ᠪᠦᠳᠦᠬᠡᠯᠴᠢ ᠢᠳᠡᠪᠬᠢᠳᠡᠢ ᠬᠦᠳᠡᠯᠮᠤᠷᠢ ᠬᠦᠭᠵᠢᠯ ᠳᠠᠪᠰᠢᠯ ᠤᠨ ᠦᠨᠳᠦᠰᠦ — ᠬᠦᠯᠦᠨ ᠪᠤᠶᠢᠷ ᠤᠨ ᠳᠡᠮᠦᠷ  ᠬᠡᠤᠬᠡᠨᠴᠤᠳ ᠤᠨ ᠳᠤᠬᠠᠢ ᠰᠢᠷᠢᠰ ᠰᠤᠷᠪᠤᠯᠵᠢᠯᠠᠭ᠎ᠠ
ᠨᠡᠶᠢᠲᠡᠯᠡᠭᠰᠡᠨ ᠴᠠᠭ᠄
2020/12/10
     ᠪᠦᠳᠦᠬᠡᠯᠴᠢ ᠢᠳᠡᠪᠬᠢᠳᠡᠢ ᠬᠦᠳᠡᠯᠮᠤᠷᠢ ᠨᠢ ᠬᠦᠮᠦᠨ ᠤ ᠬᠦᠭᠵᠢᠯ ᠳᠠᠪᠰᠢᠯ ᠤᠨ ᠦᠨᠳᠦᠰᠦ ᠪᠤᠯᠳᠠᠭ᠃ ᠬᠡᠨ ᠶᠡᠭᠡ ᠠᠵᠢᠯᠯᠠᠵᠦ᠂ ᠬᠡᠨ ᠪᠦᠳᠦᠬᠡᠯᠴᠢ ᠪᠠᠷ ᠬᠦᠳᠡᠯᠮᠤᠷᠢᠯᠡᠭᠰᠡᠨ ᠪᠤᠯ ᠠᠵᠠ ᠵᠢᠷᠭᠠᠯ ᠬᠠᠭᠠᠯᠭ᠎ᠠ ᠪᠠᠨ ᠦᠷᠬᠦᠯᠵᠢ ᠳᠡᠬᠦᠨ ᠳᠤ ᠨᠡᠬᠡᠬᠡᠵᠦ ᠦᠭᠳᠡᠭ᠃ ᠤᠴᠢᠷ ᠨᠢ ᠠᠵᠢᠯ ᠬᠦᠳᠡᠯᠮᠤᠷᠢ ᠠᠯᠢᠪᠠ ᠬᠦᠮᠦᠨ ᠢ ᠦᠬᠡᠳᠡ ᠨᠢ ᠳᠡᠳᠡᠳᠠᠭ ᠶᠤᠮ ᠃ ᠬᠦᠯᠦᠨ ᠪᠤᠶᠢᠷ ᠤᠨ ᠡᠳᠦᠷ ᠤᠨ ᠰᠤᠨᠢᠨ ᠤ ︽ᠰᠢᠨ᠎ᠠ ᠤᠡᠭᠰᠢᠭᠴᠢ︾ ᠳᠤᠰᠬᠠᠢ ᠬᠡᠪᠯᠡᠯ ᠤᠨ ︽ᠴᠠᠭ ᠦᠶ᠎ᠠ ᠶᠢᠨ ᠳᠠᠮᠠᠭ᠎ᠠ︾ ᠬᠡᠮᠡᠬᠦ ᠬᠦᠯᠦᠨ ᠪᠤᠶᠢᠷ ᠤᠨ ᠳᠡᠮᠦᠷ ᠬᠡᠤᠬᠡᠨᠴᠤᠳ ᠤᠨ ᠳᠤᠬᠠᠢ ᠰᠢᠷᠢᠰ ᠰᠤᠷᠪᠤᠯᠵᠢᠯᠠᠭ᠎ᠠ ᠶᠢᠨ ᠡᠨᠡ ᠤᠳᠠᠭᠠᠨ ᠤ ᠳ᠋ᠤᠭᠠᠷ ᠲᠠᠭᠠᠨ ᠲᠠ ᠪᠦᠬᠦᠨ ᠳᠤ ᠴᠠᠭ ᠤᠨ ᠴᠠᠭ ᠲᠠᠭᠠᠨ ᠦᠪᠡᠷ ᠤᠨ ᠬᠦᠳᠡᠯᠮᠤᠷᠢ ᠬᠦᠴᠦ ᠪᠠᠷ ᠢᠶᠠᠨ ᠤᠯᠤᠰ ᠬᠡᠷ ᠤᠨ ᠢᠶᠠᠨ ᠬᠦᠭᠵᠢᠯ ᠪᠠᠳᠠᠷᠠᠯ ᠳᠤ ᠬᠦᠴᠦᠨ ᠨᠡᠮᠡᠷᠢ ᠪᠠᠨ ᠦᠵᠡᠬᠦᠯᠵᠦ ᠶᠠᠪᠤᠭᠰᠠᠨ ᠳᠠᠮᠤᠷ ᠬᠡᠤᠬᠡᠨᠴᠤᠳ ᠤᠨ ᠨᠢᠬᠡ ᠪᠤᠯᠬᠤ ᠨᠠᠷᠠᠨᠴᠢᠮᠡᠭ ᠭᠤᠸᠠᠢ ᠶᠢ ᠬᠦᠨᠳᠦᠳᠬᠡᠨ ᠤᠷᠢᠵᠦ ᠪᠠᠶᠢᠨ᠎ᠠ᠃
           ᠨᠠᠷᠠᠨᠴᠢᠮᠡᠭ 1957 ᠤᠨ ᠤ 10 ᠰᠠᠷ᠎ᠠ ᠶᠢᠨ 15 ᠤ ᠡᠳᠦᠷ ᠰᠢᠨ᠎ᠠ ᠪᠠᠷᠭᠤ ᠪᠠᠷᠠᠭᠤᠨ ᠬᠤᠰᠢᠭᠤᠨ ᠤ ᠤᠭ ᠤᠨ ᠰᠠᠶᠢᠠᠬᠠᠳᠠᠯ᠎ᠠ ᠰᠤᠮᠤᠨ ᠤ ᠪᠤᠶᠠᠨᠳᠠᠯ᠎ᠠ ᠪᠠᠷᠢᠭᠠᠳᠠ ᠶᠢᠨ ᠦᠵᠦᠨ ᠬᠠᠯᠠ ᠲᠠᠢ ᠨᠠᠰᠤᠳᠤ ᠶᠢᠨ ᠬᠤᠶᠠᠳᠤᠭᠠᠷ ᠬᠡᠤᠬᠡᠨ ᠪᠤᠯᠵᠦ ᠵᠠᠶᠠᠭᠠᠪᠠ᠃ ᠠᠪᠤ ᠡᠵᠢ ᠶᠢᠨ ᠢᠶᠠᠨ ︽ᠠᠮᠠᠨ ᠳᠠᠭᠠᠨ ᠬᠢᠪᠡᠯ ᠬᠠᠶᠢᠯᠦᠮᠠᠷ᠂ ᠠᠯᠠᠭᠠᠨ ᠳᠡᠬᠡᠷ᠎ᠡ ᠪᠠᠨ ᠳᠠᠯᠪᠢᠪᠠᠯ ᠪᠦᠮᠪᠦᠷᠢᠮᠡᠷ︾ ᠬᠠᠶᠢᠷᠠᠳᠠᠢ ᠦᠬᠢᠨ ᠨᠢ ᠪᠠᠶᠢᠭᠰᠠᠨ ᠲᠡᠷᠡ ᠨᠠᠢᠮᠠᠨ ᠨᠠᠰᠤᠳᠠᠢ ᠳᠠᠭᠠᠨ ᠰᠢᠨ᠎ᠠ ᠪᠠᠷᠭᠤ ᠪᠠᠷᠠᠭᠤᠨ ᠬᠤᠰᠢᠭᠤᠨ ᠤ ᠤᠭ ᠤᠨ ᠰᠠᠶᠢᠠᠬᠠᠳᠠᠯ᠎ᠠ ᠰᠤᠮᠤᠨ ︵ᠤᠳᠤ ᠶᠢᠨ ᠬᠡᠷᠦᠯᠦᠨ ᠰᠤᠮᠤ︶ ᠤ ᠪᠠᠭ᠎ᠠ ᠰᠤᠷᠭᠠᠭᠤᠯᠢ ᠳᠤ ᠤᠷᠤᠵᠦ ᠬᠢᠴᠢᠶᠡᠯᠯᠡᠵᠠᠢ᠃ ᠠᠷᠠᠳ ᠤᠨ ᠰᠤᠷᠭᠠᠭᠤᠯᠢ ᠶᠢᠨ ᠠᠯᠳᠠᠠ ᠪᠤᠱᠤᠭ᠎ᠠ ᠶᠢ ᠠᠯᠬᠤᠭᠠᠳ ᠲᠦᠡᠭᠬᠡᠵᠢ ᠭᠤᠷᠪᠠᠳᠤᠭᠠᠷ ᠠᠩᠬᠢ ᠪᠤᠯᠵᠤ ᠪᠠᠶᠢᠬᠤ ᠳᠤᠨᠢ ᠰᠤᠶᠤᠯ ᠤᠨ ᠶᠡᠭᠡ ᠬᠤᠪᠢᠰᠬᠠᠯ ᠪᠤᠯᠵᠤ᠂ ᠲᠡᠷᠡ ᠰᠤᠷᠤᠯᠭ᠎ᠠ ᠠᠴᠠ ᠪᠠᠨ ᠳᠤᠳᠠᠭᠤ ᠵᠤᠭᠰᠤᠵᠠᠢ᠃ ᠡᠨᠡ ᠨᠢ ᠮᠦᠨ ᠴᠤ ᠳᠡᠬᠦᠨ ᠤ ᠨᠠᠰᠤᠨ ᠤ ᠬᠠᠷᠠᠮᠰᠠᠯ ᠶᠤᠮ᠃ ᠬᠡᠪᠡᠴᠤ ᠨᠠᠷᠠᠨᠴᠢᠮᠡᠭ ᠭᠤᠸᠠᠢ ᠶᠢᠨ ᠠᠪᠤ ᠨᠢ ᠮᠤᠩᠭᠤᠯ᠂ ᠬᠢᠳᠡᠳ᠂ ᠤᠷᠤᠰ᠂ ᠶᠠᠫᠤᠨ ᠬᠡᠯᠡ ᠳᠤ ᠨᠡᠪᠳᠡᠷᠡᠭᠰᠡᠨ ᠶᠡᠭᠡ ᠪᠢᠴᠢᠭ ᠰᠤᠶᠤᠯ ᠲᠠᠢ ᠬᠦᠮᠦᠨ ᠪᠠᠶᠢᠵᠦ᠂ ᠠᠪᠤ ᠪᠠᠷ ᠢᠶᠠᠨ ᠮᠤᠩᠭᠤᠯ᠂ ᠬᠢᠳᠡᠳ ᠬᠡᠯᠡ ᠵᠢᠭᠠᠯᠭᠠᠵᠦ᠂ ᠮᠤᠩᠭᠤᠯ ᠦᠰᠦᠭ ᠢᠶᠠᠨ ᠪᠦᠬᠦᠯᠢ ᠪᠦᠷᠢᠨ ᠳᠡᠨᠢᠵᠦ ᠮᠡᠳᠡᠳᠡᠭ ᠪᠤᠯᠤᠭᠰᠠᠨ ᠨᠢ ᠬᠠᠳᠠᠭᠤ ᠴᠠᠭ ᠦᠶ᠎ᠠ ᠳᠤ ᠦᠰᠴᠤ ᠪᠤᠶᠢᠵᠢᠭᠰᠠᠨ ᠳᠡᠬᠦᠨ ᠳᠤ ᠠᠵᠠ ᠪᠠᠶᠢᠵᠦ ᠪᠢᠯᠡ᠃      ᠨᠡᠷᠡᠨᠴᠢᠮᠡᠭ ᠭᠤᠸᠠᠢ ᠬᠡᠳᠦ᠋ᠢᠪᠡᠷ ᠴᠠᠭ ᠦᠶ᠎ᠠ ᠶᠢᠨ ᠰᠢᠯᠳᠠᠭᠠᠨ ᠠᠴᠠ ᠠᠷᠦ ᠬᠡᠷ ᠲᠤᠨᠢ ᠬᠦᠴᠢᠷ ᠳᠤᠯᠭᠠᠷᠠᠬᠤ ᠪᠠᠷ 12 ᠨᠠᠰᠤᠳᠠᠢ ᠳᠠᠭᠠᠨ ᠬᠦᠳᠡᠭᠡ ᠪᠠᠨ ᠤᠴᠢᠵᠦ ᠦᠨᠢᠶ᠎ᠠ ᠰᠠᠭᠠᠬᠤ ᠵᠡᠷᠬᠡ ᠪᠠᠷ ᠠᠪᠤ ᠡᠵᠢ ᠪᠠᠨ ᠬᠠᠪᠰᠤᠷᠴᠤ ᠠᠵᠢᠯ ᠳᠤ ᠤᠷᠤᠭᠰᠠᠨ ᠪᠤᠯᠪᠠᠴᠤ ᠴᠠᠭ ᠦᠷᠬᠦᠯᠵᠢ ᠰᠢᠨ᠎ᠠ ᠵᠦᠢᠯ ᠲᠠᠢ ᠤᠢᠢᠷᠠᠳᠤᠵᠦ᠂ ᠰᠤᠷᠤᠯᠴᠠᠵᠦ ᠮᠡᠳᠡᠵᠦ ᠠᠪᠬᠤ ᠬᠡᠰᠡᠨ ᠬᠦᠰᠡᠯ ᠢᠶᠠᠨ ᠤᠷᠬᠢᠭ᠎ᠠ ᠦᠬᠡᠢ ᠶᠠᠪᠤᠭᠰᠠᠭᠠᠷ 1974 ᠤᠨ ᠪᠤᠯᠬᠤ ᠳᠤ ᠳᠡᠳᠡᠨ ᠤ ᠪᠠᠷᠢᠭᠠᠳᠠ ᠶᠢᠨ ᠳᠡᠮᠦᠷ ᠬᠡᠤᠬᠡᠨᠴᠤᠳ ᠤᠨ ᠳᠤᠭᠤᠢᠢᠯᠠᠩ ᠪᠠᠶᠢᠭᠤᠯᠤᠭᠳᠠᠵᠦ᠂ ᠲᠡᠷᠡ ᠳᠡᠮᠦᠷ ᠬᠡᠤᠬᠡᠨᠴᠤᠳ ᠤᠨ ᠳᠤᠭᠤᠢᠢᠯᠠᠩ ᠳᠤ ᠤᠷᠤᠵᠠᠢ᠃ ᠲᠡᠷᠡ 1974 ᠤᠨ ᠠᠴᠠ 1976 ᠤᠨ ᠪᠤᠯᠳᠠᠯ᠎ᠠ ᠪᠠᠷᠢᠭᠠᠳᠠ ᠶᠢᠨ ᠢᠶᠠᠨ ᠳᠡᠮᠦᠷ ᠬᠡᠤᠬᠡᠨᠴᠤᠳ ᠤᠨ ᠳᠤᠭᠤᠢᠢᠯᠠᠩ ᠤᠨ ᠠᠵᠢᠯ ᠳᠤ ᠪᠦᠷᠢᠨ ᠤᠷᠤᠯᠴᠠᠵᠦ ᠪᠠᠶᠢᠭᠰᠠᠨ ᠳᠡᠮᠦᠷ ᠬᠡᠤᠬᠡᠨᠴᠤᠳ ᠤᠨ ᠨᠢᠬᠡ ᠶᠤᠮ᠃
           ᠲᠡᠳᠡᠨ ᠤ ᠪᠠᠷᠢᠭᠠᠳᠠ ᠶᠢᠨ ᠳᠠᠮᠤᠷ ᠬᠡᠤᠬᠡᠨᠴᠤᠳ ᠤᠨ ᠳᠤᠭᠤᠢᠢᠯᠠᠩ ᠳᠤ ᠪᠠᠷᠤᠭ ᠯᠡ 15 — 18 ᠨᠠᠰᠤᠨ ᠤ ᠬᠡᠤᠬᠡᠨᠴᠤᠳ ᠪᠠᠶᠢᠳᠠᠭ ᠪᠠᠶᠢᠵᠦ᠂ ᠨᠡᠶᠢᠳᠡ 11 ᠬᠡᠰᠢᠬᠦᠨ ᠲᠠᠢ ᠪᠠᠶᠢᠪᠠ᠃ ᠳᠡᠳᠡ ᠡᠪᠡᠰᠦᠨ ᠬᠦᠷᠢᠶ᠎ᠠ ᠪᠠᠷᠢᠬᠤ᠂ ᠬᠦᠷᠦᠰᠦᠨ ᠬᠡᠷᠡᠮ ᠪᠠᠷᠢᠬᠤ᠂ ᠬᠡᠬᠡᠯᠳᠦᠬᠦᠯᠬᠡ ᠶᠢᠨ ᠪᠠᠶᠢᠰᠢᠩ ᠪᠠᠷᠢᠬᠤ ︵ᠱᠤᠷᠪᠤᠭ ᠬᠡᠳᠡᠭ ᠭᠠᠵᠠᠷ ᠲᠤ᠂ ᠵᠠᠯᠠᠭᠤᠴᠤᠳ ᠪᠠᠰᠠ ᠤᠷᠤᠯᠴᠠᠵᠦ ᠪᠠᠷᠢᠯᠴᠠᠭᠰᠠᠨ︶᠂ ᠬᠤᠳᠳᠤᠭ ᠮᠠᠯᠳᠠᠬᠤ᠂ ᠬᠤᠯᠤᠭᠠᠨ᠎ᠠ ᠠᠯᠠᠬᠤ᠂ ᠬᠤᠨᠢ ᠬᠠᠶᠢᠴᠢᠯᠠᠬᠤ᠂ ᠬᠤᠨᠢ ᠤᠬᠢᠶᠠᠬᠤ᠂ ᠨᠤᠤᠰᠤ ᠨᠤᠤᠯᠤᠤᠷ ᠠᠪᠬᠤ᠂ ᠪᠤᠷᠳᠤᠭ᠎ᠠ ᠳᠡᠬᠡᠬᠡᠬᠦ ᠵᠡᠷᠬᠡ ᠠᠯᠢ ᠬᠦᠴᠢᠷ ᠲᠠᠢ ᠠᠵᠢᠯ ᠢ ᠪᠦᠷ ᠬᠢᠵᠦ ᠶᠠᠪᠤᠭᠰᠠᠨ ᠪᠦᠬᠡᠳ ᠬᠦᠨᠳᠦ ᠬᠦᠴᠢᠷ ᠠᠵᠢᠯ ᠢ ᠡᠷᠡᠭᠳᠡᠢ ᠬᠦᠮᠦᠨ ᠲᠠᠢ ᠠᠪ ᠠᠳᠠᠯᠢᠬᠠᠨ ᠬᠢᠵᠦ ᠶᠠᠪᠤᠭᠰᠠᠨ ᠭᠠᠪᠰᠢᠭᠠᠢᠢᠴᠤᠳ ᠪᠠᠶᠢᠭᠰᠠᠨ ᠶᠤᠮ᠃      ᠨᠠᠷᠠᠨᠴᠢᠮᠡᠭ ᠭᠤᠸᠠᠢ ᠶᠢᠨ ᠠᠪᠤ ᠡᠵᠢ ᠮᠠᠰᠢ ᠦᠨᠳᠦᠷ ᠤᠬᠠᠮᠰᠠᠷ ᠲᠠᠢ ᠬᠦᠮᠦᠰ ᠪᠠᠶᠢᠵᠦ᠂ ᠳᠡᠬᠦᠨ ᠢ ︽ᠤᠯᠤᠰ ᠬᠡᠷ ᠠᠴᠠ ᠬᠠᠮᠢᠭ᠎ᠠ ᠠᠵᠢᠯᠯᠠ ᠬᠡᠪᠡᠯ ᠠᠵᠢᠯᠯᠠᠵᠦ ᠶᠠᠪᠤ᠂ ᠰᠠᠶᠢᠨ ᠠᠵᠢᠯᠯᠠᠬᠤ ᠶᠤᠮ ᠰᠢᠦ᠂ ᠬᠦᠳᠡᠯᠮᠤᠷᠢ ᠬᠦᠮᠦᠨ ᠢ ᠭᠤᠮᠤᠳᠠᠭᠠᠳᠠᠭ ᠦᠬᠡᠢ ᠶᠤᠮ︾ ᠬᠡᠳᠡᠭ ᠪᠠᠶᠢᠯ ᠎ᠠ᠃ ᠶᠡᠷᠢᠶᠡᠨ ᠦᠬᠡᠢ᠂ ᠨᠡᠷᠡᠨᠴᠢᠮᠡᠭ ᠭᠤᠸᠠᠢ ᠴᠤ ᠠᠪᠤ ᠡᠵᠢ ᠶᠢᠨ ᠢᠶᠠᠨ ᠵᠠᠬᠢᠶ᠎ᠠ ᠪᠠᠷ ᠠᠵᠢᠯ ᠪᠦᠬᠦᠨ ᠠᠴᠠ ᠬᠤᠴᠤᠷᠳᠠᠭ ᠦᠬᠡᠢ᠂ ᠬᠦᠴᠢᠷ ᠠᠵᠢᠯ ᠢ ᠳᠤᠭᠤᠷᠢᠵᠦ ᠭᠠᠷᠳᠠᠭ ᠦᠬᠡᠢ ᠶᠠᠪᠤᠳᠠᠭ ᠪᠠᠶᠢᠪᠠ᠃ ᠡᠨᠡ ᠨᠢ ᠨᠢᠬᠡ ᠡᠬᠡᠴᠢ᠂ ᠬᠤᠶᠠᠷ ᠬᠦᠦ ᠳᠡᠬᠦᠦ᠂ ᠨᠢᠬᠡ ᠦᠬᠢᠨ ᠳᠡᠬᠦᠦ ᠲᠠᠢ ᠳᠡᠬᠦᠨ ᠤ ᠠᠪᠤ ᠡᠵᠢ ᠶᠢᠨ ᠢᠶᠠᠨ ᠠᠵᠢᠯ ᠢ ᠬᠦᠡᠭᠬᠡᠯᠡᠬᠦ ᠬᠡᠵᠦ ᠮᠤᠷᠢ ᠤᠨᠤᠨ ᠬᠦᠳᠡᠭᠡ ᠭᠠᠳᠠᠭ᠎ᠠ ᠠᠵᠢᠯ ᠬᠢᠵᠦ᠂ ᠦᠬᠡᠷ ᠬᠤᠨᠢᠨ ᠳᠠᠭᠠᠨ ᠶᠠᠪᠤᠵᠦ᠂ ᠳᠤᠮᠤ ᠬᠦᠮᠦᠨ ᠤ ᠠᠵᠢᠯ ᠳᠤ ᠡᠷᠳᠡ ᠤᠷᠤᠭᠰᠠᠨ ᠲᠠᠢ ᠨᠢ ᠬᠤᠯᠪᠤᠭ᠎ᠠ ᠲᠠᠢ᠃      ︽ᠳ᠋ᠠᠵᠠᠢ ᠠᠴᠠ ᠰᠤᠷᠤᠯᠴᠠᠬᠤ︾ ᠦᠷᠨᠢᠯᠳᠡ ᠭᠠᠷᠬᠤ ᠳᠤ ᠳᠠᠮᠤᠷ ᠬᠡᠤᠬᠡᠨᠴᠤᠳ ᠤᠨ ᠳᠤᠭᠤᠢᠢᠯᠠᠩ ᠪᠠᠶᠢᠭᠤᠯᠤᠭᠳᠠᠵᠦ᠂ ᠳᠤᠷᠭᠠᠨ ᠤ ᠵᠦᠬᠡᠯᠡᠨ ᠳᠤ ᠪᠦᠮᠪᠦᠷᠢᠬᠦ ᠶᠤᠰᠤᠳᠠᠢ ᠴᠡᠴᠡᠭᠬᠡᠨ ᠭᠤᠪᠠᠶᠢᠴᠤᠤᠯ ᠮᠢᠨᠢ ᠬᠠᠨ ᠳᠡᠯᠡᠬᠡᠢ ᠶᠢᠨ ᠬᠦᠷᠦᠰᠦᠨ ᠳᠤ ᠪᠤᠷᠤᠯᠠᠨ ᠬᠠᠳᠠᠭᠤᠵᠢᠵᠦ᠂ ᠬᠦᠨᠳᠦ ᠬᠦᠴᠢᠷ ᠠᠵᠢᠯ ᠳᠤ ᠪᠤᠯᠪᠠᠷᠠᠶᠢᠬᠠᠨ ᠭᠠᠷ ᠨᠢ ᠬᠦᠷᠦᠰᠦᠵᠢᠵᠦ ᠢᠷᠡᠵᠡᠢ᠃ ᠬᠡᠰᠡᠨ ᠴᠤ ᠳᠡᠳᠡ ᠡᠪᠡᠳᠬᠦ ᠬᠠᠪᠤᠳᠬᠤ᠂ ᠶᠠᠳᠠᠷᠠᠬᠤ ᠶᠢ ᠮᠡᠳᠡᠬᠦ ᠦᠬᠡᠢ᠂ ᠠᠵᠢᠯ ᠢᠶᠠᠨ ᠬᠢᠵᠦ ᠪᠠᠶᠠᠷᠯᠠᠵᠦ ᠬᠦᠬᠡᠷᠦᠯᠳᠦᠬᠡᠳ ᠯᠡ ᠶᠠᠪᠤᠳᠠᠭ ᠪᠠᠶᠢᠪᠠ᠃ ᠲᠡᠷᠡ ᠦᠶ᠎ᠠ ᠳᠤ ᠰᠤᠷᠭᠠᠭᠤᠯᠢ ᠰᠤᠶᠤᠯ ᠦᠬᠡᠢ ᠪᠤᠯᠤᠭᠰᠠᠨ ᠳᠤᠯᠠ ᠳᠡᠮᠦᠷ ᠬᠡᠤᠬᠡᠨᠴᠤᠳ ᠤᠨ ᠳᠤᠭᠤᠢᠢᠯᠠᠩ ᠨᠢ ᠲᠡᠳᠡᠨ ᠳᠤ ᠨᠢᠬᠡᠨ ᠶᠤᠰᠤᠨ ᠤ ᠰᠤᠷᠭᠠᠭᠤᠯᠢ ᠪᠠᠶᠢᠭᠰᠠᠨ ᠬᠡᠬᠦ ᠳᠤ ᠢᠯᠡᠬᠦᠳᠡᠬᠦ ᠦᠬᠡᠢ᠃ ᠤᠯᠠᠭᠤᠯᠠ ᠪᠠᠨ ᠨᠡᠶᠢᠯᠡᠵᠦ ᠳᠠᠭᠤᠯᠠᠵᠦ ᠪᠦᠵᠢᠭᠯᠡᠬᠡᠳ᠂ ᠳᠤᠳᠤᠷ᠎ᠠ ᠠᠴᠠ ᠪᠠᠨ ᠪᠠᠶᠠᠷᠳᠠᠢ ᠠᠵᠢᠯᠯᠠᠵᠦ ᠶᠠᠪᠤᠭᠰᠠᠨ ᠳᠡᠳᠡ ᠪᠡᠶ᠎ᠡ ᠪᠡᠶᠡᠨ ᠠᠴᠠ ᠪᠠᠨ ᠤᠯᠠᠨ ᠶᠠᠭᠤᠮ᠎ᠠ ᠰᠤᠷᠴᠤ ᠶᠠᠪᠤᠳᠠᠭ ᠪᠠᠶᠢᠯ᠎ᠠ᠃
           1974 — 1975 ᠤᠨ ᠳᠤ ᠳᠡᠮᠦᠷ ᠬᠡᠤᠬᠡᠨᠴᠤᠳ ᠠᠵᠢᠯ ᠬᠢᠬᠦ ᠠᠴᠠ ᠪᠠᠨ ᠭᠠᠳᠠᠨ᠎ᠠ ᠮᠤᠷᠢᠳᠦ ᠪᠠ ᠶᠠᠪᠠᠭᠠᠨ ᠡᠷᠦᠬᠡ ᠶᠢᠨ ᠴᠡᠷᠢᠭ ᠲᠤ ᠤᠷᠤᠯᠴᠠᠳᠠᠭ ᠪᠠᠶᠢᠪᠠ᠃ ᠳᠡᠳᠡ ᠡᠳᠦᠷ ᠨᠢ ᠠᠵᠢᠯ ᠢᠶᠠᠨ ᠬᠢᠵᠦ᠂ ᠤᠷᠤᠢ ᠨᠢ ᠶᠠᠪᠠᠭᠠᠨ ᠡᠷᠦᠬᠡ ᠶᠢᠨ ᠴᠡᠷᠢᠭ ᠤᠨ ᠪᠤᠯᠪᠠᠰᠤᠷᠠᠯ ᠳᠤ ᠤᠷᠤᠯᠴᠠᠨ᠂ ᠭᠤᠤᠯ ᠤᠨ ᠲᠤᠬᠤᠢ ᠪᠠᠷ ᠬᠦᠶᠦᠵᠦ ᠪᠤᠯᠪᠠᠰᠤᠷᠠᠳᠠᠭ ᠪᠠᠶᠢᠪᠠ᠃      1975 ᠤᠨ ᠤ ᠰᠢᠨ᠎ᠠ ᠪᠠᠷᠭᠤ ᠪᠠᠷᠠᠭᠤᠨ ᠬᠤᠰᠢᠭᠤᠨ ᠤ ᠬᠤᠰᠢᠭᠤᠨ ᠨᠠᠶᠢᠷ ᠲᠤ ᠰᠤᠮᠤ ᠪᠤᠯᠭᠠᠨ ᠤ ᠡᠷᠤᠬᠡ ᠶᠢᠨ ᠴᠡᠷᠢᠭ ᠠᠴᠠ ᠰᠢᠯᠢᠳᠡᠭ ᠢ ᠨᠢ ᠰᠤᠩᠭᠤᠨ ᠬᠤᠰᠢᠭᠤᠨ ᠤ ᠡᠷᠦᠬᠡ ᠶᠢᠨ ᠴᠡᠷᠢᠭ ᠤᠨ ᠠᠩᠬᠢ ᠳᠤ ᠤᠷᠤᠭᠤᠯᠵᠤ᠂ ᠦᠵᠡᠬᠦᠯᠬᠡ ᠶᠢᠨ ᠤᠷᠤᠯᠳᠤᠭᠠᠨ ︵ᠬᠤᠰᠢᠭᠤ ᠨᠤᠭᠤᠳ ᠬᠤᠭᠤᠷᠤᠨᠳᠤ ᠪᠠᠨ ᠡᠷᠦᠬᠡ ᠶᠢᠨ ᠴᠡᠷᠢᠭ ᠤᠨ ᠤᠷᠤᠯᠳᠤᠭᠠᠨ ᠬᠢᠳᠡᠭ ᠪᠠᠶᠢᠪᠠ︶ ᠳᠤ ᠪᠡᠯᠡᠳᠭᠡᠬᠦ ᠳᠤ ᠨᠠᠷᠡᠨᠴᠢᠮᠡᠭ ᠰᠠᠶᠢᠬᠠᠨᠳᠠᠯ᠎ᠠ ᠰᠤᠮᠤᠨ ᠠᠴᠠ ᠰᠢᠯᠭᠠᠷᠠᠵᠦ ᠤᠷᠤᠪᠠ ᠃ ᠲᠡᠷᠡ ᠠᠩᠬᠢ ᠳᠤ ᠰᠢᠨ᠎ᠠ ᠪᠠᠷᠭᠤ ᠪᠠᠷᠠᠭᠤᠨ ᠬᠤᠰᠢᠭᠤᠨ ᠤ 13 ᠰᠤᠮᠤ ᠶᠢᠨ ᠬᠢ ᠪᠦᠷ ᠪᠠᠶᠢᠵᠦ᠂ ᠪᠦᠬᠦᠳᠡ ᠬᠦᠷᠡᠩ ᠵᠢᠰᠦᠮ ᠤᠨ ᠮᠤᠷᠢ ᠲᠠᠢ ᠪᠠᠶᠢᠪᠠ᠃ ᠳᠡᠬᠡᠬᠦ ᠳᠤ ᠨᠠᠷᠠᠨᠴᠢᠮᠡᠭ ᠭᠤᠸᠠᠢ ᠭᠠᠯ ᠵᠠᠯᠠᠭᠤ 18 ᠨᠠᠰᠤᠨ ᠳᠠᠭᠠᠨ ᠪᠠᠶᠢᠵᠦ᠂ ᠤᠮᠤᠭᠯᠠᠩ ᠨᠠᠰᠤᠨ ᠤ ᠤᠷᠬᠢᠯᠤᠮ᠎ᠠ ᠵᠤᠷᠢᠭ ᠢᠶᠠᠷ ᠫᠠᠢ ᠬᠠᠷᠪᠤᠭᠠᠳ ᠶᠠᠪᠤᠵᠦ ᠪᠠᠶᠢᠯ᠎ᠠ᠃ ᠲᠡᠷᠡ ᠰᠠᠶᠢᠠᠬᠠᠳᠠᠯ᠎ᠠ ᠰᠤᠮᠤᠨ ᠠᠴᠠ ᠬᠤᠰᠢᠭᠤ ᠤᠷᠤᠳᠠᠯ᠎ᠠ ᠵᠠᠭᠤ ᠭᠠᠷᠤᠢ ᠭᠠᠵᠠᠷ ᠫᠤᠤ ᠪᠠᠨ ᠡᠬᠦᠷᠴᠤ ᠮᠤᠷᠢ ᠲᠠᠢ ᠤᠴᠢᠭᠠᠳ ᠪᠤᠴᠠᠭᠠᠳ ᠢᠷᠡᠳᠡᠭ ᠪᠠᠶᠢᠪᠠ᠃ ᠬᠤᠰᠢᠭᠤᠨ ᠨᠠᠶᠢᠷ ᠳᠡᠬᠡᠷ᠎ᠡ ᠠᠷᠪᠠᠭᠠᠳ ᠵᠠᠯᠠᠭᠤᠴᠤᠳ ᠦᠵᠡᠬᠦᠯᠬᠡ ᠬᠢᠵᠦ᠂ ᠨᠦᠬᠡᠨ ᠳᠡᠬᠡᠬᠦᠷ ᠮᠤᠷᠢ ᠲᠠᠢ ᠬᠠᠷᠠᠶᠢᠯᠭᠠᠵᠦ᠂ ᠫᠠᠢ ᠬᠠᠷᠪᠤᠵᠦ ᠤᠯᠠᠨ ᠤ ᠡᠮᠦᠨ᠎ᠠ ᠰᠦᠷ ᠵᠢᠪᠬᠤᠭ᠎ᠠ ᠪᠠᠨ ᠭᠠᠶᠢᠬᠠᠭᠤᠯᠬᠤ ᠪᠤᠯᠬᠤᠷ ᠤᠷᠮ᠎ᠠ ᠲᠠᠢ ᠴᠤ ᠶᠠᠪᠤᠵᠦ ᠤᠴᠢᠨ ᠪᠤᠯᠪᠠᠰᠤᠷᠠᠳᠠᠭ ᠪᠠᠶᠢᠯ᠎ᠠ᠃ ᠬᠠᠷᠢᠨ ᠠᠪᠤ ᠶᠢᠨ ᠢᠶᠠᠨ ︽ᠬᠡᠤᠬᠡᠨ ᠮᠢᠨᠢ᠂ ᠬᠢᠴᠢᠶᠡᠬᠡᠷᠡᠢ᠂ ᠰᠤᠮᠤ ᠬᠡᠳᠡᠭ ᠴᠢᠨᠢ ᠨᠢᠳᠦ ᠦᠬᠡᠢ ᠶᠤᠮ ᠰᠢᠦ᠂ ᠰᠤᠮᠤ ᠠᠯᠳᠠᠬᠤ ᠪᠤᠢ︾ ᠬᠡᠵᠦ ᠰᠠᠨᠠᠭᠤᠯᠵᠤ ᠬᠡᠯᠡᠵᠦ ᠪᠠᠶᠢᠭᠰᠠᠨ ᠢ ᠤᠳᠤ ᠡᠷᠬᠢᠨ ᠪᠤᠳᠤᠬᠤ ᠳᠤ ᠦᠷ᠎ᠠ ᠶᠢᠨ ᠢᠶᠠᠨ ᠲᠦᠯᠦᠬᠡ ᠴᠠᠭ ᠦᠷᠬᠦᠯᠵᠢ ᠰᠠᠨᠠᠭ᠎ᠠ ᠨᠢ ᠵᠤᠪᠠᠵᠦ ᠶᠠᠪᠤᠭᠰᠠᠨ ᠠᠭᠤᠤ ᠬᠠᠶᠢᠷ᠎ᠠ ᠪᠠᠶᠢᠭᠰᠠᠨ ᠢ ᠨᠢ ᠰᠠᠨᠠᠨ ᠰᠠᠨᠠᠨ ᠤᠶᠠᠷᠠᠨ᠎ᠠ᠃      ᠨᠠᠷᠠᠨᠴᠢᠮᠡᠭ ᠭᠤᠸᠠᠢ᠂ ᠳᠡᠬᠦᠨ ᠢ ᠠᠩᠬ᠎ᠠ ᠡᠷᠦᠬᠡ ᠶᠢᠨ ᠴᠡᠷᠢᠭ ᠪᠤᠯᠬᠤ ᠳᠤ ᠳᠡᠳᠡᠨ ᠢ ᠳᠠᠷᠤᠭᠠᠯᠠᠵᠦ ᠪᠠᠶᠢᠭᠰᠠᠨ ᠬᠠᠢ ᠢᠦᠢ ᠯᠠᠨ᠂ ᠬᠠᠰᠤᠨ ᠬᠤᠶᠠᠷ ᠲᠠᠭᠠᠨ ᠮᠠᠰᠢ ᠳᠠᠯᠠᠷᠬᠠᠵᠦ ᠶᠠᠪᠤᠳᠠᠭ᠃ ᠳᠡᠳᠡ ᠬᠡᠷᠪᠡ ᠤᠷᠮ᠎ᠠ ᠵᠤᠷᠢᠭ ᠬᠠᠶᠢᠷᠠᠯᠠᠨ ᠵᠤᠷᠢᠭᠵᠢᠭᠤᠯᠤᠭᠰᠠᠨ ᠦᠬᠡᠢ ᠪᠤᠯ ᠬᠤᠰᠢᠭᠤᠨ ᠨᠠᠶᠢᠷ ᠤᠨ ᠮᠤᠷᠢᠳᠦ ᠡᠷᠦᠬᠡ ᠶᠢᠨ ᠴᠡᠷᠢᠭ ᠤᠨ ᠬᠤᠶᠠᠷᠬᠠᠨ ᠡᠮᠡᠭᠳᠡᠢ ᠶᠢᠨ ᠨᠢᠬᠡ ᠨᠢ ᠪᠤᠯᠵᠤ ᠤᠯᠠᠨ ᠤ ᠡᠮᠦᠨ᠎ᠠ ᠦᠪᠡᠷ ᠤᠨ ᠤᠷ᠎ᠠ ᠠᠪᠢᠶᠠᠰ ᠢᠶᠠᠨ ᠭᠠᠶᠢᠬᠠᠭᠤᠯᠤᠨ ᠮᠡᠳᠡᠷᠡᠬᠦᠯᠬᠦ ᠪᠤᠯᠤᠮᠵᠢ ᠪᠠᠶᠢᠬᠤ ᠡᠰᠡᠬᠦ ᠶᠢ ᠮᠡᠳᠡᠬᠦ ᠦᠬᠡᠢ᠃ ᠳᠡᠶᠢᠮᠦ ᠪᠤᠯᠬᠤᠷ ᠨᠠᠷᠠᠨᠴᠢᠮᠡᠭ ᠭᠤᠸᠠᠢ ᠡᠷᠦᠬᠡ ᠶᠢᠨ ᠴᠡᠷᠢᠭ ᠤᠨ ᠳᠠᠷᠤᠭ᠎ᠠ ᠪᠠᠶᠢᠭᠰᠠᠨ ᠲᠡᠷᠡ ᠬᠤᠶᠠᠷ ᠲᠠᠭᠠᠨ ᠮᠠᠰᠢ ᠪᠠᠶᠠᠷᠯᠠᠵᠦ ᠶᠠᠪᠤᠳᠠᠭ ᠶᠤᠮ᠃ ᠳᠡᠮᠦᠷ ᠬᠡᠤᠬᠡᠨᠴᠤᠳ ᠬᠠᠷᠢᠯᠴᠠᠨ ᠬᠠᠪᠰᠤᠷᠤᠯᠴᠠᠵᠦ᠂ ᠬᠠᠷᠢᠯᠴᠠᠨ ᠳᠤᠰᠠᠯᠠᠯᠴᠠᠵᠦ ᠶᠠᠪᠤᠳᠠᠭ ᠪᠦᠬᠡᠳ ᠬᠠᠮᠢᠭ᠎ᠠ ᠠᠵᠢᠯ ᠬᠢᠪᠡᠯ ᠬᠠᠮᠢᠭ᠎ᠠ ᠤᠯᠠᠭᠠᠨ ᠳᠤᠭ ᠢᠶᠠᠨ ᠨᠠᠮᠢᠷᠠᠭᠤᠯᠵᠤ ᠶᠠᠪᠤᠵᠠᠢ᠃
          — 47 ᠵᠢᠯ ᠤᠨ ᠡᠮᠦᠨᠡᠬᠢ ᠵᠠᠯᠠᠭᠤ ᠨᠠᠰᠤ ᠶᠢ ᠮᠢᠨᠢ ᠳᠤᠷᠠᠰᠤᠭᠤᠯᠵᠤ᠂ ᠮᠠᠨ ᠤ ᠬᠢᠵᠦ ᠪᠠᠶᠢᠭᠰᠠᠨ ᠦᠢᠯᠡ ᠠᠵᠢᠯᠯᠠᠭ᠎ᠠ ᠶᠢ ᠳᠠᠬᠢᠨ ᠤᠯᠠᠨ ᠳᠤ ᠮᠡᠳᠡᠬᠦᠯᠵᠦ ᠪᠤᠢ ᠨᠠᠮ ᠵᠠᠰᠠᠭ ᠲᠠᠭᠠᠨ᠂ ᠳᠠᠨ ᠤ ᠰᠤᠨᠢᠨ ᠳᠤ ᠪᠠᠶᠠᠷᠯᠠᠵᠦ ᠪᠠᠶᠢᠨ᠎ᠠ᠃ ᠮᠠᠨ ᠤ ᠳᠡᠮᠦᠷ ᠬᠡᠤᠬᠡᠨᠴᠤᠳ ᠶᠡᠭᠡ ᠪᠦᠯᠬᠦᠮᠳᠡᠯ ᠲᠠᠢ᠃ ᠪᠠᠶ᠎ᠠ ᠪᠠᠶ᠎ᠠ ᠪᠠᠨ ᠬᠠᠶᠢᠷᠠᠯᠠᠵᠦ᠂ ᠬᠠᠷᠢᠯᠴᠠᠨ ᠬᠠᠪᠰᠤᠷᠤᠯᠴᠠᠳᠠᠭ ᠪᠠᠶᠢᠭᠰᠠᠨ᠃ ᠲᠡᠷᠡ ᠦᠶ᠎ᠡ ᠳᠤ ᠪᠢᠳᠡ ᠴᠢᠨᠢ ᠵᠤᠷᠢᠭ ᠬᠠᠳᠠᠭᠤ ᠰᠡᠳᠬᠢᠯ ᠴᠢᠩᠭ᠎ᠠ᠂ ᠬᠤᠪᠢ ᠳᠡᠮᠳᠡᠭᠯᠡᠬᠦ ᠦᠬᠡᠢ᠂ ᠱᠠᠩᠨᠠᠯ ᠬᠦᠬᠢᠬᠦᠯᠦᠯ ᠦᠬᠡᠢ ᠪᠠᠶᠢᠳᠠᠯ ᠳᠤᠤᠷ᠎ᠠ ᠬᠠᠮᠳᠤ ᠨᠡᠶᠢᠳᠡ ᠶᠢᠨ ᠠᠵᠢᠯ ᠢ ᠦᠪᠡᠷ ᠤᠨ ᠬᠡᠷ ᠤᠨ ᠠᠵᠢᠯ ᠠᠴᠠ ᠪᠠᠨ ᠢᠯᠡᠬᠦᠳᠡᠢ ᠬᠢᠵᠦ ᠶᠠᠪᠤᠭᠰᠠᠨ᠃ ᠲᠡᠬᠡᠬᠦ ᠳᠤ ᠪᠢᠳᠡᠨ ᠳᠤ ᠠᠮᠠᠨ ᠰᠠᠶᠢᠰᠢᠶᠠᠯ ᠦᠭᠳᠡᠭ ᠪᠠᠶᠢᠭᠰᠠᠨ᠃ ᠬᠤᠪᠢ ᠳᠡᠮᠳᠡᠭᠯᠡᠬᠦ᠂ ᠱᠠᠩᠨᠠᠯ ᠬᠦᠬᠢᠬᠦᠯᠦᠯ ᠦᠭᠬᠦ ᠪᠠᠶᠢᠳᠠᠯ ᠮᠠᠨ ᠤ ᠪᠤᠶᠠᠨᠳᠠᠯ᠎ᠠ ᠭᠠᠴᠠᠭᠠᠨ ᠳᠤ ᠪᠠᠶᠢᠭᠰᠠᠨ ᠦᠬᠡᠢ᠂ ᠦᠬᠡᠷ᠎ᠡ ᠭᠠᠵᠠᠷ ᠢᠶᠠᠷ ᠶᠠᠮᠠᠷ ᠪᠠᠶᠢᠭᠰᠠᠨ ᠢ ᠪᠢ ᠮᠡᠳᠡᠬᠦ ᠦᠬᠡᠢ᠂ ᠳᠡᠶᠢᠮᠦ ᠪᠠᠶᠢᠭᠰᠠᠨ ᠴᠤ ᠪᠢᠳᠠ ᠪᠠᠶᠠᠷ ᠬᠦᠷ ᠲᠠᠢ ᠠᠵᠢᠯ ᠢᠶᠠᠨ ᠬᠢᠬᠡᠳ ᠯᠡ ᠶᠠᠪᠤᠭᠠᠳ ᠪᠠᠶᠢᠭᠰᠠᠨ᠃ ᠲᠠᠷᠠ ᠦᠶ᠎ᠠ ᠳᠤ ᠭᠠᠭᠴᠠ ᠬᠤᠶᠠᠷ ᠢᠶᠠᠷ ᠭᠠᠪᠰᠢᠭᠠᠢᠢᠯᠠᠬᠤ ᠵᠦᠢᠯ ᠦᠬᠡᠢ᠂ ᠪᠦᠬᠦ ᠵᠦᠢᠯ ᠵᠤᠬᠢᠶᠠᠨ ᠪᠠᠶᠢᠭᠤᠯᠤᠯᠳᠠ ᠲᠠᠢ᠂ ᠳᠠᠭᠠᠭᠤᠯᠭ᠎ᠠ ᠳᠤᠤᠷ᠎ᠠ ᠶᠠᠪᠤᠭᠳᠠᠳᠠᠭ ᠪᠠᠶᠢᠭᠰᠠᠨ᠃ ᠪᠢᠳᠡ ᠮᠤᠷᠢ ᠪᠠᠷ ᠨᠠᠭᠠᠰᠢ ᠴᠠᠭᠠᠰᠢ ᠵᠠᠮᠨᠠᠵᠦ ᠠᠵᠢᠯ ᠢᠶᠠᠨ ᠬᠢᠨ᠎ᠠ᠃ ᠮᠤᠷᠢ ᠦᠬᠡᠢ ᠪᠤᠯ ᠬᠡᠳᠦᠬᠦᠯᠡ ᠪᠠᠨ ᠦᠬᠡᠷ ᠳᠡᠷᠬᠡ ᠪᠠᠷ ᠤᠴᠢᠭᠠᠳ ᠠᠵᠢᠯ ᠢᠶᠠᠨ ᠬᠢᠨ᠎ᠠ᠃ ᠠᠪᠤ ᠡᠵᠢ ᠴᠤ ᠨᠠᠮᠠᠢᠢ ᠠᠵᠢᠯ ᠠᠴᠠ ᠪᠠᠨ ᠪᠤᠤ ᠬᠤᠵᠢᠭᠳᠠ᠂ ᠡᠷᠳᠡᠬᠡᠨ ᠶᠠᠪᠤ ᠬᠡᠳ ᠶᠠᠪᠤᠭᠤᠯᠳᠠᠭ ᠪᠠᠶᠢᠭᠰᠠᠨ᠃ ᠨᠡᠶᠢᠳᠡ ᠶᠢᠨ ᠠᠵᠢᠯ ᠳᠤ ᠤᠷᠤᠯᠴᠠᠬᠤ ᠬᠡᠳ ᠬᠡᠷ ᠤᠨ ᠢᠶᠠᠨ ᠠᠵᠢᠯ ᠢᠶᠠᠨ ᠬᠠᠯᠳᠤ ᠮᠦᠯᠳᠦ ᠬᠢᠬᠡᠳ ᠯᠡ ᠶᠠᠪᠤᠭᠠᠳ ᠤᠴᠢᠨ᠎ᠠ᠃ ᠪᠢᠳᠡᠨ ᠤ ᠢᠡᠭᠬᠢᠵᠦ ᠶᠠᠪᠤᠭᠰᠠᠨ ᠢ ᠮᠢᠨᠢ ᠨᠠᠮ ᠲᠦᠷᠦ ᠠᠴᠠ ︽ᠬᠦᠳᠡᠯᠮᠤᠷᠢ ᠶᠢᠨ ᠪᠠᠭᠠᠳᠤᠷ︾ ᠬᠡᠵᠦ ᠰᠠᠶᠢᠠᠬᠨ ᠦᠨᠡᠯᠡᠭᠰᠡᠨ ᠳᠤ ᠶᠡᠭᠡ ᠪᠠᠶᠠᠷᠯᠠᠵᠦ ᠶᠠᠪᠤᠳᠠᠭ ᠭᠡᠳ ᠪᠠᠶᠠᠷ ᠲᠠᠢ ᠮᠦᠰᠢᠶᠠᠨ᠎ᠠ᠃      ᠨᠠᠷᠠᠨᠴᠢᠮᠡᠭ ᠭᠤᠸᠠᠢ 1976 ᠤᠨ ᠳᠤ ᠮᠠᠵᠢᠭ ᠤᠨ ᠳᠡᠮᠳᠢᠨᠵᠠᠭᠠᠨ ᠲᠠᠢ ᠠᠶᠢᠯ ᠪᠤᠯᠵᠤ᠂ ᠮᠠᠯᠴᠢᠨ ᠶᠠᠪᠤᠪᠠ᠃ 1976 ᠤᠨ ᠤ ᠨᠠᠮᠤᠷ ᠪᠠᠶᠠᠨᠬᠦ᠋ᠷᠢᠶ᠎ᠠ ᠭᠠᠴᠠᠭᠠᠨ ᠠᠴᠠ ᠳᠡᠳᠡᠡ ᠤ ᠠᠬ᠎ᠠ ᠳᠡᠬᠦᠦ ᠬᠤᠶᠠᠷ ᠠᠶᠢᠯ ᠢ ᠬᠦᠳᠡᠯᠮᠤᠷᠢ ᠳᠡᠭᠡᠨ ᠰᠠᠶᠢᠨ᠂ ᠠᠵᠢᠯ ᠰᠠᠶᠢᠨ ᠬᠢᠳᠡᠭ ᠬᠡᠳ ᠭᠠᠴᠠᠭᠠᠨ ᠳᠠᠭᠠᠨ ᠨᠡᠬᠦᠯᠬᠡᠨ ᠠᠪᠠᠴᠢᠭᠰᠠᠨ ᠢᠶᠠᠷ ᠬᠤᠵᠢᠮ ᠳᠡᠷᠡ ᠭᠠᠴᠠᠭᠠᠨ ᠤ ᠮᠠᠯᠴᠢᠨ ᠪᠤᠯᠪᠠ᠃ 1980 ᠤᠨ ᠳᠤ ᠤᠷᠤᠨ ᠠᠴᠠ ᠴᠦᠬᠡᠨ ᠳᠤᠭᠠᠳᠤ ᠦᠨᠳᠦᠰᠦᠳᠡᠨ ᠤ 30 ᠺᠠᠳ᠋ᠷ ᠢ ᠳᠤᠰᠬᠠᠢ ᠪᠤᠯᠪᠠᠰᠤᠷᠠᠭᠤᠯᠬᠤ ᠪᠠᠷ ᠰᠤᠩᠭᠤᠯᠳᠠ ᠬᠢᠬᠦ ᠳᠤ ᠪᠠᠶᠠᠡᠬᠦ᠋ᠷᠢᠶ᠎ᠠ ᠭᠠᠴᠠᠭᠠᠨ ᠤ ᠳᠡᠳ᠋ ᠱᠦᠵᠢ ᠪᠠᠶᠢᠭᠰᠠᠨ ᠨᠦᠬᠦᠷ ᠨᠢ ᠰᠢᠯᠢᠭᠳᠡᠵᠦ᠂ 1983 ᠤᠨ ᠳᠤ ᠰᠠᠶᠢᠬᠠᠨᠳᠠᠯ᠎ᠠ ᠰᠤᠮᠤᠨ ᠠᠴᠠ ᠭᠠᠭᠴᠠᠭᠠᠷ ᠢᠶᠠᠨ ᠪᠡᠬᠡᠵᠢᠩ ᠬᠤᠳᠠ ᠶᠢ ᠵᠤᠷᠢᠵᠦ ᠳᠤᠰᠬᠠᠢ ᠪᠤᠯᠪᠠᠰᠤᠷᠠᠯ ᠳᠤ ᠭᠤᠷᠪᠠᠨ ᠵᠢᠯ ᠶᠠᠪᠤᠪᠠ᠃ ᠳᠡᠬᠡᠬᠦ ᠳᠤ ᠨᠠᠷᠠᠨᠴᠢᠮᠡᠭ ᠭᠤᠷᠪᠠᠨ ᠨᠢᠷᠠᠢ ᠬᠡᠤᠬᠡᠳ ᠲᠠᠢ ᠪᠠᠨ ᠠᠷᠤ ᠬᠡᠷ ᠢᠶᠠᠨ ᠳᠤᠯᠵᠤ ᠬᠤᠴᠤᠷᠴᠠᠢ᠃ ᠶᠡᠭᠡ ᠬᠦᠦ ᠨᠢ ᠰᠤᠷᠭᠠᠭᠤᠯᠢ ᠳᠤ ᠤᠷᠤᠬᠤ ᠨᠠᠰᠤᠨ ᠳᠤ ᠬᠦᠷᠦᠭᠰᠡᠨ ᠪᠠᠶᠢᠭᠰᠠᠨ ᠳᠤᠯᠠ ᠬᠠᠳᠠᠮ ᠡᠵᠢ ᠨᠢ ᠰᠠᠭᠤᠷᠢᠨ ᠳᠤ ᠰᠠᠭᠤᠵᠦ ᠶᠡᠭᠡ ᠠᠴᠢ ᠬᠦᠦ ᠪᠠᠨ ᠪᠢᠴᠢᠭ ᠦᠵᠡᠬᠦᠯᠵᠦ᠂ ᠲᠡᠷᠡ ᠬᠠᠳᠠᠮ ᠠᠪᠤ᠂ ᠬᠤᠶᠠᠷ ᠨᠢᠯᠬ᠎ᠠ ᠲᠠᠢ ᠪᠠᠨ ᠬᠠᠮᠳᠤ ᠨᠡᠶᠢᠳᠡ ᠶᠢᠨ ᠮᠠᠯ ᠳᠤ ᠶᠠᠪᠤᠵᠦ ᠪᠠᠶᠢᠯ᠎ᠠ᠃ ᠲᠡᠷᠡ ᠦᠶ᠎ᠡ ᠳᠤ ᠰᠦᠨᠢ ᠶᠢᠨ ᠨᠢᠬᠡ ᠬᠤᠶᠠᠷ ᠴᠠᠭ ᠲᠤ ᠬᠤᠪᠤᠭᠤ ᠳᠠᠳᠠᠨ ᠮᠠᠯ ᠢᠶᠠᠨ ᠤᠰᠤᠯᠠᠬᠤ ᠵᠡᠷᠬᠡ ᠬᠦᠢᠳᠡᠨ ᠨᠦᠢᠳᠠᠨ ᠬᠦᠴᠢᠷ ᠠᠵᠢᠯ ᠤᠳ ᠢ ᠬᠢᠵᠦ ᠶᠠᠪᠤᠭᠰᠠᠨ ᠴᠤ ᠬᠦᠳᠡᠯᠮᠤᠷᠢ ᠶᠢᠨ ᠬᠠᠷᠢᠭᠤ ᠯᠠᠪ ᠰᠠᠶᠢᠠᠬᠨ ᠪᠠᠶᠢᠬᠤ ᠶᠤᠰᠤᠳᠠᠢ ᠬᠡᠵᠦ ᠢᠳᠡᠬᠡᠵᠦ ᠶᠠᠪᠤᠵᠠᠢ᠃      — ᠮᠢᠨᠦ ᠨᠦᠬᠦᠷ ᠶᠠᠪᠤᠬᠤ ᠳᠤ ᠪᠠᠭ᠎ᠠ ᠬᠦᠦ ᠮᠠᠨᠢ ᠮᠠᠨᠴᠤᠢ ᠲᠠᠢ᠂ ᠠᠪᠤ ᠨᠢ ᠭᠤᠷᠪᠠᠨ ᠵᠢᠯ ᠤᠨ ᠳᠠᠷᠠᠭ᠎ᠠ ᠡᠷᠬᠢᠬᠡᠳ ᠢᠷᠡᠬᠦ ᠳᠤ ︽ᠠᠶᠢᠯ ᠤᠨ ᠠᠬ᠎ᠠ︾ ᠬᠡᠳ ᠳᠠᠭᠠᠭᠠᠳ ᠬᠦᠶᠦᠳᠡᠭ ᠪᠠᠶᠢᠭᠰᠠᠨ ᠬᠡᠳ ᠲᠡᠷᠡ ᠦᠶ᠎ᠠ ᠪᠠᠨ ᠳᠤᠷᠠᠰᠤᠨ ᠶᠠᠷᠢᠨ᠎ᠠ᠃
          ᠨᠠᠷᠠᠨᠴᠢᠮᠡᠭ ᠭᠤᠸᠠᠢ ᠬᠠᠳᠠᠮ ᠠᠪᠤ ᠡᠵᠢ ᠪᠠᠨ ᠬᠦᠨᠳᠦᠯᠡᠵᠦ᠂ ᠡᠷᠬᠦᠨ ᠰᠤᠪᠢᠯᠡᠵᠦ ᠶᠠᠪᠤᠭᠰᠠᠨ ᠠᠴᠢᠯᠠᠯ ᠲᠠᠢ ᠪᠠᠷᠢ᠂ ᠦᠷ᠎ᠡ ᠬᠡᠤᠬᠡᠳ ᠢᠶᠠᠨ ᠴᠢᠩᠭ᠎ᠠ ᠰᠤᠷᠭᠠᠨ ᠬᠦᠮᠦᠵᠢᠬᠦᠯᠵᠦ ᠶᠠᠪᠤᠳᠠᠭ ︽ᠬᠠᠳᠠᠭᠤ︾ ᠡᠵᠢ᠂ ᠠᠴᠢ ᠵᠢᠬᠡ ᠪᠠᠨ ᠰᠤᠷᠭᠠᠯ ᠲᠠᠢ ᠠᠪᠴᠤ ᠶᠠᠪᠤᠳᠠᠭ ︽ᠬᠦᠬᠡᠷᠦᠬᠦᠨ ᠢᠵᠢᠢ︾ ᠪᠢᠯᠡ᠃ ᠳᠡᠬᠦᠨ ᠤ ᠬᠤᠶᠠᠷ ᠬᠦᠦ ᠨᠢ ᠤᠳᠤ ᠠᠪᠤ ᠳᠡᠭᠡᠳᠦ ᠶᠢᠨ ᠨᠤᠳᠤᠭ ᠢᠶᠠᠨ ᠰᠠᠬᠢᠵᠦ᠂ ᠤᠯᠠᠮᠵᠢᠯᠠᠯᠳᠤ ᠰᠤᠶᠤᠯ ᠢᠶᠠᠨ ᠳᠡᠬᠡᠳᠦᠯᠡᠵᠦ ᠶᠠᠪᠤᠬᠤ ᠳᠤ ᠬᠡᠤᠬᠡᠨ ᠰᠠᠷᠠᠨ᠎ᠠ ᠨᠢ ᠬᠠᠭᠤᠴᠢᠨ ᠪᠠᠷᠭᠤ ᠬᠤᠰᠢᠭᠤᠨ ᠳᠤ ︽ᠪᠠᠶᠢᠭᠠᠯ︾ ᠵᠢᠷᠤᠭᠯᠠᠨ ᠪᠦᠳᠦᠬᠡᠬᠦ ᠬᠢᠵᠠᠭᠠᠷᠳᠦ ᠺᠤᠮᠫᠠᠨᠢ ᠪᠠᠨ ᠠᠵᠢᠯᠯᠠᠭᠤᠯᠵᠤ᠂ ᠠᠮᠵᠢᠯᠳᠠ ᠲᠦᠬᠦᠷᠡᠩ ᠶᠠᠪᠤᠬᠤ ᠳᠤᠯᠠ ᠨᠠᠷᠠᠨᠴᠢᠮᠡᠭ ᠨᠦᠬᠦᠷ ᠲᠠᠢ ᠪᠠᠨ ᠬᠤᠶᠠᠭᠤᠯᠠ ᠦᠷ᠎ᠡ ᠶᠢᠨ ᠢᠶᠠᠨ ᠦᠷ᠎ᠡ ᠶᠢ ᠬᠠᠷᠠᠵᠦ ᠰᠡᠳᠬᠢᠯ ᠳᠡᠨᠢᠬᠦᠨ ᠶᠠᠪᠤᠨ᠎ᠠ᠃      ︽ᠤᠳᠤ ᠨᠠᠰᠤ ᠪᠠᠰᠠ ᠠᠬᠢᠵᠦ ᠪᠠᠶᠢᠬᠤ ᠪᠤᠯᠬᠤᠷ ᠬᠢᠶ᠎ᠠ ᠬᠡᠰᠡᠨ ᠵᠦᠢᠯ ᠢᠶᠠᠨ ᠬᠢᠵᠦ ᠴᠢᠳᠠᠬᠤ ᠪᠠᠨ ᠪᠤᠯᠢᠵᠠᠢ᠃ ᠬᠡᠰᠡᠨ ᠴᠤ ᠪᠢ ᠤᠳᠤ ᠨᠢᠬᠡ ᠰᠤᠮᠤ᠂ ᠨᠢᠬᠡ ᠭᠠᠴᠠᠭᠠᠨ ᠤ ᠳᠡᠮᠦᠷ ᠬᠡᠤᠬᠡᠨᠴᠤᠳ ᠤᠨ ᠸᠢᠴᠠᠲ ᠬᠤᠯᠪᠤᠭ᠎ᠠ ᠶᠢᠨ ᠠᠬᠠᠯᠠᠭᠴᠢ᠃ ᠪᠢ ᠲᠡᠷᠡ ᠦᠶ᠎ᠠ ᠶᠢᠨ ᠳᠡᠮᠦᠷ ᠬᠡᠤᠬᠡᠨᠴᠤᠳ ᠢᠶᠠᠨ ᠵᠤᠬᠢᠶᠠᠨ ᠪᠠᠶᠢᠭᠤᠯᠵᠦ᠂ ᠨᠢᠬᠡ ᠳᠠᠭᠤᠤ ᠶᠢᠨ ᠬᠤᠯᠪᠤᠭ᠎ᠠ᠂ ᠨᠢᠬᠡ ᠤᠶᠤᠳᠠᠯ ᠤᠨ ᠬᠤᠯᠪᠤᠭ᠎ᠠ ᠲᠠᠢ᠃ ᠪᠠᠭ᠋ ᠎ᠠ ᠰᠠᠭ᠎ᠠ ᠴᠤ ᠬᠡᠰᠡᠨ ᠶᠠᠭᠤᠮ᠎ᠠ ᠬᠢᠵᠦ ᠦᠷ᠎ᠠ ᠬᠡᠤᠬᠡᠳ ᠲᠡᠭᠡᠨ ᠳᠤᠰᠠ ᠪᠤᠯᠤᠶ᠎ᠠ ᠯᠡ ᠬᠡᠵᠦ ᠴᠢᠷᠮᠠᠶᠢᠵᠦ ᠶᠠᠪᠤᠨ᠎ᠠ︾ ᠬᠡᠮᠡᠬᠦ ᠨᠢ ᠪᠤᠯᠤᠨ᠎ᠠ᠂ ᠪᠦᠳᠦᠨ᠎ᠠ ᠬᠡᠬᠦ ᠠᠷᠢᠭᠤᠨ ᠢᠳᠡᠬᠡᠯ ᠢᠶᠠᠷ ᠵᠢᠬᠦᠷᠯᠡᠨ ᠵᠤᠷᠢᠭᠰᠠᠨ ᠵᠤᠷᠢᠯᠭ᠎ᠠ ᠤᠷᠤᠭᠤ ᠪᠠᠨ ᠵᠤᠷᠢᠭᠳᠠᠢ ᠠᠯᠬᠤᠳᠠᠭ ᠨᠢᠬᠡᠨ ᠬᠡᠰᠡᠨ ᠨᠢ ᠮᠡᠳᠡᠭᠳᠡᠨ᠎ᠠ᠃          ᠨᠠᠷᠠᠨᠴᠢᠮᠡᠭ ᠭᠤᠸᠠᠢ ᠳᠡᠮᠦᠷ ᠬᠡᠤᠬᠡᠨᠴᠤᠳ ᠢᠶᠠᠨ ᠳᠠᠶᠢᠴᠢᠯᠠᠨ ᠤᠶᠤᠳᠠᠯ ᠤᠨ ᠬᠤᠯᠪᠤᠭ᠎ᠠ ᠪᠠᠶᠢᠭᠤᠯᠤᠭᠰᠠᠨ ᠨᠢ ᠳᠡᠬᠦᠨ ᠢ 12 ᠨᠠᠰᠤᠳᠠᠢ ᠪᠠᠶᠢᠬᠤ ᠳᠤᠨᠢ ᠦᠢᠯᠡ ᠤᠶᠤᠳᠠᠯ ᠳᠤ ᠰᠤᠷᠭᠠᠭᠰᠠᠨ ᠡᠵᠢ ᠶᠢᠨ ᠬᠢᠨᠢ ᠨᠦᠯᠦᠬᠡ ᠪᠢᠯᠡ᠃ ᠳᠡᠬᠦᠨ ᠤ ᠡᠵᠢ ᠨᠡᠷᠡᠳᠡᠢ ᠤᠷᠠᠨ ᠤᠶᠤᠳᠠᠯᠴᠢᠨ ᠪᠠᠶᠢᠭᠰᠠᠨ ᠶᠤᠮ᠃ ᠲᠡᠷᠡ ᠡᠵᠢ ᠠᠴᠠ ᠪᠠᠨ ᠤᠶᠤᠳᠠᠯ ᠰᠤᠷᠤᠭᠰᠠᠨ ᠠᠴᠠ ᠬᠤᠶᠢᠰᠢ ᠵᠢᠷᠠᠨ ᠳᠠᠪᠤᠨ ᠨᠠᠰᠤᠯᠠᠳᠠᠯ᠎ᠠ ᠪᠠᠨ ᠤᠶᠤᠳᠠᠯ ᠠᠴᠠ ᠪᠠᠨ ᠰᠠᠯᠤᠭ᠎ᠠ ᠦᠬᠡᠢ ᠶᠠᠪᠤᠨ᠎ᠠ᠃ ᠨᠠᠷᠠᠨᠴᠢᠮᠡᠭ ᠭᠤᠸᠠᠢ 2003 — 2007 ᠤᠨ ᠪᠤᠯᠳᠠᠯ᠎ᠠ ᠬᠠᠶᠢᠯᠡᠷ ᠲᠤ ᠲᠦᠷᠪᠡᠨ ᠵᠢᠯ ᠤᠶᠤᠳᠠᠯ ᠤᠨ ᠠᠵᠢᠯ ᠬᠢᠵᠦ ᠶᠠᠪᠤᠭᠰᠠᠨ ᠨᠢ ᠬᠠᠷ᠎ᠠ ᠪᠠᠭ᠎ᠠ ᠠᠴᠠ ᠪᠠᠨ ᠰᠤᠷᠤᠭᠰᠠᠨ ᠦᠢᠯᠡ ᠤᠶᠤᠳᠠᠯ ᠢᠶᠠᠨ ᠨᠡᠩ ᠤᠯᠠᠨ ᠬᠦᠮᠦᠨ ᠳᠤ ᠮᠡᠳᠡᠬᠦᠯᠵᠦ ᠪᠠᠶᠢᠬᠤ ᠶᠢ ᠵᠤᠷᠢᠭᠰᠠᠨ ᠠᠴᠠ ᠶᠤᠮ᠃ ᠲᠡᠷᠡ ᠪᠠᠰᠠ ᠬᠡᠷᠦᠯᠦᠨ ᠰᠤᠮᠤᠨ ᠤ ᠲᠡᠮᠦᠷ ᠬᠡᠤᠬᠡᠨᠴᠤᠳ ᠤᠨ ᠤᠶᠤᠳᠠᠯ ᠤᠨ ᠬᠤᠯᠪᠤᠭ᠎ᠠ ᠪᠠᠨ ᠲᠠᠶᠢᠴᠢᠯᠠᠨ ᠤᠯᠤᠰ ᠪᠠᠶᠢᠭᠤᠯᠤᠭᠳᠠᠭᠰᠠᠨ 70 ᠵᠢᠯ ᠤᠨ ᠤᠢ ᠳᠤ ᠢᠰᠡᠭᠡᠢ ᠭᠠᠷ ᠤᠷᠠᠯᠠᠯ ᠬᠢᠵᠦ ᠤᠯᠤᠰ ᠭᠡᠷ ᠲᠡᠭᠡᠨ ᠪᠡᠯᠡᠭᠯᠡᠭᠰᠡᠨ ᠪᠠᠶᠢᠨ᠎ᠠ᠃ ᠤᠳᠤ ᠴᠤ ᠬᠡᠰᠡᠨ ᠨᠠᠷᠠᠨᠴᠢᠮᠡᠭ ᠭᠤᠸᠠᠢ ᠳᠡᠮᠦᠷ ᠬᠡᠤᠬᠡᠨᠴᠤᠳ ᠲᠠᠢ ᠪᠠᠨ ᠬᠠᠮᠳᠤᠷᠠᠵᠦ ᠬᠤᠷᠠᠭᠠᠨ ᠳᠡᠪᠡᠯ ᠤᠶᠤᠵᠦ ᠰᠠᠭᠤᠬᠤ ᠨᠢ ᠨᠠᠰᠦ ᠪᠠᠷ ᠢᠶᠠᠨ ᠬᠦᠳᠡᠯᠮᠦᠷᠢᠯᠡᠵᠦ ᠶᠠᠪᠤᠭᠰᠠᠨ ᠠᠵᠢᠯᠴᠢ ᠬᠦᠮᠦᠨ ᠤ ᠵᠠᠩ ᠪᠢᠯᠡ᠃      ︽ᠪᠢ ᠪᠢᠴᠢᠭ ᠰᠤᠶᠤᠯ ᠦᠨᠳᠦᠷ ᠪᠢᠰᠢ᠃ ᠤᠶᠤᠳᠠᠯ ᠤᠶᠤᠬᠤ ᠠᠴᠠ ᠦᠬᠡᠷ᠎ᠡ ᠤᠨᠴᠠᠭᠠᠢ ᠴᠢᠳᠠᠪᠤᠷᠢ ᠬᠡᠵᠦ ᠦᠬᠡᠢ᠃ ᠬᠦᠮᠦᠨ ᠬᠡᠳᠡᠭ ᠵᠤᠷᠢᠭ ᠪᠠᠶᠢᠪᠠᠯ ᠴᠢᠳᠠᠬᠤ ᠦᠬᠡᠢ ᠵᠦᠢᠯ ᠬᠡᠵᠦ ᠦᠬᠡᠢ᠃ ᠬᠡᠳᠦᠢ ᠳᠤᠯᠭᠠᠮᠳᠠᠵᠦ ᠬᠡᠳᠦᠢ ᠶᠠᠳᠠᠷᠠᠵᠦ ᠶᠠᠪᠤᠭᠰᠠᠨ ᠴᠤ ᠦᠪᠡᠷ ᠤᠨ ᠪᠠᠶ᠎ᠠ ᠪᠠᠨ ᠵᠤᠷᠢᠭᠵᠢᠭᠤᠯᠵᠤ ᠶᠠᠪᠤᠪᠠᠯ ᠳᠤᠭᠤᠯᠵᠤ ᠳᠡᠶᠢᠯᠬᠦ ᠦᠬᠡᠢ ᠵᠦᠢᠯ ᠬᠡᠵᠦ ᠦᠬᠡᠢ ᠰᠢᠦ᠃ ᠦᠷ᠎ᠡ ᠠᠴᠢ ᠨᠠᠷ ᠢᠶᠠᠨ ᠦᠷᠬᠦᠯᠵᠢ ᠬᠡᠯᠡᠵᠦ ᠰᠤᠷᠭᠠᠵᠦ᠂ ᠳᠡᠳᠡᠨ ᠤ ᠪᠠᠨ ᠰᠠᠶᠢᠨ ᠰᠠᠶᠢᠬᠠᠨ ᠶᠠᠪᠤᠬᠤ ᠶᠢ ᠯᠡ ᠬᠦᠰᠡᠳᠡᠭ᠃ ᠮᠢᠨᠦ ᠪᠠᠰᠠ ᠨᠢᠬᠡ ᠬᠦᠰᠡᠯ ᠬᠡᠪᠡᠯ᠂ ᠬᠦᠳᠡᠭᠡ ᠮᠤᠩᠭᠤᠯ ᠬᠡᠷ ᠲᠤ ᠬᠡᠤᠬᠡᠳ ᠤᠨ ᠵᠤᠭᠠᠴᠠᠯ ᠤᠨ ᠭᠠᠵᠠᠷ ᠪᠠᠶᠢᠭᠤᠯᠵᠤ᠂ ᠬᠦᠳᠡᠭᠡ ᠠᠮᠢᠳᠤᠷᠠᠯ ᠲᠠᠢ ᠤᠢᠢᠷᠠᠳᠤᠭᠤᠯᠵᠤ᠂ ᠴᠡᠭᠡ ᠤᠤᠭᠤᠯᠭᠠᠨ ᠪᠠᠶ᠎ᠠ ᠶᠢ ᠨᠢ ᠴᠢᠩᠭᠠᠷᠠᠭᠤᠯᠵᠤ᠂ ᠠᠵᠢᠯ ᠬᠢᠯᠬᠡᠨ ᠳᠠᠰᠬᠠᠬᠤ ᠳᠡᠶᠢᠮᠦ ᠨᠢᠬᠡᠨ ᠬᠦᠬᠡᠷᠦᠬᠦᠨ ᠭᠠᠵᠠᠷ ᠲᠠᠢ ᠪᠤᠯᠬᠤ ᠬᠦᠰᠡᠯ ᠲᠠᠢ︾ ᠬᠡᠬᠦ ᠨᠢ ᠰᠠᠶᠢᠨ ᠦᠢᠯᠡᠰ ᠲᠤ ᠵᠢᠵᠢᠭ ᠵᠦᠢᠯ ᠬᠡᠵᠦ ᠪᠠᠶᠢᠳᠠᠭ ᠦᠬᠡᠢ᠂ ᠰᠠᠶᠢᠨ ᠰᠡᠳᠬᠢᠯ ᠢᠶᠠᠷ ᠠᠷᠪᠢᠨ ᠦᠢᠯᠡ ᠶᠢ ᠬᠢᠵᠦ ᠶᠠᠪᠤᠶ᠎ᠠ ᠬᠡᠰᠡᠨ ᠰᠠᠨᠠᠭ᠎ᠠ ᠪᠤᠶᠤ︕      ᠲᠡᠮᠦᠷ ᠬᠡᠤᠬᠡᠨᠴᠤᠳ — ᠲᠡᠳᠡᠨ ᠤ ᠦᠶ᠎ᠠ ᠶᠢᠨ ᠬᠢᠨ᠂ ᠲᠡᠶᠢᠮᠦ ᠠᠵᠢᠯᠴᠢ ᠬᠦᠳᠡᠯᠮᠦᠷᠢᠴᠢ ᠬᠦᠮᠦᠰ ᠶᠠᠭᠠᠬᠢᠬᠤ ᠠᠷᠭ᠎ᠠ ᠦᠭᠡᠢ ᠪᠢᠳᠡᠨ ᠤ ᠪᠠᠭ᠋ᠠᠷᠠᠨ ᠲᠠᠭᠤᠷᠢᠶᠠᠬᠤ ᠠᠬᠠᠮᠠᠳ ᠦᠶ᠎ᠠ ᠶᠢᠨ ᠬᠢᠨ ᠮᠦᠨ ᠪᠢᠯᠡ᠃ ᠪᠢᠳᠡ ᠪᠤᠶᠠᠨᠲᠠᠢ ᠠᠴᠠ ᠪᠤᠶᠠᠨᠳᠠᠢ ᠪᠤᠭᠤᠷᠤᠯ ᠤᠳ ᠠᠴᠠ ᠪᠠᠨ ᠰᠤᠷᠭᠠᠯ ᠢ ᠨᠢ ᠰᠤᠨᠤᠰᠴᠦ᠂ ᠲᠡᠳᠡᠨ ᠢᠶᠠᠨ ᠬᠦᠨᠳᠦᠯᠡᠵᠦ ᠶᠠᠪᠤᠬᠤ ᠤᠴᠢᠷᠳᠠᠢ᠃ ᠬᠦᠳᠡᠯᠮᠦᠷᠢᠴᠢ ᠶᠠᠪᠤᠭᠰᠠᠨ᠂ ᠤᠳᠦ ᠴᠦ ᠭᠡᠰᠡᠨ ᠬᠦᠳᠡᠯᠮᠦᠷᠢᠯᠡᠵᠦ ᠪᠠᠶᠢᠭ᠎ᠠ ᠲᠡᠮᠦᠷ ᠬᠡᠤᠬᠡᠨᠴᠤᠳ ᠲᠡᠭᠡᠨ᠂ ᠪᠤᠶᠠᠨᠳᠠᠢ ᠪᠤᠭᠤᠷᠤᠯ ᠨᠠᠷ ᠲᠠᠭᠠᠨ ᠬᠢᠵᠦ ᠪᠠᠶᠢᠭ᠎ᠠ ᠠᠵᠢᠯ ᠨᠢ ᠠᠮᠵᠢᠯᠳᠠ ᠲᠠᠢ ᠪᠠᠶᠢᠬᠤ ᠶᠢ ᠵᠦᠡᠭᠨᠡᠶ᠎ᠠ᠃
 
ᠢᠷᠡᠯᠲᠡ᠄ ᠬᠦᠯᠦᠨ ᠪᠣᠶᠢᠷ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号