ᠤᠨᠴᠠᠭᠠᠢ ᠵᠠᠷᠢᠮ ᠦᠶ᠎ᠡ ᠳᠤ ᠰᠢᠬᠢᠷ ᠢᠳᠡᠬᠦ ᠨᠢ ᠮᠠᠭᠤ
ᠨᠡᠶᠢᠲᠡᠯᠡᠭᠰᠡᠨ ᠴᠠᠭ᠄
2020/10/21
     ᠤᠯᠠᠨ ᠤ ᠮᠡᠳᠡᠭᠡᠵᠢ ᠪᠠᠷ᠂ ᠰᠢᠬᠢᠷ ᠭᠡᠳᠦᠷᠡᠬᠦ ᠨᠢ ᠪᠡᠶ᠎ᠡ ᠳᠤ ᠮᠠᠭᠤ᠃ ᠨᠡᠩ ᠴᠤ ᠤᠨᠴᠠᠭᠠᠢ ᠵᠠᠷᠢᠮ ᠦᠶ᠎ᠡ ᠳᠤ ᠰᠢᠬᠢᠷ ᠢᠳᠡᠬᠦ ᠨᠢ ᠪᠡᠶ᠎ᠡ ᠳᠤ ᠬᠤᠤᠷ ᠲᠠᠢ ᠪᠠᠶᠢᠳᠠᠭ᠃      1. ᠵᠤᠪᠠᠵᠤ ᠳᠡᠩᠰᠡᠯᠵᠦ ᠪᠠᠶᠢᠬᠤ ᠥᠶ᠎ᠡ      ᠵᠤᠪᠠᠵᠤ ᠳᠡᠩᠰᠡᠯᠵᠤ ᠪᠠᠶᠢᠬᠤ ᠦᠶ᠎ᠠ ᠳᠡᠭᠡᠨ ᠬᠦᠮᠦᠰ ᠰᠢᠬᠢᠷ ᠲᠠᠢ ᠶᠠᠭᠤᠮ᠎ᠠ ᠢᠳᠡᠵᠦ ᠰᠠᠨᠠᠭ᠎ᠠ ᠪᠠᠨ ᠠᠮᠤᠷᠠᠭᠤᠯᠬᠤ ᠶᠢ ᠰᠠᠨᠠᠳᠠᠭ᠃ ᠰᠢᠬᠢᠷ ᠲᠠᠢ ᠢᠳᠡᠭᠡᠨ ᠨᠢ ᠳᠦᠷ ᠵᠠᠭᠤᠷ᠎ᠠ ᠬᠦᠮᠦᠨ ᠤ ᠰᠠᠨᠠᠭ᠎ᠠ ᠰᠡᠳᠭᠢᠯ ᠢ ᠠᠮᠤᠷᠯᠢᠭᠤᠯᠬᠤ ᠦᠢᠯᠡᠳᠦᠯ ᠲᠠᠢ ᠪᠠᠶᠢᠳᠠᠭ ᠪᠤᠯᠪᠠᠴᠤ ᠢᠳᠡᠵᠦ ᠤᠷᠤᠭᠤᠯᠤᠭᠰᠠᠨ ᠰᠢᠬᠢᠷ ᠨᠢ ᠳᠤᠩ ᠳᠦᠷᠭᠡᠨ ᠢᠶᠠᠷ ᠬᠤᠳᠤᠭᠤᠳᠤ ᠭᠡᠳᠡᠰᠦᠨ ᠲᠤ ᠰᠢᠩᠭᠡᠨ ᠠᠯᠠᠭ᠎ᠠ ᠪᠤᠯᠵᠤ᠂ ᠴᠢᠰᠦᠨ ᠤ ᠰᠢᠬᠢᠷ ᠤᠨ ᠳᠦᠪᠰᠢᠨ ᠭᠡᠨᠡᠳᠳᠡ ᠳᠡᠭᠡᠭᠰᠢᠯᠡᠨ ᠭᠡᠨᠡᠳᠳᠡ ᠪᠠᠭᠤᠷᠠᠬᠤ ᠶᠢᠨ ᠤᠯᠠᠮ ᠢᠶᠠᠷ ᠬᠦᠮᠦᠨ ᠤ ᠰᠡᠳᠭᠢᠯ ᠰᠠᠨᠠᠭ᠎ᠠ ᠤᠯᠠᠮ ᠪᠠᠷᠢᠵᠤ ᠳᠠᠯᠪᠢᠬᠤ ᠪᠠᠨ ᠠᠯᠳᠠᠳᠠᠭ᠃      2. ᠬᠠᠯᠠᠭᠤᠨ ᠬᠦᠬᠡᠷᠦᠭᠰᠡᠨ ᠦᠶ᠎ᠡ      ᠭᠡᠳᠦ ᠠᠷᠪᠢᠨ ᠰᠢᠬᠢᠷᠯᠢᠭ ᠢᠳᠡᠭᠡᠨ ᠢᠳᠡᠪᠡᠯ᠂ ᠪᠡᠶ᠎ᠡ ᠳᠠᠬᠢ B ᠳᠦᠷᠦᠯ ᠤᠨ ᠸᠢᠲ᠋ᠠᠮᠢᠨ ᠢ ᠶᠡᠬᠡᠪᠡᠷ ᠬᠤᠷᠤᠭᠳᠠᠭᠤᠯᠵᠤ᠂ ᠤᠯᠠᠮ ᠢᠶᠠᠷ ᠬᠡᠯᠡᠨ ᠤ ᠦᠷᠪᠢᠰᠦᠯ᠂ ᠵᠠᠪᠠᠵᠢ ᠶᠢᠨ ᠦᠷᠪᠢᠰᠦᠯ᠂ ᠨᠢᠳᠦ ᠡᠪᠡᠳᠬᠦ ᠵᠡᠷᠭᠡ ︽ᠬᠠᠯᠠᠭᠤᠨ ᠬᠦᠭᠡᠷᠦᠭᠰᠡᠨ︾ ᠪᠠᠶᠢᠳᠠᠯ ᠢ ᠬᠦᠨᠳᠦᠷᠡᠭᠦᠯᠳᠡᠭ᠃ ᠡᠭᠦᠨ ᠠᠴᠠ ᠭᠠᠳᠠᠨ᠎ᠠ᠂ ᠬᠦᠮᠦᠨ ᠤ ᠪᠡᠶ᠎ᠡ ᠳᠤ B ᠳᠦᠷᠦᠯ ᠤᠨ ᠸᠢᠲ᠋ᠠᠮᠢᠨ ᠳᠤᠳᠠᠭᠳᠠᠪᠠᠯ ᠶᠠᠳᠠᠷᠠᠵᠤ ᠳᠠᠮᠢᠷᠳᠠᠨ᠂ ᠰᠢᠩᠭᠡᠭᠡᠯᠳᠡ ᠮᠠᠭᠤᠳᠠᠬᠤ ᠪᠠᠷ ᠪᠠᠷᠠᠬᠤ ᠦᠭᠡᠢ᠂ ᠤᠷᠮ᠎ᠠ ᠬᠠᠷᠢᠬᠤ᠂ ᠪᠢᠳᠠᠭᠤ ᠬᠦᠰᠢᠭᠦᠨ ᠪᠤᠯᠬᠤ ᠪᠠᠶᠢᠳᠠᠯ ᠭᠠᠷᠳᠠᠭ᠃      3. ᠰᠠᠷ᠎ᠠ ᠶᠢᠨ ᠭᠭᠢᠷ ᠤᠨ ᠬᠤᠭᠤᠴᠠᠭ᠎ᠠ      ᠰᠢᠬᠢᠷ ᠤᠨ ᠠᠭᠤᠯᠤᠭᠳᠠᠴᠠ ᠦᠨᠳᠦᠷ ᠢᠳᠡᠭᠡᠨ ᠨᠢ ᠸᠢᠲ᠋ᠠᠮᠢᠨ ᠪᠠ ᠡᠷᠦᠳᠡᠰᠦ ᠶᠢ ᠰᠢᠩᠭᠡᠭᠡᠨ ᠠᠪᠬᠤ ᠶᠢ ᠬᠠᠷᠰᠢᠯᠠᠳᠠᠭ᠂ ᠳᠡᠭᠡᠬᠦ ᠳᠤ ᠨᠦᠬᠦᠭᠡ ᠬᠤᠶᠠᠷ ᠨᠢ ᠪᠤᠯᠴᠢᠩ ᠢ ᠰᠤᠯᠠᠳᠬᠠᠵᠤ᠂ ᠰᠠᠪᠠᠨ ᠤ ᠠᠪᠴᠢᠯᠳᠠ ᠶᠢ ᠵᠦᠭᠡᠯᠡᠷᠡᠭᠦᠯᠦᠨ ᠡᠪᠡᠳᠬᠦ ᠶᠢ ᠨᠠᠮᠳᠠᠭᠤᠯᠬᠤ ᠦᠢᠯᠡᠳᠦᠯ ᠲᠠᠢ ᠪᠠᠶᠢᠳᠠᠭ᠃ ᠰᠢᠬᠢᠷᠯᠢᠭ ᠢᠳᠡᠭᠡᠨ ᠨᠢ ᠪᠠᠰᠠ ᠴᠢᠰᠦᠨ ᠤ ᠰᠢᠬᠢᠷ ᠤᠨ ᠳᠡᠩᠴᠡᠭᠦᠷᠢ ᠦᠭᠡᠢ ᠪᠠᠶᠢᠳᠠᠯ ᠢ ᠪᠤᠢ ᠪᠤᠯᠭᠠᠵᠤ᠂ ᠪᠡᠶ᠎ᠡ ᠶᠢᠨ ᠬᠤᠷᠮᠤᠨ ᠤ ᠳᠡᠩᠴᠡᠭᠦᠷᠢ ᠶᠢ ᠠᠯᠳᠠᠭᠤᠯᠤᠨ ᠂ ᠪᠡᠶ᠎ᠡ ᠰᠡᠳᠭᠢᠯ ᠤᠨ ᠳᠠᠭ᠎ᠠ ᠦᠭᠡᠢ ᠪᠠᠶᠢᠳᠠᠯ ᠢ ᠬᠦᠨᠳᠦᠷᠡᠭᠦᠯᠳᠡᠭ᠃      4. ᠥᠯᠥᠨ ᠥᠶ᠎ᠡ ᠳᠤ      ᠰᠢᠬᠢᠷᠯᠢᠭ ᠢᠳᠡᠭᠡᠨ ᠨᠢ ᠳᠤᠩ ᠳᠦᠷᠭᠡᠨ ᠢᠶᠠᠷ ᠳᠠᠮᠢᠷ ᠬᠦᠴᠦ ᠶᠢ ᠨᠦᠬᠦᠵᠦ ᠳᠡᠶᠢᠯᠳᠡᠭ ᠪᠤᠯᠬᠤᠷ ᠦᠯᠦᠰᠦᠭᠰᠡᠨ ᠦᠶ᠎ᠠ ᠳᠤ ᠢᠳᠡᠬᠦ ᠬᠠᠮᠤᠭ ᠤᠨ ᠳᠤᠬᠢᠷᠠᠮᠵᠢᠳᠠᠢ ᠢᠳᠡᠭᠡᠨ ᠭᠡᠵᠦ ᠬᠦᠮᠦᠰ ᠦᠵᠡᠳᠡᠭ᠃ ᠦᠨᠡᠨ ᠳᠡᠭᠡᠨ ᠂ ᠦᠯᠦᠨ ᠢᠶᠠᠷ ᠢᠳᠡᠭᠰᠡᠨ ᠰᠢᠬᠢᠷ ᠨᠢ ᠰᠢᠩᠭᠡᠭᠡᠯᠳᠡ ᠶᠢᠨ ᠶᠠᠪᠤᠴᠠ ᠶᠢ ᠦᠩᠭᠡᠷᠡᠭᠦᠯᠬᠦ ᠦᠭᠡᠢ ᠪᠠᠷ ᠰᠢᠭᠤᠳ ᠴᠢᠰᠦᠨ ᠳᠤ ᠰᠢᠩᠭᠡᠳᠡᠭ᠂ ᠡᠨᠡ ᠨᠢ ᠤᠬᠤᠷᠬᠠᠨ ᠬᠤᠭᠤᠴᠠᠭᠠᠨ ᠳᠤ ᠴᠢᠰᠦᠨ ᠤ ᠰᠢᠬᠢᠷ ᠤᠨ ᠳᠦᠪᠰᠢᠨ ᠢ ᠦᠨᠳᠦᠷ ᠪᠤᠯᠭᠠᠳᠠᠭ ᠪᠤᠯᠬᠤᠷ ᠰᠢᠬᠢᠷ ᠤᠨ ᠳᠦᠪᠰᠢᠨ ᠤ ᠳᠡᠩᠴᠡᠭᠦᠷᠢ ᠪᠠᠨ ᠪᠠᠳᠤᠯᠠᠬᠤ ᠳᠠᠯ᠎ᠠ ᠶᠢᠨ ᠰᠠᠭᠠᠳᠠᠯ ᠲᠠᠢ ᠬᠦᠮᠦᠨ ᠳᠤ ᠲᠤᠬᠢᠷᠠᠬᠤ ᠦᠭᠡᠢ᠃ ᠳᠦᠷ ᠴᠠᠭ ᠤᠨ ᠴᠢᠨᠠᠷᠳᠠᠢ ᠴᠢᠰᠦᠨ ᠤ ᠰᠢᠬᠢᠷ ᠤᠨ ᠳᠦᠪᠰᠢᠨ ᠳᠡᠭᠡᠭᠰᠢᠯᠡᠭᠰᠡᠨ ᠢᠶᠠᠷ᠂ ᠪᠡᠶ᠎ᠡ ᠶᠢᠨ ᠠᠯᠢ ᠤᠯᠠᠨ ᠨᠡᠭᠡᠳᠡᠰᠦ ᠶᠢᠨ ᠤᠭᠤᠷᠠᠭ ᠲᠤ ᠤᠷᠪᠠᠯ ᠡᠭᠦᠰᠴᠦ᠂ ᠤᠭᠤᠷᠠᠭ ᠢ ᠠᠯᠳᠠᠭᠳᠠᠭᠤᠯᠵᠤ᠂ ᠤᠵᠢᠬ ᠴᠢᠨᠠᠷᠳᠠᠢ ᠡᠪᠡᠳᠴᠢᠨ ᠤ ᠠᠶᠤᠯ ᠢ ᠨᠡᠮᠡᠭᠳᠡᠭᠦᠯᠳᠡᠭ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号