ᠳᠡᠮᠦᠷ ᠬᠡᠤᠬᠡᠨᠴᠤᠳ — ᠨᠢᠬᠡᠯᠡ ᠴᠠᠭ ᠲᠤ ᠪᠤᠴᠠᠯᠵᠦ ᠶᠠᠪᠤᠭᠰᠠᠨ ᠬᠠᠯᠠᠭᠤᠨ ᠴᠢᠰᠦ | ᠳᠡᠮᠦᠷ ᠬᠡᠤᠬᠡᠨᠴᠤᠳ — ᠨᠢᠬᠡᠯᠡ ᠴᠠᠭ ᠲᠤ ᠬᠠᠯᠬᠢᠵᠦ ᠶᠠᠪᠤᠭᠰᠠᠨ ᠤᠮᠤᠭᠯᠠᠩ ᠵᠤᠷᠢᠭ | ᠳᠡᠮᠦᠷ ᠬᠡᠤᠬᠡᠨᠴᠤᠳ — ᠨᠢᠬᠡᠯᠡ ᠴᠠᠭ ᠲᠤ ᠴᠠᠯᠬᠢᠵᠦ ᠶᠠᠪᠤᠭᠰᠠᠨ ᠵᠠᠯᠠᠭᠤ ᠨᠠᠰᠤ | ᠳᠡᠶᠢᠮᠦ ᠡ᠃ ᠳᠡᠳᠡ ᠪᠤᠯ ᠳᠡᠬᠡᠷ᠎ᠠ ᠵᠠᠭᠤᠨ ᠤ ᠳᠠᠯᠠᠭᠠᠳ ᠤᠨ ᠤ ᠦᠶᠡᠰ ᠢᠶᠠᠷ ᠠᠯᠢᠪᠠ ᠬᠦᠴᠢᠷ ᠢ | ᠳᠠᠪᠠᠵᠦ ᠠᠵᠢᠯᠯᠠᠵᠦ ᠪᠠᠶᠢᠭᠰᠠᠨ ᠬᠦᠮᠦᠰ᠂ ᠳᠡᠳᠡ ᠪᠤᠯ ᠤᠯᠤᠰ ᠬᠡᠷ ᠤᠨ ᠢᠶᠠᠨ ᠬᠦᠭᠵᠢᠯ ᠮᠠᠨᠳᠤᠯ ᠤᠨ ᠲᠦᠯᠦᠬᠡ | ᠦᠪᠡᠷ ᠤᠨ ᠪᠡᠶ᠎ᠠ ᠪᠠᠨ ᠤᠮᠠᠷᠳᠠᠨ ᠠᠵᠢᠯᠯᠠᠵᠦ ᠶᠠᠪᠤᠭᠰᠠᠨ ᠬᠦᠮᠦᠰ ᠁ | ᠦᠨᠦᠳᠦᠷ ︽ᠴᠠᠭ ᠦᠶ᠎ᠠ ᠶᠢᠨ ᠳᠠᠮᠠᠭ᠎ᠠ︾ — ᠬᠦᠯᠦᠨ ᠪᠤᠶᠢᠷ ᠤᠨ ᠳᠡᠮᠦᠷ ᠬᠡᠤᠬᠡᠨᠴᠤᠳ ᠤᠨ ᠳᠤᠬᠠᠢ | ᠰᠢᠷᠢᠰ ᠰᠤᠷᠪᠤᠯᠵᠢᠯᠠᠭ᠎ᠠ ᠳᠠᠭᠠᠨ ᠰᠢᠨ᠎ᠠ ᠪᠠᠷᠭᠤ ᠵᠡᠬᠦᠨ ᠬᠤᠰᠢᠭᠤᠨ ᠤ ᠴᠠᠭᠠᠨ ᠪᠠᠯᠭᠠᠰᠤᠨ ᠤ ᠪᠠᠶᠠᠠᠬᠭᠤᠯᠠ | ᠭᠠᠴᠠᠭᠠᠨ ᠤ ᠤᠤᠭᠠᠯ ᠠᠪᠠᠭᠠᠴᠤᠤᠯ ᠬᠠᠯᠠ ᠶᠢᠨ ᠠᠶᠤᠰᠢ ᠶᠢᠨ ᠭᠤᠮᠪᠤ ᠪᠤᠯᠤᠨ ᠵᠢᠪᠤᠷᠢ ᠶᠢᠨ ᠤᠤᠭᠠᠨ ᠦᠬᠢᠨ | ᠪᠤᠯᠤᠨ ᠵᠠᠶᠠᠭᠠᠭᠰᠠᠨ ᠰᠠᠴᠠᠨ ᠭᠤᠸᠠᠢ ᠶᠢ ᠬᠦᠨᠳᠦᠳᠬᠡᠨ ᠤᠷᠢᠯ᠎ᠠ᠃ | | | | | | 1958 ᠤᠨ ᠤ 10 ᠰᠠᠷ᠎ᠠ ᠶᠢᠨ 15 ᠤ ᠡᠳᠦᠷ ᠠᠪᠤ ᠡᠵᠢ ᠶᠢᠨ ᠢᠶᠠᠨ ᠠᠯᠠᠭᠠᠨ ᠳᠡᠬᠡᠷᠡᠬᠢ ᠰᠤᠪᠤᠳ | ᠪᠤᠯᠤᠨ ᠵᠠᠶᠠᠭᠠᠭᠰᠠᠨ ᠰᠡᠴᠡᠨ ᠭᠤᠸᠠᠢ ᠨᠢᠬᠡ ᠠᠬ᠎ᠠ᠂ ᠭᠤᠷᠪᠠᠨ ᠳᠡᠬᠦᠦ ︵ᠨᠢᠬᠡ ᠬᠦᠦ ᠳᠡᠬᠦᠦ᠂ ᠬᠤᠶᠠᠷ ᠦᠬᠢᠨ | ᠳᠡᠬᠦᠦ︶ ᠲᠠᠢ᠃ ᠪᠠᠭ᠎ᠠ ᠠᠴᠠ ᠪᠠᠨ ᠬᠡᠷ ᠤᠨ ᠰᠤᠷᠭᠠᠯ ᠰᠠᠶᠢᠳᠠᠢ ᠦᠰᠦᠭᠰᠡᠨ ᠲᠡᠷᠡ ᠪᠠᠷ 1968 ᠤᠨ ᠳᠤ | ᠰᠤᠮᠤᠨ ᠤ ᠪᠠᠭ᠎ᠠ ᠰᠤᠷᠭᠠᠭᠤᠯᠢ ᠪᠤᠯᠤᠨ ᠭᠠᠴᠠᠭᠠᠨ ᠤ ᠪᠠᠨ ᠪᠠᠭ᠎ᠠ ᠰᠤᠷᠭᠠᠭᠤᠯᠢ ᠳᠤ ᠬᠡᠳᠦᠨ ᠵᠢᠯ ᠰᠤᠷᠤᠯᠴᠠᠵᠦ | ᠪᠠᠶᠢᠭᠰᠠᠨ ᠢᠶᠠᠨ ᠡᠯᠳᠡᠪ ᠵᠦᠢᠯ ᠤᠨ ᠰᠢᠯᠳᠠᠭᠠᠨ ᠠᠴᠠ ᠪᠤᠯᠵᠤ ᠰᠤᠷᠭᠠᠭᠤᠯᠢ ᠠᠴᠠ ᠪᠠᠨ ᠳᠤᠷᠭᠤᠨ ᠵᠤᠭᠰᠤᠭᠠᠳ᠂ | ᠭᠠᠴᠠᠭᠠᠨ ᠤ ᠪᠠᠨ ᠬᠠᠮᠳᠤ ᠨᠡᠶᠢᠳᠡ ᠶᠢᠨ ᠠᠵᠢᠯ ᠬᠦᠳᠡᠯᠮᠤᠷᠢ ᠳᠤ ᠤᠷᠤᠯᠴᠠᠵᠦ ᠡᠬᠢᠯᠡᠪᠡ᠃ ᠳᠡᠬᠡᠵᠦ ᠪᠠᠶᠢᠭᠰᠠᠨ ᠢᠶᠠᠨ | 1975 ᠤᠨ ᠤ 6 ᠰᠠᠷ᠎ᠠ ᠳᠤ ︽ᠳ᠋ᠠᠵᠠᠢ ᠠᠴᠠ ᠰᠤᠷᠤᠯᠴᠠᠬᠤ︾ ᠤᠷᠢᠶᠠᠯᠠᠭ᠎ᠠ ᠳᠤᠤᠷ᠎ᠠ ᠪᠠᠶ᠋ᠬᠠᠠᠭᠤᠯᠠ ᠭᠠᠴᠠᠭᠠᠨ ᠤ | ᠳᠡᠮᠦᠷ ᠬᠡᠤᠬᠡᠨᠴᠤᠳ ᠤᠨ ᠭᠠᠪᠰᠢᠭᠠᠢ ᠳᠤᠭᠤᠢᠢᠯᠠᠩ ᠪᠠᠶᠢᠭᠤᠯᠤᠭᠳᠠᠵᠦ᠂ ᠰᠡᠴᠡᠨ ᠭᠤᠸᠠᠢ ᠳᠡᠷᠡ ᠭᠠᠪᠰᠢᠭᠠᠢ | ᠳᠤᠭᠤᠢᠢᠯᠠᠩ ᠤᠨ ᠳᠠᠷᠤᠭ᠎ᠠ ᠪᠠᠷ ᠳᠤᠮᠢᠯᠠᠭᠳᠠᠵᠦ᠂ ᠬᠠᠮᠤᠭ ᠶᠡᠭᠡ ᠨᠢ 19 ᠨᠠᠰᠤᠳᠠᠢ᠂ ᠬᠠᠮᠤᠭ ᠪᠠᠭ᠎ᠠ ᠨᠢ 14 | ᠨᠠᠰᠤᠳᠠᠢ ᠠᠷᠪᠠᠨ ᠬᠦᠮᠦᠨ ᠨᠢᠬᠡ ᠮᠤᠩᠭᠤᠯ ᠬᠡᠷ ᠢᠶᠠᠷ ᠪᠠᠭᠤᠵᠦ᠂ ᠡᠪᠤᠯ ᠬᠠᠪᠤᠷ ᠤᠨ ᠰᠠᠭᠤᠷᠢᠨ ᠤ ᠪᠡᠯᠡᠳᠬᠡᠯ ᠠᠵᠢᠯ | ᠂ ᠪᠤᠷᠭᠠᠰᠤ ᠬᠠᠳᠤᠬᠤ᠂ ᠬᠠᠪᠤᠷ ᠤᠨ ᠲᠦᠯ ᠳᠤᠰᠬᠤ᠂ ᠡᠪᠤᠯ ᠤᠨ ᠰᠠᠭᠤᠷᠢᠨ ᠤ ᠶᠠᠨᠳᠠᠩ ᠳᠤᠷᠤᠢ ᠮᠠᠯ ᠢ ᠳᠡᠵᠢᠬᠡᠬᠦ᠂ | ᠮᠠᠯ ᠳᠤ ᠭᠠᠷ ᠬᠡᠬᠡᠯᠳᠦᠬᠦᠯᠬᠡ ᠬᠢᠬᠦ᠂ ᠨᠠᠮᠤᠷ ᠤᠨ ᠬᠠᠳᠤᠯᠠᠩ᠂ ᠢᠰᠡᠬᠡᠢ ᠬᠢᠬᠦ᠂ ᠮᠠᠯ ᠤᠬᠢᠶᠠᠬᠤ᠂ ᠮᠠᠯ ᠳᠤ ᠳᠠᠷᠢᠯᠭ᠎ᠠ | ᠬᠢᠬᠦ᠂ ᠬᠤᠯᠤᠭᠠᠨ᠎ᠠ ᠠᠯᠠᠬᠤ᠂ ᠪᠦᠳᠦᠬᠡᠨ ᠪᠠᠶᠢᠭᠤᠯᠤᠯᠳᠠ ᠶᠢᠨ ᠠᠵᠢᠯ ᠢᠶᠠᠷ ᠠᠭᠤᠯᠠᠨ ᠳᠤ ᠭᠠᠷᠴᠤ ᠴᠢᠯᠠᠭᠤ | ᠬᠠᠭᠠᠯᠵᠦ ᠭᠠᠷᠭᠠᠬᠤ᠂ ᠴᠢᠯᠠᠭᠤᠨ ᠬᠡᠷᠡᠮ ᠪᠠᠷᠢᠬᠤ᠂ ᠴᠢᠯᠠᠭᠤᠨ ᠰᠠᠭᠤᠷᠢ ᠲᠠᠢ ᠪᠠᠶᠢᠰᠢᠩ ᠪᠠᠷᠢᠬᠤ᠂ ᠳᠤᠭᠤᠰᠬ᠎ᠠ | ᠬᠡᠪᠯᠡᠬᠦ᠂ ᠡᠪᠡᠰᠦᠨ ᠬᠦᠷᠢᠶ᠎ᠠ ᠮᠠᠯᠳᠠᠬᠤ᠂ ᠰᠢᠪᠠᠷ ᠬᠡᠷᠡᠮ ᠪᠠᠷᠢᠬᠤ᠂ ᠬᠤᠨᠢᠨ ᠤ ᠨᠤᠤᠰᠤ ᠬᠠᠶᠢᠴᠢᠯᠠᠬᠤ ᠵᠡᠷᠬᠡ ᠁ | ᠠᠵᠢᠯ ᠳᠤ ᠭᠠᠪᠰᠢᠭᠠᠢᠢᠯᠠᠵᠦ ᠡᠬᠢᠯᠡᠪᠡ᠃ | ᠳᠡᠳᠡ ᠡᠳᠦᠷ ᠨᠢ ᠠᠵᠢᠯᠯᠠᠵᠦ᠂ ᠤᠷᠤᠢ ᠨᠢ ᠨᠠᠮ ᠤᠨ ᠴᠢᠭᠯᠡᠯᠳᠠ ᠱᠤᠭᠤᠮ ᠶᠤᠰᠤᠭᠠᠷ ᠰᠤᠷᠤᠯᠴᠠᠯᠭ᠎ᠠ | ᠡᠷᠬᠢᠯᠡᠵᠦ ᠮᠠᠤ ᠳᠡᠷᠢᠬᠦᠯᠡᠭᠴᠢ ᠶᠢᠨ ᠰᠤᠷᠭᠠᠯ ᠢ ᠰᠤᠷᠤᠯᠴᠠᠵᠦ ᠪᠠᠶᠢᠭᠰᠠᠨ ᠪᠦᠬᠡᠳ ᠤᠳᠬ᠎ᠠ ᠤᠷᠠᠯᠢᠭ ᠤᠨ ᠳᠠᠯ᠎ᠠ ᠪᠠᠷ | ᠪᠠᠰᠠ ᠳᠠᠭᠤᠤ ᠪᠦᠵᠢᠭ ᠰᠤᠷᠴᠤ᠂ ᠡᠷᠦᠬᠡ ᠶᠢᠨ ᠴᠡᠷᠢᠭ ᠤᠨ ᠮᠤᠷᠢᠳᠦ ᠪᠤᠯᠪᠠᠰᠤᠷᠠᠯ᠂ ᠶᠠᠪᠠᠭᠠᠨ ᠪᠤᠯᠪᠠᠰᠤᠷᠠᠯ ᠬᠢᠬᠦ | ᠵᠡᠷᠬᠡ ᠪᠠᠷ ᠪᠤᠯᠪᠠᠰᠤᠷᠠᠳᠠᠭ ᠪᠠᠶᠢᠯ᠎ᠠ᠃ | — ᠮᠠᠨ ᠤ ᠳᠤᠭᠤᠢᠢᠯᠠᠩ 10 ᠬᠦᠮᠦᠨ ᠲᠠᠢ᠂ ᠪᠢ ᠳᠤᠭᠤᠢᠢᠯᠠᠩ ᠤᠨ ᠳᠠᠷᠤᠭ᠎ᠠ᠂ ᠳᠤᠤᠷ᠎ᠡ ᠪᠠᠨ ᠨᠢᠬᠡ | ᠳᠡᠳ᠋ ᠳᠤᠭᠤᠢᠢᠯᠠᠩ ᠤᠨ ᠳᠠᠷᠤᠭ᠎ᠠ ᠲᠠᠢ᠃ ᠲᠡᠷᠡ ᠠᠮᠢᠳᠤᠷᠠᠯ ᠢ ᠬᠠᠮᠢᠶᠠᠷᠴᠤ᠂ ᠪᠢ ᠪᠦᠬᠦ ᠳᠠᠯ᠎ᠠ ᠶᠢ ᠬᠠᠷᠢᠭᠤᠴᠠᠳᠠᠭ | ᠪᠠᠶᠢᠯ᠎ᠠ᠃ ᠪᠢᠳᠡ ᠪᠠᠷᠢᠭᠠᠳᠠ ᠶᠢᠨ ᠢᠶᠠᠨ ᠡᠯ᠎ᠠ ᠬᠡᠴᠡᠬᠦᠦ ᠠᠵᠢᠯ ᠤᠨ ᠲᠦᠷᠦᠬᠦᠨ ᠳᠤᠨᠢ ᠶᠠᠪᠤᠨ᠎ᠠ᠃ ᠡᠳᠦᠷ ᠨᠢ | ᠠᠵᠢᠯᠯᠠᠵᠦ᠂ ᠤᠷᠤᠢ ᠨᠢ ᠶᠠᠷᠢᠯᠴᠠᠵᠦ᠂ ᠰᠠᠶᠢᠨ ᠵᠦᠢᠯ ᠢᠶᠠᠨ ᠬᠠᠷᠢᠯᠴᠠᠨ ᠰᠤᠷᠤᠯᠴᠠᠵᠦ᠂ ᠪᠤᠯᠬᠤ ᠦᠬᠡᠢ | ᠵᠦᠢᠯ ᠢᠶᠠᠨ ᠲᠠᠶᠠᠭᠳᠠᠵᠦ᠂ ᠪᠠᠰᠠ ᠳᠠᠭᠤᠤ ᠪᠦᠵᠢᠭ ᠤᠨ ᠳᠤᠭᠯᠠᠯᠳᠠ ᠭᠠᠷᠭᠠᠵᠦ᠂ ᠤᠯᠠᠨ ᠲᠦᠮᠡᠨ ᠳᠤ ᠤᠬᠠᠭᠤᠯᠭ᠎ᠠ | ᠬᠢᠳᠡᠭ ᠪᠠᠶᠢᠯ᠎ᠠ᠃ ᠶᠠᠭᠤ ᠶᠠᠭᠤᠨ ᠠᠴᠠ ᠬᠤᠴᠤᠷᠬᠤ ᠦᠬᠡᠢ ᠬᠡᠮᠡᠨ ᠶᠠᠪᠤᠵᠦ ᠪᠠᠶᠢᠭᠰᠠᠨ ᠨᠡᠰᠦ ᠡ᠃ ᠪᠢ ᠳᠡᠬᠡᠬᠦ ᠳᠤ | 16 ᠨᠠᠰᠤᠳᠠᠢ ᠪᠠᠶᠢᠭᠰᠠᠨ᠃ ᠠᠷᠪᠠᠨ ᠬᠦᠮᠦᠨ ᠨᠢᠬᠡ ᠮᠤᠩᠭᠤᠯ ᠬᠡᠷ ᠢᠶᠠᠷ ᠠᠰᠳᠠᠭᠠᠨ ᠶᠠᠪᠤᠨ᠎ᠠ᠃ ᠪᠠᠷᠢᠭᠠᠳᠠ ᠶᠢᠨ | ᠶᠡᠭᠡ ᠮᠤᠷᠢᠨ ᠳᠡᠷᠬᠡ ᠬᠡᠵᠦ ᠲᠦᠷᠪᠡᠨ ᠮᠤᠷᠢ ᠬᠦᠯᠯᠡᠭᠰᠡᠨ ᠲᠡᠷᠬᠡ ᠪᠠᠷ ᠪᠢᠳᠠᠨ ᠢ ᠨᠢᠬᠡ ᠭᠠᠵᠠᠷ ᠠᠪᠠᠴᠢᠴᠢᠬᠠᠪᠠᠯ | ᠪᠢᠳᠡ ᠳᠡᠨᠳᠡ ᠪᠠᠨ ᠠᠵᠢᠯ ᠢᠶᠠᠨ ᠬᠢᠬᠡᠳ ᠪᠠᠶᠢᠭᠠᠳ ᠪᠠᠶᠢᠳᠠᠭ᠃ ᠨᠠᠭᠠᠰᠢ ᠴᠠᠭᠠᠰᠢ ᠤᠴᠢᠷ ᠲᠠᠢ ᠪᠤᠯ ᠶᠠᠪᠠᠭᠠᠨ | ᠶᠠᠪᠤᠵᠦ ᠪᠦᠳᠦᠬᠡᠳᠡᠭ ᠪᠠᠶᠢᠯ᠎ᠠ᠃ ᠪᠢᠳᠡ ᠴᠢᠨᠢ ᠳᠡᠬᠡᠬᠦ ᠳᠤ ᠠᠮᠤ ᠪᠤᠳᠠᠭᠠᠨ ᠤ ᠳᠡᠪᠳᠡᠷ ᠲᠠᠢ᠂ ᠠᠵᠢᠯ ᠢᠶᠠᠨ ᠪᠦᠷ | ᠬᠤᠪᠢ ᠪᠠᠷ ᠪᠤᠳᠤᠳᠠᠭ ᠪᠠᠶᠢᠭᠰᠠᠨ ᠦᠶ᠎ᠠ᠃ | — ᠲᠡᠷᠡ ᠦᠶ᠎ᠠ ᠠᠴᠠ ᠪᠢᠳᠡ ᠠᠮᠢᠳᠤᠷᠠᠯ ᠢᠶᠠᠨ ᠦᠪᠡᠷ ᠢᠶᠠᠨ ᠠᠪᠴᠤ ᠶᠠᠪᠤᠵᠦ ᠡᠬᠢᠯᠡᠭᠰᠡᠨ᠃ | ᠬᠠᠮᠤᠭ ᠤᠨ ᠨᠠᠭᠠᠳᠤ ᠳᠠᠯ᠎ᠠ ᠠᠴᠠ ᠶᠠᠷᠢᠬᠤ ᠳᠤ᠂ ᠮᠠᠨᠠᠶᠢᠬᠢᠨ ᠳᠡᠮᠡᠬᠡᠨ ᠤ ᠮᠢᠬ᠎ᠠ ᠬᠤᠵᠢᠷ ᠲᠠᠢ ᠬᠡᠮᠡᠨ ᠡᠪᠤᠯ ᠢᠳᠡᠳᠡᠭ | ᠃ ᠬᠡᠪᠡᠴᠤ ᠪᠢᠳᠡ ᠬᠡᠤᠬᠡᠳ ᠤᠳ ᠪᠤᠯᠬᠤᠷ ᠬᠠᠮᠢᠶᠠᠷᠳᠠᠭ ᠦᠬᠡᠢ᠂ ᠬᠠᠪᠤᠷ ᠤᠨ ᠡᠷᠢᠨ ᠳᠤ ᠳᠡᠮᠡᠬᠡᠨ ᠮᠢᠬ᠎ᠠ ᠢᠳᠡᠳᠡᠭ | ᠪᠠᠶᠢᠭᠰᠠᠨ᠃ ᠬᠠᠷᠢᠨ ᠵᠢᠭᠠᠬᠠᠨ ᠳᠡᠮᠡᠬᠡᠨ ᠮᠢᠬ᠎ᠠ ᠪᠠᠨ ᠬᠢᠬᠦ ᠭᠠᠵᠠᠷ ᠦᠬᠡᠢ᠂ ᠭᠠᠳᠠᠨ᠎ᠠ ᠰᠠᠪᠠᠨ ᠳᠤ ᠬᠢᠵᠦ ᠳᠠᠯᠪᠢᠨ᠎ᠠ | ᠃ ᠲᠡᠷᠡ ᠨᠢ ᠰᠠᠯᠬᠢᠨ ᠳᠤ ᠴᠤᠬᠢᠭᠳᠠᠵᠦ ᠬᠡᠶᠢᠰᠦᠬᠡᠳ ᠬᠦᠬᠡᠷᠡᠴᠢᠬᠡᠭᠰᠡᠨ ᠪᠠᠶᠢᠳᠠᠭ ᠴᠤ ᠢᠳᠡᠬᠡᠳ ᠯᠡ ᠪᠠᠶᠢᠳᠠᠭ᠃ | ᠮᠢᠬ᠎ᠠ ᠪᠤᠯᠬᠤᠷ ᠰᠢᠮᠡᠯᠢᠭ ᠯᠡ ᠪᠠᠶᠢᠭᠰᠠᠨ᠃ ᠮᠠᠨ ᠤ ᠠᠵᠢᠯ ᠬᠢᠵᠦ ᠪᠠᠶᠢᠭᠰᠠᠨ ᠭᠠᠵᠠᠷ ᠪᠢᠳᠡᠨᠠᠷ ᠤᠨ ᠬᠡᠷ ᠠᠴᠠ ᠪᠦᠷ | ᠬᠤᠯᠠ ᠪᠤᠯᠬᠤᠷ ᠡᠪᠤᠯ ᠬᠤᠨᠢ ᠭᠠᠷᠭᠠᠬᠤ ᠬᠦᠮᠦᠨ ᠪᠠᠰᠠ ᠦᠬᠡᠢ᠃ ᠳᠡᠬᠡᠬᠡᠳ ᠶᠡᠭᠡ ᠬᠡᠳᠦ ᠨᠢ ᠬᠤᠨᠢ ᠪᠠᠨ ᠠᠯᠠᠵᠦ᠂ | ᠪᠠᠭᠠᠴᠤᠤᠯ ᠬᠡᠳᠦ ᠨᠢ ᠬᠡᠳᠡᠰᠦ ᠳᠤᠳᠤᠷ ᠠᠷᠴᠢᠵᠦ ᠳᠤᠳᠤᠮᠳᠠᠳᠠᠭ ᠪᠠᠶᠢᠯ᠎ᠠ᠃ ᠡᠪᠤᠯ ᠭᠠᠷᠭᠠᠭᠰᠠᠨ ᠬᠡᠳᠦᠨ | ᠬᠤᠨᠢ ᠪᠠᠨ ᠡᠷᠳᠡ ᠢᠳᠡᠬᠡᠳ ᠪᠠᠷᠠᠴᠢᠬᠠᠭᠰᠠᠨ ᠯᠡ ᠪᠠᠶᠢᠳᠠᠭ ᠪᠠᠶᠢᠵᠦ᠂ ᠬᠠᠪᠤᠷ ᠲᠠᠭᠠᠨ ᠳᠡᠬᠡᠬᠡᠳ ᠳᠡᠮᠡᠬᠡᠨ ᠤ ᠮᠢᠬ᠎ᠠ | ᠢᠳᠡᠳᠡᠭ ᠡ ᠬᠡᠵᠦ ᠨᠠᠮᠤᠭᠤᠬᠠᠨ ᠲᠦᠯᠬᠡᠨ ᠶᠠᠷᠢᠬᠤ ᠨᠢ ᠠᠮᠢᠳᠤᠷᠠᠯ ᠦᠵᠡᠭᠰᠡᠨ ᠬᠦᠮᠦᠨ ᠠᠷᠭ᠎ᠠ ᠦᠬᠡᠢ ᠮᠦᠨ | ᠪᠠᠶᠢᠯ᠎ᠠ᠃ | — ᠬᠠᠶᠢᠯᠠᠷ ᠭᠤᠤᠯ ᠤᠨ ᠬᠦᠪᠡᠬᠡᠨ ᠳᠤ ᠪᠠᠭ᠎ᠠ ᠠᠭᠤᠯᠠ᠂ ᠬᠦᠯᠦᠨ ᠳᠠᠯᠠᠢ ᠠᠴᠠ ᠨᠠᠭᠠᠰᠢ ᠰᠢᠨ᠎ᠠ | ᠳᠠᠯᠠᠢ ︵ᠤᠳᠤ ᠰᠢᠷᠬᠢᠭᠰᠡᠨ︶ ᠬᠡᠵᠦ ᠪᠠᠶᠢᠳᠠᠭ᠃ ᠪᠢᠳᠡ ᠪᠠᠭ᠎ᠠ ᠠᠭᠤᠯᠠ ᠶᠢᠨ ᠡᠩᠬᠡᠷ ᠲᠤ ᠭᠠᠷᠴᠤ ᠴᠢᠯᠠᠭᠤ | ᠭᠠᠷᠭᠠᠳᠠᠭ ᠪᠠᠶᠢᠭᠰᠠᠨ ᠪᠦᠬᠡᠳ ᠰᠢᠨ᠎ᠠ ᠳᠠᠯᠠᠢ ᠶᠢᠨ ᠤᠢᠢᠷᠠᠯᠴᠠᠭᠠᠬᠢ ᠦᠵᠦᠬᠦᠷ ᠬᠠᠳᠠ ᠶᠢᠨ ᠡᠩᠬᠡᠷ ᠲᠤ ᠴᠤ | ᠴᠢᠯᠠᠭᠤ ᠭᠠᠷᠭᠠᠳᠠᠭ ᠪᠠᠶᠢᠯ᠎ᠠ᠃ ᠪᠠᠷᠢᠭᠠᠳᠠ ᠠᠴᠠ ᠴᠢᠯᠠᠭᠤ ᠶᠢ ᠵᠦᠬᠡᠬᠡᠵᠦ ᠦᠭᠳᠡᠭ᠃ ᠵᠤᠨ ᠨᠢ ᠪᠢᠳᠡ ᠲᠡᠷᠡ | ᠴᠢᠯᠠᠭᠤ ᠪᠠᠷ ᠢᠶᠠᠨ ᠴᠢᠯᠠᠭᠤᠨ ᠬᠡᠷᠡᠮ᠂ ᠬᠠᠰᠢᠶ᠎ᠠ ᠶᠢ ᠮᠡᠷᠬᠡᠵᠢᠯ ᠤᠨ ᠬᠦᠮᠦᠨ ᠪᠠᠶᠢᠬᠤ ᠦᠬᠡᠢ ᠪᠠᠶᠢᠳᠠᠯ ᠳᠤᠤᠷ᠎ᠠ | ᠦᠪᠡᠷᠰᠡᠳ ᠢᠶᠠᠨ ᠪᠠᠷᠢᠳᠠᠭ ᠪᠠᠶᠢᠭᠰᠠᠨ᠃ ᠬᠠᠷᠢᠨ ᠠᠭᠤᠯᠠ ᠳᠠᠯᠪᠠᠯᠠᠵᠦ ᠴᠢᠯᠠᠭᠤ ᠭᠠᠷᠭᠠᠬᠤ ᠳᠤ ᠪᠢ ᠦᠪᠡᠷ ᠢᠶᠠᠨ | ᠳᠠᠷᠤᠭ᠎ᠠ ᠬᠦᠮᠦᠨ ᠴᠢᠨᠢ ᠳᠤᠯᠤᠭᠠᠢᠢᠯᠠᠵᠦ ᠬᠢᠨ᠎ᠠ᠃ ᠲᠡᠷᠡ ᠦᠶ᠎ᠠ ᠳᠤ ᠳᠡᠯᠪᠡᠷᠡᠳᠡᠭ ᠳᠠᠷᠢ ᠪᠠᠨ ᠠᠰᠠᠭᠠᠭᠠᠳ | ᠬᠤᠷᠳᠤᠨ ᠬᠦᠶᠦᠬᠦ ᠬᠡᠷᠡᠭᠳᠡᠢ᠂ ᠦᠬᠡᠢ ᠪᠤᠯ ᠬᠠᠮᠳᠤ ᠳᠡᠯᠪᠡᠷᠡᠬᠦ ᠠᠶᠤᠯ ᠲᠠᠢ᠂ ᠵᠠᠷᠢᠮ ᠳᠠᠭᠠᠨ ᠠᠶᠤᠭᠠᠳ ᠠᠰᠠᠭᠠᠵᠦ | ᠴᠢᠳᠠᠬᠤ ᠦᠬᠡᠢ ᠶᠡᠭᠡ ᠤᠳᠠᠳᠠᠭ ᠪᠠᠶᠢᠭᠰᠠᠨ ᠴᠤ ᠠᠰᠠᠭᠠᠬᠤ ᠪᠠᠷ ᠢᠶᠠᠨ ᠠᠰᠠᠭᠠᠨ᠎ᠠ᠃ ᠳᠡᠬᠡᠬᠡᠳ ᠪᠤᠴᠠᠵᠦ ᠬᠦᠶᠦᠵᠦ | ᠶᠠᠪᠤᠬᠤ ᠳᠤ ᠦᠨᠦᠬᠢ ᠨᠢ ᠳᠡᠯᠪᠡᠷᠡᠵᠦ ᠠᠳᠡ ᠳᠡᠨᠳᠡ ᠦᠬᠡᠢ᠂ ᠳᠤᠯᠤᠭᠠᠢ ᠲᠦᠷᠦᠬᠦᠨ ᠳᠡᠬᠡᠬᠦᠷ ᠴᠢᠯᠠᠭᠤ ᠨᠢᠰᠴᠤ | ᠪᠠᠶᠢᠳᠠᠭ ᠪᠠᠶᠢᠭᠰᠠᠨ᠃ ᠤᠳᠤ ᠪᠤᠳᠤᠬᠤ ᠳᠤ ᠳᠤᠯᠤᠭᠠᠢ ᠲᠦᠷᠦᠬᠦᠦ ᠪᠠᠨ ᠬᠠᠭᠠᠯᠴᠢᠬᠠᠳᠠᠭ ᠦᠬᠡᠢ ᠯᠡ ᠪᠠᠶᠢᠵᠦ ᠳ᠋ᠠ᠃ | ᠬᠡᠰᠡᠨ ᠴᠤ ᠮᠠᠨ ᠤ ᠳᠤᠳᠤᠷ᠎ᠠ ᠳᠤᠯᠤᠭᠠᠢ ᠪᠠᠨ ᠬᠠᠭᠠᠯᠤᠭᠰᠠᠨ ᠬᠦᠮᠦᠨ ᠪᠠᠶᠢᠭ᠎ᠠ ᠦᠬᠡᠢ ᠨᠢ ᠠᠵᠠ ᠶᠤᠮ᠃ | | | | | — ᠡᠪᠤᠯ ᠤᠨ ᠡᠷᠢᠨ ᠳᠤ ᠪᠠᠭ᠎ᠠ ᠠᠭᠤᠯᠠ ᠶᠢᠨ ᠡᠩᠬᠡᠷ ᠠᠴᠠ ᠴᠢᠯᠠᠭᠤ ᠭᠠᠷᠭᠠᠳᠠᠭ ᠪᠠᠶᠢᠭᠰᠠᠨ᠃ ᠪᠢ | ᠨᠢᠬᠡ ᠤᠷᠪᠠᠭᠠᠷ ᠤᠯᠠᠭᠠᠨ ᠳ᠋ᠠᠩ ᠱᠠᠬᠠᠢ ᠲᠠᠢ᠃ ᠭᠠᠴᠠᠭᠠᠨ ᠠᠴᠠ ᠨᠢᠬᠡ ᠬᠦᠮᠦᠨ ᠤ ᠨᠢᠬᠡ ᠢᠰᠡᠬᠡᠢ ᠭᠤᠳᠤᠯ | ᠦᠭᠳᠡᠭ ᠪᠠᠶᠢᠭᠰᠠᠨ᠂ ᠲᠡᠷᠡ ᠨᠢ ᠠᠭᠤᠯᠠᠨ ᠳᠡᠬᠡᠷ᠎ᠡ ᠬᠡᠳᠦᠨ ᠡᠳᠦᠷ ᠢ ᠳᠠᠭᠠᠭᠠᠬᠤ ᠦᠬᠡᠢ ᠴᠤᠭᠤᠷᠤᠨᠠ᠃ ᠳᠡᠬᠡᠬᠡᠳ | ᠯᠡ ᠦᠨᠦᠬᠢ ᠤᠷᠪᠠᠭᠠᠷ ᠤᠯᠠᠭᠠᠨ ᠢᠶᠠᠨ ᠡᠮᠦᠰᠦᠨ᠎ᠠ᠃ ᠳ᠋ᠠᠩ ᠶᠤᠮ ᠰᠢᠦ᠂ ᠬᠦᠪᠤᠩᠳᠡᠢ ᠱᠠᠬᠠᠢ ᠠᠪᠬᠤ ᠨᠦᠬᠦᠴᠡᠯ | ᠪᠤᠯᠤᠮᠵᠢ ᠪᠠᠶᠢᠭ᠎ᠠ ᠦᠬᠡᠢ ᠯᠡ ᠪᠠᠶᠢᠵᠦ ᠳ᠋ᠡ᠂ ᠡᠪᠤᠯ ᠤᠨ ᠦᠷᠯᠦᠬᠡ ᠶᠢᠨ ᠵᠢᠷᠭᠤᠭᠠᠨ ᠴᠠᠭ ᠢᠶᠠᠷ ᠳ᠋ᠠᠩ ᠱᠠᠬᠠᠢ ᠲᠠᠢ | ᠬᠡᠤᠬᠡᠨᠴᠤᠳ ᠴᠠᠷᠢᠯ ᠪᠠᠷᠢᠵᠦ ᠴᠢᠯᠠᠭᠤ ᠬᠦᠨᠵᠢᠬᠦ ᠪᠠᠷ ᠠᠭᠤᠯᠠᠨ ᠳᠤ ᠶᠠᠪᠤᠨ᠎ᠠ᠃ ᠳᠠᠮᠤᠷ ᠴᠠᠷᠢᠯ ᠭᠠᠷ ᠬᠠᠭᠠᠷᠢᠵᠦ᠂ | ᠳ᠋ᠠᠩ ᠱᠠᠬᠠᠢ ᠨᠡᠪᠳᠡ ᠬᠦᠷᠦᠵᠦ᠂ ᠬᠦᠯ ᠴᠢᠮᠦᠬᠡᠨ ᠳᠡᠭᠡᠨ ᠤᠷᠤᠳᠠᠯ᠎ᠠ ᠶᠠᠩᠬᠢᠨᠠᠨ ᠳᠠᠭᠠᠷᠠᠳᠠᠭ ᠪᠠᠶᠢᠯ᠎ᠠ᠃ ᠳᠡᠬᠡᠬᠡᠳ | ᠪᠠᠰᠠ ᠴᠢᠯᠠᠭᠤ ᠡᠬᠦᠷᠦᠨᠠ᠃ ᠳᠡᠬᠡᠬᠦ ᠳᠤ ᠯᠡ ᠭᠠᠷ ᠤᠨ ᠠᠯᠠᠭ᠎ᠠ ᠬᠦᠷᠦᠰᠦ ᠦᠬᠡᠢ ᠪᠤᠯᠵᠤ᠂ ᠶᠠᠭᠤᠮ᠎ᠠ ᠪᠠᠷᠢᠵᠦ | ᠴᠢᠳᠠᠬᠤ ᠦᠬᠡᠢ ᠪᠤᠯᠴᠢᠬᠠᠨ᠎ᠠ᠃ ᠬᠡᠪᠡᠴᠦ ᠰᠡᠬᠦᠯᠡᠷ ᠨᠢ ᠭᠠᠷ ᠤᠨ ᠠᠯᠠᠭ᠎ᠠ ᠡᠪᠡᠷᠰᠢᠵᠦ ᠬᠠᠮᠢᠶ᠎ᠠ ᠦᠬᠡᠢ ᠪᠤᠯᠤᠭᠰᠠᠨ᠃ | ᠤᠷᠤᠢ ᠳᠠᠭᠠᠨ ᠳ᠋ᠠᠩ ᠪᠦᠷᠢᠶᠠᠰᠤ ᠲᠠᠢ ᠮᠤᠩᠭᠤᠯ ᠬᠡᠷ ᠲᠡᠭᠡᠨ ᠬᠤᠶᠠᠷ ᠬᠤᠶᠠᠷ ᠢᠶᠠᠷ ᠢᠶᠠᠨ ᠬᠡᠪᠳᠡᠵᠦ ᠳᠤᠯᠠᠭᠠᠴᠠᠨ᠎ᠠ | ᠬᠡᠬᠦ ᠨᠢ ᠤᠳᠤ ᠶᠢᠨ ᠪᠢᠳᠠᠨ ᠳᠤ ᠦᠯᠦ ᠤᠢᠢᠯᠠᠭᠠᠭᠳᠠᠬᠤ ᠵᠦᠢᠯ ᠮᠡᠳᠦ ᠰᠠᠨᠠᠭᠳᠠᠨ᠎ᠠ᠃ ᠤᠰᠤᠨ ᠴᠦᠪᠦᠷᠢᠬᠦᠦ ᠰᠢᠭ | ᠴᠡᠮᠴᠡᠬᠡᠷ ᠰᠠᠶᠢᠠᠬᠨ ᠦᠬᠢᠳ ᠡᠬᠡ ᠤᠷᠤᠨ ᠤ ᠪᠠᠨ ᠬᠦᠭᠵᠢᠯ ᠴᠡᠴᠡᠭᠯᠡᠯ᠂ ᠪᠠᠳᠠᠷᠠᠯ ᠮᠠᠨᠳᠤᠯᠳᠠ ᠶᠢᠨ ᠵᠠᠮ ᠳᠤ | ᠦᠪᠡᠷ ᠤᠨ ᠵᠠᠯᠠᠭᠤ ᠪᠠᠭ᠎ᠠ ᠨᠠᠰᠤ ᠪᠠᠨ ᠬᠠᠷᠠᠮ ᠦᠬᠡᠢ ᠵᠤᠷᠢᠭᠤᠯᠵᠤ ᠶᠠᠪᠤᠭᠰᠠᠨ ᠨᠢ ᠬᠦᠨᠳᠦᠳᠬᠡᠯᠳᠡᠢ᠃ ᠰᠡᠴᠡᠨ | ᠭᠤᠸᠠᠢ ᠬᠡᠳᠦ᠋ᠢᠪᠡᠷ ᠨᠠᠰᠤ ᠪᠠᠭ᠎ᠠ ᠴᠤ ᠵᠤᠬᠢᠴᠠᠭᠤᠯᠬᠤ᠂ ᠳᠠᠶᠢᠴᠢᠯᠠᠬᠤ ᠴᠢᠳᠠᠪᠤᠷᠢ ᠰᠠᠶᠢᠳᠠᠢ ᠳᠤᠯᠠ ᠨᠦᠬᠦᠳ ᠢᠶᠠᠨ | ᠤᠳᠤᠷᠢᠳᠴᠤ ᠶᠠᠪᠤᠵᠠᠢ᠃ ᠳᠡᠳᠡᠨ ᠤ ᠳᠤᠭᠤᠢᠢᠯᠠᠩ ᠤᠨ ᠬᠢᠨ ᠪᠢᠴᠢᠭ ᠰᠤᠶᠤᠯ ᠳᠠᠭᠠᠨ ᠪᠠᠷᠤᠭᠳᠠᠢ ᠪᠠᠶᠢᠭᠰᠠᠨ ᠳᠤᠯᠠ | ᠰᠡᠬᠦᠯᠡᠷ ᠨᠢ ᠬᠤᠶᠠᠷ ᠰᠡᠬᠡᠬᠡᠳᠡᠨ ᠨᠦᠬᠦᠨ ᠢᠷᠡᠵᠦ᠂ ᠤᠷᠠᠨᠴᠢᠮᠡᠭ ᠬᠡᠰᠡᠨ ᠨᠡᠷ᠎ᠡ ᠲᠠᠢ ᠰᠡᠬᠡᠬᠡᠳᠡᠨ ᠨᠢ ᠬᠠᠨ᠎ᠠ ᠶᠢᠨ | ᠰᠤᠨᠢᠨ ᠬᠢᠬᠦ᠂ ᠪᠢᠴᠢᠵᠦ ᠮᠡᠳᠡᠬᠦᠯᠬᠦ ᠠᠵᠢᠯ ᠢ ᠬᠢᠵᠦ᠂ ᠬᠠᠰᠳᠠᠨ᠎ᠠ ᠬᠡᠰᠡᠨ ᠨᠡᠷ᠎ᠡ ᠲᠠᠢ ᠰᠡᠬᠡᠬᠡᠳᠡᠨ ᠨᠢ ᠳᠠᠭᠤᠤ | ᠪᠦᠵᠢᠭ ᠵᠢᠭᠠᠳᠠᠭ ᠪᠠᠶᠢᠵᠠᠢ᠃ ᠳᠡᠳᠡ ᠡᠳᠦᠷ ᠨᠢ ᠶᠠᠳᠠᠷᠠᠳᠠᠯ᠎ᠠ ᠪᠠᠨ ᠠᠵᠢᠯᠯᠠᠭᠠᠳ ᠤᠷᠤᠢ ᠨᠢ ᠰᠤᠷᠤᠯᠴᠠᠵᠦ᠂ ᠪᠠᠰᠠ | ᠤᠳᠬ᠎ᠠ ᠤᠷᠠᠯᠢᠭ ᠤᠷᠤᠯᠳᠤᠬᠤ ᠪᠠᠨ ᠵᠤᠭᠰᠤᠭ᠎ᠠ ᠦᠬᠡᠢ ᠨᠢ ᠵᠠᠯᠠᠭᠤ ᠽᠠᠨᠳᠠᠨ ᠨᠠᠰᠤ ᠬᠡᠭᠴᠢ ᠶᠠᠳᠠᠷᠠᠰᠢ ᠦᠬᠡᠢ | ᠰᠠᠶᠢᠠᠬᠨ ᠬᠡᠭᠴᠢ ᠶᠢ ᠬᠠᠷᠠᠭᠤᠯᠤᠨ᠎ᠠ᠃ ᠳᠡᠬᠡᠬᠡᠳ ᠡᠳᠦᠷ ᠤᠨ ᠤᠳᠠᠭᠠᠨ ᠳᠤ ᠪᠢᠴᠢᠬᠦ᠂ ᠮᠡᠳᠡᠬᠦᠯᠬᠦ᠂ ᠤᠳᠬ᠎ᠠ | ᠤᠷᠠᠯᠢᠭ ᠬᠡᠳ ᠪᠦᠬᠦ ᠵᠦᠢᠯ ᠢ ᠳᠡᠳᠡ ᠦᠪᠡᠷᠰᠡᠳ ᠶᠢᠨ ᠰᠤᠷᠤᠭᠰᠠᠨ ᠪᠢᠯᠡ᠃ | ᠰᠡᠴᠡᠨ ᠭᠤᠸᠠᠢ ᠳᠡᠮᠦᠷ ᠬᠡᠤᠬᠡᠨᠴᠤᠳ ᠤᠨ ᠳᠤᠭᠤᠢᠢᠯᠠᠩ ᠳᠤ ᠪᠠᠶᠢᠬᠤ ᠳᠠᠭᠠᠨ ᠠᠵᠢᠯ ᠳᠤ ᠱᠠᠯᠠᠮᠠᠭᠠᠢ᠂ | ᠭᠠᠴᠠᠭᠠᠨ ᠤ ᠳᠡᠮᠦᠷ ᠬᠡᠤᠬᠡᠨᠴᠤᠳ᠂ ᠵᠠᠯᠠᠭᠤᠴᠤᠳ ᠢᠶᠠᠨ ᠳᠠᠶᠢᠴᠢᠯᠠᠨ ᠳᠠᠭᠠᠭᠤᠯᠵᠤ᠂ ᠦᠪᠡᠷ ᠤᠨ ᠪᠡᠶ᠎ᠠ ᠪᠠᠨ | ᠴᠢᠩᠭ᠎ᠠ ᠱᠠᠭᠠᠷᠳᠠᠵᠦ ᠢᠷᠡᠭᠰᠡᠨ ᠪᠤᠯᠬᠤᠷ ᠡᠪ ᠬᠠᠮᠳᠤ ᠵᠠᠯᠠᠭᠤᠴᠤᠳ ᠤᠨ ᠡᠪᠯᠡᠯ ᠳᠤ ᠡᠯᠰᠡᠭᠳᠡᠨ᠂ | ᠪᠠᠷᠢᠭᠠᠳᠠ ᠶᠢᠨ ᠢᠶᠠᠨ ᠡᠮᠡᠭᠳᠡᠶᠢᠴᠤᠳ ᠤᠨ ᠬᠤᠯᠪᠤᠭᠠᠨ ᠤ ᠳᠡᠳ᠋ ᠡᠷᠬᠢᠯᠡᠭᠴᠢ᠂ ᠡᠪᠯᠡᠯ ᠤᠨ ᠳᠡᠳ᠋ ᠱᠦᠵᠢ᠂ | ᠡᠷᠦᠬᠡ ᠶᠢᠨ ᠴᠡᠷᠢᠭ ᠤᠨ ᠰᠤᠮᠤᠨ ᠳᠠᠷᠤᠭ᠎ᠠ ᠵᠡᠷᠬᠡ ᠠᠵᠢᠯ ᠢ ᠬᠠᠷᠢᠭᠤᠴᠠᠨ ᠬᠢᠵᠦ᠂ ᠤᠯᠠᠨ ᠤᠳᠠᠭ᠎ᠠ ᠠᠶᠢᠮᠠᠭ ︵ | ᠤᠭ ᠤᠨ︶᠂ ᠬᠤᠰᠢᠭᠤ᠂ ᠰᠤᠮᠤᠨ ᠤ ᠪᠠᠨ ᠰᠠᠶᠢᠰᠢᠶᠠᠯ ᠬᠦᠬᠢᠬᠦᠯᠦᠯ ᠢ ᠬᠦᠷᠳᠡᠵᠦ ᠢᠷᠡᠵᠡᠢ᠃ | 1978 ᠰᠡᠬᠦᠯᠴᠢ᠂ 1979 ᠤᠨ ᠤ ᠡᠬᠢᠨ ᠪᠤᠯᠬᠤ ᠳᠤ ᠳᠡᠮᠦᠷ ᠬᠡᠤᠬᠡᠨᠴᠤᠳ ᠤᠨ ᠳᠤᠭᠤᠢᠢᠯᠠᠩ ᠨᠢ ᠳᠠᠷᠬᠠᠵᠦ᠂ | ᠰᠡᠴᠡᠨ ᠦᠪᠦᠷᠪᠤᠯᠠᠭ ᠰᠤᠮᠤᠨ ᠳᠤ ︽ᠲᠦᠷᠪᠡ ᠶᠢ ᠴᠡᠪᠡᠷᠯᠡᠬᠦ︾ ᠠᠵᠢᠯ ᠤᠨ ᠳᠤᠭᠤᠢᠢᠯᠠᠩ ᠢᠶᠠᠷ ᠬᠠᠭᠠᠰ ᠵᠢᠯ | ᠠᠵᠢᠯᠯᠠᠵᠦ ᠪᠠᠶᠢᠭᠰᠠᠨ ᠢᠶᠠᠨ ᠳᠠᠬᠢᠨ ᠭᠠᠴᠠᠭᠠᠨ ᠳᠠᠭᠠᠨ ᠢᠷᠡᠵᠦ᠂ 1980 ᠪᠤᠯᠳᠠᠯ᠎ᠠ ᠭᠠᠴᠠᠭᠠᠨ ᠤ ᠪᠠᠨ ᠠᠵᠢᠯ ᠢ | ᠬᠢᠵᠦ ᠪᠠᠶᠢᠭᠰᠠᠨ ᠢᠶᠠᠨ ᠬᠤᠤᠰ ᠢᠶᠠᠷ ᠵᠢᠷᠭᠠᠬᠤ ᠬᠤᠷᠸ᠎ᠠ ᠶᠢᠨ ᠵᠢᠮ᠎ᠠ ᠪᠠᠷ 1980 ᠤᠨ ᠳᠤ ᠰᠢᠨ᠎ᠠ ᠪᠠᠷᠭᠤ ᠵᠡᠬᠦᠨ | ᠬᠤᠰᠢᠭᠤᠨ ᠤ ᠵᠢᠪᠬᠤᠯᠠᠩᠳᠦ ᠰᠤᠮᠤᠨ ᠤ ᠬᠤᠯᠪᠤᠭᠠᠳᠤ ᠭᠠᠴᠠᠭᠠᠨ ᠤ ᠬᠦᠢᠴᠡᠯᠢᠭ ᠬᠠᠯᠠ ᠶᠢᠨ ᠪᠠᠯᠵᠢᠷ ᠬᠡᠭᠴᠢ | ᠬᠦᠮᠦᠨ ᠲᠠᠢ ᠬᠡᠷᠯᠡᠵᠦ᠂ ᠠᠮᠢᠳᠤᠷᠠᠯ ᠢᠶᠠᠨ ᠡᠬᠢᠯᠡᠬᠦᠯᠦᠭᠰᠡᠨ ᠪᠢᠯᠡ᠃ | — ᠪᠢᠳᠡ ᠬᠤᠷᠢᠮᠯᠠᠭᠠᠳ ᠬᠤᠶᠠᠷ ᠵᠢᠯ ᠮᠠᠯ ᠢᠶᠠᠷ ᠶᠠᠪᠤᠵᠦ ᠪᠠᠶᠢᠯ᠎ᠠ᠃ ᠨᠠᠮᠠᠢᠢ ᠪᠡᠷᠢ ᠪᠤᠯᠵᠦ | ᠪᠠᠭᠤᠬᠤ ᠳᠤ ᠬᠠᠳᠠᠮ ᠠᠪᠤ᠂ ᠬᠠᠳᠠᠮ ᠳᠡᠬᠦᠦ ᠪᠠᠶᠢᠭᠰᠠᠨ᠃ ᠳᠡᠬᠡᠬᠡᠳ ᠪᠢ ᠬᠠᠳᠠᠮ ᠠᠪᠤ ᠪᠠᠨ ᠡᠷᠬᠦᠵᠦ | ᠬᠦᠨᠳᠦᠯᠡᠬᠡᠳ᠂ ᠬᠠᠳᠠᠮ ᠳᠡᠬᠦᠦ ᠪᠠᠨ ᠠᠶᠢᠯ ᠪᠤᠯᠭᠠᠵᠦ᠂ 1982 ᠤᠨ ᠳᠤ ᠲᠦᠷᠦ ᠶᠢᠨ ᠪᠤᠳᠤᠯᠭ᠎ᠠ | ᠨᠠᠶᠢᠳᠠᠪᠤᠷᠢᠵᠢᠭᠤᠯᠬᠤ ᠳᠤ ᠨᠦᠬᠦᠷ ᠲᠤ ᠮᠠᠨᠢ ᠠᠵᠢᠯ ᠳᠤᠬᠢᠷᠠᠭᠤᠯᠵᠤ᠂ ᠪᠢᠳᠡ ᠰᠤᠮᠤᠨ ᠳᠠᠭᠠᠨ ᠤᠴᠢᠵᠦ ᠰᠠᠭᠤᠭᠰᠠᠨ | ᠃ ᠪᠢ ᠬᠤᠶᠠᠷ ᠨᠢᠯᠬ᠎ᠠ ᠬᠡᠤᠬᠡᠳ ᠲᠠᠢ ᠪᠠᠨ ᠬᠡᠷ ᠲᠡᠭᠡᠨ ᠰᠠᠭᠤᠵᠦ᠂ ᠠᠵᠢᠯ ᠡᠷᠢᠬᠦ ᠶᠢ ᠴᠤ ᠮᠡᠳᠡᠬᠦ ᠦᠬᠡᠢ ᠪᠠᠶᠢᠭᠰᠠᠨ | ᠃ ᠮᠠᠨ ᠤ ᠬᠦᠮᠦᠨ ᠬᠤᠵᠢᠮ ᠨᠢ ᠰᠤᠮᠤᠨ ᠤ ᠪᠠᠨ ᠳᠡᠳ᠋ ᠳᠠᠷᠤᠭ᠎ᠠ ᠪᠠᠷ ᠠᠷᠪᠠᠨ ᠬᠡᠳᠦᠨ ᠵᠢᠯ ᠠᠵᠢᠯᠯᠠᠵᠦ ᠪᠢᠯᠠ᠃ | ᠪᠢ ᠭᠠᠭᠴᠠ ᠬᠦᠮᠦᠨ ᠤ ᠴᠠᠯᠢᠩ ᠬᠠᠷᠠᠭᠠᠳ ᠶᠠᠭᠠᠬᠢᠬᠤ ᠪᠤᠢ ᠬᠡᠵᠦ ᠶᠠᠭᠤᠮ᠎ᠠ ᠤᠶᠤᠳᠠᠭ ᠪᠤᠯᠤᠭᠰᠠᠨ᠃ ᠰᠡᠬᠦᠯᠡᠷ ᠨᠢ | ᠬᠡᠷ ᠲᠡᠭᠡᠨ ᠰᠤᠷᠭᠠᠭᠤᠯᠢ ᠶᠢᠨ ᠬᠡᠤᠬᠡᠳ ᠰᠠᠭᠤᠯᠭᠠᠬᠤ ᠵᠡᠷᠬᠡ ᠪᠠᠷ ᠠᠮᠢᠳᠤᠷᠠᠯ ᠳᠠᠭᠠᠨ ᠳᠤᠰᠠ ᠨᠡᠮᠡᠷᠢ ᠪᠤᠯᠭᠠᠵᠦ | ᠪᠠᠶᠢᠭᠰᠠᠨ᠃ ᠪᠠᠰᠠ ᠰᠤᠮᠤᠨ ᠳᠠᠭᠠᠨ ᠵᠢᠵᠢᠭ ᠬᠤᠳᠠᠯᠳᠤᠭ᠎ᠠ ᠡᠷᠬᠢᠯᠡᠵᠦ᠂ ᠳᠡᠷᠡᠬᠦᠬᠡᠨ ᠳᠡᠭᠡᠨ ᠶᠡᠭᠡ ᠵᠤᠯ ᠵᠢᠷᠭᠠᠯ ᠲᠠᠢ | ᠠᠮᠢᠳᠤᠷᠠᠵᠦ ᠪᠠᠶᠢᠭᠰᠠᠨ ᠬᠡᠳ ᠢᠨᠢᠶᠡᠮᠰᠦᠭᠯᠡᠬᠦ ᠳᠤ ᠵᠠᠯᠠᠭᠤ ᠳᠠᠭᠠᠨ ᠰᠠᠶᠢᠠᠬᠨ ᠬᠦᠮᠦᠨ ᠶᠠᠪᠤᠭᠰᠠᠨ ᠤ ᠬᠢᠨᠢ | ᠳᠤᠳᠤᠳᠬᠠᠯ ᠪᠤᠯᠵᠤ ᠦᠯᠡᠳᠡᠭᠰᠡᠨ ᠨᠢᠳᠦ ᠨᠢ ᠬᠡᠷᠡᠯ ᠳᠠᠳᠠᠨ᠎ᠠ᠃ | ᠰᠡᠴᠡᠨ ᠭᠤᠸᠠᠢ ᠶᠢᠨ ᠨᠦᠬᠦᠷ ᠨᠢ 2001 ᠤᠨ ᠳᠤ ᠡᠪᠡᠳᠴᠢᠨ ᠢᠶᠠᠷ ᠨᠠᠰᠤ ᠪᠠᠷᠠᠵᠦ᠂ ᠬᠤᠶᠠᠷ | ᠬᠡᠤᠬᠡᠳ ᠨᠢ ᠶᠠᠭ ᠰᠤᠷᠭᠠᠭᠤᠯᠢ ᠳᠤ ᠪᠠᠶᠢᠭᠰᠠᠨ ᠪᠤᠯᠬᠤᠷ ᠲᠡᠷᠡ ᠠᠮᠢᠳᠤᠷᠠᠯ ᠤᠨ ᠡᠷᠬᠡ ᠪᠠᠷ ᠬᠦᠦ ᠮᠦᠡᠭᠬᠦ ᠲᠠᠢ | ᠵᠢᠬᠡᠯᠡᠯᠬᠡ ᠠᠪᠴᠤ ᠪᠢᠯᠡ᠃ ᠳᠡᠬᠡᠬᠡᠳ ᠲᠦᠷᠬᠦᠮ ᠳᠡᠭᠡᠨ ᠳᠡᠯᠪᠢᠵᠦ ᠪᠤᠢ ᠬᠡᠳᠦᠨ ᠮᠠᠯ ᠢᠶᠠᠨ ᠦᠰᠬᠡᠬᠦ᠂ ᠬᠤᠶᠠᠷ | ᠬᠡᠤᠬᠡᠳ ᠢᠶᠠᠨ ᠰᠤᠷᠭᠠᠭᠤᠯᠢ ᠠᠴᠠ ᠨᠢ ᠵᠤᠭᠰᠤᠭᠠᠬᠤ ᠦᠬᠡᠢ ᠪᠠᠶᠢᠬᠤ᠂ ᠦᠷᠢ ᠪᠠᠨ ᠲᠦᠯᠦᠬᠦ ᠬᠡᠮᠡᠨ ᠴᠢᠷᠮᠡᠶᠢᠵᠦ | ᠡᠬᠢᠯᠡᠯ᠎ᠠ᠃ ᠲᠡᠷᠡ ᠦᠶ᠎ᠠ ᠳᠤ ᠰᠤᠮᠤᠨ ᠳᠡᠬᠡᠷ᠎ᠡ ᠨᠢ ᠳᠤᠰᠤᠨ ᠤ ᠦᠷᠳᠡᠭᠡ ᠦᠬᠡᠢ᠂ ᠠᠶᠢᠯ ᠤᠳ ᠴᠤ ᠭᠠᠩ | ᠭᠠᠩ ᠢᠶᠠᠷ ᠳᠤᠰᠤ ᠬᠤᠳᠠᠯᠳᠤᠵᠦ ᠠᠪᠳᠠᠭ ᠦᠬᠡᠢ ᠪᠠᠶᠢᠭᠰᠠᠨ ᠡᠷᠢᠨ᠃ ᠲᠡᠷᠡ ᠨᠢᠬᠡ ᠬᠤᠶᠠᠷ ᠠᠶᠢᠯ ᠤᠨ ᠭᠠᠩ ᠢᠶᠠᠷ | ᠠᠪᠴᠢᠷᠠᠭᠰᠠᠨ ᠴᠢᠶ᠋ᠢᠦ ᠳᠤᠰᠤ᠂ ᠴᠠᠶᠢᠶ᠋ᠢᠦ ᠳᠤᠰᠦ ᠶᠢ ᠨᠢ ᠵᠢᠵᠢᠭ ᠰᠠᠪᠠ ᠪᠠᠷ ᠵᠦᠬᠡᠬᠡᠵᠦ ᠬᠤᠳᠠᠯᠳᠤᠬᠤ ᠵᠡᠷᠬᠡ ᠪᠠᠷ | ᠪᠠᠭ᠎ᠠ ᠰᠠᠭ᠎ᠠ ᠮᠠᠶᠢᠮᠠᠢ ᠬᠢᠵᠦ᠂ ᠪᠠᠰᠠ ᠬᠤᠭᠤᠯᠠᠨ ᠬᠡᠷ ᠡᠷᠬᠢᠯᠡᠵᠦ ᠡᠷᠬᠢᠯᠳᠦᠬᠦᠯᠦᠨ ᠬᠤᠶᠠᠷ ᠬᠡᠤᠬᠡᠳ ᠢᠶᠠᠨ | ᠰᠤᠷᠭᠠᠭᠤᠯᠢ ᠠᠴᠠ ᠨᠢ ᠳᠡᠬᠦᠰᠬᠡᠵᠦ ᠪᠢᠯᠡ᠃ ᠳᠡᠬᠦᠨ ᠤ ᠨᠢᠬᠡ ᠬᠦᠦ ᠨᠢ ᠦᠪᠦᠷ ᠮᠤᠩᠭᠤᠯ ᠤᠨ ᠶᠡᠭᠡ ᠰᠤᠷᠭᠠᠭᠤᠯᠢ᠂ | ᠨᠢᠬᠡ ᠬᠦᠦ ᠨᠢ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠠᠴᠠ ᠳᠡᠬᠦᠰᠴᠤ᠂ ᠤᠳᠤ ᠪᠦᠷ | ᠠᠵᠢᠯ ᠤᠨ ᠪᠠᠶᠢᠷᠢᠨ ᠳᠤ ᠭᠠᠷᠴᠠᠢ᠃ ᠰᠡᠴᠡᠨ ᠭᠤᠸᠠᠢ ᠤᠳᠤ ᠬᠤᠶᠠᠷ ᠬᠦᠬᠡᠷᠦᠬᠦᠨ ᠠᠴᠢ ᠪᠠᠨ ᠬᠠᠷᠠᠨ ᠪᠠᠶᠠᠰᠴᠤ᠂ | ᠵᠤᠯ ᠵᠢᠷᠭᠠᠯ ᠲᠠᠢ ᠠᠮᠢᠳᠤᠷᠠᠵᠦ ᠶᠠᠪᠤᠨ᠎ᠠ᠃ | | | | | — ᠦᠨᠦ ᠶᠢᠨ ᠨᠡᠶᠢᠬᠡᠮ ᠰᠠᠶᠢᠬᠠᠨ ᠪᠤᠯᠤᠭᠰᠠᠨ᠂ ᠨᠠᠮ ᠲᠦᠷᠦ ᠶᠢᠨ ᠪᠤᠳᠤᠯᠭ᠎ᠠ ᠶᠢᠨ ᠰᠠᠶᠢᠨ ᠢᠶᠠᠷ᠂ | ᠰᠠᠳᠤᠨ ᠲᠦᠷᠦᠯ ᠤᠨ ᠢᠶᠠᠨ ᠳᠡᠮᠵᠢᠯᠬᠡ ᠪᠠᠷ ᠪᠢ ᠰᠠᠶᠢᠠᠬᠨ ᠠᠮᠢᠳᠤᠷᠠᠵᠦ ᠪᠠᠶᠢᠨ᠎ᠠ᠃ ᠨᠡᠶᠢᠬᠡᠮ ᠨᠡᠶᠢᠳᠡ ᠳᠤ ᠬᠤᠶᠠᠷ | ᠬᠡᠤᠬᠡᠳ ᠢᠶᠠᠨ ᠳᠤᠰᠠ ᠲᠠᠢ ᠬᠦᠮᠦᠨ ᠪᠤᠯᠭᠠᠭᠰᠠᠨ ᠨᠢ ᠮᠢᠨᠦ ᠬᠠᠮᠤᠭ ᠶᠡᠭᠡ ᠠᠮᠵᠢᠯᠳᠠ ᠡ ᠬᠡᠮᠡᠬᠦ ᠡᠵᠢ ᠬᠦᠮᠦᠨ ᠤ | ᠰᠡᠳᠬᠢᠯ ᠠᠷᠢᠭᠤᠬᠠᠨ᠃ | ︽ᠮᠠᠨ ᠤ ᠳᠡᠮᠦᠷ ᠬᠡᠤᠬᠡᠨᠴᠤᠳ ᠪᠠᠭᠠᠳᠤᠷᠯᠢᠭ ᠵᠤᠷᠢᠭ ᠰᠠᠨᠠᠭ᠎ᠠ ᠪᠠᠷ ᠠᠵᠢᠯᠯᠠᠵᠦ ᠢᠷᠡᠭᠰᠡᠨ᠃ ᠲᠡᠷᠡ ᠬᠦ | ᠵᠤᠷᠢᠭ ᠰᠠᠨᠠᠭ᠎ᠠ ᠶᠢ ᠦᠷᠬᠦᠯᠵᠢᠯᠠᠨ ᠪᠠᠳᠠᠷᠠᠭᠤᠯᠵᠤ᠂ ᠬᠤᠶᠢᠴᠢ ᠦᠶ᠎ᠠ ᠳᠡᠭᠡᠨ ᠦᠵᠡᠯ ᠰᠠᠨᠠᠭᠠᠨ ᠤ ᠦᠪ ᠬᠦᠷᠦᠩᠬᠡ | ᠪᠤᠯᠭᠠᠨ ᠦᠯᠡᠳᠡᠬᠡᠬᠦ ᠪᠠᠷ ᠮᠠᠨ ᠤ ᠳᠠᠮᠤᠷ ᠬᠡᠤᠬᠡᠨᠴᠤᠳ ᠤᠨ ᠨᠡᠶᠢᠬᠡᠮᠯᠢᠭ ᠪᠠᠶᠢᠭᠤᠯᠤᠭᠳᠠᠵᠦ ᠪᠠᠶᠢᠨ᠎ᠠ᠃ ᠮᠠᠨ ᠤ | ᠳᠡᠮᠦᠷ ᠬᠡᠤᠬᠡᠨᠴᠤᠳ ᠤᠨ ᠵᠤᠷᠢᠭ ᠰᠠᠨᠠᠭ᠎ᠠ ᠪᠢᠰᠢᠷᠡᠬᠦᠰᠢᠳᠡᠢ ᠨᠢ ᠦᠨᠡᠨ᠃ ᠪᠢ ᠤᠳᠤ ᠴᠤ ᠬᠡᠰᠡᠨ ᠡᠶ᠎ᠡ | ᠵᠤᠬᠢᠴᠠᠯ ᠲᠠᠢ ᠨᠡᠶᠢᠬᠡᠮ ᠢ ᠪᠦᠳᠦᠬᠡᠨ ᠪᠠᠶᠢᠭᠤᠯᠬᠤ ᠳᠤ ᠬᠤᠪᠢ ᠨᠡᠮᠡᠷᠢ ᠪᠠᠨ ᠦᠵᠡᠬᠦᠯᠦᠨ᠎ᠠ ᠬᠡᠮᠡᠨ ᠴᠢᠷᠮᠠᠶᠢᠵᠦ | ᠪᠠᠶᠢᠨ᠎ᠠ︾ ᠬᠡᠵᠦ ᠰᠡᠴᠡᠨ ᠭᠤᠸᠠᠢ ᠶᠠᠷᠢᠬᠤ ᠶᠢᠨ ᠳᠠᠭᠠᠤ ᠦᠬᠡᠷᠡᠴᠢᠯᠡᠯᠳᠡ ᠨᠡᠬᠡᠬᠡᠯᠳᠡ ᠶᠢᠨ 40 ᠵᠢᠯ ᠤᠨ ᠤᠢ ᠪᠠᠷ | ᠦᠰᠴᠦ ᠲᠦᠷᠦᠭᠰᠡᠨ ᠦᠯᠦᠬᠡᠢ ᠨᠤᠳᠤᠭ ᠪᠤᠯᠬᠤ ᠪᠠᠶ᠋ᠬᠠᠠᠭᠤᠯᠠ ᠭᠠᠴᠠᠭᠠᠨ ᠳᠠᠭᠠᠨ ᠤᠴᠢᠵᠦ᠂ ᠳᠤᠬᠠᠢ ᠶᠢᠨ | ᠦᠶ᠎ᠠ ᠶᠢᠨ ᠳᠠᠮᠤᠷ ᠬᠡᠤᠬᠡᠨᠴᠤᠳ᠂ ᠡᠷᠦᠬᠡ ᠶᠢᠨ ᠴᠡᠷᠢᠭ ᠤᠨ ︽ᠤᠯᠠᠭᠠᠨ ᠪᠦᠷᠬᠦᠳ︾ ᠳᠤᠭᠤᠢᠢᠯᠠᠩ ᠢᠶᠠᠨ | ᠳᠠᠶᠢᠴᠢᠯᠠᠨ ᠬᠦᠳᠡᠯᠬᠡᠬᠡᠨ ᠦᠷᠨᠢᠬᠦᠯᠵᠦ᠂ ᠦᠬᠡᠷᠡᠴᠢᠯᠡᠯᠳᠡ ᠨᠡᠬᠡᠬᠡᠯᠳᠡ ᠶᠢᠨ ᠲᠦᠴᠢᠨ ᠵᠢᠯ ᠤᠨ ᠤᠢ ᠤᠨ | ᠪᠠᠶᠠᠷ ᠢᠶᠠᠨ ᠪᠡᠯᠬᠡᠯᠡᠭᠰᠡᠨ ᠰᠡᠬᠦᠳᠡᠷ ᠢᠶᠠᠨ ᠦᠵᠡᠬᠦᠯᠦᠨ᠎ᠠ᠃ ᠲᠡᠷᠡ ᠪᠠᠰᠠ ᠤᠯᠤᠰ ᠪᠠᠶᠢᠭᠤᠯᠤᠭᠳᠠᠭᠰᠠᠨ 70 | ᠵᠢᠯ ᠤᠨ ᠤᠢ᠂ ᠨᠠᠮ ᠪᠠᠶᠢᠭᠤᠯᠤᠭᠳᠠᠭᠰᠠᠨ 99 ᠵᠢᠯ ᠤᠨ ᠤᠢ ᠪᠠᠷ ᠪᠠᠶ᠋ᠬᠠᠠᠭᠤᠯᠠ ᠭᠠᠴᠠᠭᠠᠨ ᠳᠠᠭᠠᠨ ᠤᠴᠢᠵᠦ᠂ | ᠳᠡᠮᠦᠷ ᠬᠡᠤᠬᠡᠨᠴᠤᠳ ᠢᠶᠠᠨ ᠳᠠᠶᠢᠴᠢᠯᠠᠨ ᠮᠤᠳᠤ ᠳᠠᠷᠢᠬᠤ᠂ ᠬᠢᠯᠭᠠᠰᠤ ᠤᠷᠠᠵᠦ ᠳᠡᠬᠡᠰᠦ ᠳᠠᠮᠤᠬᠤ ᠵᠡᠷᠬᠡ | ᠤᠯᠠᠮᠵᠢᠯᠠᠯᠳᠤ ᠵᠠᠩ ᠦᠢᠯᠡ ᠶᠢᠨ ᠳᠤᠬᠠᠢ ᠬᠦᠳᠡᠯᠬᠡᠬᠡᠨ ᠦᠷᠨᠢᠬᠦᠯᠦᠭᠰᠡᠨ ᠨᠢ ᠤᠯᠠᠨ ᠤ ᠰᠡᠳᠬᠢᠯ ᠳᠤ ᠬᠦᠷᠴᠡᠢ᠃ | ︽ᠠᠪᠤ ᠡᠵᠢ ᠮᠢᠨᠢ ᠮᠢᠨᠦ ᠳᠡᠮᠦᠷ ᠬᠡᠤᠬᠡᠨ ᠪᠤᠯᠬᠤ ᠶᠢ ᠶᠡᠭᠡ ᠳᠡᠮᠵᠢᠳᠡᠭ ᠪᠠᠶᠢᠭᠰᠠᠨ᠃ ᠳᠠᠮᠦᠷ | ᠬᠡᠤᠬᠡᠨᠴᠤᠳ ᠤᠨ ᠳᠤᠭᠤᠢᠢᠯᠠᠩ ᠳᠤ ᠠᠵᠢᠯ ᠬᠢᠵᠦ ᠪᠠᠶᠢᠭᠠᠳ ᠠᠬ᠎ᠠ ᠶᠢᠨ ᠢᠶᠠᠨ ᠬᠤᠷᠢᠮ ᠳᠤ ᠴᠤ ᠤᠴᠢᠵᠦ ᠴᠢᠳᠠᠭ᠎ᠠ | ᠦᠬᠡᠢ ᠬᠦᠮᠦᠨ ᠰᠢᠦ᠂ ᠪᠢ ᠴᠢᠨᠢ᠃ ᠪᠢ ᠳᠠᠮᠤᠷ ᠬᠡᠤᠬᠡᠨᠴᠤᠳ ᠤᠨ ᠳᠤᠭᠤᠢᠢᠯᠠᠩ ᠳᠤ ᠴᠢᠷᠮᠠᠶᠢᠵᠦ ᠠᠵᠢᠯᠯᠠᠭᠰᠠᠨ | ᠴᠤ ᠠᠵᠢᠯ ᠡᠷᠢᠬᠦ ᠪᠤᠶᠤ ᠨᠠᠮ ᠳᠤ ᠤᠷᠤᠵᠦ ᠴᠠᠭᠠᠰᠢ ᠶᠠᠪᠤᠵᠤ ᠴᠢᠳᠠᠭ᠎ᠠ ᠦᠬᠡᠢ ᠨᠢ ᠵᠢᠭᠠᠬᠠᠨ ᠬᠠᠷᠠᠮᠰᠠᠯᠳᠠᠢ᠃ | ᠳᠡᠬᠦᠨ ᠢᠶᠠᠨ ᠪᠢ᠂ ᠭᠤᠤᠯ ᠨᠢ ᠪᠢᠴᠢᠭ ᠰᠤᠶᠤᠯ ᠮᠠᠭᠤᠳᠠᠢ ᠪᠤᠯᠬᠤᠷ ᠳᠡᠬᠡᠭᠰᠡᠨ ᠬᠡᠵᠦ ᠪᠤᠳᠤᠳᠠᠭ᠃ ᠳᠡᠬᠡᠬᠡᠳ | ᠬᠤᠶᠠᠷ ᠬᠡᠤᠬᠡᠳ ᠢᠶᠠᠨ ᠶᠠᠭᠤ ᠪᠤᠯᠤᠭᠰᠠᠨ ᠴᠤ ᠪᠢᠴᠢᠭ ᠰᠤᠶᠤᠯ ᠲᠠᠢ ᠪᠤᠯᠭᠠᠨ᠎ᠠ ᠬᠡᠵᠦ ᠴᠢᠷᠮᠠᠶᠢᠭᠰᠠᠨ ᠡ᠃ ᠮᠢᠨᠦ | ᠬᠤᠶᠠᠷ ᠬᠦᠦ ᠴᠤ ᠨᠡᠶᠢᠳᠡᠴᠢ ᠦᠵᠡᠯ ᠲᠠᠢ᠂ ᠳᠤᠰᠠᠴᠢ ᠵᠠᠩ ᠲᠠᠢ᠂ ᠡᠬᠡᠯ ᠵᠢᠷ ᠤᠨ ᠰᠠᠶᠢᠨ ᠬᠦᠮᠦᠨ ᠪᠤᠯᠤᠨ | ᠬᠦᠮᠦᠵᠢᠭᠳᠡᠭᠰᠡᠨ ᠨᠢ ᠮᠢᠨᠦ ᠡᠳᠦᠢ ᠵᠢᠯ ᠤᠨ ᠴᠢᠷᠮᠠᠶᠢᠯᠭ᠎ᠠ ᠭᠠᠵᠠᠷ ᠳᠤᠰᠤᠭᠰᠠᠨ ᠦᠬᠡᠢ ᠶᠢ ᠬᠠᠷᠠᠭᠤᠯᠤᠨ᠎ᠠ᠃ | ᠬᠡᠤᠬᠡᠳ ᠤᠳ ᠮᠠᠨᠢ ᠰᠠᠶᠢᠨ ᠰᠠᠶᠢᠠᠬᠨ ᠶᠠᠪᠤᠵᠦ ᠯᠠ ᠪᠠᠶᠢᠪᠠᠯ ᠮᠢᠨᠦ ᠰᠡᠳᠬᠢᠯ ᠬᠡᠵᠢᠶᠡᠳᠡ ᠲᠦᠬᠦᠷᠡᠩ︾ ᠬᠡᠮᠡᠭᠰᠡᠨ | ᠰᠡᠴᠡᠨ ᠭᠤᠸᠠᠢ ᠳᠤ ᠦᠳᠡᠯᠦᠬᠡ ᠨᠠᠰᠤ ᠪᠠᠨ ᠪᠠᠶᠠᠷ ᠪᠠᠶᠠᠰᠤᠯ ᠲᠠᠢ᠂ ᠤᠳᠬ᠎ᠠ ᠠᠭᠤᠯᠭ᠎ᠠ ᠲᠠᠢ ᠦᠡᠭᠬᠡᠷᠡᠬᠦᠯᠬᠦ ᠶᠢ | ᠵᠦᠡᠭᠨᠡᠭᠡᠳ ᠰᠤᠷᠪᠤᠯᠵᠢᠯᠠᠭ᠎ᠠ ᠪᠠᠨ ᠦᠨᠳᠦᠷᠯᠡᠬᠦᠯᠦᠶᠠ︕ | | ᠵᠤᠬᠢᠶᠠᠭᠴᠢ᠄ ᠨᠠᠰᠤᠨᠴᠡᠴᠡᠭ | | | | |