ᠡᠬᠡᠯ ᠪᠤᠷᠤᠭᠵᠢᠭᠤᠨ ︽ᠬᠦᠳᠡᠯᠮᠤᠷᠢ ᠶᠢᠨ ᠪᠠᠭᠠᠳᠤᠷ︾ — ᠬᠦᠯᠦᠨ ᠪᠤᠶᠢᠷ ᠤᠨ ᠳᠡᠮᠦᠷ ᠬᠡᠤᠬᠡᠨᠴᠤᠳ ᠤᠨ ᠳᠤᠬᠠᠢ ᠰᠢᠷᠢᠰ ᠰᠤᠷᠪᠤᠯᠵᠢᠯᠠᠭ᠎ᠠ ︵ᠨᠢᠬᠡ︶
ᠨᠡᠶᠢᠲᠡᠯᠡᠭᠰᠡᠨ ᠴᠠᠭ᠄
2020/12/16
      ᠠᠷᠪᠠᠨ ᠬᠡᠳᠦᠬᠡᠨ ᠨᠠᠰᠤᠳᠠᠢ ᠦᠬᠢᠳ ᠬᠡᠳᠡᠭ ᠠᠪᠤ ᠡᠵᠢ ᠶᠢᠨ ᠢᠶᠠᠨ ᠠᠯᠠᠭᠠᠨ ᠳᠡᠬᠡᠷᠡᠬᠢ ᠰᠤᠪᠤᠳ᠂ ᠠᠷᠪᠠᠨ ᠬᠡᠳᠦᠳᠡᠢ ᠦᠬᠢᠨ ᠨᠠᠰᠤ ᠬᠡᠳᠡᠭ ᠠᠯᠳᠠᠨ ᠨᠠᠷᠠᠨ ᠤ ᠢᠯᠴᠢ ᠶᠢ ᠲᠦᠡᠭᠬᠡᠵᠢ ᠬᠦᠷᠳᠡᠨ ᠨᠠᠬᠢᠶᠠᠯᠠᠨ ᠲᠦᠯᠵᠢᠵᠦ ᠪᠤᠢ ᠴᠡᠴᠡᠭ ᠬᠡᠯᠳᠡᠢ ᠡᠩᠬᠦᠷᠡᠢ ᠵᠦᠬᠡᠯᠡᠨ ᠦᠶ᠎ᠠ ᠪᠢᠯᠡ᠃        ᠬᠡᠳᠡᠯ᠎ᠠ ᠮᠢᠩᠭ᠎ᠠ ᠶᠢᠰᠦᠨ ᠵᠠᠭᠤᠨ ᠳᠠᠯᠠᠭᠠᠳ ᠤᠨ ᠤ ᠨᠢᠬᠡᠨ ᠦᠶ᠎ᠠ ᠶᠢᠨ ᠠᠷᠪᠠᠨ ᠬᠡᠳᠦᠳᠠᠢ ᠦᠬᠢᠳ ᠠᠵᠢᠯ ᠤᠨ ᠬᠠᠳᠠᠭᠤ ᠶᠢ ᠡᠬᠦᠷᠴᠤ᠂ ᠡᠷ᠎ᠠ ᠬᠦᠮᠦᠨ ᠲᠠᠢ ᠠᠳᠠᠯᠢ ᠠᠵᠢᠯᠯᠠᠵᠦ᠂ ᠨᠠᠰᠤ ᠪᠠᠶᠠᠨ ᠳᠡᠭᠡᠨ ᠪᠠᠶᠢᠮᠡᠷ ᠦᠬᠡᠢ ᠡᠷᠡᠮᠡᠭ ᠵᠤᠷᠢᠮᠠᠭ ᠶᠠᠪᠤᠭᠰᠠᠨ ᠬᠡᠬᠦ ᠳᠤ ᠤᠳᠤ ᠶᠢᠨ ᠤᠯᠠᠨ ᠬᠦᠮᠦᠰ ᠭᠠᠶᠢᠠᠬᠬᠤ ᠨᠢ ᠯᠠᠪᠳᠠᠢ᠃ ᠳᠡᠶᠢᠮᠦ ᠡ᠂ ᠶᠠᠮᠡᠷ ᠴᠤ ᠬᠠᠷᠢᠭᠤ ᠤᠯᠭᠤᠮᠵᠢ᠂ ᠶᠠᠮᠠᠷ ᠴᠤ ᠬᠠᠷᠢᠭᠤ ᠨᠡᠬᠡᠬᠦ ᠦᠬᠡᠢ ᠪᠠᠷ ᠬᠠᠮᠳᠤ ᠨᠡᠶᠢᠳᠡ ᠳᠤ ᠬᠦᠴᠦᠨ ᠴᠢᠳᠠᠯ ᠢᠶᠠᠨ ᠬᠠᠷᠠᠮ ᠦᠬᠡᠢ ᠵᠤᠷᠢᠭᠤᠯᠤᠭᠰᠠᠨ᠂ ᠡᠬᠡ ᠤᠯᠤᠰ ᠤᠨ ᠢᠶᠠᠨ ᠴᠡᠴᠡᠭᠯᠡᠯ᠂ ᠬᠦᠭᠵᠢᠯ ᠮᠠᠨᠳᠤᠯ ᠳᠤ ᠨᠡᠷ᠎ᠡ ᠦᠬᠡᠢ ᠨᠢᠬᠡᠨ ᠪᠠᠭᠠᠳᠤᠷ ᠤᠳ ᠤᠨ ᠨᠢᠬᠡ ᠪᠤᠯᠵᠤ ᠶᠠᠪᠤᠭᠰᠠᠨ ᠲᠡᠷᠡ ᠨᠢᠬᠡ ᠦᠶ᠎ᠠ ᠶᠢᠨ ᠠᠷᠪᠠᠨ ᠬᠡᠳᠦᠳᠡᠢ ᠦᠬᠢᠳ ᠪᠤᠯ — ︽ᠳᠡᠮᠦᠷ ᠬᠡᠤᠬᠡᠨᠴᠤᠳ︾ ᠶᠤᠮ᠃        ᠦᠨᠦᠳᠦᠷ ᠳᠡᠳᠡᠨ ᠤ ᠨᠢᠬᠡᠨ ᠪᠤᠯᠬᠤ ᠦᠪᠦᠷ ᠮᠤᠩᠭᠤᠯ ᠤᠨ ᠳᠡᠮᠦᠷ ᠬᠡᠤᠬᠡᠨᠴᠤᠳ ᠤᠨ ᠬᠤᠯᠪᠤᠭ᠎ᠠ ᠶᠢᠨ ᠠᠬᠠᠯᠠᠭᠴᠢ᠂ ᠬᠦᠯᠦᠨ ᠪᠤᠶᠢᠷ ᠤᠨ ᠳᠡᠮᠦᠷ ᠬᠡᠤᠬᠡᠨᠴᠤᠳ ᠤᠨ ᠨᠡᠶᠢᠬᠡᠮᠯᠢᠭ ᠤᠨ ᠳᠡᠷᠢᠬᠦᠯᠡᠭᠴᠢ ᠳᠤᠯᠭᠠᠷ ᠭᠤᠸᠠᠢ ᠶᠢ ᠲᠠ ᠪᠦᠬᠦᠨ ᠳᠡᠭᠡᠨ ᠳᠠᠨᠢᠯᠴᠠᠭᠤᠯᠵᠤ ᠪᠤᠢ ᠳᠠᠭᠠᠨ ᠪᠠᠶᠠᠷᠳᠠᠢ ᠪᠠᠶᠢᠨ᠎ᠠ᠃
      ᠳᠠᠮᠦᠷ ᠰᠢᠭ ᠬᠠᠳᠠᠭᠤ ᠶᠠᠪᠤᠭᠰᠠᠨ ᠴᠡᠴᠡᠭ ᠰᠢᠭ ᠰᠠᠶᠢᠠᠬᠨ ᠨᠠᠰᠤ        ᠰᠢᠨ᠎ᠠ ᠪᠠᠷᠭᠤ ᠵᠡᠬᠦᠨ ᠬᠤᠰᠢᠭᠤᠨ ᠤ ᠰᠢᠨᠠᠪᠤᠯᠠᠭ ᠪᠠᠷᠠᠭᠤᠨ ᠰᠤᠮᠤᠨ ᠤ ᠬᠦᠨᠪᠦ᠋ᠷᠢᠳᠦ ᠪᠠᠷᠢᠭᠠᠳᠠ ︵ᠤᠭ ᠤᠨ︶ ᠶᠢᠨ ᠳᠡᠮᠦᠷ ᠬᠡᠤᠬᠡᠨᠴᠤᠳ ᠤᠨ ᠳᠤᠭᠤᠢᠢᠯᠠᠩ 1974 ᠤᠨ ᠳᠤ ᠪᠠᠶᠢᠭᠤᠯᠤᠭᠳᠠᠪᠠ᠃ ᠲᠡᠷᠡ ᠦᠶ᠎ᠠ ᠳᠤ ᠤᠯᠤᠰ ᠲᠠᠶᠠᠭᠠᠷ ︽ᠳ᠋ᠠᠵᠠᠢ ᠠᠴᠠ ᠰᠤᠷᠤᠯᠴᠠᠬᠤ︾ ᠤᠷᠢᠶᠠᠯᠠᠭ᠎ᠠ ᠳᠤᠤᠷ᠎ᠠ ᠳᠤᠬᠠᠢ ᠶᠢᠨ ᠦᠶ᠎ᠠ ᠶᠢᠨ ᠠᠷᠪᠠᠨ ᠬᠡᠳᠦᠳᠡᠢ ᠬᠡᠤᠬᠡᠨᠴᠤᠳ ᠢ ᠤᠷᠢᠶᠠᠯᠠᠵᠦ᠂ ᠳᠡᠮᠦᠷ ᠬᠡᠤᠬᠡᠨᠴᠤᠳ ᠤᠨ ᠭᠠᠪᠰᠢᠭᠠᠢ ᠳᠤᠭᠤᠢᠢᠯᠠᠩ ᠢ ᠪᠠᠶᠢᠭᠤᠯᠪᠠ᠃        ᠳᠡᠬᠡᠬᠡᠳ ᠱᠠᠳᠤ ᠳᠠᠷᠠᠭᠠᠯᠠᠨ ᠲᠦᠷᠢᠮ ᠳᠤᠭᠳᠠᠭᠠᠯ ᠭᠠᠷᠭᠠᠵᠦ᠂ ︽ᠳᠡᠮᠦᠷ ᠬᠡᠤᠬᠡᠨᠴᠤᠳ︾ ᠮᠠᠨᠢ ᠬᠠᠪᠤᠷ ᠤᠨ ᠲᠦᠯ ᠳᠤᠰᠬᠤ᠂ ᠬᠤᠯᠤᠭᠠᠨ᠎ᠠ ᠤᠰᠠᠳᠬᠠᠬᠤ᠂ ᠬᠤᠳᠳᠤᠭ ᠮᠠᠯᠳᠠᠬᠤ᠂ ᠬᠠᠪᠤᠷ ᠤᠨ ᠲᠦᠯ ᠤᠨ ᠪᠡᠯᠡᠳᠬᠡᠯ ᠤᠨ ᠬᠤᠯᠤᠰᠤ ᠪᠤᠷᠭᠠᠰᠤ ᠬᠠᠳᠤᠬᠤ᠂ ᠮᠠᠯ ᠤᠨ ᠬᠤᠳᠠ ᠶᠢᠨ ᠰᠢᠭᠵᠢᠷ ᠤᠷᠪᠠᠭᠤᠯᠬᠤ᠂ ᠡᠪᠡᠰᠦᠨ ᠬᠦᠷᠢᠶ᠎ᠠ ᠪᠠᠷᠢᠬᠤ᠂ ᠬᠠᠳᠠ ᠴᠢᠯᠠᠭᠤ ᠬᠠᠭᠠᠯᠬᠤ ᠵᠡᠷᠬᠡ ᠠᠵᠢᠯ ᠳᠤ ᠰᠢᠭᠤᠷᠬᠠᠢᠢᠯᠠᠵᠦ ᠪᠠᠶᠢᠯ᠎ᠠ᠃ ᠳᠡᠳᠡ ᠠᠯᠢ ᠬᠦᠨᠳᠦ ᠬᠦᠴᠢᠷ ᠠᠵᠢᠯ ᠳᠤ ᠡᠷᠡᠭᠳᠡᠢ ᠬᠦᠮᠦᠨ ᠲᠠᠢ ᠠᠳᠠᠯᠢᠬᠠᠨ ᠮᠦᠷᠦ ᠵᠡᠷᠬᠡᠴᠡᠵᠦ᠂ ᠠᠵᠢᠯ ᠪᠦᠬᠦᠨ ᠢ ᠪᠡᠶᠡᠯᠡᠬᠦᠯᠵᠦ ᠢᠷᠡᠭᠰᠡᠨ ᠵᠢᠩᠬᠢᠨᠢ ︽ᠬᠦᠳᠡᠯᠮᠤᠷᠢ ᠶᠢᠨ ᠪᠠᠭᠠᠳᠤᠷᠴᠤᠳ︾ ᠪᠠᠶᠢᠯ᠎ᠠ᠃        — ᠳᠡᠮᠦᠷ ᠬᠡᠤᠬᠡᠨᠴᠤᠳ ᠤᠨ ᠭᠠᠪᠰᠢᠭᠠᠢ ᠳᠤᠭᠤᠢᠢᠯᠠᠩ ᠪᠠᠶᠢᠭᠤᠯᠤᠭᠳᠠᠬᠤ ᠳᠤ ᠪᠢ ᠤᠷᠤᠯᠴᠠᠵᠦ᠂ ᠪᠢᠳᠡ ᠠᠯᠢ ᠬᠦᠷᠴᠤ ᠪᠤᠯᠬᠤ ᠠᠵᠢᠯ ᠪᠦᠬᠦᠨ ᠳᠤ ᠭᠠᠪᠰᠢᠭᠠᠢᠢᠯᠠᠵᠦ ᠪᠠᠶᠢᠭᠰᠠᠨ᠃ ᠪᠠᠷᠢᠭᠠᠳᠠ ᠠᠴᠠ ᠪᠢᠳᠠᠨ ᠢ ᠨᠢᠬᠡ ᠮᠤᠩᠭᠤᠯ ᠬᠡᠷ ᠲᠠᠢ ᠲᠡᠬᠡᠬᠡᠵᠦ᠂ ᠬᠦᠳᠡᠭᠡ ᠬᠠᠮᠢᠭ᠎ᠠ ᠬᠦᠴᠢᠷ ᠲᠠᠢ ᠪᠠᠶᠢᠪᠠᠯ ᠳᠡᠨᠳᠡ ᠬᠦᠷᠬᠡᠵᠦ ᠦᠭᠳᠡᠭ᠃ ᠪᠢᠳᠡ ᠴᠤ ᠪᠠᠷᠢᠭᠠᠳᠠ ᠠᠴᠠ ᠬᠠᠮᠢᠭ᠎ᠠ ᠳᠤᠬᠢᠷᠠᠭᠤᠯᠪᠠᠯ ᠳᠡᠨᠳᠡ ᠨᠢ ᠤᠴᠢᠭᠠᠳ ᠠᠵᠢᠯ ᠢᠶᠠᠨ ᠬᠢᠨ᠎ᠠ᠃ ᠬᠠᠳᠤᠯᠠᠩ ᠪᠤᠷᠳᠤᠭ᠎ᠠ᠂ ᠳᠠᠷᠮᠠᠭᠤᠯ ᠪᠠᠷᠢᠬᠤ᠂ ᠪᠤᠬᠠᠯ ᠬᠢᠬᠦ ᠬᠡᠳ ᠁ ᠬᠡᠬᠦ ᠳᠡᠭᠡᠨ ᠮᠠᠨ ᠤ ᠪᠠᠷᠢᠭᠠᠳᠠ ᠶᠢᠨ ᠬᠢ ᠬᠠᠳᠠ ᠴᠢᠯᠠᠭᠤ ᠬᠠᠭᠠᠯᠤᠭᠰᠠᠨ ᠤᠴᠢᠷ ᠪᠠᠶᠢᠬᠤ ᠦᠬᠡᠢ᠃ ᠳᠤᠬᠠᠢ ᠶᠢᠨ ᠦᠶ᠎ᠠ ᠶᠢᠨ ᠬᠠᠮᠢᠶᠠᠷᠤᠯᠳᠠ ᠴᠢᠩᠭ᠎ᠠ᠂ ᠪᠢᠳᠡ ᠪᠠᠷᠢᠭᠠᠳᠠ ᠶᠢᠨ ᠵᠠᠯᠠᠭᠤ ᠬᠦᠦᠴᠤᠤᠯ ᠲᠠᠢ ᠤᠢᠢᠷᠠᠳᠤᠵᠦ ᠠᠵᠢᠯᠯᠠᠳᠠᠭ ᠦᠬᠡᠢ᠃ ᠮᠠᠨ ᠤ ᠳᠡᠮᠦᠷ ᠬᠡᠤᠬᠡᠨᠴᠤᠳ ᠤᠨ ᠬᠡᠷ ᠠᠰ ᠲᠠᠭᠠᠨ ᠪᠠᠷᠢᠭᠠᠳᠠᠢ᠃ ᠳᠡᠨᠳᠡ ᠠᠴᠠ ᠪᠠᠨ ᠶᠠᠪᠤᠭᠠᠳ ᠠᠵᠢᠯᠯᠠᠵᠦ᠂ ᠳᠡᠨᠳᠡ ᠪᠠᠨ ᠢᠷᠡᠵᠦ ᠠᠮᠠᠷᠠᠵᠦ ᠬᠤᠨᠤᠨ᠎ᠠ᠃ ᠦᠳᠡ ᠳᠡᠭᠡᠨ ᠬᠠᠷᠢᠵᠦ ᠢᠷᠡᠳᠡᠭ ᠦᠬᠡᠢ᠃ ᠬᠦᠮᠦᠨ ᠬᠤᠭᠤᠯᠠ ᠬᠦᠷᠬᠡᠵᠦ ᠦᠭᠳᠡᠭ᠃ ᠪᠢᠳᠡᠨ ᠤ ᠠᠵᠢᠯ ᠮᠠᠰᠢ ᠬᠦᠨᠳᠦ ᠪᠠᠶᠢᠭᠰᠠᠨ ᠴᠤ ᠦᠡᠭᠬᠡ ᠬᠡᠷᠡᠯᠳᠡᠢ᠃        — ᠪᠢᠳᠠ ᠪᠠᠷᠢᠭᠠᠳᠠ ᠶᠢᠨ ᠤᠳᠤᠷᠢᠳᠤᠯᠭ᠎ᠠ ᠶᠢᠨ ᠦᠬᠡ ᠶᠢ ᠶᠡᠷᠦ ᠵᠦᠷᠢᠴᠡᠬᠦ ᠦᠬᠡᠢ᠃ ᠶᠠᠭᠤ ᠬᠢ ᠬᠡᠪᠡᠯ ᠶᠠᠭᠤ ᠶᠢ ᠨᠢ ᠬᠢᠨ᠎ᠠ᠃ ᠡᠪᠡᠰᠦᠨ ᠬᠦᠷᠢᠶ᠎ᠠ ᠮᠠᠯᠳᠠᠬᠤ ᠪᠠᠷ ᠵᠢᠱᠢᠶᠡᠯᠡᠬᠦ ᠳᠤ᠂ ᠰᠢᠯᠢ ᠳᠡᠬᠡᠷ᠎ᠡ ᠨᠦᠬᠡ ᠮᠠᠯᠳᠠᠨ᠎ᠠ᠃ ᠡᠮᠡᠭᠳᠡᠶᠢᠴᠤᠳ ᠳᠠᠪᠤᠨ ᠮᠧᠳ᠋ᠷ᠂ ᠡᠷᠡᠭᠳᠡᠶᠢᠴᠤᠳ ᠠᠷᠪᠠᠨ ᠮᠧᠳ᠋ᠷ᠃ ᠨᠢᠬᠡ ᠡᠳᠦᠷ ᠤᠨ ᠳᠤᠳᠤᠷ᠎ᠠ ᠳᠡᠬᠦᠨ ᠢᠶᠠᠨ ᠵᠠᠪᠠᠯ ᠪᠠᠷᠠᠭᠠᠨ᠎ᠠ᠃ ᠤᠳᠤᠷᠢᠳᠤᠯᠭ᠎ᠠ ᠪᠦᠷ ᠢᠷᠡᠵᠦ ᠬᠡᠮᠵᠢᠳᠡᠭ ᠪᠠᠶᠢᠭᠰᠠᠨ ᠬᠡᠳ ᠪᠤᠳᠤ ᠳ᠋ᠠ᠃ ᠬᠡᠮᠵᠢᠶᠠᠨ ᠳᠤᠨᠢ ᠬᠦᠷᠬᠦ ᠦᠬᠡᠢ ᠪᠤᠯᠬᠤ ᠦᠬᠡᠢ᠂ ᠳᠤᠳᠠᠭᠤ ᠤᠷᠬᠢᠵᠦ ᠪᠤᠯᠬᠤ ᠦᠬᠡᠢ ᠰᠢᠦ᠃ ᠦᠨᠡᠨ ᠰᠢᠷᠭᠠᠭᠤ ᠬᠠᠳᠠᠭᠤᠵᠢᠯᠳᠠᠢ ᠪᠠᠶᠢᠭᠰᠠᠨ᠃ ᠪᠢᠳᠡ ᠳᠡᠮᠤᠷ ᠬᠦᠷᠵᠡᠨ ᠤ ᠪᠠᠨ ᠢᠷ ᠢ ᠬᠦᠷᠦᠰᠦᠨ ᠳᠤ ᠳᠠᠭᠠᠷᠠᠭᠤᠯᠵᠤ ᠪᠠᠶᠢᠭᠠᠳ ᠳᠡᠬᠡᠷ᠎ᠡ ᠨᠢ ᠦᠰᠦᠷᠴᠤ ᠪᠠᠶᠢᠭᠠᠳ ᠮᠠᠯᠳᠠᠨ᠎ᠠ᠂ ᠬᠦᠷᠦᠰᠦ ᠶᠡᠭᠡ ᠬᠠᠳᠠᠭᠤ ᠰᠢᠦ᠃ ᠬᠡᠤᠬᠡᠳ ᠤᠳ ᠪᠤᠯᠬᠤᠷ ᠬᠦᠡᠭᠬᠡᠨ᠂ ᠳᠡᠬᠡᠬᠦᠯᠡᠷ ᠭᠤᠳᠤᠯ ᠤᠨ ᠤᠯᠠ ᠪᠦᠷ ᠬᠠᠭᠠᠷᠠᠵᠦ᠂ ᠶᠠᠪᠤᠬᠤ ᠪᠠᠷ ᠰᠢᠷᠦᠢ ᠤᠷᠤᠨ᠎ᠠ᠃ ᠰᠤᠯᠢᠵᠦ ᠡᠮᠦᠰᠬᠦ ᠭᠤᠳᠤᠯ ᠦᠬᠡᠢ᠂ ᠤᠯᠠᠪᠴᠢ ᠪᠠᠨ ᠵᠤᠵᠠᠭᠠᠯᠠᠨ᠎ᠠ ᠬᠡᠬᠦ ᠪᠠᠷ ᠬᠤᠷᠰᠢᠶ᠎ᠠ ᠬᠤᠳᠠᠯᠳᠤᠭ᠎ᠠ ᠴᠤ ᠦᠬᠡᠢ᠃ ᠬᠦᠯ ᠢᠶᠠᠨ ᠳᠠᠪᠤᠤ ᠪᠠᠷ ᠤᠷᠢᠶᠠᠵᠦ ᠤᠷᠢᠶᠠᠭᠠᠳ ᠡᠮᠦᠰᠦᠭᠰᠡᠨ ᠴᠤ ᠪᠤᠯᠬᠤ ᠦᠬᠡᠢ᠃ ᠳᠡᠬᠡᠬᠡᠳ ᠪᠢᠳᠡᠨ ᠤ ᠳᠤᠮᠳᠠ ᠬᠦᠯ ᠤᠨ ᠤᠯᠠ ᠬᠠᠭᠠᠷᠠᠵᠦ ᠬᠡᠮᠳᠦᠭᠰᠡᠨ ᠤᠴᠢᠷ ᠤᠯᠠᠨ ᠭᠠᠷᠴᠤ ᠪᠠᠶᠢᠭᠰᠠᠨ᠃ ᠪᠢᠳᠡᠨ ᠳᠤ ᠰᠢᠨ᠎ᠠ ᠭᠤᠳᠤᠯ ᠠᠪᠴᠢᠷᠠᠵᠦ ᠦᠭᠬᠦ ᠬᠦᠮᠦᠨ ᠴᠤ ᠦᠬᠡᠢ᠃ ᠬᠦᠯ ᠭᠠᠷ ᠠᠴᠠ ᠴᠢᠰᠦ ᠭᠠᠷᠬᠤ ᠳᠤ ᠡᠮ ᠳᠠᠩ ᠴᠤ ᠦᠬᠡᠢ᠂ ᠡᠮᠴᠢ ᠳᠤᠮᠴᠢ ᠴᠤ ᠦᠬᠡᠢ᠃ ᠬᠦᠯ ᠤᠨ ᠤᠯᠠ ᠬᠠᠭᠠᠷᠠᠵᠦ ᠴᠢᠰᠦ ᠭᠠᠷᠬᠤ ᠳᠤ ᠳᠡᠬᠡᠷ᠎ᠡ ᠨᠢ ᠰᠢᠷᠦᠢ ᠬᠢᠵᠦ ᠵᠤᠭᠰᠤᠭᠠᠭᠠᠳ ᠶᠠᠪᠤᠳᠠᠭ ᠪᠠᠶᠢᠯ᠎ᠠ᠃ ᠦᠷᠯᠦᠬᠡ ᠤᠯᠠᠭᠠᠨ ᠳᠤᠭ ᠢᠶᠠᠨ ᠪᠠᠷᠢᠵᠦ ᠵᠢᠭᠰᠠᠵᠦ ᠶᠠᠪᠤᠭᠠᠳ ᠤᠷᠤᠢ ᠨᠢ ᠵᠢᠭᠰᠠᠵᠦ ᠢᠷᠡᠨ᠎ᠠ᠃ ᠬᠦᠯ ᠤᠨ ᠤᠯᠠ ᠬᠠᠪᠤᠳᠤᠭᠰᠠᠨ ᠬᠡᠳ ᠶᠠᠪᠤᠬᠤ ᠦᠬᠡᠢ ᠬᠦᠮᠦᠨ ᠦᠬᠡᠢ᠂ ᠭᠠᠷ ᠬᠠᠭᠠᠷᠠᠯ᠎ᠠ ᠬᠡᠳ ᠭᠠᠷᠬᠤ ᠦᠬᠡᠢ ᠬᠦᠮᠦᠨ ᠪᠠᠶᠢᠬᠤ ᠦᠬᠡᠢ ᠪᠠᠶᠢᠭᠰᠠᠨ ᠡ ᠬᠡᠮᠡᠨ ᠲᠡᠷᠡ ᠦᠶ᠎ᠠ ᠪᠠᠨ ᠳᠤᠷᠠᠰᠤᠨ ᠶᠠᠷᠢᠬᠤ ᠳᠤᠯᠭᠠᠷ ᠡᠵᠢ ᠵᠠᠯᠠᠭᠤ ᠦᠶ᠎ᠠ ᠳᠡᠭᠡᠨ ᠪᠤᠴᠠᠭᠰᠠᠨ ᠮᠡᠳᠦ ᠁        — ᠡᠮᠡᠭᠳᠡᠢ ᠬᠡᠤᠬᠡᠳ ᠤᠳ ᠶᠤᠮ ᠬᠡᠳ ᠨᠠᠷᠢᠯᠢᠭᠬᠠᠨ ᠵᠦᠢᠯᠡᠰ ᠪᠢᠳᠡᠨ ᠳᠤ ᠪᠠᠶᠢᠳᠠᠭ ᠦᠬᠡᠢ ᠨᠢ ᠪᠢᠳᠡᠨ ᠳᠤ ᠬᠡᠴᠡᠬᠦᠦ ᠯᠡ ᠪᠠᠶᠢᠭᠰᠠᠨ᠃ ᠠᠳᠠᠭ ᠤᠨ ᠨᠠᠭᠠᠳᠤ ᠵᠠᠬ᠎ᠠ ᠨᠢ ᠪᠢᠳᠡᠨ ᠳᠤ ᠬᠡᠵᠢᠬᠡ ᠪᠠᠨ ᠪᠤᠭᠤᠬᠤ ᠤᠯᠠᠭᠠᠨ ᠳᠠᠪᠤᠤ ᠴᠤ ᠦᠬᠡᠢ ᠪᠠᠶᠢᠯ᠎ᠠ᠃ ᠡᠷᠬᠡᠯᠡᠵᠦ ᠭᠤᠶᠤᠯᠠᠵᠦ ᠶᠠᠪᠤᠬᠤ ᠴᠠᠭ ᠪᠢᠳᠡᠨ ᠳᠤ ᠨᠡᠩ ᠴᠤ ᠦᠬᠡᠢ᠃ ᠪᠢᠳᠡ ᠡᠮᠡᠭᠳᠡᠢ ᠬᠡᠤᠬᠡᠳ ᠤᠳ ᠬᠡᠬᠦ ᠳᠤ ᠡᠮᠡᠭᠳᠡᠢ ᠬᠡᠤᠬᠡᠳ ᠤᠨ ᠠᠮᠢᠳᠤᠷᠠᠯ ᠦᠬᠡᠢ ᠶᠠᠪᠤᠵᠦ᠂ ᠲᠡᠷᠡ ᠶᠡᠭᠡ ᠬᠡᠴᠡᠬᠦᠦ ᠶᠢ ᠪᠡᠶ᠎ᠠ ᠪᠠᠷ ᠢᠶᠠᠨ ᠳᠤᠭᠤᠯᠵᠤ ᠢᠷᠡᠭᠰᠡᠨ ᠬᠦᠮᠦᠰ ᠰᠢᠦ᠃ ᠬᠠᠷᠢᠨ ᠠᠵᠢᠯ ᠢ ᠪᠤᠯ ᠬᠢᠭᠰᠡᠨ ᠶᠦ᠋ᠮᠰᠢᠭ ᠬᠢᠵᠦ᠂ ᠨᠡᠷ᠎ᠡ ᠨᠢᠳᠡᠷ ᠲᠡᠭᠡᠨ ᠳᠡᠩᠴᠡᠭᠰᠡᠨ ︽ᠬᠦᠳᠡᠯᠮᠤᠷᠢ ᠶᠢᠨ ᠪᠠᠭᠠᠳᠤᠷ ᠤᠳ︾ ᠶᠠᠪᠤᠯ᠎ᠠ᠃        — ᠲᠡᠷᠡ ᠦᠶ᠎ᠡ ᠳᠤ ᠳᠡᠮᠦᠷ ᠬᠡᠤᠬᠡᠨ ᠪᠤᠯᠬᠤ ᠳᠤ ᠠᠪᠤ ᠡᠵᠢ ᠨᠠᠷ ᠳᠤᠷ᠎ᠠ ᠲᠠᠢ ᠴᠤ ᠪᠠᠶᠢᠭᠰᠠᠨ᠂ ᠳᠤᠷ᠎ᠠ ᠦᠬᠡᠢ ᠴᠤ ᠪᠠᠶᠢᠭᠰᠠᠨ ᠪᠦᠷ ᠶᠠᠪᠤᠭᠤᠯᠤᠨ᠎ᠠ᠃ ᠳᠤᠬᠠᠢ ᠶᠢᠨ ᠦᠶ᠎ᠠ ᠶᠢᠨ ᠱᠠᠭᠠᠷᠳᠠᠯᠭ᠎ᠠ ᠪᠠᠶᠢᠯ᠎ᠠ᠃ ᠬᠠᠷᠢᠨ ᠳᠡᠨᠳᠡ ᠤᠴᠢᠭᠰᠠᠨ ᠪᠢᠳᠡ ᠬᠠᠮᠳᠤ ᠶᠢᠨ ᠠᠵᠢᠯ ᠳᠤ ᠬᠠᠮᠳᠦ ᠳᠠᠭᠠᠨ ᠴᠢᠷᠮᠡᠶᠢᠵᠦ᠂ ᠬᠠᠮᠳᠤ ᠳᠠᠭᠠᠨ ᠶᠠᠳᠠᠷᠠᠯ ᠵᠦᠳᠡᠷᠡᠯ ᠂ ᠪᠠᠶᠠᠷ ᠪᠠᠶᠠᠰᠬᠤᠯᠠᠩ ᠢᠶᠠᠨ ᠬᠤᠪᠢᠶᠠᠯᠴᠠᠵᠦ ᠶᠠᠪᠤᠭᠰᠠᠨ᠃ ᠲᠡᠷᠡ ᠦᠶ᠎ᠠ ᠳᠤ ᠪᠦᠳᠦᠬᠦᠨ ᠳᠡᠷᠬᠡ ᠬᠡᠳᠡᠭ ᠲᠦᠷᠪᠡᠨ ᠮᠤᠷᠢ ᠬᠦᠯᠯᠡᠭᠰᠡᠨ ᠬᠤᠶᠠᠷ ᠪᠤᠯᠤ ᠲᠠᠢ ᠳᠤᠮᠤ ᠳᠡᠷᠬᠡ ᠪᠠᠶᠢᠳᠠᠭ᠃ ᠬᠡᠬᠦ ᠳᠡᠭᠡᠨ ᠪᠢᠳᠡ ᠳᠡᠬᠦᠨ ᠳᠡᠬᠡᠷ᠎ᠡ ᠰᠠᠭᠤᠬᠤ ᠪᠢᠰᠢ᠂ ᠶᠠᠭᠤᠮ᠎ᠠ ᠪᠠᠨ ᠠᠴᠢᠨ᠎ᠠ᠃ ᠦᠪᠡᠷᠰᠡᠳ ᠢᠶᠠᠨ ᠶᠠᠪᠠᠭᠠᠨ ᠶᠠᠪᠤᠵᠤ ᠠᠵᠢᠯ ᠢᠶᠠᠨ ᠬᠢᠳᠡᠭ᠃ ᠡᠳᠦᠷ ᠨᠢ ᠠᠵᠢᠯᠯᠠᠵᠦ᠂ ᠤᠷᠤᠢ ᠨᠢ ᠪᠠᠰᠠ ᠬᠤᠷᠠᠯ ᠰᠤᠷᠤᠯᠴᠠᠯᠭ᠎ᠠ ᠪᠤᠯᠳᠠᠭ᠃ ᠳᠡᠬᠡᠬᠡᠳ ᠬᠡᠨ ᠨᠢ ᠰᠠᠶᠢᠨ ᠬᠢᠵᠦ ᠪᠤᠢ ᠶᠢ ᠤᠳᠤᠷᠢᠳᠤᠯᠭ᠎ᠠ ᠠᠴᠠ ᠬᠢᠨᠠᠵᠦ᠂ ᠡᠷᠦᠬᠡ ᠶᠢᠨ ᠴᠡᠷᠢᠭ ᠤᠨ᠂ ᠳᠠᠮᠤᠷ ᠬᠡᠤᠬᠡᠨᠴᠤᠳ ᠤᠨ ᠳᠤᠭᠤᠢᠢᠯᠠᠩ ᠤᠨ᠂ ᠡᠪᠯᠡᠯ ᠤᠨ ᠠᠵᠢᠯ ᠢ ᠬᠢᠯᠬᠡᠵᠦ᠂ ᠳᠠᠨᠠᠷ ᠪᠤᠯ ᠬᠤᠵᠢᠮ ᠬᠤᠶᠢᠰᠢᠳᠠ ᠦᠷᠬᠦᠯᠵᠢᠯᠠᠨ ᠬᠦᠮᠦᠵᠢᠭᠳᠡᠬᠦ ᠬᠦᠮᠦᠰ ᠰᠢᠦ ᠬᠡᠵᠦ ᠶᠠᠷᠢᠳᠠᠭ ᠪᠠᠶᠢᠭᠰᠠᠨ᠃        ᠦᠨᠡᠬᠡᠷ᠂ ᠳᠤᠬᠠᠢ ᠶᠢᠨ ᠦᠶ᠎ᠠ ᠳᠤ ᠰᠠᠶᠢᠨ ᠠᠵᠢᠯᠯᠠᠭᠰᠠᠨ ᠬᠦᠮᠦᠰ ᠢ᠂ ᠳᠠᠭᠠᠭᠤᠯᠵᠤ ᠠᠵᠢᠯᠯᠠᠵᠦ  ᠴᠢᠳᠠᠳᠠᠭ ᠬᠦᠮᠦᠰ ᠢ ᠡᠪᠯᠡᠯ ᠳᠤ ᠡᠯᠰᠡᠵᠦ᠂ ᠠᠮᠠᠨ ᠰᠠᠶᠢᠰᠢᠶᠠᠯ ᠦᠭᠳᠡᠭ᠃ ᠡᠪᠯᠡᠯ ᠳᠤ ᠡᠯᠰᠡᠭᠳᠡᠬᠦ ᠨᠢ ᠳᠠᠮᠤᠷ ᠬᠡᠤᠬᠡᠨᠴᠤᠳ ᠤᠨ ᠳᠤᠬᠠᠢ ᠶᠢᠨ ᠦᠶ᠎ᠠ ᠶᠢᠨ ᠬᠠᠮᠤᠭ ᠤᠨ ᠦᠨᠳᠦᠷ ᠰᠠᠶᠢᠰᠢᠶᠠᠯ ᠪᠠᠶᠢᠵᠦ ᠪᠢᠯᠡ᠃        — ᠳᠠᠮᠤᠷ ᠬᠡᠤᠬᠡᠨᠴᠤᠳ ᠤᠨ ᠠᠵᠢᠯᠯᠠᠵᠦ ᠢᠷᠡᠭᠰᠠᠨ ᠨᠦᠯᠦᠬᠡ ᠳᠤᠰᠬᠠᠯ ᠨᠢ ᠲᠡᠷᠡ ᠦᠶ᠎ᠠ ᠳᠡᠭᠡᠨ  ᠭᠠᠷᠤᠭᠰᠠᠨ᠃ ᠲᠡᠷᠡ ᠦᠶ᠎ᠠ ᠳᠤ ᠠᠯᠢ ᠰᠤᠮᠤᠨ ᠤ᠂ ᠠᠯᠢ ᠪᠠᠷᠢᠭᠠᠳᠠ ᠶᠢᠨ ᠳᠡᠮᠦᠷ ᠬᠡᠤᠬᠡᠨᠴᠤᠳ ᠬᠡᠵᠦ ᠨᠡᠷᠡᠯᠡᠬᠦ ᠪᠦᠬᠡᠳ ᠳᠡᠳᠡᠨ ᠤ ᠳᠤᠳᠤᠷ᠎ᠠ ᠠᠴᠠ ᠤᠯᠠᠨ ᠤ ᠳᠤᠳᠤᠷ᠎ᠠ ᠤᠷᠦ᠋ᠢᠯᠠᠵᠦ᠂ ᠲᠦᠮᠡᠨ ᠤ ᠳᠤᠳᠤᠷ᠎ᠠ ᠲᠦᠷᠦᠬᠦᠯᠡᠵᠦ ᠶᠠᠪᠤᠭᠰᠠᠨ ᠠᠴᠠ ᠳᠤᠷᠠᠳᠪᠠᠯ᠂ ᠮᠠᠨ ᠤ ᠰᠢᠨ᠎ᠠ ᠪᠠᠷᠭᠤ ᠵᠡᠬᠦᠨ ᠬᠤᠰᠢᠭᠤᠨ ᠤ ᠴᠠᠭᠠᠨ ᠪᠠᠯᠭᠠᠰᠤᠨ ᠤ ᠶᠡᠬᠡᠬᠭᠤᠯᠠ ᠭᠠᠴᠠᠭ᠎ᠠ᠂ ᠦᠪᠦᠷᠪᠤᠯᠠᠭ ᠰᠤᠮᠤ᠂ ᠪᠠᠶᠠᠨᠳᠠᠯ᠎ᠠ ᠰᠤᠮᠤ ᠶᠢᠨ ᠳᠡᠮᠦᠷ ᠬᠡᠤᠬᠡᠨᠴᠤᠳ ᠬᠤᠰᠢᠭᠤ ᠠᠶᠢᠮᠠᠭ ᠲᠠᠭᠠᠨ ᠨᠡᠷᠡᠳᠡᠢ ᠪᠠᠶᠢᠭᠰᠠᠨ᠃ ᠮᠠᠨ ᠤ ᠠᠮᠢᠳᠤᠷᠠᠯ ᠳᠤ ᠬᠤᠵᠢᠮ ᠬᠤᠶᠢᠨ᠎ᠠ ᠪᠤᠯᠳᠠᠯ᠎ᠠ ︽ᠳᠡᠮᠦᠷ ᠬᠡᠤᠬᠡᠨ ᠶᠤᠮ ᠴᠢᠨᠢ ᠠᠵᠢᠯ ᠳᠤ ᠬᠡᠴᠡᠬᠦᠦ᠂ ᠠᠮᠢᠳᠤᠷᠠᠯ ᠳᠤ ᠬᠡᠴᠡᠬᠦᠦ︾ ᠬᠡᠰᠡᠨ ᠨᠡᠷ᠎ᠡ ᠵᠡᠬᠦᠯᠳᠡᠳᠡᠢ ᠪᠠᠶᠢᠭᠰᠠᠨ ᠡ᠃ ᠳᠡᠶᠢᠮᠦ ᠠᠴᠠ ᠳᠡᠶᠢᠮᠦ ᠬᠡᠰᠡᠨ ᠰᠢᠭ ᠮᠠᠨ ᠤ ᠳᠡᠮᠦᠷ ᠬᠡᠤᠬᠡᠨᠴᠤᠳ ᠤᠨ ᠳᠤᠳᠤᠷ᠎ᠠ ᠡᠮᠨᠢᠭ ᠰᠤᠷᠭᠠᠵᠦ᠂ ᠠᠳᠤᠭᠤᠨ ᠳᠤ ᠶᠠᠪᠤᠳᠠᠭ ᠬᠦᠮᠦᠨ ᠪᠠᠰᠠ ᠪᠠᠶᠢᠭᠰᠠᠨ᠃ ᠡᠷᠡᠭᠳᠡᠢ ᠬᠦᠮᠦᠨ ᠲᠠᠢ ᠠᠳᠠᠯᠢ᠂ ᠪᠦᠷ ᠳᠡᠪᠡᠵᠦ ᠪᠠᠶᠢᠭᠰᠠᠨ ᠨᠢ ᠪᠠᠰᠠ ᠪᠤᠢ᠃        — ᠮᠠᠨ ᠤ ᠰᠢᠨ᠎ᠠ ᠪᠠᠷᠭᠤ ᠵᠡᠬᠦᠨ ᠬᠤᠰᠢᠭᠤᠨ ᠤ ᠪᠠᠶᠠᠨᠪᠦ᠋ᠷᠢᠳᠤ ᠳᠤ ᠨᠢᠬᠡ ᠳᠠᠮᠤᠷ ᠬᠡᠤᠬᠡᠨ ᠨᠠᠮᠤᠷ ᠤᠨ ᠬᠠᠳᠤᠯᠠᠩ ᠤᠨ ᠠᠵᠢᠯ ᠳᠤ ᠳᠠᠷᠮᠠᠭᠤᠯ ᠪᠠᠷᠢᠵᠦ ᠶᠠᠪᠤᠬᠤ ᠳᠠᠭᠠᠨ ᠮᠤᠷᠢ ᠨᠢ ᠨᠠᠳᠬᠤᠭᠠᠳ ᠬᠡᠮᠳᠦᠵᠦ᠂ ᠳᠡᠬᠦᠨ ᠠᠴᠠ ᠪᠠᠨ ᠪᠤᠯᠵᠤ ᠨᠠᠰᠤ ᠪᠠᠷᠠᠭᠰᠠᠨ᠃ ᠡᠨᠡ ᠨᠢ ᠮᠠᠨ ᠤ ᠳᠡᠮᠦᠷ ᠬᠡᠤᠬᠡᠨᠴᠤᠳ ᠦᠪᠡᠷ ᠤᠨ ᠠᠮᠢ ᠨᠠᠰᠤ ᠪᠠᠨ ᠬᠠᠶᠢᠬᠤᠷᠤᠯ ᠦᠬᠡᠢ ᠡᠬᠡ ᠤᠯᠤᠰ ᠤᠨ ᠢᠶᠠᠨ ᠪᠦᠳᠦᠬᠡᠨ ᠪᠠᠶᠢᠭᠤᠯᠤᠯᠳᠠ᠂ ᠬᠦᠭᠵᠢᠯᠳᠡ ᠬᠤᠪᠢᠷᠠᠯᠳᠠ ᠳᠤ ᠵᠢᠳᠬᠦᠵᠦ ᠪᠠᠶᠢᠭᠰᠠᠨ ᠢ ᠬᠠᠷᠠᠭᠤᠯᠵᠤ ᠪᠠᠶᠢᠨ᠎ᠠ᠃ ᠡᠶᠢᠮᠦᠷᠬᠦᠦ ᠠᠯᠳᠠᠨ ᠠᠮᠢ ᠪᠠᠷ ᠢᠶᠠᠨ ᠤᠯᠤᠰ ᠬᠡᠷ ᠤᠨ ᠢᠶᠠᠨ ᠪᠦᠳᠦᠬᠡᠨ ᠪᠠᠶᠢᠭᠤᠯᠤᠯᠳᠠ ᠳᠤ ᠬᠦᠴᠤ ᠪᠠᠨ ᠡᠷᠬᠦᠵᠦ ᠪᠠᠶᠢᠭᠰᠠᠨ ᠦᠯᠢᠬᠡᠷ ᠵᠢᠱᠢᠶ᠎ᠠ ᠮᠠᠨ ᠤ ᠤᠷᠤᠨ ᠤ ᠡᠯ᠎ᠠ ᠭᠠᠵᠠᠷ ᠲᠤ ᠪᠦᠷ ᠪᠤᠢ᠃ ᠤᠯᠤᠰ ᠤᠷᠤᠨ ᠠᠴᠠ ᠴᠤ ᠳᠡᠳᠡᠨ ᠤ ᠠᠯᠳᠠᠷ ᠢ ᠦᠡᠭᠬᠡ ᠬᠡᠷᠡᠯᠳᠡᠢ ᠪᠠᠷ ᠳᠠᠭᠤᠷᠢᠰᠤᠭᠤᠯᠵᠤ ᠪᠠᠶᠢᠭᠰᠠᠨ ᠬᠡᠵᠦ ᠬᠠᠳᠠᠭᠤᠵᠢᠯᠳᠠᠢ ᠠᠵᠢᠯᠯᠠᠵᠦ ᠶᠠᠪᠤᠭᠰᠠᠨ ᠢᠶᠠᠨ ᠳᠤᠷᠠᠰᠬᠤ ᠳᠤᠯᠭᠠᠷ ᠭᠤᠸᠠᠢ ᠶᠢᠨ ᠮᠤᠨᠤᠵᠤ ᠪᠤᠢ ᠬᠤᠷᠤᠭᠤ ᠨᠤᠭᠤᠳ ᠠᠵᠢᠯ ᠤᠨ ᠶᠡᠭᠡ ᠶᠢ ᠳᠤᠭᠤᠯᠤᠭᠰᠠᠨ ᠳ᠋ᠠ ᠬᠡᠮᠡᠷᠬᠡᠨ ᠰᠢᠵᠢᠷ ᠠᠯᠳᠠ ᠪᠠᠷ ᠴᠢᠮᠡᠭᠳᠡᠵᠦ ᠬᠠᠷᠠᠭᠳᠠᠨ᠎ᠠ᠃        ᠬᠦᠯᠦᠨ ᠪᠤᠶᠢᠷ ᠤᠨ ᠳᠠᠮᠤᠷ ᠬᠡᠤᠬᠡᠨᠴᠤᠳ ᠤᠨ ᠳᠤᠭᠤᠢᠢᠯᠠᠩ ᠤᠨ ᠤᠯᠠᠩᠬᠢ ᠨᠢ 1974 ᠤᠨ ᠳᠤ  ᠪᠠᠶᠢᠭᠤᠯᠤᠭᠳᠠᠭᠠᠳ᠂ 1977 ᠤᠨ ᠤ ᠰᠡᠬᠦᠯᠴᠢ ᠪᠠᠷ ᠳᠤᠰ ᠠᠵᠢᠯᠯᠠᠭ᠎ᠠ ᠵᠤᠭᠰᠤᠵᠦ᠂ ᠵᠠᠷᠢᠮ ᠭᠠᠵᠠᠷ ᠨᠢ 1978 ᠤᠨ ᠬᠦᠷᠴᠤ ᠳᠠᠭᠤᠰᠤᠭᠰᠠᠨ ᠨᠢ ᠪᠤᠢ᠃ ᠡᠨᠡ ᠭᠦ ᠠᠵᠢᠯᠯᠠᠭ᠎ᠠ ᠠᠭᠠᠵᠢᠮ ᠳᠠᠭᠠᠨ ᠳᠠᠭᠤᠰᠴᠤ᠂ ᠳᠠᠮᠤᠷ ᠬᠡᠤᠬᠡᠨᠴᠤᠳ ᠦᠪᠡᠷ ‍ᠦᠪᠡᠷ ᠤᠨ ᠠᠮᠢᠳᠤᠷᠠᠯ ᠢᠶᠠᠨ ᠬᠦᠬᠡᠬᠡᠬᠦ ᠦᠶᠡᠰ ᠳᠤᠯᠭᠠᠷ ᠭᠤᠸᠠᠢ ᠳᠤᠰ ᠪᠠᠷᠢᠭᠠᠳᠠ ᠶᠢᠨ ᠢᠶᠠᠨ ᠬᠠᠷᠭᠠᠨ᠎ᠠ ᠬᠠᠯᠠ ᠶᠢᠨ ᠰᠤᠶᠤᠯᠳᠤ ᠬᠡᠳᠡᠭ ᠵᠠᠯᠠᠭᠤ ᠲᠠᠢ ᠬᠡᠷᠯᠡᠵᠦ᠂ ᠨᠢᠬᠡ ᠦᠬᠢᠨ᠂ ᠬᠤᠶᠡᠷ ᠬᠦᠦ ᠲᠦᠷᠦᠬᠦᠯᠵᠦ ᠦᠰᠬᠡᠪᠡ᠃ ᠠᠵᠢᠯ ᠬᠦᠳᠡᠯᠮᠤᠷᠢ ᠳᠤ ᠭᠠᠪᠰᠢᠭᠠᠢᠢᠯᠠᠵᠦ ᠰᠤᠷᠤᠭᠰᠠᠨ ᠪᠤᠯᠬᠤᠷ ᠳᠡᠳᠡᠨ ᠤ ᠬᠡᠤᠬᠡᠳ ᠤᠳ ᠨᠢᠯᠬ᠎ᠠ ᠪᠠᠭ᠎ᠠ ᠪᠠᠶᠢᠬᠤ ᠳᠤ ᠴᠤ ᠬᠡᠰᠡᠨ ᠬᠤᠶᠠᠭᠤᠯᠠ ᠪᠠᠨ ᠠᠵᠢᠯ ᠬᠦᠳᠡᠯᠮᠤᠷᠢ ᠳᠤ ᠪᠤᠰᠤᠳ ᠠᠶᠢᠯ ᠤᠨ ᠬᠦᠮᠦᠰ ᠲᠠᠢ ᠠᠳᠠᠯᠢ ᠪᠠᠷ ᠤᠷᠤᠯᠴᠠᠵᠦ ᠢᠷᠡᠪᠡ᠃ ᠳᠤᠭᠤᠷᠢᠵᠦ ᠭᠠᠷᠳᠠᠭ ᠦᠬᠡᠢ᠂ ᠳᠤᠭᠤᠯᠵᠤ ᠭᠠᠷᠳᠠᠭ ᠠᠮᠢᠳᠤᠷᠠᠯ ᠤᠨ ᠬᠠᠳᠠᠭᠤ ᠶᠢ ᠪᠡᠶ᠎ᠠ ᠪᠠᠷ ᠢᠶᠠᠨ ᠳᠤᠭᠤᠯᠵᠤ ᠢᠷᠡᠭᠰᠡᠨ ᠳᠤᠯᠭᠠᠷ ᠭᠤᠸᠠᠢ ᠴᠠᠭ ᠤᠨ ᠴᠠᠭ ᠲᠠᠭᠠᠨ ᠳᠡᠮᠤᠷ ᠰᠢᠭ ᠬᠠᠳᠠᠭᠤ ᠶᠠᠪᠤᠭᠰᠠᠨ ᠨᠢᠬᠡᠨ ᠪᠤᠳᠠ ᠴᠡᠴᠡᠭ ᠪᠤᠶᠤ︕                ᠡᠬᠡᠯ ᠪᠤᠷᠤᠭᠵᠢᠭᠤᠨ ᠤᠳᠬ᠎ᠠ ᠳᠡᠬᠦᠯᠳᠡᠷ ᠡᠳᠦᠷ ᠬᠤᠨᠤᠭ        ᠬᠠᠷᠠᠬᠠᠨ ᠪᠠᠭ᠎ᠠ ᠠᠴᠠ ᠪᠠᠨ ᠮᠠᠯ ᠳᠤ ᠬᠠᠶᠢᠷᠠᠳᠠᠢ ᠦᠰᠦᠭᠰᠡᠨ ᠳᠤᠯᠭᠠᠷ ᠭᠤᠸᠠᠢ ᠳᠠᠪᠤᠨ ᠨᠠᠰᠤᠨ ᠠᠴᠠ ᠪᠠᠨ ᠮᠤᠷᠢ ᠤᠨᠤᠵᠦ᠂ ᠠᠬ᠎ᠠ ᠡᠬᠡᠴᠢ ᠨᠠᠷ ᠢᠶᠠᠨ ᠳᠠᠭᠠᠵᠦ ᠮᠠᠯ ᠳᠤ ᠶᠠᠪᠤᠳᠠᠭ ᠪᠠᠶᠢᠭᠰᠠᠨ ᠪᠦᠬᠡᠳ ᠠᠪᠤ ᠡᠵᠢ ᠶᠢᠨ ᠢᠶᠠᠨ ᠰᠤᠷᠭᠠᠯ ᠢᠶᠠᠷ ᠶᠠᠮᠠᠷ ᠴᠤ ᠠᠵᠢᠯ ᠢ ᠪᠦᠷ ᠬᠢᠵᠦ ᠰᠤᠷᠴᠠᠢ᠃ ᠲᠡᠷᠡ ᠨᠠᠢᠮᠠᠨ ᠨᠠᠰᠤᠳᠠᠢ ᠳᠠᠭᠠᠨ ᠰᠢᠨᠠᠪᠤᠯᠠᠭ ᠪᠠᠷᠠᠭᠤᠨ ᠰᠤᠮᠤᠨ ᠤ ᠪᠠᠨ ᠪᠠᠭ᠎ᠠ ᠰᠤᠷᠭᠠᠭᠤᠯᠢ ᠳᠤ ᠤᠷᠤᠵᠦ᠂ ᠠᠪᠤ ᠨᠢ ᠠᠬ᠎ᠠ ᠡᠬᠡᠴᠢ ᠲᠠᠢ ᠨᠢ ᠮᠠᠯ ᠢᠶᠠᠷ ᠢᠶᠠᠨ ᠶᠠᠪᠤᠵᠦ᠂ ᠲᠡᠷᠡ ᠡᠵᠢ ᠲᠠᠢ ᠪᠠᠨ ᠰᠤᠮᠤᠨ ᠳᠠᠭᠠᠨ ᠰᠠᠭᠤᠵᠦ ᠰᠤᠷᠭᠠᠭᠤᠯᠢ ᠳᠤ ᠰᠤᠷᠤᠯᠴᠠᠵᠦ ᠪᠠᠶᠢᠵᠠᠢ ᠃ ᠬᠡᠳᠡᠯ᠎ᠠ ︽ᠭᠠᠢ ᠭᠠᠵᠠᠷ ᠳᠤᠤᠷ᠎ᠠ ᠠᠴᠠ︾ ᠬᠡᠳᠡᠭᠴᠢᠯᠡᠨ ︽ᠰᠤᠶᠤᠯ ᠤᠨ ᠶᠡᠭᠡ ᠬᠤᠪᠢᠰᠬᠠᠯ︾ ᠡᠬᠢᠯᠡᠵᠦ᠂ ᠲᠡᠷᠡ ᠰᠤᠷᠭᠠᠭᠤᠯᠢ ᠪᠠᠨ ᠳᠤᠷᠭᠤᠨ ᠵᠤᠭᠰᠤᠵᠦ ᠮᠠᠯᠴᠢᠨ ᠪᠤᠯᠪᠠ᠃ ᠬᠡᠳᠦ᠋ᠢᠪᠡᠷ ᠰᠤᠷᠭᠠᠭᠤᠯᠢ ᠰᠤᠶᠤᠯ ᠤᠨ ᠮᠦᠷ ᠢ ᠰᠠᠶᠢᠨ ᠬᠦᠬᠡᠬᠡᠵᠦ ᠴᠢᠳᠠᠭᠰᠠᠨ ᠦᠬᠡᠢ ᠪᠤᠯᠪᠠᠴᠤ ᠠᠩᠬᠠᠨ ᠤ ᠰᠤᠷᠤᠭᠰᠠᠨ ᠢᠶᠠᠨ ᠡᠵᠡᠮᠰᠢᠵᠦ᠂ ᠰᠤᠷᠤᠭᠰᠠᠨ ᠰᠤᠶᠤᠯ ᠢᠶᠠᠨ ᠮᠠᠷᠳᠠᠭ᠎ᠠ ᠦᠬᠡᠢ ᠳᠤᠯᠠ ᠰᠠᠭᠤᠷᠢᠨ ᠤ ᠪᠠᠨ ᠠᠵᠢᠯ ᠢᠶᠠᠨ ᠴᠢᠷᠮᠠᠶᠢᠵᠦ ᠬᠢᠬᠦ ᠶᠢᠨ ᠳᠠᠭᠠᠤ ᠰᠤᠨᠢᠨ ᠰᠡᠳᠬᠦᠯ ᠦᠵᠡᠳᠡᠭ ᠪᠠᠶᠢᠪᠠ᠃        ᠲᠡᠷᠡ ᠦᠪᠡᠷ ᠢᠶᠠᠨ ᠨᠤᠮ ᠪᠢᠴᠢᠭ ᠰᠤᠨᠢᠷᠬᠠᠵᠦ᠂ ᠲᠧᠯᠸᠢᠰ ᠦᠵᠡᠵᠦ᠂ ᠷᠠᠳᠢᠣ᠋ ᠰᠤᠨᠤᠰᠬᠤ ᠳᠤᠷᠠᠳᠠᠢ ᠳᠤᠯᠠ ᠬᠠᠮᠢᠭ᠎ᠠ ᠰᠠᠶᠢᠠᠬᠨ ᠨᠤᠮ ᠪᠠᠶᠢᠪᠠᠯ ᠦᠵᠡᠵᠦ᠂ ᠪᠢᠴᠢᠭ ᠨᠤᠮ ᠢᠶᠠᠷ ᠳᠡᠷᠢᠬᠢ ᠪᠠᠨ ᠵᠡᠪᠰᠡᠭᠯᠡᠵᠦ ᠶᠠᠪᠤᠯ᠎ᠠ᠃ ᠠᠮᠢᠳᠤᠷᠠᠯ ᠤᠨ ᠰᠠᠶᠢᠨ ᠰᠠᠶᠢᠠᠬᠨ ᠦᠬᠡᠳᠡ ᠳᠡᠮᠡᠤᠯᠵᠦ ᠶᠠᠪᠤᠳᠠᠭ ᠳᠤᠯᠭᠠᠷ ᠭᠤᠸᠠᠢ ᠪᠠᠭ᠎ᠠ ᠰᠤᠷᠭᠠᠭᠤᠯᠢ ᠶᠢᠨ ᠰᠤᠶᠤᠯ ᠤᠨ ᠬᠡᠮᠵᠢᠶ᠎ᠠ ᠲᠠᠢ ᠪᠤᠯᠪᠠᠴᠤ ᠦᠷᠬᠦᠯᠵᠢ ᠨᠤᠮ ᠦᠵᠡᠵᠦ᠂ ᠰᠢᠨ᠎ᠠ ᠰᠡᠪᠡᠬᠦᠨ ᠵᠦᠢᠯ ᠢ ᠰᠤᠷᠴᠤ᠂  ᠰᠤᠷᠤᠭᠰᠠᠨ ᠢᠶᠠᠨ ᠪᠠᠳᠤᠵᠢᠭᠤᠯᠵᠦ ᠪᠠᠶᠢᠳᠠᠭ᠃ ᠲᠡᠷᠡ ᠨᠢ ᠮᠦᠨ ᠴᠤ ᠳᠡᠬᠦᠨ ᠤ ᠬᠤᠵᠢᠮ ᠬᠤᠶᠢᠰᠢᠳᠠ ᠭᠤᠷᠪᠠᠨ ᠨᠤᠮ ᠨᠡᠶᠢᠷᠠᠭᠤᠯᠵᠤ ᠬᠡᠪᠯᠡᠬᠦᠯᠬᠦ ᠳᠤᠨᠢ ᠠᠷᠭ᠎ᠠ ᠦᠬᠡᠢ ᠳᠤᠰᠠ ᠪᠤᠯᠤᠭᠰᠠᠨ ᠶᠤᠮ᠃ᠳᠤᠯᠭᠠᠷ ᠭᠤᠸᠠᠢ ᠨᠤᠮ ᠦᠵᠡᠬᠦ ᠪᠠᠷ ᠪᠠᠷᠠᠬᠤ ᠦᠬᠡᠢ ᠪᠠᠰᠠ ᠷᠠᠳᠢᠣ᠋ ᠶᠢᠨ ᠬᠤᠷᠤᠬᠠᠢᠢᠳᠠᠨ ᠶᠤᠮ᠃ ᠲᠡᠷᠡ  ᠪᠦᠷ ᠪᠠᠭ᠎ᠠ ᠠᠴᠠ ᠪᠠᠨ ᠷᠠᠳᠢᠣ᠋ ᠰᠤᠨᠤᠰᠴᠤ᠂ ᠬᠠᠮᠢᠭ᠎ᠠ ᠶᠠᠪᠤᠪᠠᠴᠤ ᠷᠠᠳᠢᠣ᠋ ᠲᠠᠢ ᠪᠠᠨ ᠬᠠᠨᠢᠯᠠᠨ᠎ᠠ᠃ ︽ᠷᠠᠳᠢᠣ᠋ ᠪᠤᠯ ᠮᠢᠨᠦ ᠪᠠᠭᠰᠢ︾ ᠬᠡᠳᠡᠭ ᠲᠡᠷᠡ ᠪᠠᠷ 2013 ᠤᠨ ᠳᠤ ᠮᠡᠨᠡᠩ ᠤᠨ ᠪᠤᠭᠳᠠ ᠠᠭᠤᠯᠠ ᠶᠢᠨ ᠳᠠᠬᠢᠯᠭ᠎ᠠ ᠳᠤ ᠠᠵᠠ ᠲᠠᠢ ᠪᠠᠷ ᠲᠦᠪ ᠤᠨ ᠷᠠᠳᠢᠣ᠋ ᠬᠤᠷᠢᠶᠠᠨ ᠤ ᠬᠦᠳᠦᠯᠦᠭᠴᠢ ᠨᠠᠶᠢᠷᠰᠠᠭ᠂ ᠰᠠᠷᠠᠭᠤᠯ᠂ ᠬᠦᠯᠦᠨ ᠪᠤᠶᠢᠷ ᠤᠨ ᠷᠠᠳᠢᠣ᠋ ᠲᠧᠯᠸᠢᠰ ᠬᠤᠷᠢᠶᠠᠨ ᠤ ᠰᠤᠷᠪᠤᠯᠵᠢᠯᠠᠭᠴᠢ ᠰ᠊ · ᠳᠤᠯᠢ ᠲᠠᠢ ᠠᠭᠤᠯᠵᠠᠵᠦ᠂ ᠳᠡᠳᠡ ᠨᠠᠷ ᠳᠡᠬᠦᠨ ᠳᠤ ᠷᠠᠳᠢᠣ᠋ ᠶᠢᠨ ᠪᠡᠯᠡᠭ ᠭᠠᠷᠳᠠᠭᠤᠯᠤᠭᠰᠠᠨ ᠳᠤ ᠮᠠᠰᠢ ᠶᠡᠭᠡ ᠪᠠᠶᠠᠷᠯᠠᠭᠰᠠᠨ ᠶᠤᠮ᠃ ᠤᠴᠢᠷ ᠨᠢ ᠲᠡᠷᠡ ᠷᠠᠳᠢᠣ᠋ ᠰᠢᠨ᠎ᠠ ᠬᠡᠯᠪᠡᠷᠢ ᠶᠢᠨ ᠪᠦᠳᠦᠬᠦᠨ ᠷᠠᠳᠢᠣ᠋ ᠪᠠᠶᠢᠵᠦ᠂ ᠬᠦᠳᠡᠭᠡ ᠳᠤ ᠬᠡᠷᠡᠭᠯᠡᠬᠦ ᠳᠤ ᠳᠤᠬᠢᠷᠠᠮᠵᠢᠳᠠᠢ᠂ ᠳᠤᠯᠬᠢᠶᠠᠨ ᠬᠦᠯᠢᠶᠠᠵᠦ ᠠᠪᠬᠤ ᠳᠠᠭᠠᠨ ᠰᠠᠶᠢᠨ ᠷᠠᠳᠢᠣ᠋ ᠪᠠᠶᠢᠯ᠎ᠠ᠃        ᠳᠤᠯᠭᠠᠷ ᠭᠤᠸᠠᠢ ᠦᠷᠬᠦᠯᠵᠢ ᠨᠤᠮ ᠪᠢᠴᠢᠭ ᠦᠵᠡᠵᠦ᠂ ᠷᠠᠳᠢᠣ᠋ ᠰᠤᠨᠤᠰᠳᠠᠭ ᠳᠤᠯᠠ ᠤᠯᠤᠰ ᠤᠷᠤᠨ ᠤ ᠰᠤᠨᠢᠨ ᠮᠡᠳᠡᠭᠡ᠂ ᠴᠠᠭ ᠲᠦᠷᠦ ᠶᠢᠨ ᠪᠠᠶᠢᠳᠠᠯ ᠢ ᠰᠠᠶᠢᠨ ᠤᠢᠢᠯᠠᠭᠠᠳᠠᠭ ᠪᠦᠬᠡᠳ ᠵᠠᠯᠠᠭᠤ ᠪᠠᠭ᠎ᠠ ᠠᠴᠠ ᠪᠠᠨ ᠪᠠᠷᠢᠭᠠᠳᠠ ᠶᠢᠨ ᠢᠶᠠᠨ ᠤᠳᠤᠷᠢᠳᠤᠯᠭ᠎ᠠ ᠶᠢᠨ ᠠᠵᠢᠯ᠂ ᠡᠮᠡᠭᠳᠡᠶᠢᠴᠤᠳ ᠤᠨ ᠠᠵᠢᠯ᠂ ᠵᠤᠬᠢᠶᠠᠨ ᠪᠠᠶᠢᠭᠤᠯᠤᠯᠳᠠ ᠶᠢᠨ ᠠᠵᠢᠯ ᠢ ᠬᠢᠵᠦ ᠪᠠᠶᠢᠭᠰᠠᠨ ᠳᠤᠯᠠ ᠪᠠᠷᠢᠭᠠᠳᠠ ᠭᠠᠴᠠᠭᠠᠨ ᠤ ᠪᠠᠨ ᠤᠯᠠᠨ ᠬᠦᠳᠡᠯᠬᠡᠬᠡᠨ ᠠᠵᠢᠯᠯᠠᠭ᠎ᠠ ᠨᠤᠭᠤᠳ ᠢ ᠵᠤᠬᠢᠶᠠᠨ ᠪᠠᠶᠢᠭᠤᠯᠵᠤ ᠶᠠᠪᠤᠭᠳᠠᠭᠤᠯᠵᠤ ᠪᠠᠶᠢᠭᠰᠠᠨ ᠠᠴᠠ ᠵᠤᠬᠢᠶᠠᠨ ᠪᠠᠶᠢᠭᠤᠯᠬᠤ ᠴᠢᠳᠠᠪᠤᠷᠢ᠂ ᠤᠳᠤᠷᠢᠳᠤᠨ ᠳᠠᠶᠢᠴᠢᠯᠠᠬᠤ ᠴᠢᠳᠠᠪᠤᠷᠢ ᠰᠠᠶᠢᠳᠠᠢ ᠪᠤᠯᠪᠠ᠃ ᠳᠡᠶᠢᠨ ᠬᠦ ᠳᠤᠯᠭᠠᠷ ᠭᠤᠸᠠᠢ ᠤᠷᠴᠢᠮ ᠤᠨ ᠬᠡᠳᠦᠨ ᠵᠢᠯ ᠠᠴᠠ ᠵᠠᠯᠠᠭᠤ ᠶᠢᠨ ᠦᠶ᠎ᠠ ᠶᠢᠨ ᠵᠤᠷᠢᠭ ᠰᠠᠨᠠᠭ᠎ᠠ ᠪᠠᠨ ᠳᠠᠬᠢᠨ ᠪᠠᠳᠠᠷᠠᠭᠤᠯᠵᠤ ᠬᠦᠯᠦᠨ ᠪᠤᠶᠢᠷ ᠤᠨ ᠮᠠᠯᠵᠢᠬᠤ ᠲᠦᠷᠪᠡᠨ ᠬᠤᠰᠢᠭᠤᠨ ᠤ ᠨᠠᠰᠤᠳᠠᠶᠢᠴᠤᠳ ᠢ ᠵᠤᠬᠢᠶᠠᠨ ᠪᠠᠶᠢᠭᠤᠯᠵᠤ᠂ ᠠᠶᠢᠮᠠᠭ ᠳᠤᠳᠤᠷ᠎ᠠ ᠪᠠᠨ ᠠᠶᠠᠯᠠᠨ ᠵᠤᠭᠠᠴᠠᠬᠤ᠂ ᠨᠤᠮ  ᠪᠢᠴᠢᠭ ᠬᠡᠪᠯᠡᠬᠦᠯᠬᠦ᠂ ᠨᠠᠰᠤᠳᠠᠶᠢᠴᠤᠳ ᠤᠨ ᠴᠠᠶᠢᠯᠠᠯᠭ᠎ᠠ ᠬᠢᠬᠦ ᠵᠡᠷᠬᠡ ᠤᠯᠠᠨ ᠵᠦᠢᠯ ᠤᠨ ᠡᠷᠡᠬᠦᠯ ᠰᠠᠷᠠᠭᠤᠯ ᠤᠳᠬ᠎ᠠ ᠠᠭᠤᠯᠭ᠎ᠠ ᠲᠠᠢ ᠠᠵᠢᠯ ᠢ ᠬᠢᠪᠡ᠃ ᠲᠠᠷᠠ ᠪᠠᠰᠠ 2019 ᠤᠨ ᠳᠤ ᠮᠠᠯᠵᠢᠬᠤ ᠲᠦᠷᠪᠡᠨ ᠬᠤᠰᠢᠭᠤᠨ ᠤ ᠨᠠᠰᠤᠳᠠᠶᠢᠴᠤᠳ ᠢ ᠵᠤᠬᠢᠶᠠᠨ ᠪᠠᠶᠢᠭᠤᠯᠵᠤ᠂ ᠮᠤᠩᠭᠤᠯ ᠤᠯᠤᠰ ᠤᠨ ᠪᠤᠷᠬᠠᠨᠳᠤ᠂ ᠪᠦᠮᠪᠦᠷ ᠰᠤᠮᠤ ᠵᠡᠷᠬᠡ ᠭᠠᠵᠠᠷ ᠢᠶᠠᠷ ᠬᠦᠷᠴᠤ᠂ ᠤᠡᠭᠭᠤᠨ ᠪᠠᠶᠢᠭᠠᠯᠢ ᠶᠢ ᠬᠠᠮᠳᠤ ᠳᠠᠭᠠᠨ ᠰᠤᠨᠢᠷᠬᠠᠵᠦ ᠶᠠᠪᠤᠵᠦ ᠢᠷᠡᠪᠡ᠃ 2019 ᠤᠨ ᠳᠤ ᠳᠡᠳᠡ ᠪᠠᠰᠠ ᠦᠪᠦᠷ ᠮᠤᠩᠭᠤᠯ ᠤᠨ ᠤᠳᠤᠨ ᠲᠧᠯᠸᠢᠰ ᠤᠨ ᠴᠠᠭᠠᠨ ᠰᠠᠷ᠎ᠠ ᠶᠢᠨ ᠦᠳᠡᠰᠢᠯᠡᠭᠡ ᠳᠤ ᠤᠷᠤᠯᠴᠠᠭᠰᠠᠨ ᠨᠢ ᠤᠳᠬ᠎ᠠ ᠳᠡᠬᠦᠯᠳᠡᠷ ᠪᠠᠶᠢᠯ᠎ᠠ᠃ 2019 ᠤᠨ ᠤ ᠰᠡᠬᠦᠯᠴᠢ ᠪᠠᠷ ᠬᠡᠰᠡᠭ ᠳᠤᠷ᠎ᠠ ᠰᠤᠨᠢᠷᠬᠠᠯ ᠲᠠᠢ ᠬᠦᠮᠦᠰ ᠢ ᠳᠠᠭᠠᠭᠤᠯᠤᠨ᠂ ᠠᠷᠢᠭᠤᠨ ᠳᠠᠭᠰᠢᠨ ᠪᠤᠷᠬᠠᠨ ᠤ ᠤᠷᠤᠨ ᠤᠳᠠᠢ ᠠᠭᠤᠯᠠᠨ ᠳᠤ ᠤᠴᠢᠵᠦ᠂ ᠠᠮᠢᠳᠠᠨ ᠵᠢᠷᠭᠤᠭᠠᠨ ᠵᠦᠢᠯ ᠢ ᠳᠠᠭᠠᠳᠬᠠᠭᠰᠠᠨ ᠪᠠᠶᠢᠨ᠎ᠠ᠃ ᠢᠯᠠᠩᠭᠤᠶ᠎ᠠ᠂ ᠡᠨᠡ ᠵᠢᠯ ᠤᠯᠤᠰ ᠬᠡᠷ ᠲᠤ ᠬᠢᠵᠢᠭ ᠡᠪᠡᠳᠴᠢᠨ ᠳᠡᠯᠬᠡᠷᠡᠵᠦ᠂ ᠬᠦᠯ ᠤᠨᠤᠭ᠎ᠠ ᠬᠤᠷᠢᠭᠳᠠᠭᠰᠠᠨ ᠪᠤᠯᠪᠠᠴᠤ ᠳᠡᠲᠡ ᠨᠠᠰᠤᠳᠠᠶᠢᠴᠤᠳ ᠢᠶᠠᠨ ᠳᠠᠶᠢᠴᠢᠯᠡᠨ ᠵᠢᠷᠬᠢᠶ᠎ᠠ ᠬᠤᠯᠪᠤᠭ᠎ᠠ ᠪᠠᠶᠢᠭᠤᠯᠵᠤ᠂ ᠬᠦᠯᠦᠨ ᠪᠤᠶᠢᠷ ᠤᠨ ᠮᠠᠯᠵᠢᠬᠤ ᠲᠦᠷᠪᠡᠨ ᠬᠤᠰᠢᠭᠤᠨ ᠤ ᠳᠠᠮᠤᠷ ᠬᠡᠤᠬᠡᠨᠴᠤᠳ ᠪᠠᠶᠢᠭᠰᠠᠨ ᠳᠠᠪᠤᠨ ᠵᠠᠭᠤ ᠭᠠᠷᠤᠢ ᠤᠷᠴᠢᠮ ᠬᠦᠮᠦᠰ ᠬᠤᠯᠪᠤᠭ᠎ᠠ ᠳᠤ ᠤᠷᠤᠵᠦ᠂ ᠬᠤᠯᠪᠤᠭ᠎ᠠ ᠳᠡᠬᠡᠷ᠎ᠡ ᠪᠠᠨ ᠬᠦᠭᠵᠢᠯ ᠲᠠᠢ ᠰᠠᠶᠢᠠᠬᠨ ᠠᠭᠤᠯᠭ᠎ᠠ ᠲᠠᠢ ᠡᠯ᠎ᠠ ᠵᠦᠢᠯ ᠤᠨ ᠳᠤᠭᠯᠠᠯᠳᠠ᠂ ᠤᠷᠤᠯᠳᠤᠭᠠᠨ ᠶᠠᠪᠤᠭᠤᠯᠬᠤ ᠵᠡᠷᠬᠡ ᠪᠠᠷ ᠬᠦᠭᠵᠢᠯᠳᠦᠭᠰᠡᠨ ᠮᠦᠷᠳᠡᠬᠡᠨ ᠬᠦᠮᠦᠨ ᠪᠦᠷᠢ ᠰᠠᠶᠢᠨ ᠳᠤᠷ᠎ᠠ ᠠᠴᠠ ᠪᠠᠨ 66 ᠲᠦᠬᠦᠷᠢᠭ ᠭᠠᠷᠭᠠᠨ᠂ ᠮᠠᠣ ᠳᠡᠷᠢᠬᠦᠯᠡᠭᠴᠢ ᠶᠢᠨ ᠬᠦᠷᠦᠭ᠂ ᠳᠠᠮᠤᠷ ᠬᠡᠤᠬᠡᠨᠴᠤᠳ ᠤᠨ ᠬᠤᠯᠪᠤᠭᠠᠨ ᠤ ᠬᠤᠪᠴᠠᠰᠤ ᠪᠤᠯᠬᠤ ᠴᠡᠩᠬᠡᠷ ᠦᠡᠭᠬᠡ ᠶᠢᠨ ᠬᠠᠨᠳᠠᠭᠠᠵᠠ᠂ ᠴᠠᠢ ᠶᠢᠨ ᠴᠤᠮᠤ ᠵᠡᠷᠬᠡ ᠭᠤᠷᠪᠠᠨ ᠵᠦᠢᠯ ᠤᠨ ᠪᠤᠳᠠᠰ ᠠᠪᠬᠤ ᠠᠵᠢᠯᠯᠠᠭ᠎ᠠ ᠶᠢ ᠶᠠᠪᠤᠭᠳᠠᠭᠤᠯᠤᠨ᠂ ᠳᠤᠰ ᠠᠵᠢᠯᠯᠠᠭ᠎ᠠ ᠳᠤ ᠤᠷᠤᠯᠴᠠᠭᠰᠠᠳ ᠤᠨ ᠰᠡᠳᠬᠢᠯ ᠴᠦᠮ ᠦᠨᠳᠦᠷ ᠪᠠᠶᠢᠯ᠎ᠠ᠃ ᠬᠦᠮᠦᠰ ᠤᠨ ᠠᠮᠢᠳᠤᠷᠠᠯ ᠨᠡᠶᠢᠬᠡᠮ ᠤᠨ ᠬᠦᠭᠵᠢᠯᠳᠡ ᠶᠢ ᠳᠠᠭᠠᠳᠠᠭ ᠳᠤᠯᠠ ᠳᠤᠯᠭᠠᠷ ᠭᠤᠸᠠᠢ ᠪᠠᠶ᠎ᠠ ᠡᠷᠡᠬᠦᠯ᠂ ᠤᠬᠠᠭᠠᠨ ᠰᠠᠷᠠᠭᠤᠯ ᠢᠶᠠᠷ ᠦᠷᠬᠡᠨ ᠤᠯᠠᠨ ᠨᠠᠰᠤᠳᠠᠶᠢᠴᠤᠳ ᠲᠠᠢ ᠪᠠᠨ ᠬᠠᠮᠳᠤ ᠨᠡᠶᠢᠬᠡᠮ ᠤᠨ ᠬᠦᠭᠵᠢᠯᠳᠠ ᠶᠢ ᠳᠠᠭᠠᠵᠦ᠂ ᠮᠤᠩᠭᠤᠯ ᠦᠪ ᠰᠤᠶᠤᠯ ᠢᠶᠠᠨ ᠡᠬᠦᠷᠢᠳᠡ ᠤᠯᠠᠮᠵᠢᠯᠠᠵᠦ ᠶᠠᠪᠤᠨ᠎ᠠ ᠬᠡᠵᠦ ᠰᠡᠳᠬᠢᠯ ᠲᠦᠬᠦᠷᠡᠩ  ᠢᠳᠡᠬᠡᠯ ᠲᠠᠢ ᠪᠠᠳᠤ ᠢᠳᠡᠷᠡᠬᠦᠨ ᠤᠷᠤᠭᠰᠢ ᠠᠯᠬᠤᠨᠠᠮ︕            ᠦᠯᠡᠮᠵᠢ ᠤᠳᠬᠠᠳᠤ ᠦᠳᠡᠯᠦᠬᠡ ᠨᠠᠰᠤ        ᠳᠤᠯᠭᠠᠷ ᠭᠤᠸᠠᠢ ᠨᠤᠮ ᠦᠵᠡᠵᠦ ᠮᠡᠳᠡᠯᠬᠡ ᠬᠤᠷᠠᠮᠳᠤᠭᠤᠯᠵᠤ ᠶᠠᠪᠤᠭᠰᠠᠨ ᠳᠤᠯᠠ 2018 — 2020 ᠤᠨ ᠪᠤᠯᠳᠠᠯ᠎ᠠ ︽ᠪᠢ ᠡᠬᠡ ᠤᠯᠤᠰ ᠲᠠᠢ ᠪᠠᠨ — ᠬᠦᠯᠦᠨ ᠪᠤᠶᠢᠷ ᠤᠨ ᠮᠠᠯᠵᠢᠬᠤ ᠲᠦᠷᠪᠡᠨ ᠬᠤᠰᠢᠭᠤᠨ ᠤ ᠨᠠᠰᠤᠳᠠᠶᠢᠴᠤᠳ ᠤᠨ ᠨᠠᠨᠳᠢᠨ ᠳᠤᠷᠠᠰᠤᠮᠵᠢ ᠨᠤᠭᠤᠳ︾᠂ ︽ᠡᠬᠦᠷᠢᠳᠡ ᠤᠯᠠᠮᠵᠢᠯᠠᠭᠳᠠᠬᠤ ᠦᠪ ᠰᠤᠶᠤᠯ︾᠂ ︽ᠦᠡᠭᠬᠡ ᠬᠡᠷᠡᠯᠳᠦ ᠳᠡᠮᠦᠷ ᠬᠡᠤᠬᠡᠨᠴᠤᠳ ᠤᠨ ᠦᠨᠢᠳᠡ ᠶᠢᠨ ᠳᠤᠷᠠᠰᠬᠠᠯ︾ ︵ᠵᠢᠷᠤᠭᠳᠤ ᠳᠡᠪᠳᠡᠷ︶ ᠬᠡᠬᠦ ᠭᠤᠷᠪᠠᠨ ᠨᠤᠮ ᠢ ᠨᠠᠶᠢᠷᠠᠭᠤᠯᠤᠨ ᠬᠡᠪᠯᠡᠬᠦᠯᠵᠠᠢ᠃        ︽ᠪᠢ ᠡᠬᠡ ᠤᠯᠤᠰ ᠲᠠᠢ ᠪᠠᠨ — ᠬᠦᠯᠦᠨ ᠪᠤᠶᠢᠷ ᠤᠨ ᠮᠠᠯᠵᠢᠬᠤ ᠲᠦᠷᠪᠡᠨ ᠬᠤᠰᠢᠭᠤᠨ ᠤ  ᠨᠠᠰᠤᠳᠠᠶᠢᠴᠤᠳ ᠤᠨ ᠨᠠᠨᠳᠢᠨ ᠳᠤᠷᠠᠰᠤᠮᠵᠢ ᠨᠤᠭᠤᠳ︾ ᠢᠶᠠᠨ ᠮᠠᠯᠵᠢᠬᠤ ᠲᠦᠷᠪᠡᠨ ᠬᠤᠰᠢᠭᠤᠨ ᠤ ᠦᠶ᠎ᠠ ᠬᠤᠷᠠᠭ ᠨᠠᠰᠤᠳᠠᠶᠢᠴᠤᠳ ᠢᠶᠠᠨ ᠳᠠᠶᠢᠴᠢᠯᠠᠵᠦ ᠪᠠᠶᠢᠭᠠᠳ ᠬᠠᠮᠳᠤᠷᠠᠨ ᠨᠠᠶᠢᠷᠠᠭᠤᠯᠵᠤ ᠬᠡᠪᠯᠡᠬᠦᠯᠦᠭᠰᠡᠨ ᠪᠦᠬᠡᠳ ᠨᠠᠰᠤᠳᠠᠶᠢᠴᠤᠳ ᠤᠨ ᠠᠮᠢᠳᠤᠷᠠᠯ ᠤᠨ ᠳᠤᠷᠠᠰᠤᠮᠵᠢ ᠪᠠᠷ ᠳᠠᠮᠵᠢᠭᠤᠯᠵᠤ ᠬᠤᠶᠢᠴᠢ ᠦᠶ᠎ᠡ ᠶᠢᠨ ᠬᠢᠨ ᠳᠡᠭᠡᠨ ᠶᠠᠭᠤ ᠨᠢᠬᠡ ᠶᠢ ᠰᠠᠨᠠᠭᠤᠯᠬᠤ ᠬᠡᠰᠡᠨ ᠰᠠᠨᠠᠭ᠎ᠠ ᠪᠠᠶᠢᠯ᠎ᠠ᠃ ︽ᠡᠬᠦᠷᠢᠳᠡ ᠤᠯᠠᠮᠵᠢᠯᠠᠭᠳᠠᠬᠤ ᠦᠪ ᠰᠤᠶᠤᠯ︾ ᠬᠡᠬᠦ ᠨᠤᠮ ᠳᠠᠭᠠᠨ ᠨᠠᠰᠤᠳᠠᠶᠢᠴᠤᠳ ᠤᠨ ᠬᠢᠯᠭᠠᠰᠤ ᠳᠡᠬᠡᠰᠦ ᠳᠠᠮᠤᠬᠤ ᠵᠡᠷᠬᠡ ᠮᠤᠩᠭᠤᠯ ᠨᠡᠬᠦᠳᠡᠯ ᠠᠮᠢᠳᠤᠷᠠᠯ ᠤᠨ ᠦᠯᠡᠳᠡᠭᠳᠡᠵᠦ ᠳᠠᠰᠤᠷᠠᠵᠦ ᠪᠠᠶᠢᠬᠤ ᠵᠦᠢᠯᠡᠰ᠂ ᠬᠡᠬᠡᠭᠳᠡᠵᠦ ᠪᠠᠶᠢᠭ᠎ᠠ ᠭᠠᠵᠠᠷ ᠤᠰᠤᠨ ᠤ ᠨᠡᠷᠡᠶᠢᠳᠦᠯ᠂ ᠠᠭᠤᠯᠠ ᠤᠪᠤᠭ᠎ᠠ᠂ ᠡᠪᠡᠰᠦ ᠤᠷᠭᠤᠮᠠᠯ᠂ ᠳᠤᠭᠯᠠᠭᠠᠮ ᠨᠠᠭᠠᠳᠤᠮ ᠁ ᠵᠡᠷᠬᠡ ᠵᠦᠢᠯᠡᠰ ᠢ ᠳᠡᠮᠳᠡᠭᠯᠡᠭᠰᠡᠨ ᠨᠢ ᠰᠤᠨᠢᠷᠬᠠᠯᠳᠠᠢ ᠰᠠᠶᠢᠠᠬᠨ᠃        — ︽ᠦᠡᠭᠬᠡ ᠬᠡᠷᠡᠯᠳᠦ ᠳᠡᠮᠦᠷ ᠬᠡᠤᠬᠡᠨᠴᠤᠳ ᠤᠨ ᠦᠨᠢᠳᠡ ᠶᠢᠨ ᠳᠤᠷᠠᠰᠬᠠᠯ︾ ᠵᠢᠷᠤᠭᠳᠤ ᠨᠤᠮ ᠮᠠᠨᠢ ᠶᠡᠭᠡ ᠰᠠᠶᠢᠠᠬᠨ ᠪᠤᠯᠤᠭᠰᠠᠨ᠃ ᠡᠬᠦᠨ ᠢ ᠶᠠᠭᠤ ᠬᠡᠳ ᠢᠡᠭᠬᠢᠵᠦ ᠬᠢᠭᠰᠡᠨ ᠪᠤᠢ ᠬᠡᠪᠡᠯ᠂ ᠮᠠᠨ ᠤ ᠲᠡᠷᠡ ᠦᠶ᠎ᠠ ᠳᠤ ᠦᠡᠭᠬᠡ ᠢᠯᠭᠠᠷᠠᠭᠰᠠᠨ ᠰᠠᠶᠢᠠᠬᠨ ᠵᠠᠯᠠᠭᠤᠰ ᠰᠡᠬᠦᠳᠡᠷ ᠳᠡᠮᠡᠢ ᠳᠠᠳᠠᠭᠤᠯᠬᠤ ᠦᠬᠡᠢ᠂ ᠳᠠᠳᠠᠵᠦ ᠦᠭᠳᠡᠭ ᠬᠦᠮᠦᠨ ᠴᠤ ᠦᠬᠡᠢ ᠪᠠᠶᠢᠯ᠎ᠠ᠃ ᠲᠡᠷᠡ ᠠᠵᠢᠯᠯᠠᠵᠦ ᠶᠠᠪᠤᠭᠰᠠᠨ ᠰᠠᠶᠢᠠᠬᠨ ᠨᠠᠰᠤᠨ ᠳᠠᠭᠠᠨ ᠳᠠᠳᠠᠭᠤᠯᠵᠤ ᠴᠢᠳᠠᠭ᠎ᠠ ᠦᠬᠡᠢ ᠮᠦᠷᠳᠡᠬᠡᠨ ᠤᠳᠤ ᠪᠦᠷ ᠬᠡᠤᠭᠡᠳ ᠤᠨ ᠡᠪᠦᠭᠡ ᠢᠵᠢᠢ ᠪᠤᠯᠤᠯ᠎ᠠ᠃ ᠳᠡᠬᠡᠬᠡᠳ ᠰᠠᠶᠢᠠᠬᠨ ᠨᠡᠶᠢᠬᠡᠮ ᠳᠤ ᠰᠠᠶᠢᠠᠬᠨ ᠶᠠᠪᠤᠵᠤ ᠪᠠᠶᠢᠬᠤ ᠪᠠᠨ ᠳᠡᠮᠳᠡᠭᠯᠡᠵᠦ ᠢᠡᠭᠬᠢᠵᠦ ᠬᠢᠯ᠎ᠠ᠃ ᠤᠳᠤ ᠴᠢᠨᠢ ᠨᠢᠬᠡ ᠨᠢ ᠳᠤᠤᠭᠠᠷᠪᠠᠯ ᠨᠡᠶᠢᠳᠡ ᠪᠠᠷ ᠢᠶᠠᠨ ᠰᠤᠨᠤᠰᠬᠤ ᠰᠠᠶᠢᠠᠬᠨ ᠵᠢᠷᠬᠢᠶ᠎ᠠ ᠬᠤᠯᠪᠤᠭ᠎ᠠ ᠲᠠᠢ᠃ ᠨᠠᠰᠤᠳᠠᠶᠢᠴᠤᠳ ᠪᠢᠳᠠ ᠭᠤᠶᠤ ᠪᠤᠯᠤᠭᠰᠠᠨ ᠰᠢᠦ᠃ ᠦᠵᠡᠯ ᠤᠬᠠᠮᠰᠠᠷ ᠦᠨᠳᠦᠷ᠂ ᠲᠡᠷᠡ ᠦᠶ᠎ᠠ ᠳᠤ ᠦᠰᠦ ᠪᠠᠨ ᠪᠤᠭᠤᠬᠤ ᠳᠠᠪᠤᠤ ᠦᠬᠡᠢ ᠶᠠᠪᠤᠭᠰᠠᠨ ᠪᠢᠳᠡ ᠤᠳᠤ ᠬᠤᠪᠴᠠᠰᠤ ᠬᠤᠨᠠᠷ ᠰᠠᠶᠢᠳᠠᠢ᠂ ᠦᠡᠭᠬᠡ ᠦᠡᠭᠬᠡ ᠪᠠᠷ ᠢᠯᠭᠠᠷᠠᠵᠦ ᠦᠪᠡᠷ ᠦᠪᠡᠷ ᠤᠨ ᠬᠢ ᠪᠠᠷ ᠢᠶᠠᠨ ᠡᠬᠡᠰᠢᠭᠯᠡᠵᠦ ᠪᠠᠶᠢᠳᠠᠭ ᠪᠤᠭᠤᠷᠤᠯᠴᠤᠳ ᠪᠤᠯᠤᠯ᠎ᠠ᠃ ᠶᠤᠰᠤᠳᠠᠢ ᠳᠤᠰᠤ ᠳᠤᠷᠭ᠎ᠠ ᠬᠤᠶᠠᠷ ᠲᠤ ᠤᠮᠪᠠᠵᠦ ᠪᠠᠶᠢᠨ᠎ᠠ ᠬᠡᠵᠦ  ᠪᠤᠳᠤᠬᠤ ᠳᠠᠭᠠᠨ ᠳᠡᠳᠡᠨ ᠢ ᠪᠠᠨ ᠳᠠᠳᠠᠵᠦ᠂ ᠡᠶᠢᠮᠦᠷᠬᠦᠦ ᠳᠡᠪᠳᠡᠷ ᠬᠢᠭᠰᠡᠨ᠃ ᠬᠤᠵᠢᠮ ᠡᠨᠡ ᠳᠤᠬᠠᠢ ᠪᠠᠷᠢᠮᠳᠠᠳᠤ ᠺᠢᠨᠣ᠋ ᠬᠢᠬᠦ ᠲᠦᠰᠦᠪ ᠲᠠᠢ ᠬᠡᠵᠦ ᠳᠤᠯᠭᠠᠷ ᠭᠤᠸᠠᠢ ᠨᠤᠮ ᠭᠠᠷᠭᠠᠭᠰᠠᠨ ᠳᠤᠬᠠᠢ ᠪᠠᠨ ᠶᠠᠷᠢᠯ᠎ᠠ᠃        ᠵᠢᠰᠦ ᠪᠠᠷ ᠢᠶᠠᠨ ᠭᠤᠶᠤᠯᠠᠵᠦ᠂ ᠵᠢᠷᠦᠬᠡ ᠪᠠᠷ ᠢᠶᠠᠨ ᠭᠤᠶᠤᠯᠠᠵᠦ᠂ ᠬᠦᠴᠦ ᠪᠠᠷ ᠢᠶᠠᠨ ᠭᠤᠶᠤᠯᠠᠵᠦ᠂  ᠬᠦᠳᠠᠯᠮᠤᠷᠢ ᠪᠠᠷ ᠢᠶᠠᠨ ᠭᠤᠶᠤᠯᠠᠵᠦ ᠶᠠᠪᠤᠭᠰᠠᠨ ᠳᠠᠮᠤᠷ ᠬᠡᠤᠬᠡᠨᠴᠤᠳ ᠮᠠᠨᠢ ᠤᠯᠤᠰ ᠤᠷᠤᠨ ᠤ ᠪᠦᠳᠦᠬᠡᠨ  ᠪᠠᠶᠢᠭᠤᠯᠤᠯᠳᠠ ᠳᠤ ᠭᠤᠨᠭ᠍ᠳᠠᠰᠢ ᠦᠬᠡᠢ ᠵᠢᠳᠬᠦᠯ ᠦᠵᠡᠬᠦᠯᠦᠭᠰᠡᠨ ᠴᠠᠭ ᠦᠶ ᠎ᠠ ᠶᠢᠨ ᠳᠠᠮᠠᠭ᠎ᠠ ᠪᠢᠯᠡ︕       ᠳᠤᠯᠭᠠᠷ ᠤᠨ ᠳᠤᠪᠴᠢ ᠨᠠᠮᠳᠠᠷ᠄        1957 ᠤᠨ ᠤ 5 ᠰᠠᠷ᠎ᠠ ᠶᠢᠨ 17 ᠤ ᠡᠳᠦᠷ᠂ ᠬᠦᠯᠦᠨ ᠪᠤᠶᠢᠷ ᠬᠤᠳᠠ ᠶᠢᠨ ᠰᠢᠨ᠎ᠠ ᠪᠠᠷᠭᠤ ᠵᠡᠬᠦᠨ ᠬᠤᠰᠢᠭᠤᠨ ᠤ ᠤᠭ ᠤᠨ ᠰᠢᠨᠠᠪᠤᠯᠠᠭ ᠪᠠᠷᠠᠭᠤᠨ ᠰᠤᠮᠤᠨ ᠤ ᠬᠦᠨᠪᠦ᠋ᠷᠢᠳᠦ ᠪᠠᠷᠢᠭᠠᠳᠠ ᠶᠢᠨ ᠰᠡᠬᠡᠷᠴᠢᠨ ᠬᠠᠯᠠ ᠶᠢᠨ ᠪᠡᠯᠵᠢᠷ ᠪᠤᠯᠤᠨ ᠮᠠᠵᠢᠭ ᠤᠨ ᠤᠳᠬᠤᠨ ᠦᠬᠢᠨ ᠨᠢ ᠪᠤᠯᠵᠤ ᠵᠠᠶᠠᠭᠠᠵᠠᠢ᠃ 17 ᠨᠠᠰᠤᠳᠠᠢ ᠳᠠᠭᠠᠨ ᠪᠠᠷᠢᠭᠠᠳᠠ ᠶᠢᠨ ᠢᠶᠠᠨ ᠡᠪᠯᠡᠯ ᠤᠨ ᠡᠬᠦᠷ ᠤᠨ ᠱᠦᠵᠢ᠂ ᠡᠷᠦᠬᠡ ᠶᠢᠨ ᠴᠡᠷᠢᠭ ᠤᠨ ᠳᠠᠷᠤᠭ᠎ᠠ ᠶᠢᠨ ᠠᠵᠢᠯ ᠢ ᠡᠬᠦᠷᠬᠡᠯᠡᠵᠦ ᠪᠠᠶᠢᠪᠠ᠃ 1973 ᠤᠨ ᠳᠤ ᠪᠠᠷᠢᠭᠠᠳᠠ ᠶᠢᠨ ᠢᠶᠠᠨ ᠠᠷᠠᠳ ᠤᠨ ᠬᠤᠷᠠᠯ ᠢᠶᠠᠷ ᠳᠠᠮᠵᠢᠨ ᠭᠠᠴᠠᠭᠠᠨ ᠳᠠᠷᠤᠭ᠎ᠠ ᠪᠠᠷ ᠰᠤᠩᠭᠤᠭᠳᠠᠵᠦ᠂ ᠤᠳᠤᠷᠢᠳᠬᠤ ᠪᠠᠭ ᠤᠨ ᠠᠵᠢᠯ ᠢ ᠬᠢᠵᠦ ᠪᠠᠶᠢᠪᠠ᠃ ᠮᠦᠨ ᠴᠤ ᠳᠤᠰ ᠪᠠᠷᠢᠭᠠᠳᠠ ᠶᠢᠨ ᠢᠶᠠᠨ ᠡᠮᠡᠭᠳᠡᠶᠢᠴᠤᠳ ᠤᠨ ᠬᠤᠯᠪᠤᠭᠠᠨ ᠤ ᠡᠷᠬᠢᠯᠡᠭᠴᠢ ᠶᠢᠨ ᠠᠵᠢᠯ ᠢ ᠤᠯᠠᠠ ᠵᠢᠯ ᠬᠢᠵᠠᠢ᠃        1974 ᠤᠨ ᠳᠤ ᠳᠠᠮᠤᠷ ᠬᠡᠤᠬᠡᠨᠴᠤᠳ ᠤᠨ ᠳᠤᠭᠤᠢᠢᠯᠠᠩ ᠳᠤ ᠤᠷᠤᠵᠦ᠂ 1974 — 1977 ᠤᠨ ᠪᠤᠯᠳᠠᠯ᠎ᠠ ᠳᠠᠮᠤᠷ ᠬᠡᠤᠬᠡᠨᠴᠤᠳ ᠤᠨ ᠳᠤᠭᠤᠢᠢᠯᠠᠩ ᠤᠨ ᠳᠠᠷᠤᠭ᠎ᠠ ᠶᠢᠨ ᠠᠵᠢᠯ ᠢ ᠬᠠᠷᠢᠭᠤᠴᠠᠵᠦ ᠬᠢᠪᠠ᠃ ᠲᠡᠷᠡ 1980 ‍ᠭᠠᠳ ᠤᠨ ᠠᠴᠠ ᠷᠠᠳᠢᠣ᠋ ᠰᠤᠨᠤᠰᠴᠤ ᠡᠬᠢᠯᠡᠭᠰᠡᠨ ᠪᠦᠬᠡᠳ ᠨᠡᠩ ᠴᠤ ᠬᠤᠰᠢᠭᠤ᠂ ᠠᠶᠢᠮᠠᠭ᠂ ᠤᠷᠤᠨ᠂ ᠲᠦᠪ ᠤᠨ ᠷᠠᠳᠢᠣ᠋ ᠬᠤᠷᠢᠶ᠎ᠠ ᠨᠤᠭᠤᠳ ᠰᠢᠭᠤᠳ ᠨᠡᠪᠳᠡᠷᠡᠬᠦᠯᠬᠡ ᠲᠠᠢ ᠪᠤᠯᠤᠭᠰᠠᠨ ᠠᠴᠠ ᠨᠠᠭᠠᠰᠢ ᠰᠢᠭᠤᠳ ᠨᠡᠪᠳᠡᠷᠡᠬᠦᠯᠬᠡ ᠳᠤ ᠴᠠᠭ ᠢ ᠠᠯᠳᠠᠬᠤ ᠦᠬᠡᠢ ᠢᠳᠡᠪᠬᠢᠳᠡᠢ ᠤᠷᠤᠯᠴᠠᠵᠦ ᠢᠷᠠᠪᠠ᠃ ᠢᠡᠭᠬᠢᠬᠡᠳ ᠡᠯ᠎ᠠ ᠱᠠᠳᠤᠨ ᠤ ᠷᠠᠳᠢᠣ᠋ ᠬᠤᠷᠢᠶᠠᠨ ᠤ ᠱᠠᠩᠨᠠᠯ ᠬᠦᠬᠢᠬᠦᠯᠦᠯ ᠢ ᠤᠯᠠᠨᠳᠠ ᠬᠦᠷᠳᠡᠵᠦ ᠶᠠᠪᠤᠵᠠᠢ᠃ ᠵᠢᠱᠢᠶ᠎ᠠ ᠳᠤᠷᠠᠳᠪᠠᠯ᠂ ᠬᠦᠯᠦᠨ ᠪᠤᠶᠢᠷ ᠤᠨ ᠷᠠᠳᠢᠣ᠋ ᠬᠤᠷᠢᠶᠠᠨ ᠤ ᠬᠠᠤᠯᠢ ᠶᠢ ᠰᠤᠷᠴᠤ ᠰᠤᠳᠤᠯᠬᠤ᠂ ᠬᠠᠤᠯᠢ ᠶᠢᠨ ᠮᠡᠳᠡᠯᠬᠡ ᠶᠢᠨ ᠰᠡᠳᠦᠪ ᠬᠠᠷᠢᠭᠤᠯᠬᠤ ᠰᠢᠭᠤᠳ ᠨᠡᠪᠳᠡᠷᠡᠬᠦᠯᠬᠡ ᠶᠢᠨ ᠤᠷᠤᠯᠳᠤᠭᠠᠨ ᠳᠤ ᠤᠷᠤᠯᠴᠠᠭᠠᠳ ᠨᠢᠬᠡᠳᠦᠬᠡᠷ ᠨᠡᠷᠡᠰ ᠲᠤ ᠳᠤᠳᠤᠷᠠᠵᠦ᠂ ᠭᠠᠷ ᠤᠳᠠᠰᠦ ᠪᠠᠷ ᠱᠠᠩᠨᠠᠭᠳᠠᠵᠦ ᠪᠠᠶᠢᠪᠠ᠃ 2011 ᠤᠨ ᠤ 6 ᠰᠠᠷ᠎ᠠ ᠳᠤ ᠦᠪᠦᠷ ᠮᠤᠩᠭᠤᠯ ᠤᠨ ᠮᠤᠩᠭᠤᠯ ᠷᠠᠳᠢᠣ᠋ ᠨᠡᠪᠳᠡᠷᠡᠬᠦᠯᠬᠡ ᠶᠢᠨ ︽ᠳᠠᠨ ᠳᠤ ᠦᠢᠯᠡᠴᠢᠯᠡᠬᠦ ᠵᠤᠭᠤᠭ︾ ᠨᠡᠪᠳᠡᠷᠡᠬᠦᠯᠬᠡ ᠶᠢᠨ ᠰᠤᠨᠤᠰᠤᠭᠴᠢᠳ ᠲᠠᠢ ᠪᠠᠨ ᠠᠭᠤᠯᠵᠠᠬᠤ ᠬᠠᠮᠳᠤ ᠶᠢᠨ ᠠᠵᠢᠯᠯᠠᠭᠠᠨ ᠳᠤ ︽ᠤᠳᠤᠨ ᠰᠤᠨᠤᠰᠤᠭᠴᠢ︾ ᠪᠠᠷ ᠰᠤᠩᠭᠤᠭᠳᠠᠵᠦ᠂ ᠠᠩᠬ᠎ᠠ ᠤᠳᠠᠭ᠎ᠠ ᠬᠦᠬᠡᠬᠤᠳᠠ ᠳᠤ ᠤᠴᠢᠵᠦ᠂ ᠮᠤᠩᠭᠤᠯ ᠦᠰᠦᠭ ᠲᠠᠢ ᠭᠤᠶᠤ ᠰᠠᠶᠢᠠᠬᠨ ᠷᠠᠳᠢᠣ᠋ ᠪᠠᠷ ᠬᠦᠬᠢᠬᠦᠯᠦᠭᠳᠡᠵᠡᠢ᠃ 2019 ᠤᠨ ᠤ 12 ᠰᠠᠷ᠎ᠠ ᠳᠤ ᠤᠯᠤᠰ ᠪᠠᠶᠢᠭᠤᠯᠤᠭᠳᠠᠭᠰᠠᠨ 70 ᠵᠢᠯ ᠤᠨ ᠤᠢ ᠶᠢᠨ ᠪᠠᠶᠠᠷ ᠢ ᠳᠤᠷᠠᠰᠬᠠᠨ ᠪᠡᠯᠬᠡᠯᠡᠬᠦ ᠬᠦᠯᠦᠨ ᠪᠤᠶᠢᠷ ᠬᠤᠳᠠ ᠶᠢᠨ ᠬᠠᠶᠢᠯᠠᠷ ᠳᠤᠭᠤᠷᠢᠭ ᠲᠤ ᠶᠠᠪᠤᠭᠳᠠᠭᠰᠠᠨ ︽ᠨᠠᠷᠠᠨ ᠬᠡᠷᠡᠯᠳᠦ ᠡᠬᠡ ᠤᠷᠤᠨ︾ ᠠᠷᠠᠳ ᠤᠨ ᠳᠠᠭᠤᠤ ᠶᠢᠨ ᠶᠡᠭᠡ ᠤᠷᠤᠯᠳᠤᠭᠠᠨ ᠳᠤ ᠤᠨᠴᠡ ᠳᠡᠰ ᠲᠤ ᠳᠤᠳᠤᠷᠠᠵᠦ᠂ ᠦᠪᠦᠷ ᠮᠤᠩᠭᠤᠯ ᠤᠨ ᠳᠠᠭᠤᠤ ᠤᠷᠠᠯᠢᠭ ᠤᠨ ᠰᠤᠳᠤᠯᠭᠠᠨ ᠤ ᠨᠡᠶᠢᠬᠡᠮᠯᠢᠭ ᠤᠨ ᠱᠠᠩᠨᠠᠯ ᠬᠦᠬᠢᠬᠦᠯᠦᠯ ᠢ ᠬᠦᠷᠳᠡᠪᠡ᠃ ︽ᠪᠢ ᠡᠬᠡ ᠤᠯᠤᠰ ᠲᠠᠢ ᠪᠠᠨ — ᠬᠦᠯᠦᠨ ᠪᠤᠶᠢᠷ ᠤᠨ ᠮᠠᠯᠵᠢᠬᠤ ᠲᠦᠷᠪᠡᠨ ᠬᠤᠰᠢᠭᠤᠨ ᠤ ᠨᠠᠰᠤᠳᠠᠶᠢᠴᠤᠳ ᠤᠨ ᠨᠠᠨᠳᠢᠨ  ᠳᠤᠷᠠᠰᠤᠮᠵᠢ ᠨᠤᠭᠤᠳ︾᠂ ︽ᠡᠬᠦᠷᠢᠳᠡ ᠤᠯᠠᠮᠵᠢᠯᠠᠭᠳᠠᠬᠤ ᠦᠪ ᠰᠤᠶᠤᠯ︾᠂ ︽ᠦᠡᠭᠬᠡ ᠬᠡᠷᠡᠯᠳᠦ ᠳᠡᠮᠦᠷ ᠬᠡᠤᠬᠡᠨᠴᠤᠳ ᠤᠨ ᠦᠨᠢᠳᠡ ᠶᠢᠨ ᠳᠤᠷᠠᠰᠬᠠᠯ︾ ︵ᠵᠢᠷᠤᠭᠳᠤ ᠳᠡᠪᠳᠡᠷ︶ ᠬᠡᠬᠦ ᠭᠤᠷᠪᠠᠨ ᠨᠤᠮ ᠢ ᠨᠠᠶᠢᠷᠠᠭᠤᠯᠤᠨ ᠬᠡᠪᠯᠡᠬᠦᠯᠪᠡ᠃                     ᠵᠤᠬᠢᠶᠠᠭᠴᠢ᠄ ᠨᠠᠰᠤᠨᠴᠡᠴᠡᠭ
 
ᠢᠷᠡᠯᠲᠡ᠄ ᠬᠦᠯᠦᠨ ᠪᠣᠶᠢᠷ ᠬᠤᠲᠠ ᠶᠢᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号