ᠮᠡᠳᠡᠯᠭᠡ ᠶᠢᠨ ᠰᠠᠩ᠄ ᠲᠠᠷᠢᠮᠠᠯ ᠤᠨ ᠦᠷᠡᠵᠢᠯ ᠤᠨ ᠬᠤᠭᠤᠴᠠᠭ᠎ᠠ ᠶᠢ ᠲᠤᠬᠢᠷᠠᠭᠤᠯᠬᠤ ᠪᠠᠷ ᠳᠠᠮᠵᠢᠨ ᠡᠪᠡᠳᠴᠢᠨ ᠬᠤᠷᠤᠬᠠᠢ ᠶᠢᠨ ᠬᠦᠨᠦᠭᠡᠯ ᠢ ᠬᠡᠷᠬᠢᠨ ᠬᠢᠵᠠᠭᠠᠷᠯᠠᠬᠤ ᠪᠤᠢ
ᠨᠡᠶᠢᠲᠡᠯᠡᠭᠰᠡᠨ ᠴᠠᠭ᠄
2021/12/12
     ᠤᠷᠲᠤ ᠬᠤᠭᠤᠴᠠᠭᠠᠨ ᠤ ᠵᠣᠬᠢᠴᠠᠬᠤ ᠴᠢᠨᠠᠷᠲᠠᠢ ᠬᠤᠪᠢᠰᠤᠯᠲᠠ ᠠᠴᠠ ᠪᠣᠯᠵᠣ᠂ ᠤᠨᠴᠠ ᠨᠢᠭᠡᠨ ᠭᠠᠵᠠᠷ ᠲᠤ ᠬᠦᠨᠦᠭᠡᠯᠲᠦ ᠰᠢᠪᠡᠵᠢ ᠶᠢᠨ ᠡᠭᠦᠰᠬᠦ ᠬᠤᠭᠤᠴᠠᠭ᠎ᠠ ᠬᠢᠭᠡᠳ ᠲᠡᠭᠦᠨ ᠤ ᠮᠦᠯᠵᠢᠭᠳᠡᠭᠴᠢ ᠤᠷᠭᠤᠮᠠᠯ ᠤᠨ ᠤᠷᠭᠤᠯᠲᠠ ᠶᠢᠨ ᠬᠤᠭᠤᠴᠠᠭ᠎ᠠ ᠨᠢ ᠬᠠᠷᠢᠯᠴᠠᠨ ᠲᠠᠭᠠᠷᠠᠬᠤ ᠪᠠᠶᠢᠳᠠᠯ ᠭᠠᠷᠳᠠᠭ᠃ ᠡᠶᠢᠮᠦ ᠠᠴᠠ ᠳᠠᠬᠢᠨ ᠲᠠᠷᠢᠬᠤ ᠢᠯᠡᠳᠭᠡᠭᠴᠢ ᠵᠢᠴᠢ ᠪᠤᠰᠤᠳ ᠤᠨᠠᠯᠲᠠ ᠨᠡᠮᠡᠭᠳᠡᠬᠦ ᠱᠠᠭᠠᠷᠳᠠᠯᠭ᠎ᠠ ᠶᠢ ᠨᠦᠯᠦᠭᠡᠯᠡᠬᠦ ᠦᠭᠡᠢ ᠪᠠᠶᠢᠳᠠᠯ ᠳᠤᠤᠷ᠎ᠠ᠂ ᠲᠠᠷᠢᠬᠤ ᠬᠤᠭᠤᠴᠠᠭ᠎ᠠ ᠶᠢ ᠵᠣᠬᠢᠰᠲᠠᠢ ᠤᠷᠢᠳᠴᠢᠯᠠᠭᠤᠯᠬᠤ ᠪᠣᠶᠣ ᠬᠤᠶᠢᠰᠢᠯᠠᠭᠤᠯᠤᠨ ᠬᠦᠨᠦᠭᠡᠯᠲᠦ ᠰᠢᠪᠡᠵᠢ ᠶᠢᠨ ᠡᠭᠦᠰᠬᠦ ᠬᠤᠭᠤᠴᠠᠭ᠎ᠠ ᠪᠤᠯᠤᠨ ᠲᠠᠷᠢᠮᠠᠯ ᠤᠨ ᠠᠮᠠᠷᠬᠠᠨ ᠬᠦᠨᠦᠭᠡᠭᠳᠡᠬᠦ ᠬᠤᠭᠤᠴᠠᠭ᠎ᠠ ᠶᠢ ᠵᠦᠷᠢᠭᠦᠯᠪᠡᠯ ᠬᠦᠨᠦᠭᠡᠯᠲᠦ ᠰᠢᠪᠡᠵᠢ ᠶᠢᠨ ᠬᠦᠨᠦᠭᠡᠯ ᠠᠴᠠ ᠵᠠᠶᠢᠯᠠᠰᠬᠢᠬᠦ ᠪᠣᠶᠣ ᠪᠠᠭᠠᠰᠬᠠᠵᠤ ᠴᠢᠳᠠᠨ᠎ᠠ᠃ ᠡᠨᠡ ᠬᠦ ᠠᠷᠭ᠎ᠠ ᠨᠢ ᠲᠡᠳᠡᠭᠡᠷ ᠲᠠᠷᠢᠬᠤ ᠬᠤᠭᠤᠴᠠᠭᠠᠨ ᠤ ᠬᠡᠪᠴᠢᠶ᠎ᠠ ᠨᠢ ᠶᠡᠭᠡ᠂ ᠠᠮᠠᠷᠬᠠᠨ ᠬᠦᠨᠦᠭᠡᠭᠳᠡᠬᠦ ᠬᠤᠭᠤᠴᠠᠭ᠎ᠠ ᠨᠢ ᠣᠬᠤᠷ ᠲᠠᠷᠢᠮᠠᠯ ᠪᠣᠯᠣᠨ ᠢᠳᠡᠬᠦ ᠵᠠᠩᠰᠢᠯ ᠨᠢ ᠬᠤᠪᠢᠷᠠᠳᠠᠭ ᠦᠭᠡᠢ᠃ ᠡᠭᠦᠰᠬᠦ ᠬᠤᠭᠤᠴᠠᠭ᠎ᠠ ᠨᠢ ᠠᠳᠠᠯᠢ ᠵᠢᠴᠢ ᠬᠦᠨᠦᠭᠡᠬᠦ ᠬᠤᠭᠤᠴᠠᠭ᠎ᠠ ᠨᠢ ᠨᠡᠯᠢᠶᠡᠳ ᠲᠦᠪᠯᠡᠷᠡᠩᠭᠦᠢ ᠬᠦᠨᠦᠭᠡᠯᠲᠦ ᠰᠢᠪᠡᠵᠢ ᠳᠤ ᠢᠯᠡᠷᠬᠡᠢ ᠦᠢᠯᠡᠳᠦᠯ ᠲᠠᠢ᠃ ᠬᠠᠪᠤᠷ ᠤᠨ ᠪᠤᠭᠤᠳᠠᠢ ᠶᠢ ᠵᠣᠬᠢᠰᠲᠠᠢ ᠪᠠᠷ ᠭᠦᠢᠬᠡᠨ ᠲᠠᠷᠢᠪᠠᠯ ᠤᠷᠢᠳᠴᠢᠯᠠᠨ ᠴᠢᠬᠢᠯᠡᠬᠦ᠂ ᠡᠮᠦᠨᠡᠬᠢ ᠬᠤᠭᠤᠴᠠᠭᠠᠨ ᠤ ᠦᠰᠦᠯᠲᠡ ᠨᠢ ᠲᠦᠷᠭᠡᠳᠴᠦ᠂ ᠪᠤᠭᠤᠳᠠᠢ ᠶᠢᠨ ᠰᠦᠷᠡᠯ ᠤᠨ ᠢᠯᠠᠭ᠎ᠠ ᠪᠣᠯᠣᠨ ᠡᠯ᠎ᠡ ᠵᠦᠢᠯ ᠤᠨ ᠭᠠᠵᠠᠷ ᠳᠤᠤᠷᠠᠬᠢ ᠬᠦᠨᠦᠭᠡᠯᠲᠦ ᠰᠢᠪᠡᠵᠢ ᠶᠢᠨ ᠬᠦᠨᠦᠭᠡᠯ ᠢ ᠵᠣᠬᠢᠬᠤ ᠬᠡᠮᠵᠢᠶ᠎ᠡ ᠪᠠᠷ ᠬᠦᠩᠭᠡᠷᠡᠭᠦᠯᠦᠨ᠎ᠡ᠃      ︵ᠢᠷᠡᠯᠲᠡ᠄ ᠰᠢ ᠶᠢᠩ ᠤᠨ ᠨᠠᠶᠢᠷᠠᠭᠤᠯᠤᠭᠰᠠᠨ ︽ᠤᠷᠭᠤᠮᠠᠯ ᠤᠨ ᠡᠪᠡᠳᠴᠢᠨ ᠬᠤᠷᠤᠬᠠᠢ ᠡᠪᠡᠰᠦᠨ ᠤ ᠬᠦᠨᠦᠭᠡᠯ ᠢ ᠬᠢᠵᠠᠭᠠᠷᠯᠠᠬᠤ ᠠᠰᠠᠭᠤᠯᠲᠠ ᠬᠠᠷᠢᠭᠤᠯᠲᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠣᠢ ᠰᠢᠭᠤᠢ ᠪᠠ ᠨᠤᠲᠤᠭ ᠪᠡᠯᠴᠢᠭᠡᠷ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号