ᠠᠰᠠᠭᠤᠯᠳᠠ᠄ ᠴᠡᠷᠢᠭ ᠤᠨ ᠠᠯᠪᠠ ᠠᠴᠠ ᠬᠠᠯᠠᠭᠳᠠᠭᠰᠠᠨ ᠤ ᠳᠠᠷᠠᠭ᠎ᠠ ᠭᠡᠳᠦᠨ ᠵᠦᠢᠯ ᠤᠨ ᠲᠦᠪᠬᠢᠨᠡᠬᠦᠯᠬᠦ | ᠠᠷᠭ᠎ᠠ ᠪᠠᠶᠢᠬᠤ ᠪᠤᠢ︖ | ᠬᠠᠷᠢᠭᠤᠯᠳᠠ᠄ ᠤᠯᠤᠰ ᠠᠴᠠ ᠠᠵᠢᠯ ᠤᠯᠭᠤᠯᠳᠠ ᠶᠢ ᠳᠡᠳᠬᠦᠬᠦ ᠪᠠᠷ ᠭᠤᠤᠯ ᠪᠤᠯᠭᠠᠨ᠂ ᠪᠡᠶ᠎ᠡ ᠪᠠᠨ | ᠳᠠᠭᠠᠭᠠᠵᠦ ᠠᠵᠢᠯ ᠤᠯᠬᠤ᠂ ᠠᠵᠢᠯ ᠳᠤᠬᠢᠷᠠᠭᠤᠯᠬᠤ᠂ ᠨᠠᠰᠤᠨ ᠤ ᠠᠮᠠᠷᠠᠯᠳᠠ ᠪᠠᠨ ᠠᠪᠬᠤ᠂ ᠳᠡᠵᠢᠭᠡᠨ ᠠᠷᠠᠴᠢᠯᠠᠬᠤ | ᠵᠢᠴᠢ ᠦᠷᠬᠦᠯᠵᠢᠯᠡᠨ ᠰᠤᠷᠤᠯᠴᠠᠬᠤ ᠵᠡᠷᠭᠡ ᠤᠯᠠᠨ ᠵᠦᠢᠯ ᠤᠨ ᠠᠷᠭ᠎ᠠ ᠶᠢ ᠤᠶᠠᠯᠳᠤᠭᠤᠯᠤᠭᠰᠠᠨ ᠴᠡᠷᠢᠭ ᠠᠴᠠ | ᠬᠠᠯᠠᠭᠳᠠᠭᠰᠠᠳ ᠢ ᠲᠦᠪᠬᠢᠨᠡᠬᠦᠯᠬᠦ ᠲᠦᠷᠢᠮ ᠢ ᠪᠠᠶᠢᠭᠤᠯᠤᠨ ᠳᠡᠬᠦᠯᠳᠡᠷᠵᠢᠬᠦᠯᠵᠦ ᠪᠤᠢ᠃ | ᠠᠰᠠᠭᠤᠯᠳᠠ᠄ ᠠᠯᠢ ᠠᠯᠢ ᠴᠡᠷᠢᠭ ᠠᠴᠠ ᠬᠠᠯᠠᠭᠳᠠᠭᠰᠠᠳ ᠲᠤ ᠵᠠᠰᠠᠭ ᠤᠨ ᠤᠷᠳᠤᠨ ᠠᠴᠠ ᠠᠵᠢᠯ | ᠳᠤᠬᠢᠷᠠᠭᠤᠯᠵᠦ ᠦᠭᠳᠡᠭ ᠪᠤᠢ︖ | ᠬᠠᠷᠢᠭᠤᠯᠳᠠ᠄ ᠴᠡᠷᠢᠭ ᠠᠴᠠ ᠬᠠᠯᠠᠭᠳᠠᠭᠰᠠᠳ ᠤᠨ ᠳᠤᠳᠤᠷ᠎ᠠ ᠳᠤᠤᠷᠠᠬᠢ ᠨᠦᠬᠦᠴᠡᠯ ᠤᠨ ᠨᠢᠭᠡ ᠳᠤ | ᠨᠡᠶᠢᠴᠡᠪᠡᠯ᠂ ᠴᠡᠷᠢᠭ ᠠᠴᠠ ᠬᠠᠯᠠᠭᠳᠠᠬᠤ ᠦᠶ᠎ᠡ ᠳᠤ ᠠᠷᠠᠳ ᠤᠨ ᠵᠠᠰᠠᠭ ᠤᠨ ᠤᠷᠳᠤᠨ ᠠᠴᠠ ᠠᠵᠢᠯ ᠳᠤᠬᠢᠷᠠᠭᠤᠯᠵᠦ | ᠦᠭᠬᠦ ᠶᠢ ᠰᠤᠩᠭᠤᠵᠦ ᠪᠤᠯᠤᠨ᠎ᠠ᠄ ︵1︶ ᠪᠠᠭ᠎ᠠ ᠤᠹᠢᠼᠧᠷ ᠤᠨ ᠠᠯᠪᠠ ᠬᠠᠭᠠᠭᠰᠠᠨ ᠬᠤᠭᠤᠴᠠᠭ᠎ᠠ ᠨᠢ ᠪᠦᠬᠦᠯᠢ | 12 ᠵᠢᠯ ᠪᠤᠯᠤᠭᠰᠠᠳ︔ ︵2︶ ᠴᠡᠷᠢᠭ ᠤᠨ ᠠᠯᠪᠠ ᠬᠠᠭᠠᠬᠤ ᠬᠤᠭᠤᠴᠠᠭᠠᠨ ᠳᠤ ᠡᠩ ᠤᠨ ᠦᠶ᠎ᠡ ᠶᠢᠨ | ᠬᠤᠶᠠᠳᠤᠭᠠᠷ ᠵᠡᠷᠭᠡ ᠶᠢᠨ ᠭᠠᠪᠢᠶ᠎ᠠ ᠠᠴᠠ ᠳᠡᠭᠡᠭᠰᠢ ᠱᠠᠩᠨᠠᠯ ᠬᠦᠬᠢᠬᠦᠯᠦᠯ ᠪᠤᠶᠤ ᠳᠠᠶᠢᠨ ᠤ ᠦᠶ᠎ᠡ ᠶᠢᠨ ᠭᠤᠷᠪᠠᠳᠤᠭᠠᠷ | ᠵᠡᠷᠭᠡ ᠶᠢᠨ ᠭᠠᠪᠢᠶ᠎ᠠ ᠠᠴᠠ ᠳᠡᠭᠡᠭᠰᠢᠬᠢ ᠱᠠᠩᠨᠠᠯ ᠬᠦᠬᠢᠬᠦᠯᠦᠯ ᠬᠦᠷᠲᠡᠭᠰᠡᠳ︔ ︵3︶ ᠳᠠᠶᠢᠨ ᠠᠴᠠ ᠪᠤᠯᠵᠦ | ᠵᠡᠮᠳᠡᠭ ᠪᠤᠯᠵᠦ᠂ 5 ᠠᠴᠠ 8 ᠳᠡᠰ ᠤᠨ ᠵᠡᠮᠳᠡᠭ ᠤᠨ ᠳᠡᠰ ᠢᠶᠠᠷ ᠳᠤᠳᠤᠯᠠᠨ ᠳᠤᠭᠳᠠᠭᠠᠭᠳᠠᠭᠰᠠᠳ︔ ︵4︶ | ᠦᠷᠡᠭᠳᠡᠭᠰᠡᠨ ᠪᠠᠭᠠᠳᠤᠷ ᠤᠨ ᠦᠷ᠎ᠡ ᠬᠡᠤᠬᠡᠳ᠃ | ᠠᠰᠠᠭᠤᠯᠳᠠ᠄ ᠴᠡᠷᠢᠭ ᠠᠴᠠ ᠬᠠᠯᠠᠭᠳᠠᠭᠰᠠᠳ ︽ᠴᠡᠷᠢᠭ ᠤᠨ ᠠᠯᠪᠠ ᠬᠠᠭᠠᠭᠰᠠᠨ ᠬᠤᠭᠤᠴᠠᠭ᠎ᠠ︾ ᠶᠢ | ᠭᠡᠷᠬᠢᠨ ᠪᠤᠳᠤᠬᠤ ᠪᠤᠢ︖ | ᠬᠠᠷᠢᠭᠤᠯᠳᠠ᠄ ᠴᠡᠷᠢᠭ ᠪᠠᠶᠢᠯᠳᠤᠭᠴᠢᠳ ᠤᠨ ᠴᠡᠷᠢᠭ ᠤᠨ ᠠᠯᠪᠠ ᠬᠠᠭᠠᠭᠰᠠᠨ ᠬᠤᠭᠤᠴᠠᠭ᠎ᠠ ᠶᠢ ︽ᠴᠡᠷᠢᠭ | ᠤᠨ ᠠᠯᠪᠠ ᠶᠢᠨ ᠪᠠᠶᠢᠭᠤᠯᠭ᠎ᠠ ᠠᠴᠠ ᠴᠡᠷᠢᠭ ᠤᠨ ᠠᠯᠪᠠ ᠬᠠᠭᠠᠬᠤ ᠶᠢ ᠵᠦᠪᠰᠢᠶᠡᠷᠡᠭᠰᠡᠨ ᠡᠳᠦᠷ ᠠᠴᠠ ᠡᠬᠢᠯᠡᠨ᠂ | ᠴᠡᠷᠢᠭ ᠠᠩᠬᠢ ᠠᠴᠠ ᠴᠡᠷᠢᠭ ᠤᠨ ᠠᠯᠪᠠ ᠠᠴᠠ ᠬᠠᠯᠠᠭᠳᠠᠭᠤᠯᠬᠤ ᠵᠠᠷᠯᠢᠭ ᠪᠠᠭᠤᠯᠭᠠᠭᠰᠠᠨ ᠡᠳᠦᠷ ᠪᠤᠯᠳᠠᠯ᠎ᠠ ᠪᠤᠳᠤᠵᠦ | ᠤᠷᠤᠭᠤᠯᠤᠨ᠎ᠠ︾᠃ ᠴᠡᠷᠢᠭ ᠪᠠᠶᠢᠯᠳᠤᠭᠴᠢ ᠴᠡᠷᠢᠭ ᠤᠨ ᠠᠯᠪᠠ ᠬᠠᠭᠠᠬᠤ ᠬᠤᠭᠤᠴᠠᠭᠠᠨ ᠳᠤ ᠡᠷᠡᠬᠦᠦ ᠶᠢᠨ | ᠰᠢᠢᠳᠭᠡᠯ ᠤᠯᠤᠭᠰᠠᠨ᠂ ᠬᠦᠳᠡᠯᠮᠦᠷᠢ ᠪᠠᠷ ᠵᠠᠰᠠᠨ ᠬᠦᠮᠦᠵᠢᠬᠦᠯᠦᠭᠳᠡᠭᠰᠡᠨ ᠪᠠᠶᠢᠪᠠᠯ᠂ ᠡᠷᠡᠬᠦᠦ ᠶᠢᠨ ᠰᠢᠢᠳᠭᠡᠯ ᠤᠨ | ᠬᠤᠭᠤᠴᠠᠭ᠎ᠠ ᠪᠤᠯᠤᠨ ᠬᠦᠳᠡᠯᠮᠦᠷᠢ ᠪᠠᠷ ᠵᠠᠰᠠᠨ ᠬᠦᠮᠦᠵᠢᠬᠦᠯᠦᠭᠳᠡᠭᠰᠡᠨ ᠬᠤᠭᠤᠴᠠᠭ᠎ᠠ ᠶᠢ ᠴᠡᠷᠢᠭ ᠤᠨ ᠠᠯᠪᠠ | ᠬᠠᠭᠠᠭᠰᠠᠨ ᠬᠤᠭᠤᠴᠠᠭ᠎ᠠ ᠳᠤ ᠪᠤᠳᠤᠵᠦ ᠤᠷᠤᠭᠤᠯᠬᠤ ᠦᠬᠡᠢ᠃ | ᠠᠰᠠᠭᠤᠯᠳᠠ᠄ ᠳᠠᠶᠢᠨ ᠤ ᠦᠶ᠎ᠡ ᠶᠢᠨ ᠭᠤᠷᠪᠠᠳᠤᠭᠠᠷ ᠵᠡᠷᠭᠡ ᠶᠢᠨ ᠭᠠᠪᠢᠶ᠎ᠠ ᠠᠴᠠ ᠳᠡᠭᠡᠭᠰᠢᠬᠢ ᠱᠠᠩᠨᠠᠯ | ᠬᠦᠬᠢᠬᠦᠯᠦᠯ ᠬᠦᠷᠲᠡᠬᠦ ᠳᠠᠬᠢ ︽ᠳᠠᠶᠢᠨ ᠤ ᠦᠶ᠎ᠡ︾ ᠭᠡᠳᠡᠭ ᠢ ᠭᠡᠷᠬᠢᠨ ᠤᠶᠢᠯᠠᠭᠠᠬᠤ ᠪᠤᠢ︖ | ᠬᠠᠷᠢᠭᠤᠯᠳᠠ᠄ ᠳᠠᠶᠢᠨ ᠤ ᠦᠶ᠎ᠡ ᠭᠡᠳᠡᠭ ᠨᠢ᠂ ᠤᠯᠤᠰ ᠠᠴᠠ ᠳᠠᠶᠢᠨ ᠤ ᠪᠠᠶᠢᠳᠠᠯ ᠳᠤ ᠤᠷᠤᠭᠰᠠᠨ ᠢ | ᠵᠠᠷᠯᠠᠵᠦ᠂ ᠴᠡᠷᠢᠭ ᠠᠩᠬᠢ ᠠᠴᠠ ᠳᠠᠶᠢᠨ ᠤ ᠡᠭᠦᠷᠭᠡ ᠶᠢ ᠬᠦᠯᠢᠶᠡᠨ ᠠᠪᠤᠭᠰᠠᠨ ᠪᠤᠶᠤ ᠳᠠᠶᠢᠰᠤᠨ ᠤ ᠬᠡᠨᠡᠳᠳᠡ ᠶᠢᠨ | ᠳᠠᠭᠠᠷᠢᠯᠳᠠ ᠳᠤ ᠤᠴᠠᠷᠠᠭᠰᠠᠨ ᠦᠶ᠎ᠡ ᠶᠢ ᠵᠢᠭᠠᠨ᠎ᠠ᠃︾ ︽ᠴᠡᠷᠢᠭ ᠠᠩᠬᠢ ᠬᠦᠯ ᠬᠤᠷᠢᠬᠤ ᠡᠭᠦᠷᠭᠡ ᠶᠢ | ᠬᠦᠢᠴᠡᠳᠭᠡᠬᠦ ᠪᠤᠶᠤ ᠬᠡᠨᠡᠳᠳᠡ ᠶᠢᠨ ᠴᠢᠨᠠᠷᠳᠠᠢ ᠬᠦᠴᠦᠷᠭᠡᠭᠯᠡᠯ ᠤᠨ ᠶᠠᠪᠤᠳᠠᠯ ᠢ ᠰᠢᠢᠳᠪᠦᠷᠢᠯᠡᠬᠦ ᠦᠶ᠎ᠡ︾᠃ ᠳᠡᠭᠡᠷ᠎ᠡ | ᠳᠤᠷᠠᠳᠤᠭᠰᠠᠨ ᠪᠠᠶᠢᠳᠠᠯ ᠳᠤᠤᠷ᠎ᠠ ᠬᠦᠷᠲᠡᠭᠰᠡᠨ ᠭᠤᠷᠪᠠᠳᠤᠭᠠᠷ ᠵᠡᠷᠭᠡ ᠶᠢᠨ ᠭᠠᠪᠢᠶ᠎ᠠ ᠶᠢ ︽ᠳᠠᠶᠢᠨ ᠤ ᠦᠶ᠎ᠡ ᠶᠢᠨ | ᠭᠤᠷᠪᠠᠳᠤᠭᠠᠷ ᠵᠡᠷᠭᠡ ᠶᠢᠨ ᠭᠠᠪᠢᠶ᠎ᠠ︾ ᠪᠠᠷ ᠳᠤᠳᠤᠯᠠᠨ ᠳᠤᠭᠳᠠᠭᠠᠵᠠᠢ᠃ | ᠠᠰᠠᠭᠤᠯᠳᠠ᠄ ᠳᠠᠶᠢᠨ ᠤ ᠦᠶ᠎ᠡ ᠳᠤ ᠵᠡᠮᠳᠡᠭ ᠪᠤᠯᠤᠭᠰᠠᠳ ᠢ ᠭᠡᠷᠬᠢᠨ ᠵᠠᠭᠠᠭᠯᠠᠨ ᠳᠤᠭᠳᠠᠭᠠᠬᠤ ᠪᠤᠢ︖ | ᠬᠠᠷᠢᠭᠤᠯᠳᠠ᠄ ᠳᠤᠤᠷᠠᠬᠢ ᠪᠠᠶᠢᠳᠠᠯ ᠤᠨ ᠳᠤᠳᠤᠷᠠᠬᠢ ᠨᠢᠭᠡ ᠳᠤᠨᠢ ᠨᠡᠶᠢᠴᠡᠭᠰᠡᠨ ᠪᠠᠶᠢᠪᠠᠯ ᠴᠦᠮ ᠳᠠᠶᠢᠨ ᠤ | ᠦᠶ᠎ᠡ ᠳᠤ ᠵᠡᠮᠳᠡᠭ ᠪᠤᠯᠤᠭᠰᠠᠳ ᠢᠶᠠᠷ ᠦᠨᠡᠯᠡᠨ ᠳᠤᠭᠳᠠᠭᠠᠭᠳᠠᠨ᠎ᠠ᠄ ᠳᠠᠶᠢᠰᠤᠨ ᠲᠠᠢ ᠳᠡᠮᠡᠴᠡᠵᠦ ᠰᠢᠷᠬᠠᠳᠤᠭᠠᠳ | ᠵᠡᠮᠳᠡᠭ ᠪᠤᠯᠤᠭᠰᠠᠳ᠂ ᠡᠰᠡᠬᠦᠯ᠎ᠡ ᠤᠯᠵᠠᠯᠠᠭᠳᠠᠨ ᠪᠠᠷᠢᠪᠴᠢᠯᠠᠭᠳᠠᠭᠰᠠᠨ ᠤ ᠳᠠᠷᠠᠭ᠎ᠠ ᠪᠠᠭᠤᠵᠦ ᠦᠭᠬᠦ ᠦᠬᠡᠢ ᠠᠴᠠ | ᠳᠠᠶᠢᠰᠦᠨ ᠳᠤ ᠳᠠᠮᠤᠯᠠᠭᠳᠠᠨ ᠵᠡᠮᠳᠡᠭ ᠪᠤᠯᠤᠭᠰᠠᠳ︔ ᠤᠯᠤᠰ ᠤᠨ ᠡᠳ᠋ ᠬᠦᠷᠦᠩᠭᠡ᠂ ᠠᠷᠠᠳ ᠲᠦᠮᠡᠨ ᠤ ᠠᠮᠢ | ᠨᠠᠰᠤ ᠡᠳ᠋ ᠬᠦᠷᠦᠩᠭᠡ ᠶᠢ ᠠᠪᠤᠷᠠᠬᠤ ᠪᠠ ᠬᠠᠮᠠᠭᠠᠯᠠᠬᠤ ᠡᠰᠡᠬᠦᠯ᠎ᠡ ᠰᠦᠷᠳᠡᠬᠦᠯᠦᠯ ᠢ ᠡᠰᠡᠷᠬᠦᠴᠡᠬᠦ ᠡᠭᠦᠷᠭᠡ ᠶᠢ | ᠬᠦᠢᠴᠡᠳᠭᠡᠬᠦ ᠪᠠ ᠬᠡᠨᠡᠳᠳᠡ ᠶᠢᠨ ᠭᠡᠷᠡᠭ ᠢ ᠰᠢᠢᠳᠪᠦᠷᠢᠯᠡᠬᠦ ᠶᠢᠨ ᠲᠦᠯᠦᠭᠡ ᠵᠡᠮᠳᠡᠭ ᠪᠤᠯᠤᠭᠰᠠᠳ︔ ᠴᠡᠷᠢᠭ ᠤᠨ | ᠶᠠᠪᠤᠳᠠᠯ ᠤᠨ ᠰᠤᠷᠢᠯᠳᠠ᠂ ᠳᠠᠶᠢᠨ ᠤ ᠪᠡᠯᠡᠳᠭᠡᠯ ᠤᠨ ᠠᠭᠠᠷ ᠠᠶᠠᠯᠠᠯ᠂ ᠠᠭᠠᠷ ᠠᠴᠠ ᠪᠠᠭᠤᠬᠤ ᠪᠠ ᠵᠠᠯᠠᠭᠤᠷᠳᠦ | ᠰᠤᠮᠤ ᠬᠠᠷᠪᠤᠬᠤ ᠰᠤᠷᠢᠯᠳᠠ ᠳᠤ ᠤᠷᠤᠯᠴᠠᠬᠤ᠂ ᠳᠤᠷᠰᠢᠨ ᠠᠶᠠᠯᠠᠵᠦ ᠳᠤᠷᠰᠢᠨ ᠨᠢᠰᠬᠦ ᠡᠭᠦᠷᠭᠡ ᠶᠢ ᠬᠦᠢᠴᠡᠳᠭᠡᠬᠦ | ᠵᠢᠴᠢ ᠵᠡᠪᠰᠡᠭ ᠳᠤᠨᠤᠭᠯᠠᠯ ᠤᠨ ᠰᠢᠨᠵᠢᠯᠡᠬᠦ ᠤᠬᠠᠭᠠᠨ ᠤ ᠰᠤᠳᠤᠯᠭᠠᠨ ᠤ ᠳᠤᠷᠰᠢᠯᠳᠠ ᠳᠤ ᠤᠷᠤᠯᠴᠠᠵᠦ ᠵᠡᠮᠳᠡᠭ | ᠪᠤᠯᠤᠭᠰᠠᠳ︔ ᠭᠠᠳᠠᠭᠠᠳᠦ ᠶᠠᠪᠤᠳᠠᠯ ᠤᠨ ᠡᠭᠦᠷᠭᠡ ᠶᠢ ᠬᠦᠢᠴᠡᠳᠭᠡᠬᠦ ᠵᠢᠴᠢ ᠤᠯᠤᠰ ᠠᠴᠠ ᠳᠤᠮᠢᠯᠠᠭᠰᠠᠨ ᠭᠠᠳᠠᠭᠠᠳᠦ | ᠳᠤ ᠳᠤᠰᠠᠯᠠᠮᠵᠢ ᠦᠵᠡᠬᠦᠯᠬᠦ᠂ ᠤᠯᠠᠨ ᠤᠯᠤᠰ ᠤᠨ ᠡᠩᠬᠡ ᠳᠠᠶᠢᠪᠤᠩ ᠢ ᠬᠠᠮᠠᠭᠠᠯᠠᠬᠤ ᠡᠭᠦᠷᠭᠡ ᠳᠤ ᠤᠷᠤᠯᠴᠠᠵᠦ | ᠵᠡᠮᠳᠡᠭ ᠪᠤᠯᠤᠭᠰᠠᠳ᠃ | | | ᠰᠢᠨ᠎ᠡ ᠪᠠᠷᠭᠤ ᠪᠠᠷᠠᠭᠤᠨ ᠬᠤᠰᠢᠭᠤᠨ ᠤ ᠴᠡᠷᠢᠭ ᠠᠴᠠ ᠬᠠᠯᠠᠭᠳᠠᠭᠰᠠᠳ ᠢ ᠲᠦᠪᠬᠢᠨᠡᠬᠦᠯᠬᠦ | ᠳᠤᠬᠠᠶᠢᠯᠠᠭᠰᠠᠨ ᠠᠵᠢᠯ ᠢ ᠡᠷᠬᠢᠯᠡᠨ ᠬᠦᠢᠴᠡᠳᠭᠡᠬᠦ ᠭᠠᠳᠠᠭᠰᠢ ᠢᠯᠠ ᠨᠡᠶᠢᠳᠡᠯᠡᠬᠦ ᠤᠳᠠᠰᠦ | | 0470 — 6401054 | | |