ᠰᠤᠷᠪᠤᠯᠵᠢᠯᠠᠬᠴᠢ ᠤᠷᠴᠢᠮᠬᠠᠨ ᠰᠤᠷᠤᠬᠴᠢ ᠭᠡᠷ ᠤᠨ ᠠᠬᠠᠮᠠᠳ ᠤᠯᠠᠨ ᠤᠷᠤᠯᠴᠠᠭᠰᠠᠨ ᠨᠢᠭᠡᠨ | ᠠᠵᠢᠯᠯᠠᠭ᠎ᠠ ᠶᠢ ᠰᠤᠷᠪᠤᠯᠵᠢᠯᠠᠬᠤ ᠪᠠᠷ ᠬᠦᠷᠦᠭᠰᠡᠨ ᠶᠤᠮ᠃ ᠲᠤᠬᠠᠢ ᠶᠢᠨ ᠳᠠᠯᠠᠪᠠᠢ ᠶᠢᠨ ᠳᠠᠶᠢᠯᠪᠤᠷᠢᠯᠠᠬᠴᠢ ᠶᠢ ᠤᠯᠠᠨ | ᠰᠤᠷᠤᠬᠴᠢ ᠢᠪ ᠰᠢᠬᠠᠯᠴᠠᠨ ᠬᠦᠷᠢᠶᠡᠯᠡᠵᠤ᠂ ᠳᠠᠶᠢᠯᠪᠤᠷᠢᠯᠠᠬᠴᠢ ᠬᠦᠳᠡᠯᠬᠦ ᠵᠠᠢ ᠦᠭᠡᠢ ᠪᠤᠯᠤᠬᠰᠠᠨ ᠳᠤ ᠪᠠᠭᠰᠢ ᠨᠢ | ᠬᠡᠳᠦᠨᠳᠡ ᠬᠤᠶᠢᠰᠢ ᠪᠠᠨ ᠤᠬᠤᠷᠢᠨ ᠵᠤᠬᠰᠤᠬᠤ ᠶᠢ ᠰᠠᠨᠠᠭᠤᠯᠤᠬᠰᠠᠨ ᠪᠤᠯᠪᠠᠴᠤ ᠬᠦᠳᠡᠯᠦᠭᠰᠡᠨ ᠰᠤᠷᠤᠬᠴᠢ ᠦᠭᠡᠢ᠃ | ᠠᠷᠭ᠎ᠠ ᠪᠠᠷᠠᠬᠤ ᠳᠠᠭᠠᠨ ᠪᠠᠭᠰᠢ ᠨᠢ ᠡᠮᠦᠨᠡᠰᠢ ᠤᠴᠢᠵᠤ᠂ ᠰᠤᠷᠤᠬᠴᠢᠳ ᠢ ᠭᠡᠳᠡᠷᠭᠦ ᠰᠢᠭ ᠵᠤᠭᠰᠤᠭᠠᠷᠠᠢ ᠭᠡᠵᠦ | ᠢᠳᠬᠠᠬᠤ ᠶᠢᠨ ᠳᠠᠭᠠᠤ ᠰᠤᠷᠤᠬᠴᠢᠳ ᠢᠶᠠᠨ ᠬᠤᠶᠢᠰᠢ ᠳᠠᠳᠠᠵᠤ ᠪᠠᠶᠢᠪᠠ᠃ ᠡᠨᠡ ᠦᠶ᠎ᠡ ᠳᠤ ᠨᠢᠭᠡᠨ ᠭᠡᠷ ᠤᠨ | ᠠᠬᠠᠮᠠᠳ ᠴᠢᠷᠠᠢ ᠪᠠᠷᠦ᠋ᠢᠵᠤ ᠨᠢᠳᠤ ᠭᠦᠯᠢᠢᠯᠭᠡᠨ᠄ ︽ᠴᠢ ᠮᠢᠨᠤ ᠬᠡᠦᠬᠡᠳ ᠢ ᠶᠠᠭᠤ ᠭᠡᠵᠤ ᠳᠠᠳᠠᠵᠤ ᠪᠠᠶᠢᠬᠤ ᠪᠤᠢ︖ | ︾ ᠭᠡᠵᠤ ᠠᠭᠰᠤᠮᠨᠠᠭᠰᠠᠨ ᠨᠢ ᠨᠠᠳᠠ ᠳᠤ ᠪᠠᠶᠢᠨ ᠳᠠᠬᠢᠨ ᠪᠤᠳᠤᠬᠳᠠᠨ᠎ᠠ᠃ | ᠲᠡᠷᠡ ᠭᠡᠷ ᠤᠨ ᠠᠬᠠᠮᠠᠳ ᠤᠨ ᠬᠡᠯᠡᠭᠰᠡᠨ ᠢ ᠰᠤᠨᠤᠰᠤᠭᠠᠳ ᠬᠡᠦᠬᠡᠳ ᠨᠢ ᠶᠠᠭᠤ ᠭᠡᠵᠤ ᠪᠤᠳᠤᠬᠰᠠᠨ ᠪᠤᠯ | ᠬᠡᠵᠦ ᠪᠢ ᠭᠠᠶᠢᠬᠠᠰᠢᠷᠠᠨᠠ᠃ ᠲᠡᠷᠡ ᠬᠡᠦᠬᠡᠳ ᠴᠤᠬᠤᠮ ᠬᠡᠨ ᠤ ᠪᠤᠷᠤᠭᠤ ᠭᠡᠵᠤ ᠪᠤᠳᠤᠬᠰᠠᠨ ᠪᠤᠯ︖ ᠬᠤᠵᠢᠮ | ᠪᠠᠭᠰᠢ ᠪᠠ ᠭᠡᠷ ᠤᠨ ᠠᠬᠠᠮᠠᠳ ᠤᠨ ᠠᠯᠢᠨ ᠤ ᠬᠢᠨᠢ ᠦᠭᠡ ᠶᠢ ᠰᠤᠨᠤᠰᠴᠤ᠂ ᠠᠯᠢᠨ ᠤ ᠬᠢᠨᠢ ᠨᠦᠯᠦᠭᠡ ᠶᠢ ᠬᠦᠷᠳᠡᠳᠡᠭ | ᠪᠤᠯ︖ ᠰᠢᠯᠭᠠᠯᠳᠠ ᠶᠢ ᠠᠷᠭᠠᠴᠠᠭᠠᠬᠤ ᠰᠤᠷᠭᠠᠨ ᠬᠦᠮᠦᠵᠢᠯ ᠤᠨ ᠳᠠᠷᠤᠯᠳᠠ ᠳᠤᠤᠷ᠎ᠠ ᠭᠡᠷ ᠪᠦᠯᠢ᠂ ᠰᠤᠷᠭᠠᠭᠤᠯᠢ ᠶᠢᠨ | ᠰᠤᠷᠭᠠᠨ ᠬᠦᠮᠦᠵᠢᠯ ᠨᠢ ᠪᠠᠷᠤᠭ ᠯᠡ ᠪᠦᠷ ᠤᠶᠤᠨ ᠮᠡᠳᠡᠯᠭᠡ ᠶᠢ ᠬᠦᠨᠳᠦᠳᠭᠡᠵᠤ᠂ ᠶᠤᠰᠤ ᠮᠤᠷᠠᠯ ᠤᠨ ᠬᠦᠮᠦᠵᠢᠯ ᠢ | ᠬᠦᠩᠭᠡᠪᠴᠢᠯᠡᠵᠤ ᠪᠠᠶᠢᠨ᠎ᠠ᠃ ᠶᠠᠭ ᠡᠶᠢᠮᠦ ᠠᠴᠠ ᠵᠠᠷᠢᠮ ᠬᠦᠮᠦᠰ ᠵᠠᠯᠠᠭᠤ ᠨᠢᠭᠡ ᠦᠶ᠎ᠡ ᠶᠢᠨ ᠬᠢᠨ ᠪᠤᠯ ᠤᠷᠤᠭᠤᠳᠠᠵᠤ | ᠪᠠᠶᠢᠭ᠎ᠠ ᠨᠢᠭᠡ ᠦᠶ᠎ᠡ᠂ ᠬᠦᠨᠳᠦ ᠡᠭᠦᠷᠭᠡ ᠡᠭᠦᠷᠭᠡᠯᠡᠵᠤ ᠴᠢᠳᠠᠬᠤ ᠦᠭᠡᠢ ᠨᠢᠭᠡ ᠦᠶ᠎ᠡ ᠶᠢᠨ ᠬᠢᠨ ᠭᠡᠵᠤ ᠶᠠᠷᠢᠵᠤ | ᠪᠠᠶᠢᠳᠠᠭ᠃ | ᠪᠠᠭᠰᠢ ᠪᠠ ᠭᠡᠷ ᠤᠨ ᠠᠬᠠᠮᠠᠳ ᠪᠤᠯ ᠬᠡᠦᠬᠡᠳ ᠤᠨ ᠦᠰᠦᠨ ᠪᠤᠶᠢᠵᠢᠯᠳᠡ ᠶᠢᠨ ᠳᠤᠮᠳᠠᠬᠢ ᠮᠠᠰᠢ ᠴᠢᠬᠤᠯᠠ | ᠬᠦᠮᠦᠰ ᠶᠤᠮ᠃ ᠳᠡᠳᠡ ᠬᠡᠦᠬᠡᠳ ᠢ ᠬᠦᠳᠦᠯᠦᠨ ᠵᠢᠯᠤᠭᠤᠳᠴᠤ ᠶᠢᠷᠳᠢᠨᠴᠦ ᠶᠢ ᠳᠠᠨᠢᠭᠤᠯᠤᠨ᠂ ᠦᠵᠡᠯᠳᠡ | ᠳᠠᠨᠢᠯᠳᠠ ᠶᠢ ᠨᠢ ᠬᠦᠮᠦᠵᠢᠭᠦᠯᠳᠡᠭ᠃ ᠮᠢᠨᠦ ᠦᠵᠡᠬᠦ ᠪᠠᠷ ᠮᠤᠷᠠᠯ ᠤᠨ ᠬᠦᠮᠦᠵᠢᠯ ᠳᠤ ᠭᠡᠷ ᠪᠦᠯᠢ ᠶᠢᠨ ᠨᠦᠯᠦᠭᠡ ᠨᠡᠩ | ᠢᠯᠡᠭᠦᠦ ᠦᠢᠯᠡᠳᠦᠯ ᠦᠵᠡᠭᠦᠯᠦᠨ᠎ᠡ᠃ ᠭᠡᠷ ᠤᠨ ᠠᠬᠠᠮᠠᠳ ᠪᠤᠯ ᠬᠡᠦᠬᠡᠳ ᠤᠨ ᠳᠠᠭᠤᠷᠢᠶᠠᠯ᠂ ᠳᠠᠭᠤᠷᠢᠶᠠᠯ ᠪᠤᠯᠤᠬᠰᠠᠳ | ᠦᠭᠡ ᠶᠠᠷᠢᠶ᠎ᠠ ᠦᠢᠯᠡ ᠠᠵᠢᠯᠯᠠᠭ᠎ᠠ ᠪᠠᠨ ᠠᠩᠬᠠᠷᠬᠤ ᠴᠢᠬᠤᠯᠠ ᠲᠠᠢ᠃ ᠠᠪᠤ ᠡᠵᠢ ᠨᠢ ᠪᠠᠭᠰᠢ ᠶᠢ ᠬᠦᠨᠳᠦᠳᠬᠡᠬᠦ | ᠦᠭᠡᠢ ᠶᠤᠮ ᠪᠤᠯ ᠬᠡᠦᠬᠡᠳ ᠨᠢ ᠴᠤ ᠪᠠᠭᠰᠢ ᠪᠠᠨ ᠬᠦᠨᠳᠦᠯᠡᠬᠦ ᠦᠭᠡᠢ ᠪᠤᠯᠤᠨ᠎ᠠ᠃ ᠪᠠᠭᠰᠢ ᠪᠠᠨ ᠬᠦᠨᠳᠦᠯᠡᠬᠦ ᠦᠭᠡᠢ | ᠰᠤᠷᠤᠬᠴᠢ ᠬᠢᠴᠢᠶᠡᠯ ᠰᠤᠷᠤᠯᠭ᠎ᠠ ᠳᠠᠭᠠᠨ ᠰᠤᠨᠢᠷᠬᠠᠯ ᠪᠠᠭ᠎ᠠ᠂ ᠮᠡᠳᠡᠯᠭᠡ ᠶᠢᠨ ᠬᠢᠷᠢ ᠲᠦᠪᠰᠢᠨ ᠴᠦ ᠠᠨᠠᠢ ᠪᠤᠯᠵᠤ | ᠮᠡᠳᠡᠨ᠎ᠠ᠃ ᠶᠡᠭᠡ ᠮᠡᠳᠡᠯᠭᠡ ᠮᠡᠷᠭᠡᠵᠢᠯ ᠲᠠᠢ ᠪᠤᠯᠴᠢᠬᠠᠬᠤ ᠪᠠᠷ ᠪᠤᠳᠤᠬᠤ ᠳᠤ ᠪᠠᠭᠰᠢ ᠪᠠᠨ ᠬᠦᠨᠳᠦᠳᠭᠡᠳᠡᠭ ᠦᠭᠡᠢ | ᠰᠤᠷᠤᠬᠴᠢ ᠦᠭᠡᠯᠠᠢ ᠪᠤᠯᠤᠭᠠᠳ ᠦᠷᠦᠭᠡᠯ ᠪᠤᠰᠤᠳ ᠢ ᠨᠡᠩ ᠴᠦ ᠬᠦᠨᠳᠦᠳᠭᠡᠬᠦ ᠦᠭᠡᠢ ᠴᠤ ᠪᠠᠶᠢᠵᠤ ᠮᠡᠳᠡᠨ᠎ᠡ᠃ | ᠡᠶᠢᠮᠦᠷᠬᠦᠦ ᠬᠦᠮᠦᠨ ᠶᠠᠮᠠᠷ ᠶᠡᠭᠡ ᠡᠷᠳᠡᠮ ᠮᠡᠳᠡᠯᠭᠡ ᠲᠠᠢ ᠪᠤᠯᠤᠬᠰᠠᠨ ᠴᠦ ᠨᠡᠶᠢᠬᠡᠮ ᠨᠡᠶᠢᠲᠡ ᠶᠢᠨ ᠵᠢᠮᠡᠯᠡᠯ ᠳᠤ | ᠤᠴᠠᠷᠠᠬᠤ ᠪᠤᠯᠤᠨ᠎ᠠ᠃ ᠶᠤᠰᠤ ᠮᠤᠷᠠᠯ ᠢᠶᠠᠷ ᠳᠤᠲᠠᠮᠠᠭ ᠬᠡᠦᠬᠡᠳ ᠪᠤᠷᠤᠭᠤ ᠵᠠᠮ ᠢᠶᠠᠷ ᠶᠠᠪᠤᠬᠤ ᠳᠤ ᠨᠡᠩ ᠴᠦ ᠠᠮᠠᠷᠬᠠᠨ | ᠪᠠᠶᠢᠳᠠᠭ᠃ | ᠮᠠᠨ ᠤ ᠤᠯᠤᠰ ᠡᠷᠳᠡᠨ ᠠᠴᠠ ᠪᠠᠨ ᠶᠤᠰᠤ ᠰᠤᠷᠳᠠᠬᠤᠨ ᠢ ᠮᠠᠰᠢ ᠬᠦᠨᠳᠦᠳᠭᠡᠨ ᠦᠵᠡᠵᠤ᠂ ᠬᠦᠮᠦᠨ ᠢ | ᠮᠠᠬᠳᠠᠬᠤ ᠦᠭᠡᠨ ᠳᠤ ᠬᠦᠷᠳᠡᠯ᠎ᠡ ᠮᠤᠷᠠᠯ ᠴᠢᠳᠠᠪᠤᠷᠢ ᠬᠤᠤᠰᠯᠠᠬᠰᠠᠨ ᠭᠡᠵᠤ ᠴᠢᠳᠠᠪᠤᠷᠢ ᠶᠢᠨ ᠡᠮᠦᠨ᠎ᠡ ᠮᠤᠷᠠᠯ ᠢ | ᠶᠠᠷᠢᠳᠠᠭ᠃ ᠮᠤᠩᠭᠤᠯ ᠦᠨᠳᠦᠰᠦᠳᠡᠨ ᠴᠦ ᠡᠷᠲᠡ ᠳᠡᠭᠡᠳᠦ ᠦᠶ᠎ᠡ ᠠᠴᠠ ᠪᠠᠨ ᠭᠡᠷ ᠤᠨ ᠰᠤᠷᠭᠠᠯ ᠢ ᠬᠦᠨᠳᠦᠳᠭᠡᠵᠦ᠂ | ᠰᠤᠷᠭᠠᠯ ᠰᠠᠶᠢᠲᠠᠢ ᠠᠶᠢᠯ ᠤᠨ ᠬᠡᠦᠬᠡᠳ ᠢᠶᠠᠷ ᠦᠯᠢᠭᠡᠷ ᠳᠠᠭᠤᠷᠢᠶᠠᠯ ᠪᠤᠯᠭᠠᠬᠰᠠᠭᠠᠷ ᠢᠷᠡᠵᠠᠢ᠃ ᠠᠵᠢᠯ ᠠᠮᠢᠳᠤᠷᠠᠯ ᠤᠨ | ᠳᠤᠮᠳᠠ ᠬᠦᠮᠦᠰ ᠤᠪᠤᠷ ᠤᠨ ᠬᠦᠴᠦᠨ ᠴᠢᠳᠠᠯ ᠢ ᠮᠠᠰᠢ ᠴᠢᠬᠤᠯᠠᠴᠢᠯᠠᠳᠠᠭ᠃ ᠶᠤᠰᠤ ᠮᠤᠷᠠᠯ ᠪᠤᠯ ᠳᠠᠷᠤᠢ ᠪᠢᠳᠡᠨ ᠤ | ᠪᠤᠰᠤᠳ ᠲᠤ ᠬᠠᠨᠳᠤᠬᠤ ᠵᠦᠪ ᠤᠪᠤᠷ᠂ ᠢᠳᠡᠪᠬᠢ ᠤᠪᠤᠷ ᠭᠡᠵᠤ ᠤᠢᠢᠯᠠᠭᠠᠵᠤ ᠪᠤᠯᠤᠨ᠎ᠠ᠃ | ᠬᠡᠦᠬᠡᠳ ᠤᠨ ᠶᠤᠰᠤ ᠮᠤᠷᠠᠯ ᠨᠢᠭᠡ ᠭᠡᠷ ᠪᠦᠯᠢ ᠶᠢᠨ ᠰᠤᠷᠭᠠᠯ ᠰᠤᠷᠳᠠᠯ ᠢ ᠢᠯᠡᠷᠡᠬᠦᠯᠵᠦ ᠪᠠᠶᠢᠬᠤ ᠪᠠᠷ | ᠪᠠᠷᠠᠬᠤ ᠦᠭᠡᠢ᠂ ᠡᠨᠡ ᠬᠦ ᠭᠡᠷ ᠪᠦᠯᠢ ᠶᠢᠨ ᠬᠤᠵᠢᠮ ᠢᠷᠡᠭᠡᠳᠦᠢ ᠲᠠᠢ ᠴᠤ ᠬᠤᠯᠪᠤᠭᠳᠠᠵᠤ ᠪᠠᠶᠢᠳᠠᠭ᠃ ᠰᠤᠷᠭᠠᠯ | ᠰᠠᠶᠢᠳᠠᠢ ᠠᠶᠢᠯ ᠠᠴᠠ ᠮᠤᠷᠠᠯ ᠲᠠᠢ ᠬᠡᠦᠬᠡᠳ ᠬᠦᠮᠦᠵᠢᠭᠳᠡᠨ᠎ᠡ᠂ ᠭᠡᠷ ᠤᠨ ᠠᠬᠠᠮᠠᠳ ᠵᠢᠴᠢ ᠪᠠᠭᠰᠢ ᠨᠠᠷ ᠬᠡᠦᠬᠡᠳ ᠤᠨ | ᠶᠤᠰᠤ ᠮᠤᠷᠠᠯ ᠤᠨ ᠬᠦᠮᠦᠵᠢᠯ ᠢ ᠶᠠᠭᠠᠬᠢᠬᠰᠠᠨ ᠴᠤ ᠤᠮᠳᠤᠭᠠᠢᠢᠯᠠᠵᠤ ᠪᠤᠯᠬᠤ ᠦᠬᠡᠢ᠃ | | |