ᠰᠠᠴᠡᠨ᠄ ᠰᠡᠳᠬᠢᠯ ᠳᠡᠭᠡᠨ ᠬᠦᠴᠦ ᠲᠠᠢ ᠴᠠᠭ ᠲᠤ ᠭᠠᠳᠠᠨᠠᠬᠢ ᠬᠦᠢᠳᠠᠨ ᠠᠴᠠ ᠠᠶᠤᠬᠤ ᠦᠬᠡᠢ — ᠬᠦᠯᠦᠨ ᠪᠤᠶᠢᠷ ᠤᠨ ᠲᠡᠮᠦᠷ ᠬᠡᠤᠬᠡᠨᠴᠤᠳ ᠤᠨ ᠲᠤᠬᠠᠢ ᠰᠢᠷᠢᠰ ᠰᠤᠷᠪᠤᠯᠵᠢᠯᠠᠭ᠎ᠠ
ᠨᠡᠶᠢᠲᠡᠯᠡᠭᠰᠡᠨ ᠴᠠᠭ᠄
2020/12/21
     ᠬᠦᠯᠦᠨ ᠪᠤᠶᠢᠷ ᠤᠨ ᠡᠲᠦᠷ ᠤᠨ ᠰᠤᠨᠢᠨ ᠤ ︽ᠰᠢᠨ᠎ᠠ ᠤᠡᠭᠰᠢᠭᠴᠢ︾ ᠳᠤᠰᠬᠠᠢ ᠬᠡᠪᠯᠡᠯ ᠤᠨ ᠲᠡᠮᠦᠷ ᠬᠡᠤᠬᠡᠨᠴᠤᠳ ᠤᠨ ᠲᠤᠬᠠᠢ ᠰᠢᠷᠢᠰ ᠰᠤᠷᠪᠤᠯᠵᠢᠯᠠᠭ᠎ᠠ ᠳᠠᠭᠠᠨ ᠰᠢᠨ᠎ᠠ ᠪᠠᠷᠭᠤ ᠪᠠᠷᠠᠭᠤᠨ ᠬᠤᠰᠢᠭᠤᠨ ᠤ ᠪᠤᠶᠢᠷ ᠰᠤᠮᠤᠨ ᠤ ᠤᠯᠠᠭᠠᠨ ᠪᠠᠷᠢᠭᠠᠳᠠ ︵ᠭᠠᠴᠠᠭ᠎ᠠ︶ ᠶᠢᠨ ︽ᠲᠡᠮᠦᠷ ᠬᠡᠤᠬᠡᠨᠴᠤᠳ ᠤᠨ ᠲᠤᠭᠤᠢᠢᠯᠠᠩ︾ ᠤᠨ ᠲᠤᠭᠤᠢᠢᠯᠠᠩ ᠤᠨ ᠲᠠᠷᠤᠭ᠎ᠠ ᠪᠠᠶᠢᠭᠰᠠᠨ ᠰᠡᠴᠡᠨ ᠭᠤᠧᠠᠢ ᠶᠢ ᠰᠤᠷᠪᠤᠯᠵᠢᠯᠠᠵᠤ ᠪᠢᠯᠡ᠃ ᠰᠡᠴᠡᠨ ᠡᠬᠡᠯ ᠵᠢᠷ ᠤᠨ ᠮᠠᠯᠴᠢᠨ ᠤ ᠪᠤᠷᠤ ᠬᠡᠷ ᠲᠤ ᠦᠰᠴᠦ᠂ ᠰᠤᠮᠤ ᠶᠢᠨ ᠰᠤᠷᠭᠠᠭᠤᠯᠢ ᠳᠤ ᠰᠤᠷᠤᠯᠴᠠᠭᠠᠳ ᠬᠤᠵᠢᠮ ᠨᠢ ᠪᠠᠭᠰᠢ ᠶᠢᠨ ᠰᠤᠷᠭᠠᠭᠤᠯᠢ᠂ ᠺᠠᠳ᠋ᠷ ᠤᠨ ᠰᠤᠷᠭᠠᠭᠤᠯᠢ ᠵᠡᠷᠬᠡ ᠰᠤᠷᠭᠠᠭᠤᠯᠢ ᠳᠤ ᠰᠤᠷᠤᠯᠴᠠᠵᠤ᠂ ᠰᠤᠶᠤᠯ ᠮᠡᠳᠡᠯᠬᠡ ᠪᠠᠨ ᠲᠡᠬᠡᠭᠰᠢᠯᠡᠬᠦᠯᠤᠨ ᠠᠷᠠᠳ ᠤᠨ ᠪᠠᠭᠰᠢ᠂ ᠭᠠᠴᠠᠭ᠎ᠠ ᠪᠠᠷᠢᠭᠠᠳᠠ ᠶᠢᠨ ᠤᠲᠤᠷᠢᠲᠤᠯᠭ᠎ᠠ ᠠᠴᠠ ᠪᠠᠨ ᠰᠤᠮᠤ ᠬᠤᠰᠢᠭᠤᠨ ᠤ ᠱᠠᠲᠤᠨ ᠤ ᠠᠯᠪᠠᠨ ᠠᠵᠢᠯᠳᠠᠨ ᠪᠤᠯᠵᠤ᠂ ᠤᠷᠤᠨ ᠨᠤᠲᠤᠭ ᠤᠨ ᠢᠶᠠᠨ ᠬᠦᠭᠵᠢᠯ ᠬᠤᠪᠢᠷᠠᠯᠳᠠ ᠳᠤ ᠨᠢᠬᠡ ᠨᠠᠰᠤ ᠪᠠᠨ ᠵᠤᠷᠢᠭᠤᠯᠤᠭᠰᠠᠨ ᠬᠦᠳᠡᠯᠮᠦᠷᠢᠴᠢ ᠬᠦᠮᠦᠨ ᠶᠤᠮ ᠡ᠃
           ᠰᠡᠴᠡᠨ 1954 ᠤᠨ ᠤ 10 ᠰᠠᠷ᠎ᠠ ᠳᠤ ᠰᠢᠨ᠎ᠠ ᠪᠠᠷᠭᠤ ᠪᠠᠷᠠᠭᠤᠨ ᠬᠤᠰᠢᠭᠤᠨ ᠤ ᠪᠤᠶᠢᠷ ᠰᠤᠮᠤᠨ ᠤ ᠴᠤᠬᠤᠷ ᠬᠠᠯᠠ ᠲᠠᠢ ᠫᠦᠷᠪᠦ ᠶᠢᠨ ᠬᠤᠶᠠᠲᠤᠭᠠᠷ ᠬᠡᠤᠬᠡᠨ ᠪᠤᠯᠤᠨ ᠵᠠᠶᠠᠭᠠᠵᠠᠢ᠃ 1963 ᠤᠨ ᠳᠤ ᠪᠤᠶᠢᠷ ᠰᠤᠮᠤᠨ ᠤ ᠪᠠᠭ᠎ᠠ ᠰᠤᠷᠭᠠᠭᠤᠯᠢ ᠳᠤ ᠰᠤᠷᠤᠯᠴᠠᠭᠠᠳ ᠲᠦᠷᠦᠯᠬᠢ ᠰᠡᠴᠡᠨ ᠰᠡᠷᠬᠦᠯᠡᠩ᠂ ᠤᠢ ᠪᠢᠯᠢᠭ ᠬᠤᠷᠴᠡ ᠬᠡᠤᠬᠡᠳ ᠪᠠᠶᠢᠭᠰᠠᠨ ᠪᠤᠯᠬᠤᠷ ᠪᠠᠭᠰᠢ ᠨᠠᠷ ᠤᠨ ᠵᠢᠭᠠᠭᠰᠠᠨ ᠮᠡᠳᠡᠯᠬᠡ ᠶᠢ ᠴᠠᠭ ᠲᠤᠬᠠᠢ ᠳᠤᠨᠢ ᠴᠡᠬᠡᠵᠢᠯᠡᠵᠦ ᠲᠤᠭᠳᠠᠭᠠᠳᠠᠭ ᠪᠠᠶᠢᠭᠰᠠᠨ ᠲᠤᠯᠠ ᠠᠩᠬᠢ ᠦᠰᠦᠷᠴᠦ 1966 ᠤᠨ ᠬᠡᠬᠦ ᠳᠤ ᠪᠠᠭ᠎ᠠ ᠰᠤᠷᠭᠠᠭᠤᠯᠢ ᠶᠢᠨ ᠲᠦᠷᠪᠡᠲᠦᠬᠡᠷ ᠠᠩᠬᠢ ᠳᠠᠭᠠᠨ ᠰᠤᠷᠤᠯᠭ᠎ᠠ ᠬᠢᠴᠢᠶᠡᠯ ᠳᠡᠭᠡᠨ ᠤᠷᠦ᠋ᠢᠯᠠᠭᠰᠠᠨ ᠬᠡᠤᠬᠡᠳ ᠪᠤᠯᠤᠯ᠎ᠠ᠃ 1969 ᠤᠨ ᠳᠤ ᠪᠠᠭ᠎ᠠ ᠰᠤᠷᠭᠠᠭᠤᠯᠢ ᠪᠠᠨ ᠦᠨᠲᠦᠷ ᠬᠢᠷᠢ ᠪᠦᠲᠦᠮᠵᠢ ᠪᠠᠷ ᠲᠡᠬᠦᠰᠳᠡᠯ᠎ᠠ ᠭᠠᠢ ᠭᠠᠵᠠᠷ ᠲᠤᠤᠷ᠎ᠠ ᠠᠴᠠ ᠬᠡᠭᠴᠢ ᠪᠠᠷ ᠬᠦᠬᠡᠷᠦᠬᠦᠢ ᠡᠵᠢ ᠨᠢ ᠬᠦᠳᠡᠭᠡ ᠳᠤ ᠪᠡᠶ᠎ᠠ ᠪᠠᠨ ᠬᠠᠶᠢᠷᠠᠯᠠᠯ ᠦᠬᠡᠢ ᠠᠵᠢᠯᠯᠠᠵᠤ ᠢᠷᠡᠭᠰᠡᠨ ᠤ ᠡᠴᠦᠰ ᠲᠤ ᠦᠶ᠎ᠠ ᠬᠡᠰᠢᠬᠦᠨ ᠤ ᠦᠷᠪᠢᠰᠦᠯ ᠳᠤ ᠬᠦᠨᠲᠦ ᠲᠠᠭᠠᠷᠢᠭᠳᠠᠵᠤ ᠠᠯᠬᠤᠵᠤ ᠴᠢᠳᠠᠬᠤ ᠦᠬᠡᠢ ᠰᠠᠭᠤᠭ᠎ᠠ ᠪᠤᠯᠵᠤ ᠬᠦᠮᠦᠨ ᠤ ᠭᠠᠷ ᠤᠨ ᠬᠦᠮᠦᠨ ᠪᠤᠯᠪᠠ᠃ ᠰᠤᠷᠬᠤ ᠶᠢᠨ ᠬᠦᠰᠡᠯᠡᠩ ᠡᠪᠦᠷᠯᠡᠵᠦ ᠶᠠᠪᠤᠭᠰᠠᠨ ᠪᠢᠴᠢᠬᠠᠨ ᠬᠡᠤᠬᠡᠨ ᠰᠡᠴᠡᠨ ᠰᠠᠭᠤᠭ᠎ᠠ ᠪᠤᠯᠤᠭᠰᠠᠨ ᠡᠵᠢ ᠪᠠᠨ ᠡᠷᠬᠦᠵᠦ ᠰᠤᠪᠢᠯᠠᠬᠤ ᠶᠢᠨ ᠡᠷᠬᠡ ᠪᠠᠷ ᠬᠦᠳᠡᠭᠡ ᠳᠡᠭᠡᠨ ᠬᠠᠷᠢᠵᠤ ᠮᠠᠯᠴᠢᠨ ᠪᠤᠯᠵᠤ᠂ ᠬᠠᠵᠠᠭᠤ ᠪᠠᠷ ᠨᠢ ᠪᠠᠷᠢᠭᠠᠳᠠ ᠶᠢᠨ ᠠᠵᠢᠯ ᠳᠤ ᠤᠷᠤᠯᠴᠠᠵᠤ ᠶᠠᠪᠤᠵᠠᠢ᠃ ᠲᠡᠷᠡ ᠦᠶ᠎ᠠ ᠳᠤ 1971 ᠤᠨ ᠳᠤ ᠵᠤᠬᠢᠶᠠᠨ ᠪᠠᠶᠢᠭᠤᠯᠤᠯᠳᠠ ᠠᠴᠠ ᠲᠡᠬᠦᠨ ᠢ ᠪᠡᠬᠡᠵᠢᠩ ᠤᠨ ᠴᠡᠷᠢᠭ ᠤᠨ ᠲᠤᠭᠤᠷᠢᠭ ᠤᠨ ᠰᠢ ᠵᠦᠴᠦᠬᠡ ᠶᠢᠨ ᠰᠤᠷᠭᠠᠭᠤᠯᠢ ᠳᠤ ᠨᠡᠷ᠎ᠠ ᠮᠡᠳᠡᠬᠦᠯᠦᠭᠰᠡᠨ ᠪᠤᠯᠪᠠᠴᠤ ᠠᠷᠤ ᠬᠡᠷ ᠤᠨ ᠰᠢᠯᠳᠠᠭᠠᠨ ᠠᠴᠠ ᠠᠯᠤᠰ ᠬᠤᠯᠠ ᠶᠠᠪᠤᠵᠤ ᠡᠷᠳᠡᠮ ᠡᠪᠦᠷᠯᠡᠬᠦ ᠰᠠᠶᠢᠬᠠᠨ ᠠᠵᠠ ᠲᠤᠬᠢᠶᠠᠯ ᠢᠶᠠᠨ ᠠᠯᠳᠠᠵᠠᠢ᠃ ᠬᠠᠳᠠᠭᠤ ᠪᠡᠷᠬᠡ ᠲᠠᠢ ᠴᠠᠭ ᠦᠶ᠎ᠠ ᠳᠤ ᠰᠡᠴᠡᠨ ᠤᠴᠢᠷ ᠶᠠᠪᠤᠳᠠᠯ ᠳᠤ ᠪᠠᠶᠠᠰᠤᠩᠭᠤᠢ ᠤᠪᠤᠷ ᠢᠶᠠᠷ ᠬᠠᠨᠲᠤᠵᠤ᠂ ᠶᠠᠷᠤ ᠠᠴᠠ ᠠᠮᠢᠲᠤᠷᠠᠯ ᠳᠤ ᠭᠤᠮᠤᠳᠠᠵᠤ ᠭᠤᠲᠤᠷᠠᠨ ᠵᠤᠷᠢᠭ ᠮᠤᠬᠤᠵᠤ ᠦᠡᠭᠬᠡᠷᠡᠭᠰᠡᠨ ᠦᠬᠡᠢ᠂ ᠬᠠᠷᠢᠨ ᠢᠷᠡᠬᠡᠲᠤᠢ ᠳᠡᠭᠡᠨ ᠢᠳᠡᠬᠡᠯ ᠵᠤᠷᠢᠭ ᠲᠦᠬᠦᠷᠡᠩ ᠢᠶᠠᠷ ᠬᠡᠷ ᠪᠦᠯᠢ᠂ ᠤᠯᠠᠨ ᠨᠡᠶᠢᠳᠡ ᠶᠢᠨ ᠠᠵᠢᠯ ᠢ ᠦᠪᠡᠷ ᠤᠨ ᠴᠢᠳᠠᠬᠤ ᠬᠡᠪᠴᠢᠶᠡᠨ ᠳᠡᠭᠡᠨ ᠬᠢᠯᠠᠯᠵᠠᠮ᠎ᠠ ᠬᠢᠵᠦ ᠶᠠᠪᠤᠭᠰᠠᠭᠠᠷ ᠢᠷᠡᠪᠡ᠃ ᠡᠬᠡᠴᠢ ᠲᠠᠢ ᠪᠠᠨ ᠬᠠᠮᠲᠦ ᠬᠡᠷ ᠤᠨ ᠠᠵᠢᠯ ᠢᠶᠠᠨ ᠪᠡᠶᠡᠯᠡᠬᠦᠯᠵᠦ᠂ ᠠᠪᠤ ᠪᠠᠨ ᠬᠠᠪᠰᠤᠷᠤᠨ ᠬᠡᠷ ᠤᠨ ᠢᠶᠠᠨ ᠠᠵᠢᠯ ᠳᠤ ᠲᠤᠰᠠ ᠪᠤᠯᠵᠤ ᠠᠵᠢᠯᠯᠠᠭᠰᠠᠭᠠᠷ ᠨᠢᠬᠡ ᠮᠠᠳᠡᠬᠦ ᠳᠤ ᠤᠯᠠᠩᠬᠢ ᠠᠵᠢᠯ ᠤᠨ ᠡᠪ ᠳ᠋ᠦᠢ ᠶᠢ ᠤᠢᠢᠯᠠᠭᠠᠨ ᠮᠡᠳᠡᠭᠰᠡᠨ ᠠᠵᠢᠯᠰᠠᠭ ᠬᠡᠤᠬᠡᠨ ᠪᠤᠯᠤᠭᠰᠠᠨ᠃                1974 ᠤᠨ ᠳᠤ ᠲᠡᠷᠡ ᠪᠤᠶᠢᠷ ᠰᠤᠮᠤᠨ ᠤ ᠤᠯᠠᠭᠠᠨ ᠪᠠᠷᠢᠭᠠᠳᠠ ᠶᠢᠨ ︽ᠲᠡᠮᠦᠷ ᠬᠡᠤᠬᠡᠨᠴᠤᠳ ᠤᠨ ᠲᠤᠭᠤᠢᠢᠯᠠᠩ ︾ ᠤᠨ ᠬᠠᠮᠲᠦ ᠤᠯᠠᠨ ᠲᠠᠢ ᠪᠠᠨ ᠨᠡᠶᠢᠳᠡ ᠶᠢᠨ ᠠᠵᠢᠯ ᠳᠤ ᠤᠷᠤᠯᠴᠠᠵᠤ ᠢᠷᠡᠭᠰᠡᠨ ᠴᠠᠭ ᠠᠴᠠ ᠪᠠᠨ ᠠᠵᠢᠯᠰᠠᠭ ᠬᠦᠮᠦᠰ ᠤᠨ ᠦᠢᠯᠡ ᠶᠠᠪᠤᠳᠠᠯ ᠢᠶᠠᠷ ᠲᠠᠭᠤᠷᠢᠶᠠᠯ ᠪᠤᠯᠭᠠᠵᠤ᠂ ᠰᠤᠮᠤ᠂ ᠪᠠᠷᠢᠭᠠᠳᠠ ᠠᠴᠠ ᠲᠤᠰᠢᠶᠠᠭᠰᠠᠨ ᠠᠵᠢᠯ ᠢ ᠬᠡᠯᠡᠪᠡᠯ ᠬᠢᠬᠦ ᠵᠤᠷᠢᠭ ᠰᠠᠨᠠᠭ᠎ᠠ ᠪᠠᠷ ᠭᠠᠪᠰᠢᠭᠠᠢᠢᠯᠠᠨ ᠬᠢᠵᠦ᠂ ᠦᠷᠭᠦᠯᠵᠢ ᠳᠠᠪᠰᠢᠯᠲᠠ ᠲᠠᠢ ᠶᠠᠪᠤᠬᠤ ᠶᠢ ᠵᠤᠷᠢᠳᠠᠭ ᠪᠠᠶᠢᠭᠰᠠᠨ ᠠᠵᠢ᠃
           ᠰᠡᠴᠡᠨ 1972 ᠤᠨ ᠳᠤ ᠲᠤᠮᠲᠠᠲᠦ ᠤᠯᠤᠰ ᠤᠨ ᠡᠪ ᠬᠠᠮᠲᠦ ᠵᠠᠯᠠᠭᠤᠴᠤᠳ ᠤᠨ ᠡᠪᠯᠡᠯ ᠤᠨ ᠬᠡᠰᠢᠬᠦᠨ ᠢᠶᠠᠷ ᠡᠯᠰᠡᠭᠳᠡᠵᠦ᠂ 1973 ᠤᠨ ᠳᠤ ᠬᠠᠷᠠᠮᠦ᠋ᠷᠡᠨ ᠮᠤᠵᠢ ᠶᠢᠨ ᠡᠮᠡᠭᠲᠠᠶᠢᠴᠤᠳ ᠤᠨ ᠲᠦᠯᠦᠬᠡᠯᠡᠭᠴᠢᠳ ᠤᠨ ᠶᠡᠭᠡ ᠬᠤᠷᠠᠯ ᠳᠤ ᠤᠷᠤᠯᠴᠠᠵᠤ ᠬᠠᠷᠠᠮᠦ᠋ᠷᠡᠨ ᠮᠤᠵᠢ ᠶᠢᠨ ᠡᠮᠡᠭᠲᠠᠶᠢᠴᠤᠳ ᠤᠨ ᠬᠤᠯᠪᠤᠭᠠᠲᠦ ᠬᠤᠷᠠᠯ ᠤᠨ ᠬᠡᠰᠢᠬᠦᠨ ᠢᠶᠠᠷ ᠰᠤᠩᠭᠤᠭᠳᠠᠪᠠ᠃ 1973 - 1974 ᠤᠨ ᠤ ᠬᠤᠭᠤᠷᠤᠨᠲᠦ ᠪᠤᠶᠢᠷ ᠰᠤᠮᠤᠨ ᠤ ᠤᠯᠠᠭᠠᠨ ᠪᠠᠷᠢᠭᠠᠳᠠ ︵ᠭᠠᠴᠠᠭ᠎ᠠ︶ ᠶᠢᠨ ᠡᠮᠡᠭᠲᠠᠶᠢᠴᠤᠳ ᠤᠨ ᠡᠷᠬᠢᠯᠡᠭᠴᠢ᠂ ᠵᠠᠯᠠᠭᠤᠴᠤᠳ ᠤᠨ ᠡᠪᠯᠡᠯ ᠤᠨ ᠡᠬᠦᠷ ᠤᠨ ᠱᠦᠵᠢ ᠪᠠᠷ ᠠᠵᠢᠯᠯᠠᠵᠤ ᠪᠠᠶᠢᠵᠠᠢ᠃ ᠲᠡᠷᠡ ᠪᠠᠷᠢᠭᠠᠳᠠ ᠶᠢᠨ ᠡᠮᠡᠭᠲᠠᠶᠢᠴᠤᠳ ᠤᠨ ᠡᠷᠬᠢᠯᠡᠭᠴᠢ ᠶᠢᠨ ᠠᠵᠢᠯ ᠢ ᠬᠠᠷᠢᠭᠤᠴᠠᠨ ᠬᠢᠵᠦ ᠪᠠᠶᠢᠬᠤ ᠳᠠᠭᠠᠨ ᠤᠯᠠᠨ ᠤ ᠠᠵᠢᠯ ᠢ ᠰᠢᠭᠤᠷᠬᠠᠢ ᠰᠠᠶᠢᠬᠠᠨ ᠪᠡᠶᠡᠯᠡᠬᠦᠯᠵᠦ ᠶᠠᠪᠤᠭᠰᠠᠨ ᠠᠴᠠ ᠰᠤᠮᠤᠨ ᠤ ᠲᠠᠯ᠎ᠠ ᠠᠴᠠ ᠠᠵᠢᠯ ᠤᠨ ᠪᠠᠶᠢᠷᠢ ᠠᠴᠠ ᠰᠠᠯᠬᠤ ᠦᠬᠡᠢ ᠲᠡᠳ᠋ ᠰᠤᠮᠤᠨ ᠲᠠᠷᠤᠭ᠎ᠠ ᠪᠠᠷ ᠠᠵᠢᠯᠯᠠᠭᠤᠯᠵᠤ᠂ ᠮᠦᠨ ᠴᠦ ᠰᠤᠮᠤᠨ ᠤ ᠡᠮᠡᠭᠲᠠᠶᠢᠴᠤᠳ ᠤᠨ ᠡᠷᠬᠢᠯᠡᠭᠴᠢ ᠶᠢᠨ ᠠᠵᠢᠯ ᠢ ᠬᠠᠷᠢᠭᠤᠴᠠᠨ ᠬᠢᠯᠬᠡᠵᠠᠢ᠃ ᠶᠠᠭ ᠡᠨᠡ ᠦᠶ᠎ᠠ ᠳᠤ ᠪᠦᠬᠦ ᠤᠷᠤᠨ ᠤ ᠬᠡᠪᠴᠢᠶᠠᠨ ᠳᠤ ᠭᠠᠴᠠᠭ᠎ᠠ ᠪᠠᠷᠢᠭᠠᠳᠠ ᠪᠠᠷ ᠨᠢᠬᠡᠴᠢ ᠪᠤᠯᠭᠠᠭᠰᠠᠨ ᠲᠡᠮᠦᠷ ᠬᠡᠤᠬᠡᠨᠴᠤᠳ ᠤᠨ ᠭᠠᠪᠰᠢᠭᠠᠢ ᠲᠤᠭᠤᠢᠢᠯᠠᠩ ᠪᠠᠶᠢᠭᠤᠯᠤᠭᠳᠠᠵᠤ᠂ ᠲᠡᠷᠡ ᠤᠯᠠᠭᠠᠨ ᠪᠠᠷᠢᠭᠠᠳᠠ ᠶᠢᠨ ︽ᠲᠡᠮᠦᠷ ᠬᠡᠤᠬᠡᠨᠴᠤᠳ ᠤᠨ ᠲᠤᠭᠤᠢᠢᠯᠠᠩ ︾ ᠤᠨ ᠨᠢᠬᠡᠨ ᠬᠡᠰᠢᠬᠦᠨ ᠪᠤᠯᠵᠤ᠂ ᠮᠦᠨ ᠴᠦ ᠰᠤᠮᠤᠨ ᠤ ᠲᠠᠯ᠎ᠠ ᠠᠴᠠ ᠲᠡᠬᠦᠨ ᠢ ᠲᠤᠭᠤᠢᠢᠯᠠᠩ ᠤᠨ ᠲᠠᠷᠤᠭ᠎ᠠ ᠪᠠᠷ ᠲᠤᠮᠢᠯᠠᠵᠤ᠂ ᠪᠤᠶᠢᠷ ᠰᠤᠮᠤᠨ ᠤ ᠭᠤᠷᠪᠠᠨ ᠪᠠᠷᠢᠭᠠᠳᠠ ᠶᠢᠨ ︽ᠲᠡᠮᠦᠷ ᠬᠡᠤᠬᠡᠨᠴᠤᠳ ᠤᠨ ᠲᠤᠭᠤᠢᠢᠯᠠᠩ︾ ᠤᠨ ᠬᠡᠰᠢᠬᠦᠳ ᠢ ᠵᠤᠬᠢᠶᠠᠨ ᠪᠠᠶᠢᠭᠤᠯᠤᠨ ᠬᠠᠮᠲᠦ ᠶᠢᠨ ᠠᠵᠢᠯ ᠳᠤ ᠤᠷᠤᠯᠴᠠᠳᠠᠭ ᠪᠠᠶᠢᠭᠰᠠᠨ ᠶᠤᠮ᠃ ︽ᠲᠡᠮᠦᠷ ᠬᠡᠤᠬᠡᠨᠴᠤᠳ ᠤᠨ ᠲᠤᠭᠤᠢᠢᠯᠠᠩ︾ ᠪᠠᠶᠢᠭᠤᠯᠤᠭᠳᠠᠭᠰᠠᠨ ᠤ ᠲᠠᠷᠠᠭ᠎ᠠ ᠪᠤᠶᠢᠷ ᠰᠤᠮᠤᠨ ᠤ ᠭᠤᠷᠪᠠᠨ ᠪᠠᠷᠢᠭᠠᠳᠠ ᠶᠢᠨ ᠰᠡᠬᠡᠬᠡᠳᠡᠨ ᠬᠡᠤᠬᠡᠨᠴᠤᠳ᠂ ᠮᠠᠯᠴᠢᠨ ᠬᠡᠤᠬᠡᠨᠴᠤᠳ ᠢᠶᠠᠷ ᠪᠦᠷᠢᠯᠲᠦᠭᠰᠡᠨ 23 ᠬᠦᠮᠦᠨ ᠤ ᠴᠢᠯᠠᠭᠤ ᠭᠠᠷᠭᠠᠬᠤ ᠠᠩᠬᠢ ᠴᠢᠯᠠᠭᠤ ᠮᠠᠯᠳᠠᠬᠤ ᠪᠠᠷ ᠪᠠᠭᠤᠵᠤ᠂ ᠭᠤᠷᠪᠠᠨ ᠮᠤᠩᠭᠤᠯ ᠬᠡᠷ ᠲᠠᠢ᠂ ᠨᠢᠬᠡ ᠲᠤᠰᠬᠠᠢ ᠲᠡᠷᠢ ᠬᠠᠮᠢᠶᠠᠷᠤᠭᠴᠢ ᠬᠦᠮᠦᠨ ᠲᠠᠢ ᠴᠢᠯᠠᠭᠤ ᠮᠠᠯᠳᠠᠬᠤ ᠪᠠᠷ ᠠᠭᠤᠯᠠᠨ ᠳᠤ ᠬᠦᠷᠴᠠᠢ᠃ ᠲᠤᠬᠠᠢ ᠶᠢᠨ ᠦᠶ᠎ᠠ ᠳᠤ ᠰᠡᠬᠡᠬᠡᠳᠡᠨ ᠬᠡᠤᠬᠡᠨᠴᠤᠳ ᠤᠨ ᠲᠤᠮᠳᠠ ᠠᠴᠠ ᠭᠤᠤ ᠢᠤᠢ ᡁᠢ᠂ ᠸᠠᠩ ᠶᠢᠨ ᠬᠤᠧᠠ ᠰᠡᠬᠡᠬᠡᠳᠡᠨ ᠲᠡᠮᠦᠷ ᠬᠡᠤᠬᠡᠨᠴᠤᠳ ᠢᠶᠠᠨ ᠬᠠᠮᠢᠶᠠᠷᠴᠦ᠂ ᠰᠡᠴᠡᠨ ︽ᠲᠡᠮᠦᠷ ᠬᠡᠤᠬᠡᠨᠴᠤᠳ ᠤᠨ ᠲᠤᠭᠤᠢᠢᠯᠠᠩ︾ ᠤᠨ ᠲᠤᠭᠤᠢᠢᠯᠠᠩ ᠤᠨ ᠲᠠᠷᠤᠭ᠎ᠠ ᠪᠠᠷ ᠠᠵᠢᠯᠯᠠᠪᠠ᠃ ᠲᠡᠳᠡ ᠬᠠᠮᠲᠦ ᠪᠠᠷ ᠴᠢᠯᠠᠭᠤ ᠬᠠᠭᠠᠯᠬᠤ᠂ ᠴᠢᠯᠠᠭᠤ ᠮᠠᠯᠳᠠᠬᠤ᠂ ᠴᠢᠯᠠᠭᠤ ᠵᠦᠬᠡᠬᠡᠪᠦᠷᠢᠯᠡᠬᠦ᠂ ᠴᠢᠯᠠᠭᠤᠨ ᠬᠡᠷᠡᠮ ᠪᠠᠷᠢᠬᠤ ᠠᠵᠢᠯ ᠢ ᠬᠤᠪᠢᠶᠠᠷᠢᠯᠠᠨ ᠬᠢᠵᠦ᠂ ᠡᠯ᠎ᠠ ᠪᠠᠷᠢᠭᠠᠳᠠ ᠶᠢᠨ ᠡᠪᠦᠯᠵᠢᠶ᠎ᠠ ᠬᠠᠪᠤᠷᠵᠢᠶ᠎ᠠ ᠶᠢᠨ ᠮᠠᠯ ᠤᠨ ᠬᠠᠰᠢᠶ᠎ᠠ ᠪᠠᠷᠢᠬᠤ ᠳᠤ ᠲᠦᠬᠦᠬᠡᠢ ᠮᠠᠲ᠋ᠧᠷᠢᠶᠠᠯ ᠬᠠᠨᠭ᠍ᠭᠠᠨ ᠦᠭᠴᠦ ᠪᠠᠶᠢᠭᠰᠠᠨ ᠪᠢᠯᠡ᠃ ︽ᠲᠡᠮᠦᠷ ᠬᠡᠤᠬᠡᠨᠴᠤᠳ︾ ᠠᠵᠢᠯ ᠢ ᠭᠤᠯᠤᠬᠤ ᠦᠭᠡᠢ᠂ ᠬᠦᠴᠢᠷ ᠢ ᠰᠦᠷᠴᠦ ᠪᠠᠷᠢᠭᠠᠳᠠ ᠶᠢᠨ ᠲᠤᠰᠢᠶᠠᠭᠰᠠᠨ ᠠᠵᠢᠯ ᠢ ᠴᠠᠭ ᠲᠤᠬᠠᠢ ᠳᠤᠨᠢ ᠬᠢᠵᠦ ᠪᠡᠶᠡᠯᠡᠬᠦᠯᠳᠡᠭ᠃
           ᠪᠤᠶᠢᠷ ᠰᠤᠮᠤᠨ ᠤ ᠭᠤᠷᠪᠠᠨ ᠪᠠᠷᠢᠭᠠᠳᠠ ᠶᠢᠨ ︽ᠲᠡᠮᠦᠷ ᠬᠡᠤᠬᠡᠨᠴᠤᠳ ᠤᠨ ᠲᠤᠭᠤᠢᠢᠯᠠᠩ︾ ᠬᠡᠵᠦ ᠤᠯᠠᠨ ᠦᠨᠲᠦᠰᠦᠳᠡᠨ ᠢᠶᠠᠷ ᠪᠦᠷᠢᠯᠲᠦᠭᠰᠡᠨ ᠬᠡᠷ ᠪᠦᠯᠢ᠃ ᠰᠡᠬᠡᠬᠡᠳᠡᠨ ᠪᠤᠯᠤᠨ ᠡᠯ᠎ᠠ ᠪᠠᠷᠢᠭᠠᠳᠠ ᠠᠴᠠ ᠰᠤᠩᠭᠤᠭᠰᠠᠨ ︽ᠲᠡᠮᠦᠷ ᠬᠡᠤᠬᠡᠨᠴᠤᠳ︾ ᠬᠤᠭᠤᠷᠤᠨᠲᠦ ᠪᠠᠨ ᠬᠡᠯᠡ ᠨᠡᠪᠳᠡᠷᠡᠯᠴᠡᠬᠦ ᠦᠬᠡᠢ ᠪᠠᠶᠢᠭᠰᠠᠨ ᠴᠦ ᠬᠠᠷᠢᠯᠴᠠᠨ ᠪᠡᠶ᠎ᠠ ᠪᠡᠶ᠎ᠠ ᠪᠠᠨ ᠬᠦᠨᠳᠦᠳᠬᠡᠵᠦ᠂ ᠬᠠᠷᠢᠯᠴᠠᠨ ᠰᠤᠷᠤᠯᠴᠠᠵᠤ᠂ ᠲᠤᠬᠠᠢ ᠶᠢᠨ ᠦᠶ᠎ᠠ ᠳᠤ ᠬᠤᠪᠴᠠᠰᠤ ᠬᠤᠨᠠᠷ᠂ ᠢᠳᠡᠵᠦ ᠤᠤᠭᠤᠬᠤ ᠠᠴᠠ ᠡᠬᠢᠯᠡᠨ ᠬᠠᠷᠢᠯᠴᠠᠨ ᠬᠤᠪᠢᠶᠠᠯᠴᠠᠵᠤ᠂ ᠶᠡᠭᠡ ᠡᠶ᠎ᠡ ᠡᠪ ᠲᠠᠢ ᠬᠠᠮᠲᠦ ᠨᠡᠶᠢᠳᠡ ᠪᠠᠶᠢᠭᠰᠠᠨ ᠶᠤᠮ᠃ ︽ᠠᠯᠢ ᠨᠢᠬᠡᠨ ᠤ ᠬᠡᠷ ᠠᠴᠠ ᠢᠳᠡᠬᠦ ᠶᠠᠭᠤᠮ᠎ᠠ ᠢᠷᠡᠪᠡᠯ ᠲᠠᠷᠤᠢ ᠲᠦᠷᠬᠡᠨ ᠤᠯᠠᠨ ᠲᠠᠢ ᠪᠠᠨ ᠬᠤᠪᠢᠶᠠᠯᠴᠠᠵᠤ ᠢᠳᠡᠳᠡᠭ᠂ ᠶᠠᠷᠤ ᠠᠴᠠ ᠬᠡᠷᠡᠬᠦᠯ ᠮᠠᠷᠭᠤᠭᠠᠨ ᠭᠠᠷᠳᠠᠭ ᠦᠬᠡᠢ᠂ ᠠᠵᠢᠯ ᠢ ᠬᠠᠷᠢᠯᠴᠠᠨ ᠬᠠᠪᠰᠤᠷᠤᠯᠴᠠᠵᠤ᠂ ᠪᠡᠶ᠎ᠠ ᠪᠡᠶ᠎ᠠ ᠳᠡᠭᠡᠨ ᠦᠮᠦᠭ ᠲᠦᠰᠢᠭ ᠪᠤᠯᠵᠤ᠂ ᠨᠠᠰᠤ ᠪᠠᠷ ᠶᠡᠭᠡ ᠰᠢᠭ ᠬᠡᠤᠬᠡᠨ ᠨᠢ ᠲᠡᠬᠦᠤ ᠨᠡᠷ ᠢᠶᠠᠨ ᠬᠠᠷᠠᠭᠠᠯᠵᠠᠵᠤ᠂ ᠬᠠᠮᠲᠦ ᠪᠠᠷ ᠬᠤᠭᠤᠯᠠ ᠪᠠᠨ ᠬᠢᠵᠦ᠂ ᠢᠳᠡᠬᠦ ᠶᠠᠭᠤᠮ᠎ᠠ ᠬᠤᠮᠰᠠ᠂ ᠠᠮᠢᠲᠤᠷᠠᠯ ᠤᠨ ᠬᠡᠷᠡᠭᠯᠡᠬᠡᠨ ᠤ ᠵᠦᠢᠯᠡᠰ ᠲᠤᠳᠠᠭᠤ ᠪᠠᠶᠢᠭᠰᠠᠨ ᠴᠦ ᠬᠠᠮᠲᠦ ᠶᠢᠨ ᠬᠦᠴᠤᠨ ᠳᠤ ᠶᠡᠭᠡ ᠯᠡ ᠪᠠᠶᠠᠷ ᠵᠢᠷᠭᠠᠯ ᠲᠠᠢ ᠪᠠᠷ ᠠᠵᠢᠯ ᠢᠶᠠᠨ ᠬᠢᠯᠠᠯᠵᠠᠳᠠᠯ᠎ᠠ ᠪᠡᠶᠡᠯᠡᠬᠦᠯᠳᠡᠭ ᠪᠠᠶᠢᠭᠰᠠᠨ ᠳ᠋ᠠ︾ ᠬᠡᠵᠦ ᠰᠡᠴᠡᠨ ᠲᠡᠮᠦᠷ ᠬᠡᠤᠬᠡᠨ ᠶᠠᠪᠤᠭᠰᠠᠨ ᠤᠨ ᠴᠠᠭ ᠢᠶᠠᠨ ᠲᠤᠷᠠᠰᠤᠨ ᠬᠡᠯᠡᠨ᠎ᠠ᠃       — ᠡᠪᠦᠯ ᠤᠨ ᠡᠬᠢᠨ ᠰᠠᠷ᠎ᠠ ᠶᠢᠨ ᠨᠢᠬᠡ ᠡᠲᠦᠷ ᠴᠢᠯᠠᠭᠤ ᠬᠠᠭᠠᠯᠬᠤ ᠲᠡᠷᠢ ᠲᠤᠳᠠᠵᠤ᠂ ᠰᠤᠮᠤᠨ ᠲᠦᠪ ᠲᠤ ᠬᠦᠷᠴᠦ ᠮᠡᠳᠡᠬᠦᠯᠬᠦ ᠶᠠᠪᠤᠳᠠᠯ ᠲᠠᠢ ᠪᠤᠯᠪᠠ᠃ ᠲᠤᠬᠠᠢ ᠶᠢᠨ ᠦᠶ᠎ᠠ ᠳᠤ ᠴᠠᠰᠤ ᠶᠡᠭᠡ ᠤᠷᠤᠭᠰᠠᠨ ᠪᠤᠯᠬᠤᠷ ᠵᠠᠮ ᠬᠠᠷᠢᠯᠴᠠᠭ᠎ᠠ ᠲᠦᠬᠦᠮ ᠦᠬᠡᠢ ᠪᠤᠯᠵᠤ᠂ ︽ᠲᠡᠮᠦᠷ ᠬᠡᠤᠬᠡᠨᠴᠤᠳ ᠤᠨ ᠲᠤᠭᠤᠢᠢᠯᠠᠩ︾ ᠤᠨ ᠲᠠᠷᠤᠭ᠎ᠠ ᠪᠠᠶᠢᠭᠰᠠᠨ ᠪᠢ ᠲᠡᠳ᠋ ᠲᠤᠭᠤᠢᠢᠯᠠᠩ ᠤᠨ ᠲᠠᠷᠤᠭ᠎ᠠ ᠲᠠᠢ ᠪᠠᠨ ᠬᠠᠮᠲᠦ ᠪᠠᠷ ᠶᠠᠪᠠᠭᠠᠨ ᠢᠶᠠᠷ ᠰᠤᠮᠤᠨ ᠲᠦᠪ ᠦᠬᠡᠳᠡ ᠶᠠᠪᠤᠬᠤ ᠪᠠᠷ ᠰᠢᠢᠳᠴᠠᠢ᠃ ᠤᠷᠤᠢ ᠪᠤᠯᠵᠤ ᠪᠠᠶᠢᠭᠰᠠᠨ ᠪᠤᠯᠬᠤᠷ ᠪᠢᠳᠠ ᠬᠤᠶᠠᠷ ᠨᠢᠬᠡ ᠬᠦᠮᠦᠨ ᠨᠢᠬᠡ ᠫᠤᠤ ᠡᠬᠦᠷᠴᠦ ᠂ ᠤᠷᠤᠢ ᠶᠢᠨ ᠪᠦᠷᠦᠢ ᠳᠤ ᠰᠤᠮᠤᠨ ᠲᠦᠪ ᠤᠷᠤᠭᠤ ᠬᠦᠳᠡᠯᠪᠡ᠃ ᠲᠡᠷᠡ ᠦᠶ᠎ᠠ ᠳᠤ ᠤᠨᠤᠭ᠎ᠠ ᠬᠦᠰᠬᠡ ᠲᠠᠭᠠᠷᠠᠬᠤ ᠦᠬᠡᠢ ᠪᠤᠯ ᠶᠠᠪᠠᠭᠠᠨ ᠢᠶᠠᠷ ᠶᠠᠪᠤᠬᠤ ᠤᠴᠢᠷ ᠲᠠᠨᠳᠠ ᠲᠤᠬᠢᠶᠠᠯᠳᠤᠳᠠᠭ᠃ ᠲᠡᠷᠡ ᠦᠶ᠎ᠠ ᠳᠤ ᠵᠠᠮ ᠬᠠᠷᠢᠯᠴᠠᠭᠠᠨ ᠤ ᠪᠠᠭᠠᠵᠢ ᠲᠤᠳᠠᠮᠠᠭ᠂ ᠮᠤᠷᠢ᠂ ᠮᠤᠷᠢᠨ ᠲᠡᠷᠬᠡ᠂ ᠦᠬᠡᠷ ᠲᠡᠷᠬᠡ ᠵᠡᠷᠬᠡ ᠪᠠᠷ ᠶᠠᠪᠤᠳᠠᠭ᠂ ᠬᠠᠮᠢᠭ᠎ᠠ ᠠᠴᠠ ᠮᠤᠲ᠋ᠤᠷ ᠮᠠᠰᠢᠨ ᠪᠠᠶᠢᠬᠤ ᠶᠤᠮ ᠪᠤᠢ᠂ ᠡᠪᠦᠯ ᠤᠨ ᠡᠬᠢᠨ ᠪᠤᠯᠤᠭᠠᠳ ᠴᠡᠰᠤ ᠶᠡᠭᠡ ᠲᠠᠢ ᠵᠢᠯ ᠪᠠᠶᠢᠭᠰᠠᠨ ᠪᠤᠯᠬᠤᠷ ᠴᠠᠰᠤᠨ ᠳᠤ ᠠᠷᠠᠢ ᠬᠡᠵᠦ ᠰᠤᠮᠤᠨ ᠤ ᠲᠦᠪ ᠲᠤ ᠬᠦᠷᠴᠦ ᠲᠠᠷᠤᠢ ᠲᠦᠷᠬᠡᠨ ᠤᠴᠢᠷ ᠶᠠᠪᠤᠳᠠᠯ ᠢᠶᠠᠨ ᠬᠡᠯᠡᠬᠡᠳ ᠬᠡᠷ ᠲᠡᠭᠡᠨ ᠢᠷᠡᠬᠦ ᠳᠤ ᠬᠦᠯ ᠤᠨ ᠤᠯᠠ ᠤᠯᠠᠶᠢᠵᠤ ᠡᠪᠡᠳᠦᠬᠡᠳ᠂ ᠠᠯᠬᠤᠵᠤ ᠴᠢᠳᠠᠬᠤ ᠦᠬᠡᠢ ᠪᠤᠯᠤᠭᠰᠠᠨ᠃ ᠠᠪᠤ ᠡᠵᠢ ᠲᠠᠪᠤᠰᠤ ᠲᠠᠢ ᠬᠠᠷ᠎ᠠ ᠴᠠᠢ ᠪᠠᠷ ᠤᠯᠠᠶᠢᠭᠰᠠᠨ ᠬᠡᠰᠡᠭ ᠢ ᠤᠬᠢᠶᠠᠵᠤ ᠦᠭᠬᠦᠭᠰᠡᠨ ᠢᠶᠠᠷ ᠰᠠᠶ᠋ᠢ ᠡᠪᠡᠳᠬᠦ ᠨᠢ ᠨᠡᠮᠳᠡᠵᠦ᠂ ᠮᠠᠷᠭᠠᠰᠢ ᠨᠢ ᠴᠢᠯᠠᠭᠤ ᠲᠡᠬᠡᠬᠡᠬᠦ ᠲᠷᠠᠺᠲ᠋ᠤᠷ ᠲᠤ ᠰᠠᠭᠤᠭᠠᠳ ᠠᠭᠤᠯᠠᠨ ᠳᠤ ᠬᠠᠷᠢᠵᠤ ᠪᠢᠯᠡ ᠬᠡᠵᠦ ᠰᠡᠴᠠᠨ ᠲᠤᠬᠠᠢ ᠶᠢᠨ ᠦᠶ᠎ᠠ ᠶᠢᠨ ᠪᠠᠶᠢᠳᠠᠯ ᠢᠶᠠᠨ ᠡᠷᠬᠢᠴᠡᠬᠦᠯᠦᠨ ᠶᠠᠷᠢᠨ᠎ᠠ᠃      ᠲᠡᠳᠡᠨ ᠤ ︽ᠲᠡᠮᠦᠷ ᠬᠡᠤᠬᠡᠨᠴᠤᠳ ᠤᠨ ᠲᠤᠭᠤᠢᠢᠯᠠᠩ︾ ᠤᠨ ᠬᠡᠤᠬᠡᠨᠴᠤᠳ ᠡᠪᠦᠯ ᠬᠠᠪᠤᠷ ᠢᠯᠭᠠᠯ ᠦᠬᠡᠢ ᠨᠠᠶᠢᠳᠠ ᠶᠢᠨ ᠠᠵᠢᠯ ᠳᠤ ᠤᠷᠤᠯᠴᠠᠳᠠᠭ᠂ ᠬᠠᠪᠤᠷ ᠲᠠᠭᠠᠨ ᠬᠤᠯᠤᠭᠠᠨ᠎ᠠ ᠠᠯᠠᠬᠤ᠂ ᠢᠮᠠᠭ᠎ᠠ ᠰᠠᠮᠨᠠᠬᠤ ᠠᠵᠢᠯ᠂ ᠲᠦᠯ ᠲᠤᠰᠬᠤ ᠠᠵᠢᠯ ᠳᠤ ᠬᠤᠪᠢᠶᠠᠭᠳᠠᠵᠤ᠂ ᠵᠤᠨ ᠳᠠᠭᠠᠨ ᠤᠰᠤᠨ ᠰᠤᠪᠠᠭ ᠮᠠᠯᠳᠠᠬᠤ᠂ ᠭᠤᠤ ᠮᠠᠯᠳᠠᠬᠤ᠂ ᠬᠤᠨᠢ ᠬᠠᠶᠢᠴᠢᠯᠠᠬᠤ ᠠᠵᠢᠯ ᠳᠤ ᠤᠷᠤᠯᠴᠠᠵᠤ᠂ ᠨᠠᠮᠤᠷ ᠲᠠᠭᠠᠨ ᠬᠠᠲᠤᠯᠠᠩ ᠤᠨ ᠠᠵᠢᠯ ᠳᠤ ᠤᠷᠤᠯᠴᠠᠨ᠎ᠠ᠃ ᠭᠤᠤ ᠮᠠᠯᠳᠠᠬᠤ ᠂ ᠴᠢᠯᠠᠭᠤ ᠭᠠᠷᠭᠠᠬᠤ ᠬᠡᠵᠦ ᠪᠦᠰᠡᠲᠠᠢ ᠬᠦᠮᠦᠨ ᠤ ᠬᠢᠳᠡᠭ ᠠᠵᠢᠯ᠂ ᠠᠪᠤ ᠡᠵᠢ ᠶᠢᠨ ᠢᠶᠠᠨ ᠠᠮᠢ ᠭᠤᠤᠯ ᠪᠤᠯᠤᠭᠰᠠᠨ ᠬᠡᠤᠬᠡᠨᠴᠤᠳ ᠤᠨ ᠪᠠᠶ᠎ᠠ ᠶᠢᠨ ᠬᠦᠴᠦᠨ ᠠᠴᠠ ᠲᠠᠪᠠᠭᠰᠠᠨ ᠬᠦᠴᠢᠷᠲᠠᠢ ᠠᠵᠢᠯ ᠪᠠᠶᠢᠭᠰᠠᠨ ᠴᠦ ᠲᠡᠮᠦᠷ ᠬᠡᠤᠬᠡᠨᠴᠤᠳ ᠴᠠᠭ ᠲᠠᠢ ᠤᠷᠤᠯᠲᠤᠨ ᠴᠢᠳᠠᠮᠠᠭᠠᠢ ᠠᠵᠢᠯᠯᠠᠳᠠᠭ᠃ ᠪᠤᠶᠢᠷ ᠰᠤᠮᠤᠨ ᠤ ᠰᠡᠬᠡᠬᠡᠳᠡᠨ᠂ ᠤᠷᠤᠨ ᠨᠤᠲᠤᠭ ᠤᠨ ᠭᠠᠪᠰᠢᠭᠠᠢ ᠬᠡᠤᠬᠡᠨᠴᠤᠳ ᠢᠶᠠᠷ ᠪᠦᠷᠢᠯᠲᠦᠭᠰᠡᠨ ᠭᠤᠷᠪᠠᠨ ᠪᠠᠷᠢᠭᠠᠳᠠ ᠶᠢᠨ ︽ᠲᠡᠮᠦᠷ ᠬᠡᠤᠬᠡᠨᠴᠤᠳ︾ ᠬᠤᠶᠠᠷ ᠵᠢᠯ ᠵᠠᠯᠭᠠᠭᠠᠳ ᠴᠢᠯᠠᠭᠤ ᠮᠠᠯᠳᠠᠵᠤ᠂ ᠬᠠᠮᠲᠦ ᠨᠡᠶᠢᠳᠡ ᠶᠢᠨ ᠴᠢᠯᠠᠭᠤᠨ ᠬᠡᠷᠡᠮ ᠪᠠᠷᠢᠬᠤ ᠳᠤ ᠲᠤᠰᠠ ᠪᠤᠯᠵᠤ᠂ ᠲᠦᠬᠦᠬᠡᠢ ᠮᠠᠲ᠋ᠧᠷᠢᠶᠠᠯ ᠢ ᠴᠠᠭ ᠲᠤᠬᠠᠢ ᠳᠤᠨᠢ ᠬᠠᠨᠭ᠍ᠭᠠᠵᠤ ᠴᠢᠳᠠᠪᠠ᠃ ᠲᠡᠳᠡᠨ ᠤ ᠭᠠᠴᠠᠭᠠᠨ ᠤ ︽ᠲᠡᠮᠦᠷ ᠬᠡᠤᠬᠡᠨᠴᠤᠳ ᠤᠨ ᠲᠤᠭᠤᠢᠢᠯᠠᠩ︾ ᠤᠨ ᠬᠤᠷᠢᠨ ᠬᠡᠲᠤᠨ ᠬᠡᠤᠬᠡᠨ ᠬᠤᠶᠠᠷ ᠵᠢᠯ ᠤᠨ ᠲᠤᠷᠰᠢ ᠬᠠᠳᠠᠭᠤᠵᠢᠯᠲᠠᠢ ᠴᠢᠷᠮᠠᠶᠢᠯᠭ᠎ᠠ ᠪᠠᠷ ᠢᠶᠠᠨ ᠪᠤᠶᠢᠷ ᠰᠤᠮᠤᠨ ᠤ ᠡᠯ᠎ᠠ ᠪᠠᠷᠢᠭᠠᠳᠠ ᠶᠢᠨ ᠬᠡᠷᠡᠮ ᠬᠠᠰᠢᠶ᠎ᠠ ᠪᠠᠷᠢᠬᠤ ᠬᠠᠪᠤᠷ ᠤᠨ ᠪᠡᠯᠡᠳᠬᠡᠯ ᠠᠵᠢᠯ ᠳᠤ ᠤᠮᠳᠤᠭᠠᠢᠢᠯᠠᠵᠤ ᠪᠤᠯᠤᠰᠢ ᠦᠬᠡᠢ ᠦᠢᠯᠡᠲᠦᠯ ᠢᠶᠠᠨ ᠪᠠᠳᠠᠷᠠᠭᠤᠯᠪᠠ᠃ ᠮᠦᠨ ᠴᠦ ᠲᠡᠳᠡᠨ ᠤ ᠠᠵᠢᠯ ᠢ ᠰᠤᠮᠤ ᠪᠠᠷᠢᠭᠠᠳᠠ ᠶᠢᠨ ᠤᠲᠤᠷᠢᠲᠤᠯᠭ᠎ᠠ ᠠᠴᠠ ᠦᠨᠲᠦᠷ ᠦᠨᠠᠯᠠᠯᠳᠠ ᠦᠭᠴᠦ ᠤᠯᠠᠨ ᠰᠠᠶᠢᠰᠢᠶᠠᠯ ᠬᠦᠬᠢᠬᠦᠯᠦᠯ ᠢ ᠬᠠᠮᠲᠦ ᠤᠯᠠᠨ ᠢᠶᠠᠷ ᠢᠶᠠᠨ ᠬᠦᠷᠳᠡᠭᠰᠡᠨ ᠪᠢᠯᠡ᠃
         ᠰᠡᠴᠡᠨ ᠪᠤᠶᠢᠷ ᠰᠤᠮᠤᠨ ᠤ ᠡᠷᠦᠬᠡ ᠶᠢᠨ ᠴᠡᠷᠢᠭ ᠤᠨ ᠠᠩᠬᠢ ᠶᠢᠨ ᠲᠠᠷᠤᠭ᠎ᠠ ᠪᠠᠶᠢᠭᠰᠠᠨ ᠶᠤᠮ᠃ ᠲᠡᠳᠡᠨ ᠤ ᠡᠷᠦᠬᠡ ᠶᠢᠨ ᠴᠡᠷᠢᠭ ᠤᠨ ᠠᠩᠬᠢ ᠳᠤ ᠬᠤᠷᠢᠨ ᠬᠡᠳᠦᠨ ᠬᠦᠮᠦᠨ ᠲᠠᠢ᠂ ᠠᠵᠢᠯ ᠤᠨ ᠵᠠᠪ ᠴᠢᠯᠦᠬᠡ ᠪᠠᠷ ᠢᠶᠠᠨ ᠪᠤᠯᠪᠠᠰᠤᠷᠠᠯ ᠬᠢᠬᠦ ᠪᠠᠨ ᠠᠯᠳᠠᠬᠤ ᠦᠬᠡᠢ᠂ ᠮᠤᠷᠢᠲᠦ ᠴᠡᠷᠢᠭ ᠤᠨ ᠪᠤᠯᠪᠠᠰᠤᠷᠠᠯ᠂ ᠯᠤᠩᠬᠤ ᠫᠤᠤᠳᠠᠬᠤ ᠵᠡᠷᠬᠡ ᠪᠤᠯᠪᠠᠰᠤᠷᠠᠯ ᠢ ᠰᠠᠶᠢᠨ ᠬᠢᠳᠡᠭ ᠬᠡᠨ᠎ᠠ᠃ ᠡᠷᠦᠬᠡ ᠶᠢᠨ ᠴᠡᠷᠢᠭ ᠤᠨ ᠪᠤᠯᠪᠠᠰᠤᠷᠠᠯ ᠢᠶᠠᠨ ᠲᠠᠭᠤᠰᠬᠠᠭᠠᠳ ᠰᠡᠴᠡᠨ ᠬᠤᠰᠢᠭᠤᠨ ᠤ ᠪᠠᠨ ᠨᠠᠶᠢᠷ ᠲᠤ ᠮᠤᠷᠢᠲᠦ ᠴᠡᠷᠢᠭ ᠤᠨ ᠬᠠᠷᠪᠤᠯᠭ᠎ᠠ ᠳᠤ ᠭᠤᠷᠪᠠᠲᠤᠭᠠᠷ ᠲᠡᠰ ᠤᠨ ᠱᠠᠩᠨᠠᠯ ᠲᠤᠰᠴᠦ ᠪᠠᠶᠢᠭᠰᠠᠨ ᠦᠡᠭᠬᠡᠷᠡᠯᠳᠠ ᠲᠠᠢ᠃ ᠲᠤᠬᠠᠢ ᠶᠢᠨ ᠦᠶ᠎ᠠ ᠳᠤ ᠪᠤᠯᠪᠠᠰᠤᠷᠠᠯ ᠤᠨ ᠲᠠᠷᠠᠭ᠎ᠠ ᠫᠤᠤ ᠵᠠᠪᠰᠡᠭ ᠢ ᠬᠤᠷᠢᠶᠠᠵᠤ ᠠᠪᠬᠤ ᠦᠬᠡᠢ᠂ ᠪᠦᠷ ᠦᠪᠡᠷ ᠢᠶᠠᠨ ᠬᠠᠳᠠᠭᠠᠯᠠᠳᠠᠭ ᠪᠠᠶᠢᠭᠰᠠᠨ ᠠᠴᠠ ᠠᠵᠢᠯ ᠬᠢᠭᠰᠡᠨ ᠴᠦ᠂ ᠮᠤᠷᠢ ᠲᠠᠢ ᠵᠠᠮ ᠬᠦᠬᠡᠬᠡᠭᠰᠡᠨ ᠴᠦ ᠪᠦᠷ ᠡᠬᠦᠷᠴᠦ ᠶᠠᠪᠤᠳᠠᠭ᠃ ᠨᠢᠬᠡ ᠤᠳᠠᠭ᠎ᠠ ᠰᠡᠴᠡᠨ ᠮᠤᠷᠢᠲᠠᠢ ᠶᠠᠪᠤᠵᠤ ᠪᠠᠶᠢᠬᠤ ᠳᠤ ᠮᠤᠷᠢ ᠨᠢ ᠦᠯᠢᠢ ᠴᠦᠮᠦᠷᠠᠵᠦ ᠮᠤᠷᠢᠨ ᠠᠴᠠ ᠪᠠᠨ ᠤᠢᠢᠴᠢᠬᠤ ᠳᠤ ᠠᠷᠤ ᠲᠠᠯ᠎ᠠ ᠳᠤ ᠡᠬᠦᠷᠴᠦ ᠪᠠᠶᠢᠭᠰᠠᠨ ᠫᠤᠤ ᠶᠢᠨ ᠦᠵᠦᠬᠦᠷ ᠲᠤᠯᠤᠭᠠᠢ ᠶᠢ ᠨᠢ ᠬᠠᠭᠠᠯᠵᠤ ᠪᠠᠶᠢᠭᠰᠠᠨ ᠤᠳᠠᠭ᠎ᠠ ᠲᠠᠢ᠂ ᠬᠡᠬᠦ ᠳᠤ ᠲᠡᠷᠡ ᠶᠡᠷᠦ ᠵᠤᠷᠢᠭ ᠮᠤᠬᠤᠭᠰᠠᠨ ᠦᠬᠡᠢ᠃ ᠲᠡᠬᠡᠲᠦ ᠱᠠᠲᠤᠨ ᠤ ᠢᠳᠡᠬᠡᠯ ᠨᠠᠶᠢᠳᠠᠯᠭ᠎ᠠ᠂ ᠲᠠᠶᠢᠴᠢᠨ ᠬᠠᠨᠢ ᠨᠦᠬᠦᠳ ᠤᠨ ᠢᠳᠡᠬᠡᠯ ᠨᠠᠶᠢᠳᠠᠯᠭ᠎ᠠ ᠶᠢ ᠬᠦᠰᠡᠷᠳᠡᠬᠦᠯᠬᠦ ‍ᠦᠬᠡᠢ ᠶᠢᠨ ᠲᠦᠯᠦᠬᠡ ᠬᠠᠭᠠᠷᠠᠭᠰᠠᠨ ᠬᠡᠰᠡᠭ ᠢᠶᠠᠨ ᠲᠠᠷᠤᠢ ᠲᠦᠷᠬᠡᠨ ᠠᠷᠴᠢᠵᠤ᠂ ᠮᠤᠷᠢ ᠪᠠᠨ ᠪᠠᠷᠢᠵᠤ ᠦᠷᠬᠦᠯᠵᠢᠯᠡᠨ ᠠᠵᠢᠯ ᠳᠠᠭᠠᠨ ᠮᠤᠷᠳᠠᠪᠠ᠃      ︽ᠡᠪᠦᠯ ᠤᠨ ᠠᠵᠢᠯ ᠢᠶᠠᠨ ᠲᠠᠭᠤᠰᠬᠠᠭᠠᠳ ᠬᠠᠪᠤᠷ ᠲᠦᠯ ᠲᠤᠰᠬᠤ ᠠᠵᠢᠯ ᠳᠤ ᠠᠶᠢᠯ ᠠᠶᠢᠯ ᠳᠤ ᠬᠤᠪᠢᠶᠠᠭᠳᠠᠵᠤ᠂ ᠡᠲᠦᠷ ᠤᠨ ᠠᠵᠢᠯ ᠢᠶᠠᠨ ᠲᠠᠭᠤᠰᠬᠠᠪᠠᠯ ᠤᠷᠤᠢ ᠶᠢᠨ ᠴᠢᠯᠦᠬᠡ ᠳᠡᠭᠡᠨ ᠬᠤᠷᠠᠯ ᠬᠢᠵᠦ ᠲᠡᠬᠡᠷ᠎ᠠ ᠱᠠᠲᠤᠨ ᠠᠴᠠ ᠲᠤᠰᠢᠶᠠᠭᠰᠠᠨ ᠵᠤᠷᠢᠭ ᠰᠠᠨᠠᠭ᠎ᠠ ᠶᠢ ᠰᠤᠷᠤᠯᠴᠠᠳᠠᠭ ᠪᠠᠶᠢᠯ᠎ᠠ᠃ ᠤᠯᠠᠭᠠᠨ ᠪᠠᠷᠢᠭᠠᠳᠠ ᠶᠢᠨ ᠲᠠᠷᠤᠭ᠎ᠠ ᠪᠠᠶᠢᠭᠰᠠᠨ ᠲᠤᠭᠠᠷᠵᠠᠪ ᠠᠬ᠎ᠠ ᠪᠢᠳᠠ ᠬᠠᠮᠲᠦ ᠪᠠᠷ ᠬᠦᠷᠰᠢ ᠠᠶᠢᠯ ᠳᠤ ᠬᠤᠷᠠᠯ ᠬᠢᠬᠦ ᠪᠠᠷ ᠤᠴᠢᠬᠤ ᠳᠠᠭᠠᠨ ᠪᠢᠳᠠᠨ ᠢ ᠬᠠᠷᠠᠩᠭᠤᠢ ᠰᠦᠨᠢ ᠠᠶᠤᠵᠤ ᠰᠤᠴᠢᠬᠤ ᠦᠬᠡᠢ ᠰᠠᠶᠢᠨ ᠲᠡᠬᠦᠦ ᠨᠠᠷ ᠬᠡᠵᠦ ᠮᠠᠭᠳᠠᠳᠠᠭ ᠪᠠᠶᠢᠭᠰᠠᠨ︾ ᠬᠡᠵᠦ ᠰᠡᠴᠡᠨ ᠲᠤᠷᠠᠰᠤᠨ ᠶᠠᠷᠢᠨ᠎ᠠ᠃      ᠲᠡᠳᠡᠨ ᠤ ᠰᠡᠬᠡᠬᠡᠳᠡᠨ ᠬᠡᠤᠬᠡᠨᠴᠤᠳ᠂ ᠮᠠᠯᠴᠢᠨ ᠬᠡᠤᠬᠡᠨᠴᠤᠳ ᠢᠶᠠᠷ ᠪᠦᠷᠢᠯᠲᠦᠭᠰᠡᠨ ︽ᠲᠡᠮᠦᠷ ᠬᠡᠤᠬᠡᠨᠴᠤᠳ ᠤᠨ ᠲᠤᠭᠤᠢᠢᠯᠠᠩ︾ ᠬᠠᠮᠲᠦᠴᠢ ᠦᠵᠡᠯ ᠢᠶᠠᠷ ᠴᠢᠩᠭ᠎ᠠ᠂ ᠬᠠᠷᠢᠯᠴᠠᠨ ᠪᠦᠯᠬᠦᠮᠳᠡᠯ ᠲᠠᠢ ᠬᠠᠮᠲᠦ ᠤᠯᠠᠨ ᠃ ᠲᠡᠳᠡ ᠪᠠᠷᠢᠭᠠᠳᠠ ᠶᠢᠨ ᠬᠦᠴᠢᠷᠲᠠᠢ ᠠᠵᠢᠯ ᠤᠨ ᠡᠮᠦᠨ᠎ᠠ ᠭᠠᠪᠰᠢᠭᠠᠢᠢᠯᠠᠨ ᠵᠤᠨ ᠡᠪᠦᠯ᠂ ᠬᠠᠪᠤᠷ ᠨᠠᠮᠤᠷ ᠬᠡᠵᠦ ᠵᠢᠯ ᠤᠨ ᠲᠦᠷᠪᠡᠨ ᠤᠯᠠᠷᠢᠯ ᠢᠯᠭᠠᠯ ᠦᠬᠡᠢ ᠠᠮᠠᠷᠠᠯᠳᠠ ᠦᠬᠡᠢ ᠠᠵᠢᠯᠯᠠᠳᠠᠭ᠃ ᠶᠠᠮᠠᠷ ᠴᠦ ᠬᠦᠴᠢᠷᠲᠠᠢ ᠠᠵᠢᠯ ᠪᠠᠶᠢᠭᠰᠠᠨ ᠴᠦ ᠬᠤᠶᠢᠰᠢ ᠤᠬᠤᠷᠢᠬᠤ ᠦᠬᠡᠢ᠃ ᠬᠠᠪᠤᠷ ᠤᠨ ᠠᠵᠢᠯ ᠢᠶᠠᠨ ᠲᠠᠭᠤᠰᠬᠠᠪᠠᠯ ᠵᠤᠨ ᠤ ᠴᠠᠭ ᠲᠤ ᠤᠰᠤᠨ ᠰᠤᠪᠠᠭ ᠮᠠᠯᠳᠠᠬᠤ᠂ ᠨᠤᠤᠰᠤ ᠨᠤᠤᠯᠤᠭᠤᠷ ᠠᠪᠬᠤ ᠠᠵᠢᠯ ᠳᠤ ᠪᠦᠷ ᠤᠷᠤᠯᠴᠠᠳᠠᠭ᠃ ᠬᠤᠵᠢᠮ ᠨᠢ ᠮᠠᠯᠴᠢᠨ ᠬᠡᠤᠬᠡᠨᠴᠤᠳ ᠤᠨ ᠤᠯᠠᠩᠬᠢ ᠨᠢ ᠬᠦᠳᠡᠭᠡ ᠳᠡᠭᠡᠨ ᠮᠠᠯᠵᠢᠬᠤ ᠠᠮᠢᠲᠤᠷᠠᠯ ᠢᠶᠠᠨ ᠦᠷᠬᠦᠯᠵᠢᠯᠡᠬᠦᠯᠵᠦ᠂ ᠰᠡᠬᠡᠬᠡᠳᠡᠨ ᠬᠡᠤᠬᠡᠨᠴᠤᠳ ᠠᠵᠢᠯ ᠤᠨ ᠬᠤᠪᠢᠶᠠᠷᠢ ᠪᠠᠨ ᠤᠯᠵᠤ ᠡᠯ᠎ᠠ ᠠᠵᠢᠯ ᠤᠨ ᠪᠠᠶᠢᠷᠢ ᠳᠤ ᠤᠯᠤᠰ ᠬᠡᠷ ᠤᠨ ᠬᠦᠭᠵᠢᠯ ᠬᠤᠪᠢᠷᠠᠯᠳᠠ ᠳᠤ ᠬᠦᠴᠦᠨ ᠵᠢᠳᠬᠦᠯ ᠢᠶᠠᠨ ᠦᠵᠡᠬᠦᠯᠦᠨ ᠶᠠᠪᠤᠨ᠎ᠠ᠃ ᠲᠡᠳᠡ ᠲᠤᠬᠠᠢ ᠶᠢᠨ ᠦᠶ᠎ᠠ ᠶᠢᠨ ︽ᠲᠡᠮᠦᠷ ᠬᠡᠤᠬᠡᠨ︾ ᠶᠠᠪᠤᠭᠰᠠᠨ ᠴᠠᠭ ᠦᠶ᠎ᠠ ᠶᠢᠨ ᠵᠤᠷᠢᠭ ᠰᠠᠨᠠᠭ᠎ᠠ ᠪᠠᠷ ᠠᠵᠢᠯ ᠤᠨ ᠪᠠᠶᠢᠷᠢ ᠳᠠᠭᠠᠨ ᠰᠢᠭᠤᠷᠬᠠᠢᠢᠯᠠᠵᠤ᠂ ᠬᠦᠴᠢᠷ ᠤᠨ ᠡᠮᠦᠨ᠎ᠠ ᠬᠦᠯ ᠨᠤᠭᠤᠷᠠᠬᠤ ᠦᠬᠡᠢ ᠭᠠᠨᠭ᠌ ᠬᠠᠳᠠᠭᠤ ᠵᠤᠷᠢᠭ ᠰᠠᠨᠠᠭ᠎ᠠ ᠲᠠᠢ ᠬᠦᠮᠦᠨ ᠪᠤᠯᠤᠨ ᠬᠦᠮᠦᠵᠢᠭᠳᠡᠪᠠ᠃
           ᠠᠮᠢᠲᠤᠷᠠᠯ ᠳᠠᠭᠠᠨ ᠢᠳᠡᠬᠡᠯ ᠵᠤᠷᠢᠭ ᠢ ᠪᠠᠷᠢᠵᠤ᠂ ᠦᠪᠡᠷ ᠲᠡᠭᠡᠨ ᠢᠳᠡᠬᠡᠯ ᠲᠠᠢ ᠶᠠᠪᠤᠳᠠᠭ ᠬᠦᠮᠦᠨ ᠳᠤ ᠠᠮᠢᠲᠤᠷᠠᠯ ᠤᠨ ᠠᠶᠠᠨ ᠳᠤ ᠠᠶᠠᠨᠳᠠᠭᠠᠨ ᠠᠵᠠ ᠵᠠᠪᠰᠢᠶᠠᠨ ᠲᠤᠬᠢᠶᠠᠳᠠᠭ ᠪᠢᠯᠡ᠃ ᠰᠡᠴᠡᠨ ᠬᠤᠶᠠᠷ ᠤᠳᠠᠭ᠎ᠠ ᠰᠤᠷᠭᠠᠭᠤᠯᠢ ᠰᠤᠶᠤᠯ ᠤᠨ ᠮᠦᠷ ᠢ ᠬᠦᠬᠡᠬᠡᠬᠦ ᠲᠤᠬᠢᠶᠠᠯ ᠢ ᠠᠳᠬᠤᠵᠤ ᠴᠢᠳᠠᠭᠰᠠᠨ ᠦᠬᠡᠢ ᠴᠦ 1976 ᠤᠨ ᠳᠤ ᠦᠷᠬᠦᠯᠵᠢᠯᠡᠨ ᠰᠤᠷᠤᠯᠴᠠᠬᠤ ᠵᠠᠪᠰᠢᠶᠠᠨ ᠢᠷᠡᠵᠦ᠂ ᠬᠠᠶᠢᠯᠠᠷ ᠤᠨ ᠮᠤᠩᠭᠤᠯ ᠦᠨᠲᠦᠰᠦᠳᠡᠨ ᠤ ᠪᠠᠭᠰᠢ ᠶᠢᠨ ᠰᠤᠷᠭᠠᠭᠤᠯᠢ ᠳᠤ ᠰᠤᠷᠤᠯᠴᠠᠬᠤ ᠪᠠᠷ ᠪᠤᠯᠪᠠ᠃ ᠲᠡᠷᠡ ᠲᠤᠬᠠᠢ ᠶᠢᠨ ᠦᠶ᠎ᠠ ᠶᠢᠨ ᠠᠵᠢᠯ ᠤᠨ ᠪᠠᠶᠢᠷᠢ᠂ ᠲᠡᠮᠦᠷ ᠬᠡᠤᠬᠡᠨᠴᠤᠳ ᠤᠨ ᠬᠠᠮᠲᠦ ᠤᠯᠠᠨ ᠠᠴᠠ ᠪᠠᠨ ᠰᠠᠯᠬᠤ ᠲᠤᠷ᠎ᠠ ᠦᠬᠡᠢ ᠪᠠᠶᠢᠭᠰᠠᠨ ᠴᠦ ᠰᠤᠶᠤᠯ ᠮᠡᠳᠡᠯᠬᠡ ᠪᠠᠨ ᠲᠡᠬᠡᠭᠰᠢᠯᠡᠬᠦᠯᠬᠦ ᠨᠢ ᠴᠢᠬᠤᠯᠠᠲᠠᠢ ᠲᠤᠯᠠ ᠬᠠᠶᠢᠯᠠᠷ ᠢ ᠵᠤᠷᠢᠵᠤ ᠰᠤᠶᠤᠯ ᠤᠨ ᠠᠶᠠᠨ ᠳᠠᠭᠠᠨ ᠮᠤᠷᠳᠠᠵᠠᠢ᠃ ᠲᠡᠷᠡ ᠦᠷᠬᠦᠯᠵᠢᠯᠡᠨ ᠰᠤᠶᠤᠯ ᠮᠡᠳᠡᠯᠬᠡ ᠪᠠᠨ ᠲᠡᠬᠡᠭᠰᠢᠯᠡᠬᠦᠯᠬᠦ ᠲᠤᠬᠢᠶᠠᠯ ᠢ ᠰᠠᠶᠢᠲᠦᠷ ᠠᠳᠬᠤᠵᠤ᠂ ᠬᠤᠶᠠᠷ ᠵᠢᠯ ᠤᠨ ᠲᠤᠷᠰᠢ ᠪᠠᠭᠰᠢ ᠶᠢᠨ ᠮᠡᠳᠡᠯᠬᠡ ᠮᠡᠷᠬᠡᠵᠢᠯ ᠢ ᠰᠤᠷᠤᠯᠴᠠᠯ᠎ᠠ᠃ ᠬᠤᠶᠠᠷ ᠵᠢᠯ ᠤᠨ ᠲᠠᠷᠠᠭ᠎ᠠ 1978 ᠤᠨ ᠳᠤ ᠬᠠᠶᠢᠯᠠᠷ ᠤᠨ ᠮᠤᠩᠭᠤᠯ ᠦᠨᠲᠦᠰᠦᠳᠡᠨ ᠤ ᠪᠠᠭᠰᠢ ᠶᠢᠨ ᠰᠤᠷᠭᠠᠭᠤᠯᠢ ᠠᠴᠠ ᠠᠮᠵᠢᠯᠳᠠ ᠲᠠᠢ ᠲᠡᠬᠦᠰᠴᠦ ᠨᠤᠲᠤᠭ ᠲᠠᠭᠠᠨ ᠪᠤᠴᠠᠵᠤ᠂ ᠲᠤᠰ ᠵᠢᠯ ᠠᠴᠠ ᠨᠢ ᠪᠤᠶᠢᠷ ᠰᠤᠮᠤᠨ ᠤ ᠪᠤᠶᠢᠷ ᠰᠤᠷᠭᠠᠭᠤᠯᠢ ᠳᠤ ᠪᠠᠭᠰᠢᠯᠠᠪᠠ᠃ ᠰᠡᠴᠡᠨ ᠠᠷᠪᠠ ᠰᠢᠬᠠᠮ ᠵᠢᠯ ᠦᠨᠲᠦᠰᠤᠨ ᠱᠠᠲᠤᠨ ᠤ ᠰᠤᠷᠭᠠᠨ ᠬᠦᠮᠦᠵᠢᠯ ᠤᠨ ᠦᠢᠯᠡᠰ ᠲᠤ ᠵᠢᠳᠬᠦᠵᠦ ᠢᠷᠡᠬᠦ ᠳᠡᠭᠡᠨ ᠭᠤᠷᠪᠠᠨ ᠵᠢᠯ ᠲᠠᠷᠠᠭᠠᠯᠠᠨ ᠰᠢᠯᠢᠳᠡᠭ ᠠᠩᠬᠢ ᠶᠢᠨ ᠡᠷᠬᠢᠯᠡᠭᠴᠢ ᠪᠠᠷ ᠰᠤᠩᠭᠤᠭᠳᠠᠵᠤ᠂ ᠪᠦᠬᠦ ᠰᠤᠷᠭᠠᠭᠤᠯᠢ ᠶᠢᠨ ᠬᠤᠰᠢᠭᠤᠴᠢ ᠠᠩᠬᠢ ᠶᠢᠨ ᠶᠡᠭᠡ ᠠᠩᠬᠢ ᠶᠢᠨ ᠵᠢᠭᠠᠨ ᠵᠢᠯᠦᠭᠤᠲᠤᠭᠴᠢ ᠪᠠᠷ ᠠᠵᠢᠯᠯᠠᠵᠤ᠂ ᠰᠢᠨ᠎ᠠ ᠪᠠᠷᠭᠤ ᠪᠠᠷᠠᠭᠤᠨ ᠬᠤᠰᠢᠭᠤᠨ ᠤ ᠰᠤᠷᠭᠠᠨ ᠬᠦᠮᠦᠵᠢᠯ ᠤᠨ ᠲᠤᠪᠴᠢᠶᠠᠨ ᠤ ᠰᠢᠯᠢᠳᠡᠭ ᠵᠢᠭᠠᠨ ᠵᠢᠯᠦᠭᠤᠲᠤᠭᠴᠢ ᠶᠢᠨ ᠱᠠᠩᠨᠠᠯ ᠢ ᠬᠦᠷᠳᠡᠵᠤ ᠪᠠᠶᠢᠪᠠ᠃      1980 ᠤᠨ ᠳᠤ ᠪᠤᠶᠢᠷ ᠰᠤᠮᠤᠨ ᠤ ᠵᠢᠯᠤᠭᠤᠴᠢ ᠬᠠᠨ ᠰᠢᠤᠧᠠᠢ ᠸᠧᠨ ᠲᠠᠢ ᠬᠤᠷᠢᠮᠯᠠᠵᠤ᠂ ᠨᠢᠬᠡ ᠬᠦᠦ ᠲᠠᠢ ᠪᠤᠯᠵᠤ᠂ ᠬᠦᠦ ᠨᠢ ᠬᠤᠵᠢᠮ ᠨᠢ ᠡᠵᠢ ᠶᠢᠨ ᠢᠶᠠᠨ ᠨᠠᠶᠢᠳᠠᠯᠭ᠎ᠠ ᠶᠢ ᠬᠦᠯᠢᠶᠡᠵᠦ᠂ ᠲᠡᠬᠡᠲᠦ ᠲᠤᠮᠲᠠᠲᠦ ᠪᠠᠨ ᠲᠡᠬᠦᠰᠬᠡᠬᠡᠳ ᠴᠡᠷᠢᠭ ᠤᠨ ᠠᠯᠪᠠ ᠬᠠᠭᠠᠵᠤ᠂ ᠲᠡᠳᠡᠨ ᠤ ᠬᠡᠷ ᠪᠦᠯᠢ ᠦᠡᠭᠬᠡ ᠬᠡᠷᠡᠯᠲᠠᠢ ᠪᠠᠷ ᠴᠡᠷᠢᠭ ᠤᠨ ᠬᠡᠷ ᠪᠦᠯᠢ ᠪᠤᠯᠤᠭᠰᠨᠨ ᠶᠤᠮ᠃      ᠰᠡᠴᠡᠨ ᠪᠠᠭᠰᠢ ᠶᠢᠨ ᠠᠵᠢᠯ ᠢᠶᠠᠨ ᠠᠷᠪᠠ ᠰᠢᠬᠠᠮ ᠵᠢᠯ ᠬᠢᠭᠰᠡᠨ ᠤ ᠲᠠᠷᠠᠭ᠎ᠠ ᠰᠢᠨ᠎ᠠ ᠪᠠᠷᠭᠤ ᠪᠠᠷᠠᠭᠤᠨ ᠬᠤᠰᠢᠭᠤᠨ ᠤ ᠬᠠᠭ᠋ᠠᠭᠤᠯᠠ ᠰᠤᠮᠤᠨ ᠤ ᠵᠠᠰᠠᠭ ᠤᠨ ᠤᠷᠲᠤᠨ ᠤ ᠨᠠᠷᠢᠨ ᠪᠢᠴᠢᠭᠡᠴᠢ᠂ ᠰᠢᠨ᠎ᠠ ᠪᠠᠷᠭᠤ ᠪᠠᠷᠠᠭᠤᠨ ᠬᠤᠰᠢᠭᠤᠨ ᠤ ᠠᠷᠠᠳ ᠤᠨ ᠵᠠᠰᠠᠭ ᠤᠨ ᠤᠷᠲᠤᠨ ᠤ ᠨᠠᠷᠢᠨ ᠪᠢᠴᠢᠬᠡᠴᠢ᠂ ᠡᠧᠡᠩᠬᠢ ᠬᠤᠰᠢᠭᠤᠨ ᠤ ᠬᠠᠤᠯᠢ ᠴᠠᠭᠠᠵᠠ ᠶᠢᠨ ᠲᠤᠪᠴᠢᠶᠠᠨ ᠤ ᠠᠵᠢᠯᠳᠠᠨ ᠢᠶᠠᠷ ᠠᠵᠢᠯᠯᠠᠵᠤ᠂ ᠠᠵᠢᠯ ᠠᠴᠠ ᠪᠠᠨ ᠠᠮᠠᠷᠠᠪᠠ᠃ ᠠᠵᠢᠯ ᠠᠴᠠ ᠪᠠᠨ ᠠᠮᠠᠷᠠᠭᠰᠠᠨ ᠤ ᠲᠠᠷᠠᠭ᠎ᠠ ᠬᠠᠶᠢᠯᠠᠷ ᠲᠤ ᠬᠤᠭᠤᠯᠠᠨ ᠬᠡᠷ ᠡᠵᠡᠩᠨᠠᠵᠤ ᠦᠢᠯᠡᠰ ᠡᠷᠬᠢᠯᠡᠵᠦ ᠶᠠᠪᠤᠭ᠎ᠠ ᠮᠦᠷᠳᠡᠬᠡᠨ ᠰᠢᠨ᠎ᠠ ᠪᠠᠷᠭᠤ ᠪᠠᠷᠠᠭᠤᠨ ᠬᠤᠰᠢᠭᠤᠨ ᠤ ︽ᠪᠠᠷᠭᠤᠵᠢᠨ︾ ᠤᠯᠠᠮᠵᠢᠯᠠᠯᠲᠦ ᠬᠤᠪᠴᠠᠰᠤ ᠵᠠᠰᠠᠯ ᠤᠨ ᠠᠩᠬᠢ ᠳᠤ ᠤᠷᠤᠯᠴᠠᠵᠤ᠂ ᠦᠪᠡᠷ ᠤᠨ ᠬᠠᠷᠠᠬᠠᠨ ᠪᠠᠭ᠎ᠠ ᠠᠴᠠ ᠲᠤᠷ᠎ᠠ ᠰᠤᠨᠢᠷᠬᠠᠯ ᠲᠠᠢ ᠪᠠᠶᠢᠳᠠᠭ ᠤᠷᠠᠯᠢᠭ ᠤᠨ ᠠᠪᠢᠶᠠᠰ ᠢᠶᠠᠨ ᠪᠠᠳᠠᠷᠠᠭᠤᠯᠵᠤ ᠪᠠᠶᠢᠭ᠎ᠠ ᠶᠤᠮ᠃
          ᠠᠵᠢᠯ ᠠᠴᠠ ᠪᠠᠨ ᠲᠠᠷᠬᠠᠯᠠᠭᠳᠠᠭᠰᠠᠨ ᠤ ᠲᠠᠷᠠᠭ᠎ᠠ ᠰᠢᠨ᠎ᠠ ᠪᠠᠷᠭᠤ ᠪᠠᠷᠠᠭᠤᠨ ᠬᠤᠰᠢᠭᠤᠨ ᠤ ︽ᠪᠠᠷᠭᠤᠵᠢᠨ︾ ᠤᠯᠠᠮᠵᠢᠯᠠᠯᠲᠦ ᠬᠤᠪᠴᠠᠰᠤ ᠵᠠᠰᠠᠯ ᠤᠨ ᠠᠩᠬᠢ ᠳᠤ ᠤᠷᠤᠯᠴᠠᠵᠤ᠂ ᠦᠶ᠎ᠠ ᠬᠤᠷᠠᠭ ᠤᠨ ᠨᠠᠶᠢᠵᠠ ᠨᠦᠬᠦᠳ ᠲᠠᠢ ᠪᠠᠨ ᠤᠷᠤᠨ᠂ ᠬᠤᠳᠠ᠂ ᠬᠤᠰᠢᠭᠤᠨ ᠤ ᠲᠡᠰ ᠤᠨ ᠤᠯᠠᠮᠵᠢᠯᠠᠯᠲᠦ ᠬᠤᠪᠴᠠᠰᠤ ᠵᠠᠰᠠᠯ ᠤᠨ ᠤᠷᠤᠯᠲᠤᠭᠠᠨ ᠳᠤ ᠤᠷᠤᠯᠴᠠᠵᠤ ᠤᠯᠠᠨ ᠱᠠᠩᠨᠠᠯ ᠬᠦᠬᠢᠬᠦᠯᠦᠯ ᠲᠤᠰᠴᠠᠢ᠃ 2019 ᠤᠨ ᠤ 3 ᠰᠠᠷ᠎ᠠ ᠳᠤ ︽ᠤᠤ ᠾᠦᠢ︾ ᠦᠨᠲᠦᠰᠦᠳᠡᠨ ᠤ ᠬᠤᠪᠴᠠᠰᠤ ᠵᠠᠰᠠᠯ ᠤᠨ ᠬᠢᠵᠠᠭᠠᠷᠲᠤ ᠬᠠᠷᠢᠭᠤᠴᠠᠯᠭᠠᠲᠦ ᠺᠤᠮᠫᠠᠨᠢ ᠠᠴᠠ ᠡᠷᠬᠢᠯᠡᠭᠰᠡᠨ 2019 ᠤᠨ ᠤ ︽ᠤᠤ ᠾᠦᠢ︾ ᠬᠠᠮᠤᠭ ᠤᠨ ᠭᠤᠶᠤ ᠬᠠᠲᠤᠨ ᠰᠢᠯᠭᠠᠷᠠᠭᠤᠯᠬᠤ ᠶᠡᠭᠡ ᠤᠷᠤᠯᠲᠤᠭᠠᠨ ᠳᠤ ᠰᠢᠯᠢᠳᠡᠭ ᠱᠠᠩᠨᠠᠯ ᠬᠦᠷᠳᠡᠪᠠ᠃ 2018 ᠤᠨ ᠳᠤ ᠦᠪᠦᠷ ᠮᠤᠩᠭᠤᠯ ᠤᠨ ᠷᠠᠳᠢᠣ᠋ ᠲᠧᠯᠧᠢᠰ ᠬᠤᠷᠢᠶᠠᠨ ᠤ ᠰᠤᠶᠤᠯ ᠲᠠᠮᠢᠷ ᠴᠡᠩᠬᠡᠬᠦᠨ ᠰᠤᠪᠠᠭ ᠤᠨ ᠬᠤᠶᠠᠲᠤᠭᠠᠷ ᠤᠳᠠᠭᠠᠨ ᠤ ᠴᠠᠭᠠᠨ ᠰᠠᠷ᠎ᠠ ᠶᠢᠨ ᠤᠨᠴᠠᠭᠠᠢ ᠫᠷᠦᠭᠷᠠᠮ ᠳᠤ ᠤᠷᠤᠯᠴᠠᠵᠤ᠂ ︽ᠬᠠᠮᠤᠭ ᠤᠨ ᠰᠢᠯᠢᠳᠡᠭ ᠲᠤᠭᠯᠠᠭᠴᠢ︾ ᠶᠢᠨ ᠱᠠᠩᠨᠠᠯ ᠢ ᠲᠤᠰᠪᠠ᠃ 2017 ᠤᠨ ᠳᠤ ᠪᠦᠬᠦ ᠤᠷᠤᠨ ᠤ ᠠᠷᠪᠠᠨ ᠲᠦᠷᠪᠡᠲᠦᠬᠡᠷ ᠬᠤᠭᠤᠴᠠᠭᠠᠨ ᠤ ᠮᠤᠩᠭᠤᠯ ᠦᠨᠲᠦᠰᠦᠳᠡᠨ ᠤ ᠬᠤᠪᠴᠠᠰᠤ ᠵᠠᠰᠠᠯ ᠤᠨ ᠨᠠᠭᠠᠲᠤᠮ᠂ 2018 ᠤᠨ ᠤ ᠬᠦᠯᠦᠨ ᠪᠤᠶᠢᠷ ᠤᠨ ᠮᠤᠩᠭᠤᠯ ᠦᠨᠲᠦᠰᠦᠳᠡᠨ ᠤ ᠬᠤᠪᠴᠠᠰᠤ ᠵᠠᠰᠠᠯ ᠤᠨ ᠤᠷᠠᠯᠢᠭ ᠤᠨ ᠨᠠᠶᠢᠷ᠂ ᠤᠯᠤᠰ ᠪᠠᠶᠢᠭᠤᠯᠤᠭᠳᠠᠭᠰᠠᠨ 70 ᠵᠢᠯ ᠤᠨ ᠤᠢ ᠶᠢ ᠪᠡᠯᠬᠡᠯᠡᠬᠦ ︽ᠭᠤᠶᠤᠯᠠᠯ ᠢᠶᠠᠨ ᠡᠮᠤᠰᠦᠭᠰᠡᠨ ᠲᠠᠯ᠎ᠠ — ᠬᠦᠯᠦᠨ ᠪᠤᠶᠢᠷ︾ 2019 ᠬᠦᠯᠦᠨ ᠪᠤᠶᠢᠷ ᠤᠨ ᠦᠨᠲᠦᠰᠦᠳᠡᠨ ᠤ ᠬᠤᠪᠴᠠᠰᠤ ᠵᠠᠰᠠᠯ ᠤᠨ ᠤᠷᠠᠯᠢᠭ ᠤᠨ ᠨᠠᠶᠢᠷ ᠵᠢᠴᠢ ᠮᠤᠩᠭᠤᠯ ᠦᠨᠲᠦᠰᠦᠳᠡᠨ ᠤ ᠬᠤᠪᠴᠠᠰᠤ ᠵᠠᠰᠠᠯ ᠤᠨ ᠤᠷᠤᠯᠲᠤᠭᠠᠨ ᠳᠤ ︽ᠪᠠᠷᠭᠤᠵᠢᠨ︾ ᠤᠯᠠᠮᠵᠢᠯᠠᠯᠲᠦ ᠬᠤᠪᠴᠠᠰᠤ ᠵᠠᠰᠠᠯ ᠤᠨ ᠬᠠᠮᠲᠦ ᠤᠯᠠᠨ ᠲᠠᠢ ᠪᠠᠨ ᠤᠷᠤᠯᠴᠠᠵᠤ ᠤᠯᠠᠨ ᠰᠠᠶᠢᠬᠠᠨ ᠠᠮᠵᠢᠯᠳᠠ ᠶᠢ ᠪᠢᠴᠢᠭᠯᠡᠵᠦ ᠶᠠᠪᠤᠭ᠎ᠠ ᠠᠵᠢ᠃      ᠰᠡᠴᠡᠨ ᠡᠬᠡᠯ ᠵᠢᠷ ᠤᠨ ᠮᠠᠯᠴᠢᠨ ᠬᠡᠤᠬᠡᠨ ᠠᠴᠠ ᠪᠠᠨ ᠮᠤᠵᠢ ᠶᠢᠨ ᠲᠡᠰ ᠤᠨ ᠡᠮᠡᠭᠲᠠᠶᠢᠴᠤᠳ ᠤᠨ ᠲᠦᠯᠦᠬᠡᠯᠡᠭᠴᠢ᠂ ᠠᠷᠠᠳ ᠤᠨ ᠪᠠᠭᠰᠢ᠂ ᠪᠠᠷᠢᠭᠠᠳᠠ᠂ ᠰᠤᠮᠤᠨ ᠤ ᠱᠠᠲᠤᠨ ᠤ ᠤᠲᠤᠷᠢᠲᠤᠯᠭ᠎ᠠ᠂ ᠬᠤᠰᠢᠭᠤ ᠱᠠᠲᠤᠨ ᠤ ᠠᠷᠠᠳ ᠤᠨ ᠵᠠᠰᠠᠭ ᠤᠨ ᠤᠷᠲᠤᠨ ᠤ ᠨᠠᠷᠢᠨ ᠪᠢᠴᠢᠬᠡᠴᠢ᠂ ᠬᠠᠤᠯᠢ ᠴᠠᠭᠠᠵᠨ ᠶᠢᠨ ᠰᠠᠯᠠᠭ᠎ᠠ ᠮᠦᠴᠢᠷ ᠤᠨ ᠠᠵᠢᠯᠳᠠᠠ ᠵᠡᠷᠬᠡ ᠠᠵᠢᠯ ᠤᠨ ᠪᠠᠶᠢᠷᠢ ᠳᠤ ᠠᠵᠢᠯᠯᠠᠵᠤ᠂ ᠬᠤᠰᠢᠭᠤ ᠨᠤᠲᠤᠭ ᠤᠨ ᠢᠶᠠᠨ ᠬᠦᠭᠵᠢᠯ ᠪᠠᠳᠠᠷᠠᠯ ᠳᠤ ᠬᠦᠴᠦᠨ ᠵᠢᠳᠬᠦᠯ ᠢᠶᠠᠨ ᠡᠷᠬᠦᠵᠦ ᠶᠠᠪᠤᠭᠰᠠᠨ ᠪᠦᠰᠡᠬᠦᠢ ᠶᠤᠮ᠃      ᠬᠠᠬᠢᠷ ᠡᠪᠦᠯ ᠤᠨ ᠬᠦᠢᠳᠡᠨ ᠢ ᠬᠦᠳᠡᠯᠮᠦᠷᠢ ᠶᠢᠨ ᠡᠷᠴᠢ ᠪᠠᠷ ᠲᠤᠯᠠᠭᠠᠯᠠᠵᠤ᠂ ᠬᠦᠴᠢᠷ ᠤᠨ ᠡᠮᠦᠨ᠎ᠠ ᠠᠴᠠ ᠲᠤᠯᠬᠤ ᠰᠡᠳᠬᠢᠯ ᠤᠨ ᠬᠦᠴᠤ ᠲᠠᠢ ᠶᠠᠪᠤᠭᠰᠠᠨ ︽ᠲᠡᠮᠦᠷ ᠬᠡᠤᠬᠡᠨᠴᠤᠳ︾ ᠤᠨ ᠵᠤᠷᠢᠭ ᠰᠠᠨᠠᠭ᠎ᠠ᠂ ᠤᠯᠠᠨ ᠤ ᠠᠵᠢᠯ ᠢ ᠬᠤᠪᠢ ᠶᠢᠨ ᠠᠵᠢᠯ ᠠᠴᠠ ᠪᠠᠨ ᠢᠯᠡᠬᠦᠦ ᠰᠠᠨᠠᠵᠤ ᠶᠠᠪᠤᠳᠠᠭ ᠬᠠᠮᠲᠦ ᠨᠡᠶᠢᠳᠡᠴᠢ ᠦᠵᠡᠯ ᠨᠢ ᠪᠢᠳᠠᠨ ᠤ ᠵᠠᠯᠠᠭᠤ ᠦᠶ᠎ᠠ ᠶᠢᠨ ᠬᠦᠮᠦᠰ ᠤᠨ ᠰᠤᠷᠤᠯᠴᠠᠬᠤ ᠶᠤᠰᠤᠲᠠᠢ ᠰᠠᠶᠢᠬᠠᠨ ᠰᠤᠷᠳᠠᠯ ᠪᠤᠯᠬᠤ ᠶᠤᠮ᠃
 
ᠢᠷᠡᠯᠲᠡ᠄ ᠬᠦᠯᠦᠨ ᠪᠣᠶᠢᠷ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号