ᠤᠷᠭᠤᠮᠠᠯ ᠤᠨ ᠰᠠᠶᠢᠬᠠᠨ ᠨᠢ ᠴᠡᠴᠡᠭ ᠤᠨ ᠲᠤᠮᠳᠠ ᠪᠠᠶᠢᠳᠠᠭ᠂ ᠬᠦᠮᠦᠨ ᠤ ᠰᠠᠶᠢᠬᠠᠨ ᠨᠢ | ᠪᠦᠰᠡᠬᠦ᠋ᠢᠴᠤᠳ ᠤᠨ ᠲᠤᠮᠳᠠ ᠪᠠᠶᠢᠳᠠᠭ ᠭᠡᠳᠡᠭ ᠨᠢ ᠨᠠᠷᠠᠨ ᠤ ᠢᠯᠴᠢ᠂ ᠬᠦᠷᠦᠰᠦᠨ ᠤ ᠰᠢᠮ᠎ᠠ ᠳᠤ ᠤᠷᠭᠤᠨ | ᠲᠡᠯᠭᠡᠷᠡᠳᠡᠭ ᠬᠤᠧᠠᠷ ᠴᠡᠴᠡᠭ ᠪᠤᠯᠤᠨ ᠠᠪᠤ ᠡᠵᠢ ᠶᠢᠨ ᠢᠶᠠᠨ ᠠᠯᠠᠭᠠᠨ ᠳᠠᠬᠢ ᠰᠤᠪᠤᠳ ᠡᠷᠳᠡᠨᠢ᠂ ᠡᠷ᠎ᠠ | ᠨᠦᠬᠦᠷ ᠤᠨ ᠢᠶᠠᠨ ᠬᠠᠨᠢ ᠲᠦᠰᠢᠭ᠂ ᠦᠷ᠎ᠠ ᠬᠡᠤᠬᠡᠳ ᠤᠨ ᠢᠶᠠᠨ ᠡᠨᠡᠷᠢᠯᠳᠤ ᠡᠵᠢ ᠪᠤᠯᠤᠭᠰᠠᠨ ᠪᠦᠰᠡᠬᠦᠢ ᠬᠦᠮᠦᠨ | ᠪᠤᠯ ᠡᠨᠡ ᠶᠢᠷᠳᠢᠨᠴᠦ ᠶᠢᠨ ᠡᠬᠦᠷᠢᠳᠡ ᠶᠢᠨ ᠭᠤᠸ᠎ᠠ ᠦᠵᠡᠰᠬᠦᠯᠡᠩ ᠭᠡᠰᠡᠨ ᠬᠦᠨ ᠤᠳᠬ᠎ᠠ ᠲᠠᠢ ᠦᠭᠡ ᠶᠤᠮ ᠤᠤ | ᠭᠡᠵᠥ ᠪᠢ ᠪᠤᠳᠤᠳᠠᠭ᠃ | ᠬᠦᠮᠦᠰ ᠤᠨ ᠰᠡᠳᠬᠢᠯ ᠳᠤ ᠬᠤᠧᠠᠷ ᠴᠡᠴᠡᠭ ᠪᠤᠯᠤᠨ ᠪᠦᠰᠡᠬᠦᠢ ᠬᠦᠮᠦᠨ ᠤ ᠭᠤᠸ᠎ᠠ ᠦᠵᠡᠰᠬᠦᠯᠡᠩ | ᠦᠨᠢᠳᠠ ᠡᠬᠦᠷᠢᠳᠡ ᠦᠩᠭᠡ ᠪᠠᠨ ᠠᠯᠳᠠᠳᠠᠭ ᠦᠭᠡᠢ ᠮᠡᠳᠦ ᠬᠦᠰᠡᠯ ᠴᠢᠷᠮᠠᠶᠢᠯᠭ᠎ᠠ ᠲᠠᠢ ᠬᠦᠮᠦᠨ ᠠᠯᠢ ᠴᠠᠭ | ᠦᠶ᠎ᠠ ᠳᠤ ᠴᠦ ᠬᠡᠷᠡᠯ ᠬᠢᠯᠪᠠᠭ᠎ᠠ ᠲᠠᠢ ᠪᠠᠶᠢᠳᠠᠭ ᠶᠤᠮ᠃ ᠢᠩᠬᠢᠭᠡᠳ ᠪᠢ ᠬᠤᠧᠠᠷ ᠴᠡᠴᠡᠭ ᠢᠶᠠᠷ ᠦᠢᠯᠡᠰ ᠢᠶᠠᠨ | ᠪᠤᠯᠭᠠᠵᠦ᠂ ᠠᠵᠢᠯ ᠠᠮᠢᠳᠤᠷᠠᠯ ᠳᠠᠭᠠᠨ ᠲᠡᠮᠡᠤᠯᠵᠦ ᠶᠠᠪᠤᠭ᠎ᠠ ᠰᠢᠨ᠎ᠠ ᠪᠠᠷᠭᠤ ᠪᠠᠷᠠᠭᠤᠨ ᠬᠤᠰᠢᠭᠤᠨ ᠤ ︽ | ᠸᠠᠠᠰᠧᠮᠪᠠᠷᠦᠦ︾ ᠴᠡᠴᠡᠭ ᠤᠨ ᠲᠡᠯᠭᠡᠬᠦᠷ ᠤᠨ ᠡᠵᠡᠭᠳᠡᠢ ᠵᠠᠯᠠᠭᠤ ᠪᠠᠷᠭᠤ ᠪᠦᠰᠡᠬᠦᠢ ᠴᠢᠮᠡᠭ ᠢ ᠠᠵᠢᠯ ᠦᠢᠯᠡᠰ | ᠠᠮᠢᠳᠤᠷᠠᠯ ᠤᠨ ᠬᠠᠷᠭᠤᠢ ᠳᠠᠭᠠᠨ ᠡᠶᠡᠷᠬᠦ ᠡᠨᠧᠷᠬᠢ ᠲᠠᠢ ᠪᠦᠭᠡᠳ ᠴᠢᠷᠮᠠᠶᠢᠯᠭ᠎ᠠ ᠲᠠᠢ ᠬᠡᠷᠡᠯ ᠬᠢᠯᠪᠠᠭ᠎ᠠ ᠲᠠᠢ ᠠᠵᠢᠯᠯᠡᠵᠦ | ᠠᠮᠢᠳᠤᠷᠠᠵᠦ ᠪᠠᠶᠢᠭ᠎ᠠ ᠦᠢ ᠤᠯᠠᠨ ᠪᠦᠰᠡᠬᠦ᠋ᠢᠴᠤᠳ ᠤᠨ ᠲᠦᠯᠦᠭᠡᠯᠡᠭᠴᠢ ᠲᠦᠷᠢ ᠪᠤᠯᠭᠠᠨ ᠲᠡᠯᠡᠬᠡᠢ ᠶᠢᠨ | ᠡᠮᠡᠭᠳᠠᠶᠢᠴᠤᠳ ᠤᠨ ᠪᠠᠶᠠᠷ ᠤᠨ ᠡᠳᠦᠷ ᠤᠨ ᠲᠠᠰᠢᠷᠠᠮ ᠢᠶᠠᠷ ᠲᠡᠬᠦᠨ ᠤ ᠲᠤᠬᠠᠢ ᠤᠩᠰᠢᠭᠴᠢ ᠲᠠᠨ ᠳᠠᠭᠠᠨ | ᠲᠠᠨᠢᠯᠴᠠᠭᠤᠯᠤᠨ ᠲᠤᠯᠢᠯᠠᠭᠤᠯᠤᠶᠠ︕ | | | | | | ᠲᠠᠯᠠᠩᠭᠤᠳ ᠬᠠᠯᠠ ᠶᠢᠨ ᠴᠢᠮᠡᠭ ᠪᠤᠯ ᠰᠢᠨ᠎ᠠ ᠪᠠᠷᠭᠤ ᠪᠠᠷᠠᠭᠤᠨ ᠬᠤᠰᠢᠭᠤᠨ ᠤ ᠠᠯᠳ᠋ᠬᠠᠮᠡᠭᠡᠯ ᠪᠠᠯᠭᠠᠰᠤᠨ ᠤ | ᠨᠠᠷᠠᠳᠤ ᠭᠠᠴᠠᠭᠠᠨ ᠤ ᠮᠠᠯᠴᠢᠨ ᠠᠶᠢᠯ ᠳᠤ ᠦᠬᠢᠨ ᠦᠷ᠎ᠠ ᠪᠤᠯᠤᠨ ᠵᠠᠶᠠᠭᠠᠵᠦ᠂ 2006 ᠤᠨ ᠤ 7 ᠰᠠᠷ᠎ᠠ ᠳᠤ | ᠦᠪᠦᠷ ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠤᠢ ᠰᠢᠭᠤᠢ ᠶᠢᠨ ᠰᠠᠯᠪᠤᠷᠢ ᠠᠴᠠ ᠲᠡᠬᠦᠰᠴᠠᠢ᠃ | 2007 ᠤᠨ ᠤ 12 ᠰᠠᠷ᠎ᠠ ᠳᠤ ᠪᠡᠭᠡᠵᠢᠩ ᠳᠤ ᠤᠴᠢᠵᠦ ᠨᠢᠭᠡᠨ ᠺᠤᠮᠫᠠᠨᠢ ᠳᠤ ᠠᠵᠢᠯᠯᠠᠵᠦ ᠪᠠᠶᠢᠭᠰᠠᠨ ᠠᠴᠠ | 2010 ᠤᠨ ᠳᠤ ᠬᠠᠰᠢᠯᠠ ᠦᠪᠡᠷ ᠤᠨ ᠰᠤᠷᠤᠭᠰᠠᠨ ︽ᠴᠡᠴᠡᠷᠯᠢᠭ ᠤᠨ ᠵᠢᠷᠤᠭ ᠲᠦᠯᠦᠪᠯᠡᠭᠡ︾ ᠭᠡᠬᠦ ᠲᠤᠰᠬᠠᠢ | ᠮᠡᠷᠭᠡᠵᠢᠯ ᠳᠡᠭᠡᠨ ᠲᠤᠬᠢᠷᠠᠭᠰᠠᠨ ᠠᠵᠢᠯ ᠤᠯᠵᠦ᠂ ᠲᠤᠯᠠᠭᠠᠨ ᠬᠦᠯᠡᠮᠵᠢ ᠳᠤ ᠭᠠᠳᠠᠭᠠᠳᠤ ᠠᠴᠠ ᠤᠷᠤᠭᠤᠯᠤᠭᠰᠠᠨ | ᠦᠨᠡᠳᠦ ᠬᠤᠧᠠᠷ ᠴᠡᠴᠡᠭ ᠪᠡ ᠡᠪᠡᠰᠦ ᠤᠷᠭᠤᠮᠠᠯ ᠢ ᠠᠷᠠᠴᠢᠯᠡᠵᠦ ᠪᠤᠷᠤᠯᠠᠭᠤᠯᠬᠤ ᠲᠤᠬᠠᠢ ᠰᠤᠷᠤᠯᠴᠠᠪᠠ᠃ ᠡᠨᠡ ᠬᠦ | ᠠᠵᠢᠯ ᠳᠠᠭᠠᠨ ᠭᠤᠷᠪᠠᠨ ᠵᠢᠯ ᠴᠢᠷᠮᠠᠶᠢᠨ ᠡᠩ ᠤᠨ ᠠᠵᠢᠯᠳᠠᠨ ᠠᠴᠠ ᠠᠴᠠ ᠪᠠᠨ ᠬᠦᠯᠡᠮᠵᠢ ᠶᠢᠨ ᠢᠶᠠᠨ ᠲᠠᠷᠤᠭ᠎ᠠ ᠪᠤᠯᠵᠦ | ᠂ ᠲᠠᠬᠢᠭᠠᠳ ᠲᠡᠳ᠋ ᠵᠠᠬᠢᠷᠤᠯ ᠤᠨ ᠲᠤᠰᠠᠯᠠᠭᠴᠢ ᠪᠤᠯᠳᠠᠯ᠎ᠠ ᠲᠡᠪᠰᠢᠭᠰᠡᠨ ᠲᠡᠷᠡ᠂ ᠫᠧᠩᠰᠡᠳᠦ ᠬᠤᠧᠠᠷ ᠢ ᠬᠡᠷᠬᠢᠨ | ᠠᠷᠠᠴᠢᠯᠠᠵᠦ ᠲᠡᠵᠢᠭᠡᠬᠦ᠂ ᠶᠠᠭᠠᠬᠢᠵᠦ ᠤᠰᠤᠯᠠᠬᠤ᠂ ᠬᠤᠷᠤᠬᠠᠢᠢᠳᠤᠭᠰᠠᠨ ᠬᠤᠧᠠᠷ ᠤᠨ ᠡᠪᠡᠳᠴᠢᠨ ᠤ ᠪᠠᠶᠢᠳᠠᠯ ᠢ | ᠶᠠᠭᠠᠬᠢᠵᠦ ᠲᠤᠳᠤᠯᠠᠵᠦ ᠠᠷᠢᠯᠭᠠᠬᠤ᠂ ᠴᠡᠴᠡᠭ ᠤᠨ ᠦᠩᠭᠡ ᠦᠵᠡᠮᠵᠢ ᠶᠢᠨ ᠴᠢᠨᠠᠷ ᠢ ᠶᠠᠭᠠᠬᠢᠵᠦ ᠪᠠᠳᠤᠯᠠᠬᠤ ᠵᠡᠷᠭᠡ | ᠮᠡᠷᠭᠡᠵᠢᠯ ᠤᠨ ᠲᠡᠯ᠎ᠠ ᠪᠠᠷ ᠴᠠᠭᠠᠷᠠᠵᠠᠢ᠃ | ᠬᠦᠯ ᠦᠢᠮᠡᠭᠡᠨ ᠲᠠᠢ ᠪᠡᠭᠡᠵᠢᠩ ᠬᠤᠳᠠ ᠳᠤ ᠠᠵᠢᠯ ᠳᠠᠭᠠᠨ ᠠᠮᠵᠢᠯᠳᠠᠳᠠᠢ ᠴᠦ᠂ ᠬᠦᠳᠡᠭᠡ ᠨᠤᠳᠤᠭ ᠨᠢ | ᠡᠷᠢᠭᠳᠡᠵᠦ᠂ ᠨᠠᠶᠢᠵᠠ ᠵᠠᠯᠠᠭᠤ ᠪᠤᠯᠤᠳ ᠲᠠᠢ ᠪᠠᠨ ᠴᠤᠭ ᠪᠠᠶᠢᠬᠤ ᠶᠢ ᠬᠦᠰᠡᠭᠰᠡᠨ ᠴᠢᠮᠡᠭ᠂ 2013 ᠤᠨ ᠤ 7 | ᠰᠠᠷ᠎ᠠ ᠳᠤ ᠨᠤᠳᠤᠭ ᠲᠠᠭᠠᠨ ᠪᠤᠴᠠᠵᠦ ᠬᠤᠷᠢᠮ ᠢᠶᠠᠨ ᠬᠢᠵᠦ᠂ ᠵᠤᠯ ᠵᠢᠷᠭᠠᠯᠳᠤ ᠬᠡᠷ ᠡᠷᠦᠬᠡ ᠪᠠᠨ ᠪᠤᠰᠬᠠᠯ᠎ᠠ᠃ | ᠨᠤᠳᠤᠭ ᠲᠠᠭᠠᠨ ᠪᠤᠴᠠᠵᠦ ᠢᠷᠡᠭᠰᠡᠨ ᠤ ᠲᠠᠷᠠᠭ᠎ᠠ ᠲᠡᠷᠡ ᠬᠡᠳᠦ᠋ᠢᠪᠡᠷ ᠠᠯᠪᠠᠳᠠᠨ ᠤ ᠰᠢᠯᠭᠠᠯᠳᠠ ᠳᠤ ᠤᠷᠤᠯᠴᠠᠵᠦ᠂ | ᠠᠯᠪᠠᠨ ᠤ ᠠᠵᠢᠯᠳᠡᠨ ᠪᠤᠯᠴᠢᠬᠠᠶᠠ ᠭᠡᠰᠡᠨ ᠰᠠᠨᠠᠭ᠎ᠠ ᠲᠠᠢ ᠪᠠᠶᠢᠭᠰᠠᠨ ᠴᠦ ᠨᠦᠬᠦᠷ ᠤᠨ ᠬᠢᠨᠢ ᠠᠵᠢᠯ ᠶᠠᠭᠠᠷᠠᠤ ᠠᠴᠠ᠂ | ᠨᠢᠷᠠᠢ ᠦᠷ᠎ᠠ ᠶᠢ ᠨᠢ ᠬᠠᠷᠠᠵᠦ ᠬᠠᠷᠠᠭᠠᠯᠵᠠᠬᠤ ᠬᠦᠮᠦᠨ ᠦᠭᠡᠢ ᠪᠦᠭᠡᠳ ᠦᠪᠡᠷ ᠢᠶᠠᠨ ᠴᠤ ᠬᠤᠧᠠᠷ ᠴᠡᠴᠡᠭ ᠲᠤ | ᠠᠷᠭ᠎ᠠ ᠦᠭᠡᠢ ᠲᠤᠷ᠎ᠠ ᠪᠠᠬ᠎ᠠ ᠲᠠᠢ ᠤᠴᠢᠷ ᠠᠴᠠ ᠬᠤᠰᠢᠭᠤᠨ ᠲᠦᠪ ᠠᠯᠳ᠋ᠬᠠᠮᠡᠭᠡᠯ ᠪᠠᠯᠭᠠᠰᠤᠨ ᠳᠠᠭᠠᠨ 2015 | ᠤᠨ ᠤ 4 ᠰᠠᠷ᠎ᠠ ᠳᠤ ︽ᠸᠠᠠᠰᠧᠮᠪᠠᠷᠦᠦ︾ ᠴᠡᠴᠡᠭ ᠤᠨ ᠲᠡᠯᠭᠡᠬᠦᠷ ᠢᠶᠠᠨ ᠨᠡᠭᠡᠭᠡᠪᠡ᠃ | | | | | ᠴᠢᠮᠡᠭ ᠴᠡᠴᠡᠭ ᠤᠨ ᠲᠡᠯᠭᠡᠬᠦᠷ ᠢᠶᠠᠨ ᠨᠡᠭᠡᠭᠡᠬᠦ ᠠᠴᠠ ᠡᠮᠤᠨ᠎ᠠ᠂ ᠰᠢᠨ᠎ᠠ ᠪᠠᠷᠭᠤ ᠪᠠᠷᠠᠭᠤᠨ ᠬᠤᠰᠢᠭᠤᠨ ᠳᠤ | ᠬᠤᠶᠠᠷᠬᠠᠨ ᠴᠡᠴᠡᠭ ᠤᠨ ᠲᠡᠯᠭᠡᠬᠦᠷ ᠲᠠᠢ ᠪᠠᠶᠢᠵᠠᠢ ᠭᠡᠨ᠎ᠠ᠃ ᠬᠢᠯᠢ ᠬᠢᠵᠠᠭᠠᠷ ᠤᠷᠤᠨ ᠪᠤᠯᠬᠤᠷ ᠲᠡᠳᠡᠨ ᠤ ᠲᠤᠰᠬᠠᠢ | ᠮᠡᠷᠭᠡᠵᠢᠯ ᠨᠢ ᠲᠤᠳᠠᠮᠠᠭ ᠪᠠᠶᠢᠵᠦ᠂ ᠭᠤᠤᠯᠳᠠᠭᠤ ᠬᠠᠶᠢᠯᠠᠷ ᠠᠴᠠ ᠪᠠᠷᠠᠭ᠎ᠠ ᠤᠷᠤᠭᠤᠯᠵᠦ᠂ ᠬᠤᠧᠠᠷ ᠴᠡᠴᠡᠭ ᠤᠨ ᠬᠢᠨᠢ | ᠦᠩᠬᠡ ᠦᠵᠡᠮᠵᠢ ᠶᠠᠰᠤ ᠴᠢᠨᠠᠷ ᠤᠨ ᠲᠡᠯ᠎ᠠ ᠪᠠᠷ ᠬᠠᠷᠢᠴᠠᠩᠭᠤᠢ ᠰᠠᠶᠢᠨ ᠪᠢᠰᠢ ᠪᠠᠶᠢᠯ᠎ᠠ᠃ ᠲᠡᠭᠡᠭᠡᠳ ᠴᠢᠮᠡᠭ | ᠦᠪᠡᠷ ᠤᠨ ᠴᠡᠴᠡᠭ ᠤᠨ ᠲᠡᠯᠭᠡᠬᠦᠷ ᠤᠨ ᠢᠶᠠᠨ ᠰᠤᠷᠭᠤᠭ ᠬᠤᠧᠠᠷ ᠢᠶᠠᠨ ᠺᠦᠨᠮᠢᠩ ᠤᠨ ᠲᠤᠰᠬᠠᠢ ᠬᠤᠧᠠᠷ ᠴᠡᠴᠡᠭ ᠤᠨ | ᠬᠦᠷᠢᠶᠡᠯᠡᠩ ᠠᠴᠠ ᠤᠷᠤᠭᠤᠯᠵᠦ᠂ ᠫᠧᠩᠰᠠ ᠲᠠᠢ ᠬᠤᠧᠠᠷ ᠢᠶᠠᠨ ᠭᠤᠧᠠᠩᠵᠧᠦ ᠠᠴᠠ ᠤᠷᠤᠭᠤᠯᠵᠦ᠂ ᠬᠤᠧᠠᠷ ᠤᠨ | ᠫᠧᠩᠰᠠ ᠪᠠᠨ ᠴᠦ ᠨᠡᠷᠡᠳᠦ ᠲᠡᠮᠳᠡᠭ ᠢ ᠰᠤᠩᠭᠤᠨ ᠤᠷᠤᠭᠤᠯᠤᠭᠰᠠᠨ ᠪᠠᠶᠢᠨ᠎ᠠ᠃ ᠢᠩᠬᠢᠵᠦ ᠶᠠᠰᠤ ᠴᠢᠨᠠᠷ ᠢ | ᠪᠠᠳᠤᠯᠠᠬᠤ ᠶᠢᠨ ᠲᠦᠯᠦᠭᠡ ᠡᠮᠤᠨᠠᠳᠤ ᠤᠷᠤᠨ ᠠᠴᠠ ᠪᠠᠷᠠᠭ᠎ᠠ ᠤᠷᠤᠭᠤᠯᠬᠤ ᠨᠢ ᠲᠡᠭᠡᠭᠡᠪᠦᠷᠢ ᠶᠢᠨ ᠦᠨ᠎ᠠ ᠪᠠ ᠵᠠᠮ | ᠵᠠᠭᠤᠷ᠎ᠠ ᠶᠢᠨ ᠠᠷᠠᠴᠢᠯᠠᠭ᠎ᠠ ᠬᠢᠬᠦ ᠦᠨ᠎ᠠ ᠨᠢ ᠪᠦᠷ ᠦᠨᠳᠦᠷ ᠪᠠᠶᠢᠳᠠᠭ᠃ ᠭᠡᠳᠡᠯ᠎ᠠ ᠲᠡᠷᠡ ᠪᠤᠷᠤᠯᠠᠭᠤᠯᠭ᠎ᠠ ᠪᠠᠨ | ᠪᠠᠳᠤᠯᠠᠬᠤ ᠶᠢᠨ ᠲᠦᠯᠦᠭᠡ ᠠᠰᠢᠭ ᠤᠯᠵᠠᠪᠤᠷᠢ ᠲᠤᠤᠷ᠎ᠠ ᠪᠠᠶᠢᠭᠰᠠᠨ ᠴᠦ ᠪᠤᠷᠤᠯᠠᠭᠤᠯᠭ᠎ᠠ ᠶᠢᠨ ᠦᠨ᠎ᠠ ᠬᠠᠩᠰᠢ ᠪᠠᠨ | ᠪᠤᠰᠤᠳ ᠠᠴᠠ ᠦᠨᠳᠦᠷ ᠪᠤᠯᠭᠠᠠᠭᠰᠠᠨ ᠦᠭᠡᠢ ᠪᠡᠨ᠎ᠠ ᠯᠡ ᠪᠠᠳᠤᠯᠠᠪᠡ᠃ ᠲᠡᠷᠡ ᠬᠡᠳᠦ᠋ᠢᠪᠡᠷ ᠶᠡᠭᠡ | ᠰᠤᠷᠭᠠᠭᠤᠯᠢ ᠠᠴᠠ ᠪᠠᠨ ᠲᠤᠰᠬᠠᠢ ᠮᠡᠷᠭᠡᠵᠢᠯ ᠰᠤᠷᠤᠭᠰᠠᠨ ᠪᠦᠭᠡᠳ ᠲᠤᠮᠤ ᠬᠤᠳᠠ ᠳᠤ ᠮᠡᠷᠭᠡᠵᠢᠯ ᠢᠶᠠᠨ | ᠲᠡᠭᠡᠭᠰᠢᠯᠡᠬᠦᠯᠦᠭᠰᠡᠨ ᠪᠤᠯᠪᠠᠴᠦ᠂ ᠨᠤᠳᠤᠭ ᠤᠨ ᠬᠦᠮᠦᠰ ᠲᠡᠭᠡᠨ ᠬᠡᠵᠢᠶ᠎ᠠ ᠡᠬᠦᠷᠢᠳᠡ ᠴᠠᠭ ᠤᠨ ᠤᠷᠤᠰᠬᠠᠯ ᠢ | ᠲᠠᠭᠠᠭᠰᠠᠨ ᠬᠠᠮᠤᠭ ᠤᠨ ᠭᠤ ᠤᠠ᠋ ᠰᠠᠶᠢᠬᠠᠨ ᠢ ᠡᠳ᠋ᠯᠡᠬᠦᠯᠬᠦ ᠶᠢᠨ ᠲᠦᠯᠦᠭᠡ ᠦᠷᠬᠦᠯᠵᠢᠯᠡᠨ ᠰᠤᠷᠤᠯᠴᠠᠬᠤ ᠪᠠᠨ ᠶᠡᠷᠦ | ᠰᠤᠯᠠᠷᠠᠭᠤᠯᠤᠭᠰᠠᠨ ᠦᠭᠡᠢ ᠴᠠᠭ ᠢᠮᠠᠭᠳᠠ ᠰᠢᠨ᠎ᠠ ᠮᠡᠷᠭᠡᠵᠢᠯ ᠰᠤᠷᠴᠦ᠂ ᠮᠡᠷᠭᠡᠵᠢᠯ ᠮᠡᠳᠡᠯᠭᠡ ᠶᠢᠨ ᠲᠡᠯ ᠠ ᠪᠠᠷ | ᠦᠪᠡᠷ ᠢ ᠪᠠᠨ ᠲᠡᠭᠡᠭᠰᠢᠯᠡᠬᠦᠯᠦᠭᠰᠡᠭᠡᠷ ᠢᠷᠡᠯ᠎ᠠ᠃ 2016 ᠤᠨ ᠤ 6 ᠰᠠᠷ᠎ᠠ ᠳᠤ ᠭᠤᠧᠠᠩᠵᠧᠦ ᠳᠤ ᠲᠤᠰᠬᠠᠢᠢᠯᠠᠨ | ᠤᠴᠢᠵᠦ ᠰᠤᠷᠭᠤᠭ ᠴᠡᠴᠡᠭ ᠠᠷᠠᠴᠢᠯᠠᠬᠤ ᠶᠢ ᠰᠠᠷ᠎ᠠ ᠰᠢᠬᠠᠮ ᠰᠤᠷᠤᠯᠴᠠᠵᠦ ᠮᠡᠷᠭᠡᠵᠢᠯ ᠤᠨ ᠦᠨᠡᠮᠯᠡᠯ ᠤᠯᠤᠭᠰᠠᠨ | ᠶᠤᠮ᠃ ᠲᠡᠷᠡ ᠬᠦ ᠰᠤᠷᠭᠠᠭᠤᠯᠢ ᠨᠢ ᠰᠦᠯᠵᠢᠶᠡᠨ ᠲᠡᠭᠡᠷᠡᠬᠢ ᠰᠤᠷᠤᠯᠴᠠᠯᠭ᠎ᠠ ᠴᠦ ᠪᠠᠶᠢᠳᠠᠭ ᠠᠴᠠ ᠬᠠᠷᠢᠵᠦ | ᠢᠷᠡᠭᠰᠡᠨ ᠤ ᠰᠡᠬᠦᠯᠡᠷ ᠵᠢᠯ ᠪᠦᠷᠢ ᠰᠦᠯᠵᠢᠶᠡᠨ ᠰᠤᠷᠤᠯᠴᠠᠯᠭ᠎ᠠ ᠪᠠᠨ ᠪᠠᠷᠢᠮᠳᠠᠯᠠᠵᠦ᠂ ᠪᠦᠬᠦ ᠤᠯᠤᠰ ᠤᠨ ᠵᠠᠬ᠎ᠠ | ᠲᠡᠯᠭᠡᠬᠦᠷ ᠤᠨ ᠪᠠᠶᠢᠳᠠᠯ ᠢ ᠮᠡᠳᠡᠵᠦ᠂ ᠰᠢᠨ᠎ᠠ ᠪᠠᠷᠭᠤ ᠪᠠᠷᠠᠭᠤᠨ ᠬᠤᠰᠢᠭᠤᠨ ᠤ ᠪᠠᠨ ᠴᠡᠴᠡᠭ ᠤᠨ ᠦᠢᠯᠡᠰ ᠢ | ᠤᠷᠤᠭᠰᠢ ᠪᠠᠨ ᠲᠦᠯᠬᠢᠪᠡ᠃ 2018 ᠤᠨ ᠤ 3 ᠰᠠᠷ᠎ᠠ ᠳᠤ ᠺᠦᠨᠮᠢᠩ ᠳᠤ ᠤᠴᠢᠵᠦ ᠦᠨ᠎ᠠ ᠬᠠᠩᠰᠢ ᠶᠢᠨ ᠲᠤᠬᠠᠢ | ᠪᠠᠶᠢᠴᠠᠭᠠᠯᠳᠠ ᠬᠢᠵᠦ᠂ ᠪᠠᠷᠠᠭ᠎ᠠ ᠤᠷᠤᠭᠤᠯᠬᠤ ᠭᠠᠵᠠᠷ ᠢᠶᠠᠨ ᠲᠡᠬᠢᠨᠳᠠ ᠰᠤᠩᠭᠤᠭᠰᠠᠨ ᠪᠠᠶᠢᠨ᠎ᠠ᠃ | | | | | | ᠶᠢᠷᠳᠢᠨᠴᠦ ᠶᠢᠨ ᠵᠢᠮ᠎ᠠ ᠳᠤ ᠠᠵᠢᠯ ᠦᠢᠯᠡᠰ ᠤᠨ ᠠᠮᠵᠢᠯᠳᠠ ᠶᠢ ᠭᠠᠷ ᠤᠨ ᠠᠯᠠᠭ᠎ᠠ ᠪᠠᠨ ᠤᠷᠪᠠᠭᠤᠯᠬᠤ | ᠮᠡᠳᠦ ᠠᠮᠠᠷᠬᠠᠨ ᠤᠯᠳᠠᠭ ᠦᠭᠡᠢ ᠶᠤᠮ ᠴᠢᠨᠢ᠃ ᠬᠤᠧᠠᠷ ᠴᠡᠴᠡᠭ ᠤᠷᠤᠯᠳᠤᠵᠦ᠂ ᠲᠤᠷ᠎ᠠ ᠰᠤᠨᠢᠷᠬᠠᠯ ᠲᠠᠢ | ᠵᠦᠢᠯ ᠢᠶᠠᠨ ᠬᠢᠵᠦ ᠪᠠᠶᠢᠭ᠎ᠠ ᠡᠮᠡᠭᠳᠠᠢ ᠵᠤᠯ ᠵᠢᠷᠭᠠᠯ ᠲᠠᠢ ᠴᠦ᠂ ᠲᠡᠬᠦᠨ ᠤ ᠵᠤᠯ ᠵᠢᠷᠭᠠᠯ ᠨᠢ ᠮᠠᠰᠢ ᠤᠯᠠᠨ ᠬᠦᠴᠢᠷ | ᠪᠡᠷᠬᠡᠰᠢᠶᠡᠯ ᠢ ᠲᠠᠪᠠᠭ᠋ᠤ ᠴᠢᠬᠤᠯᠠ ᠲᠠᠢ᠃ ᠤᠯᠠᠨ ᠤ ᠮᠡᠳᠡᠭᠡᠵᠢ ᠪᠠᠷ ᠬᠦᠯᠦᠨ ᠪᠤᠶᠢᠷ ᠤᠨ ᠠᠭᠤᠷ ᠠᠮᠢᠰᠬᠤᠯ ᠨᠢ | ᠲᠡᠯᠡᠬᠡᠢ ᠶᠢᠨ ᠬᠠᠮᠤᠭ ᠤᠨ ᠬᠦᠢᠳᠡᠨ ᠨᠡᠶᠢᠰᠯᠡᠯ ᠤᠯᠠᠭᠠᠨᠪᠠᠭᠠᠳᠤᠷ ᠠᠴᠠ ᠴᠦ ᠬᠦᠢᠳᠡᠨ ᠪᠠᠶᠢᠵᠦ᠂ ᠰᠢᠨ᠎ᠠ ᠪᠠᠷᠭᠤ | ᠪᠠᠷᠠᠭᠤᠨ ᠬᠤᠰᠢᠭᠤ ᠨᠢ ᠮᠠᠨ ᠤ ᠬᠤᠳᠠ ᠶᠢᠨ ᠨᠡᠯᠢᠶᠡᠳ ᠪᠤᠶᠢᠳᠠ ᠬᠤᠰᠢᠭᠤ ᠰᠢᠶᠠᠨ ᠪᠤᠯᠬᠤ ᠶᠤᠮ᠃ ᠲᠡᠭᠡᠬᠦᠯᠡᠷ | ᠠᠮᠢᠳᠤ ᠬᠤᠧᠠᠷ᠂ ᠰᠤᠷᠭᠤᠭ ᠴᠡᠴᠡᠭ ᠤᠷᠤᠭᠤᠯᠬᠤ ᠳᠤ ᠴᠦ ᠮᠠᠰᠢ ᠲᠦᠬᠦᠮ ᠦᠭᠡᠢ᠃ ᠴᠢᠮᠡᠭ ᠪᠠᠷᠠᠭ᠎ᠠ ︵ᠰᠢᠨ᠎ᠠ | ᠰᠤᠷᠭᠤᠭ ᠴᠡᠴᠡᠭ ᠪᠡ ᠠᠮᠢᠳᠤ ᠬᠤᠧᠠᠷ︶ ᠤᠷᠤᠭᠤᠯᠬᠤ ᠳᠠᠭᠠᠨ ᠦᠩᠭᠡᠷᠡᠭᠰᠡᠨ ᠳᠤ ᠺᠦᠡᠮᠢᠩ ᠠᠴᠠ ᠪᠡᠭᠡᠵᠢᠩ ᠳᠤ | ᠬᠦᠷᠭᠡᠵᠦ᠂ ᠲᠡᠬᠢᠨ ᠪᠡᠭᠡᠵᠢᠩ ᠠᠴᠠ ᠮᠠᠨᠵᠤᠤᠷ ᠲᠤ ᠪᠠᠭᠤᠭᠰᠠᠨ ᠪᠠᠷᠠᠭ᠎ᠠ ᠪᠠᠨ ᠪᠠᠷᠠᠭᠤᠨ ᠬᠤᠰᠢᠭᠤᠨ ᠠᠴᠠ ᠪᠠᠨ | ᠢᠷᠡᠵᠦ ᠲᠤᠰᠳᠠᠭ ᠪᠠᠶᠢᠭᠰᠠᠨ ᠪᠤᠯ ᠤᠳᠤ ᠨᠢᠰᠬᠡᠯ ᠤᠨ ᠡᠬᠡᠯᠵᠢ ᠶᠢᠨ ᠬᠤᠪᠢᠷᠠᠯᠳᠠ ᠠᠴᠠ ᠪᠤᠯᠵᠦ᠂ ᠪᠠᠷᠠᠭᠤᠨ | ᠬᠤᠰᠢᠭᠤᠨ ᠠᠴᠠ ᠨᠡᠩ ᠬᠤᠯᠠ ᠰᠢᠭ᠋ ᠬᠠᠶᠢᠯᠠᠷ ᠠᠴᠠ ᠪᠠᠷᠠᠭ᠎ᠠ ᠪᠠᠨ ᠲᠤᠰᠳᠠᠭ ᠪᠤᠯᠪᠠ᠃ ᠡᠨᠡ ᠨᠢ ᠰᠢᠨ᠎ᠠ ᠰᠤᠷᠭᠤᠭ | ᠴᠡᠴᠡᠭ ᠨᠢ ᠲᠡᠬᠦᠨ ᠤ ᠲᠡᠯᠭᠡᠬᠦᠷ ᠲᠤ ᠬᠦᠷᠳᠡᠯ᠎ᠠ ᠴᠠᠭ ᠤᠨ ᠲᠡᠯ᠎ᠠ ᠪᠠᠷ ᠤᠷᠦ᠋ᠢᠳᠠᠳᠠᠭ ᠢᠶᠠᠷ ᠦᠯᠦ ᠪᠡᠷᠠᠨ | ᠲᠡᠭᠡᠭᠡᠪᠦᠷᠢ ᠶᠢᠨ ᠦᠨ᠎ᠠ ᠦᠷᠳᠡᠭ ᠨᠢ ᠴᠦ ᠦᠨᠳᠦᠷ ᠪᠤᠯᠪᠠ᠃᠂ ᠵᠠᠷᠢᠮ ᠳᠠᠭᠠᠨ ᠤᠷᠤᠢ ᠶᠢᠨ ᠡᠬᠡᠯᠵᠢ ᠶᠢᠨ | ᠨᠢᠰᠬᠡᠯ ᠳᠤ ᠲᠠᠭᠠᠷᠠᠪᠠᠯ᠂ ᠴᠢᠮᠡᠭ ᠦᠪᠡᠷ ᠢᠶᠠᠨ ᠪᠠᠷᠠᠭᠤᠨ ᠬᠤᠰᠢᠭᠤᠨ ᠠᠴᠠ ᠬᠠᠶᠢᠯᠠᠷ ᠲᠤ ᠬᠦᠷᠳᠡᠯ᠎ᠠ ᠮᠠᠰᠢᠨ | ᠵᠢᠯᠤᠭᠤᠳᠴᠦ ᠵᠦᠭᠡᠭᠡᠵᠦ ᠠᠪᠠᠴᠢᠨ᠎ᠠ᠃ ᠡᠪᠦᠯ ᠤᠨ ᠴᠠᠭ ᠲᠤ ᠤᠷᠤᠢ ᠶᠢᠨ ᠲᠤᠯᠤᠭ᠎ᠠ ᠨᠠᠢᠮᠠᠨ ᠴᠠᠭ᠂ ᠵᠠᠷᠢᠮ ᠳᠠᠭᠠᠨ | 9 ᠴᠠᠭ ᠲᠤ ᠨᠢᠰᠬᠡᠯ ᠠᠴᠠ ᠬᠤᠧᠠᠷ ᠢᠶᠠᠨ ᠲᠤᠰᠴᠦ᠂ ᠲᠡᠭᠡᠭᠡᠳ ᠬᠤᠧᠠᠷ ᠴᠡᠴᠡᠭ ᠤᠨ ᠰᠢᠨ᠎ᠠ ᠰᠤᠷᠭᠤᠭ ᠴᠢᠨᠠᠷ ᠢ | ᠪᠠᠳᠤᠯᠠᠬᠤ ᠶᠢᠨ ᠲᠦᠯᠦᠭᠡ ᠰᠦᠨᠢ ᠪᠠᠷ ᠬᠡᠴᠢᠨᠡᠨ ᠤᠳᠠᠭ᠎ᠠ ᠵᠠᠮ ᠬᠦᠭᠡᠭᠡᠵᠦ ᠪᠠᠷᠠᠭᠤᠨ ᠬᠤᠰᠢᠭᠤᠨ ᠳᠠᠭᠠᠨ | ᠬᠦᠷᠦᠭᠰᠡᠨ ᠢ ᠪᠠᠨ ᠲᠡᠷᠡ ᠦᠪᠡᠷ ᠢᠶᠠᠨ ᠴᠦ ᠲᠤᠭᠠᠯᠠᠭᠰᠠᠨ ᠦᠭᠡᠢ᠃ ᠪᠠᠶᠠᠷ ᠲᠤᠷᠠᠰᠬᠠᠯ ᠤᠨ ᠡᠳᠦᠷ ᠪᠤᠯᠪᠠᠯ | ᠲᠡᠬᠦᠨ ᠤ ᠨᠢᠭᠡ ᠭᠠᠷᠠᠭ ᠤᠨ ᠡᠮᠤᠨ᠎ᠠ ᠠᠴᠠ ᠰᠤᠷᠭᠤᠭ ᠴᠡᠴᠡᠭ ᠢᠶᠠᠨ ᠲᠤᠰᠬᠤ᠂ ᠠᠷᠠᠴᠢᠯᠡᠵᠦ ᠴᠢᠮᠡᠭᠯᠡᠬᠦ ᠭᠡᠵᠦ | ᠤᠯᠠᠨ ᠲᠡᠯ᠎ᠠ ᠪᠠᠷ ᠶᠠᠭᠠᠷᠠᠬᠤ ᠪᠡ ᠬᠦᠮᠦᠨ ᠬᠦᠮᠦᠨ ᠤ ᠲᠤᠷ᠎ᠠ ᠰᠤᠨᠢᠷᠬᠠᠯ ᠳᠤ ᠲᠠᠭᠠᠷᠠᠭᠤᠯᠵᠦ ᠴᠢᠮᠡᠭᠯᠡᠨᠠ ᠭᠡᠭᠴᠢ | ᠪᠠᠰᠠ ᠲᠠᠷᠢᠬᠢ ᠪᠠᠷᠠᠳᠠᠭ ᠠᠵᠢᠯ ᠶᠤᠮ ᠭᠡᠵᠥ ᠪᠢ ᠪᠤᠳᠤᠵᠦ ᠪᠠᠶᠢᠳᠠᠯ᠎ᠠ᠃ ︽ᠦᠢᠯᠡᠰ ᠪᠤᠰᠬᠠᠬᠤ ᠭᠡᠭᠴᠢ | ᠬᠡᠳᠦ᠋ᠢᠴᠢᠨᠡᠨ ᠬᠦᠴᠢᠷ ᠴᠦ ᠡᠬᠦᠨ ᠢ ᠪᠠᠨ ᠪᠢ ᠲᠤᠭᠤᠯᠵᠦ ᠭᠠᠷᠴᠦ ᠴᠢᠳᠠᠨ᠎ᠠ᠃ ᠪᠢ ᠴᠡᠴᠡᠭ ᠤᠨ | ᠲᠡᠯᠭᠡᠬᠦᠷ ᠤᠨ ᠢᠶᠠᠨ ᠨᠡᠷ᠎ᠠ ᠶᠢ ᠴᠠᠰᠤᠳᠤ ᠠᠭᠤᠯᠠᠠ ᠳᠤ ᠤᠷᠭᠤᠳᠠᠭ ᠸᠠᠠᠰᠧᠮᠪᠠᠷᠦᠦ ᠴᠡᠴᠡᠭ ᠤᠨ ᠨᠡᠷ᠎ᠠ ᠪᠠᠷ ᠨᠡᠷᠡᠯᠡᠪᠡ᠃ | ᠡᠨᠡ ᠪᠤᠯ ᠴᠠᠰᠤᠳᠤ ᠠᠭᠤᠯᠠᠨ ᠳᠤ ᠬᠤᠤᠰ ᠢᠶᠠᠷ ᠢᠶᠠᠨ ᠤᠷᠭᠤᠳᠠᠭ ᠴᠡᠴᠡᠭ᠂ ᠶᠠᠮᠠᠷ ᠴᠦ ᠬᠦᠴᠢᠷ ᠪᠠᠷᠬᠡᠰᠢᠶᠡᠯ ᠢ | ᠲᠠᠭᠠᠵᠦ ᠴᠢᠳᠠᠬᠤ᠂ ᠠᠮᠢᠳᠤᠷᠠᠯ ᠳᠤ ᠪᠠ ᠬᠤᠳᠠᠯᠳᠤᠭ᠎ᠠ ᠠᠷᠠᠯᠵᠢᠶ᠎ᠠ ᠳᠠᠭᠠᠨ ᠨᠤᠭᠤᠷᠠᠯ ᠪᠦᠳᠦᠷᠢᠯ ᠢ ᠲᠠᠪᠠᠵᠦ | ᠴᠢᠳᠠᠨ᠎ᠠ ᠭᠡᠳᠡᠭ ᠢ ᠪᠡᠯᠭᠡᠳᠡᠵᠦ ᠪᠠᠶᠢᠨ᠎ᠠ︾ ᠭᠡᠵᠥ ᠴᠢᠮᠡᠭ ᠲᠡᠯᠭᠡᠬᠦᠷ ᠤᠨ ᠢᠶᠠᠨ ᠲᠤᠬᠠᠢ ᠲᠠᠨᠢᠯᠴᠠᠭᠤᠯᠬᠤ ᠶᠢ | ᠰᠤᠨᠤᠰᠤᠭᠠᠳ ᠴᠡᠴᠡᠭ ᠬᠤᠧᠠᠷ ᠭᠡᠵᠦ ᠬᠦᠮᠦᠰ ᠤᠨ ᠤᠷᠮ᠎ᠠ ᠵᠤᠷᠢᠭ ᠢ ᠡᠷᠴᠢᠯᠡᠳᠡᠭ ᠪᠠᠰᠠ ᠨᠢᠭᠡᠨ ᠦᠢᠯᠡᠳᠦᠯ ᠲᠠᠢ | ᠭᠡᠳᠡᠭ ᠢ ᠮᠡᠳᠡᠯ᠎ᠠ᠃ | | | | | | ᠴᠢᠮᠡᠭ ᠶᠠᠭ ᠯᠡ ᠸᠠᠠᠰᠧᠮᠪᠠᠷᠦᠦ ᠴᠡᠴᠡᠭ ᠮᠡᠳᠦ᠃ ᠲᠡᠷᠡ ᠤᠳᠤ ᠬᠤᠶᠠᠷ ᠬᠡᠤᠬᠡᠳ ᠤᠨ ᠡᠵᠢ ᠪᠤᠯᠵᠠᠢ᠃ | ᠲᠡᠬᠦᠨ ᠤ ᠨᠦᠬᠦᠷ ᠪᠤᠯᠤᠳ ᠨᠢ ᠰᠢᠨ᠎ᠠ ᠪᠠᠷᠭᠤ ᠪᠠᠷᠠᠭᠤᠨ ᠬᠤᠰᠢᠭᠤᠨ ᠤ ᠤᠢ ᠰᠢᠭᠤᠢ ᠶᠢᠨ ᠲᠤᠪᠴᠢᠶᠠᠨ ᠳᠤ | ᠠᠵᠢᠯᠯᠠᠳᠠᠭ ᠪᠤᠯᠬᠤᠷ ᠵᠢᠯ ᠪᠦᠷᠢ ᠶᠢᠨ ᠬᠠᠪᠤᠷ ᠠᠴᠠ ᠡᠪᠤᠯ ᠤᠨ ᠠᠷᠪᠠᠨ ᠨᠢᠭᠡᠨ ᠰᠠᠷ ᠠ ᠪᠤᠯᠳᠠᠯ ᠠ ᠬᠦᠳᠡᠭᠡ | ᠪᠠᠭᠤᠵᠦ ᠶᠠᠭᠠᠷᠠᠳᠠᠭ ᠭᠡᠨ᠎ᠠ᠃ ᠤᠨᠴᠠᠭᠠᠢᠢᠯᠠᠨ ᠤᠷᠴᠢᠮ ᠤᠨ ᠬᠤᠶᠠᠷ ᠵᠢᠯ ᠪᠤᠯᠤᠳ ᠪᠠᠰᠠ ᠭᠠᠴᠠᠭᠠᠠ ᠳᠤ ᠰᠠᠭᠤᠭ᠎ᠠ | ᠶᠠᠳᠠᠭᠤ ᠶᠢ ᠲᠡᠳᠬᠦᠬᠦ ᠺᠠᠳ᠋ᠷ ᠢᠶᠠᠷ ᠪᠠᠭᠤᠭᠰᠠᠨ ᠠᠴᠠ ᠨᠡᠩ ᠴᠦ ᠬᠦᠮᠦᠨ ᠤ ᠪᠠᠷ᠎ᠠ ᠨᠢ ᠬᠠᠷᠠᠭᠳᠠᠬᠤ ᠦᠭᠡᠢ᠃ | ᠲᠡᠭᠡᠭᠡᠭᠰᠡᠠ ᠴᠦ ᠴᠢᠮᠡᠭ ᠨᠦᠬᠦᠷ ᠲᠡᠭᠡᠨ ᠭᠤᠮᠤᠳᠠᠵᠦ ᠤᠴᠠᠭᠠᠷᠯᠠᠳᠠᠭ ᠦᠭᠡᠢ ᠪᠦᠭᠡᠳ ᠠᠯᠪᠠᠨ ᠠᠵᠢᠯ ᠳᠠᠭᠠᠨ | ᠴᠢᠷᠮᠠᠶᠢᠵᠦ ᠠᠷᠠᠳ ᠲᠦᠮᠡᠨ ᠳᠡᠭᠡᠨ ᠲᠤᠰᠠ ᠬᠢᠵᠦ ᠠᠮᠤᠷ ᠲᠦᠪᠰᠢᠨ ᠪᠠᠶᠢᠬᠤ ᠶᠢ ᠯᠡ ᠬᠦᠰᠡᠵᠦ᠂ ᠤᠯᠠᠩᠬᠢ ᠳᠠᠭᠠᠨ | ᠭᠠᠭᠴᠠᠭᠠᠷ ᠢᠶᠠᠨ ᠬᠤᠶᠠᠷ ᠬᠡᠤᠬᠡᠳ ᠢᠶᠠᠨ ᠬᠠᠷᠠᠵᠦ ᠬᠠᠷᠠᠭᠠᠯᠵᠠᠳᠠᠭ᠃ ᠪᠠᠶᠠᠷ ᠲᠤᠷᠠᠰᠬᠠᠯ ᠤᠨ ᠡᠳᠦᠷ ᠶᠠᠭᠠᠷᠠᠦ | ᠪᠤᠯᠪᠠᠯ ᠬᠤᠶᠠᠷ ᠬᠡᠤᠬᠡᠳ ᠤᠨ ᠢᠶᠠᠨ ᠢᠳᠡᠵᠦ ᠤᠤᠭᠤᠬᠤ ᠶᠠᠭᠤᠮ᠎ᠠ ᠶᠢ ᠨᠢ ᠪᠡᠯᠡᠳᠬᠡᠵᠦ ᠦᠭᠬᠦᠭᠡᠳ | ᠬᠤᠶᠠᠭᠤᠯᠠ ᠶᠢ ᠨᠢ ᠭᠡᠷ ᠲᠡᠭᠡᠨ ᠤᠷᠬᠢᠬᠤ ᠪᠤᠶᠤ ᠪᠤᠰᠤᠳ ᠢ ᠭᠤᠶᠤᠵᠦ ᠬᠠᠷᠠᠭᠤᠯᠳᠠᠭ ᠭᠡᠨ᠎ᠠ᠃ ︽ᠡᠵᠢ ᠠᠪᠤ | ᠪᠤᠯᠤᠭᠰᠠᠨ ᠤ ᠬᠤᠪᠢ ᠳᠤ ᠬᠤᠶᠠᠷ ᠬᠡᠤᠬᠡᠳ ᠲᠡᠭᠡᠨ ᠤᠰᠤᠯᠳᠠᠭᠰᠠᠨ ᠮᠡᠳᠦ ᠭᠡᠳᠡᠯ᠎ᠠ ᠮᠠᠨ ᠤ ᠬᠤᠶᠠᠷ ᠬᠡᠤᠬᠡᠳ ᠪᠠᠰᠠ | ᠪᠢᠳᠡ ᠬᠤᠶᠠᠷ ᠤᠨ ᠠᠵᠢᠯ ᠤᠨ ᠴᠢᠨᠠᠷ ᠠᠴᠠ ᠪᠤᠯᠵᠦ ᠪᠠᠭ᠎ᠠ ᠠᠴᠠ ᠪᠠᠨ ᠴᠡᠴᠡᠭ ᠬᠤᠧᠠᠷ ᠢ ᠲᠠᠰᠤᠳᠠᠵᠦ ᠡᠪᠳᠡᠬᠦ | ᠦᠭᠡᠢ᠂ ᠬᠦᠳᠡᠭᠡ ᠭᠠᠷᠴᠦ ᠤᠷᠴᠢᠨ ᠲᠤᠭᠤᠷᠢᠨ ᠢ ᠬᠠᠮᠠᠭᠠᠯᠠᠬᠤ ᠭᠡᠰᠡᠨ ᠢ ᠮᠠᠰᠢ ᠤᠢᠢᠯᠠᠭᠠᠳᠠᠭ ᠪᠤᠯᠪᠠ︾ ᠭᠡᠵᠥ | ᠴᠢᠮᠡᠭ ᠬᠡᠤᠬᠡᠳ ᠢᠶᠠᠨ ᠦᠷᠦᠪᠳᠦᠬᠦ ᠪᠦᠭᠡᠳ ᠦᠪᠡᠷ ᠤᠨ ᠠᠵᠢᠯ ᠦᠢᠯᠡᠰ ᠨᠢ ᠬᠡᠤᠬᠡᠳ ᠲᠡᠭᠡᠨ ᠵᠦᠪ ᠲᠡᠯ᠎ᠠ ᠶᠢᠨ | ᠰᠤᠷᠭᠠᠯ ᠪᠤᠯᠤᠭᠰᠠᠨ ᠳᠠᠭᠠᠨ ᠪᠠᠶᠠᠷᠯᠠᠨ᠎ᠠ᠃ | ᠴᠡᠴᠡᠭ ᠤᠨ ᠰᠠᠶᠢᠬᠠᠨ ᠦᠵᠡᠮᠵᠢ ᠪᠠ ᠠᠩᠬᠢᠯᠤᠮ ᠠ ᠦᠨᠦᠷ ᠤᠨ ᠬᠢᠨ ᠠᠷᠢᠭᠤᠳᠬᠠᠯ ᠳᠤ ᠴᠦ ᠶᠤᠮ ᠤᠤ᠂ | ᠡᠨᠡᠷᠢᠯ ᠵᠢᠷᠦᠮ ᠢ ᠪᠠᠷᠢᠮᠳᠠᠯᠠᠳᠠᠭ ᠴᠢᠮᠡᠭ ᠲᠦᠷᠦᠯ ᠰᠠᠳᠤᠨ ᠤ ᠪᠠᠨ ᠬᠠᠪᠰᠤᠷᠤᠮᠵᠢ ᠲᠡᠮᠵᠢᠯᠭᠡ ᠶᠢ ᠬᠦᠷᠳᠡᠪᠡᠯ | ᠲᠠᠯᠠᠷᠬᠠᠨ ᠶᠠᠪᠤᠳᠠᠭ ᠢᠶᠠᠷ ᠪᠠᠷᠠᠬᠤ ᠦᠭᠡᠢ᠂ ᠦᠪᠡᠷ ᠢᠶᠠᠨ ᠴᠦ ᠪᠤᠰᠤᠳ ᠲᠤ ᠲᠤᠰᠠ ᠪᠤᠯᠵᠦ᠂ ᠲᠦᠷᠬᠦᠮ ᠪᠤᠯᠤᠨ | ᠬᠠᠳᠠᠮ ᠤᠨ ᠲᠡᠯ᠎ᠠ ᠳᠠᠭᠠᠨ ᠮᠠᠰᠢ ᠡᠨᠡᠷᠢᠯ ᠬᠠᠶᠢᠷᠠᠳᠠᠢ᠂ ᠤᠬᠠᠭᠠᠨ ᠲᠤᠮᠤᠭ᠎ᠠ ᠲᠠᠢ ᠦᠬᠢᠨ ᠪᠠ ᠪᠡᠷᠢ ᠬᠦᠮᠦᠨ᠃ | ᠲᠡᠭᠡᠭᠡᠳ ᠮᠦᠨ ᠴᠦ ᠭᠠᠷ ᠤᠷᠠᠨ ᠤᠬᠠᠭᠠᠨ ᠰᠡᠷᠭᠡᠭ ᠬᠠᠳᠠᠮ ᠲᠡᠬᠦᠦ ᠬᠡᠤᠬᠡᠨ ᠲᠤᠯᠢ ᠪᠠᠨ ᠦᠪᠡᠷ ᠤᠨ ᠴᠡᠴᠡᠭ ᠤᠨ | ᠦᠢᠯᠡᠰ ᠲᠡᠭᠡᠨ ᠲᠠᠳᠠᠨ ᠤᠷᠤᠭᠤᠯᠵᠦ᠂ ᠵᠢᠭᠠᠨ ᠵᠢᠯᠤᠭᠤᠳᠤᠯᠭ᠎ᠠ ᠬᠢᠳᠡᠭ᠃ ᠤᠳᠤ ᠲᠤᠯᠢ ᠴᠦ ᠬᠤᠧᠠᠷ ᠴᠡᠴᠡᠭ | ᠠᠷᠠᠴᠢᠯᠡᠵᠦ ᠲᠡᠵᠢᠭᠡᠬᠦ ᠪᠠ ᠪᠤᠷᠤᠯᠠᠭᠤᠯᠭ᠎ᠠ ᠶᠢᠨ ᠲᠡᠯ᠎ᠠ ᠪᠠᠷ ᠮᠡᠷᠭᠡᠰᠢᠭᠰᠡᠨ ᠪᠠᠶᠢᠨ᠎ᠠ᠃ ᠢᠩᠬᠢᠭᠡᠳ ᠬᠤᠵᠢᠮ | ᠬᠤᠶᠢᠰᠢᠳᠠ ᠡᠬᠡᠴᠢ ᠲᠡᠬᠦᠦ ᠬᠤᠶᠠᠭᠤᠯᠠ ᠪᠠᠨ ᠦᠢᠯᠡᠰ ᠢᠶᠠᠨ ᠦᠷᠭᠡᠳᠬᠡᠵᠦ᠂ ᠲᠠᠬᠢᠨ ᠨᠢᠭᠡ ᠬᠤᠪᠢᠶᠠᠷᠢ ᠲᠡᠯᠭᠡᠬᠦᠷ | ᠡᠷᠬᠢᠯᠡᠬᠦ ᠰᠠᠨᠠᠭ᠎ᠠ ᠲᠠᠢ ᠭᠡᠨ᠎ᠠ᠃ | ᠴᠢᠮᠡᠭ ᠪᠤᠯ ᠦᠪᠡᠷ ᠤᠨ ᠠᠮᠢᠳᠤᠷᠠᠯ ᠢᠶᠠᠨ ᠬᠦᠰᠡᠯ ᠴᠢᠷᠮᠠᠶᠢᠯᠭ᠎ᠠ ᠪᠠᠷ ᠢᠶᠠᠨ ᠴᠢᠮᠡᠭᠯᠡᠵᠦ ᠶᠠᠪᠤᠭ᠎ᠠ ᠭᠤᠸ᠎ᠠ | ᠦᠵᠡᠰᠬᠦᠯᠡᠩ ᠪᠦᠰᠡᠬᠦᠢ᠃ ᠪᠢ ᠲᠡᠬᠦᠨ ᠤ ᠰᠤᠷᠭᠤᠭ ᠴᠡᠴᠡᠭ ᠠᠴᠠ ᠨᠢ ᠴᠢᠷᠮᠠᠶᠢᠯᠭ᠎ᠠ ᠶᠢᠨ ᠬᠦᠴᠦᠨ ᠳᠤ ᠲᠡᠯᠭᠡᠷᠡᠬᠦ | ᠴᠡᠴᠡᠭ ᠨᠡᠩ ᠠᠩᠬᠢᠯᠤᠮ᠎ᠠ ᠭᠡᠳᠡᠭ ᠢ ᠤᠬᠠᠯ᠎ᠠ᠃ | | | ᠰᠤᠷᠪᠤᠯᠵᠢᠯᠠᠭᠴᠢ᠄ ᠤᠷᠭᠤᠮᠠᠯ | |