ᠮᠦᠬᠦ ᠭᠠᠩᠰᠠᠷᠠᠯ ᠢ ᠵᠠᠰᠠᠨ᠎ᠠ
ᠨᠡᠶᠢᠲᠡᠯᠡᠭᠰᠡᠨ ᠴᠠᠭ᠄
2021/1/21
       ᠠᠮᠧᠷᠢᠺᠠ ᠶᠢᠨ ᠵᠠᠭᠤᠴᠢᠯᠠᠭᠤᠷ ᠤᠨ ᠬᠢᠨ ᠲᠦᠷᠦᠬᠦᠭᠡᠨ ᠮᠡᠳᠡᠭᠡᠯᠡᠯ ᠨᠡᠶᠢᠳᠡᠯᠡᠵᠦ᠂ ᠬᠠᠮᠤᠬ ᠤᠨ ᠰᠢᠨ᠎ᠡ ᠰᠤᠳᠤᠯᠭᠠᠨ ᠳᠤ ᠢᠯᠡᠷᠡᠬᠦᠯᠦᠭᠰᠡᠨ ᠢᠶᠠᠷ ᠮᠦᠬᠦ ᠠᠷᠪᠢᠨ ᠢᠳᠡᠪᠡᠯ ᠭᠠᠩᠰᠠᠷᠠᠬᠤ ᠭᠡᠮ ᠢ ᠵᠠᠰᠠᠳᠠᠭ᠂ ᠤᠴᠢᠷ ᠨᠢ ᠮᠦᠬᠦ ᠳᠤ ᠨᠢᠭᠡ ᠵᠦᠢᠯ ᠤᠨ ᠰᠠᠢ ᠯᠦᠸᠧ ᠰᠢ ᠪᠢᠨ ᠭᠡᠮᠡᠭᠴᠢ ᠭᠡᠢ ᠰᠡᠷᠡᠯ ᠲᠦᠷᠦᠭᠳᠡᠬᠦᠯᠬᠦ ᠡᠳ᠋ ᠠᠭᠤᠯᠤᠭᠳᠠᠳᠠᠭ ᠭᠡᠵᠡᠢ᠃
               ᠠᠩᠭ᠍ᠯᠢ ᠶᠢᠨ ᠤᠯᠤᠰ ᠤᠨ ᠰᠢᠨᠵᠢᠯᠡᠬᠦ ᠤᠬᠠᠭᠠᠨ ᠮᠡᠷᠭᠡᠵᠢᠯ ᠤᠨ ᠰᠤᠳᠤᠯᠭᠠᠨ ᠤ ᠵᠦᠪᠯᠡᠯ ᠠᠴᠠ ᠲᠡᠮᠵᠢᠨ ᠶᠠᠪᠤᠭᠳᠠᠭᠤᠯᠵᠤ ᠪᠠᠶᠢᠭ᠎ᠠ ᠳᠤᠰ ᠰᠤᠳᠤᠯᠭᠠᠨ ᠤ ᠳᠤᠮᠳᠠ᠂ ᠰᠤᠳᠤᠯᠭᠠᠳᠠᠳ ᠭᠠᠩᠰᠠᠷᠠᠬᠤ ᠭᠡᠮ ᠲᠠᠢ ᠡᠪᠡᠳᠴᠢᠳᠡᠨ ᠳᠤ ᠭᠠᠷᠠᠭ ᠪᠦᠷᠢ ᠬᠤᠶᠠᠷ ᠤᠳᠠᠭ᠎ᠠ ᠰᠠᠢ ᠯᠦᠸᠧ ᠰᠢ ᠪᠢᠨ ᠢ ᠤᠤᠭᠤᠯᠭᠠᠬᠤ ᠶᠢᠨ ᠬᠠᠮᠳᠤ ᠲᠡᠳᠡᠨ ᠤ ᠶᠡᠭᠡ ᠳᠠᠷᠢᠬᠢᠨ ᠤ ᠳᠤᠰᠬᠠᠯ ᠢ ᠠᠵᠢᠬᠯᠠᠵᠠᠢ᠃ ᠭᠠᠶᠢᠬᠠᠯᠳᠠᠢ ᠨᠢ᠂ ᠨᠢᠭᠡ ᠭᠠᠷᠠᠭ ᠤᠨ ᠳᠠᠷᠠᠭ᠎ᠠ ᠪᠦᠬᠦ᠋ᠢᠯᠡ ᠡᠪᠡᠳᠴᠢᠳᠡᠨ ᠤ ᠭᠠᠩᠰᠠᠷᠠᠬᠤ ᠢᠯᠡᠷᠡᠯ ᠨᠢ ᠴᠦᠮ ᠨᠠᠮᠳᠠᠪᠠ᠃ ᠳᠠᠪᠤᠨ ᠭᠠᠷᠠᠭ ᠤᠨ ᠳᠠᠷᠠᠭ᠎ᠠ᠂ 47% ᠤᠨ ᠡᠪᠡᠳᠴᠢᠳᠡᠨ ᠭᠤᠳᠤᠷᠠᠵᠤ ᠪᠤᠬᠢᠨᠢᠳᠤᠬᠤ ᠪᠠᠨ ᠪᠠᠶᠢᠬᠰᠠᠨ ᠪᠠᠶᠢᠪᠠ᠃ ᠳᠠᠷᠢᠬᠢᠨ ᠤ ᠭᠡᠰᠡᠭ ᠤᠨ ᠰᠢᠷᠪᠢᠯᠳᠡ ᠳᠤ ᠬᠠᠷᠠᠭᠤᠯᠤᠭᠰᠠᠨ ᠢᠶᠠᠷ᠂ ᠡᠪᠡᠳᠴᠢᠳᠡᠨ ᠤ ᠬᠦᠢᠯᠡᠰᠦᠨ ᠴᠦᠮ᠎ᠡ ᠶᠢᠨ ᠳᠤᠭᠤᠷᠢᠭ ᠤᠨ ᠠᠵᠢᠯᠯᠠᠭ᠎ᠠ ᠴᠤ ᠢᠯᠡᠳᠳᠡ ᠪᠠᠭᠠᠰᠴᠠᠢ᠃        ᠰᠤᠳᠤᠯᠭᠠᠳᠠᠳ ᠤᠨ ᠢᠯᠡᠷᠭᠡᠶᠢᠯᠡᠭᠰᠡᠨ ᠢᠶᠠᠷ᠂ ᠰᠠᠢ ᠯᠦᠸᠧ ᠰᠢ ᠪᠢᠨ ᠭᠠᠩᠰᠠᠷᠠᠬᠤ ᠭᠡᠮ ᠲᠠᠢ ᠡᠪᠡᠳᠴᠢᠳᠡᠨ ᠳᠤ ᠪᠤᠳᠤᠯ ᠰᠠᠨᠠᠭ᠎ᠠ ᠨᠢ ᠳᠠᠯᠪᠢᠭᠤᠷᠠᠬᠤ ᠪᠠ ᠦᠪᠡᠷᠮᠢᠴᠡ ᠵᠠᠩ ᠠᠭᠠᠯᠢ ᠨᠢ ᠬᠤᠪᠢᠷᠠᠬᠤ ᠲᠦᠷᠦᠭᠳᠡᠯ ᠦᠭᠳᠡᠭ ᠪᠠᠶᠢᠨ᠎ᠠ᠃ ᠮᠦᠬᠦ ᠠᠷᠪᠢᠨ ᠢᠳᠡᠪᠡᠯ ᠲᠡᠬᠦᠨ ᠳᠤ ᠠᠭᠤᠯᠤᠭᠳᠠᠬᠤ ᠰᠠᠢ ᠯᠦᠸᠧ ᠰᠢ ᠪᠢᠨ ᠨᠢ ᠶᠡᠭᠡ ᠳᠠᠷᠢᠬᠢᠨ ᠳᠤ ᠳᠠᠬᠢᠨᠳᠠ ᠳᠤᠬᠢᠷᠠᠭᠤᠯᠤᠯᠳᠠ ᠬᠢᠵᠦ᠂ ᠭᠠᠩᠰᠠᠷᠠᠬᠤ ᠭᠡᠮ ᠤᠨ ᠵᠠᠰᠠᠯᠭ᠎ᠠ ᠳᠤ ᠮᠠᠰᠢ ᠰᠠᠶᠢᠨ ᠦᠢᠯᠡᠳᠦᠯ ᠦᠵᠡᠬᠦᠯᠳᠡᠭ᠃
 
ᠢᠷᠡᠯᠲᠡ᠄ ᠬᠦᠯᠦᠨ ᠪᠣᠶᠢᠷ ᠬᠤᠲᠠ ᠶᠢᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号