ᠪᠠᠶ᠎ᠠ ᠶᠢᠨ ᠡᠷᠡᠬᠦᠯ ᠢᠶᠠᠨ ᠶᠠᠭᠠᠬᠢᠵᠤ ᠳᠦᠬᠦᠮ ᠢᠶᠠᠷ ᠪᠠᠶᠢᠴᠠᠭᠠᠬᠤ ᠪᠤᠢ︖
ᠨᠡᠶᠢᠲᠡᠯᠡᠭᠰᠡᠨ ᠴᠠᠭ᠄
2020/5/26
       ᠪᠠᠶ᠎ᠠ ᠶᠢᠨ ᠠᠮᠠ ᠬᠡᠯᠡ ᠵᠡᠷᠬᠡ ᠡᠷᠬᠡᠳᠡᠨ ᠳᠤ ᠡᠯ᠎ᠡ ᠵᠦᠢᠯ ᠤᠨ ᠢᠯᠡᠷᠡᠯ ᠭᠠᠷᠬᠤ ᠨᠢ ᠪᠦᠬᠦ ᠪᠠᠶ᠎ᠠ ᠶᠢᠨ ᠡᠷᠡᠬᠦᠯ ᠮᠠᠨᠳᠣ ᠳᠤ ᠬᠡᠮ ᠲᠠᠢ ᠪᠤᠯᠤᠭᠰᠠᠨ ᠤ ᠢᠯᠡᠷᠡᠯ ᠭᠠᠷᠬᠤ ᠨᠢ ᠪᠦᠬᠦ ᠪᠡᠶ᠎ᠡ ᠶᠢᠨ ᠡᠷᠡᠬᠦᠯ ᠮᠠᠨᠳᠣ ᠳᠤ ᠬᠡᠮ ᠲᠠᠢ ᠪᠤᠯᠤᠭᠰᠠᠨ ᠤ ᠢᠯᠡᠷᠡᠯ ᠮᠦᠨ᠂ ᠦᠪᠡᠰᠣᠪᠡᠨ ᠪᠠᠶᠢᠴᠠᠭᠠᠵᠤ ᠮᠡᠳᠡᠬᠡᠳ ᠡᠷᠳᠡᠬᠡᠨ ᠠᠷᠭ᠎ᠠ ᠬᠡᠮᠵᠢᠶ᠎ᠠ ᠠᠪᠤᠪᠠᠯ᠂ ᠪᠠᠶ᠎ᠠ  ᠶᠢᠨ ᠡᠷᠡᠬᠦᠯ ᠮᠡᠨᠳᠣ ᠳᠤ ᠠᠰᠢᠭ ᠶᠡᠭᠡ ᠪᠠᠶᠢᠬᠤ ᠶᠤᠮ᠃ ᠡᠶᠢᠮᠤ ᠠᠴᠠ ᠠᠳᠠ ᠬᠡᠳᠣᠬᠡᠨ ᠵᠢᠱᠢᠶ᠎ᠠ ᠳᠣᠷᠠᠳᠪᠠᠯ᠄    1. ᠨᠢᠳᠣᠨ ᠳᠤ ᠤᠯᠠᠭᠠᠨ ᠰᠣᠳᠠᠰᠣ ᠳᠠᠳᠠᠭᠰᠠᠨ ᠨᠢ᠂ ᠤᠷᠤᠢ ᠤᠨᠳᠠᠭᠰᠠᠨ ᠤ ᠬᠡᠮ ᠪᠤᠯᠤᠨ᠎ᠠ᠃ ᠤᠨᠳᠠᠵᠤ ᠠᠮᠠᠷᠠᠬᠤ ᠶᠢ ᠬᠢᠴᠢᠶᠠᠪᠠᠯ ᠵᠤᠬᠢᠨ᠎ᠠ᠃    2. ᠨᠢᠳᠣᠨ ᠤᠬᠤᠷᠬᠠᠢ ᠬᠠᠷᠠᠯᠠᠬᠤ ᠨᠢ ᠬᠡᠳᠣᠷᠬᠡᠢ ᠶᠠᠳᠠᠷᠠᠭᠰᠠᠨ ᠤ ᠬᠡᠮ ᠮᠦᠨ᠂ ᠠᠮᠠᠷᠠᠬᠤ ᠶᠢ ᠬᠢᠴᠢᠶᠠᠨ᠎ᠠ᠃    3. ᠤᠷᠤᠭᠤᠯ ᠵᠢᠭᠠᠬᠠᠨ ᠰᠢᠷᠠᠯᠠᠬᠤ ᠨᠢ᠂ ᠵᠢᠷᠦᠬᠡᠨ ᠤ ᠳᠠᠮᠢᠷ ᠮᠠᠭᠤᠳᠠᠭᠰᠠᠨ ᠤ ᠬᠡᠮ ᠪᠤᠯᠤᠨ᠎ᠠ᠂ ᠳᠠᠮᠠᠬᠢ ᠳᠠᠳᠠᠬᠤ   ᠪᠠᠨ ᠵᠤᠭᠰᠣᠪᠠᠯ ᠵᠤᠬᠢᠨ᠎ᠡ᠃    4. ᠠᠷᠠᠰᠣᠨ ᠳᠤ ᠳᠣᠯᠪᠤ ᠭᠠᠷᠬᠤ ᠨᠢ᠂ ᠸᠢᠲ᠋ᠠᠮᠢᠨ B᠂ C ᠳᠣᠳᠠᠭᠳᠠᠭᠰᠠᠨ ᠤ ᠬᠡᠮ ᠮᠥᠨ᠂ ᠬᠦᠬᠡ ᠢᠳᠠᠰᠢᠨ  ᠨᠤᠭᠤᠭ᠎ᠠ ᠢᠯᠡᠬᠦᠤ ᠢᠳᠡᠪᠡᠯ ᠵᠤᠬᠢᠨ᠎ᠡ᠃    5. ᠠᠷᠠᠰᠣ ᠠᠷᠵᠠᠭᠠᠷ ᠪᠤᠯᠬᠤ ᠨᠢ ᠬᠡᠳᠣᠷᠬᠡᠢ ᠶᠠᠳᠠᠷᠠᠭᠰᠠᠨ ᠤ ᠬᠡᠮ᠂ ᠠᠵᠢᠯᠯᠠᠬᠤ ᠠᠮᠠᠷᠠᠬᠤ ᠪᠠᠨ ᠳᠠᠩᠴᠡᠬᠦᠯᠪᠠᠯ ᠵᠤᠬᠢᠨ᠎ᠡ᠃    6. ᠠᠷᠠᠰᠣ ᠦᠷᠴᠡᠶᠢᠨ ᠰᠢᠷᠠᠯᠠᠬᠤ ᠨᠢ᠂ ᠡᠯᠢᠬᠡ ᠮᠠᠭᠤᠳᠠᠭᠰᠠᠨ ᠤ ᠬᠡᠮ᠂ ᠡᠯᠢᠬᠡ ᠪᠠᠨ ᠪᠠᠶᠢᠴᠠᠭᠠᠯᠭᠠᠬᠤ ᠶᠢᠨ ᠬᠠᠮᠳᠣ ᠠᠷᠢᠬᠢᠨ ᠳᠤ ᠰᠢᠨᠤᠬᠤ ᠦᠬᠡᠢ ᠪᠤᠯ ᠵᠤᠬᠢᠨ᠎ᠡ᠃    7. ᠨᠢᠳᠣᠨ ᠤ ᠵᠤᠪᠬᠢ ᠬᠠᠪᠤᠳᠬᠤ ᠨᠢ ᠳᠣᠳᠣᠷ ᠪᠦᠬᠡᠷ᠎ᠡ ᠮᠠᠭᠤᠳᠠᠭᠰᠠᠨ ᠤ ᠬᠡᠮ ᠪᠤᠯᠤᠨ᠎ᠠ᠂ ᠰᠢᠬᠡᠰᠣ ᠪᠠᠨ ᠪᠠᠶᠢᠴᠠᠭᠠᠯᠭᠠᠪᠠᠯ ᠵᠤᠬᠢᠨ᠎ᠡ᠃    8. ᠬᠡᠯᠡᠨ ᠤ ᠦᠵᠦᠬᠦᠷ ᠰᠢᠷᠠᠪᠳᠣᠷ ᠴᠠᠭᠠᠨ ᠪᠤᠯᠬᠤ ᠨᠢ ᠬᠤᠳᠣᠭᠤᠳᠣ ᠬᠡᠮᠳᠦᠭᠰᠡᠨ ᠤ ᠤᠴᠢᠷ ᠠᠴᠠ ᠶᠤᠮ᠂ ᠢᠳᠡᠵᠤ ᠤᠤᠭᠤᠬᠤ ᠪᠠᠨ ᠳᠣᠬᠢᠷᠠᠭᠤᠯᠤᠨ᠎ᠠ᠃    9. ᠪᠤᠶᠢᠯᠠ ᠠᠴᠠ ᠴᠢᠰᠣ ᠭᠠᠷᠬᠤ ᠨᠢ ᠸᠢᠲ᠋ᠠᠮᠢᠨ C ᠳᠣᠳᠠᠭᠳᠠᠭᠰᠠᠨ ᠠᠴᠠ ᠪᠤᠯᠤᠭᠰᠠᠨ ᠶᠤᠮ᠂ ᠵᠢᠮᠢᠰ ᠢᠯᠡᠬᠦᠤ  ᠢᠳᠡᠪᠡᠯ ᠵᠤᠬᠢᠨ᠎ᠡ᠃    10. ᠠᠨᠢᠰᠬ᠎ᠠ ᠳᠠᠳᠠᠬᠤ ᠨᠢ ᠭᠤᠤᠯ ᠮᠡᠳᠡᠷᠡᠯ ᠤᠨ ᠰᠢᠰᠲ᠋ᠧᠮ ᠵᠦᠳᠡᠷᠡᠭᠰᠡᠨ ᠤ ᠬᠡᠮ ᠪᠤᠯᠤᠨ᠎ᠡ᠃ ᠬᠦᠮᠦᠨ ᠤ ᠪᠠᠶ᠎ᠠ ᠪᠤᠯ ᠨᠢᠬᠡᠨ ᠪᠦᠬᠦᠯᠢ ᠴᠤᠭᠴᠠ ᠮᠦᠨ᠂ ᠡᠶᠢᠮᠤ ᠠᠴᠠ ᠪᠠᠶ᠎ᠠ ᠳᠤ ᠡᠶᠢᠮᠤ ᠳᠡᠶᠢᠮᠤ ᠳᠦᠬᠦᠮ ᠢᠯᠠᠷᠠᠯ  ᠭᠠᠷᠪᠠᠯ ᠳᠡᠬᠦᠨ ᠢ ᠤᠮᠳᠤᠭᠤᠶᠢᠯᠠᠵᠤᠤ ᠦᠯᠦ ᠪᠤᠯᠬᠤ ᠳᠣᠯᠠ ᠡᠷᠬᠡᠪᠰᠢ ᠠᠩᠬᠠᠷᠴᠤ ᠪᠠᠶᠢᠬᠤ ᠬᠡᠷᠡᠭᠳᠡᠢ᠃
 
ᠢᠷᠡᠯᠲᠡ᠄ ᠳ᠋ᠦᠩᠱᠧᠩ ᠳᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号