ᠮᠣᠩᠭᠤᠯ ᠣᠶᠣᠳᠠᠯ ᠤᠨ ᠰᠢᠨ᠎ᠡ ᠣᠷᠣᠨ ᠵᠠᠢ — ︽ᠰᠢᠨ᠎ᠡ ᠬᠦᠪᠡᠭᠡᠳᠣ ᠬᠥᠬᠡ ᠥᠨᠳᠣᠰᠣᠳᠡᠨ ᠤ ᠬᠤᠪᠴᠠᠰᠤ ᠵᠠᠰᠠᠯ ᠣᠶᠣᠵᠤ ᠦᠢᠯᠡᠳᠬᠦ ᠲᠤᠰᠬᠠᠢ ᠬᠤᠷᠰᠢᠶᠠᠵᠢᠯ︾ ᠢ ᠲᠡᠮᠳᠡᠭᠯᠡᠪᠡ
ᠨᠡᠶᠢᠲᠡᠯᠡᠭᠰᠡᠨ ᠴᠠᠭ᠄
2021/11/24
     ᠨᠡᠶᠢᠬᠡᠮ ᠠᠵᠣ ᠠᠬᠤᠢ ᠶᠢᠨ ᠬᠦᠭᠵᠢᠯᠳᠡ ᠶᠢ ᠲᠠᠭᠠᠯᠳᠣᠨ ᠬᠤᠲᠠ ᠣᠷᠣᠵᠣ ᠠᠵᠢᠯ ᠦᠢᠯᠡᠰ ᠪᠣᠰᠬᠠᠬᠤ ᠮᠠᠯᠴᠢᠳ ᠴᠤ ᠣᠯᠠᠰᠢᠷᠠᠨ ᠵᠠᠬ᠎ᠠ ᠲᠡᠯᠭᠡᠭᠦᠷ ᠤᠨ ᠦᠷᠢᠰᠣᠯᠳᠦᠬᠡᠨ ᠳᠤ ᠣᠶᠣᠨ ᠣᠬᠠᠭᠠᠨ ᠢᠶᠠᠨ ᠰᠢᠪᠬᠠᠨ ᠠᠵᠢᠯ ᠦᠢᠯᠡᠰ ᠪᠣᠰᠬᠠᠵᠤ᠂ ᠮᠣᠩᠭᠤᠯ ᠥᠪ ᠰᠣᠶᠣᠯ ᠤᠨ ᠦᠨᠡᠲᠦ ᠵᠦᠢᠯ ᠢ ᠨᠡᠶᠢᠭᠡᠮ ᠨᠡᠶᠢᠲᠡ ᠳᠤ ᠲᠠᠨᠢᠭᠤᠯᠬᠤ ᠶᠢᠨ ᠲᠦᠯᠣᠬᠡ ᠮᠡᠷᠡᠶᠢᠨ ᠴᠢᠷᠮᠠᠶᠢᠨ ᠠᠵᠢᠯᠯᠠᠨ᠎ᠠ᠃ ᠪᠣᠳᠠᠳᠠᠶᠢᠴᠢᠯᠠᠨ ᠲᠤᠷᠠᠳᠪᠠᠯ᠂ ᠬᠤᠲᠠ ᠪᠠᠯᠭᠠᠰᠣᠨ ᠳᠤ ᠣᠯᠠᠭᠠᠨ ᠴᠠᠭᠠᠨ ᠢᠳᠡᠬᠡᠨ ᠤ ᠲᠡᠯᠭᠡᠭᠦᠷ ᠭᠠᠷᠭᠠᠬᠤ᠂ ᠮᠣᠩᠭᠤᠯ ᠬᠤᠭᠤᠯᠠᠨ ᠭᠡᠷ ᠡᠷᠬᠢᠯᠡᠬᠦ᠂ ᠦᠨᠳᠣᠰᠣᠳᠡᠨ ᠤ ᠣᠨᠴᠠᠯᠢᠭᠳᠣ ᠪᠠᠷᠠᠭ᠎ᠠ ᠪᠦᠲᠦᠭᠡᠭᠳᠡᠬᠦᠨ ᠤ ᠲᠡᠯᠭᠡᠭᠦᠷ ᠪᠠ ᠣᠶᠣᠳᠠᠯ ᠣᠶᠣᠵᠤ ᠪᠥᠰ ᠪᠠᠷᠠᠭᠠᠨ ᠤ ᠲᠡᠯᠭᠡᠭᠦᠷ ᠡᠷᠬᠢᠯᠡᠬᠦ᠂ ᠠᠯᠲᠠ ᠮᠦᠩᠭᠦᠨ ᠤ ᠡᠳ᠋ᠯᠡᠯ ᠬᠡᠷᠡᠭᠰᠡᠯ ᠤᠨ ᠲᠡᠯᠭᠡᠭᠦᠷ ᠭᠡᠬᠦ ᠵᠡᠷᠬᠡ ᠣᠯᠠᠨ ᠶᠠᠩᠵᠣ ᠶᠢᠨ ᠪᠠᠶᠢᠳᠠᠭ᠃ ᠲᠡᠭᠡᠳᠦ ᠱᠠᠳᠣᠨ ᠤ ᠵᠢᠭᠠᠪᠣᠷᠢ ᠪᠠᠷ ᠰᠢᠨ᠎ᠡ ᠪᠠᠷᠭᠤ ᠪᠠᠷᠠᠭᠤᠨ ᠬᠤᠰᠢᠭᠤ ᠪᠦᠬᠦ ᠣᠷᠣᠨ ᠤ ᠮᠠᠯᠵᠢᠬᠤ ᠣᠷᠣᠨ ᠤ ᠣᠳᠣᠬᠢᠴᠢᠯᠠᠯᠳᠠ ᠶᠢᠨ ᠲᠤᠷᠰᠢᠯᠳᠠ ᠶᠢᠨ ᠴᠡᠭ ᠪᠣᠯᠣᠭᠰᠠᠠ ᠤ ᠬᠤᠪᠢ ᠳᠤ ᠨᠤᠲᠤᠭ ᠪᠡᠯᠴᠢᠭᠡᠷ ᠤᠨ ᠠᠮᠢ ᠠᠬᠤᠢ ᠶᠢ ᠬᠠᠮᠠᠭᠠᠯᠠᠬᠤ ᠪᠠᠷ ᠣᠷᠢᠳᠠᠯ ᠪᠣᠯᠭᠠᠵᠣ ᠠᠶᠢᠯ ᠡᠷᠣᠬᠡ ᠬᠤᠯᠪᠣᠭᠠᠯᠠᠨ ᠬᠤᠷᠰᠢᠨ ᠮᠠᠯᠵᠢᠬᠤ ᠬᠤᠷᠰᠢᠶᠠᠵᠢᠯ ᠤᠨ ᠬᠡᠯᠪᠡᠷᠢ ᠶᠢ ᠲᠦᠷᠣ ᠶᠢᠨ ᠪᠣᠳᠣᠯᠭ᠎ᠠ ᠶᠢᠨ ᠴᠢᠨᠠᠷᠲᠠᠢ ᠣᠬᠠᠭᠤᠯᠣᠨ ᠰᠣᠷᠲᠠᠯᠴᠢᠯᠠᠵᠣ ᠶᠠᠪᠣᠭᠳᠠᠭᠤᠯᠵᠣ ᠪᠣᠢ᠃ ᠬᠡᠪᠡᠴᠣ ᠬᠤᠳᠠᠯᠳᠤᠭ᠎ᠠ ᠡᠵᠡᠩᠨᠡᠯᠳᠡ ᠶᠢᠨ ᠵᠠᠬ᠎ᠠ ᠲᠡᠯᠭᠡᠭᠦᠷᠴᠢᠯᠡᠯᠲᠡ ᠶᠢᠨ ᠨᠡᠶᠢᠬᠡᠮ ᠳᠤ ︽ᠮᠣᠩᠭᠤᠯ ᠣᠶᠣᠳᠠᠯ︾ ᠢ ᠬᠤᠷᠰᠢᠬᠤ ᠬᠡᠯᠪᠡᠷᠢ ᠪᠠᠷ ᠪᠡᠯᠡ ᠣᠷᠣᠭᠤᠯᠣᠨ ᠶᠠᠪᠣᠭᠳᠠᠭᠤᠯᠵᠣ ᠪᠠᠶᠢᠬᠤ ᠨᠢ ᠬᠠᠷᠢᠨ ᠴᠦᠬᠡᠨ ᠲᠣᠬᠢᠶᠠᠯᠳᠣᠳᠠᠭ ᠪᠠᠶᠢᠨ᠎ᠠ᠃ ᠰᠢᠨ᠎ᠡ ᠪᠠᠷᠭᠤ ᠪᠠᠷᠠᠭᠤᠨ ᠬᠤᠰᠢᠭᠤᠨ ᠤ ᠪᠣᠭᠳ᠋ᠬᠠᠭᠤᠯᠨ ᠰᠣᠮᠣ ᠶᠢᠨ ᠭᠠᠩᠭᠠᠳᠣ ᠭᠠᠴᠠᠭ᠎ᠠ ᠪᠠᠷ ᠨᠣᠳᠣᠭᠳᠠᠢ᠂ ︽ᠬᠦᠪᠡᠭᠡᠳᠣ ᠬᠥᠬᠡ ᠪᠥᠰ ᠪᠠᠷᠠᠭᠠᠨ ᠤ ᠲᠡᠯᠭᠡᠬᠦᠷ︾ ᠤᠨ ᠡᠵᠡᠨᠳᠡᠨ᠂ ᠣᠷᠠᠨ ᠣᠶᠣᠳᠠᠯᠴᠢᠨ ᠮᠢᠭᠮᠡᠷᠰᠦ᠋ᠷᠦᠩ ᠤᠨ ᠭᠤᠣᠯᠴᠢᠯᠠᠨ ᠰᠠᠨᠠᠭᠠᠴᠢᠯᠠᠭᠰᠠᠠ ︽ᠰᠢᠨ᠎ᠡ ᠬᠦᠪᠡᠭᠡᠳᠣ ᠬᠥᠬᠡ ᠦᠨᠳᠣᠰᠣᠳᠡᠨ ᠤ ᠬᠤᠪᠴᠠᠰᠣ ᠵᠠᠰᠠᠯ ᠣᠶᠣᠵᠣ ᠦᠢᠯᠡᠳᠬᠦ ᠲᠣᠰᠬᠠᠢ ᠬᠤᠷᠰᠢᠶᠠᠵᠢᠯ︾ ᠢ 2014 ᠣᠨ ᠳᠤ ᠪᠦᠷᠢᠳᠬᠡᠨ ᠲᠠᠩᠰᠠᠯᠠᠭᠤᠯᠵᠠᠢ᠃ ᠬᠡᠳᠣᠨ ᠵᠢᠯ ᠤᠨ ᠬᠤᠭᠤᠷᠣᠨᠳᠤ ᠪᠡᠯᠠ ᠮᠥᠩᠬᠦᠨ ᠤ ᠴᠣᠭᠯᠠᠭᠤᠯᠭ᠎ᠠ᠂ ᠣᠯᠠᠨ ᠲᠠᠯ᠎ᠠ ᠶᠢᠨ ᠪᠡᠶᠡᠴᠢ ᠰᠢᠯᠳᠠᠭᠠᠨ ᠠᠴᠠ ᠵᠢᠭᠠᠬᠠᠨ ᠬᠤᠶᠢᠰᠢᠯᠠᠭᠳᠠᠭᠰᠠᠠᠠ ᠪᠣᠯᠪᠠᠴᠤ ᠨᠣᠳᠤᠭ ᠤᠨ ᠢᠶᠠᠨ ᠣᠶᠣᠳᠠᠯ ᠳᠤ ᠪᠠᠭ᠋ᠠᠳᠠᠢ ᠡᠭᠡᠴᠢ ᠲᠡᠭᠦᠤ ᠨᠠᠷ ᠤᠨ ᠢᠶᠠᠨ ᠬᠠᠮᠳᠣ ᠶᠢᠨ ᠴᠢᠷᠮᠠᠶᠢᠯᠭ᠎ᠠ ᠪᠠᠷ 2020 ᠣᠨ ᠤ 3 ᠰᠠᠷ᠎ᠠ ᠳᠤ ︽ᠰᠢᠨ᠎ᠡ ᠬᠦᠪᠡᠭᠡᠳᠣ ᠬᠥᠬᠡ ᠥᠨᠳᠣᠰᠣᠳᠡᠨ ᠤ ᠬᠤᠪᠴᠠᠰᠤ ᠵᠠᠰᠠᠯ ᠣᠶᠣᠵᠤ ᠦᠢᠯᠡᠳᠬᠦ ᠲᠤᠰᠬᠠᠢ ᠬᠤᠷᠰᠢᠶᠠᠵᠢᠯ︾ ᠵᠢᠩᠬᠢᠨᠢ ᠪᠠᠷ ᠡᠭᠦᠳᠡ ᠪᠠᠨ ᠨᠡᠭᠡᠭᠡᠵᠦ ᠡᠷᠣᠬᠡ ᠪᠠᠨ ᠰᠡᠬᠦᠨ ᠫᠠᠶᠢᠰᠠ ᠡᠯᠭᠦᠭᠰᠡᠡ ᠪᠠᠶᠢᠨ᠎ᠠ᠃      ᠮᠣᠩᠭᠤᠯᠴᠣᠳ ᠶᠡᠷᠦᠨᠢ ᠡᠬᠡ ᠪᠠᠶᠢᠭᠠᠯᠢ ᠶᠢᠨ ᠢᠶᠠᠨ ᠪᠠᠶᠠᠨ ᠲᠠᠩᠰᠤᠭ ᠢ ᠣᠷᠠᠯᠠᠨ ᠵᠢᠷᠣᠭᠯᠠᠬᠤ ᠳᠤ ᠣᠨᠴᠠ ᠶᠢᠨ ᠠᠪᠢᠶᠠᠰ ᠲᠠᠢ ᠪᠢᠯᠢᠭ ᠲᠡᠭᠦᠰ ᠠᠷᠠᠳ ᠲᠦᠮᠡᠨ ᠭᠡᠬᠦ ᠳᠤ ᠠᠷᠠᠢ ᠢᠯᠡᠭᠦᠳᠡᠬᠦ ᠦᠭᠡᠢ ᠪᠠᠶᠢᠬ᠎ᠠ᠃ ᠨᠡᠩ ᠢᠯᠠᠩᠭᠤᠶ᠎ᠠ ᠲᠣᠭᠤᠨᠣᠳᠣ ᠭᠡᠷ ᠤᠨ ᠢᠶᠠᠨ ᠴᠢᠮᠡᠭ᠂ ᠲᠦᠷᠣᠭ᠍ᠰᠡᠡ ᠨᠣᠳᠤᠭ ᠤᠨ ᠢᠶᠠᠨ ᠦᠩᠬᠡ ᠪᠣᠯᠵᠤ ᠶᠠᠪᠣᠭ᠎ᠠ ᠪᠦᠰᠡᠬᠦᠢ ᠵᠠᠶᠠᠭᠠᠨ ᠤ ᠪᠠᠨ ᠡᠵᠡᠨ ᠪᠣᠯᠣᠭᠰᠠᠳ ᠤᠨ ᠲᠣᠳᠣᠷᠠᠬᠢ ᠡᠭᠡᠯ ᠵᠢᠷ ᠤᠨ ᠣᠶᠣᠳᠠᠯᠴᠢᠨ ᠪᠦᠰᠡᠭᠦ᠋ᠢᠴᠦᠳ ᠬᠦᠳᠡᠭᠡ ᠨᠣᠳᠤᠭ ᠤᠨ ᠢᠶᠠᠨ ᠠᠮᠢᠳᠣᠷᠠᠬᠤᠢ ᠶᠢᠨ ᠵᠢᠮ᠎ᠡ ᠶᠢ ᠮᠦᠷᠳᠡᠨ᠂ ᠠᠭᠤᠳᠠᠮ ᠪᠠᠶᠢᠭᠠᠯᠢ ᠶᠢᠨ ᠢᠶᠠᠨ ᠵᠠᠩ ᠠᠷᠠᠨᠰᠢᠨ ᠢ ᠣᠶᠢᠯᠠᠭᠠᠨ ᠲᠠᠨᠢᠳᠠᠭ ᠲᠤᠷᠭᠠᠨ ᠮᠡᠳᠡᠷᠡᠮᠵᠢ ᠲᠠᠢ ᠪᠣᠯᠬᠤᠷ ᠢᠶᠠᠨ ᠮᠣᠩᠭᠤᠯ ᠲᠡᠪᠡᠯ ᠢ ᠠᠯᠢ ᠡᠷᠲᠡᠨ ᠠᠴᠠ ᠣᠯᠠᠷᠢᠯ ᠤᠨ ᠪᠠᠶᠢᠳᠠᠯ ᠳᠤᠨᠢ ᠵᠣᠬᠢᠴᠠᠭᠤᠯᠣᠨ ᠣᠷᠠᠯᠠᠨ ᠣᠶᠣᠵᠤ ᠦᠪᠯᠡᠭᠦᠯᠣᠨ ᠣᠯᠠᠮᠵᠢᠯᠠᠵᠣ᠂ ᠲᠡᠯᠭᠡᠷᠡᠬᠦᠯᠣᠨ ᠬᠦᠭᠵᠢᠭᠦᠯᠣᠭ᠍ᠰᠡᠭᠡᠷ ᠣᠳᠣ ᠳᠤ ᠬᠦᠷᠣᠭ᠍ᠰᠡᠡ ᠪᠠᠶᠢᠳᠠᠭ᠃      ᠲᠦᠭ ᠲᠦᠮᠡᠨ ᠣᠷᠠᠨ ᠣᠶᠣᠳᠠᠯᠴᠢᠨ ᠪᠦᠰᠡᠭᠦ᠋ᠢᠴᠣᠳ ᠤᠨ ᠲᠣᠳᠣᠷᠠᠬᠢ ᠡᠬᠡᠯ ᠵᠢᠷ ᠤᠨ ᠪᠠᠷᠭᠤ ᠶᠢᠨ ᠣᠷᠠᠨ ᠣᠶᠣᠳᠠᠯᠴᠢᠨ ᠪᠦᠰᠡᠬᠦᠢ ᠮᠢᠭᠮᠡᠷᠰᠦ᠋ᠷᠦᠩ 1966 ᠣᠨ ᠤ 6 ᠰᠠᠷ᠎ᠠ ᠳᠤ ᠰᠢᠨ᠎ᠡ ᠪᠠᠷᠭᠤ ᠪᠠᠷᠠᠭᠤᠨ ᠬᠤᠰᠢᠭᠤᠨ ᠤ ᠪᠣᠭᠳᠠᠠᠭᠤᠯᠠ ᠰᠣᠮᠣ ᠶᠢᠨ ᠭᠠᠩᠭᠠᠳᠣ ᠭᠠᠴᠠᠭᠠᠨ ᠤ ᠲᠠᠯᠠᠩᠭᠤᠳ ᠬᠠᠯᠠ ᠶᠢᠨ ᠰᠧᠨᠳᠡ ᠶᠢᠨ ᠣᠰᠣᠷ ᠤᠨ ᠬᠤᠶᠠᠳᠣᠭᠠᠷ ᠬᠡᠣᠬᠡᠨ ᠪᠣᠯᠵᠤ ᠵᠠᠶᠠᠭᠠᠵᠠᠢ᠃ ᠪᠠᠯᠴᠢᠷ ᠪᠠᠭ᠎ᠠ ᠨᠠᠰᠣᠨ ᠠᠴᠠ ᠪᠠᠨ ᠣᠢ ᠪᠢᠯᠢᠭ ᠰᠠᠶᠢᠲᠠᠢ ᠣᠬᠠᠭᠠᠨ ᠰᠡᠷᠭᠦᠯᠡᠩ ᠲᠡᠷᠡ ᠪᠠᠷ ᠬᠤᠰᠢᠭᠤ ᠨᠣᠳᠤᠭ ᠤᠨ ᠢᠶᠠᠨ ᠨᠡᠷᠡᠳᠡᠢ ᠣᠷᠠᠨ ᠣᠶᠣᠳᠠᠯᠴᠢᠨ ᠡᠮᠡᠭᠡ ᠪᠣᠯᠣᠨ ᠡᠵᠢ ᠶᠢᠨ ᠢᠶᠠᠨ ᠨᠦᠯᠣᠬᠡ ᠶᠢ ᠶᠡᠬᠡᠬᠡᠨ ᠬᠦᠷᠲᠡᠵᠣ ᠣᠶᠣᠳᠠᠯᠴᠢᠨ ᠪᠣᠯᠬᠤ ᠠᠩᠬᠠᠨ ᠤ ᠵᠠᠮ ᠢᠶᠠᠨ ᠨᠠᠯᠢᠶᠠᠳ ᠡᠷᠲᠡ ᠠᠴᠠ ᠡᠯᠭᠦᠭᠰᠡᠡ ᠶᠤᠮ᠃ ᠲᠤᠬᠠᠢ ᠶᠢᠨ ᠥᠶ᠎ᠡ ᠳᠤ ᠠᠶᠢᠯ ᠭᠡᠷ ᠤᠨ ᠬᠢᠨᠢ ᠨᠦᠬᠦᠴᠡᠯ ᠤᠨ ᠬᠦᠴᠢᠷᠳᠡᠯ ᠠᠴᠠ ᠪᠣᠯᠵᠤ ᠰᠣᠷᠣᠯᠭ᠎ᠠ ᠰᠣᠶᠣᠯ ᠤᠨ ᠮᠦᠷ ᠢᠶᠠᠷ ᠵᠠᠮᠨᠠᠬᠤ ᠲᠤᠬᠢᠶᠠᠯᠳᠣᠯ ᠠᠷᠠᠢ ᠬᠤᠮᠰᠠᠬᠠᠨ ᠪᠠᠶᠢᠭᠰᠠᠠ ᠴᠤ ᠣᠶᠣᠳᠠᠯ ᠳᠤ ᠰᠢᠮᠳᠠᠬᠤ ᠲᠣᠷ᠎ᠠ ᠪᠠᠬ᠎ᠠ ᠪᠠᠨ ᠶᠡᠷᠦᠨᠢ ᠲᠠᠶᠠᠭᠳᠠᠭ᠎ᠠ ᠦᠭᠡᠢ ᠪᠢᠯᠡ᠃ ᠬᠠᠮᠤᠭ ᠲᠦᠷᠦᠬᠦᠨ 2000 ᠣᠨ ᠳᠤ ᠬᠤᠰᠢᠭᠤᠨ ᠲᠥᠪ ᠠᠯᠳ᠋ᠬᠠᠮᠡᠬᠡᠯ ᠪᠠᠯᠭᠠᠰᠣᠨ ᠳᠤ ᠶᠢᠨ ᠼᠠᠢ ᠯᠸᠣ ᠬᠤᠳᠠᠯᠳᠣᠭᠠᠨ ᠤ ᠠᠰᠠᠷ ᠤᠨ ᠨᠢᠭᠡ ᠲᠠᠰᠣᠯᠭ᠎ᠠ ᠭᠡᠷ ᠤᠨ ᠬᠠᠭᠠᠰ ᠲᠠᠯ᠎ᠠ ᠶᠢ 600 ᠲᠦᠭᠦᠷᠢᠭ ᠢᠶᠠᠷ ᠬᠦᠯᠣᠰᠤᠯᠡᠨ ᠨᠢᠭᠡ ᠲᠡᠪᠡᠯ ᠢ 60 ᠠᠴᠠ 80 ᠲᠦᠭᠦᠷᠢᠭ ᠢᠶᠠᠷ ᠣᠶᠣᠵᠤ᠂ ᠰᠠᠷ᠎ᠠ ᠳᠤ 80 ᠠᠴᠠ 90 ᠲᠡᠪᠡᠯ ᠣᠶᠣᠳᠠᠭ ᠪᠠᠶᠢᠭᠰᠠᠠ᠃ ᠡᠨᠡ ᠮᠠᠲᠦ ᠪᠠᠷ ᠵᠢᠯ ᠠᠴᠠ ᠵᠢᠯ ᠳᠤ ᠣᠶᠣᠳᠠᠯ ᠤᠨ ᠠᠵᠢᠯ ᠨᠢ ᠠᠭᠠᠵᠢᠮ ᠢᠶᠠᠷ ᠦᠷᠭᠡᠵᠢᠨ ᠠᠰᠢᠭ ᠣᠷᠣᠯᠭ᠎ᠠ ᠲᠠᠰᠣᠷᠠᠯᠳᠠ ᠦᠭᠡᠢ ᠨᠠᠮᠡᠭᠳᠡᠵᠦ᠂ 2005 ᠣᠨ ᠪᠣᠯᠬᠤ ᠳᠤ ᠦᠪᠡᠷ ᠤᠨ ᠭᠡᠬᠦ ︽ᠬᠦᠪᠡᠭᠡᠳᠣ ᠬᠥᠬᠡ ᠪᠥᠰ ᠪᠠᠷᠠᠭᠠᠨ ᠤ ᠲᠡᠯᠭᠡᠭᠦᠷ︾ ᠢᠶᠠᠨ ᠨᠡᠭᠡᠭᠡᠵᠦ᠂ ᠴᠢᠷᠮᠠᠶᠢᠯᠭ᠎ᠠ ᠬᠦᠮᠣᠨ ᠢ ᠭᠤᠮᠣᠳᠠᠭᠠᠳᠠᠭ ᠦᠭᠡᠢ ᠭᠡᠳᠡᠭ ᠢᠶᠠᠷ ᠣᠶᠣᠳᠠᠯ ᠤᠨ ᠠᠵᠢᠯ ᠢᠶᠠᠨ ᠬᠢᠯᠠᠷᠠᠲᠠᠯ᠎ᠠ ᠪᠡᠶᠡᠯᠡᠬᠦᠯᠣᠨ ᠣᠯᠠᠨ ᠤ ᠪᠠᠨ ᠲᠠᠭᠠᠰᠢᠶᠠᠯ ᠦᠨᠡᠯᠡᠯᠲᠡ ᠶᠢ ᠣᠯᠣᠭᠰᠠᠭᠠᠷ ᠢᠷᠡᠪᠡ᠃ 2008 ᠣᠨ ᠳᠤ ᠬᠠᠮᠢᠶᠠᠳᠠᠢ ᠪᠠᠶᠢᠭᠤᠯᠭ᠎ᠠ ᠨᠢᠭᠡᠴᠡ ᠶᠢᠨ ᠲᠡᠮᠵᠢᠯᠭᠡ ᠪᠠᠷ ᠪᠥᠰ ᠪᠠᠷᠠᠭᠠᠨ ᠤ ᠲᠡᠯᠭᠡᠭᠦᠷ ᠤᠨ ᠢᠶᠠᠨ ᠨᠡᠷ᠎ᠡ ᠶᠢ ᠲᠠᠩᠰᠠᠯᠠᠭᠤᠯᠣᠭᠠᠳ 2012 ᠣᠨ ᠳᠤ ︽ᠬᠦᠪᠡᠭᠡᠳᠣ ᠬᠥᠬᠡ︾ ᠬᠡᠬᠦ ᠵᠢᠩᠬᠢᠨᠢ ᠲᠠᠸᠠᠷ ᠤᠨ ᠲᠡᠮᠳᠡᠭ ᠲᠠᠢ ᠪᠣᠯᠵᠠᠢ᠃      ᠣᠯᠠᠨ ᠤ ᠮᠡᠳᠡᠭᠡᠵᠢ ᠪᠠᠷ ᠣᠶᠢᠷ᠎ᠠ ᠶᠢᠨ ᠠᠷᠪᠠ ᠬᠤᠷᠢᠨ ᠵᠢᠯ ᠤᠨ ᠬᠤᠭᠤᠷᠣᠨᠳᠤ ᠵᠠᠬ᠎ᠠ ᠲᠡᠯᠭᠡᠭᠦᠷ ᠤᠨ ᠬᠦᠭᠵᠢᠯᠳᠡ ᠶᠢ ᠲᠠᠭᠠᠯᠳᠣᠨ ᠮᠣᠩᠭᠤᠯ ᠣᠷᠣᠨ ᠨᠣᠳᠤᠭ ᠢᠶᠠᠷ ᠦᠨᠳᠣᠰᠣᠳᠡᠨ ᠤ ᠣᠨᠴᠠᠯᠢᠭᠳᠣ ᠮᠣᠩᠭᠤᠯ ᠲᠡᠪᠡᠯ ᠬᠤᠪᠴᠠᠰᠣ ᠣᠷᠠᠯᠠᠵᠣ ᠣᠶᠣᠬᠤ ᠣᠯᠠᠮᠵᠢᠯᠠᠯᠳᠣ ᠤᠷ᠎ᠠ ᠮᠡᠷᠭᠡᠵᠢᠯ ᠲᠠᠰᠣᠷᠠᠭ᠎ᠠ ᠦᠭᠡᠢ ᠰᠠᠶᠢᠬᠠᠨ ᠬᠦᠭᠵᠢᠵᠦ᠂ ᠠᠵᠣ ᠠᠬᠤᠢ ᠨᠡᠶᠢᠭᠡᠮ ᠤᠨ ᠦᠷᠢᠰᠣᠯᠳᠦᠬᠡᠨ ᠳᠤ ᠦᠪᠡᠷ ᠤᠨ ᠭᠡᠬᠦ ᠣᠷᠣᠨ ᠪᠠᠶᠢᠷᠢ ᠪᠠᠨ ᠡᠵᠡᠯᠡᠬᠦ ᠪᠣᠯᠣᠭᠰᠠᠠ ᠪᠠᠶᠢᠯ᠎ᠠ᠃ ᠡᠭᠦᠨ ᠤ ᠲᠤᠮᠲᠠ ᠴᠠᠭ ᠡᠷᠢᠨ ᠤ ᠣᠷᠣᠰᠬᠠᠯ ᠢ ᠲᠠᠭᠠᠭᠰᠠᠠ ᠰᠢᠨ᠎ᠡ ᠮᠠᠶ᠋ᠢᠭ ᠤᠨ ᠬᠡᠪ ᠵᠠᠭᠪᠣᠷ ᠲᠠᠢ ᠮᠣᠩᠭᠤᠯ ᠲᠡᠪᠡᠯ ᠬᠤᠪᠴᠠᠰᠣ᠂ ᠮᠠᠯᠠᠭᠠᠢ ᠭᠤᠳᠣᠯ᠂ ᠪᠦᠰᠡ ᠭᠡᠳ ᠤᠯᠠᠮ ᠴᠤ ᠪᠦᠷ ᠰᠢᠨ᠎ᠡ ᠠᠬᠢᠯᠲᠠ ᠲᠠᠢ ᠬᠦᠭᠵᠢᠵᠦ ᠦᠵᠡᠭᠴᠢᠳ ᠤᠨ ᠬᠠᠷᠠᠭ᠎ᠠ ᠰᠣᠨᠢᠷᠬᠠᠯ ᠢ ᠪᠣᠯᠢᠶᠠᠵᠣ᠂ ᠬᠤᠳᠠᠯᠳᠣᠨ ᠠᠪᠣᠭᠴᠢᠳ ᠲᠤ ᠰᠢᠨ᠎ᠡ ᠰᠣᠩᠭᠤᠯᠳᠠ ᠶᠢ ᠪᠠᠶᠢᠨ ᠲᠠᠬᠢᠨ ᠦᠭᠭᠦᠨ᠎ᠡ᠃ ᠭᠡᠪᠡᠴᠦ ᠦᠨᠳᠣᠰᠣᠳᠡᠨ ᠶᠠᠰᠣᠳᠠᠳ ᠤᠨ ᠬᠤᠭᠤᠷᠣᠨᠳᠣᠬᠢ ᠡᠮᠣᠰᠭᠡᠯ ᠵᠡᠭᠦᠯᠲᠡ ᠭᠠᠵᠠᠷ ᠭᠠᠵᠠᠷ ᠤᠨ ᠬᠤᠭᠤᠷᠣᠨᠳᠣ ᠦᠪᠡᠷ ᠤᠨ ᠭᠡᠬᠦ ᠣᠨᠴᠠᠯᠢᠭ ᠢᠶᠠᠷ ᠢᠶᠠᠨ ᠢᠯᠭᠠᠷᠠᠨ ᠲᠠᠨᠢᠭᠳᠠᠵᠤ ᠬᠦᠮᠣᠰ ᠲᠤ ᠥᠭᠡᠷ᠎ᠡ ᠨᠢᠭᠡ ᠵᠦᠢᠯ ᠤᠨ ᠭᠤᠸ᠎ᠠ ᠰᠠᠶᠢᠬᠠᠨ ᠤ ᠲᠠᠭᠠᠰᠢᠶᠠᠯ ᠢ ᠥᠭᠬᠦ ᠨᠢ ᠶᠠᠷᠢᠶᠠᠨ ᠦᠭᠡᠢ᠃      ᠪᠠᠷᠭᠤᠴᠣᠳ ᠲᠡᠪᠡᠯ ᠬᠤᠪᠴᠠᠰᠣ ᠪᠠᠨ ᠵᠢᠯ ᠤᠨ ᠲᠦᠷᠪᠡᠨ ᠣᠯᠠᠷᠢᠯ ᠤᠨ ᠡᠷᠭᠢᠯᠲᠡ ᠶᠢ ᠲᠠᠭᠠᠵᠦ᠂ ᠡᠭᠡᠯᠵᠢᠯᠡᠬᠦ ᠴᠠᠭ ᠡᠷᠢᠨ ᠳᠤᠨᠢ ᠲᠤᠬᠢᠷᠠᠭᠤᠯᠣᠨ ᠡᠮᠦᠰᠳᠡᠭ ᠠᠷᠠᠳ ᠲᠦᠮᠡᠨ ᠪᠦᠭᠡᠳ ᠣᠯᠠᠨ ᠮᠣᠩᠭᠤᠯᠴᠣᠳ ᠲᠠᠢ ᠠᠳᠠᠯᠢ ᠪᠠᠷ ᠪᠣᠰᠤᠭ᠎ᠠ ᠵᠠᠬ᠎ᠠ ᠲᠠᠢ᠂ ᠦᠷᠭᠡᠨ ᠰᠣᠭᠤ ᠲᠠᠢ᠂ ᠣᠷᠲᠣ ᠬᠤᠷᠮᠣᠢ ᠲᠠᠢ ᠠᠭᠤᠵᠢᠮ ᠲᠡᠪᠡᠯ ᠡᠮᠣᠰᠳᠡᠭ ᠵᠠᠩᠰᠢᠯ ᠲᠠᠢ᠃ ᠪᠠᠷᠭᠤ ᠲᠡᠪᠡᠯ ᠬᠤᠪᠴᠠᠰᠣ ᠨᠢ ᠮᠣᠩᠭᠤᠯ ᠥᠨᠳᠣᠰᠣᠳᠡᠨ ᠤ ᠪᠠᠨ ᠦᠪᠡᠷᠮᠢᠴᠡ ᠣᠨᠴᠠᠯᠢᠭ ᠢ ᠰᠢᠩᠬᠡᠬᠡᠨ ᠬᠠᠳᠠᠭᠠᠯᠠᠵᠦ ᠣᠯᠠᠮᠵᠢᠯᠠᠨ ᠢᠷᠡᠭᠰᠡᠡ ᠲᠡᠳᠦᠢ ᠦᠭᠡᠢ᠂ ᠣᠷᠣᠰᠢᠨ ᠰᠠᠭᠤᠭ᠎ᠠ ᠣᠷᠣᠨ ᠨᠣᠳᠤᠭ ᠤᠨ ᠪᠠᠶᠢᠭᠠᠯᠢ᠂ ᠴᠠᠭ ᠠᠭᠤᠷ᠂ ᠨᠡᠭᠦᠳᠡᠯ ᠮᠠᠯᠵᠢᠯ ᠤᠨ ᠬᠡᠷᠡᠭᠴᠡᠭᠡ ᠱᠠᠭᠠᠷᠳᠠᠯᠭ᠎ᠠ ᠳᠤ ᠵᠣᠬᠢᠴᠠᠨ ᠦᠪᠡᠷ ᠤᠨ ᠭᠡᠬᠦ ᠦᠪᠡᠷᠮᠢᠴᠡ ᠣᠨᠴᠠᠯᠢᠭ ᠢ ᠪᠦᠷᠢᠯᠳᠦᠭᠦᠯᠣᠭ᠍ᠰᠡᠡ ᠪᠠᠶᠢᠳᠠᠭ᠃ ︽ᠬᠦᠪᠡᠭᠡᠳᠣ ᠬᠥᠬᠡ ᠪᠥᠰ ᠪᠠᠷᠠᠭᠠᠨ ᠤ ᠲᠡᠯᠭᠡᠭᠦᠷ︾ ᠤᠨ ᠡᠵᠡᠨᠳᠡᠡ ᠮᠢᠭᠮᠡᠷᠰᠦ᠋ᠷᠦᠩ ᠣᠯᠠᠨ ᠵᠢᠯ ᠤᠨ ᠲᠤᠷᠰᠢᠳᠠ ᠪᠠᠷᠭᠤ ᠲᠠᠪᠡᠯ ᠢᠶᠠᠨ ᠣᠶᠣᠵᠣ ᠪᠣᠷᠣᠯᠠᠭᠤᠯᠬᠤ ᠶᠢ ᠴᠢᠬᠤᠯᠠᠴᠢᠯᠠᠨ ᠠᠳᠬᠤᠭᠰᠠᠭᠠᠷ ᠢᠷᠡᠭᠰᠡᠡ ᠪᠦᠭᠡᠳ ᠲᠡᠭᠦᠨ ᠤ ᠣᠶᠣᠳᠠᠯ ᠪᠣᠯᠣᠨ ᠪᠥᠰ ᠪᠠᠷᠠᠭᠠᠨ ᠤ ᠲᠡᠯᠭᠡᠭᠦᠷ ᠤᠨ ᠠᠵᠢᠯ ᠦᠢᠯᠡᠰ ᠨᠢ ᠵᠢᠵᠢᠭ ᠠᠴᠠ ᠲᠤᠮᠤ ᠪᠣᠯᠣᠨ ᠦᠷᠭᠡᠵᠢᠨ ᠲᠡᠯᠡᠵᠦ᠂ ᠣᠷᠣᠨ ᠨᠣᠳᠤᠭ ᠤᠨ ᠢᠶᠠᠨ ᠮᠣᠩᠭᠤᠯ ᠥᠪ ᠰᠣᠶᠣᠯ ᠤᠨ ᠭᠤᠯᠣᠮᠲᠠ ᠳᠤ ᠦᠪᠡᠷ ᠤᠨ ᠭᠡᠬᠦ ᠬᠦᠭᠵᠢᠯ ᠤᠨ ᠠᠶᠠᠰ ᠢ ᠨᠡᠮᠡᠷᠢᠯᠡᠨ᠎ᠡ ᠪᠢᠯᠡ᠃      ᠲᠡᠷᠡ ᠪᠠᠷ ᠬᠡᠳᠣᠨ ᠠᠷᠪᠠᠨ ᠵᠢᠯ ᠤᠨ ᠣᠶᠣᠳᠠᠯ᠂ ᠪᠥᠰ ᠪᠠᠷᠠᠭ᠎ᠠ ᠲᠣᠷᠭ᠎ᠠ ᠲᠤᠷᠳᠣᠩ ᠤᠨ ᠪᠣᠷᠣᠯᠠᠭᠤᠯᠭ᠎ᠠ ᠶᠢᠨ ᠠᠵᠢᠯ ᠢᠶᠠᠨ ᠠᠮᠵᠢᠯᠳᠠᠳᠠᠢ ᠬᠢᠭᠰᠡᠡ ᠰᠠᠭᠤᠷᠢᠨ ᠲᠡᠭᠡᠷ᠎ᠡ ᠮᠠᠰᠢ ᠣᠯᠠᠨ ᠣᠶᠣᠳᠠᠯ ᠳᠤ ᠪᠠᠭ᠋ᠠᠲᠠᠢ ᠱᠠᠪᠢ ᠨᠠᠷ ᠢ ᠬᠦᠮᠣᠵᠢᠬᠦᠯᠣᠨ ᠭᠠᠷᠭᠠᠵᠤ᠂ ᠣᠶᠣᠳᠠᠯ ᠤᠨ ᠬᠠᠷᠭᠤᠢ ᠪᠠᠷ ᠵᠠᠮᠨᠠᠬᠤ ᠳᠤᠨᠢ ᠬᠦᠴᠣᠳᠡᠢ ᠲᠡᠮᠵᠢᠯᠭᠡ ᠶᠢ ᠬᠠᠩᠭᠠᠨ ᠥᠭᠴᠦ᠂ ᠦᠷᠣᠭᠡᠯ ᠳᠤ ᠲᠤᠰᠠᠷᠬᠠᠭ ᠥᠭᠭᠢᠶᠡᠮᠦᠷᠴᠢ ᠴᠠᠶᠢᠯᠭᠠᠨ ᠵᠠᠩ ᠲᠠᠢ ᠬᠦᠮᠣᠨ ᠭᠡᠳᠡᠭ ᠢᠶᠠᠷ ᠢᠶᠠᠨ ᠨᠡᠶᠢᠲᠡ ᠣᠯᠠᠨ ᠳᠠᠭᠠᠨ ᠬᠦᠷᠢᠶᠡᠯᠡᠯ ᠲᠠᠢ ᠶᠤᠮ᠃ ᠣᠶᠣᠳᠠᠯᠴᠢᠨ ᠮᠢᠭᠮᠡᠷᠰᠦ᠋ᠷᠦᠩ ᠤᠳᠤ ᠮᠠᠶ᠋ᠢᠭ ᠤᠨ ᠰᠢᠨ᠎ᠡ ᠲᠡᠪᠡᠯ᠂ ᠬᠤᠷᠢᠮ ᠤᠨ ᠲᠡᠪᠡᠯ ᠬᠤᠪᠴᠠᠰᠣ ᠬᠢᠯᠭᠡᠬᠦ ᠬᠦᠮᠣᠨ ᠵᠢᠯ ᠠᠴᠠ ᠵᠢᠯ ᠣᠯᠠᠰᠢᠷᠠᠵᠣ ᠪᠠᠶᠢᠬᠤ ᠶᠢ ᠰᠡᠷᠭᠡᠭ ᠢᠶᠠᠷ ᠲᠠᠨᠢᠵᠣ᠂ ᠮᠣᠩᠭᠤᠯ ᠣᠶᠣᠳᠠᠯ ᠢᠶᠠᠨ ᠵᠠᠬ᠎ᠠ ᠲᠡᠯᠭᠡᠭᠦᠷ ᠲᠤ ᠣᠷᠣᠭᠤᠯᠣᠨ ᠨᠡᠶᠢᠲᠡ ᠲᠦᠮᠡᠨ ᠳᠤ ᠨᠡᠩ ᠢᠯᠡᠬᠦᠣ ᠲᠠᠨᠢᠭᠤᠯᠬᠤ ᠡᠭᠦᠳᠡᠨ ᠠᠴᠠ ᠣᠯᠠᠨ ᠲᠠᠢ ᠬᠠᠮᠲᠣᠷᠠᠨ ᠬᠤᠷᠰᠢᠵᠣ ᠣᠶᠣᠬᠤ ᠰᠡᠳᠬᠢᠭᠳᠡᠯ ᠲᠡᠭᠦᠨ ᠤ ᠡᠳᠣᠷ ᠤᠨ ᠪᠣᠳᠣᠯ ᠪᠣᠯᠣᠭᠰᠠᠠ ᠪᠠᠶᠢᠯ᠎ᠠ᠃ ᠣᠣᠯ ᠠᠴᠠ ᠪᠠᠨ ︽ᠬᠢᠪᠡᠯ ᠵᠠᠪᠠᠯ ᠪᠦᠳᠣᠬᠡᠨ᠎ᠡ︾ ᠭᠡᠳᠡᠭ ᠰᠢᠭᠤᠳᠠᠮᠠᠭᠠᠢ ᠵᠠᠩ ᠲᠠᠢ ᠪᠠᠶᠢᠳᠠᠭ ᠲᠡᠷᠨ 2014 ᠣᠨ ᠳᠤ ᠪᠠᠭ᠎ᠠ ᠬᠡᠣᠬᠡᠨ ᠤ ᠪᠠᠨ ᠨᠡᠷ᠎ᠡ ᠲᠡᠭᠡᠷ᠎ᠡ ︽ᠰᠢᠨ᠎ᠡ ᠬᠦᠪᠡᠭᠡᠳᠣ ᠬᠥᠬᠡ ᠣᠶᠣᠳᠠᠯ ᠤᠨ ᠬᠤᠷᠰᠢᠶᠠᠵᠢᠯ ︾ ᠢ ᠲᠠᠩᠰᠠᠯᠠᠨ ᠪᠠᠶᠢᠭᠤᠯᠵᠣ᠂ 2020 ᠣᠨ ᠳᠤ ᠠᠰᠢᠭᠯᠠᠯᠳᠠ ᠳᠤ ᠣᠷᠣᠭᠤᠯᠵᠠᠢ᠃ ᠣᠶᠣᠳᠠᠯ ᠤᠨ ᠬᠤᠷᠰᠢᠶᠠᠵᠢᠯ ᠤᠨ ᠪᠣᠳᠠᠳᠠᠢ ᠪᠠᠶᠢᠳᠠᠯ ᠢ ᠣᠶᠢᠯᠠᠭᠠᠬᠤ ᠪᠠᠷ ᠠᠵᠢᠯ ᠤᠨ ᠭᠠᠵᠠᠷ ᠲᠤᠨᠢ ᠬᠦᠷᠬᠦ ᠳᠤ ᠣᠶᠣᠳᠠᠯᠴᠢᠳ ᠰᠢᠯᠪᠢ ᠬᠠᠳᠠᠬᠤ ᠨᠢ ᠬᠠᠳᠠᠵᠣ᠂ ᠲᠡᠪᠡᠯ ᠡᠰᠬᠡᠨ ᠬᠦᠪᠦᠩᠲᠡᠢ ᠲᠡᠷᠯᠢᠭ ᠬᠠᠪᠠᠭ᠋ᠤ ᠨᠢ ᠬᠠᠪᠠᠵᠦ᠂ ᠣᠶᠣᠳᠠᠯ ᠤᠨ ᠮᠠᠰᠢᠨ ᠲᠦᠷᠴᠢᠭᠢᠨᠡᠨ ᠬᠤᠪᠢ ᠬᠤᠪᠢ ᠶᠢᠨ ᠢᠶᠠᠨ ᠠᠵᠢᠯ ᠳᠠᠭᠠᠨ ᠶᠠᠭᠠᠷᠠᠨ᠎ᠠ᠃ ᠪᠢᠳᠡ ᠢ ᠬᠠᠷᠠᠭᠠᠳ ᠮᠢᠭᠮᠡᠷᠰᠦ᠋ᠷᠦᠩ ᠡᠭᠡᠴᠢ ᠬᠠᠯᠠᠭᠤᠨ ᠢᠨᠢᠶᠡᠮᠰᠣᠭ᠍ᠯᠡᠯ ᠢᠶᠠᠷ ᠪᠠᠶᠠᠷᠯᠠᠨ ᠣᠭᠳᠣᠵᠤ᠂ ᠬᠤᠷᠰᠢᠶᠠᠵᠢᠯ ᠤᠨ ᠪᠠᠶᠢᠳᠠᠯ ᠢᠶᠠᠨ ᠲᠠᠨᠢᠯᠴᠠᠭᠤᠯᠣᠨ᠎ᠠ᠃ ᠶᠠᠷᠢᠯᠴᠠᠨ ᠵᠣᠭᠤᠭᠳᠠᠬᠤ ᠵᠠᠭᠤᠷ᠎ᠠ ᠣᠶᠢᠯᠠᠭᠠᠭᠰᠠᠠ ᠢᠶᠠᠷ᠂ ᠬᠤᠷᠰᠢᠶᠠᠵᠢᠯ ᠨᠢ ᠠᠩᠬᠠᠯᠠᠨ ᠠᠷᠪᠠᠨ ᠬᠦᠮᠣᠨ ᠢᠶᠠᠷ ᠪᠦᠷᠢᠯᠳᠦᠵᠦ ᠬᠦᠮᠣᠨ ᠪᠦᠷᠢ 5000 ᠲᠦᠭᠦᠷᠢᠭ ᠢᠶᠠᠷ ᠪᠡᠯᠡ ᠣᠷᠣᠭᠤᠯᠣᠨ᠂ ᠲᠠᠪᠦᠨ ᠲᠦᠮᠡᠨ ᠲᠦᠭᠦᠷᠢᠭ ᠢᠶᠠᠷ ᠠᠩᠬᠠᠨ ᠤ ᠰᠠᠭᠤᠷᠢ ᠪᠠᠨ ᠲᠠᠯᠪᠢᠵᠠᠢ᠃ ︽ᠪᠢᠳᠡ ᠠᠭᠤᠵᠢᠭᠤ ᠣᠶᠣᠳᠠᠯ ᠤᠨ ᠭᠡᠷ ᠬᠦᠯᠣᠰᠦᠯᠡᠨ ᠲᠦᠭᠦᠮ ᠢᠶᠠᠷ ᠵᠠᠰᠠᠨ ᠴᠢᠮᠡᠭᠯᠡᠵᠦ᠂ ᠣᠶᠣᠳᠠᠯ ᠤᠨ ᠮᠠᠰᠢᠨ᠂ ᠰᠢᠷᠡᠭᠡ ᠰᠠᠨᠳᠠᠯᠢ ᠵᠡᠷᠬᠡ ᠪᠡᠯᠡᠳᠬᠡᠯ ᠲᠦᠭᠦᠬᠡᠷᠣᠮᠵᠢ᠂ ᠪᠥᠰ ᠪᠠᠷᠠᠭ᠎ᠠ ᠲᠣᠷᠭ᠎ᠠ ᠲᠣᠷᠳᠣᠩ ᠢᠶᠠᠨ ᠣᠷᠣᠭᠤᠯᠵᠣ ᠰᠡᠳᠬᠢᠯ ᠨᠢᠭᠡᠲᠡᠢ ᠠᠵᠢᠯ ᠢᠶᠠᠨ ᠡᠬᠢᠯᠡᠭᠦᠯᠣᠭ᠍ᠰᠡᠡ︾ ᠭᠡᠵᠦ ᠣᠶᠣᠳᠠᠯ ᠤᠨ ᠬᠤᠷᠰᠢᠶᠠᠵᠢᠯ ᠤᠨ ᠨᠢᠭᠳᠠᠯᠠᠨ ᠪᠣᠳᠣᠭᠴᠢ ᠡᠷᠳᠡᠨᠢᠴᠢᠮᠡᠭ ᠲᠠᠨᠢᠯᠴᠠᠭᠤᠯᠣᠨ ᠶᠠᠷᠢᠵᠣ ᠥᠭᠬᠦᠨ᠎ᠡ᠃ ᠡᠬᠢᠯᠡᠭᠰᠡᠡ ᠴᠠᠭ ᠠᠴᠠ ᠪᠠᠨ ᠣᠶᠣᠳᠠᠯ ᠤᠨ ᠠᠵᠢᠯ ᠮᠠᠰᠢ ᠣᠷᠣᠭᠰᠢᠳᠠᠢ᠂ ᠶᠠᠭᠠᠷᠠᠣ ᠪᠦᠬᠡᠳ ᠪᠦᠬᠦᠯᠢ ᠨᠢᠭᠡ ᠵᠢᠯ ᠭᠠᠷᠣᠢ ᠶᠢᠨ ᠬᠤᠭᠤᠴᠠᠭᠠᠨ ᠳᠤ ᠬᠤᠷᠰᠢᠶᠠᠵᠢᠯ ᠤᠨ ᠣᠶᠣᠳᠠᠯᠴᠢᠳ ᠣᠶᠣᠳᠠᠯ ᠣᠶᠣᠭᠠᠳ ᠨᠡᠶᠢᠲᠡ 14 ᠲᠦᠮᠡ ᠭᠠᠷᠣᠢ ᠲᠦᠭᠦᠷᠢᠭ ᠤᠨ ᠴᠡᠪᠡᠷ ᠣᠷᠣᠯᠭ᠎ᠠ ᠶᠢ ᠡᠭᠦᠳᠣᠭ᠍ᠰᠡᠡ ᠳᠡᠭᠡᠨ ᠬᠤᠷᠰᠢᠶᠠᠵᠢᠯ ᠤᠨ ᠭᠡᠰᠢᠭᠦᠳ ᠤᠨ ᠰᠡᠳᠬᠢᠯ ᠮᠠᠰᠢ ᠬᠠᠨᠣᠮᠵᠢᠳᠠᠢ ᠪᠠᠶᠢᠵᠣ᠂ ᠬᠤᠪᠢ ᠬᠦᠮᠣᠨ ᠤ ᠡᠭᠦᠳᠣᠭ᠍ᠰᠡᠡ ᠬᠠᠮᠤᠭ ᠦᠨᠳᠣᠷ ᠣᠷᠣᠯᠭ᠎ᠠ ᠨᠢ ᠲᠣᠯᠣᠭᠠᠨ ᠲᠦᠮᠡ ᠭᠠᠷᠣᠢ ᠲᠦᠭᠦᠷᠢᠭ ᠲᠤ ᠬᠦᠷᠪᠡ᠃      ︽ᠰᠢᠨ᠎ᠡ ᠬᠦᠪᠡᠭᠡᠳᠣ ᠬᠥᠬᠡ ᠦᠨᠳᠣᠰᠣᠳᠡᠨ ᠤ ᠬᠤᠪᠴᠠᠰᠣ ᠵᠠᠰᠠᠯ ᠣᠶᠣᠵᠣ ᠦᠢᠯᠡᠳᠬᠦ ᠲᠣᠰᠬᠠᠢ ᠬᠤᠷᠰᠢᠶᠠᠵᠢᠯ︾ ᠨᠢ ᠰᠢᠨ᠎ᠡ ᠪᠠᠷᠭᠤ ᠪᠠᠷᠠᠭᠤᠨ ᠬᠤᠰᠢᠭᠤᠨ ᠤ ᠠᠯᠳ᠋ᠬᠠᠮᠡᠬᠡᠯ ᠪᠠᠯᠭᠠᠰᠣ ᠶᠢᠨ ᠲᠤᠮᠳᠠᠳᠣ ᠣᠷᠣᠰ ᠮᠣᠩᠭᠤᠯ ᠤᠨ ᠠᠷᠠᠯᠵᠢᠶ᠎ᠠ ᠬᠤᠳᠠᠯᠳᠣᠭᠠᠨ ᠤ ᠠᠰᠠᠷ ᠤᠨ ᠬᠤᠶᠢᠨ᠎ᠡ ᠲᠠᠯ᠎ᠠ ᠶᠢᠨ ᠲᠣᠰᠬᠠᠢ ᠬᠤᠳᠠᠯᠳᠣᠭᠠᠨ ᠤ ᠦᠷᠣᠬᠡᠨ ᠳᠤ ᠪᠠᠶᠢᠷᠢᠰᠢᠵᠣ᠂ ᠬᠤᠷᠰᠢᠶᠠᠵᠢᠯ ᠤᠨ ᠭᠡᠰᠢᠬᠦᠳ ᠡᠳᠣᠷ ᠪᠦᠷᠢ ᠲᠤᠭᠲᠠᠭᠰᠠᠠ ᠠᠵᠢᠯᠯᠠᠬᠤ ᠴᠠᠭ ᠲᠠᠭᠠᠨ ᠴᠠᠭ ᠢ ᠪᠠᠷᠢᠮᠲᠠᠯᠠᠨ ᠣᠶᠣᠳᠠᠯ ᠤᠨ ᠠᠵᠢᠯ ᠳᠠᠭᠠᠨ ᠶᠠᠭᠠᠷᠠᠨ᠎ᠠ᠃ ᠲᠠᠳᠠᠨᠠᠷ ᠬᠤᠭᠤᠷᠣ ᠬᠤᠭᠤᠷᠣᠨᠳᠣ ᠪᠠᠨ ᠡᠪ ᠨᠠᠶᠢᠷ ᠢ ᠡᠷᠬᠢᠮᠨᠡᠨ ᠬᠠᠷᠢᠯᠴᠠᠨ ᠰᠣᠷᠣᠯᠴᠠᠵᠤ᠂ ᠬᠠᠶᠠ ᠪᠠᠶᠠᠷ ᠪᠠᠭ᠋ᠠᠳᠣᠯ ᠤᠨ ᠲᠣᠮᠳᠠ ᠠᠵᠢᠯ ᠤᠨ ᠶᠠᠳᠠᠷᠠᠭ᠎ᠠ ᠪᠠᠨ ᠲᠠᠶᠢᠯᠣᠨ᠎ᠠ᠃ ᠤᠶᠤᠳᠠᠯᠴᠢᠳ ᠬᠤᠷᠰᠢᠶᠠᠵᠢᠯ ᠪᠠᠶᠢᠭᠤᠯᠣᠨ ᠬᠤᠷᠰᠢᠵᠣ ᠣᠶᠣᠬᠤ ᠨᠢ ᠲᠠᠩ ᠭᠠᠭᠴᠠᠭᠠᠷ ᠢᠶᠠᠨ ᠣᠶᠣᠵᠣ ᠪᠠᠶᠢᠬᠤ ᠲᠠᠢ ᠬᠠᠷᠢᠴᠠᠭᠤᠯᠪᠠᠯ ᠠᠰᠢᠭ ᠣᠷᠣᠯᠭ᠎ᠠ ᠦᠨᠳᠣᠷ ᠪᠠᠶᠢᠬᠤ ᠪᠤᠯᠬᠤᠷ ᠪᠦᠭᠦᠳᠡᠭᠡᠷ ᠰᠡᠳᠬᠢᠯ ᠨᠢᠭᠡᠳᠡᠢ ᠮᠢᠭᠮᠡᠷᠰᠦ᠋ᠷᠦᠩ ᠳᠤ ᠪᠠᠶᠠᠷᠯᠠᠨ ᠲᠠᠯᠠᠷᠬᠠᠵᠤ ᠪᠠᠶᠢᠯ᠎ᠠ᠃ ᠬᠤᠷᠰᠢᠶᠠᠵᠢᠯ ᠤᠨ ᠨᠢᠭᠲᠠᠯᠠᠨ ᠪᠣᠳᠣᠭᠴᠢ ᠡᠷᠳᠡᠨᠢᠴᠢᠮᠡᠭ᠄ ︽ᠪᠢᠳᠡ ᠰᠠᠷ᠎ᠠ ᠳᠤ ᠨᠢᠭᠡ ᠤᠳᠠᠭ᠎ᠠ ᠬᠡᠰᠢᠭᠦᠳ ᠤᠨ ᠠᠰᠢᠭ ᠣᠷᠣᠯᠭ᠎ᠠ ᠶᠢᠨ ᠳᠠᠩᠰᠠ ᠶᠢ ᠲᠠᠰᠣᠯᠣᠨ ᠪᠤᠳᠤᠳᠠᠭ᠃ ᠠᠰᠠᠭᠤᠳᠠᠯ ᠲᠤᠯᠭᠠᠷᠠᠪᠠᠯ ᠬᠠᠮᠳᠣ ᠪᠠᠷ ᠶᠠᠷᠢᠯᠴᠠᠨ ᠵᠦᠪᠳᠡᠨ᠎ᠡ᠃ ᠣᠶᠣᠳᠠᠯᠴᠢᠳ ᠦᠪᠡᠷ ᠤᠨ ᠣᠶᠣᠭᠰᠠᠠ ᠲᠡᠪᠡᠯ ᠤᠨ ᠢᠶᠠᠨ ᠭᠠᠷ ᠤᠨ ᠬᠦᠯᠣᠰᠣ ᠪᠠᠨ ᠦᠪᠡᠷ ᠢᠶᠠᠨ ᠠᠪᠳᠠᠭ ᠪᠦᠬᠡᠳ ᠵᠠᠷᠢᠮ ᠣᠶᠣᠳᠠᠯᠴᠢᠨ ᠰᠠᠷ᠎ᠠ ᠳᠠᠭᠠᠨ 50 ᠠᠴᠠ 60 ᠲᠡᠪᠡᠯ ᠣᠶᠣᠵᠤ ᠲᠦᠮᠡ ᠭᠠᠷᠣᠢ ᠲᠦᠭᠦᠷᠢᠭ ᠣᠯᠳᠠᠭ ᠠᠴᠠ ᠭᠡᠰᠢᠬᠦᠳ ᠪᠦᠷ ᠣᠯᠣᠭᠰᠠᠠ ᠣᠷᠣᠯᠭ᠎ᠠ ᠳᠠᠭᠠᠨ ᠮᠠᠰᠢ ᠬᠠᠨᠣᠮᠵᠢᠳᠠᠢ᠃ ᠠᠰᠢᠭ ᠣᠷᠣᠯᠭ᠎ᠠ ᠪᠠᠨ ᠨᠡᠮᠡᠭᠳᠡᠭᠦᠯᠦᠶ᠎ᠡ ᠭᠡᠪᠡᠯ ᠴᠠᠭ ᠢ ᠪᠠᠷᠢᠮᠲᠠᠯᠠᠨ ᠰᠠᠭᠠᠳᠠᠯ ᠦᠭᠡᠢ ᠣᠶᠣᠪᠠᠯ ᠣᠷᠣᠯᠭ᠎ᠠ ᠶᠢᠨ ᠨᠡᠮᠡᠭᠳᠡᠯᠲᠡ ᠰᠠᠶᠢᠨ︾ ᠭᠡᠵᠦ ᠪᠠᠶᠢᠯ᠎ᠠ᠃        ᠨᠢᠳᠣᠨᠣᠨ ᠠᠴᠠ ᠥᠨᠥ ᠵᠢᠯ ᠪᠣᠯᠲᠠᠯᠠᠬᠢ ᠪᠦᠬᠦᠯᠢ ᠨᠢᠭᠡ ᠵᠢᠯ ᠤᠨ ᠬᠤᠭᠤᠴᠠᠭᠠᠨ ᠳᠤ ᠬᠠᠮᠤᠭ ᠢᠯᠡᠬᠦᠣ ᠣᠷᠣᠯᠭ᠎ᠠ ᠡᠭᠦᠳᠣᠭ᠍ᠰᠡᠡ ᠰᠢᠶᠣᠣ ᠯᠠᠠ᠄ ︽ᠡᠶᠢᠮᠣ ᠰᠠᠶᠢᠨ ᠣᠶᠣᠳᠠᠯ ᠤᠨ ᠲᠠᠪᠴᠠᠩ ᠢ ᠪᠢᠳᠡᠨ ᠳᠤ ᠬᠠᠩᠭᠠᠵᠣ ᠥᠭᠭᠦᠭᠰᠡᠡ ᠮᠢᠭᠮᠡᠷᠰᠦ᠋ᠷᠦᠩ ᠡᠭᠡᠴᠢ ᠳᠡᠭᠡᠨ ᠲᠦᠢᠯ ᠢᠶᠠᠷ ᠪᠠᠶᠠᠷᠯᠠᠨ ᠲᠠᠯᠠᠷᠬᠠᠵᠣ ᠪᠠᠶᠢᠨ᠎ᠠ᠃ ᠣᠣᠯ ᠳᠠᠭᠠᠨ ᠪᠣᠰᠣᠳ ᠬᠦᠮᠣᠨ ᠤ ᠣᠶᠣᠳᠠᠯ ᠢ ᠬᠠᠪᠰᠣᠷᠣᠨ ᠨᠢᠭᠡ ᠲᠡᠪᠡᠯ ᠣᠶᠣᠪᠠᠯ 50 ᠲᠦᠭᠦᠷᠢᠭ ᠤᠨ ᠵᠢᠭᠠᠬᠠᠨ ᠬᠦᠯᠣᠰᠣ ᠣᠯᠭᠤᠮᠵᠢ ᠣᠯᠳᠠᠭ᠃ ᠣᠳᠣ ᠬᠠᠷᠢᠨ ᠨᠢᠭᠡ ᠲᠡᠪᠡᠯ ᠠᠴᠠ 560 ᠲᠦᠭᠦᠷᠢᠭ ᠣᠯᠵᠤ ᠪᠠᠶᠢᠬᠤ ᠨᠢ ᠣᠶᠣᠳᠠᠯ ᠤᠨ ᠬᠤᠷᠰᠢᠶᠠᠵᠢᠯ ᠮᠠᠰᠢ ᠰᠠᠶᠢᠨ︾ ᠬᠡᠵᠦ ᠰᠡᠳᠬᠢᠯ ᠳᠤᠭᠳᠤᠯᠤᠨ ᠶᠠᠷᠢᠵᠦ ᠪᠠᠶᠢᠯ᠎ᠠ᠃      ᠬᠤᠷᠰᠢᠶᠠᠵᠢᠯ ᠤᠨ ᠭᠡᠰᠢᠭᠦᠨ ᠨᠦᠬᠦᠳ ᠲᠠᠢ ᠶᠠᠷᠢᠬᠤ ᠳᠤ ᠶᠠᠷᠢᠶ᠎ᠠ ᠬᠦᠭᠡᠷᠣᠬᠡ ᠰᠠᠶᠢᠨ ᠪᠦᠭᠡᠳ ᠨᠢᠭᠡ ᠭᠡᠷ ᠤᠨ ᠬᠦᠮᠣᠰ ᠰᠢᠭ ᠲᠣᠳᠣᠨᠣ ᠨᠠᠶᠢᠷᠲᠠᠢ ᠪᠠᠶᠢᠬᠤ ᠨᠢ ᠰᠡᠳᠬᠢᠯ ᠳᠤ ᠲᠣᠩ ᠠᠶᠠᠲᠠᠶᠢᠬᠠᠨ ᠰᠠᠨᠠᠭᠳᠠᠵᠤ᠂ ᠬᠤᠷᠰᠢᠶᠠᠵᠢᠯ ᠤᠨ ᠰᠠᠶᠢᠨ ᠢ ᠪᠠᠭ᠋ᠠᠷᠬᠠᠨ ᠰᠠᠭᠤᠨ᠎ᠠ᠃ ᠳᠡᠳᠡᠨ ᠤ ᠬᠠᠮᠤᠭ ᠤᠨ ᠵᠠᠯᠠᠭᠤ ᠤᠶᠤᠳᠠᠯᠴᠢᠨ ᠨᠢ ᠬᠤᠷᠢᠭᠠᠳ ᠨᠠᠰᠣᠳᠠᠢ ᠣᠳᠪᠠᠯᠠ ᠪᠣᠯᠣᠨ ᠰᠣᠨᠣᠷ ᠪᠣᠯᠣᠨ᠎ᠠ᠃ ᠲᠡᠷᠡ ᠬᠤᠶᠠᠷ ᠶᠡᠭᠡ ᠰᠣᠷᠭᠠᠭᠤᠯᠢ ᠪᠠᠨ ᠲᠡᠭᠦᠰᠣᠬᠡᠳ ᠣᠶᠣᠳᠠᠯ ᠳᠤ ᠪᠠᠭ᠋ᠠᠳᠠᠢ ᠣᠷᠮ᠎ᠠ ᠳᠠᠭᠠᠨ ᠬᠦᠳᠣᠯᠣᠭ᠍ᠳᠡᠨ ᠬᠤᠷᠰᠢᠶᠠᠵᠢᠯ ᠤᠨ ᠭᠡᠰᠢᠬᠦᠨ ᠪᠣᠯᠣᠭᠰᠠᠠ ᠰᠣᠩᠭᠤᠯᠳᠠ ᠳᠠᠭᠠᠨ ᠲᠦᠢᠯ ᠤᠨ ᠪᠠᠶᠠᠷ ᠲᠠᠢ ᠪᠠᠶᠢᠵᠦ᠂ ᠰᠢᠯᠪᠢ ᠪᠠᠨ ᠤᠷᠮᠠᠳᠠᠶᠢᠬᠠᠨ ᠬᠠᠳᠠᠵᠦ ᠪᠠᠶᠢᠯ᠎ᠠ᠃      ᠣᠷᠠᠨ ᠣᠶᠣᠳᠠᠯᠴᠢᠨ ᠮᠢᠭᠮᠡᠷᠰᠦ᠋ᠷᠦᠩ ᠥᠪᠡᠷ ᠤᠨ ᠬᠢᠨᠢ ᠰᠠᠨᠠᠭ᠎ᠠ ᠪᠣᠳᠣᠯ ᠨᠢ ᠪᠡᠶᠡᠯᠡᠵᠦ ︽ᠰᠢᠨ᠎ᠡ ᠬᠦᠪᠡᠭᠡᠳᠣ ᠬᠥᠬᠡ ᠦᠨᠳᠣᠰᠣᠳᠡᠨ ᠤ ᠬᠤᠪᠴᠠᠰᠣ ᠵᠠᠰᠠᠯ ᠣᠶᠣᠵᠣ ᠦᠢᠯᠡᠳᠬᠦ ᠲᠣᠰᠬᠠᠢ ᠬᠤᠷᠰᠢᠶᠠᠵᠢᠯ︾ ᠤᠨ ᠡᠭᠡᠴᠢ ᠲᠡᠭᠦᠤ ᠨᠠᠷ ᠤᠨ ᠢᠶᠠᠨ ᠦᠭᠡᠲᠡ ᠲᠠᠢ ᠰᠠᠶᠢᠬᠠᠨ ᠪᠠᠶᠢᠳᠠᠯ ᠢ ᠬᠠᠷᠠᠭᠠᠳ ᠬᠢᠵᠠᠭᠠᠯᠠᠰᠢ ᠦᠭᠡᠢ ᠪᠠᠶᠠᠷ ᠲᠠᠢ ᠪᠠᠶᠢᠵᠣ᠂ ᠬᠤᠶᠢᠰᠢᠳᠠ ᠣᠶᠣᠳᠠᠯ ᠤᠨ ᠬᠤᠷᠰᠢᠶᠠᠵᠢᠯ ᠢᠶᠠᠨ ᠣᠯᠠᠨ ᠢᠯᠡᠭᠦᠦ ᠲᠡᠯᠭᠡᠷᠡᠬᠦᠯᠣᠨ ᠬᠦᠭᠵᠢᠭᠦᠯᠵᠦ᠂ ᠣᠶᠣᠳᠠᠯ ᠳᠤ ᠪᠠᠭ᠋ᠠᠲᠠᠢ ᠪᠣᠰᠣᠳ ᠪᠦᠰᠡᠭᠦ᠋ᠢᠴᠣᠳ ᠤᠨ ᠢᠶᠠᠨ ᠦᠢᠯᠡᠰ ᠪᠣᠰᠠᠬᠬᠤ ᠳᠤᠨᠢ ᠬᠠᠯᠠᠭᠤᠨ ᠲᠡᠮᠵᠢᠯᠬᠡ ᠦᠵᠡᠭᠦᠯᠣᠨ᠂ ᠮᠣᠩᠭᠤᠯ ᠣᠶᠣᠳᠠᠯ ᠢᠶᠠᠨ ᠣᠳᠣᠬᠠᠨ ᠤ ᠰᠢᠨ᠎ᠡ ᠵᠠᠬ᠎ᠠ ᠲᠡᠯᠭᠡᠭᠦᠷ ᠤᠨ ᠰᠦᠯᠵᠢᠶᠡᠨ ᠤ ᠠᠰᠢᠭᠯᠠᠯᠳᠠ ᠳᠤ ᠣᠷᠣᠭᠤᠯᠵᠦ᠂ ᠺᠣᠮᠫᠠᠨᠢᠴᠢᠯᠠᠬᠤ ᠲᠡᠰᠢ ᠬᠠᠨᠳᠣᠭᠤᠯᠣᠨ ᠨᠡᠩ ᠦᠷᠬᠡᠨ ᠪᠣᠯᠣᠮᠵᠢ ᠲᠠᠢ ᠣᠷᠣᠨ ᠵᠠᠢ ᠣᠯᠭᠤᠬᠤ ᠪᠠᠷ ᠴᠢᠷᠮᠠᠶᠢᠨ᠎ᠠ ᠬᠡᠳᠡᠭ ᠲᠤ ᠣᠯᠠᠨ ᠲᠠᠢ ᠪᠠᠨ ᠰᠡᠳᠬᠢᠯ ᠨᠢᠭᠡᠳᠡᠢ ᠪᠠᠶᠢᠯ᠎ᠠ᠃ ᠬᠦᠳᠡᠭᠡ ᠲᠤᠰᠬᠤᠨ ᠢ ᠬᠦᠭᠵᠢᠭᠦᠯᠦᠨ ᠮᠠᠨᠳᠣᠭᠤᠯᠬᠤ ᠲᠦᠷᠣ ᠶᠢᠨ ᠪᠣᠳᠣᠯᠭ᠎ᠠ ᠶᠢᠨ ᠰᠢᠨ᠎ᠡ ᠣᠷᠢᠶᠠᠯᠠᠭ᠎ᠠ ᠶᠢᠨ ᠲᠣᠣᠷ᠎ᠠ ︽ᠰᠢᠨ᠎ᠡ ᠬᠦᠪᠡᠭᠡᠳᠣ ᠬᠥᠬᠡ ᠦᠨᠳᠣᠰᠣᠳᠡᠨ ᠤ ᠬᠤᠪᠴᠠᠰᠣ ᠵᠠᠰᠠᠯ ᠣᠶᠣᠵᠣ ᠦᠢᠯᠡᠳᠬᠦ ᠲᠣᠰᠬᠠᠢ ᠬᠤᠷᠰᠢᠶᠠᠵᠢᠯ︾ ᠤᠨ ᠬᠤᠶᠢᠰᠢᠳᠠ ᠶᠢᠨ ᠦᠢᠯᠡᠰ ᠤᠨ ᠵᠠᠮᠨᠠᠯ ᠨᠢ ᠤᠯᠠᠮ ᠦᠬᠡᠲᠡ ᠪᠠᠨ ᠣᠷᠣᠭᠰᠢᠳᠠᠢ ᠪᠠᠶᠢᠬᠤ ᠶᠢ ᠨᠢ ᠬᠦᠰᠡᠨ ᠪᠡᠯᠭᠡᠳᠡᠶ᠎ᠡ︕                                           ᠰᠣᠷᠪᠣᠯᠵᠢᠯᠠᠬᠴᠢ᠄ ᠮᠣᠯᠣᠷ
 
ᠢᠷᠡᠯᠲᠡ᠄ ᠬᠦᠯᠦᠨ ᠪᠣᠶᠢᠷ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号