︽ᠲᠠᠮᠤᠷ ᠬᠡᠤᠬᠡᠨᠴᠤᠳ︾ ᠲᠠᠭᠤᠤ ᠶᠢ ᠵᠤᠬᠢᠶᠠᠭᠰᠠᠨ ᠲᠠᠮᠤᠷ ᠬᠡᠤᠬᠡᠨ — ᠪᠠᠪᠠᠰᠠᠩ
ᠨᠡᠶᠢᠲᠡᠯᠡᠭᠰᠡᠨ ᠴᠠᠭ᠄
2020/9/16
       ︽ᠬᠦᠭᠡ ᠲᠠᠪᠤᠤ ᠲᠡᠷᠯᠢᠭ ᠲᠠᠢ ᠰᠢᠤ        ᠬᠦᠩᠭᠡᠮᠰᠦᠭ ᠲᠠᠷᠤᠤᠬᠠᠨ ᠵᠠᠩ ᠲᠠᠢ ᠰᠢᠤ        ᠬᠦᠳᠡᠭᠡ ᠨᠤᠳᠤᠭ ᠢᠶᠠᠨ ᠴᠤᠭᠴᠠᠯᠠᠬᠤ ᠳᠤ        ᠬᠦᠴᠦ ᠪᠠᠨ ᠡᠷᠬᠦᠭᠰᠡᠨ ᠲᠡᠤᠭᠡ ᠲᠠᠢ ᠰᠢᠤ        ᠲᠡᠮᠦᠷ ᠬᠡᠤᠬᠡᠨᠴᠤᠳ ᠤᠨ ᠲᠤᠭᠤᠢᠢᠯᠠᠩ ᠮᠢᠨᠢ        ᠲᠦᠮᠡᠨ ᠤᠯᠠᠨ ᠳᠠᠭᠠᠨ ᠲᠠᠭᠤᠷᠢᠶᠠᠯ ᠲᠠᠢ ᠳ᠋ᠠ︾ ᠭᠡᠵᠤ ᠤᠷᠴᠢᠮ ᠤᠨ ᠡᠳᠤᠷ ᠤᠳ ᠲᠤ ᠲᠠᠭᠤᠯᠠᠭᠳᠠᠨ ᠲᠡᠷᠬᠠᠵᠤ᠂ ᠵᠠᠯᠠᠭᠤ ᠨᠢᠬᠡᠨ ᠦᠶ᠎ᠠ ᠶᠢᠨ ᠬᠢᠨ ᠴᠤ ᠲᠠᠭᠠᠰᠢᠶᠠᠨ ᠰᠤᠨᠢᠷᠬᠠᠵᠤ᠂ ᠰᠤᠨᠤᠰᠤᠭᠰᠠᠨ ᠬᠦᠮᠦᠰ ᠤᠨ ᠡᠷᠴᠢ ᠵᠤᠷᠢᠭ ᠢ ᠬᠦᠪᠴᠢᠯᠡᠭᠰᠡᠨ᠂ ᠵᠢᠪᠬᠤᠭ᠎ᠠ ᠲᠡᠬᠦᠯᠳᠡᠷ ᠠᠶ᠎ᠠ ᠬᠦᠭᠵᠢᠮ ᠲᠠᠢ᠂ ᠲᠡᠤᠬᠡ ᠦᠨᠡᠨ ᠤ ᠦᠬᠡ ᠲᠠᠢ ︽ᠲᠠᠮᠤᠷ ᠬᠡᠤᠬᠡᠨᠴᠤᠳ︾ ᠲᠠᠭᠤᠤ ᠶᠢ ᠰᠤᠨᠤᠰᠴᠤ᠂ ᠬᠡᠨ ᠤ ᠵᠤᠬᠢᠶᠠᠭᠰᠠᠨ ᠲᠠᠭᠤᠤ ᠪᠤᠯᠬᠤ ᠶᠢ ︽ᠲᠤᠳᠤᠯᠠᠬᠤ︾ ᠭᠡᠵᠤ᠂ ᠰᠤᠷᠪᠤᠯᠵᠢᠯᠠᠭᠴᠢ ᠬᠦᠮᠦᠨ ᠤ ᠰᠤᠨᠢᠭᠤᠴᠢ ᠵᠠᠩ ᠢᠶᠠᠷ ᠢᠶᠠᠨ ︽ᠡᠷᠢᠯ︾ ᠳᠤ ᠭᠠᠷᠴᠤ᠂ ᠨᠡᠶᠢᠬᠡᠮ ᠬᠦᠭᠵᠢᠨ ᠴᠢᠮᠡᠭᠡ ᠨᠡᠪᠳᠡᠷᠡᠯᠭᠡ ᠲᠦᠬᠦᠮ ᠪᠤᠯᠤᠭᠰᠠᠨ ᠤ ᠰᠠᠶᠢᠨ ᠢᠶᠠᠷ ᠮᠢᠨᠤ ︽ᠡᠷᠢᠯ︾ ᠤᠳᠠᠯ ᠦᠬᠡᠢ ᠳᠠᠭᠤᠰᠴᠤ᠂ ᠲᠤᠰ ᠲᠠᠭᠤᠤ ᠶᠢᠨ ᠦᠬᠡ ᠶᠢ ᠵᠤᠬᠢᠶᠠᠭᠰᠠᠨ ᠲᠠᠮᠤᠷ ᠬᠡᠤᠬᠡᠨ ᠪᠠᠪᠠᠰᠠᠩ ᠨᠠᠰᠤᠳᠠᠨ ᠲᠠᠢ ᠲᠠᠨᠢᠯᠴᠠᠨ᠂ ᠵᠢᠷᠬᠢᠶ᠎ᠠ ᠶᠢᠨ ︽ᠰᠢᠭᠤᠳ ᠤᠳᠠᠰᠤ︾ ᠵᠠᠯᠭᠠᠵᠤ᠂ ᠲᠡᠬᠦᠨ ᠤ ︽ᠲᠠᠮᠤᠷ ᠬᠡᠤᠬᠡᠨᠴᠤᠳ︾ ᠲᠠᠭᠤᠤ ᠶᠢ ᠵᠤᠬᠢᠶᠠᠨ ᠪᠦᠳᠦᠭᠡᠭᠰᠡᠨ ᠰᠠᠳᠬᠢᠯᠬᠡ᠂ ᠦᠡᠭᠭᠡᠷᠡᠯᠳᠠ ᠶᠢ ᠨᠢ ᠬᠤᠪᠢᠶᠠᠯᠴᠠᠵᠤ ᠪᠢᠯᠡ᠃        ᠪᠠᠪᠠᠰᠠᠩ ᠪᠤᠯ ᠬᠠᠷᠭᠠᠨ᠎ᠠ ᠬᠠᠯᠠ ᠲᠠᠢ ᠰᠢᠨ᠎ᠠ ᠪᠠᠷᠭᠤ ᠵᠡᠬᠦᠨ ᠬᠤᠰᠢᠭᠤᠨ ᠤ ᠰᠢᠨᠠᠪᠤᠯᠠᠭ ᠰᠤᠮᠤ ᠶᠢᠨ ᠪᠠᠶᠠᠨᠰᠢᠯᠢ ᠭᠠᠴᠠᠭᠠᠨ ᠤ ᠮᠠᠯᠴᠢᠨ᠃ 1974 ᠤᠨ ᠳᠤ ᠭᠠᠴᠠᠭᠠᠨ ᠤ ᠪᠠᠨ ︽ᠲᠠᠮᠤᠷ ᠬᠡᠤᠬᠡᠨᠴᠤᠳ︾ ᠤᠨ ᠲᠤᠭᠤᠢᠢᠯᠡᠩ ᠳᠤ ᠤᠷᠤᠯᠴᠠᠵᠤ᠂ ︽ᠳ᠋ᠠᠵᠠᠢ ᠠᠴᠠ ᠰᠤᠷᠤᠯᠴᠠᠵᠤ᠂ ᠳ᠋ᠠᠵᠠᠢ ᠶᠢ ᠬᠦᠢᠴᠡᠬᠦ︾ ᠤᠷᠢᠶᠠᠯᠠᠭ᠎ᠠ ᠶᠢᠨ ᠲᠤᠤᠷ᠎ᠠ ᠠᠵᠢᠯᠯᠠᠵᠤ ᠬᠦᠳᠡᠯᠮᠦᠷᠢᠯᠠᠨ᠂ ᠬᠦᠳᠡᠭᠡ ᠨᠤᠳᠤᠭ ᠤᠨ ᠪᠦᠳᠦᠬᠡᠨ ᠪᠠᠶᠢᠭᠤᠯᠤᠯᠳᠠ ᠶᠢᠨ ᠲᠤᠮᠳᠠ ᠬᠦᠴᠤ ᠪᠠᠨ ᠡᠷᠬᠦᠵᠤ᠂ ᠭᠠᠷᠮᠠᠭᠠᠢ ᠵᠢᠳᠬᠦᠯ ᠦᠵᠡᠬᠦᠯᠵᠤ ᠢᠷᠡᠭᠰᠡᠨ ᠲᠠᠮᠤᠷ ᠬᠡᠤᠬᠡᠨᠴᠤᠳ ᠤᠨ ᠨᠢᠬᠡ ᠨᠢ ᠪᠢᠯᠡ᠃        ᠲᠡᠷᠡ 17 ᠨᠠᠰᠤᠨ ᠠᠴᠠ ᠪᠠᠨ ᠡᠬᠢᠯᠡᠵᠤ᠂ ᠲᠠᠪᠤᠨ ᠵᠢᠯ ︽ᠲᠠᠮᠤᠷ ᠬᠡᠤᠬᠡᠨᠴᠤᠳ︾ ᠤᠨ ᠲᠤᠭᠤᠢᠢᠯᠠᠩ ᠳᠤ ᠠᠵᠢᠯᠯᠠᠵᠤ ᠪᠠᠶᠢᠭᠰᠠᠨ ᠪᠠ ᠠᠬ᠎ᠠ ᠲᠠᠬᠦᠤ ᠤᠯᠠᠭᠤᠯᠠ ᠶᠢᠨ ᠲᠡᠭᠡᠷ᠎ᠠ ᠠᠮᠢᠳᠤᠷᠠᠯ ᠬᠦᠴᠢᠷᠳᠠᠢ ᠠᠴᠠ ᠲᠤᠷᠭᠠᠨ ᠲᠡᠪᠡᠯ ᠡᠮᠤᠰᠴᠤ ᠦᠵᠡᠭᠡ ᠦᠬᠡᠢ᠂ ᠬᠦᠬᠡ ᠲᠠᠪᠤᠤ ᠲᠡᠷᠯᠢᠭ ᠢᠶᠠᠨ ᠡᠮᠤᠰᠤᠨ ᠠᠵᠢᠯ ᠬᠦᠳᠡᠯᠮᠦᠷᠢ ᠳᠤ ᠤᠷᠤᠯᠴᠠᠵᠤ ᠪᠠᠶᠢᠭᠰᠠᠨ ᠦᠡᠭᠭᠡᠷᠡᠯᠳᠠ ᠪᠠᠷ ᠢᠶᠠᠨ ᠲᠤᠰ ᠲᠠᠭᠤᠤ ᠶᠢᠨ ᠢᠶᠠᠨ ᠡᠬᠢᠯᠡᠯᠳᠠ ᠪᠤᠯᠭᠠᠭᠰᠠᠨ ᠨᠢ ᠡᠨᠡ ᠪᠠᠶᠢᠵᠡᠢ᠃
             ︽ᠲᠠᠮᠤᠷ ᠬᠡᠤᠬᠡᠨᠴᠤᠳ︾ ᠪᠤᠯ ᠳᠡᠬᠡᠷ᠎ᠡ ᠵᠠᠭᠤᠨ ᠤ ᠲᠠᠯᠠᠭᠠᠳ ᠤᠨ ᠤ ᠡᠬᠢᠨ ᠤ ᠦᠶ᠎ᠡ ᠪᠠᠷ᠂ ᠡᠪ ᠬᠠᠮᠲᠤ ᠨᠠᠮ ᠤᠨ ᠤᠳᠤᠷᠢᠳᠤᠯᠭ᠎ᠠ ᠶᠢᠨ ᠲᠤᠤᠷ᠎ᠡ ︽ᠳ᠋ᠠᠵᠠᠢ ᠠᠴᠠ ᠰᠤᠷᠤᠯᠴᠠᠵᠤ᠂ ᠳ᠋ᠠᠵᠠᠢ ᠶᠢ ᠬᠦᠢᠴᠡᠬᠦ︾ ᠤᠷᠢᠶᠠᠯᠠᠭ᠎ᠠ ᠶᠢ ᠴᠤᠤᠷᠢᠶᠠᠳᠤᠨ ᠲᠠᠭᠠᠵᠤ᠂ ᠦᠰᠢᠨᠵᠤᠤ ᠶᠢᠨ ᠨᠤᠲᠤᠭ ᠤᠷᠤᠨ ᠢᠶᠠᠨ ᠨᠤᠭᠤᠭᠠᠷᠠᠭᠤᠯᠵᠤ᠂ ᠠᠮᠢ ᠠᠬᠤᠢ ᠪᠠᠨ ᠰᠡᠷᠭᠦᠭᠡᠨ ᠬᠠᠮᠠᠭᠠᠯᠠᠭᠰᠠᠨ ᠪᠤᠳᠠᠲᠤ ᠦᠢᠯᠡ ᠠᠵᠢᠯᠯᠠᠭ᠎ᠠ ᠠᠴᠠ ᠰᠤᠷᠤᠯᠴᠠᠵᠤ᠂ ︽ᠲᠠᠨᠡᠭ ᠡᠪᠤᠭᠡᠨ ᠠᠭᠤᠯᠠ ᠶᠢ ᠨᠡᠭᠦᠯᠭᠡᠭᠰᠡᠨ︾ ᠵᠤᠷᠢᠭ ᠰᠠᠨᠠᠭ᠎ᠠ ᠶᠢ ᠡᠪᠤᠷᠯᠠᠨ᠂ 1974 ᠤᠨ ᠳᠤ ᠲᠡᠤᠬᠡᠨ ᠳᠤ ᠭᠠᠷᠤᠭ᠎ᠠ ᠦᠭᠡᠢ ᠨᠡᠷᠡᠶᠢᠳᠤᠯ ᠲᠠᠢ ︽ᠲᠠᠮᠤᠷ ᠬᠡᠤᠬᠡᠨᠴᠤᠳ︾ ᠤᠨ ᠲᠤᠭᠤᠶᠢᠯᠠᠩ ᠪᠠᠶᠢᠭᠤᠯᠤᠭᠳᠠᠵᠤ᠂ ᠬᠠᠲᠠᠭᠤ ᠪᠡᠷᠭᠡᠰᠢᠶᠡᠯ ᠲᠠᠢ ᠮᠦᠷᠲᠡᠭᠡᠨ ᠦᠡᠭᠭᠡ ᠭᠡᠷᠡᠯ ᠲᠠᠢ ᠠᠵᠢᠯᠯᠠᠭ᠎ᠠ ᠳᠤ ᠢᠳᠡᠪᠬᠢᠲᠡᠢ ᠭᠠᠪᠰᠢᠭᠠᠶᠢᠯᠠᠵᠤ ᠪᠠᠶᠢᠵᠡᠢ᠃        ᠲᠤᠬᠠᠢ ᠶᠢᠨ ᠦᠶ᠎ᠠ ᠳᠤ ᠨᠡᠶᠢᠬᠡᠮ ᠤᠳᠤ ᠶᠢᠨ ᠰᠢᠭ᠋ ᠬᠦᠭᠵᠢᠬᠡ ᠦᠬᠡᠢ᠂ ᠮᠠᠰᠢᠨ ᠲᠧᠭᠨᠢᠭᠵᠢᠬᠡ ᠦᠬᠡᠢ᠂ ᠬᠦᠳᠡᠯᠮᠤᠷᠢ ᠶᠢᠨ ᠲᠤᠨᠤᠭ ᠲᠦᠬᠦᠭᠡᠷᠤᠮᠵᠢ ᠪᠠᠶᠢᠬᠤ ᠦᠭᠡᠢ ᠬᠠᠲᠠᠭᠤ ᠪᠡᠷᠬᠡᠰᠢᠶᠠᠯ ᠲᠠᠢ ᠡᠷᠢᠨ ᠳᠤ᠂ ᠠᠷᠪᠠᠨ ᠬᠡᠳᠤᠬᠡᠨ ᠨᠠᠰᠤᠳᠠᠢ ᠬᠡᠤᠬᠡᠨᠴᠤᠳ ᠬᠦᠷᠵᠠ ᠪᠠᠷᠢᠭᠠᠳ ᠬᠦᠴᠤᠨ ᠤ ᠠᠵᠢᠯ ᠬᠢᠵᠤ᠂ ᠨᠦᠬᠡᠨ ᠬᠡᠷ ᠲᠤ ᠰᠠᠭᠤᠵᠤ᠂ ᠦᠯᠦᠩ ᠬᠠᠳᠤᠵᠤ᠂ ᠬᠠᠳᠠ ᠴᠤᠭᠤᠯᠬᠤ᠂ ᠲᠠᠭᠠᠭᠠᠴᠠ ᠲᠠᠢ ᠭᠠᠵᠠᠷ ᠮᠠᠯᠳᠠᠵᠤ᠂ ᠤᠰᠤ ᠶᠢ ᠨᠢ ᠭᠤᠷᠤᠬ᠎ᠠ ᠳᠤ ᠤᠷᠤᠭᠤᠯᠤᠨ ᠤᠷᠤᠰᠬᠠᠯ ᠲᠠᠢ ᠪᠤᠯᠭᠠᠵᠤ᠂ ᠲᠡᠪᠤᠨ ᠬᠤᠰᠢᠭᠤ ᠮᠠᠯ ᠢᠶᠠᠨ ᠤᠮᠳᠠᠯᠠᠨ᠂ ᠮᠠᠯ ᠤᠨᠤᠭᠠᠨ ᠤ ᠤᠰᠤ ᠤᠮᠳᠠ ᠶᠢᠨ ᠠᠰᠠᠭᠤᠳᠠᠯ ᠢ ᠰᠢᠢᠳᠪᠤᠷᠢᠯᠡᠵᠤ ᠪᠠᠶᠢᠵᠡᠢ᠃ ᠲᠤᠬᠠᠢ ᠶᠢᠨ ᠦᠶ᠎ᠠ ᠳᠤ ᠪᠠᠪᠠᠰᠠᠩ ᠰᠢᠨᠠᠪᠤᠯᠠᠭ ᠰᠤᠮᠤ ᠶᠢᠨ ᠲᠠᠪᠤᠬᠤᠳᠤ ᠭᠠᠴᠠᠭᠠᠨ ᠤ ︽ᠲᠠᠮᠤᠷ ᠬᠡᠤᠬᠡᠨᠴᠤᠳ︾ ᠤᠨ ᠲᠤᠭᠤᠢᠢᠯᠠᠩ ᠳᠤ ᠨᠠᠶᠢᠳᠠ ᠲᠤᠯᠤᠭᠠᠨ ᠲᠠᠮᠤᠷ ᠬᠡᠤᠬᠡᠨ ᠲᠠᠢ ᠬᠠᠮᠳᠤ ᠠᠵᠢᠯᠯᠠᠵᠤ ᠪᠠᠶᠢᠪᠠ᠃ ᠳᠡᠳᠡ ᠵᠢᠯ ᠤᠨ ᠲᠦᠷᠪᠡᠨ ᠤᠯᠠᠷᠢᠯ ᠳᠤ ᠮᠠᠯᠵᠢᠬᠤ ᠦᠢᠯᠡᠳᠪᠤᠷᠢᠯᠡᠯ ᠠᠮᠢᠳᠤᠷᠠᠯ ᠤᠨ ᠡᠯ᠎ᠡ ᠠᠵᠢᠯ ᠳᠤ ᠲᠦᠷᠦᠭᠦᠯᠡᠨ ᠭᠠᠪᠰᠢᠭᠠᠶᠢᠯᠠᠵᠤ᠂ ᠬᠠᠪᠤᠷ ᠤᠨ ᠴᠠᠭ ᠲᠦᠯ ᠲᠤᠰᠴᠤ ᠪᠤᠶᠢᠵᠢᠭᠤᠯᠤᠨ᠂ ᠪᠤᠷᠭᠠᠰᠤ ᠬᠠᠳᠤᠵᠤ᠂ ᠵᠤᠨ ᠤ ᠴᠠᠭ ᠬᠤᠨᠢ ᠬᠠᠷᠢᠭᠤᠯᠵᠤ᠂ ᠬᠤᠨᠢ ᠬᠠᠶᠢᠴᠢᠯᠠᠨ᠂ ᠨᠠᠮᠤᠷ ᠤᠨ ᠴᠠᠭ ᠪᠤᠷᠳᠤᠭ᠎ᠠ ᠬᠠᠳᠤᠯᠠᠩ ᠳᠤ ᠶᠠᠭᠠᠷᠠᠵᠤ᠂ ᠭᠤᠤᠯ ᠤᠨ ᠤᠰᠤ ᠬᠦᠯᠳᠡᠪᠡᠯ ᠬᠤᠯᠤᠰᠤ ᠬᠠᠳᠤᠵᠤ ᠡᠪᠤᠯ ᠤᠨ ᠪᠡᠯᠡᠳᠬᠡᠯ ᠬᠢᠵᠤ᠂ ᠡᠪᠤᠯ ᠤᠨ ᠴᠠᠭ ᠮᠠᠯ ᠤᠨᠤᠭ᠎ᠠ ᠲᠡᠵᠢᠭᠡᠬᠦ᠂ ᠬᠤᠨᠢ ᠬᠠᠷᠢᠭᠤᠯᠬᠤ ᠵᠡᠷᠭᠡ ᠬᠠᠷ᠎ᠠ ᠪᠤᠷᠤ ᠠᠵᠢᠯ ᠳᠤ ᠡᠷ᠎ᠡ ᠪᠦᠰᠡᠲᠡᠢ ᠬᠦᠮᠦᠨ ᠠᠴᠠ ᠲᠤᠲᠠᠭᠤ ᠦᠭᠡᠢ ᠬᠦᠳᠡᠯᠮᠤᠷᠢᠯᠠᠵᠤ ᠪᠠᠶᠢᠭᠰᠠᠨ ᠶᠤᠮ᠃        ᠭᠠᠪᠢᠶ᠎ᠠ ᠵᠢᠳᠬᠦᠯ ᠢᠶᠠᠨ ᠡᠷᠬᠦᠵᠤ᠂ ᠭᠠᠷᠮᠠᠭᠠᠢ ᠲᠠᠭᠤᠷᠢᠶᠠᠯ ᠦᠵᠡᠬᠦᠯᠦᠭᠰᠡᠨ ︽ᠲᠠᠮᠤᠷ ᠬᠡᠤᠬᠡᠨᠴᠤᠳ︾ ᠤᠨ ᠠᠵᠢᠯᠯᠠᠬᠤ ᠲᠤᠭᠤᠢᠢᠯᠡᠩ ᠲᠠᠷᠬᠠᠭᠰᠠᠨ ᠴᠤ ᠡᠳᠡᠬᠡᠷ ︽ᠲᠠᠮᠤᠷ ᠬᠡᠤᠬᠡᠨᠴᠤᠳ︾ ᠦᠪᠡᠷ ᠦᠪᠡᠷ ᠤᠨ ᠠᠵᠢᠯ ᠠᠮᠢᠳᠤᠷᠠᠯ ᠳᠠᠭᠠᠨ ᠬᠢᠯᠠᠷᠠᠭᠤᠯᠵᠤ᠂ ᠦᠷᠦᠬᠡ ᠬᠡᠷ ᠢᠶᠠᠨ ᠴᠤᠭᠴᠠᠯᠠᠬᠤ ᠳᠤ ᠦᠡᠭᠭᠡ ᠨᠢ ᠬᠠᠷᠢᠭ᠎ᠠ ᠦᠬᠡᠢ ᠲᠠᠪᠤᠤ ᠲᠡᠷᠯᠢᠭ ᠰᠢᠭ ᠢᠶᠠᠨ ᠱᠠᠯᠠᠮᠠᠭᠠᠢᠢᠯᠠᠨ᠂ ᠲᠠᠪᠢ ᠰᠢᠬᠠᠮ ᠵᠢᠯ ︽ᠲᠠᠮᠤᠷ ᠬᠡᠤᠬᠡᠨᠴᠤᠳ︾ ᠤᠨ ᠦᠯᠢᠬᠡᠷ ᠲᠡᠤᠬᠡ ᠪᠠᠨ ᠶᠠᠷᠢᠭ᠎ᠠ ᠦᠬᠡᠢ ᠦᠡᠭᠭᠡᠷᠡᠵᠡᠢ᠃ ᠠᠷᠪᠠᠨ ᠬᠡᠳᠤᠬᠡᠨ ᠨᠠᠰᠤᠳᠠᠢ ᠤᠯᠠᠭᠠᠨ ᠵᠠᠯᠠᠭᠤ ᠪᠠᠶᠢᠭᠰᠠᠨ ᠬᠡᠤᠬᠡᠨᠴᠤᠳ ᠤᠳᠤ ᠵᠢᠷᠠ ᠲᠠᠯᠠ ᠬᠦᠷᠴᠤ ᠵᠠᠵᠢᠨ ᠦᠰᠤ ᠨᠢ ᠴᠠᠶᠢᠷᠠᠭᠰᠠᠨ ᠨᠠᠰᠤᠳᠠᠨ ᠪᠤᠭᠤᠷᠤᠯ ᠤᠳ ᠪᠤᠯᠵᠤ᠂ ᠦᠷ᠎ᠠ ᠠᠴᠢ ᠨᠡᠷ ᠢᠶᠠᠨ ᠠᠰᠠᠷᠠᠵᠤ ᠬᠠᠷᠠᠭᠠᠯᠵᠠᠨ᠂ ᠦᠳᠡᠯᠦᠬᠡ ᠨᠠᠰᠤ ᠪᠠᠨ ᠨᠠᠮ ᠵᠠᠰᠠᠭ ᠤᠨ ᠬᠠᠶᠢᠷ᠎ᠠ ᠬᠠᠯᠠᠮᠵᠢ᠂ ᠢᠪᠡᠬᠡᠯ ᠬᠦᠷᠳᠡᠬᠡᠯ ᠤᠨ ᠬᠠᠷᠢᠭᠤ ᠲᠡᠨᠢᠬᠦᠨ ᠲᠠᠭᠠᠳᠠᠢ ᠦᠡᠭᠭᠡᠷᠡᠭᠦᠯᠵᠤ ᠪᠠᠶᠢᠨ᠎ᠠ᠃        2019 ᠤᠨ ᠤ 11 ᠰᠠᠷ᠎ᠠ ᠳᠤ᠂ ᠦᠡᠭᠭᠡᠷᠡᠭᠰᠡᠨ ᠤ ᠠᠵᠢᠯᠯᠠᠵᠤ ᠬᠦᠳᠡᠯᠮᠤᠷᠢᠯᠡᠵᠤ ᠪᠠᠶᠢᠭᠰᠠᠨ ᠤᠯᠠ ᠮᠦᠷ ᠢᠶᠠᠨ ᠡᠷᠬᠢᠴᠡᠭᠦᠯᠤᠨ ᠲᠤᠷᠠᠳᠬᠠᠬᠤ ᠭᠡᠵᠤ ᠪᠦᠬᠦ ᠤᠷᠤᠨ ᠤ ᠬᠡᠪᠴᠢᠶᠠᠨ ᠤ ︽ᠲᠠᠮᠤᠷ ᠬᠡᠤᠬᠡᠨᠴᠤᠳ︾ ᠵᠢᠷᠬᠢᠶ᠎ᠠ ᠶᠢᠨ ᠬᠤᠯᠪᠤᠭ᠎ᠠ ᠶᠢ ᠪᠠᠶᠢᠭᠤᠯᠵᠤ᠂ ᠲᠤᠰ ᠵᠢᠷᠬᠢᠶ᠎ᠠ ᠶᠢᠨ ᠬᠤᠯᠪᠤᠭᠠᠨ ᠳᠠᠭᠠᠨ ᠶᠠᠷᠢᠶ᠎ᠠ ᠬᠦᠬᠡᠷᠦᠭᠡ ᠪᠤᠯᠵᠤ᠂ ᠦᠡᠭᠭᠡᠷᠡᠭᠰᠡᠨ ᠢᠶᠠᠨ ᠲᠤᠷᠠᠳᠬᠠᠨ ᠡᠷᠬᠢᠴᠡᠬᠦᠯᠬᠦ ᠳᠤ ᠲᠠᠮᠤᠷ ᠬᠡᠤᠬᠡᠨ ᠪᠠᠶᠢᠭᠰᠠᠨ ᠪᠠᠪᠠᠰᠠᠩ ᠰᠠᠳᠬᠢᠯ ᠲᠤᠭᠳᠤᠯᠵᠤ᠂ 2020 ᠤᠨ ᠤ 1 ᠰᠠᠷ᠎ᠠ ᠶᠢᠨ 9 ᠤ ᠡᠳᠤᠷ ︽ᠲᠠᠮᠤᠷ ᠬᠡᠤᠬᠡᠨᠴᠤᠳ︾ ᠲᠠᠭᠤᠤ ᠶᠢᠨ ᠢᠶᠠᠨ ᠦᠬᠡ ᠶᠢ ᠪᠢᠴᠢᠵᠤ ᠪᠢᠯᠡ᠃
       ᠲᠤᠰ ᠵᠢᠷᠬᠢᠶ᠎ᠠ ᠶᠢᠨ ᠬᠤᠯᠪᠤᠭ᠎ᠠ ᠨᠢ ᠡᠨᠡ ᠵᠢᠯ ᠤᠨ ᠭᠤᠷᠪᠠᠨ ᠰᠠᠷ᠎ᠠ ᠶᠢᠨ ᠡᠬᠢ ᠪᠠᠷ᠂ ᠪᠦᠬᠦ ᠤᠷᠤᠨ ᠤ ᠬᠡᠪᠴᠢᠶᠠᠨ ᠤ ᠲᠠᠪᠢ ᠰᠢᠬᠠᠮ ᠵᠢᠯ ᠤᠨ ᠲᠠᠷᠠᠭᠠᠬᠢ ᠠᠩᠬᠠᠨ ᠤ ︽ᠲᠠᠮᠤᠷ ᠬᠡᠤᠬᠡᠨᠴᠤᠳ︾ ᠤᠨ ᠠᠭᠤᠯᠵᠠᠯᠳᠠ ᠶᠢ ᠤᠷᠤᠨ ᠤ ᠲᠦᠪ ᠬᠦᠬᠡᠬᠤᠳᠠ ᠳᠤ ᠬᠢᠬᠦ ᠬᠡᠰᠡᠨ ᠪᠤᠯᠪᠠᠴᠤ ᠬᠢᠵᠢᠭ ᠡᠪᠡᠳᠴᠢᠨ ᠤ ᠨᠦᠯᠦᠬᠡ ᠪᠠᠷ ᠬᠤᠶᠢᠰᠢᠯᠠᠭᠳᠠᠨ᠂ ᠪᠠᠪᠠᠰᠠᠩ ᠨᠠᠰᠤᠳᠠᠨ ᠤ ᠪᠢᠴᠢᠭᠰᠡᠨ ᠲᠠᠭᠤᠤ ᠶᠢᠨ ᠦᠬᠡ ᠴᠤ ᠬᠢᠵᠢᠭ ᠡᠪᠡᠳᠴᠢᠨ ᠤ ᠨᠦᠯᠦᠬᠡ ᠠᠴᠠ ᠲᠡᠬᠦᠨ ᠤ ᠪᠢᠴᠢᠭ ᠤᠨ ᠰᠢᠷᠡᠬᠡᠨ ᠳᠤ ᠭᠤᠷᠪᠠᠨ ᠰᠠᠷ᠎ᠠ ᠨᠠᠮ ᠬᠡᠪᠳᠡᠵᠤ᠂ ᠬᠢᠵᠢᠭ ᠡᠪᠡᠳᠴᠢᠨ ᠨᠡᠮᠳᠡᠨ᠂ ᠬᠤᠷᠢᠭ᠎ᠠ ᠴᠡᠬᠡᠷ ᠲᠠᠶᠢᠯᠤᠭᠳᠠᠵᠤ᠂ 4 ᠰᠠᠷ᠎ᠠ ᠳᠤ ᠰᠢᠨ᠎ᠠ ᠪᠠᠷᠭᠤ ᠵᠡᠬᠦᠨ ᠬᠤᠰᠢᠭᠤᠨ ᠤ ᠤᠯᠠᠭᠠᠨᠮᠦ᠋ᠴᠢᠷ ᠤᠨ ᠤᠷᠳᠤ ᠶᠢᠨ ᠲᠠᠭᠤᠴᠢᠨ ᠲᠦᠭᠦᠷᠡᠩᠵᠢᠷᠭᠠᠯ ᠠᠶ᠎ᠠ ᠲᠠᠭᠠᠷᠠᠭᠤᠯᠵᠤ᠂ ᠤᠷᠳᠤ ᠶᠢᠨ ᠲᠠᠭᠤᠴᠢᠨ ᠪᠠᠷᠬ᠎ᠠ ᠪᠤᠯᠤᠨ ᠰᠤ · ᠰᠠᠷᠠᠨ᠎ᠠ ᠶᠢᠨ ᠲᠠᠭᠤ ᠬᠤᠭᠤᠯᠠᠢ ᠪᠠᠷ ᠠᠮᠢᠯᠠᠨ᠂ ᠤᠯᠠᠨ ᠤ ᠰᠤᠨᠤᠷ ᠲᠤ ᠬᠦᠷᠴᠤ᠂ ᠬᠦᠮᠦᠨ ᠠᠷᠠᠳ ᠤᠨ ᠰᠠᠳᠬᠢᠯ ᠢ ᠬᠦᠪᠴᠢᠯᠠᠵᠤ ᠪᠢᠯᠡ᠃        ︽ᠬᠠᠳᠠ ᠬᠠᠭᠠᠯᠬᠤ ᠰᠦᠰᠦ ᠲᠠᠢ ᠰᠢᠤ \ ᠬᠠᠮᠳᠤ ᠪᠠᠷ ᠪᠦᠯᠬᠦᠮᠳᠡᠨ ᠭᠠᠪᠰᠢᠭᠠᠢᠢᠯᠠᠳᠠᠭ ᠰᠢᠤ \ ᠬᠢᠷᠢ ᠶᠢᠨ ᠬᠦᠮᠦᠨ ᠠᠴᠠ ᠬᠤᠴᠤᠷᠳᠠᠭ ᠦᠭᠡᠢ \ ᠬᠢᠭᠰᠡᠨ ᠠᠵᠢᠯ ᠳᠠᠭᠠᠨ ᠴᠢᠳᠠᠮᠠᠭᠠᠢ ᠰᠢᠤ︾ ᠭᠡᠮᠡᠨ ᠪᠠᠪᠠᠰᠠᠩ ᠨᠠᠰᠤᠳᠠᠨ ᠤ ᠪᠢᠴᠢᠭᠰᠡᠨ ᠰᠢᠭ ᠢᠶᠠᠨ ︽ᠲᠠᠮᠤᠷ ᠬᠡᠤᠬᠡᠨᠴᠤᠳ︾ ᠭᠠᠯ ᠵᠠᠯᠠᠭᠤ ᠨᠠᠰᠤᠨ ᠠᠴᠠ ᠪᠠᠨ ᠨᠤᠲᠤᠭ ᠤᠰᠤᠨ ᠤ ᠪᠠᠨ ᠪᠦᠲᠦᠭᠡᠨ ᠪᠠᠶᠢᠭᠤᠯᠤᠯᠲᠠ ᠳᠤ ᠨᠢᠭᠡ ᠰᠡᠳᠬᠢᠯ ᠨᠢᠭᠡ ᠵᠤᠷᠢᠭ ᠢᠶᠠᠷ ᠢᠶᠠᠨ ᠰᠢᠷᠭᠠᠭᠤ ᠬᠦᠳᠡᠯᠮᠤᠷᠢᠯᠡᠵᠤ᠂ ᠠᠵᠢᠯᠴᠢ ᠬᠦᠳᠡᠯᠮᠦᠷᠢᠴᠢ᠂ ᠲᠠᠷᠤᠤ ᠰᠢᠳᠤᠷᠭᠤ᠂ ᠪᠦᠯᠬᠦᠮᠳᠠᠯ ᠨᠢᠭᠳᠠᠷᠠᠯ ᠤᠨ ᠬᠦᠴᠤᠨ ᠲᠠᠢ᠂ ᠠᠵᠢᠯ ᠤᠨ ᠬᠦᠴᠢᠷ ᠢ ᠬᠢᠵᠤ᠂ ᠬᠦᠨᠳᠤ ᠶᠢ ᠡᠬᠦᠷᠴᠤ᠂ ᠤᠯᠤᠰ ᠤᠷᠤᠨ ᠤ ᠴᠡᠴᠡᠭᠯᠡᠨ ᠬᠦᠭᠵᠢᠯᠲᠡ᠂ ᠨᠤᠲᠤᠭ ᠤᠰᠤᠨ ᠤ ᠪᠠᠨ ᠦᠷᠨᠢᠯ ᠲᠠᠪᠰᠢᠯᠲᠠ ᠳᠤ ᠨᠢᠭᠡᠨ ᠶᠤᠰᠤᠨ ᠤ ᠬᠦᠴᠤᠨ ᠵᠢᠳᠬᠦᠯ ᠢᠶᠠᠨ ᠡᠷᠭᠦᠵᠤ᠂ ᠬᠠᠭᠠᠰ ᠵᠠᠭᠤᠨ ᠢ ᠲᠤᠭᠤᠯᠤᠭᠰᠠᠨ ︽ᠲᠠᠮᠤᠷ ᠬᠡᠤᠬᠡᠨᠴᠤᠳ︾ ᠤᠨ ᠵᠤᠷᠢᠭ ᠰᠠᠨᠠᠭ᠎ᠠ ᠦᠨᠦᠳᠤᠷ ᠤᠨ ᠰᠢᠨ᠎ᠡ ᠴᠠᠭ ᠤᠨ ᠵᠠᠯᠠᠭᠤ ᠨᠢᠭᠡ ᠦᠶ᠎ᠡ ᠶᠢᠨ ᠬᠢᠨ ᠳᠤ ᠬᠡᠪ ᠲᠠᠭᠤᠷᠢᠶᠡᠯ ᠪᠤᠯᠵᠤ᠂ ᠵᠤᠷᠢᠭᠵᠢᠭᠤᠯᠤᠯ ᠪᠤᠯᠬᠤ ᠨᠢ ᠲᠡᠮᠵᠢᠭ᠋ ᠦᠬᠡᠢ᠃
       ᠲᠠᠮᠤᠷ ᠬᠡᠤᠬᠡᠨ ᠪᠠᠶᠢᠭᠰᠠᠨ ᠪᠠᠪᠠᠰᠠᠩ ᠨᠠᠰᠤᠳᠠᠨ ᠤ ᠲᠠᠭᠤᠤ ᠶᠢᠨ ᠦᠬᠡ ᠰᠢᠭ ︽ᠲᠡᠮᠦᠷ ᠬᠡᠤᠬᠡᠨᠴᠤᠳ ᠤᠨ ᠲᠤᠭᠤᠢᠢᠯᠠᠩ ᠮᠢᠨᠢ᠂ ᠲᠦᠮᠡᠨ ᠤᠯᠠᠨ ᠳᠠᠭᠠᠨ ᠲᠠᠭᠤᠷᠢᠶᠠᠯ ᠲᠠᠢ ᠳ᠋ᠠ︾ ᠬᠡᠮᠡᠨ 1974 ᠤᠨ ᠤ 6 ᠰᠠᠷ᠎ᠠ ᠳᠤ ᠬᠡᠭᠡᠷ᠎ᠡ ᠠᠶᠠᠯᠠᠨ ᠴᠡᠷᠢᠭ ᠤᠨ ᠪᠤᠯᠪᠠᠰᠤᠷᠠᠯ ᠢᠶᠠᠨ ᠡᠬᠢᠯᠡᠭᠦᠯᠵᠤ᠂ ᠡᠬᠡ ᠤᠷᠤᠨ ᠤ ᠪᠠᠨ ᠤᠮᠠᠷᠠᠲᠤ ᠬᠢᠯᠢ ᠬᠢᠵᠠᠭᠠᠷ ᠢ ᠰᠠᠬᠢᠨ ᠬᠠᠮᠠᠭᠠᠯᠠᠬᠤ ᠲᠠᠷᠬᠠᠨ ᠡᠭᠦᠷᠭᠡ ᠶᠢ ᠪᠡᠶᠡᠯᠡᠭᠦᠯᠬᠦ ᠶᠢᠨ ᠲᠦᠯᠦᠭᠡ ᠡᠷᠡᠭᠲᠡᠶᠢᠴᠦᠳ ᠲᠠᠢ ᠮᠦᠷᠤ ᠵᠡᠷᠭᠡᠴᠡᠨ ᠠᠵᠢᠯᠯᠠᠵᠤ ᠬᠦᠳᠡᠯᠮᠤᠷᠢᠯᠡᠵᠤ ᠪᠠᠶᠢᠭᠰᠠᠨ ︽ᠲᠠᠮᠤᠷ ᠬᠡᠤᠬᠡᠨᠴᠤᠳ︾ ᠤᠨ ᠠᠵᠢᠯᠯᠠᠵᠤ ᠬᠦᠳᠡᠯᠮᠦᠷᠢᠯᠡᠵᠤ ᠢᠷᠡᠭᠰᠡᠨ ᠲᠡᠤᠬᠡᠨ ᠦᠡᠭᠭᠡᠷᠠᠯᠳᠠ᠂ ᠵᠤᠷᠢᠭ ᠰᠠᠨᠠᠭ᠎ᠠ ᠨᠢ ᠰᠢᠨ᠎ᠠ ᠴᠠᠭ ᠦᠶ᠎ᠠ ᠳᠤ ᠴᠤ ᠬᠡᠰᠡᠨ ᠬᠡᠪ ᠲᠠᠭᠤᠷᠢᠶᠠᠯ ᠪᠤᠯᠵᠤ᠂ ᠦᠨᠢᠳᠠ ᠶᠢᠨ  ᠦᠨᠢᠳᠠ ᠦᠯᠡᠳᠡᠬᠦ ᠨᠢ ᠯᠡᠪᠳᠠᠢ᠃                                        ᠵᠤᠬᠢᠶᠠᠭᠴᠢ᠄ ᠤᠷᠭᠤᠭ᠎ᠠ
 
ᠢᠷᠡᠯᠲᠡ᠄ ᠬᠦᠯᠦᠨ ᠪᠣᠶᠢᠷ ᠬᠤᠲᠠ ᠶᠢᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号