ᠪᠠᠳᠠᠷᠠᠨ ᠳᠡᠯᠬᠡᠷᠡᠵᠦ ᠶᠠᠪᠤᠭᠰᠠᠨ ᠪᠠᠷᠭᠤ ᠶᠢᠨ ᠤᠯᠠᠭᠠᠨ ᠰᠠᠷᠠᠨᠠᠢ | ᠪᠦᠳᠦᠨ ᠳᠡᠯᠡᠬᠡᠢ ᠶᠢ ᠤᠶᠠᠷᠠᠭᠤᠯᠤᠭᠰᠠᠨ ᠡᠨᠡᠷᠢᠩᠬᠦᠢ ᠰᠡᠳᠬᠢᠯ ᠤᠨ ᠬᠠᠶᠢᠷ᠎ᠠ ᠁ | | ᠪᠢ ᠡᠨᠡ ᠡᠳᠦᠷ ᠤᠨ ᠰᠤᠷᠪᠤᠯᠵᠢᠯᠠᠭ᠎ᠠ ᠶᠢᠨ ᠡᠵᠡᠨ ᠪᠤᠯᠤᠭᠰᠠᠨ ᠲᠤᠶᠠᠭ᠎ᠠ ᠭᠤᠸᠠᠢ ᠶᠢ ᠢᠡᠭᠬᠢᠵᠦ | ᠰᠢᠯᠦᠭᠯᠡᠮᠡᠷ ᠰᠠᠨᠠᠭᠳᠠᠯ᠎ᠠ᠃ ᠳᠠᠩᠴᠢ ᠰᠢᠯᠦᠭ ᠪᠢᠴᠢᠳᠡᠭ ᠦᠬᠡᠢ ᠮᠠᠨᠢ ᠳᠡᠭᠡᠭ ᠪᠤᠯᠵᠤ᠂ ᠳᠤᠳᠤᠭᠠᠳᠤ ᠰᠡᠳᠬᠢᠯ ᠤᠨ | ᠨᠠᠷᠢᠨ ᠵᠦᠢᠯᠡᠰ ᠢᠶᠠᠨ ᠬᠡᠳᠦᠬᠡᠨ ᠦᠬᠡᠨ ᠳᠡᠬᠡᠷ᠎ᠡ ᠢᠯᠡᠷᠡᠬᠦᠯᠵᠦ ᠴᠢᠳᠠᠬᠤ ᠦᠬᠡᠢ ᠪᠤᠯᠤᠭᠰᠠᠨ ᠳᠤᠯᠠ ᠠᠷᠭ᠎ᠠ ᠦᠬᠡᠢ | ᠤᠷᠳᠤᠬᠠᠨ ᠰᠤᠷᠪᠤᠯᠵᠢᠯᠠᠭ᠎ᠠ ᠪᠢᠴᠢᠯ᠎ᠡ᠃ ᠤᠩᠰᠢᠭᠴᠢ ᠲᠦᠮᠡᠨ ᠮᠠᠨᠢ ᠬᠦᠯᠢᠶᠠᠨ ᠠᠪᠴᠤ ᠪᠤᠯᠭᠤᠭᠠᠮᠤ︕ | | | | | ᠬᠢᠯᠠᠷᠠᠭᠤᠯᠵᠤ ᠶᠠᠪᠤᠭᠰᠠᠨ ᠵᠠᠯᠠᠭᠤ ᠨᠠᠰᠤ ᠪᠤᠶᠤ | ᠪᠤᠳᠠᠩ ᠪᠤᠯᠤᠨ ᠦᠯᠡᠳᠡᠭᠰᠡᠨ ᠵᠢᠷᠦᠬᠡᠨ ᠭᠤᠨᠢᠭ | | ᠰᠢᠨ᠎ᠡ ᠪᠠᠷᠭᠤ ᠪᠠᠷᠠᠭᠤᠨ ᠬᠤᠰᠢᠭᠤᠨ ᠤ ᠠᠷᠠᠳ ᠤᠨ ᠶᠠᠪᠤᠳᠠᠯ ᠤᠨ ᠲᠤᠪᠴᠢᠶᠠᠨ ᠳᠤ ᠨᠢᠭᠳᠠᠯᠠᠨ | ᠪᠤᠳᠤᠭᠴᠢ ᠶᠢᠨ ᠠᠵᠢᠯ ᠢ ᠭᠤᠴᠢᠭᠠᠳ ᠵᠢᠯ ᠬᠢᠵᠦ᠂ ᠮᠦᠨ ᠳᠡᠨᠳᠡ ᠠᠴᠠ ᠪᠠᠨ ᠠᠵᠢᠯ ᠤᠨ ᠠᠮᠠᠷᠠᠯᠲᠠ ᠪᠠᠨ | ᠠᠪᠤᠭᠠᠳ᠂ ᠤᠳᠤ ᠤᠶᠤᠳᠠᠯ ᠬᠢᠵᠦ ᠦᠳᠡᠯᠦᠬᠡ ᠨᠠᠰᠤ ᠪᠠᠨ ᠦᠯᠡᠮᠵᠢ ᠤᠳᠬ᠎ᠠ ᠲᠠᠢ ᠦᠡᠭᠬᠡᠷᠡᠬᠦᠯᠵᠦ ᠶᠠᠪᠤᠭ᠎ᠠ | ᠳᠤᠶᠠᠭ᠎ᠠ 1974 ᠤᠨ ᠤ 7 ᠰᠠᠷ᠎ᠠ ᠳᠤ ᠰᠢᠨ᠎ᠠ ᠪᠠᠷᠭᠤ ᠪᠠᠷᠠᠭᠤᠨ ᠬᠤᠰᠢᠭᠤᠨ ᠤ ᠬᠠᠭ᠋ᠠᠭᠤᠯᠠ ᠰᠤᠮᠤ ᠶᠢᠨ ᠴᠡᠩᠬᠡᠯ | ᠪᠠᠷᠢᠭᠠᠳᠠ ᠳᠤ ᠰᠡᠭᠡᠭᠡᠲᠡᠨ ᠢᠶᠠᠷ ᠪᠠᠭᠤᠵᠠᠢ᠃ ᠳᠡᠬᠦᠨ ᠢ ᠰᠡᠬᠡᠬᠡᠳᠡᠨ ᠢᠶᠠᠷ ᠪᠠᠭᠤᠭᠰᠠᠨ ᠤ ᠲᠠᠷᠠᠭᠠᠬᠠᠨ ︽ᠳ᠋ᠠᠵᠠᠢ ᠠᠴᠠ | ᠰᠤᠷᠤᠯᠴᠠᠬᠤ︾ ᠤᠷᠢᠶᠠᠯᠠᠭ᠎ᠠ ᠭᠠᠷᠴᠤ᠂ 1974 ᠤᠨ ᠤ 11 ᠰᠠᠷ᠎ᠠ ᠳᠤ ᠪᠠᠷᠢᠭᠠᠳᠠ ᠨᠢ ᠬᠤᠷᠠᠯ ᠬᠢᠵᠦ᠂ | ᠦᠤᠰᠢᠨᠵᠤᠤ ᠶᠢᠨ ᠳᠡᠮᠦᠷ ᠬᠡᠤᠬᠡᠨᠴᠤᠳ ᠠᠴᠠ ᠰᠤᠷᠤᠯᠴᠠᠬᠤ ᠳᠤᠷᠰᠢᠯᠳᠠ ᠶᠢᠨ ᠴᠡᠭ ᠢ ᠰᠢᠨ᠎ᠠ ᠪᠠᠷᠭᠤ ᠪᠠᠷᠠᠭᠤᠨ | ᠬᠤᠰᠢᠭᠤᠨ ᠳᠤ ᠳᠠᠯᠪᠢᠨ᠎ᠠ ᠬᠡᠰᠡᠨ ᠢᠶᠠᠷ ᠰᠢᠨ᠎ᠠ ᠪᠠᠷᠭᠤ ᠪᠠᠷᠠᠭᠤᠨ ᠬᠤᠰᠢᠭᠤᠨ ᠤ ᠬᠡᠪᠴᠢᠶᠡᠨ ᠤ ᠬᠠᠮᠤᠭ ᠠᠩᠬᠠᠨ ᠤ | ᠳᠡᠮᠦᠷ ᠬᠡᠤᠬᠡᠨᠴᠤᠳ ᠤᠨ ᠳᠤᠭᠤᠢᠢᠯᠠᠩ ᠳᠤᠶᠠᠭ᠎ᠠ ᠶᠢ ᠪᠠᠭᠳᠠᠭᠠᠭᠰᠠᠨ 8 ᠬᠦᠮᠦᠨ ᠢᠶᠠᠷ ᠪᠦᠷᠢᠯᠳᠦᠵᠦ᠂ ᠳᠤᠶᠠᠭ᠎ᠠ | ᠭᠤᠸᠠᠢ ᠳᠤᠭᠤᠢᠢᠯᠠᠩ ᠤᠨ ᠳᠠᠷᠤᠭ᠎ᠠ ᠪᠠᠷ ᠳᠤᠮᠢᠯᠠᠭᠳᠠᠪᠠ᠃ | ᠳᠡᠶᠢᠨ ᠬᠦ ᠳᠡᠳᠡ 1975 ᠤᠨ ᠤ ᠬᠠᠪᠤᠷ ᠠᠴᠠ ᠠᠵᠢᠯ ᠢᠶᠠᠨ ᠡᠬᠢᠯᠡᠪᠡ᠃ ᠮᠡᠳᠡᠬᠡᠵᠢ᠂ ᠮᠠᠨ ᠤ | ᠠᠩᠬᠠᠨ ᠤ ᠰᠤᠷᠪᠤᠯᠵᠢᠯᠠᠭ᠎ᠠ ᠨᠤᠭᠤᠳ ᠢᠶᠠᠷ ᠪᠢᠴᠢᠭᠳᠡᠵᠦ ᠪᠠᠶᠢᠭᠰᠠᠨ ᠠᠶᠢᠯ ᠠᠶᠢᠯ ᠢᠶᠠᠷ ᠶᠠᠪᠤᠵᠦ ᠬᠤᠨᠢ ᠬᠠᠶᠢᠴᠢᠯᠠᠬᠤ | ᠂ ᠴᠢᠯᠠᠭᠤ ᠭᠠᠷᠭᠠᠬᠤ᠂ ᠬᠤᠨᠢ ᠤᠬᠢᠶᠠᠬᠤ᠂ ᠬᠤᠳᠳᠤᠭ ᠮᠠᠯᠲᠠᠬᠤ᠂ ᠬᠤᠳᠳᠤᠭ ᠤᠨ ᠲᠤᠤᠷ᠎ᠠ ᠲᠠᠯ᠎ᠠ ᠶᠢᠨ ᠤᠤᠮᠤ ︵ | ᠬᠠᠰᠢᠯᠭ᠎ᠠ︶ ᠶᠢ ᠳᠠᠯᠪᠢᠬᠤ᠂ ᠪᠤᠷᠳᠤᠭ᠎ᠠ ᠬᠠᠳᠤᠬᠤ᠂ ᠪᠤᠷᠳᠤᠭ᠎ᠠ ᠳᠡᠬᠡᠬᠡᠬᠦ᠂ ᠮᠠᠯ ᠤᠬᠢᠶᠠᠬᠤ ᠁ ᠵᠡᠷᠬᠡ | ᠠᠵᠢᠯ ᠢ ᠶᠠᠳᠠᠷᠠᠵᠦ ᠵᠦᠳᠡᠷᠡᠬᠦ ᠪᠠᠨ ᠤᠮᠠᠷᠳᠠᠨ ᠬᠢᠵᠦ᠂ ᠳᠠᠷᠠᠭ᠎ᠠ ᠳᠠᠷᠠᠭ᠎ᠠ ᠪᠠᠷ ᠪᠠᠶᠢᠭᠤᠯᠤᠭᠳᠠᠭᠰᠠᠨ ᠪᠤᠰᠤᠳ ︽ | ᠳᠡᠮᠦᠷ ᠬᠡᠤᠬᠡᠨᠴᠤᠳ︾ ᠤᠨ ᠳᠤᠭᠤᠢᠢᠯᠠᠩ ᠠᠴᠠ ᠠᠵᠢᠯ ᠢᠶᠠᠨ ᠡᠷᠳᠡ ᠪᠠᠷᠠᠭᠠᠵᠦ ᠪᠠᠶᠢᠬᠤ᠂ ᠮᠦᠨ ᠴᠤ ᠳᠡᠳᠡᠨ ᠳᠤ | ᠬᠦᠢᠴᠡᠭᠳᠡᠬᠦ ᠦᠬᠡᠢ ᠪᠠᠶᠢᠬᠤ ᠬᠡᠮᠡᠨ ᠰᠦᠨᠢ ᠤᠷᠤᠢ ᠳᠠᠭᠠᠨ ᠬᠦᠷᠳᠡᠯ᠎ᠠ ︽ᠬᠤᠯᠠᠭᠠᠢᠢᠴᠢ ᠪᠠᠷ ᠭᠠᠷᠴᠤ︾ ᠠᠵᠢᠯ | ᠬᠢᠳᠡᠭ ᠪᠠᠶᠢᠵᠠᠢ᠃ ᠳᠡᠬᠡᠬᠦ ᠳᠤ ᠲᠤᠶᠠᠭ᠎ᠠ ᠭᠤᠸᠠᠢ ᠬᠤᠷᠢᠳᠠᠢ᠂ ᠳᠤᠭᠤᠢᠢᠯᠠᠩ ᠤᠨ ᠬᠢᠨᠢ ᠬᠠᠮᠤᠭ ᠤᠨ ᠪᠠᠭ᠎ᠠ | ᠬᠡᠰᠢᠬᠦᠨ ᠨᠢ ᠰᠠᠶ᠋ᠢ ᠠᠷᠪᠠᠨ ᠭᠤᠷᠪᠠᠨ ᠨᠠᠰᠤᠳᠠᠢ᠂ ᠤᠯᠠᠭᠠᠨ ᠬᠡᠭᠴᠢ ᠨᠡᠷ᠎ᠡ ᠲᠠᠢ ᠳᠡᠭᠵᠢᠨ ᠦᠬᠢᠨ ᠪᠠᠶᠢᠪᠠ᠃ | ᠬᠡᠳᠦ᠋ᠢᠪᠡᠷ ᠨᠠᠰᠤ ᠪᠠᠭ᠎ᠠ ᠴᠢᠰᠦ ᠰᠢᠩᠬᠡᠨ ᠴᠤ ᠬᠡᠰᠡᠨ ᠠᠵᠢᠯ ᠪᠦ᠋ᠬᠦᠨ ᠢ ᠤᠷᠮᠠᠳᠠᠢ᠂ ᠰᠠᠶᠢᠳᠤᠷ ᠪᠡᠶᠡᠯᠡᠬᠦᠯᠳᠡᠭ | ᠪᠠᠶᠢᠭᠰᠠᠨ ᠨᠢ ᠳᠤᠶᠠᠭ᠎ᠠ ᠭᠤᠸᠠᠢ ᠳᠤ ᠰᠡᠳᠬᠢᠯ ᠤᠨ ᠤᠷᠮ᠎ᠠ ᠬᠠᠶᠢᠷᠠᠯᠠᠨ᠎ᠠ᠃ ᠤᠴᠢᠷ ᠨᠢ ᠳᠡᠳᠡᠨ ᠤ | ᠳᠤᠭᠤᠢᠢᠯᠠᠩ ᠳᠤ ᠪᠠᠶᠢᠭᠰᠠᠨ ᠰᠠᠪᠠᠭᠰᠦ᠋ᠷᠦᠩ᠂ ᠤᠯᠠᠭᠠᠨ ᠪᠤᠯ ᠳᠡᠬᠦᠨ ᠤ ᠲᠦᠷᠦᠭᠰᠡᠨ ᠳᠡᠬᠦᠦ ᠨᠠᠷ ᠨᠢ ᠪᠢᠯᠡ᠃ | ᠡᠬᠡᠴᠢ ᠳᠡᠬᠦᠦ ᠭᠤᠷᠪᠠᠭᠤᠯᠠ ᠪᠠᠨ ᠳᠡᠮᠦᠷ ᠬᠡᠤᠬᠡᠨ ᠪᠤᠯᠵᠦ᠂ ᠪᠤᠰᠤᠳ ᠤᠨ ᠢᠶᠠᠨ ᠬᠠᠮᠳᠤ ᠭᠠᠯ ᠵᠠᠯᠠᠭᠤ | ᠨᠠᠰᠤᠨ ᠤ ᠪᠠᠨ ᠤᠮᠤᠭᠯᠠᠩ ᠵᠤᠷᠢᠭ᠂ ᠤᠷᠬᠢᠯᠤᠮ᠎ᠠ ᠰᠡᠳᠬᠢᠯᠬᠡ ᠪᠠᠨ ᠬᠢᠵᠦ ᠪᠤᠢ ᠪᠦᠬᠦ ᠠᠵᠢᠯ ᠳᠠᠭᠠᠨ ᠵᠤᠷᠢᠭᠤᠯᠵᠤ | ᠶᠠᠪᠤᠵᠠᠢ᠃ ᠳᠡᠳᠡ ᠮᠠᠷᠭᠠᠰᠢ ᠶᠢᠨ ᠠᠵᠢᠯ ᠢᠶᠠᠨ ᠤᠯᠠᠮ ᠬᠤᠷᠳᠤᠨ᠂ ᠤᠯᠠᠮ ᠤᠷᠤᠭᠰᠢᠳᠠᠢ ᠬᠢᠬᠦ ᠶᠢᠨ ᠲᠦᠯᠦᠬᠡ | ᠤᠷᠢᠳᠦ ᠤᠷᠤᠢ ᠨᠢ ᠮᠠᠷᠭᠠᠰᠢ ᠶᠢᠨ ᠠᠵᠢᠯ ᠬᠢᠬᠦ ᠠᠶᠢᠯ ᠳᠠᠭᠠᠨ ᠤᠴᠢᠵᠦ ᠬᠤᠨᠤᠳᠠᠭ ᠪᠠᠶᠢᠪᠠ᠃ ᠡᠶᠢᠨ ᠬᠦ | ᠴᠢᠷᠮᠠᠶᠢᠵᠦ ᠶᠠᠪᠤᠭᠰᠠᠨ ᠤ ᠬᠢᠨᠢ ᠬᠠᠷᠢᠭᠤ ᠳᠤ ᠳᠡᠳᠡ ᠬᠤᠰᠢᠭᠤ᠂ ᠰᠤᠮᠤᠨ ᠠᠴᠠ ᠪᠠᠨ ᠮᠠᠭᠳᠠᠭᠠᠯ ᠰᠠᠶᠢᠰᠢᠶᠠᠯ | ᠬᠦᠯᠢᠶᠡᠵᠦ᠂ ᠱᠠᠩᠨᠠᠯ ᠬᠦᠬᠢᠬᠦᠯᠦᠯ ᠳᠤᠰᠴᠤ ᠶᠠᠪᠤᠪᠠ᠃ | | | | | | — ᠮᠠᠨ ᠤ ᠳᠤᠭᠤᠢᠢᠯᠠᠩ ᠠᠶᠢᠮᠠᠭ ᠤᠨ ᠲᠡᠷᠢᠭᠦᠨ ᠤ ᠨᠢᠭᠡᠴᠢ ᠶᠢᠨ ᠱᠠᠩᠨᠠᠯ ᠢ ᠬᠦᠷᠲᠡᠭᠡᠳ ᠪᠢ | ᠠᠶᠢᠮᠠᠭ ᠤᠨ ᠲᠦᠪ ᠲᠡᠭᠡᠨ ᠬᠦᠷᠴᠤ ᠲᠤᠭᠤᠢᠢᠯᠡᠩ ᠢᠶᠠᠨ ᠲᠦᠯᠦᠭᠡᠯᠡᠨ ᠱᠠᠩᠨᠠᠯ ᠲᠤᠰᠴᠦ ᠪᠠᠶᠢᠬᠤ ᠦᠶ᠎ᠠ ᠶᠢᠨ | ᠰᠡᠳᠬᠢᠯᠬᠡ ᠪᠠᠨ ᠤᠳᠤ ᠬᠦᠷᠳᠡᠯ᠎ᠠ ᠮᠠᠷᠳᠠᠳᠠᠭ ᠦᠬᠡᠢ᠂ ᠠᠵᠢᠯ ᠬᠦᠳᠡᠯᠮᠤᠷᠢ ᠪᠠᠨ ᠦᠨᠡᠯᠡᠬᠦᠯᠵᠦ ᠶᠠᠪᠤᠬᠤ ᠦᠡᠭᠬᠡ | ᠬᠡᠷᠡᠯᠳᠡᠢ ᠰᠢᠦ᠃ ᠮᠠᠨ ᠤ ᠳᠤᠭᠤᠢᠢᠯᠠᠩ ᠰᠤᠮᠤ ᠭᠠᠴᠠᠭᠠᠨ ᠤ ᠱᠠᠩᠨᠠᠯ ᠢ ᠤᠯᠠᠨᠲᠠ ᠬᠦᠷᠲᠡᠵᠦ ᠶᠠᠪᠤᠭᠰᠠᠨ ᠡ᠃ | ᠤᠳᠤ ᠬᠡᠬᠦ ᠳᠤ ᠲᠡᠮᠤᠷ ᠬᠡᠤᠬᠡᠨᠴᠦᠳ ᠤᠨ ᠬᠢᠵᠦ ᠪᠠᠶᠢᠭᠰᠠᠨ ᠠᠵᠢᠯ ᠦᠨᠢ ᠮᠦᠩᠭᠡ ᠶᠢᠨ ᠲᠤᠷᠠᠰᠤᠮᠵᠢ ᠪᠤᠯᠤᠨ | ᠬᠤᠴᠤᠷᠵᠠᠢ᠃ ᠮᠠᠨ ᠤ ᠲᠡᠮᠦᠷ ᠬᠡᠤᠬᠡᠨᠴᠦᠳ ᠤᠨ ᠲᠤᠭᠤᠢᠢᠯᠡᠩ ᠳᠤ ᠪᠠᠳᠮ᠎ᠠ ᠭᠡᠳᠡᠭ ᠬᠡᠤᠬᠡᠨ ᠪᠠᠶᠢᠡᠡᠰᠠᠨ᠃ ᠲᠡᠷᠡ | ᠮᠠᠨ ᠤ ᠳᠤᠭᠤᠢᠢᠯᠠᠩ ᠤᠨ ᠠᠵᠢᠯ ᠢ ᠭᠤᠤᠯᠯᠠᠨ ᠬᠢᠵᠦ ᠪᠠᠶᠢᠡᠡᠰᠠᠨ᠃ ᠵᠠᠷᠢᠮ ᠳᠠᠭᠠᠨ ᠨᠢᠷᠤᠭᠤ ᠭᠠᠷ ᠨᠢ ᠡᠪᠡᠳᠴᠦ | ᠪᠠᠶᠢᠡᠡᠰᠠᠨ ᠴᠦ ᠠᠮᠠᠷᠠᠭᠠᠳ ᠯᠡ ᠠᠵᠢᠯ ᠳᠠᠭᠠᠨ ᠤᠷᠤᠳᠠᠭ ᠪᠠᠶᠢᠯ᠎ᠠ᠃ ᠬᠦᠭᠡᠷᠦᠬᠦᠢ ᠪᠠᠳᠮ᠎ᠠ ᠮᠠᠨᠢ ᠤᠳᠤ ᠬᠦᠯ ᠭᠠᠷ | ᠮᠠᠭᠤᠲᠠᠢ ᠪᠤᠯᠤᠡᠡᠰᠠᠨ᠃ | — ᠠᠷᠠᠯᠲᠦ ᠲᠤᠯᠤᠭᠠᠢ ᠬᠡᠰᠡᠨ ᠭᠠᠵᠠᠷ ᠡᠪᠡᠰᠦᠨ ᠬᠦᠷᠢᠶ᠎ᠡ ᠪᠠᠷᠢᠨ᠎ᠠ ᠬᠡᠮᠡᠨ ᠮᠠᠨ ᠤ ᠰᠤᠮᠤᠨ ᠤ | ᠬᠡᠪᠴᠢᠶᠠᠨ ᠳᠤ ᠬᠦᠳᠡᠯᠭᠡᠭᠡᠨ ᠬᠢᠭᠰᠡᠨ᠃ ᠲᠡᠷᠡ ᠬᠦᠳᠡᠯᠭᠡᠭᠡᠨ ᠳᠤ ᠮᠠᠨ ᠤ ᠲᠡᠮᠦᠷ ᠬᠡᠤᠬᠡᠨᠴᠦᠳ ᠤᠴᠢᠵᠦ | ᠤᠷᠤᠯᠴᠠᠠᠭᠠᠳ᠂ ᠴᠢᠯᠠᠭᠤ ᠭᠠᠷᠭᠠᠵᠦ ᠴᠢᠯᠠᠭᠤᠨ ᠬᠡᠷᠡᠮ ᠪᠠᠷᠢᠭᠰᠠᠨ᠃ ᠤᠳᠤ ᠪᠠᠭᠤᠷᠢ ᠨᠢ ᠪᠠᠰᠠ ᠪᠠᠶᠢᠨ᠎ᠠ᠃ ᠤᠯᠠᠨ | ᠵᠢᠯ ᠪᠤᠯᠤᠡᠡᠰᠠᠨ ᠪᠤᠯᠬᠤᠷ ᠬᠠᠭᠠᠰ ᠢ ᠨᠢ ᠪᠠᠰᠠ ᠮᠡᠷᠲᠠᠵᠦ ᠪᠠᠶᠢᠨ᠎ᠠ᠃ 1976 ᠤᠨ ᠬᠦᠷᠲᠡᠯ᠎ᠡ ᠪᠢ ᠲᠡᠮᠤᠷ | ᠬᠡᠤᠬᠡᠨᠴᠦᠳ ᠢᠶᠠᠨ ᠲᠠᠭᠠᠭᠤᠯᠤᠨ ᠠᠵᠢᠯ ᠢᠶᠠᠨ ᠬᠢᠵᠦ ᠪᠠᠶᠢᠡᠡᠰᠠᠨ ᠢᠶᠠᠨ ᠬᠠᠷᠠᠮᠦ᠋ᠷᠠᠨ ᠮᠤᠵᠢ ᠶᠢᠨ ᠠᠷᠠᠯᠵᠢᠶ᠎ᠠ | ᠬᠤᠳᠠᠯᠳᠤᠭᠠᠨ ᠤ ᠺᠠᠳ᠋ᠷ ᠤᠨ ᠰᠤᠷᠭᠠᠭᠤᠯᠢ ᠳᠤ ᠬᠤᠶᠠᠷ ᠵᠢᠯ ᠰᠤᠷᠤᠯᠴᠬᠠᠰᠠᠨ᠃ ᠳᠡᠬᠡᠬᠡᠳ ᠠᠵᠢᠯ ᠳᠤ ᠭᠠᠷᠤᠭᠰᠠᠨ | ᠳ᠋ᠠ᠃ | | ᠲᠡᠷᠡ ᠦᠶ᠎ᠡ ᠳᠤ ᠰᠢᠨ᠎ᠠ ᠪᠠᠷᠭᠤ ᠪᠠᠷᠠᠭᠤᠨ ᠬᠤᠰᠢᠭᠤᠨ ᠳᠤ ᠠᠩᠬᠠᠳᠤᠭᠠᠷ ᠤᠳᠠᠭᠠᠨ ᠤ ᠲᠤᠷᠰᠢᠯᠲᠠ ᠶᠢᠨ | ᠴᠡᠭ ᠬᠡᠵᠦ ᠪᠠᠶᠢᠭᠤᠯᠤᠭᠳᠠᠭᠰᠠᠨ ᠳᠡᠳᠡᠨ ᠤ ᠳᠡᠮᠦᠷ ᠬᠡᠤᠬᠡᠨᠴᠤᠳ ᠤᠨ ᠳᠤᠭᠤᠢᠢᠯᠠᠩ ᠠᠮᠵᠢᠯᠳᠠ ᠤᠯᠤᠭᠰᠠᠨ ᠤᠴᠢᠷ | ᠳᠡᠮᠦᠷ ᠬᠡᠤᠬᠡᠨᠴᠤᠳ ᠤᠨ ᠳᠤᠭᠤᠢᠢᠯᠠᠩ ᠤᠳᠠᠭ᠎ᠠ ᠳᠠᠷᠠᠭ᠎ᠠ ᠪᠠᠷ ᠪᠠᠶᠢᠭᠤᠯᠤᠭᠳᠠᠵᠦ᠂ ᠮᠦᠨ ᠴᠤ ᠠᠶᠢᠮᠠᠭ | ᠤᠷᠤᠨ ᠳᠠᠭᠠᠨ ᠨᠡᠷᠡᠳᠡᠢ ᠳᠡᠮᠦᠷ ᠬᠡᠤᠬᠡᠨᠴᠤᠳ ᠤᠨ ᠳᠤᠭᠤᠢᠢᠯᠠᠩ ᠭᠠᠷᠴᠤ ᠢᠷᠡᠵᠡᠢ᠃ ᠭᠠᠯ ᠵᠠᠯᠠᠭᠤ ᠨᠠᠰᠤ ᠪᠠᠨ | ᠠᠵᠢᠯ ᠤᠨ ᠬᠦᠨᠳᠦ ᠳᠤ ᠡᠷᠬᠦᠵᠦ᠂ ᠭᠠᠷᠮᠠᠭᠠᠢᠢᠯᠠᠨ ᠠᠵᠢᠯᠯᠠᠵᠦ ᠶᠠᠪᠤᠭᠰᠠᠨ ᠳᠡᠮᠦᠷ ᠬᠡᠤᠬᠡᠨᠴᠤᠳ ᠨᠠᠳᠠ ᠶᠠᠭ ᠯᠡ | ᠵᠤᠭᠰᠤᠯᠳᠠ ᠦᠬᠡᠢ ᠡᠷᠬᠢᠯᠳᠦᠵᠦ ᠪᠤᠢ ᠳᠤᠮᠤ ᠠᠷᠠᠭᠠᠳᠤ ᠮᠠᠰᠢᠨ ᠮᠡᠳᠦ ᠰᠠᠨᠠᠭᠳᠠᠵᠦ ᠪᠠᠶᠢᠭᠰᠠᠨ ᠪᠤᠯ ᠳᠤᠶᠠᠭ᠎ᠠ | ᠭᠤᠸᠠᠢ ᠶᠢᠨ ︽ᠲᠤᠬᠠᠢ ᠶᠢᠨ ᠦᠶ᠎ᠡ ᠶᠢᠨ ᠪᠢᠳᠡ ᠨᠠᠷ ᠤᠨ ᠬᠠᠮᠤᠭ ᠤᠨ ᠬᠦᠭᠵᠢᠯᠲᠡᠢ ᠠᠵᠢᠯ ᠪᠤᠯ ᠬᠤᠯᠤᠭᠠᠨ᠎ᠠ | ᠠᠯᠠᠬᠤ ᠠᠵᠢᠯ᠂ ᠬᠤᠳᠳᠤᠭ ᠮᠠᠯᠲᠠᠬᠤ ᠲᠠᠢ ᠠᠳᠠᠯᠢᠳᠬᠠᠪᠠᠯ ᠬᠦᠩᠭᠡᠨ᠂ ᠬᠡᠳᠦ᠋ᠢᠪᠡᠷ ᠡᠳᠦᠷ ᠤᠨ ᠲᠠᠪᠢᠨ ᠭᠠᠵᠠᠷ | ᠠᠯᠬᠤᠵᠦ ᠪᠠᠶᠢᠡᠡᠰᠠᠨ ᠴᠦ ᠪᠡᠶ᠎ᠡ ᠪᠡᠶᠡᠨ ᠤ ᠪᠠᠨ ᠪᠡᠷ᠎ᠡ ᠶᠢ ᠬᠠᠷᠠᠭᠠᠳ ᠪᠠᠶᠠᠷᠲᠠᠢ ᠪᠠᠶᠢᠳᠠᠭ ᠪᠠᠶᠢᠯ᠎ᠠ︾ ᠬᠡᠰᠡᠨ ᠢᠶᠠᠷ | ᠳᠡᠶᠢᠯᠤᠭᠳᠠᠵᠦ᠂ ᠬᠦᠮᠦᠨ ᠴᠢᠰᠦ ᠲᠠᠢ ᠪᠤᠯᠬᠤᠷ ᠶᠠᠭᠠᠬᠢᠨ ᠮᠠᠰᠢᠨ ᠲᠠᠢ ᠠᠳᠠᠯᠢᠳᠬᠠᠵᠦ ᠪᠤᠯᠬᠤ ᠪᠢᠯᠡ ᠬᠡᠮᠡᠨ | ᠪᠤᠳᠤᠭᠤᠯᠵᠦ ᠪᠢᠯᠡ᠃ ᠬᠡᠪᠡᠴᠤ ᠰᠢᠨᠡᠬᠡᠨ ᠠᠪᠤᠭᠰᠠᠨ ᠮᠠᠰᠢᠨ ᠮᠡᠳᠦ ᠵᠢᠭᠳᠡᠬᠡᠨ ᠠᠵᠢᠯᠯᠠᠵᠦ ᠶᠠᠪᠤᠭᠰᠠᠨ ᠳᠡᠮᠦᠷ | ᠬᠡᠤᠬᠡᠨᠴᠤᠳ ᠭᠠᠯ ᠵᠠᠯᠠᠭᠤ ᠨᠠᠰᠤ ᠪᠠᠨ ᠡᠬᠡ ᠤᠷᠤᠨ ᠤ ᠪᠠᠨ ᠬᠦᠭᠵᠢᠯ ᠴᠡᠴᠡᠭᠯᠡᠯ ᠳᠤ ᠡᠷᠬᠦᠭᠰᠡᠨ ᠡ᠃ | ᠶᠡᠷᠦᠨᠢ᠂ ᠬᠦᠮᠦᠨ ᠪᠦᠬᠦᠨ ᠳᠤ ᠬᠡᠨ ᠳᠤ ᠴᠤ ᠬᠡᠯᠡᠵᠦ ᠪᠤᠯᠤᠰᠢ ᠦᠬᠡᠢ ᠨᠢᠭᠤᠴᠠ ᠪᠤᠶᠤ ᠬᠡᠯᠡᠵᠦ | ᠳᠡᠶᠢᠯᠳᠡᠭ ᠦᠬᠡᠢ ᠦᠬᠡ ᠬᠡᠵᠦ ᠪᠠᠶᠢᠳᠠᠭ᠃ ᠰᠤᠷᠪᠤᠯᠵᠢᠯᠠᠭ᠎ᠠ ᠶᠢᠨ ᠳᠤᠮᠳᠠ ᠳᠤᠶᠠᠭ᠎ᠠ ᠭᠤᠸᠠᠢ ᠰᠡᠳᠬᠢᠯ ᠳᠤᠨᠢ | ᠭᠤᠨᠢᠭ ᠤᠨ ᠪᠤᠳᠠᠩ ᠪᠤᠯᠵᠤ ᠳᠤᠨᠤᠭᠰᠠᠨ᠂ ᠵᠢᠷᠦᠬᠡᠨ ᠬᠤᠪᠲᠤᠯ ᠳᠠᠭᠠᠨ ᠨᠢᠭᠤᠵᠦ ᠬᠠᠳᠠᠭᠠᠯᠠᠵᠦ ᠶᠠᠪᠤᠭᠰᠠᠨ᠂ | ᠦᠬᠡᠷ᠎ᠡ ᠬᠦᠮᠦᠨ ᠤᠢᠢᠯᠠᠭᠠᠵᠦ ᠶᠠᠳᠠᠳᠠᠭ ᠨᠢᠬᠡᠨ ᠬᠢᠳᠡᠯ ᠢᠶᠠᠨ ᠳᠡᠯᠬᠡᠵᠦ ᠪᠢᠯᠡ᠃ ︽ᠴᠠᠭ ᠦᠶ᠎ᠠ ᠶᠢᠨ ᠬᠠᠳᠠᠭᠤ | ᠨᠤᠮᠤ︾ ᠳᠡᠬᠡᠷ᠎ᠡ ᠰᠤᠮᠤ ᠰᠢᠭ᠋ ᠳᠠᠳᠠᠭᠳᠠᠵᠦ ᠶᠠᠪᠤᠭᠰᠠᠨ ᠪᠤᠯᠬᠤᠷ ᠡᠬᠦᠨ ᠢ ᠬᠡᠨ ᠴᠤ ᠵᠦᠪ᠂ ᠪᠠᠰᠠ ᠪᠤᠷᠤᠭᠤ ᠬᠡᠵᠦ | ᠦᠨᠡᠯᠡᠬᠦ ᠶᠢᠨ ᠠᠷᠭ᠎ᠠ ᠦᠬᠡᠢ ᠡ᠃ | | | | ᠤᠯᠠᠨ ᠤ ᠲᠦᠯᠦᠬᠡ ᠵᠢᠳᠬᠦᠵᠦ ᠶᠠᠪᠤᠭᠰᠠᠨ ᠢᠳᠡᠷ ᠨᠠᠰᠤ ᠪᠤᠶᠤ | ᠪᠤᠶᠠᠨ ᠤ ᠦᠢᠯᠡᠰ ᠲᠤ ᠡᠷᠬᠦᠭᠰᠡᠨ ᠨᠢᠩᠵᠢᠨ ᠰᠡᠳᠬᠢᠯ | | ᠲᠤᠶᠠᠭ᠎ᠠ 1954 ᠤᠨ ᠤ 11 ᠰᠠᠷ᠎ᠠ ᠳᠤ ᠶᠡᠬᠡᠵᠦᠩ ᠬᠠᠯᠠ ᠶᠢᠨ ᠭᠤᠨᠴᠤᠡᠡᠶᠤᠨᠳᠤᠨ ᠤ ᠭᠤᠷᠪᠠᠳᠤᠭᠠᠷ | ᠦᠬᠢᠨ ᠨᠢ ᠪᠤᠯᠵᠤ ᠵᠠᠶᠠᠭᠠᠵᠠᠢ᠃ 1978 ᠤᠨ ᠳᠤ ᠰᠢᠨ᠎ᠠ ᠪᠠᠷᠭᠤ ᠪᠠᠷᠠᠭᠤᠨ ᠬᠤᠰᠢᠭᠤᠨ ᠤ ᠬᠢᠲᠠᠳ ᠮᠤᠩᠭᠤᠯ | ᠡᠮᠨᠡᠯᠭᠡ ᠶᠢᠨ ᠬᠤᠷᠢᠶᠠᠨ ᠳᠤ ᠨᠢᠡᠡᠳᠠᠯᠠᠨ ᠪᠤᠳᠤᠡᠡᠴᠢ ᠪᠠᠷ ᠲᠠᠪᠤᠨ ᠵᠢᠯ ᠠᠵᠢᠯᠯᠠᠭᠠᠳ ᠬᠤᠰᠢᠭᠤᠨ ᠤ ᠪᠠᠨ ᠠᠷᠠᠳ ᠤᠨ | ᠶᠠᠪᠤᠳᠠᠯ ᠤᠨ ᠲᠤᠪᠴᠢᠶᠠᠨ ᠳᠤ ᠨᠢᠡᠡᠳᠠᠯᠠᠨ ᠪᠤᠳᠤᠡᠡᠴᠢ ᠪᠠᠷ ᠠᠵᠢᠯ ᠰᠢᠯᠵᠢᠵᠦ᠂ 2009 ᠤᠨ ᠳᠤ | ᠳᠡᠨᠳᠡ ᠠᠴᠠ ᠪᠠᠨ ᠠᠵᠢᠯ ᠤᠨ ᠠᠮᠠᠷᠠᠯᠲᠠ ᠪᠠᠨ ᠠᠪᠴᠠᠢ᠃ ᠳᠤᠶᠠᠭ᠎ᠠ ᠭᠤᠸᠠᠢ ᠠᠵᠢᠯ ᠤᠨ ᠪᠠᠶᠢᠷᠢᠨ ᠳᠡᠬᠡᠷ᠎ᠡ ᠪᠠᠨ | ᠪᠠᠶᠢᠬᠤ ᠳᠠᠭᠠᠨ ᠤᠯᠠᠨ ᠤ ᠲᠦᠯᠦᠬᠡ ᠦᠬᠡ ᠳᠠᠭᠤ ᠦᠬᠡᠢ ᠵᠢᠳᠬᠦᠵᠦ ᠶᠠᠪᠤᠪᠠ᠃ ᠡᠬᠦᠨ ᠤ ᠬᠠᠷᠢᠭᠤᠨ ᠳᠤ | ᠬᠤᠰᠢᠭᠤᠨ ᠤ ᠪᠠ ᠳᠤᠪᠴᠢᠶᠠᠨ ᠤ ᠪᠠᠨ ︽ᠰᠢᠯᠢᠳᠡᠭ ᠨᠠᠮ ᠤᠨ ᠬᠡᠰᠢᠬᠦᠨ︾᠂ ︽ᠰᠢᠯᠢᠳᠡᠭ ᠠᠵᠢᠯᠳᠠᠨ︾ | ᠵᠡᠷᠬᠡ ᠪᠠᠷ ᠤᠯᠠᠨ ᠤᠳᠠᠭ᠎ᠠ ᠱᠠᠩᠨᠠᠭᠳᠠᠵᠦ ᠶᠠᠪᠤᠭᠰᠠᠨ ᠮᠦᠷᠳᠡᠬᠡᠨ ᠬᠦᠯᠦᠨ ᠪᠤᠶᠢᠷ ᠬᠤᠳᠠ ᠶᠢᠨ ᠬᠡᠪᠴᠢᠶᠠᠨᠠ | ᠶᠠᠪᠤᠭᠳᠠᠳᠠᠭ ᠨᠢᠡᠡᠲᠠᠯᠠᠨ ᠪᠤᠳᠤᠡᠡᠴᠢ ᠶᠢᠨ ᠤᠷᠤᠯᠳᠤᠭᠠᠨ ᠳᠤ ᠤᠯᠠᠨ ᠵᠢᠯ ᠳᠠᠷᠠᠭᠠᠯᠠᠨ ᠨᠢᠭᠡᠳᠦᠭᠡᠷ ᠨᠡᠷᠡᠰ ᠲᠤ | ᠰᠢᠯᠭᠠᠷᠠᠵᠦ ᠶᠠᠪᠤᠪᠠ᠃ ᠳᠡᠬᠦᠨ ᠢ ᠠᠵᠢᠯ ᠠᠴᠠ ᠪᠠᠨ ᠠᠮᠠᠷᠠᠬᠤ ᠦᠶ᠎ᠡ ᠳᠤᠨᠢ ᠰᠢᠨ᠎ᠠ ᠪᠠᠷᠭᠤ ᠪᠠᠷᠠᠭᠤᠨ ᠬᠤᠰᠢᠭᠤᠨ ᠤ | ᠵᠠᠰᠠᠭ ᠤᠨ ᠤᠷᠳᠤᠨ ᠠᠴᠠ ︽ᠡᠨᠡᠷᠢᠩᠬᠦᠢ ᠡᠯᠴᠢ︾ ᠬᠡᠮᠡᠨ ᠰᠠᠶᠢᠰᠢᠶᠠᠵᠦ᠂ ᠱᠠᠩᠨᠠᠯ ᠭᠠᠷᠳᠠᠭᠤᠯᠪᠠ᠃ 2002 | ᠤᠨ ᠳᠤ ᠠᠷᠠᠳ ᠤᠨ ᠶᠠᠪᠤᠳᠠᠯ ᠤᠨ ᠲᠤᠪᠴᠢᠶᠠᠨ ᠤ ᠪᠦᠬᠦ ᠬᠤᠳᠠ ᠶᠢᠨ ᠬᠡᠪᠴᠢᠶᠠᠨ ᠳᠠᠬᠢ ᠨᠢᠡᠡᠲᠠᠯᠠᠨ | ᠪᠤᠳᠤᠡᠡᠴᠢᠳ ᠤᠨ ᠺᠤᠮᠫᠢᠦ᠋ᠲ᠋ᠧᠷ ᠢᠶᠠᠷ ᠠᠵᠢᠯᠯᠠᠬᠤ ᠪᠤᠯᠪᠠᠰᠤᠷᠠᠯ ᠳᠤ ᠤᠷᠤᠯᠴᠠᠵᠦ᠂ ᠮᠠᠯᠵᠢᠬᠤ ᠲᠦᠷᠪᠡᠨ | ᠬᠤᠰᠢᠭᠤᠨ ᠤ ᠤᠯᠠᠨ ᠠᠴᠠ ᠭᠠᠭᠴᠠᠭᠠᠷ ᠢᠶᠠᠨ ᠬᠢᠷᠢ ᠲᠡᠩᠴᠡᠵᠦ ᠪᠠᠶᠢᠪᠠ᠃ ᠲᠡᠷᠡ ᠠᠵᠢᠯ ᠤᠨ ᠪᠠᠶᠢᠷᠢ ᠲᠡᠭᠡᠷ᠎ᠡ ᠪᠠᠨ | ︽ᠲᠡᠮᠤᠷ ᠬᠡᠤᠬᠡᠨᠴᠤᠳ︾ ᠤᠨ ᠵᠤᠷᠢᠭ ᠰᠠᠨᠠᠭ᠎ᠠ ᠪᠠᠷ ᠠᠵᠢᠯᠯᠠᠵᠦ᠂ ᠬᠤᠰᠢᠭᠤᠨ ᠤ ᠪᠠᠨ ︽3 · 8︾ ᠤ | ᠬᠤᠰᠢᠭᠤᠴᠢ ᠡᠮᠩᠲᠡᠢ᠂ ︽ᠡᠮᠡᠭᠲᠡᠢ ᠴᠢᠳᠠᠪᠦᠷᠢᠲᠡᠨ︾᠂ ︽ᠳᠠᠪᠤᠨ ᠰᠠᠶᠢᠳᠠᠢ ᠬᠡᠷ ᠪᠦᠯᠢ︾ ᠪᠠᠷ ᠤᠯᠠᠨ ᠤᠳᠠᠭ᠎ᠠ | ᠰᠤᠩᠭᠤᠭᠳᠠᠪᠠ᠃ ᠲᠡᠷᠡ ᠪᠠᠰᠠ ︽ᠨᠢᠭᠡ ᠲᠦᠷᠪᠡ᠂ ᠨᠢᠭᠡ ᠬᠤᠶᠠᠷ︾ ᠶᠠᠳᠠᠭᠤ ᠶᠢ ᠲᠡᠳᠬᠦᠭᠦ ᠬᠦᠳᠡᠯᠭᠡᠭᠡᠨ ᠳᠤ | ᠢᠳᠡᠪᠬᠢᠯᠡᠨ ᠤᠷᠤᠯᠴᠠᠵᠦ᠂ ᠨᠢᠬᠡᠨ ᠲᠦᠷᠪᠡᠨ ᠬᠡᠦᠬᠡᠳ ᠲᠠᠢ ᠪᠡᠯᠪᠡᠰᠦᠨ ᠪᠦᠰᠡᠬᠦᠢ ᠶᠢᠨ ᠬᠤᠶᠠᠳᠤᠭᠠᠷ | ᠬᠡᠤᠬᠡᠳ ᠢ ᠨᠢ ᠲᠠᠭᠠᠭᠠᠵᠦ ᠠᠪᠤᠭᠠᠳ ᠶᠡᠭᠡ ᠰᠤᠷᠭᠠᠭᠤᠯᠢ ᠳᠡᠬᠦᠰᠳᠡᠯᠠ ᠨᠢ ᠳᠡᠳᠬᠦᠪᠡ᠃ ᠳᠡᠬᠦᠨ ᠤ ᠤᠷᠮ᠎ᠠ ᠳᠤ | ᠳᠡᠳᠬᠦᠭᠰᠡᠨ ᠬᠡᠤᠬᠡᠳ ᠨᠢ ᠰᠢᠯᠢᠳᠡᠭ ᠰᠤᠷᠴᠤ ᠳᠡᠬᠦᠰᠦᠬᠡᠳ᠂ ᠤᠳᠤ ᠬᠦᠬᠡᠬᠤᠳᠠ ᠳᠤ ᠠᠵᠢᠯᠯᠠᠵᠦ ᠪᠠᠶᠢᠬᠤ ᠪᠦᠬᠡᠳ | ᠦᠷᠬᠦᠯᠵᠢ ᠤᠳᠠᠰᠤ ᠢᠷᠡᠬᠦᠯᠦᠨ ᠠᠮᠤᠷ ᠢ ᠨᠢ ᠠᠰᠠᠭᠤᠨ᠎ᠠ᠃ ᠴᠢᠯᠦᠬᠡ ᠪᠠᠷ ᠢᠶᠠᠨ ᠬᠠᠷᠢᠵᠦ ᠢᠷᠡᠪᠡᠯ ᠳᠤᠶᠠᠭ᠎ᠠ | ᠭᠤᠸᠠᠢ ᠶᠢ ᠵᠠᠪᠠᠯ ᠡᠷᠬᠢᠵᠦ ᠦᠵᠡᠳᠡᠭ ᠮᠦᠷᠳᠡᠬᠡᠨ ︽ᠡᠵᠢ︾ ᠬᠡᠮᠡᠨ ᠳᠠᠭᠤᠳᠠᠵᠦ ᠦᠷᠦ ᠶᠢ ᠨᠢ ᠵᠦᠬᠡᠯᠡᠯᠡᠨᠠ᠃ | ᠲᠤᠶᠠᠭ᠎ᠠ ᠭᠤᠸᠠᠢ ᠤᠳᠤ ᠨᠢᠬᠡ ᠳᠡᠬᠦᠦ ᠶᠢᠨ ᠢᠶᠠᠨ ᠵᠠᠭᠤ ᠭᠠᠷᠤᠢ ᠲᠦᠮᠡᠨ ᠲᠦ᠋ᠬᠦᠷᠢᠭ ᠤᠨ ᠦᠷᠢ ᠶᠢ ᠲᠠᠭᠠᠭᠠᠨ | ᠠᠪᠤᠭᠠᠳ ᠦᠪᠡᠷ ᠤᠨ ᠴᠠᠯᠢᠩ ᠢᠶᠠᠷ ᠢᠶᠠᠨ ᠲᠡᠷᠡ ᠦᠷᠢ ᠶᠢ ᠠᠷᠪᠠ ᠭᠠᠷᠤᠢ ᠵᠢᠯ ᠲᠦᠯᠦᠵᠦ ᠪᠤᠢ᠃ ᠲᠤᠶᠠᠭ᠎ᠠ | ᠭᠤᠸᠠᠢ ᠳᠡᠬᠦᠦ ᠪᠠᠨ ᠦᠷᠦ ᠡᠪᠡᠳᠦᠬᠡᠳ ᠦᠷᠢ ᠶᠢ ᠨᠢ ᠳᠠᠭᠠᠭᠠᠨ ᠠᠪᠤᠭᠰᠠᠨ ᠢᠶᠠᠨ ᠨᠠᠳᠠ ᠶᠠᠷᠢᠵᠦ᠂ ᠪᠠᠰᠠ ᠪᠠᠶ᠎ᠠ | ᠵᠢᠭᠠᠬᠠᠨ ᠮᠠᠭᠤ ᠪᠤᠯᠬᠤᠷ ᠲᠡᠭᠦᠦ ᠶᠢᠨ ᠢᠶᠠᠨ ᠦᠷᠢ ᠶᠢ ᠲᠦᠯᠦᠵᠦ ᠪᠠᠷᠠᠭᠠᠵᠦ ᠴᠢᠳᠠᠬᠤ ᠦᠭᠡᠢ ᠪᠤᠯᠪᠠ ᠦᠦ ᠬᠡᠮᠡᠨ | ᠵᠤᠪᠠᠭ᠋ᠤ ᠨᠢ ᠡᠬᠡᠴᠢ ᠳᠡᠬᠦᠦ ᠶᠢᠨ ᠬᠠᠶᠢᠷ᠎ᠠ ᠶᠢᠨ ᠬᠡᠯᠬᠢᠶ᠎ᠠ ᠪᠤᠶᠤ︕ ᠲᠡᠳᠡ ᠠᠬ᠎ᠠ ᠲᠡᠬᠦᠦ ᠶᠢᠰᠦᠬᠦᠯᠡ᠂ ᠬᠠᠮᠤᠭ | ᠶᠡᠭᠡ ᠨᠢ ᠲᠠᠯᠠᠨ ᠭᠤᠷᠪᠠ᠂ ᠬᠠᠮᠤᠭ ᠪᠠᠭ᠎ᠠ ᠨᠢ ᠴᠦ ᠲᠠᠪᠢ ᠶᠢᠨ ᠲᠠᠪᠠᠭ᠎ᠠ ᠶᠢ ᠲᠠᠪᠠᠵᠦ ᠶᠠᠪᠤᠨ᠎ᠠ᠃ ᠠᠬ᠎ᠠ ᠲᠡᠬᠦᠦ | ᠶᠢᠰᠦᠬᠦᠯᠡ ᠪᠠᠨ ᠡᠷᠡᠬᠦᠯ ᠰᠠᠷᠠᠭᠤᠯ᠂ ᠵᠤᠯ ᠵᠢᠷᠭᠠᠯ ᠲᠠᠢ ᠠᠮᠢᠳᠤᠷᠠᠵᠦ ᠨᠢᠭᠡ ᠨᠢᠭᠡᠨ ᠢᠶᠠᠨ ᠬᠠᠪᠰᠤᠷᠴᠦ ᠲᠡᠳᠬᠦᠨ᠂ | ᠪᠤᠷᠬᠠᠨ ᠪᠤᠯᠤᠭᠰᠠᠨ ᠠᠪᠤ ᠡᠵᠢ ᠶᠢᠨ ᠢᠶᠠᠨ ᠨᠠᠰᠦ ᠶᠢ ᠦᠯᠦ ᠦᠨᠳᠡᠯᠵᠡᠬᠦᠯᠦᠨᠠ᠃ | ᠤᠯᠠᠨ ᠤᠯᠠᠨ ᠬᠦᠮᠦᠨ ᠳᠤ ᠪᠤᠶᠠᠨ ᠬᠢᠵᠦ ᠶᠠᠪᠤᠭᠰᠠᠨ ᠨᠢᠩᠵᠢᠨ ᠰᠡᠳᠬᠢᠯᠳᠦ ᠲᠤᠶᠠᠭ᠎ᠠ ᠭᠤᠸᠠᠢ ᠤᠷᠳᠤ | ᠨᠠᠰᠤᠯᠠᠵᠦ ᠤᠳᠠᠭᠠᠨ ᠵᠢᠷᠭᠠᠬᠤ ᠨᠢ ᠯᠠᠪᠳᠠᠢ︕ | | | | | ᠢᠳᠡᠬᠡᠯ ᠡᠪᠤᠷᠯᠡᠭᠰᠡᠨ ᠦᠳᠡᠯᠦᠬᠡ ᠨᠠᠰᠤ ᠪᠤᠶᠤ | ᠦᠢᠯᠡᠰ ᠤᠨ ᠲᠦᠷᠦᠬᠡ ᠳᠠᠳᠠᠭᠰᠠᠨ ᠵᠢᠷᠭᠠᠯᠳᠤ ᠮᠦᠴᠡ | | ᠲᠤᠶᠠᠭ᠎ᠠ ᠭᠤᠸᠠᠢ ᠠᠵᠢᠯ ᠤᠨ ᠠᠮᠠᠷᠠᠯᠲᠠ ᠪᠠᠨ ᠠᠪᠤᠭᠠᠳ ᠦᠪᠡᠷ ᠤᠨ ᠠᠴᠢ ᠵᠢᠭᠡ ᠨᠠᠷ ᠢᠶᠠᠨ ᠴᠡᠴᠡᠷᠯᠢᠭ᠂ | ᠰᠤᠷᠭᠠᠭᠤᠯᠢ ᠳᠤ ᠬᠦᠷᠬᠡᠵᠦ ᠬᠡᠷ ᠪᠦᠯᠢ ᠶᠢᠨ ᠬᠠᠯᠠᠭᠤᠨ ᠳᠤᠳᠤᠨᠤ ᠠᠭᠤᠷ ᠠᠮᠢᠰᠬᠤᠯ ᠳᠤ ᠪᠦᠪᠠᠶᠢᠯᠡᠭᠳᠡᠵᠦ | ᠶᠠᠪᠤᠪᠠᠴᠤ ᠤᠭ ᠤᠨ ᠠᠵᠢᠯᠰᠠᠭ ᠬᠦᠮᠦᠨ ᠳᠤᠯᠠ ᠵᠦᠬᠡᠷ ᠰᠠᠭᠤᠵᠦ ᠴᠢᠳᠠᠭ᠎ᠠ ᠦᠬᠡᠢ ᠦᠢᠯᠡ ᠤᠶᠤᠳᠠᠯ | ᠤᠷᠤᠯᠳᠤᠵᠦ ᠡᠬᠢᠯᠡᠪᠡ᠃ ︽ᠵᠦᠬᠡᠷ ᠰᠠᠭᠤᠬᠤ ᠪᠠᠷ ᠵᠦᠯᠬᠦᠵᠦ ᠰᠠᠭᠤ︾ ᠬᠡᠳᠡᠭ ᠢᠶᠠᠷ ᠲᠤᠶᠠᠭ᠎ᠠ ᠭᠤᠸᠠᠢ ᠮᠤᠩᠭᠤᠯ | ᠤᠨᠴᠠᠯᠢᠭᠳᠤ ᠪᠤᠡᠡᠴᠦ᠂ ᠲᠦᠯᠬᠢᠭᠦᠷ ᠤᠨ ᠰᠠᠪᠠ᠂ ᠺᠠᠷᠲ ᠬᠢᠬᠦ ᠰᠠᠪᠠ ᠬᠢᠬᠦ ᠵᠡᠷᠬᠡ ᠤᠶᠤᠳᠠᠯ ᠢᠶᠠᠨ ᠡᠬᠢᠯᠡᠵᠦ᠂ | ᠳᠡᠬᠦᠨ ᠤ ᠪᠦᠳᠦᠬᠡᠯ ᠱᠧᠨᠵᠧᠨ᠂ ᠬᠦᠬᠡᠬᠤᠳᠠ᠂ ᠡᠷᠢᠶᠡᠨ ᠬᠤᠳᠠ ᠵᠡᠷᠬᠡ ᠭᠠᠵᠠᠷ ᠢᠶᠠᠷ ᠬᠦᠷᠴᠤ ᠤᠯᠠᠨ ᠤ | ᠳᠠᠭᠠᠰᠢᠶᠠᠯ ᠢ ᠬᠦᠷᠳᠡᠵᠠᠢ᠃ ᠶᠠᠫᠤᠨ ᠠᠴᠠ ᠬᠦᠷᠳᠡᠯ᠎ᠠ ᠵᠠᠬᠢᠶᠠᠯᠠᠭ᠎ᠠ ᠢᠷᠡᠭᠰᠡᠨ ᠢ ᠨᠢ ᠪᠠᠶ᠎ᠠ ᠨᠢ ᠵᠢᠭᠠᠬᠠᠨ ᠮᠠᠭᠤ | ᠪᠠᠶᠢᠭᠰᠠᠨ ᠳᠤᠯᠠ ᠬᠦᠯᠢᠶᠠᠵᠦ ᠠᠪᠤᠭᠰᠠᠨ ᠦᠬᠡᠢ ᠴᠤ ᠨᠦᠬᠦᠬᠡ ᠳᠠᠯ᠎ᠠ ᠠᠴᠠ ᠳᠡᠬᠦᠨ ᠤ ᠪᠠᠶ᠎ᠠ ᠰᠠᠶᠢᠵᠢᠷᠠᠬᠤ ᠶᠢ | ᠬᠦᠯᠢᠶᠠᠨ ᠤᠳᠤ ᠪᠤᠯᠳᠠᠯ᠎ᠠ ᠬᠦᠯᠢᠶᠠᠵᠦ ᠪᠠᠶᠢᠭ᠎ᠠ ᠠᠵᠢ᠃ | ᠲᠤᠶᠠᠭ᠎ᠠ ᠭᠤᠸᠠᠢ ᠤᠯᠠᠮᠵᠢᠯᠠᠯᠳᠤ ᠤᠶᠤᠳᠠᠯ ᠪᠠ ᠰᠢᠨ᠎ᠠ ᠮᠠᠶ᠋ᠢᠭ ᠤᠨ ᠵᠠᠭᠪᠤᠷ ᠢ ᠬᠠᠷᠢᠯᠴᠠᠨ | ᠠᠭᠤᠰᠤᠯᠴᠠᠭᠤᠯᠵᠤ᠂ ᠦᠪᠡᠷ ᠤᠨ ᠤᠨᠴᠠᠯᠢᠭᠳᠤ ᠪᠦᠳᠦᠬᠡᠭᠳᠡᠬᠦᠨ ᠢᠶᠠᠨ ᠤᠷᠠᠯᠠᠳᠠᠭ ᠠᠴᠠ 2018 ᠤᠨ ᠳᠤ | ᠪᠤᠯᠤᠭᠰᠠᠨ ᠬᠦᠯᠦᠨ ᠪᠤᠶᠢᠷ ᠬᠤᠳᠠ ᠶᠢᠨ ᠠᠩᠬᠠᠳᠤᠭᠠᠷ ᠬᠤᠭᠤᠴᠠᠭᠠᠨ ᠤ ︽ᠳᠤᠮᠳᠠᠳᠤ ᠶᠢᠨ ᠵᠡᠬᠦᠳᠦ · ᠬᠦᠳᠡᠯᠮᠤᠷᠢ | ᠭᠤᠸ᠎ᠠ ᠰᠠᠶᠢᠬᠠᠨ︾ ᠬᠤᠨᠳᠠᠭᠠᠳᠤ ᠦᠨᠳᠦᠰᠦᠳᠡᠨ ᠤ ᠬᠤᠪᠴᠠᠰᠤ ᠵᠠᠰᠠᠯ ᠤᠨ ᠭᠠᠷ ᠤᠷᠠᠯᠠᠯ ᠤᠨ ᠪᠦᠳᠦᠭᠡᠭᠳᠡᠬᠦᠨ ᠤ | ᠦᠢᠯᠡᠰ ᠴᠤᠭᠴᠠᠯᠠᠵᠦ ᠰᠢᠨ᠎ᠠ ᠶᠢ ᠡᠬᠦᠳᠬᠦ ᠦᠵᠡᠭᠦᠯᠦᠯᠬᠡ ᠶᠢᠨ ᠤᠷᠤᠯᠳᠤᠭᠠᠨ ᠳᠤ ᠨᠢᠭᠡᠳᠦᠭᠡᠷ ᠲᠠᠰ ᠤᠨ ᠱᠠᠩᠨᠠᠯ | ᠲᠤᠰᠴᠤ᠂ 5000 ᠲᠦᠬᠦᠷᠢᠭ ᠤᠨ ᠱᠠᠩᠨᠠᠯ ᠭᠠᠷᠳᠠᠭᠰᠠᠨ ᠨᠢ ᠳᠡᠬᠦᠨ ᠤ ᠦᠳᠡᠯᠦᠬᠡ ᠨᠠᠰᠤᠨ ᠤ ᠦᠡᠭᠬᠡ | ᠵᠢᠪᠬᠤᠭ᠎ᠠ ᠶᠢ ᠤᠯᠠᠮ ᠬᠢᠯᠠᠯᠵᠠᠭᠤᠯᠤᠯᠠ᠃ | — ᠲᠡᠷᠡ ᠦᠶ᠎ᠠ ᠶᠢᠨ ᠮᠠᠨ ᠤ ᠪᠠᠷᠢᠭᠠᠳᠠ ᠶᠢᠨ ᠳᠡᠮᠦᠷ ᠬᠡᠤᠬᠡᠨᠴᠤᠳ ᠤᠳᠤ ᠴᠤ ᠬᠡᠰᠡᠨ ᠮᠠᠰᠢ | ᠰᠠᠶᠢᠬᠠᠨ ᠶᠠᠪᠤᠯᠴᠠᠳᠠᠭ᠃ ᠪᠢ 1976 ᠤᠨ ᠳᠤ ᠺᠠᠳ᠋ᠷ ᠤᠨ ᠰᠤᠷᠭᠠᠭᠤᠯᠢ ᠳᠤ ᠶᠠᠪᠤᠬᠤ ᠳᠤ ᠮᠢᠨᠦ ᠤᠷᠤᠨ ᠳᠤ | ᠨᠠᠷᠠᠨ ︵ᠬᠦᠯᠦᠨ ᠪᠤᠶᠢᠷ ᠬᠤᠳᠠ ᠶᠢᠨ ᠦᠨᠳᠦᠰᠦᠳᠡᠨ ᠤ ᠬᠡᠯᠡ ᠪᠠᠷ ᠺᠢᠨᠣ᠋ ᠲᠧᠯᠧᠢᠰ ᠤᠷᠴᠢᠭᠤᠯᠤᠨ ᠦᠢᠯᠡᠳᠬᠦ | ᠲᠦᠪ ᠠᠴᠠ ᠠᠵᠢᠯ ᠤᠨ ᠠᠮᠠᠷᠠᠯᠳᠠ ᠪᠠᠨ ᠠᠪᠤᠪᠠ︶ ᠭᠡᠳᠡᠭ ᠰᠡᠭᠡᠭᠡᠲᠡᠨ ᠬᠡᠤᠬᠡᠨ ᠲᠤᠭᠤᠢᠢᠯᠠᠩ ᠤᠨ ᠲᠠᠷᠤᠭ᠎ᠠ ᠪᠠᠷ | ᠢᠷᠡᠵᠦ᠂ ᠳᠤᠭᠤᠢᠢᠯᠠᠩ ᠳᠠᠭᠠᠨ ᠲᠦᠷᠪᠡ ᠳᠠᠪᠤᠨ ᠬᠦᠮᠦᠨ ᠨᠡᠮᠡᠵᠦ ᠠᠪᠤᠭᠰᠠᠨ ᠢᠶᠠᠷ ᠮᠠᠨ ᠤ ᠳᠤᠭᠤᠢᠢᠯᠠᠩ 15 | ᠬᠡᠰᠢᠬᠦᠨ ᠲᠠᠢ ᠪᠤᠯᠤᠭᠰᠠᠨ᠃ ᠤᠳᠤ ᠬᠤᠶᠠᠷ ᠨᠢ ᠨᠠᠰᠤ ᠪᠠᠷᠠᠵᠦ 13 ᠦᠯᠡᠳᠡᠬᠡᠳ᠂ ᠬᠤᠯᠪᠤᠭ᠎ᠠ ᠰᠦᠯᠵᠢᠶ᠎ᠠ ᠲᠠᠢ | ᠪᠤᠯᠵᠤ ᠰᠠᠶᠢᠠᠬᠨ ᠶᠠᠪᠤᠯᠴᠠᠵᠦ ᠪᠠᠶᠢᠨ᠎ᠠ᠃ ᠪᠢᠳᠡᠨ ᠤ ᠬᠡᠨ ᠤ ᠬᠢᠨᠢ ᠭᠡᠷ ᠪᠦᠯᠢ ᠳᠤ ᠠᠵᠢᠯ ᠶᠠᠪᠤᠳᠠᠯ ᠲᠠᠢ ᠪᠤᠯ ᠪᠢᠳᠡ | ᠪᠦᠭᠦᠳᠡᠭᠡᠷ ᠢᠶᠠᠨ ᠤᠴᠢᠵᠦ ᠲᠤᠰᠠᠯᠠᠯᠴᠠᠳᠠᠭ᠃ ᠪᠢᠳᠡ ᠰᠦᠮ᠎ᠡ ᠳᠤ ᠦᠨ᠎ᠡ ᠲᠦᠯᠦᠪᠦᠷᠢ ᠦᠭᠡᠢ ᠤᠶᠤᠳᠠᠯ ᠤᠶᠤᠵᠤ | ᠦᠭᠭᠦ ᠵᠡᠷᠬᠡ ᠪᠠᠷ ᠪᠤᠶᠠᠨ ᠤ ᠦᠢᠯᠡᠰ ᠲᠤ ᠤᠷᠤᠯᠴᠠᠳᠠᠭ ᠬᠡᠵᠦ ᠲᠤᠶᠠᠭ᠎ᠠ ᠭᠤᠸᠠᠢ ᠳᠡᠮᠦᠷ ᠬᠡᠤᠬᠡᠨᠴᠤᠳ ᠤᠨ ᠢᠶᠠᠨ | ᠤᠳᠤ ᠶᠢᠨ ᠪᠠᠶᠢᠳᠠᠯ ᠢ ᠳᠠᠨᠢᠯᠴᠠᠭᠤᠯᠤᠨ᠎ᠠ᠃ | ᠰᠢᠨ᠎ᠠ ᠪᠠᠷᠭᠤ ᠪᠠᠷᠠᠭᠤᠨ ᠬᠤᠰᠢᠭᠤᠨ ᠤ ᠤᠶᠤᠳᠠᠯᠴᠢᠳ ᠤᠨ ᠨᠡᠶᠢᠬᠡᠮᠯᠢᠭ ᠲᠤ ᠨᠢᠭᠳᠠᠯᠠᠨ ᠪᠤᠳᠤᠭᠴᠢ ᠶᠢᠨ | ᠳᠤᠰᠢᠶᠠᠯ ᠲᠠᠢ᠂ ᠦᠨᠳᠦᠰᠦᠲᠡᠨ ᠤ ᠪᠠᠨ ᠭᠠᠷ ᠤᠷᠠᠯᠠᠯ ᠢ ᠤᠯᠠᠮᠵᠢᠯᠠᠨ ᠬᠦᠭᠵᠢᠭᠦᠯᠬᠦ ᠪᠠᠷ ᠦᠳᠡᠯᠦᠬᠡ ᠨᠠᠰᠤᠨ ᠤ | ᠵᠢᠷᠭᠠᠯ ᠢᠶᠠᠨ ᠪᠤᠯᠭᠠᠵᠦ ᠶᠠᠪᠤᠭ᠎ᠠ ᠲᠤᠶᠠᠭ᠎ᠠ ᠭᠤᠸᠠᠢ ᠶᠢᠨ ᠬᠦᠦ᠂ ᠬᠦᠦ ᠪᠡᠷᠢ᠂ ᠦᠬᠢᠨ ᠬᠦᠷᠭᠡᠨ ᠨᠢ ᠦᠪᠡᠷ | ᠦᠪᠡᠷ ᠤᠨ ᠠᠵᠢᠯ ᠤᠨ ᠪᠠᠶᠢᠷᠢᠨ ᠲᠡᠭᠡᠷ᠎ᠡ ᠪᠠᠨ ᠬᠢᠯᠠᠷᠠᠭᠤᠯᠵᠦ ᠶᠠᠪᠤᠨ᠎ᠠ᠃ ᠲᠤᠶᠠᠭ᠎ᠠ ᠭᠤᠸᠠᠢ ᠳᠤ ᠰᠠᠶᠢᠨ ᠰᠠᠶᠢᠬᠠᠨ | ᠪᠦᠬᠦᠨ ᠢ ᠬᠦᠰᠡᠨ ᠵᠦᠡᠭᠨᠡᠬᠡᠳ ᠰᠤᠷᠪᠤᠯᠵᠢᠯᠠᠭ᠎ᠠ ᠪᠠᠨ ᠦᠨᠳᠦᠷᠯᠡᠬᠦᠯᠵᠦ ᠪᠠᠶᠢᠨ᠎ᠠ᠃ | ᠰᠤᠷᠪᠤᠯᠵᠢᠯᠠᠭᠴᠢ᠄ ᠨᠠᠰᠤᠨᠴᠡᠴᠡᠭ |