ᠣᠳᠣᠬᠠᠨ ᠳᠤ ᠰᠦᠯᠵᠢᠶᠡᠨ ᠳᠡᠭᠡᠷ᠎ᠡ ᠠᠴᠠ ᠪᠠᠷᠠᠭ᠎ᠠ ᠬᠤᠳᠠᠯᠳᠤᠨ ᠠᠪᠬᠤ ᠶᠠᠪᠣᠴᠠ ᠳᠣᠮᠳᠠ ᠬᠡᠷᠡᠭᠯᠡᠭᠴᠢᠳ ᠢ | ᠮᠡᠬᠡᠯᠡᠬᠦ ᠠᠵᠢᠯᠯᠠᠭ᠎ᠠ ᠲᠣᠩ ᠣᠯᠠᠰᠢᠷᠠᠵᠣ ᠪᠣᠢ᠂ ᠢᠯᠠᠩᠭᠤᠶ᠎ᠠ ᠪᠠᠶᠠᠷ ᠤᠨ ᠡᠳᠦᠷ ᠠᠴᠠ ᠡᠮᠦᠨᠡᠬᠢ ︽ᠤᠷᠢᠳᠴᠢᠯᠠᠨ | ᠬᠤᠳᠠᠯᠳᠤᠨ ᠠᠪᠬᠤ ᠪᠠᠷ ᠮᠡᠬᠡᠯᠡᠬᠦ︾᠂ ︽ᠬᠤᠳᠠᠯ ᠬᠠᠭᠤᠷᠮᠠᠭ ᠤᠯᠠᠭᠠᠨ ᠪᠠᠭᠯᠠᠭ᠎ᠠ ᠪᠠᠷ ᠮᠡᠬᠡᠯᠡᠬᠦ︾᠂ ︽ᠮᠡᠷᠭᠡᠨ ᠴᠣᠬᠤᠷ | ᠰᠢᠷᠪᠢᠬᠦ ᠠᠷᠭ᠎ᠠ ᠪᠠᠷ ᠮᠡᠬᠡᠯᠡᠬᠦ︾ ᠵᠡᠷᠭᠡ ᠣᠯᠠᠨ ᠵᠦᠢᠯ ᠤᠨ ᠮᠡᠬᠡᠯᠡᠬᠦ ᠠᠷᠭ᠎ᠠ ᠬᠡᠯᠪᠡᠷᠢ ᠪᠠᠶᠢᠨ᠎ᠠ᠃ ᠲᠡᠭᠡᠪᠡᠯ ᠦᠷᠭᠡᠨ | ᠣᠯᠠᠨ ᠬᠡᠷᠡᠭᠯᠡᠭᠴᠢᠳ ᠲᠤ ᠰᠠᠨᠠᠭᠤᠯᠬᠤ ᠨᠢ᠄ | 1. ᠢᠷᠡᠯᠲᠡ ᠨᠢ ᠲᠣᠳᠣᠷᠬᠠᠢ ᠪᠣᠰᠣ ᠤᠯᠠᠭᠠᠨ ᠪᠠᠭᠯᠠᠭ᠎ᠠ ᠶᠢ ᠠᠪᠬᠤ ᠳᠤ ᠪᠠᠨ ᠪᠣᠯᠭᠤᠮᠵᠢᠯᠠᠭᠠᠷᠠᠢ᠂ ᠮᠣᠳᠣᠨ | ᠮᠣᠷᠢᠨ ᠸᠢᠷᠦ᠋ᠰ ᠶᠢᠨ ᠳᠠᠷᠤᠪᠴᠢ ᠶᠢ ᠳᠠᠷᠣᠭᠰᠠᠨ ᠢᠶᠠᠨ ᠮᠡᠳᠡᠪᠡᠯ᠄ ᠳᠠᠷᠣᠢ ᠲᠦᠷᠭᠡᠨ ᠭᠠᠷ ᠤᠲᠠᠰᠤᠨ ᠤ | ᠰᠦᠯᠵᠢᠶ᠎ᠡ ᠪᠠᠨ ᠬᠠᠭᠠᠵᠣ᠂ ᠰᠦᠯᠵᠢᠶᠡᠨ ᠤ ᠪᠠᠩᠬᠢ᠂ ︽ᠲᠣᠭᠠᠴᠠᠭ᠎ᠠ ᠬᠢᠬᠦ ᠡᠷᠳᠡᠨᠢ︾ ᠵᠡᠷᠭᠡ ᠴᠢᠬᠤᠯᠠ ᠳᠠᠩᠰᠠᠨ | ᠡᠷᠦᠬᠡ ᠶᠢᠨ ᠨᠢᠭᠤᠴᠠ ᠨᠣᠮᠧᠷ ᠢᠶᠠᠨ ᠰᠣᠯᠢᠬᠤ ᠶᠢᠨ ᠬᠠᠮᠲᠤ ᠠᠮᠤᠷ ᠲᠦᠪᠰᠢᠨ ᠤ ᠲᠣᠨᠣᠭᠯᠠᠯ ᠢᠶᠠᠷ ᠮᠣᠳᠣᠨ ᠮᠣᠷᠢᠨ | ᠸᠢᠷᠦ᠋ᠰ ᠢ ᠪᠠᠶᠢᠴᠠᠭᠠᠨ ᠣᠰᠠᠳᠬᠠᠪᠠᠯ ᠵᠣᠬᠢᠨ᠎ᠠ᠃ | 2. ᠢᠷᠡᠯᠲᠡ ᠨᠢ ᠲᠣᠳᠣᠷᠬᠠᠶ ᠪᠣᠰᠣ ᠮᠡᠷᠭᠡᠨ ᠴᠣᠬᠤᠷ ᠢ ᠰᠢᠷᠪᠢᠬᠦ ᠳᠤ ᠪᠠᠨ ᠪᠣᠯᠭᠤᠮᠵᠢᠯᠠᠬᠤ ᠬᠡᠷᠡᠭᠲᠡᠶ᠃ | 3. ᠬᠠᠣᠯᠢ ᠪᠣᠰᠣ ᠡᠲᠡᠭᠡᠳ ᠬᠠᠤᠯᠢ ᠪᠤᠰᠤ ᠠᠷᠭ᠎ᠠ ᠵᠠᠮ ᠢᠶᠠᠷ ᠬᠡᠷᠡᠭᠯᠡᠭᠴᠢᠳ ᠤᠨ ᠮᠡᠳᠡᠭᠡ ᠵᠠᠩᠭᠢ᠂ | ᠬᠠᠭᠤᠷᠮᠠᠭ ᠪᠣᠣᠬᠢᠶ᠎ᠠ ᠬᠦᠷᠭᠡᠯᠲᠡ ᠶᠢᠨ ᠬᠠᠭᠤᠳᠠᠰᠤ ᠵᠡᠷᠭᠡ ᠶᠢ ᠣᠯᠵᠤ᠂ ᠪᠣᠣᠬᠢᠶᠠᠯᠠᠨ ᠬᠦᠷᠭᠡᠭᠴᠢ ᠪᠠᠷ ᠣᠪᠯᠠᠨ | ᠬᠡᠷᠡᠭᠯᠡᠭᠴᠢᠳ ᠲᠠᠢ ᠤᠷᠢᠳᠴᠢᠯᠠᠨ ᠬᠠᠷᠢᠯᠴᠠᠵᠤ᠂ ᠬᠠᠭᠤᠷᠮᠠᠭ ᠪᠣᠭᠤᠳᠠᠯ ᠪᠠᠭᠯᠠᠭ᠎ᠠ ᠶᠢ ᠬᠡᠷᠡᠭᠯᠡᠭᠴᠢᠳ ᠲᠤ ᠬᠦᠷᠭᠡᠵᠦ᠂ | ︽ᠪᠠᠷᠠᠭ᠎ᠠ ᠪᠠᠨ ᠠᠪᠤᠭᠠᠳ ᠵᠣᠭᠤᠰ ᠢᠶᠠᠨ ᠥᠭᠬᠦ︾ ᠬᠡᠷᠡᠭᠲᠡᠢ ᠭᠡᠵᠦ ᠵᠣᠭᠤᠰ ᠮᠡᠬᠡᠯᠡᠨ ᠠᠪᠳᠠᠭ᠃ | 4. ᠪᠣᠭᠤᠳᠠᠯ ᠪᠠᠭᠯᠠᠭ᠎ᠠ ᠶᠢ ᠭᠠᠷ ᠤᠨ ᠦᠰᠦᠭ ᠵᠢᠷᠤᠵᠤ ᠬᠤᠷᠢᠶᠠᠨ ᠠᠪᠬᠤ ᠠᠴᠠ ᠡᠮᠦᠨ᠎ᠡ᠂ ᠠᠯᠪᠠᠨ | ᠰᠦᠯᠵᠢᠶ᠎ᠡ ᠶᠢᠨ ᠮᠡᠳᠡᠭᠡ ᠵᠠᠩᠭᠢ ᠪᠠᠷ ᠨᠥᠭᠦᠭᠡ ᠡᠲᠡᠭᠡᠳ ᠤᠨ ᠮᠡᠳᠡᠭᠡ ᠵᠠᠩᠬᠢ ᠶᠢ ᠬᠢᠨᠠᠨ ᠬᠠᠷᠭᠤᠭᠤᠯᠵᠤ᠂ ᠦᠪᠡᠷ ᠤᠨ | ᠪᠣᠭᠤᠳᠠᠯ ᠮᠥᠨ ᠡᠰᠡᠬᠦ ᠶᠢ ᠨᠤᠲᠠᠯᠠᠬᠤ ᠬᠡᠷᠡᠭᠲᠡᠶ᠃ ᠪᠠᠷᠠᠭ᠎ᠠ ᠪᠠᠨ ᠠᠪᠤᠭᠰᠠᠨ ᠤ ᠳᠠᠷᠠᠭ᠎ᠠ᠂ ᠬᠤᠪᠢ ᠬᠥᠮᠦᠨ ᠤ ᠮᠡᠳᠡᠭᠡ | ᠵᠠᠩᠭᠢ ᠪᠠᠨ ᠪᠣᠭᠤᠳᠠᠯ ᠳᠡᠭᠡᠷ᠎ᠡ ᠠᠴᠠ ᠪᠠᠯᠠᠯᠵᠤ᠂ ᠬᠤᠪᠢ ᠬᠥᠮᠦᠨ ᠤ ᠮᠡᠳᠡᠭᠡ ᠵᠠᠩᠭᠢ ᠯᠡᠪᠡᠷᠡᠬᠦ ᠠᠴᠠ ᠵᠠᠶᠢᠯᠠᠰᠬᠢᠬᠦ | ᠬᠡᠷᠡᠭᠲᠡᠶ᠃ | 5. ᠰᠦᠯᠵᠢᠶᠡᠨ ᠳᠡᠭᠡᠷ᠎ᠡ ᠲᠣᠭᠠᠴᠠᠭ᠎ᠠ ᠬᠢᠬᠦ ᠳᠡᠭᠡᠨ᠂ ᠠᠯᠢ ᠴᠢᠳᠠᠬᠤ ᠪᠠᠷ ᠭᠤᠷᠪᠠᠳᠠᠬᠢ ᠡᠲᠡᠭᠡᠳ ᠤᠨ | ᠲᠣᠭᠠᠴᠠᠭ᠎ᠠ ᠬᠢᠬᠦ ᠲᠠᠪᠴᠠᠩ ᠢ ᠬᠡᠷᠡᠭᠯᠡᠬᠦ ᠬᠡᠷᠡᠭᠲᠡᠶ᠃ ︽ᠬᠤᠳᠠᠯᠳᠤᠭᠠᠴᠢᠨ︾ ᠤ ᠬᠤᠪᠢ ᠶᠢᠨ ᠳᠠᠩᠰᠠ ᠳᠤ ᠰᠢᠭᠤᠳ | ᠵᠣᠭᠤᠰ ᠦᠭᠬᠦ ᠪᠣᠶᠣ ︽ᠬᠤᠳᠠᠯᠳᠤᠭᠴᠢ︾ ᠠᠴᠠ ᠢᠷᠡᠭᠦᠯᠦᠭᠰᠡᠨ ᠢᠷᠡᠯᠲᠡ ᠨᠢ ᠲᠣᠳᠣᠷᠬᠠᠶ ᠦᠭᠡᠢ ᠬᠤᠯᠪᠣᠭᠠᠰᠣ ᠶᠢ | ᠲᠣᠪᠴᠢᠳᠠᠬᠤ ᠪᠠ ᠪᠠᠭᠤᠯᠭᠠᠨ ᠠᠪᠴᠤ ᠪᠣᠯᠬᠤ ᠦᠭᠡᠢ᠃ | 6. ᠦᠷᠭᠦᠯᠵᠢ ᠳᠠᠩᠰᠠᠨ ᠨᠣᠮᠧᠷ ᠪᠠ ᠨᠢᠭᠤᠴᠠ ᠨᠣᠮᠧᠷ ᠢᠶᠠᠨ ᠰᠢᠨᠡᠳᠬᠡᠭᠡᠷᠡᠢ᠃ ᠰᠦᠯᠵᠢᠶᠡᠨ ᠳᠡᠭᠡᠷ᠎ᠡ ᠪᠠᠷᠠᠭ᠎ᠠ | ᠬᠤᠳᠠᠯᠳᠤᠨ ᠠᠪᠬᠤ ᠳᠤ ᠪᠠᠨ ᠪᠠᠷᠠᠭ᠎ᠠ ᠵᠠᠬᠢᠶᠠᠯᠠᠭᠰᠠᠨ ᠬᠠᠭᠤᠳᠠᠰᠤ᠂ ᠪᠠᠷᠠᠭ᠎ᠠ ᠶᠠᠪᠤᠭᠤᠯᠤᠭᠰᠠᠨ ᠭᠡᠷᠡᠴᠢ ᠪᠠᠷᠢᠮᠲᠠ᠂ | ᠪᠠᠷᠢᠮᠲᠠ ᠵᠡᠷᠭᠡ ᠪᠠᠷᠠᠭ᠎ᠠ ᠬᠤᠳᠠᠯᠳᠤᠨ ᠠᠪᠤᠭᠰᠠᠨ ᠭᠡᠷᠡᠴᠢ ᠪᠠᠷᠢᠮᠲᠠ ᠶᠢ ᠬᠠᠳᠠᠭᠠᠯᠠᠬᠤ ᠬᠡᠷᠡᠭᠲᠡᠶ᠃ ᠮᠡᠬᠡᠯᠡᠭᠳᠡᠭᠰᠡᠨ ᠢ | ᠣᠯᠵᠤ ᠮᠡᠳᠡᠪᠡᠯ ᠴᠠᠭ ᠲᠤᠬᠠᠶ ᠳᠤᠨᠢ ᠴᠠᠭᠳᠠᠭ᠎ᠠ ᠳᠤ ᠮᠡᠳᠡᠭᠦᠯᠬᠦ ᠶᠢᠨ ᠬᠠᠮᠲᠤ ᠬᠡᠷᠡᠭᠯᠡᠭᠴᠢᠳ ᠤᠨ ᠵᠠᠭᠠᠯᠳᠤᠵᠤ | ᠢᠯᠡᠴᠢᠯᠡᠨ ᠮᠡᠳᠡᠭᠦᠯᠬᠦ ᠲᠤᠰᠬᠠᠶ ᠤᠲᠠᠰᠤᠨ ᠳᠤ ᠤᠲᠠᠰᠤᠳᠠᠵᠤ ᠡᠷᠬᠡ ᠪᠠᠨ ᠬᠠᠮᠠᠭᠠᠯᠠᠬᠤ ᠬᠡᠷᠡᠭᠲᠡᠶ᠃ | 7. ᠸᠢᠴᠠᠲ ᠤᠨ ᠠᠮᠤᠷ ᠲᠦᠪᠰᠢᠨ ᠤ ᠲᠣᠮᠣ ᠳ᠋ᠠᠶᠢᠲ᠋ᠠ ᠨᠢ ᠬᠡᠪ ᠤᠨ ᠪᠤᠰᠤ ᠬᠡᠷᠡᠭᠯᠡᠭᠴᠢ ᠶᠢᠨ ᠦᠢᠯᠡ | ᠠᠵᠢᠯᠯᠠᠭ᠎ᠠ ᠳᠤ ᠴᠠᠭ ᠲᠤᠬᠠᠶ ᠳᠤᠨᠢ ᠠᠮᠤᠷ ᠲᠦᠪᠰᠢᠨ ᠤ ᠰᠠᠨᠠᠭᠤᠯᠤᠮᠵᠢ ᠦᠭᠳᠡᠭ ᠶᠣᠮ᠂ ᠡᠭᠦᠨ ᠢ ᠪᠠᠰᠠ | ᠠᠩᠬᠠᠷᠬᠤ ᠬᠡᠷᠡᠭᠲᠡᠶ᠃ ᠬᠡᠷᠪᠡ ᠨᠥᠭᠦᠭᠡ ᠡᠲᠡᠭᠡᠳ ᠤᠨ ᠮᠡᠭᠡᠯᠡᠭᠴᠢ ᠪᠣᠯᠬᠤ ᠶᠢ ᠮᠡᠳᠡᠪᠡᠯ᠂ ᠴᠠᠭ ᠲᠤᠬᠠᠶ ᠳᠤᠨᠢ | ᠭᠦᠢᠴᠡᠳ ᠭᠡᠷᠡᠴᠢ ᠪᠠᠷᠢᠮᠲᠠ ᠲᠣᠰᠢᠶᠠᠨ ᠢᠯᠡᠴᠢᠯᠡᠨ ᠵᠠᠭᠠᠯᠳᠣᠬᠤ ᠬᠡᠷᠡᠭᠲᠡᠢ᠃ ᠲᠣᠰᠢᠶᠠᠭᠰᠠᠨ ᠭᠡᠷᠡᠴᠢ ᠪᠠᠷᠢᠮᠲᠠ ᠶᠢ | ᠬᠢᠨᠠᠨ ᠬᠠᠷᠭᠤᠭᠤᠯᠵᠤ ᠨᠤᠲᠠᠯᠠᠭᠰᠠᠨ ᠤ ᠳᠠᠷᠠᠭ᠎ᠠ᠂ ᠮᠡᠬᠡᠯᠡᠬᠦ ᠡᠲᠡᠭᠡᠳ ᠤᠨ ᠳᠠᠩᠰᠠᠨ ᠨᠣᠮᠧᠷ ᠢ ᠲᠡᠷᠡ ᠳᠠᠷᠤᠶ ᠳᠤᠨᠢ | ᠰᠢᠢᠳᠪᠦᠷᠢᠯᠡᠵᠦ᠂ ᠲᠡᠭᠦᠨ ᠤ ᠦᠷᠭᠦᠯᠵᠢᠯᠡᠨ ᠬᠥᠮᠦᠨ ᠢ ᠮᠡᠬᠡᠯᠡᠬᠦ ᠠᠴᠠ ᠰᠡᠷᠭᠡᠶᠢᠯᠡᠨ᠎ᠡ᠃ | 8. ᠪᠣᠣᠬᠢᠶ᠎ᠠ ᠬᠦᠷᠭᠡᠯᠲᠡ ᠶᠢᠨ ᠪᠣᠭᠤᠳᠠᠯ ᠪᠠᠭᠯᠠᠭ᠎ᠠ ᠭᠡᠭᠡᠭᠳᠡᠪᠡᠯ ᠰᠢᠢᠳᠪᠦᠷᠢᠯᠡᠬᠦ ᠶᠠᠪᠤᠴᠠ ᠨᠢ ᠳᠣᠣᠷᠠᠬᠢ | ᠮᠡᠲᠦ᠄ ᠪᠣᠣᠬᠢᠶ᠎ᠠ ᠬᠦᠷᠭᠡᠯᠲᠡ ᠶᠢᠨ ᠺᠣᠮᠫᠠᠨᠢ ᠡᠳ᠋ ᠪᠣᠳᠠᠰ ᠤᠨ ᠦᠨ᠎ᠡ ᠥᠷᠲᠡᠭ ᠵᠡᠷᠭᠡ ᠪᠠᠶᠢᠳᠠᠯ ᠢ ᠪᠠᠶᠢᠴᠠᠭᠠᠨ | ᠲᠣᠳᠣᠯᠠᠭᠰᠠᠨ ᠤ ᠳᠠᠷᠠᠭ᠎ᠠ᠂ ᠪᠣᠣᠬᠢᠶ᠎ᠠ ᠬᠦᠷᠭᠡᠯᠲᠡ ᠶᠢᠨ ᠺᠣᠮᠫᠠᠨᠢ ᠪᠠᠷᠠᠭ᠎ᠠ ᠶᠢᠨ ᠲᠦᠯᠦᠪᠦᠷᠢ ᠮᠦᠩᠭᠦ ᠶᠢ | ᠬᠤᠳᠠᠯᠳᠤᠭᠴᠢ ᠳᠤ ᠲᠥᠯᠥᠵᠦ ᠥᠭᠭᠦᠭᠡᠳ᠂ ᠬᠤᠳᠠᠯᠳᠤᠭᠴᠢ ᠠᠴᠠ ᠳᠠᠬᠢᠨ ᠪᠠᠷᠠᠭ᠎ᠠ ᠨᠦᠬᠦᠵᠦ ᠶᠠᠪᠤᠭᠤᠯᠤᠨ᠎ᠠ᠃ | ᠡᠶᠢᠮᠦ ᠠᠴᠠ ᠪᠣᠭᠤᠳᠠᠯ ᠪᠠᠭᠯᠠᠭ᠎ᠠ ᠦᠨᠡᠬᠡᠷ ᠭᠡᠭᠡᠭᠳᠡᠭᠰᠡᠨ ᠴᠦ ᠬᠤᠳᠠᠯᠳᠤᠭᠴᠢ ᠲᠠᠢ ᠬᠠᠷᠢᠯᠴᠠᠬᠤ ᠠᠴᠠ ᠪᠢᠰᠢ ᠬᠠᠷᠢᠨ | ᠬᠡᠷᠡᠭᠯᠡᠭᠴᠢᠳ ᠲᠠᠢ ᠰᠢᠭᠤᠳ ᠬᠠᠷᠢᠯᠴᠠᠬᠤ ᠪᠢᠰᠢ ᠶᠤᠮ᠃ |