᠴᠣᠬᠤᠯᠠᠪᠤᠷᠢ ᠲᠠᠢ ᠬᠠᠮᠲᠤ ᠨᠢᠳᠦᠨ ᠳᠤ ᠮᠢᠨᠢ ᠲᠣᠳᠤᠷᠠᠵᠤ᠂ ᠨᠠᠳᠠ ᠳᠤ ᠨᠢᠭᠡ ᠵᠦᠢᠯ ᠤᠨ ᠲᠤᠷᠰᠢᠵᠤ ᠦᠵᠡᠬᠦ ᠪᠣᠳᠤᠯ ᠲᠥᠷᠥᠭᠳᠡᠭᠦᠯᠪᠡ᠃ ᠢᠩᠭᠢᠭᠡᠳ ᠲᠤᠰ ᠰᠢᠯᠦᠭ ᠢᠶᠠᠨ ᠣᠯᠠᠨ ᠳᠠᠬᠢᠨ ᠤᠩᠰᠢᠵᠤ ᠵᠠᠰᠠᠭᠠᠳ ︽ᠬᠥᠯᠥᠨ ᠪᠤᠶᠢᠷ ᠤᠨ ᠡᠳᠦᠷ ᠤᠨ ᠰᠣᠨᠢᠨ︾ ᠳᠤ ᠶᠠᠪᠤᠭᠤᠯᠤᠯ᠎ᠠ᠃ ᠲᠡᠷᠡ ᠰᠢᠯᠦᠭ ᠮᠠᠨᠢ ᠬᠠᠷᠢᠨ 1987 ᠤᠨ ᠤ 10 ᠰᠠᠷ᠎ᠠ ᠶᠢᠨ 24 ᠤ ᠡᠳᠦᠷ ᠲᠤᠰ ᠰᠣᠨᠢᠨ ᠳᠤ ᠨᠡᠶᠢᠲᠡᠯᠡᠭᠳᠡᠵᠦ᠂ ᠨᠠᠮᠠᠢᠢ ᠮᠠᠰᠢ ᠪᠠᠶᠠᠷᠯᠠᠭᠤᠯᠤᠭᠰᠠᠨ ᠶᠤᠮ ᠃ ᠡᠨᠡ ᠪᠣᠯ ᠮᠢᠨᠦ ᠬᠠᠮᠤᠭ ᠠᠩᠬᠠᠨ ᠤ ᠪᠦᠲᠦᠭᠡᠯ ᠪᠣᠯᠤᠨ᠎ᠠ᠃ ᠮᠥᠨ ᠴᠦ ᠲᠡᠭᠦᠨ ᠠᠴᠠ ᠬᠤᠶᠢᠰᠢ ᠪᠢ ᠢᠷᠠᠭᠤ ᠨᠠᠶᠢᠷᠠᠭ ᠤᠨ ᠮᠥᠩᠬᠡ ᠶᠢᠨ ᠡᠷᠢᠯ ᠳᠤ ᠮᠣᠷᠳᠠᠵᠤ᠂ ᠭᠠᠷᠠᠭ ᠤᠨ ᠡᠳᠦᠷ ᠪᠣᠯᠭᠠᠨ ᠤᠷᠠᠨ ᠵᠣᠬᠢᠶᠠᠯ ᠤᠨ ᠨᠣᠮ ᠢ ᠲᠣᠯᠤᠭᠠᠢ ᠥᠨᠳᠡᠶᠢᠯ ᠦᠭᠡᠢ ᠤᠩᠰᠢᠵᠤ᠂ ᠳᠠᠩᠳᠠ ᠪᠢᠷ ᠴᠠᠭᠠᠰᠤ ᠡᠪᠦᠷᠯᠡᠨ ᠰᠢᠯᠦᠭ ᠵᠣᠬᠢᠶᠠᠯ ᠪᠢᠴᠢᠨ᠎ᠡ ᠬᠡᠮᠡᠨ ᠬᠡᠶᠢᠷᠬᠡᠵᠦ᠂ ᠲᠡᠷᠡ ᠬᠦ ᠬᠠᠲᠠᠭᠤ ᠪᠡᠷᠬᠡ ᠣᠷᠴᠢᠨ ᠲᠣᠭᠤᠷᠢᠨ ᠳᠤ ᠥᠪᠡᠷ ᠢ ᠪᠠᠨ ᠮᠠᠰᠢ ᠠᠮᠠᠷᠬᠠᠨ ᠵᠣᠬᠢᠴᠠᠭᠤᠯᠵᠤ ᠴᠢᠳᠠᠭᠰᠠᠨ ᠶᠤᠮ᠃      ᠲᠡᠭᠡᠷ᠎ᠡ ᠵᠠᠭᠤᠨ ᠤ ᠨᠠᠶᠠᠨ ᠣᠨ ᠠᠴᠠ ᠡᠬᠢᠯᠡᠨ ᠣᠳᠤ ᠪᠣᠯᠲᠠᠯ᠎ᠠ ᠨᠠᠮᠠᠢᠢ ᠲᠥᠭᠡ ᠰᠠᠯᠤᠯ ᠦᠭᠡᠢ ᠳᠠᠭᠠᠵᠤ ᠶᠠᠪᠤᠭ᠎ᠠ ᠡᠨᠡ ᠬᠦ ᠴᠡᠪᠡᠷ ᠲᠡᠭᠰᠢ ᠵᠣᠬᠢᠶᠠᠯ ᠤᠨ ᠳᠠᠰᠬᠠᠯ ᠪᠦᠰᠡᠭᠦᠢ ᠮᠢᠨᠦ ᠬᠤᠪᠢ ᠵᠠᠶᠠᠭ᠎ᠠ ᠲᠠᠢ ᠬᠠᠮᠲᠤ ᠭᠤᠨᠢᠭ ᠪᠠᠶᠠᠰᠤᠯ ᠢᠶᠠᠨ ᠬᠤᠪᠢᠶᠠᠯᠴᠠᠵᠤ᠂ ᠥᠩᠭᠡᠷᠡᠭᠰᠡᠨ ᠢ ᠮᠢᠨᠢ ᠡᠷᠭᠢᠴᠡᠭᠦᠯᠵᠦ ᠢᠷᠡᠭᠡᠳᠦᠢ ᠲᠠᠶᠢᠰᠢ ᠮᠢᠨᠢ ᠵᠢᠳᠬᠦᠭᠦᠯᠵᠦ᠂ ᠠᠮᠢ ᠨᠠᠰᠤᠨ ᠳᠤ ᠮᠢᠨᠢ ᠳᠠᠪᠬᠤᠷ ᠴᠡᠭ ᠲᠠᠯᠪᠢᠬᠤ ᠪᠣᠯᠲᠠᠯ᠎ᠠ ᠳᠠᠭᠠᠵᠤ ᠶᠠᠪᠤᠬᠤ ᠪᠣᠯᠤᠨ᠎ᠠ᠃ ᠲᠡᠭᠡᠬᠦ ᠳᠡᠭᠡᠨ ᠥᠨᠥᠳᠦᠷ ᠡᠨᠡ ᠬᠦ ᠵᠣᠬᠢᠶᠠᠯ ᠤᠨ ᠳᠠᠰᠬᠠᠯ ᠠᠴᠠ ᠲᠤᠬᠠᠢ ᠶᠢᠨ ᠦᠶ᠎ᠡ ᠳᠤ ᠮᠢᠨᠦ ᠪᠠᠭᠰᠢ ᠨᠠᠷ ᠰᠤᠷᠤᠭᠴᠢᠳ ᠤᠨ ᠢᠶᠠᠨ ᠲᠥᠯᠥᠭᠡ ᠬᠡᠴᠢᠨᠡᠨ ᠬᠦᠴᠦ ᠬᠥᠯᠥᠰᠦ ᠤᠷᠤᠰᠬᠠᠵᠤ ᠪᠠᠶᠢᠭᠰᠠᠨ ᠠᠷᠢᠭᠤᠨ ᠴᠠᠭᠠᠨ ᠬᠥᠳᠡᠯᠮᠦᠷᠢ ᠶᠢ ᠣᠯᠵᠤ ᠬᠠᠷᠠᠬᠤ ᠪᠣᠯᠤᠨ᠎ᠠ᠃ ︽ᠪᠤᠷᠠᠮ ᠢᠶᠠᠷ ᠲᠡᠵᠢᠭᠡᠬᠦ ᠪᠠᠷ ᠤᠷᠮ᠎ᠠ ᠪᠠᠷ ᠲᠡᠵᠢᠭᠡ︾ ᠭᠡᠳᠡᠭ ᠢᠶᠠᠷ ᠰᠤᠷᠤᠭᠴᠢᠳ ᠢᠶᠠᠨ ᠤᠷᠮᠠᠰᠢᠭᠤᠯᠵᠤ ᠵᠣᠷᠢᠭᠵᠢᠭᠤᠯᠵᠤ ᠪᠠᠶᠢᠭᠰᠠᠨ ᠢ ᠣᠯᠵᠤ ᠬᠠᠷᠠᠬᠤ ᠪᠥᠭᠡᠳ ᠨᠢᠭᠡ ᠵᠠᠯᠠᠭᠤ ᠬᠡᠦᠬᠡᠨ ᠤ ᠡᠷᠢᠯ ᠬᠦᠰᠡᠯ᠂ ᠮᠡᠷᠡᠶᠢᠯᠲᠡ ᠴᠢᠷᠮᠠᠶᠢᠯᠲᠠ᠂ ᠬᠡᠯᠡ ᠪᠢᠴᠢᠭ ᠰᠤᠷᠤᠭᠰᠠᠨ ᠤᠯᠠ ᠮᠥᠷ᠂ ᠥᠩᠭᠡᠷᠡᠯᠲᠡ ᠶᠢ ᠣᠯᠵᠤ ᠬᠠᠷᠠᠬᠤ ᠪᠣᠯᠤᠨ᠎ᠠ᠃ ᠢᠩᠭᠢᠬᠦ ᠳᠡᠭᠡᠨ ᠪᠢ ᠪᠠᠭ᠎ᠠ ᠰᠤᠷᠭᠠᠭᠤᠯᠢ ᠶᠢᠨ ᠬᠡᠯᠡ ᠪᠢᠴᠢᠭ ᠤᠨ ᠪᠠᠭᠰᠢ ᠰᠧᠳᠡᠨᠳᠣᠷᠵᠢ᠂ ᠳᠤᠮᠳᠠᠳᠤ ᠰᠤᠷᠭᠠᠭᠤᠯᠢ ᠶᠢᠨ ᠦᠶ᠎ᠡ ᠶᠢᠨ ᠬᠡᠯᠡ ᠪᠢᠴᠢᠭ ᠤᠨ ᠠᠨ ᠶᠢᠨ ᠱᠠᠨ ᠪᠠᠭᠰᠢ᠂ ᠪᠠᠭᠰᠢ ᠶᠢᠨ ᠰᠤᠷᠭᠠᠭᠤᠯᠢ ᠶᠢᠨ ᠬᠡᠰᠢᠭᠲᠦ ᠪᠠᠭᠰᠢ ᠪᠠᠨ ᠮᠢᠨᠦ ᠬᠡᠯᠡ ᠪᠢᠴᠢᠭ ᠤᠨ ︽ᠲᠤᠯᠭ᠎ᠠ ᠶᠢᠨ ᠭᠤᠷᠪᠠᠨ ᠴᠢᠯᠠᠭᠤ︾ ᠭᠡᠵᠤ ᠪᠣᠳᠤᠳᠠᠭ ᠶᠤᠮ᠃ ᠡᠨᠡ ᠬᠦ ︽ᠲᠤᠯᠭ᠎ᠠ ᠶᠢᠨ ᠭᠤᠷᠪᠠᠨ ᠴᠢᠯᠠᠭᠤ︾ ᠶᠢᠨ ᠲᠦᠰᠢᠵᠦ ᠲᠤᠯᠵᠤ ᠪᠠᠶᠢᠭᠠᠳ ᠳᠦᠷᠡᠯᠵᠡᠭᠦᠯᠦᠭᠰᠡᠨ ᠭᠠᠯ ᠳᠠᠷᠤᠢ ᠳᠡᠯᠡᠬᠡᠢ ᠳᠤ ᠭᠠᠭᠴᠠᠬᠠᠨ ᠪᠣᠰᠤᠭ᠎ᠠ ᠪᠠᠶᠢᠳᠠᠭ ᠢᠷᠠᠭᠤ ᠰᠠᠶᠢᠬᠠᠨ ᠤᠶᠠᠩᠭ᠎ᠠ ᠬᠥᠭᠵᠢᠮᠯᠢᠭ ᠮᠣᠩᠭᠤᠯ ᠬᠡᠯᠡ ᠪᠢᠴᠢᠭ ᠪᠠᠶᠢᠬᠤ ᠶᠣᠰᠤᠲᠠᠢ᠃ ᠡᠶᠢᠮᠦ ᠠᠴᠠ ᠪᠢ ᠡᠨᠡ ᠬᠦ ᠳᠦᠷᠡᠯᠵᠡᠭᠰᠡᠨ ᠭᠠᠯ ᠤᠨ ᠢᠶᠠᠨ ᠢᠯᠴᠢᠨ ᠳᠤ ᠨᠠᠰᠤᠨ ᠲᠤᠷᠰᠢᠲᠠ ᠳᠤᠯᠠᠭᠠᠴᠠᠵᠤ ᠶᠠᠪᠤᠬᠤ ᠨᠢ ᠯᠠᠪᠲᠠᠢ᠃
 
ᠢᠷᠡᠯᠲᠡ᠄ ᠬᠦᠯᠦᠨ ᠪᠣᠶᠢᠷ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号