ᠤᠶᠤᠨᠭᠡᠷᠡᠯ — ᠰᠠᠷᠠᠭᠤᠯ ᠤᠬᠠᠭᠠᠨ ᠲᠠᠢ ᠰᠠᠭᠠᠯᠢᠴᠢᠨ ᠪᠦᠰᠡᠬᠦᠢ
ᠨᠡᠶᠢᠲᠡᠯᠡᠭᠰᠡᠨ ᠴᠠᠭ᠄
2021/11/24
     ᠰᠢᠨ᠎ᠠ ᠪᠠᠷᠭᠤ ᠪᠠᠷᠠᠭᠤᠨ ᠬᠤᠰᠢᠭᠤᠨ ᠤ ᠬᠡᠷᠦᠯᠦᠨ ᠰᠣᠮᠣ ︵ᠤᠤᠯ ᠤᠨ ᠰᠠᠶᠢᠬᠠᠨᠳᠠᠯ᠎ᠠ ᠰᠤᠮᠤ︶ ᠶᠢᠨ ᠪᠠᠶᠠᠨᠨᠠᠭᠤᠷ ᠭᠠᠴᠠᠭᠠᠨ ᠳᠤ ᠤᠯᠠᠮᠵᠢᠯᠠᠯᠳᠦ ᠮᠤᠩᠭᠤᠯ ᠭᠡᠷ ᠢ ᠤᠳᠤᠬᠢ ᠮᠠᠶ᠋ᠢᠭ ᠢᠶᠠᠷ ᠵᠠᠰᠠᠨ ᠴᠢᠮᠡᠭᠯᠡᠵᠦ᠂ ᠲᠡᠷᠭᠡᠳᠡ ᠨᠢ ᠲᠤᠬᠢᠯᠢᠭ ᠴᠡᠮᠴᠡᠭᠡᠷ ᠪᠠᠶᠢᠰᠢᠩ ᠭᠡᠷ᠂ ᠬᠠᠰᠢᠶ᠎ᠠ ᠰᠡᠷᠡᠪᠴᠢ ᠶᠢ ᠵᠢᠭᠳᠡᠷᠡᠬᠦᠯᠦᠨ ᠪᠤᠰᠬᠠᠵᠦ᠂ ᠠᠶᠢᠷᠠᠭ ᠲᠠᠷᠠᠭ ᠤᠨ ᠠᠩᠬᠢᠯᠦᠮ᠎ᠠ ᠦᠨᠦᠷ ᠰᠠᠩᠬᠢᠨᠡᠭᠦᠯᠤᠨ᠂ ᠮᠠᠯ ᠰᠦ᠋ᠷᠦᠭ ᠤᠨ ᠢᠶᠠᠨ ᠠᠰᠢᠭ ᠰᠢᠮ᠎ᠠ ᠪᠠᠷ ᠠᠵᠦ ᠲᠦᠷᠦᠨ ᠠᠮᠢᠳᠤᠷᠠᠵᠦ ᠪᠠᠶᠢᠭ᠎ᠠ ᠲᠠᠯ᠎ᠠ ᠶᠢᠨ ᠮᠤᠩᠭᠤᠯ ᠠᠶᠢᠯ ᠭᠡᠷ ᠤᠨ ᠡᠵᠡᠨ ᠤ ᠪᠠᠨ ᠠᠵᠢᠯᠴᠢ ᠬᠦᠳᠡᠯᠮᠦᠷᠢᠴᠢ ᠶᠢ ᠦᠭᠡ ᠲᠠᠭᠤᠨ ᠦᠭᠡᠢ ᠬᠦᠦᠷᠨᠢᠵᠦ ᠬᠠᠷᠠᠭᠳᠠᠨ᠎ᠠ᠃      ᠲᠦᠯᠦᠪ ᠲᠦᠪᠰᠢᠨ ᠲᠤᠬᠢ ᠲᠤᠬᠠᠳᠠᠶᠢᠬᠠᠨ ᠡᠨᠡ ᠠᠶᠢᠯ ᠢ ᠬᠦᠳᠡᠷ ᠤᠨ ᠬᠢ ᠬᠡᠳᠡᠭ᠃ ᠬᠦᠳᠡᠷ ᠢ ᠲᠤᠷᠠᠳᠬᠤ ᠠᠴᠠ ᠠᠶᠢᠯ ᠰᠠᠭᠠᠬᠠᠯᠳᠠ ᠶᠢᠨ ᠬᠢᠨ ᠲᠡᠬᠦᠨ ᠤ ᠪᠦᠰᠡᠬᠦᠢ ᠤᠶᠤᠨᠭᠡᠷᠡᠯ ᠤᠨ ᠭᠠᠷ ᠢᠶᠠᠷ ᠬᠢᠭᠰᠡᠨ ᠴᠠᠭᠠᠨ ᠢᠳᠡᠭᠡ ᠶᠢᠨ ᠦᠨᠦᠷ ᠠᠮᠳᠠ᠂ ᠴᠢᠨᠠᠷ ᠴᠢᠨᠰᠠᠭ᠎ᠠ ᠶᠢ ᠡᠷᠡᠬᠡᠢ ᠭᠤᠵᠦ᠋ᠢᠯᠭᠠᠨ ᠮᠠᠭᠳᠠᠵᠠᠭᠠᠳᠠᠭ᠃      ᠤᠶᠤᠨᠭᠡᠷᠡᠯ ᠲᠦᠯ ᠮᠠᠯ ᠢᠶᠠᠨ ᠠᠷᠠᠴᠢᠯᠠᠨ ᠲᠤᠳᠤᠮᠳᠠᠬᠤ ᠶᠢᠨ ᠲᠠᠭᠠᠤ ᠭᠡᠷᠡᠭᠯᠡᠭᠴᠢᠳ ᠤᠨ ᠢᠶᠠᠨ ᠬᠡᠷᠡᠭᠴᠡᠭᠡ ᠱᠠᠭᠠᠷᠳᠠᠯᠭ᠎ᠠ ᠳᠤ ᠵᠤᠬᠢᠴᠠᠭᠤᠯᠤᠨ ᠰᠦ ᠰᠠᠭᠠᠯᠢ ᠪᠠᠨ ᠡᠳ᠋ᠰᠢᠬᠦᠯᠤᠨ ᠪᠤᠷᠤᠯᠠᠭᠤᠯᠵᠦ ᠬᠤᠶᠠᠷ ᠵᠢᠯ ᠤᠨ ᠨᠢᠭᠤᠷ ᠢ ᠦᠵᠡᠵᠦ ᠪᠠᠶᠢᠭ᠎ᠠ ᠪᠢᠯᠡ᠃ ᠲᠡᠷᠡ ᠪᠠᠷ ᠴᠠᠭᠠᠨ ᠢᠳᠡᠭᠡ ᠶᠢ ᠡᠳ᠋ᠰᠢᠬᠦᠯᠦᠨ ᠪᠤᠯᠪᠠᠰᠤᠷᠠᠭᠤᠯᠬᠤ ᠤᠯᠠᠮᠵᠢᠯᠠᠯᠳᠦ ᠤᠷ᠎ᠠ ᠲᠡᠮ ᠢ ᠡᠵᠡᠮᠰᠢᠭᠰᠡᠨ ᠰᠠᠭᠤᠷᠢᠨ ᠲᠡᠭᠡᠷ᠎ᠠ ᠵᠤᠷᠢᠭᠳᠠᠢ ᠪᠠᠷ ᠰᠦᠪᠡᠭᠴᠢᠯᠡᠯᠳᠡ ᠬᠢᠵᠦ ᠰᠢᠨ᠎ᠠ ᠶᠢ ᠡᠬᠦᠳᠦᠨ ᠬᠡᠷᠡᠭᠯᠡᠭᠴᠢᠳ ᠤᠨ ᠢᠶᠠᠨ ᠲᠠᠭᠠᠰᠢᠶᠠᠯ ᠳᠤ ᠬᠦᠷᠦᠭᠰᠡᠨ ᠪᠠᠶᠢᠳᠠᠭ᠃ ᠰᠢᠬᠢᠷ ᠲᠠᠢ ᠤᠭᠤᠷᠠᠭ᠂ ᠰᠢᠬᠢᠷ ᠲᠠᠢ ᠠᠭᠠᠷᠤᠤᠯ ᠂ ᠰᠢᠷᠡᠰᠦᠨ ᠰᠢᠬᠢᠷ᠂ ᠰᠢᠷᠡᠰᠦᠨ ᠲᠦᠳᠡ᠂ ᠡᠯᠢᠭᠡᠨ ᠲᠠᠷᠠᠭ ᠁ ᠢᠳᠡᠭᠡᠨ ᠤ ᠲᠡᠭᠡᠵᠢ ᠪᠤᠯᠤᠭᠰᠠᠨ ᠤᠯᠠᠮᠵᠢᠯᠠᠯᠳᠦ ᠴᠠᠭᠠᠨ ᠢᠳᠡᠭᠡ ᠮᠠᠨᠢ ᠲᠡᠬᠦᠨ ᠤ ᠤᠷᠠᠨ ᠬᠤᠶᠠᠷ ᠭᠠᠷ ᠢ ᠲᠠᠮᠵᠢᠬᠤ ᠪᠠᠷ ᠨᠡᠩ ᠴᠦ ᠠᠮᠳᠠ ᠰᠢᠮ᠎ᠠ ᠲᠠᠢ ᠪᠤᠯᠵᠦ ᠰᠠᠶᠢᠨ ᠪᠤᠷᠤᠯᠠᠭᠤᠯᠤᠭᠳᠠᠬᠤ ᠨᠢ ᠭᠠᠶᠢᠬᠠᠯᠳᠠᠢ᠃      ᠵᠤᠨ ᠤ ᠠᠭᠠᠬᠢᠮ᠎ᠠ ᠬᠠᠯᠠᠭᠤᠨ ᠡᠷᠢᠨ ᠳᠤ ᠰᠦ ᠰᠠᠭᠠᠯᠢ ᠶᠢᠨ ᠠᠵᠢᠯ ᠬᠢᠬᠦ ᠬᠡᠭᠴᠢ ᠨᠦᠷᠢ ᠶᠡᠭᠡ ᠬᠦᠳᠡᠯᠮᠦᠷᠢ ᠬᠦᠴᠦ ᠬᠢᠭᠡᠳ ᠲᠡᠰᠪᠤᠷᠢ ᠲᠠᠪᠴᠢᠶᠠᠷᠢ ᠱᠠᠭᠠᠷᠳᠠᠭᠳᠠᠳᠠᠭ ᠶᠤᠮ᠃ ᠤᠶᠤᠨᠭᠡᠷᠡᠯ ᠰᠦ ᠰᠠᠭᠠᠯᠢ ᠶᠢᠨ ᠠᠵᠢᠯ ᠳᠠᠭᠠᠨ ᠵᠤᠨᠵᠢᠨ ᠶᠠᠭᠠᠷᠠᠯᠳᠠᠢ ᠪᠠᠶᠢᠳᠠᠭ᠃ ᠲᠤᠭᠤᠯ ᠢᠶᠠᠨ ᠤᠶᠠᠬᠤ᠂ ᠦᠨᠢᠶ᠎ᠠ ᠰᠠᠭᠠᠬᠤ᠂ ᠰᠦ ᠶᠡᠬᠦᠯᠡᠬᠦ᠂ ᠰᠦ ᠬᠤᠳᠬᠤᠬᠤ ᠂ ᠰᠠᠪᠠ ᠰᠠᠭᠤᠯᠠᠭ᠎ᠠ ᠪᠠᠨ ᠤᠬᠢᠶᠠᠵᠦ ᠠᠷᠴᠢᠬᠤ᠂ ᠬᠢᠭᠰᠡᠨ ᠪᠦᠳᠦᠭᠡᠭᠳᠡᠬᠦᠨ ᠢᠶᠠᠨ ᠪᠤᠭᠤᠳᠠᠯᠯᠠᠵᠦ ᠬᠠᠶᠢᠷᠴᠠᠭᠯᠠᠬᠤ ᠁ ᠬᠡᠳ ᠤᠶᠤᠨᠭᠡᠷᠡᠯ ᠦᠷᠯᠦᠭᠡ ᠶᠢᠨ 5 ᠴᠠᠭ ᠠᠴᠠ ᠦᠳᠡᠰᠢ ᠶᠢᠨ 11 ᠴᠠᠭ ᠪᠤᠯᠳᠠᠯ᠎ᠠ ᠵᠤᠭᠰᠤᠭ᠎ᠠ ᠵᠢᠯᠤᠭᠤ ᠦᠭᠡᠢ ᠶᠠᠭᠠᠷᠠᠯᠳᠠᠢ ᠠᠵᠢᠯᠯᠠᠳᠠᠭ ᠰᠠᠨ᠃      ᠠᠯᠳᠠᠨ ᠨᠠᠮᠤᠷ ᠠᠯᠭᠤᠷᠬᠠᠨ ᠰᠠᠭᠠᠳᠠᠵᠦ ᠲᠤᠭᠤᠯ ᠤᠳ ᠨᠢ ᠪᠦᠳᠦᠭᠦᠷᠡᠬᠦ ᠪᠠᠷ ᠤᠶᠤᠨᠭᠡᠷᠡᠯ ᠰᠦ ᠰᠠᠭᠠᠯᠢ ᠶᠢᠨ ᠠᠵᠢᠯ ᠢᠶᠠᠨ ᠵᠤᠭᠰᠤᠭᠰᠠᠨ ᠴᠦ ᠲᠡᠬᠦᠨ ᠤ ᠨᠠᠶᠢᠵᠠ ᠨᠦᠬᠦᠳ ᠬᠢᠭᠡᠳ ᠲᠠᠨᠢᠯ ᠲᠠᠰᠤᠯ ᠤᠯᠤᠰ ᠨᠢ ᠮᠦᠨ ᠬᠦ ᠲᠡᠬᠦᠨ ᠤ ᠠᠮᠳᠠᠳᠦ ᠴᠠᠭᠠᠨ ᠢᠳᠡᠭᠡ ᠶᠢ ᠠᠰᠠᠭᠤᠵᠦ ᠰᠤᠷᠠᠬᠤ ᠨᠢ ᠤᠯᠠᠨᠳᠠᠢ ᠪᠢᠯᠡ᠃      ᠦᠨᠦ ᠵᠢᠯ ᠤᠨ 4 ᠰᠠᠷ᠎ᠠ ᠳᠤ ᠤᠶᠤᠨᠭᠡᠷᠡᠯ ᠴᠠᠭᠠᠨ ᠢᠳᠡᠭᠡᠨ ᠤ ᠦᠢᠯᠡᠰ ᠤᠨ ᠢᠶᠠᠨ ᠡᠵᠡᠩᠨᠡᠯᠳᠡ ᠶᠢᠨ ᠦᠨᠡᠮᠯᠡᠯ ᠢᠶᠠᠨ ᠪᠦᠷᠢᠳᠭᠡᠨ ᠠᠪᠴᠦ᠂ ︽ᠠᠶᠢᠷᠠᠭ ᠤᠨ ᠵᠤᠰᠠᠭᠠᠯ︾ ᠬᠡᠮᠡᠬᠦ ᠲᠡᠸᠡᠷ ᠤᠨ ᠲᠡᠮᠳᠡᠭᠳᠦ ᠪᠠᠨ ᠭᠤᠶᠤᠴᠢᠯᠠᠬᠤ ᠪᠠᠷ ᠪᠡᠯᠡᠭᠡᠨ ᠪᠤᠯᠤᠭᠠᠳ ᠪᠠᠶᠢᠭ᠎ᠠ ᠶᠤᠮ᠃      ᠤᠶᠤᠨᠭᠡᠷᠡᠯ 1981 ᠤᠨ ᠳᠤ ᠪᠠᠶᠠᠨᠨᠠᠭᠤᠷ ᠭᠠᠴᠠᠭᠠᠨ ᠤ ᠬᠤᠶᠢᠬᠤᠷ ᠴᠠᠭᠠᠳᠠᠢ ᠬᠠᠯᠠ ᠲᠠᠢ ᠲᠤᠷᠵᠢ ᠶᠢᠨ ᠤᠤᠭᠠᠨ ᠬᠡᠤᠭᠡᠨ ᠨᠢ ᠪᠤᠯᠵᠦ ᠵᠠᠶᠠᠭᠠᠵᠦ ᠪᠢᠯᠡ᠃ ᠠᠮᠢᠳᠤᠷᠠᠯ ᠤᠨ ᠬᠠᠷᠠᠭ᠎ᠠ ᠪᠠᠷ ᠲᠡᠷᠡ ᠪᠠᠷ ᠵᠦᠪᠭᠡᠨ ᠠᠩᠬ᠎ᠠ ᠲᠤᠮᠳᠠᠳᠦ ᠬᠦᠷᠳᠡᠯ᠎ᠠ ᠰᠤᠷᠭᠠᠭᠤᠯᠢ ᠰᠤᠶᠤᠯ ᠤᠨ ᠮᠦᠷ ᠬᠦᠭᠡᠭᠡᠪᠠ᠃      ᠤᠶᠤᠨᠭᠡᠷᠡᠯ ᠬᠠᠷᠠᠬᠠᠨ ᠪᠠᠭ᠎ᠠ ᠠᠴᠠ ᠪᠠᠨ ᠬᠠᠶᠢᠷᠠᠳᠠᠢ ᠡᠵᠢ ᠪᠠᠨ ᠠᠯᠳᠠᠭᠰᠠᠨ ᠮᠦᠷᠳᠡᠭᠡᠨ ᠬᠤᠶᠠᠷ ᠲᠡᠬᠦᠦ ᠪᠠᠨ ᠴᠦ ᠠᠯᠳᠡᠵᠦ ᠪᠢᠯᠡ᠃ ᠢᠡᠭᠬᠢᠵᠦ ᠲᠡᠷᠡ ᠪᠠᠷ ᠠᠪᠤ ᠲᠠᠢ ᠪᠠᠨ ᠬᠤᠶᠠᠭᠤᠯᠠᠬᠠᠨ ᠬᠠᠳᠠᠭᠤ ᠬᠠᠤᠯᠢ ᠲᠠᠢ ᠬᠤᠷᠸ᠎ᠠ ᠶᠢᠨ ᠰᠢᠷ᠎ᠠ ᠪᠤᠷᠤ ᠡᠳᠦᠷ ᠬᠤᠨᠤᠭ ᠢ ᠲᠤᠭᠤᠯᠵᠦ ᠢᠷᠠᠪᠠ᠃      1999 ᠤᠨ ᠳᠤ ᠤᠶᠤᠨᠭᠡᠷᠡᠯ ᠪᠤᠶᠠᠨᠳᠠᠯ᠎ᠠ ᠭᠠᠴᠠᠭᠠᠨ ᠳᠤ ᠠᠶᠢᠯ ᠪᠦᠯᠢ ᠪᠤᠯᠵᠦ᠂ 2000 ᠤᠨ ᠪᠡ 2005 ᠤᠨ ᠳᠤ ᠬᠦᠦ ᠬᠡᠤᠭᠡᠨ ᠢᠶᠠᠨ ᠬᠤᠶᠢᠨ᠎ᠠ ᠬᠤᠶᠢᠨ᠎ᠠ ᠠᠴᠠ ᠨᠢ ᠬᠠᠯᠠᠭᠤᠨ ᠡᠯᠢᠭᠡᠨ ᠳᠡᠭᠡᠨ ᠪᠦᠪᠠᠶᠢᠯᠡᠨ ᠲᠤᠰᠴᠦ ᠦᠷ᠎ᠠ ᠶᠢᠨ ᠵᠢᠷᠭᠠᠯ ᠳᠤ ᠰᠤᠭᠳᠤᠭᠤᠷᠠᠪᠠ᠃ ᠬᠡᠪᠡᠴᠦ ︽ᠭᠠᠢ ᠭᠠᠵᠠᠷ ᠲᠤᠤᠷ᠎ᠠ ᠠᠴᠠ︾ ᠭᠡᠳᠡᠭᠴᠢᠯᠡᠨ ᠤᠶᠤᠨᠭᠡᠷᠡᠯ ᠤᠨ ᠨᠦᠬᠦᠷ ᠨᠢ ᠲᠡᠷᠭᠡᠨ ᠠᠳᠡᠯ ᠢᠶᠠᠷ ᠨᠠᠰᠤ ᠪᠠᠷᠠᠵᠦ᠂ ᠲᠡᠬᠦᠨ ᠳᠤ ᠤᠨᠤᠵᠦ ᠠᠯᠳᠠᠬᠤ ᠵᠡᠷᠭᠡᠴᠡᠨ ᠤᠷᠤᠰᠢᠳᠠᠭ ᠬᠤᠷᠸ᠎ᠠ ᠶᠢᠨ ᠡᠨᠡᠷᠢᠯ ᠦᠭᠡᠢ ᠶᠢ ᠲᠡᠬᠢᠨᠳᠡ ᠦᠵᠡᠬᠦᠯᠵᠠᠢ᠃      ᠲᠤᠯᠵᠦ ᠢᠷᠡᠭᠰᠡᠨ ᠵᠤᠪᠠᠯᠡᠩ ᠢ ᠲᠤᠭᠤᠯᠵᠦ ᠭᠠᠷᠬᠤ ᠠᠴᠠ ᠪᠢᠰᠢ ᠲᠤᠭᠤᠷᠢᠵᠦ ᠭᠠᠷᠬᠤ ᠶᠤᠰᠤ ᠦᠭᠡᠢ ᠠᠵᠢ᠃ ᠤᠶᠤᠨᠭᠡᠷᠡᠯ ᠬᠠᠨᠢ ᠲᠦᠰᠢᠭ᠂ ᠬᠤᠶᠠᠷ ᠬᠡᠤᠭᠡᠳ ᠤᠨ ᠢᠶᠠᠨ ᠡᠴᠢᠭᠡ ᠶᠢ ᠠᠯᠳᠠᠭᠰᠠᠨ ᠴᠦ ᠶᠠᠷᠦ ᠠᠴᠠ ᠭᠤᠨᠢᠵᠦ ᠭᠤᠳᠤᠷᠠᠵᠦ᠂ ᠠᠮᠢᠳᠤᠷᠠᠯ ᠳᠤ ᠢᠳᠡᠭᠡᠯ ᠠᠯᠳᠠᠵᠦ ᠦᠡᠭᠭᠡᠷᠡᠭᠰᠡᠨ ᠦᠭᠡᠢ᠃ ᠬᠠᠷᠢᠨ ᠬᠤᠶᠠᠷ ᠬᠡᠤᠭᠡᠳ ᠠᠴᠠ ᠪᠠᠨ ᠬᠠᠮᠤᠭ ᠶᠡᠭᠡ ᠡᠨᠧᠷᠬᠢ ᠬᠦᠴᠦᠨ ᠬᠦᠷᠳᠡᠵᠦ᠂ ᠰᠢᠨᠳᠡᠷᠡᠰᠢ ᠦᠭᠡᠢ ᠰᠦᠰᠦ ᠵᠤᠷᠢᠭ ᠢᠶᠠᠷ ᠠᠮᠢᠳᠤᠷᠠᠯ ᠢᠶᠠᠨ ᠲᠤᠯᠤᠨ ᠪᠤᠰᠴᠦ᠂ ᠠᠪᠤ ᠬᠦᠮᠦᠨ ᠤ ᠲᠦᠷᠢ ᠶᠢ ᠴᠦ ᠪᠦᠳᠦᠭᠡᠨ ᠶᠠᠪᠤᠵᠠᠢ᠃      ᠶᠠᠳᠠᠷᠠᠵᠦ ᠶᠠᠪᠤᠭᠰᠠᠨ ᠴᠠᠭ ᠲᠠᠭᠠᠨ ᠬᠦᠳᠡᠷ ᠬᠡᠮᠡᠭᠴᠢ ᠬᠦᠮᠦᠨ ᠲᠠᠢ ᠤᠴᠠᠷᠠᠨ ᠲᠠᠨᠢᠯᠴᠠᠵᠦ ᠬᠠᠨᠢ ᠶᠢᠨ ᠵᠠᠶᠠᠭ᠎ᠠ ᠬᠤᠯᠪᠤᠭᠰᠠᠨ ᠨᠢ ᠤᠶᠤᠨᠭᠡᠷᠡᠯ ᠳᠤ ᠠᠪᠴᠦ ᠬᠡᠯᠡᠪᠠᠯ ᠬᠢᠵᠠᠭᠠᠯᠠᠰᠢ ᠦᠭᠡᠢ ᠪᠠᠶᠠᠷ ᠵᠢᠷᠭᠠᠯ ᠲᠠᠢ ᠬᠤᠪᠢ ᠲᠠᠪᠢᠯᠠᠩ ᠬᠡᠯᠳᠡᠢ᠃ ᠤᠶᠤᠨᠭᠡᠷᠡᠯ ᠤᠨ ᠡᠭᠡᠯ ᠪᠤᠷᠤᠬᠠᠨ ᠠᠵᠦ ᠠᠮᠢᠳᠤᠷᠠᠯ ᠬᠠᠶᠢᠷ᠎ᠠ ᠬᠦᠰᠡᠯ ᠪᠢᠯᠬᠠᠭᠰᠠᠨ ᠪᠠᠶᠢᠳᠠᠭ᠃ ᠲᠡᠷᠡ ᠪᠠᠷ ᠬᠦᠮᠦᠨ ᠠᠮᠢᠳᠠᠨ ᠢ ᠡᠭᠡᠭᠡ ᠠᠳᠠᠯᠢᠬᠠᠨ ᠡᠨᠡᠷᠢᠨ ᠬᠠᠶᠢᠷᠠᠯᠠᠵᠦ᠂ ᠪᠤᠰᠤᠳ ᠲᠤ ᠲᠤᠰᠠ ᠬᠦᠷᠭᠡᠬᠦ ᠪᠠᠷ ᠠᠵᠠ ᠵᠢᠷᠭᠠᠯ ᠢᠶᠠᠨ ᠪᠤᠯᠭᠠᠳᠠᠭ ᠪᠢᠯᠡ᠃ ᠤᠶᠤᠨᠭᠡᠷᠡᠯ 2018 ᠤᠨ ᠳᠤ ᠪᠠᠶᠠᠨᠨᠠᠭᠤᠷ ᠭᠠᠴᠠᠭᠠᠨ ᠤ ᠪᠠᠨ ᠡᠮᠡᠭᠳᠡᠶᠢᠴᠤᠳ ᠤᠨ ᠬᠤᠯᠪᠤᠭᠠᠳᠦ ᠬᠤᠷᠠᠯ ᠤᠨ ᠲᠡᠳ᠋ ᠡᠷᠬᠢᠯᠡᠭᠴᠢ ᠶᠢᠨ ᠡᠬᠦᠷᠭᠡ ᠶᠢ ᠬᠠᠷᠢᠭᠤᠴᠠᠵᠦ᠂ ᠠᠵᠢᠯ ᠤᠨ ᠬᠢᠯᠡᠯᠵᠡᠮ᠎ᠠ ᠠᠮᠵᠢᠯᠳᠠ ᠵᠢᠴᠢ ᠬᠦᠮᠦᠨ ᠠᠷᠠᠳ ᠲᠠᠭᠠᠨ ᠡᠭᠡᠯᠢᠳᠡᠢ ᠲᠤᠳᠤᠨᠤ ᠦᠢᠯᠡᠴᠢᠯᠡᠵᠦ ᠶᠠᠪᠤᠭᠰᠠᠨ ᠢᠶᠠᠷ ᠬᠤᠭᠤᠴᠠᠭ᠎ᠠ ᠰᠤᠯᠢᠬᠤ ᠳᠤ ᠲᠡᠬᠢᠨᠳᠡ ᠲᠡᠳ᠋ ᠡᠷᠬᠢᠯᠡᠭᠴᠢ ᠪᠠᠷ ᠰᠤᠩᠭᠤᠭᠳᠠᠨ ᠭᠠᠷᠴᠠᠢ᠃      ᠤᠶᠤᠨᠭᠡᠷᠡᠯ 2019 ᠤᠨ ᠤ ᠬᠠᠪᠤᠷ ᠲᠠᠪᠰᠢᠯᠳᠦ ᠲᠤᠯᠭᠠᠷᠵᠠᠪ ᠠᠪᠠᠭ᠎ᠠ ᠪᠡᠷᠭᠡᠨ ᠢᠶᠠᠨ ᠰᠠᠷ᠎ᠠ ᠶᠢᠨ 5000 ᠲᠦᠬᠦᠷᠢᠭ ᠢᠶᠠᠷ ᠬᠦᠯᠦᠰᠦᠯᠡᠨ ᠵᠠᠷᠤᠵᠦ᠂ ᠲᠡᠭᠡᠷ᠎ᠠ ᠨᠢ 10 ᠬᠤᠷᠠᠭ᠎ᠠ᠂ 10 ᠢᠰᠢᠭᠡ ᠦᠨ᠎ᠠ ᠲᠦᠯᠦᠪᠦᠷᠢ ᠦᠭᠡᠢ ᠦᠭᠬᠦᠭᠰᠡᠨ ᠮᠦᠷᠳᠡᠭᠡᠨ ᠦᠨᠦ ᠵᠢᠯ ᠮᠠᠯᠴᠢᠨᠬᠦᠦ ᠠᠬ᠎ᠠ ᠪᠠᠨ ᠬᠡᠷ ᠲᠡᠭᠡᠨ ᠠᠪᠴᠢᠷᠠᠵᠦ ᠲᠦᠷᠪᠡ ᠲᠠᠪᠤᠨ ᠰᠠᠷ᠎ᠠ ᠠᠵᠢᠯ ᠬᠢᠯᠬᠡᠵᠦ᠂ ᠴᠠᠯᠢᠩ ᠬᠠᠷᠠᠮᠵᠢ ᠤᠯᠭᠤᠬᠤ ᠶᠢᠨ ᠬᠠᠮᠳᠦ 10 ᠢᠰᠢᠭᠡ ᠦᠭᠴᠦ ᠠᠮᠢᠳᠤᠷᠠᠯ ᠳᠤᠨᠢ ᠲᠤᠰᠠ ᠲᠠᠮ ᠪᠤᠯᠬᠤ ᠶᠢ ᠪᠤᠳᠤᠭᠰᠠᠨ ᠪᠠᠶᠢᠳᠠᠭ᠃      ᠲᠡᠷᠡ ᠪᠠᠷ ᠡᠭᠡ ᠳᠡᠭᠡᠨ ᠭᠤᠯᠤᠭᠳᠠᠭᠰᠠᠨ ᠪᠡ ᠦᠨᠦᠴᠢᠷᠡᠭᠰᠡᠨ 3 ᠤᠨᠠᠭ᠎ᠠ ᠶᠢ ᠠᠷᠠᠴᠢᠯᠠᠨ ᠲᠤᠳᠤᠮᠳᠠᠵᠦ ᠮᠠᠯ ᠪᠤᠯᠭᠠᠨ᠂ ᠠᠳᠤᠭᠤ ᠲᠠᠢ ᠠᠶᠢᠯ ᠤᠨ ᠨᠢᠭᠡ ᠳᠤ ᠪᠠᠭᠳᠠᠭᠠᠭᠰᠠᠨ ᠪᠢᠯᠡ᠃ ︽ᠦᠨᠦᠴᠢᠨ ᠤᠨᠠᠭ᠎ᠠ ᠶᠢ ᠦᠰᠭᠡᠨ ᠲᠡᠵᠢᠬᠡᠬᠦ ᠳᠤ ᠬᠦᠴᠢᠷ᠂ ᠪᠠᠷᠤᠭᠳᠠᠢ ᠳᠤ ᠮᠠᠯ ᠪᠤᠯᠳᠠᠭ ᠦᠭᠡᠢ ᠬᠡᠳᠡᠭ ᠡᠪᠦᠭᠡ ᠲᠡᠭᠡᠳᠦᠬᠦᠯ ᠤᠨ ᠬᠠᠭᠤᠴᠢᠨ ᠦᠭᠡ ᠪᠠᠶᠢᠳᠠᠭ᠃ ᠪᠢ ᠬᠦᠭᠡᠷᠦᠬᠦᠢ ᠠᠮᠢᠳᠠᠨ ᠢ ᠮᠠᠯ ᠪᠤᠯᠭᠠᠵᠦ ᠴᠢᠳᠠᠳᠠᠭ ᠪᠤᠯᠪᠠᠤ ᠬᠡᠮᠡᠨ ᠰᠠᠨᠠᠭᠠᠰᠢᠷᠠᠵᠦ ᠪᠠᠶᠢᠭᠰᠠᠨ ᠶᠤᠮ ᠡ᠂ ᠬᠡᠪᠡᠴᠦ ᠨᠠᠷᠢᠨ ᠨᠢᠮᠪᠡᠢ ᠰᠡᠳᠬᠢᠯ ᠲᠠᠯᠪᠢᠵᠦ ᠠᠷᠠᠴᠢᠯᠠᠭᠰᠠᠨ ᠢᠶᠠᠷ ᠬᠦᠭᠡᠷᠦᠬᠦᠢ ᠠᠮᠢᠳᠠᠳ ᠮᠠᠨᠢ ᠴᠦᠮ ᠮᠠᠯ ᠪᠤᠯᠴᠢᠬᠠᠯ᠎ᠠ︾ ᠬᠡᠮᠡᠨ ᠤᠶᠤᠨᠭᠡᠷᠡᠯ ᠤᠷᠮᠠᠳᠠᠢ ᠶᠠᠷᠢᠨ᠎ᠠ᠃      ᠰᠡᠳᠬᠢᠯ ᠤᠨ ᠬᠦᠴᠦᠨ ᠵᠢᠳᠬᠦᠯ ᠤᠨ ᠲᠠᠮᠢᠷ ᠢᠶᠠᠷ ᠤᠶᠤᠨᠭᠡᠷᠡᠯ ᠤᠨ ᠠᠮᠢᠳᠤᠷᠠᠯ ᠡᠳᠦᠷ ᠠᠴᠠ ᠡᠳᠦᠷ ᠦᠭᠡᠳᠡᠯᠡᠨ ᠲᠠᠪᠰᠢᠨ᠎ᠠ᠃ ᠦᠨᠦ ᠵᠢᠯ ᠤᠶᠤᠨᠭᠡᠷᠡᠯ ᠤᠨ ᠬᠢᠨ 400 ᠭᠠᠷᠤᠢ ᠪᠤᠬ ᠮᠠᠯ ᠤᠨ ᠲᠦᠯ ᠲᠤᠰᠴᠦ᠂ ᠭᠤᠴᠢᠭᠠᠳ ᠦᠨᠢᠶ᠎ᠠ ᠲᠤᠭᠤᠯᠯᠠᠵᠦ᠂ 3 ᠬᠡᠬᠦᠦ ᠤᠨᠠᠭᠠᠯᠠᠵᠠᠢ᠃ ᠤᠳᠤ ᠲᠠᠳᠡᠨᠠᠶᠢᠬᠢᠨ ᠮᠢᠩᠭ᠎ᠠ ᠰᠢᠬᠠᠮ ᠪᠤᠭ ᠮᠠᠯ᠂ ᠨᠠᠶᠠᠭᠠᠳ ᠪᠤᠳᠠ ᠮᠠᠯ᠂ ᠬᠤᠷᠢ ᠰᠢᠬᠠᠮ ᠠᠳᠤᠭᠤ ᠲᠠᠢ ᠪᠤᠯᠪᠠ᠃      ᠰᠠᠷᠠᠭᠤᠯ ᠤᠬᠠᠭᠠᠨ᠂ ᠦᠭᠡᠳᠡᠷᠭᠡᠭ ᠪᠤᠳᠤᠯ ᠰᠠᠭᠠᠯᠢᠴᠢᠨ ᠪᠦᠰᠡᠬᠦᠢ ᠤᠶᠤᠨᠭᠡᠷᠡᠯ ᠳᠤ ᠬᠠᠮᠤᠭ ᠵᠢᠷᠭᠠᠯ ᠢ ᠪᠡᠯᠡᠭᠯᠡᠵᠡᠢ ᠁
 
ᠢᠷᠡᠯᠲᠡ᠄ ᠬᠦᠯᠦᠨ ᠪᠣᠶᠢᠷ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号