ᠪᠠᠷᠭᠤ ᠮᠦᠩᠭᠦᠨ ᠵᠠᠰᠠᠯ ᠤᠨ ᠲᠤᠬᠠᠢ
ᠨᠡᠶᠢᠲᠡᠯᠡᠭᠰᠡᠨ ᠴᠠᠭ᠄
2021/3/9
              ᠪᠠᠷᠭᠤ ᠮᠦᠩᠭᠦᠨ ᠵᠠᠰᠠᠯ ᠤᠨ ᠲᠤᠬᠠᠢ                         ᠴᠦᠯᠳᠦᠮ        ᠬᠦᠯᠦᠨ ᠪᠤᠶᠢᠷ ᠤᠨ ᠪᠠᠷᠭᠤᠴᠤᠳ ᠨᠢ ᠨᠡᠶᠢᠭᠡᠮ ᠤᠨ ᠤᠷᠲᠤ ᠤᠳᠠᠭᠠᠨ ᠦᠢᠯᠡᠳᠪᠦᠷᠢᠯᠡᠯ ᠠᠮᠢᠳᠤᠷᠠᠯ ᠤᠨ ᠬᠡᠷᠡᠭᠴᠡᠭᠡ ᠠᠴᠠ ᠪᠤᠯᠵᠤ᠂ ᠭᠠᠷ ᠤᠷᠠᠯᠠᠯ ᠤᠨ ᠪᠦᠲᠦᠭᠡᠭᠳᠡᠬᠦᠨ ᠢ ᠦᠪᠡᠷᠲᠡᠭᠡᠨ ᠤᠷᠠᠯᠠᠨ ᠪᠦᠲᠦᠭᠡᠵᠦ ᠡᠳ᠋ᠯᠡᠵᠦ ᠬᠡᠷᠡᠭᠯᠡᠳᠡᠭ ᠵᠠᠩᠰᠢᠯ ᠲᠠᠢ ᠪᠦᠭᠡᠳ ᠨᠡᠶᠢᠭᠡᠮ ᠤᠨ ᠬᠦᠭᠵᠢᠯᠲᠡ ᠶᠢᠨ ᠳᠤᠮᠳᠠ ᠰᠤᠩᠭᠤᠳᠠᠭ ᠭᠠᠷ ᠤᠷᠠᠯᠠᠯ ᠪᠤᠯᠬᠤ ᠠᠯᠲᠠ ᠮᠦᠩᠭᠦᠨ ᠤ ᠳᠠᠷᠬ᠎ᠠ ᠶᠢ ᠴᠦ ᠦᠪᠡᠰᠦᠪᠡᠨ ᠬᠢᠵᠦ᠂ ᠤᠷᠴᠢᠨ ᠦᠶ᠎ᠡ ᠬᠦᠷᠲᠡᠯ᠎ᠡ ᠬᠢᠵᠦ ᠪᠦᠲᠦᠭᠡᠭᠰᠡᠭᠡᠷ ᠢᠷᠡᠵᠡᠢ᠃ ᠳᠤᠤᠷ᠎ᠠ ᠪᠠᠷᠭᠤᠴᠤᠳ ᠤᠨ ᠮᠦᠩᠭᠦᠨ ᠵᠠᠰᠠᠯ ᠤᠨ ᠲᠤᠬᠠᠢ ᠲᠤᠪᠴᠢ ᠲᠠᠨᠢᠯᠴᠠᠭᠤᠯᠤᠶ᠎ᠠ᠃        ᠵᠠᠩᠭᠠᠨ ᠤ ᠮᠦᠩᠭᠦᠨ ᠴᠢᠮᠡᠭᠯᠡᠯ        ᠪᠠᠷᠭᠤᠴᠣᠳ ᠨᠢᠷᠡᠢ ᠬᠡᠦᠬᠡᠳ ᠤᠨ ᠢᠶᠠᠨ ᠵᠠᠩᠭᠠᠨ ︵ᠦᠯᠦᠭᠡᠢ︶ ᠳᠤ ᠮᠦᠩᠭᠦᠨ ᠴᠢᠮᠡᠭᠯᠡᠯ ᠬᠢᠳᠡᠭ᠃ ᠡᠶᠢᠮᠣ ᠵᠠᠰᠠᠯ ᠳᠤ ᠮᠦᠩᠭᠦᠨ ᠨᠣᠮᠣ ᠰᠣᠮᠣ᠂ ᠬᠤᠩᠬᠤ᠂ ᠭᠤᠷᠭᠢ ᠵᠡᠷᠭᠡ ᠪᠣᠢ᠃        ᠮᠦᠩᠭᠦᠨ ᠨᠣᠮᠣ ᠰᠣᠮᠣ ᠨᠢ ᠨᠢᠭᠡ ᠪᠢᠴᠢᠬᠠᠨ ᠨᠣᠮᠣ ᠳᠠᠭᠠᠨ ᠨᠢᠭᠡ ᠰᠣᠮᠣ ᠶᠢ ᠲᠠᠭᠠᠷᠠᠭᠤᠯᠵᠣ ᠭᠠᠩᠨᠠᠨ ᠲᠣᠭᠳᠠᠭᠠᠳᠠᠭ᠃ ᠮᠦᠩᠭᠦᠨ ᠬᠤᠩᠬᠤ ᠨᠢ 3 — 5 ᠬᠡᠰᠡᠭ ᠪᠠᠶᠢᠳᠠᠭ᠃ ᠮᠦᠩᠭᠦᠨ ᠬᠤᠩᠬᠤ ᠨᠢᠭᠡ ᠪᠦᠷᠢ ᠨᠢ ᠪᠦᠭᠡᠷᠡᠩᠬᠡᠢ ᠵᠣᠣᠪᠠᠩ ᠬᠡᠯᠪᠡᠷᠢᠳᠡᠢ᠂ ᠲᠣᠮᠳᠠ ᠪᠠᠨ ᠬᠦᠨᠳᠡᠢ ᠪᠠᠶᠢᠵᠣ᠂ ᠲᠣᠣᠷᠠᠳᠣ ᠲᠠᠯ᠎ᠠ ᠳᠠᠭᠠᠨ ᠨᠠᠷᠢᠨ ᠠᠮᠠᠳᠠᠢ᠂ ᠲᠣᠳᠣᠷ᠎ᠠ ᠨᠢ ᠮᠦᠬᠦᠯᠢᠭ ᠬᠡᠯᠡ ᠲᠠᠢ ᠪᠣᠯᠬᠤᠷ ᠬᠦᠳᠡᠯᠭᠡᠬᠦ ᠪᠦᠷᠢ ᠬᠠᠷᠴᠢᠬᠢᠨᠠᠨ ᠲᠣᠣᠭᠠᠷᠳᠠᠭ᠃        ᠮᠦᠩᠭᠦᠨ ᠨᠣᠮᠣ ᠰᠣᠮᠣ ᠶᠢ ᠵᠠᠩᠭᠠᠨ ᠤ ᠲᠣᠯᠣᠭᠠᠢ ᠶᠢᠨ ᠲᠡᠭᠡᠳᠣ ᠵᠠᠬ᠎ᠠ ᠳᠤ ᠬᠠᠳᠠᠵᠣ ᠮᠦᠩᠭᠦᠨ ᠬᠤᠩᠬᠤ ᠶᠢ ᠨᠣᠮᠣ ᠰᠣᠮᠣ ᠶᠢᠨ ᠲᠣᠣᠷ᠎ᠠ ᠨᠢ ᠬᠠᠳᠠᠳᠠᠭ᠃        ᠵᠠᠩᠭᠠᠨ ᠳᠤ ᠭᠤᠷᠪᠠᠨ ᠪᠦᠰᠡ ᠲᠠᠢ᠂ ᠲᠡᠭᠦᠨ ᠢ ᠰᠣᠷ ᠪᠣᠶᠣ ᠪᠦᠰ ᠢᠶᠠᠷ ᠬᠢᠳᠡᠭ᠃ ᠪᠦᠰᠠᠨ ᠳᠤᠨᠢ ᠮᠦᠩᠭᠦᠨ ᠭᠤᠷᠬᠢ ᠪᠣᠶᠣ ᠭᠠᠷᠠᠬ᠎ᠠ ᠲᠠᠭᠠᠷᠠᠭᠤᠯᠳᠠᠭ᠃        ᠨᠣᠮᠣ ᠰᠣᠮᠣ᠂ ᠬᠤᠩᠬᠤ᠂ ᠭᠠᠷᠠᠬ᠎ᠠ ᠵᠡᠷᠭᠡ ᠶᠢ ᠬᠦᠪᠡᠭᠦᠳ ᠦᠭᠢᠳ ᠭᠡᠵᠦ ᠢᠯᠭᠠᠯ ᠦᠭᠡᠢ ᠪᠠᠷ ᠵᠠᠩᠭᠠᠨ ᠳᠤᠨᠢ ᠬᠡᠷᠡᠭᠯᠡᠨ᠎ᠡ᠃ ᠡᠳᠡᠭᠡᠷ ᠮᠦᠩᠭᠦᠨ ᠴᠢᠮᠡᠭᠯᠡᠯ ᠨᠢ ᠦᠷ᠎ᠡ ᠬᠡᠦᠬᠡᠳ ᠤᠨ ᠢᠶᠠᠨ ᠡᠷᠡᠭᠦᠯ ᠮᠡᠨᠳᠣ᠂ ᠡᠩᠭᠡ ᠠᠮᠣᠭᠤᠯᠠᠩ ᠦᠰᠦᠨ ᠪᠤᠶᠢᠵᠢᠬᠤ ᠶᠢ ᠪᠡᠯᠭᠡᠳᠡᠭᠦ ᠵᠢᠴᠢ ᠭᠤᠶᠣᠯᠠᠨ ᠴᠢᠮᠡᠭᠯᠡᠬᠦ ᠦᠢᠯᠡᠳᠣᠯ ᠲᠠᠢ᠃ ᠲᠡᠭᠡᠷᠡᠬᠢ ᠮᠦᠩᠭᠦᠨ ᠵᠠᠰᠠᠯ ᠢ ᠨᠢᠷᠡᠢ ᠬᠡᠦᠬᠡᠳ ᠬᠦᠯ ᠳᠤ ᠣᠷᠣᠵᠣ ᠶᠠᠪᠣᠵᠣ ᠴᠢᠳᠠᠬᠤ ᠲᠠᠢ ᠵᠡᠷᠭᠡ᠂ ᠲᠡᠪᠡᠯ ᠤᠨ ᠭᠢᠨᠢ ᠠᠷᠦ ᠮᠦᠷᠦᠨ ᠳᠤ ᠲᠣᠰᠬᠠᠢ ᠰᠠᠭᠤᠷᠢ ᠬᠢᠵᠦ ᠬᠠᠳᠠᠳᠠᠭ᠃ ᠡᠨᠡ ᠰᠠᠭᠤᠷᠢ ᠶᠢ ᠨᠢ ᠬᠤᠷᠭᠤᠢ ᠲᠣᠷᠭ᠎ᠠ ᠪᠠᠷ ᠣᠷᠳᠣ ᠲᠦᠷᠪᠡᠯᠵᠢᠨ ᠬᠢᠵᠦ᠂ ᠵᠠᠬ᠎ᠠ ᠬᠦᠪᠡᠭᠡ ᠪᠠᠷ ᠨᠢ ᠲᠣᠣᠵᠠ ᠪᠠᠷ ᠴᠢᠮᠡᠭᠯᠡᠬᠦ ᠪᠣᠶᠣ ᠲᠣᠷᠭᠠᠨ ᠣᠳᠠᠰᠣ ᠪᠠᠷ ᠬᠠᠳᠬᠤᠮᠠᠯ ᠬᠠᠳᠬᠤᠵᠣ ᠴᠢᠮᠡᠭᠯᠡᠳᠡᠭ᠃ ᠡᠨᠡ ᠨᠢ ᠨᠢᠷᠡᠢ ᠬᠡᠦᠬᠡᠳ᠂ ᠭᠡᠷ ᠤᠨ ᠭᠠᠳᠠᠭᠤᠷ ᠲᠣᠭᠯᠠᠨ ᠨᠠᠭᠠᠳᠬᠤ ᠳᠤ ᠪᠠᠶᠢᠩᠭᠤ ᠬᠠᠩᠬᠢᠨᠠᠨ ᠲᠣᠣᠭᠠᠷᠴᠣ ᠪᠠᠶᠢᠳᠠᠭ ᠪᠣᠯᠬᠤᠷ ᠣᠨᠠᠵᠣ ᠳᠤᠰᠬᠤ᠂ ᠮᠠᠯ ᠤᠨ ᠬᠦᠯ ᠳᠤ ᠲᠠᠭᠠᠷᠢᠭᠳᠠᠬᠤ ᠮᠡᠳᠣ ᠬᠡᠪ ᠤᠨ ᠪᠣᠰᠣ ᠪᠠᠶᠢᠳᠠᠯ ᠭᠠᠷᠬᠤ ᠠᠴᠠ ᠣᠷᠢᠳᠴᠢᠯᠠᠨ ᠰᠡᠷᠭᠡᠶᠢᠯᠡᠵᠦ᠂ ᠴᠠᠭ ᠲᠠᠷᠣᠢ ᠳᠤᠨᠢ ᠲᠣᠰᠠᠯᠠᠨ ᠠᠪᠣᠷᠠᠬᠤ ᠳᠤ ᠮᠠᠰᠢ ᠵᠣᠬᠢᠴᠠᠵᠠᠢ᠃                         ᠬᠡᠳᠡ        ᠬᠡᠳᠡ ᠪᠣᠯ ᠭᠠᠯ ᠭᠠᠷᠭᠠᠳᠠᠭ ᠪᠠᠭᠠᠵᠢ ᠶᠣᠮ᠃ ᠲᠡᠭᠦᠨ ᠤ ᠭᠠᠯ ᠭᠠᠷᠭᠠᠳᠠᠭ ᠡᠳ᠋ ᠨᠢ ᠲᠣᠰᠬᠠᠢ ᠲᠡᠮᠦᠷ ᠬᠢᠴᠡᠲᠡᠢ ᠭᠠᠩ ᠪᠦᠬᠦᠢ ᠡᠳ᠋ ᠪᠠᠶᠢᠳᠠᠭ ᠪᠦᠭᠡᠳ ᠪᠣᠰᠣᠳ ᠵᠦᠢᠯ ᠢ ᠨᠢ ᠲᠣᠰᠬᠠᠢ ᠬᠢᠭᠰᠡᠨ ᠠᠷᠠᠰᠣᠨ ᠡᠳ᠋ᠯᠡᠯ ᠢᠶᠠᠷ ᠬᠢᠳᠡᠭ᠃ ᠪᠠᠰᠠ ᠡᠨᠡ ᠬᠦ ᠭᠠᠳᠠᠷ ᠤᠨ ᠲᠡᠭᠡᠭᠦᠷ ᠨᠢ ᠵᠢᠵᠢᠭ ᠮᠦᠩᠭᠦᠨ ᠬᠤᠸᠠᠷ ᠭᠠᠷᠭᠠᠵᠣ ᠬᠠᠳᠠᠳᠠᠭ᠃ ᠡᠶᠢᠮᠣ ᠬᠤᠸᠠᠷ ᠨᠢ ᠪᠠᠰᠠ ᠮᠦᠩᠭᠦᠨ ᠬᠠᠳᠠᠭᠠᠰᠣ ᠪᠠᠷ ᠬᠠᠳᠠᠭᠳᠠᠨ᠎ᠠ᠃        ᠲᠡᠭᠦᠨ ᠤ ᠣᠯᠠ ᠭᠡᠵᠦ ᠲᠣᠰᠬᠠᠢ ᠬᠢᠭᠰᠡᠨ ᠴᠠᠭᠠᠨ ᠰᠢᠷᠬᠡᠭᠯᠢᠭ ᠴᠢᠯᠠᠭᠤ ᠲᠠᠢ᠃ ᠣᠯᠠ ᠪᠠᠨ ᠴᠢᠯᠠᠭᠤᠨ ᠤ ᠢᠷ ᠢᠶᠠᠷ ᠴᠣᠬᠢᠪᠠᠯ ᠭᠠᠯ ᠭᠠᠷᠭᠠᠵᠣ ᠴᠢᠳᠠᠳᠠᠭ        ᠮᠦᠩᠭᠦᠨ ᠬᠢᠳᠤᠭ᠎ᠠ        ᠪᠠᠷᠭᠤᠴᠣᠳ ᠮᠦᠩᠭᠦᠨ ᠬᠢᠳᠤᠭ᠎ᠠ ᠬᠡᠷᠡᠭᠯᠡᠳᠡᠭ᠃ ᠪᠦᠰᠡᠳᠡᠶᠢᠴᠣᠳ ᠨᠢ ᠮᠦᠩᠭᠦᠨ ᠬᠢᠳᠤᠭ᠎ᠠ ᠰᠣᠪᠢᠳᠠᠵᠣ ᠶᠠᠪᠣᠳᠠᠭ᠃ ᠭᠡᠷ ᠡᠷᠦᠬᠡ ᠳᠡᠭᠡᠨ ᠴᠣ᠋ ᠮᠦᠩᠭᠦᠨ ᠬᠢᠳᠤᠭ᠎ᠠ ᠬᠡᠷᠡᠭᠯᠡᠳᠡᠭ᠃        ᠮᠦᠩᠭᠦᠨ ᠬᠢᠳᠤᠭ᠎ᠠ ᠶᠢᠨ ᠡᠰᠢ᠂ ᠬᠤᠢ ᠶᠢ ᠮᠦᠩᠭᠦ ᠪᠠᠷ ᠴᠢᠮᠡᠭᠯᠡᠨ ᠭᠤᠶᠣᠳᠠᠭ᠃ ᠬᠢᠳᠤᠭ᠎ᠠ ᠶᠢᠨ ᠡᠰᠢ ᠶᠢ ᠴᠢᠨᠠᠷ ᠰᠠᠶᠢᠳᠠᠢ ᠮᠣᠳᠣ᠂ ᠶᠠᠰᠣ᠂ ᠡᠪᠡᠷ ᠢᠶᠠᠷ ᠬᠢᠬᠦ ᠨᠢ ᠭᠤᠣᠯᠳᠠᠢ᠃ ᠬᠤᠢ ᠨᠢ ᠴᠣ᠋ ᠡᠰᠢ ᠲᠠᠢ ᠪᠠᠨ ᠠᠳᠠᠯᠢ ᠪᠠᠶᠢᠨ᠎ᠠ᠃ ᠡᠰᠢ ᠪᠠᠨ ᠮᠦᠩᠭᠦ ᠪᠠᠷ ᠴᠢᠮᠡᠭᠯᠡᠨ ᠬᠦᠳᠡᠷᠯᠡᠨ᠎ᠡ᠃ ᠡᠰᠢᠨ ᠤ ᠣᠭ ᠲᠤ ᠪᠢᠳᠡᠭᠦᠦ ᠮᠦᠩᠭᠦᠨ ᠲᠣᠭᠳᠣᠢ ᠣᠭᠯᠠᠵᠣ ᠲᠠᠭᠠᠷᠠᠭᠤᠯᠣᠨ᠎ᠠ᠃ ᠬᠢᠳᠣᠭᠠᠨ ᠤ ᠣᠭ ᠲᠤ ᠮᠦᠩᠭᠦᠨ ᠪᠠᠷᠳᠠᠭ ᠬᠢᠵᠦ ᠬᠠᠳᠠᠳᠠᠭ᠃ ᠬᠢᠳᠣᠭᠠᠨ ᠤ ᠬᠤᠢ ᠶᠢ ᠮᠦᠨ ᠢᠵᠢᠯ ᠮᠣᠳᠣ᠂ ᠶᠠᠰᠣ᠂ ᠡᠪᠡᠷ ᠢᠶᠠᠷ ᠬᠢᠵᠦ᠂ ᠲᠡᠭᠦᠨ ᠤ ᠣᠭ ᠲᠤ ᠪᠢᠳᠡᠭᠦᠦ ᠮᠦᠩᠭᠦᠨ ᠲᠣᠭᠳᠣᠢ ᠬᠢᠨ᠎ᠡ᠃ ᠲᠣᠭᠳᠣᠢ ᠶᠢᠨ ᠠᠮᠠᠰᠠᠷ ᠲᠤ ᠪᠠᠰᠠ ᠲᠣᠭᠳᠣᠢ ᠯᠤᠭ᠎ᠠ ᠠᠳᠠᠯᠢᠪᠳᠣᠷ ᠣᠷᠳᠣ᠂ ᠲᠡᠭᠡᠷ᠎ᠡ ᠲᠠᠯ᠎ᠠ ᠳᠠᠭᠠᠨ ᠬᠢᠳᠤᠭ᠎ᠠ ᠬᠢᠬᠦ ᠵᠠᠢ ᠲᠠᠢ ᠲᠣᠭᠳᠣᠢ ᠴᠢᠩᠭ᠎ᠠ ᠲᠠᠭᠠᠷᠠᠭᠤᠯᠳᠠᠭ᠃ ᠲᠣᠮᠳᠠᠬᠢ ᠵᠠᠢ ᠳᠤ 2 — 3 ᠮᠦᠩᠭᠦᠨ ᠪᠦᠯᠡᠵᠢ ︵ᠪᠦᠯᠡᠵᠡᠭ︶ ᠶᠢ ᠲᠡᠩᠴᠡᠭᠦᠦ ᠵᠠᠢ ᠲᠠᠢ ᠪᠠᠷ ᠪᠣᠭᠤᠳᠠᠭ᠃ ᠡᠨᠡ ᠪᠣᠯ ᠰᠠᠪᠬ᠎ᠠ ᠬᠢᠳᠡᠭ ᠦᠭᠡᠢ ᠬᠤᠢ ᠪᠣᠯᠣᠨ᠎ᠠ᠃ ᠬᠡᠷᠪᠡ ᠰᠠᠪᠬ᠎ᠠ ᠬᠢᠳᠡᠭ ᠬᠢᠳᠤᠭ᠎ᠠ ᠪᠣᠯ ᠰᠠᠪᠬ᠎ᠠ ᠬᠢᠬᠦ ᠨᠦᠬᠡ ᠪᠦᠬᠦᠢ ᠮᠦᠩᠭᠦᠨ ᠴᠣᠷᠭᠤ ᠨᠠᠮᠠᠨ ᠬᠤᠢ ᠶᠢᠨ ᠠᠷᠣ ᠲᠠᠯ᠎ᠠ ᠳᠤ ᠲᠠᠭᠠᠷᠠᠭᠤᠯᠵᠣ ᠭᠠᠩᠨᠠᠳᠠᠭ᠃ ᠰᠠᠪᠬ᠎ᠠ ᠨᠢ ᠶᠠᠰᠣ ᠪᠠᠶᠢᠬᠤ ᠨᠢ ᠣᠯᠠᠨ ᠲᠠᠢ᠂ ᠰᠠᠪᠬᠠᠨ ᠤ ᠣᠭ ᠲᠤ ᠪᠠᠰᠠ ᠮᠦᠩᠭᠦᠨ ᠲᠣᠭᠳᠣᠢ ᠬᠢᠳᠡᠭ᠃ ᠬᠤᠢ ᠶᠢᠨ ᠲᠡᠭᠡᠳᠣ ᠪᠡᠶ᠎ᠡ ᠶᠢᠨ ᠠᠷᠣ ᠭᠦᠪᠡᠭᠡᠨ ᠳᠤ ᠮᠦᠩᠭᠦᠨ ᠰᠦᠪᠡᠭᠴᠢ ᠭᠠᠩᠨᠠᠳᠠᠭ᠃ ᠡᠨᠡ ᠰᠦᠪᠡᠭᠴᠢ ᠠᠴᠠ ᠮᠦᠩᠭᠦᠨ ᠰᠦᠯᠵᠢᠮᠡᠷ ᠣᠭᠯᠠᠨ ᠲᠠᠭᠠᠷᠠᠭᠤᠯᠵᠣ᠂ ᠠᠷᠣ ᠪᠦᠰᠡᠨ ᠠᠴᠠ ᠰᠣᠪᠢᠳᠠᠳᠠᠭ᠃ ᠰᠦᠯᠵᠢᠮᠡᠷ ᠤᠨ ᠦᠵᠦᠭᠦᠷ ᠲᠤ ᠮᠦᠩᠭᠦᠨ ᠵᠣᠭᠤᠰ ᠪᠣᠶᠣ ᠵᠢᠵᠢᠭ ᠲᠣᠩ ᠮᠡᠳᠣ ᠶᠢ ᠬᠠᠳᠠᠵᠣ ᠣᠯᠠᠮ ᠭᠤᠶᠣᠯᠠᠳᠠᠭ᠃ ᠬᠢᠳᠤᠭ᠎ᠠ ᠪᠣᠯ ᠡᠳᠣᠷ ᠲᠣᠳᠣᠮ ᠤᠨ ᠡᠳ᠋ᠯᠡᠯ ᠪᠣᠯᠬᠤ ᠪᠠᠷ ᠪᠠᠷᠠᠬᠤ ᠦᠭᠡᠢ᠂ ᠭᠤᠶᠣᠯᠠᠯ᠂ ᠪᠡᠶ᠎ᠡ ᠬᠠᠮᠠᠭᠠᠯᠠᠬᠤ ᠵᠠᠪᠰᠡᠭ ᠴᠣ᠋ ᠪᠣᠯᠣᠨ᠎ᠠ᠃        ᠬᠢᠳᠤᠭ᠎ᠠ ᠵᠡᠭᠦᠭᠰᠡᠨ ᠪᠦᠰᠡᠳᠡᠢ ᠬᠦᠮᠦᠨ ᠠᠶᠢᠯ ᠳᠤ ᠣᠷᠣᠬᠤ ᠳᠤ ᠬᠦᠷᠪᠡᠯ᠂ ᠬᠢᠳᠤᠭ᠎ᠠ ᠪᠠᠨ ᠪᠠᠭᠤᠯᠭᠠᠳᠠᠭ ᠵᠠᠩᠰᠢᠯ ᠲᠠᠢ᠃ ᠬᠦᠮᠦᠨ ᠳᠤ ᠬᠢᠳᠤᠭ᠎ᠠ ᠭᠠᠷᠳᠠᠭᠤᠯᠵᠣ ᠦᠭᠬᠦ ᠪᠣᠯ ᠡᠰᠢ ᠪᠠᠷ ᠨᠢ᠂ ᠢᠷ ᠢ ᠨᠢ ᠲᠣᠷᠣᠭᠰᠢ ᠬᠠᠷᠠᠭᠤᠯᠵᠣ ᠦᠭᠳᠡᠭ ᠲᠠᠳᠬᠠᠯ ᠲᠠᠢ᠃                 ᠮᠠᠯᠠᠭᠠᠢ ᠶᠢᠨ ᠭᠠᠳᠠ    ᠪᠠᠷᠭᠤᠴᠣᠳ ᠮᠠᠯᠠᠭᠠᠢ ᠶᠢᠨ ᠣᠷᠣᠢ ᠲᠡᠭᠡᠷ᠎ᠡ ᠵᠠᠩᠬᠢᠳᠣᠮᠠᠯ ᠪᠣᠶᠣ ᠱᠢᠷᠣᠨ ᠭᠠᠳᠠ ︵ᠭᠠᠳᠢ ᠴᠣ᠋ ᠭᠡᠳᠡᠭ︶ ᠬᠢᠳᠡᠭ᠃ ᠱᠢᠷᠦ ᠶᠢ ᠮᠦᠩᠭᠦᠨ ᠰᠠᠭᠤᠷᠢᠨ ᠲᠡᠭᠡᠷ᠎ᠡ ᠰᠠᠭᠤᠯᠭᠠᠳᠠᠭ᠃ ᠮᠦᠩᠭᠦᠨ ᠰᠠᠭᠤᠷᠢ ᠨᠢ ᠲᠡᠭᠡᠭᠰᠢ ᠬᠠᠨᠳᠣᠬᠰᠠᠨ ᠳᠦᠭᠦᠷᠢᠭ ᠬᠡᠯᠪᠡᠷᠢ ᠲᠠᠢ᠂ ᠢᠷᠣᠭᠠᠷ ᠨᠢ ᠲᠡᠭᠰᠢ᠃ ᠡᠰᠡᠭᠦᠯ᠎ᠡ ᠲᠣᠷᠣᠭᠰᠢ ᠬᠠᠨᠳᠣᠭᠰᠠᠨ ᠲᠠᠯ᠎ᠠ ᠴᠠᠭᠠᠷᠢᠭ ᠴᠣ᠋ ᠪᠣᠢ᠃ ᠡᠭᠦᠨ ᠤ ᠲᠣᠣᠷᠠᠳᠣ ᠪᠡᠶ᠎ᠡ ᠳᠤ ᠡᠷᠬᠢᠭᠦᠯᠭᠡ ᠪᠦᠬᠦᠢ ᠰᠢᠯᠪᠢ ᠭᠠᠩᠨᠠᠵᠣ ᠮᠠᠯᠠᠭᠠᠢ ᠶᠢ ᠴᠣᠭᠤᠯᠵᠣ ᠭᠦᠪᠡᠭᠡ ᠪᠠᠷ ᠨᠢ ᠰᠢᠷᠭᠤᠭᠤᠯᠣᠨ ᠣᠷᠣᠭᠤᠯᠵᠣ ᠱᠣᠷᠠᠭ ᠢᠶᠠᠷ ᠲᠣᠭᠳᠠᠭᠠᠨ᠎ᠠ᠃ ᠱᠢᠷᠣᠨ ᠭᠠᠳᠠ ᠶᠢ ᠰᠠᠭᠤᠷᠢ ᠲᠡᠭᠡᠷ᠎ᠡ ᠲᠣᠭᠳᠠᠭᠠᠬᠤ ᠳᠠᠭᠠᠨ ᠮᠦᠩᠭᠦᠨ ᠤ ᠨᠠᠭᠠᠯᠳᠠ ᠪᠠᠷ ᠪᠠᠳᠣ ᠭᠠᠩᠨᠠᠳᠠᠭ᠃                ᠮᠠᠯᠠᠭᠠᠢ ᠶᠢᠨ ᠬᠤᠸᠡᠶᠠᠯ        ᠮᠠᠯᠠᠭᠠᠢ ᠶᠢᠨ ᠬᠤᠸᠠᠶᠠᠯ ︵ᠬᠤᠸᠠᠶᠣᠣᠷ ᠴᠣ᠋ ᠭᠡᠳᠡᠭ︶ ᠢ ᠮᠠᠯᠠᠭᠠᠢ ᠶᠢᠨ ᠮᠠᠩᠨᠠᠢ ᠳᠤ ᠬᠠᠳᠠᠳᠠᠭ ᠶᠣᠮ᠃ ᠬᠤᠸᠠᠶᠠᠯ ᠨᠢ ᠣᠯᠠᠭᠠᠨ ᠱᠢᠷᠣ ᠪᠠᠶᠢᠳᠠᠭ ᠪᠦᠭᠡᠳ ᠨᠢᠭᠡ ᠪᠠᠶᠢᠳᠠᠭ᠃ ᠶᠡᠭᠡ ᠪᠠᠭ᠎ᠠ ᠨᠢ ᠠᠳᠠᠯᠢ ᠦᠭᠡᠢ᠂ ᠵᠠᠷᠢᠮ ᠳᠠᠭᠠᠨ ᠲᠦᠭᠦᠷᠢᠭ ᠪᠣᠶᠣ ᠵᠣᠣᠪᠠᠩ ᠴᠣ᠋ ᠪᠠᠶᠢᠬᠤ ᠨᠢ ᠪᠣᠢ᠃ ᠱᠢᠷᠦ ᠪᠠᠨ ᠮᠦᠩᠭᠦᠨ ᠰᠠᠭᠤᠷᠢ ᠲᠡᠭᠡᠷ᠎ᠡ ᠰᠠᠭᠤᠯᠭᠠᠳᠠᠭ᠃ ᠰᠠᠭᠤᠷᠢ ᠨᠢ ᠱᠢᠷᠦ ᠲᠠᠢ ᠪᠠᠨ ᠶᠠᠭ ᠠᠳᠠᠯᠢ ᠲᠠᠭᠠᠷᠠᠮᠠᠯ ᠬᠡᠮᠵᠢᠶ᠎ᠡ ᠲᠠᠢ᠃ ᠰᠠᠭᠤᠷᠢ ᠶᠢᠨ ᠲᠡᠭᠡᠳᠣ ᠲᠠᠯ᠎ᠠ ᠳᠤᠨᠢ ᠱᠢᠷᠦ ᠪᠠᠨ ᠮᠦᠩᠭᠦᠨ ᠤ ᠨᠠᠭᠠᠯᠳᠠ ᠪᠠᠷ ᠪᠠᠳᠣ ᠲᠣᠭᠳᠠᠭᠠᠳᠠᠭ᠃ ᠰᠠᠭᠤᠷᠢ ᠶᠢᠨ ᠲᠡᠭᠡᠳᠣ ᠢᠷᠮᠡᠭ ᠲᠤᠨᠢ ᠪᠠᠶᠢᠳᠠᠭ ᠨᠢ ᠱᠢᠷᠦ ᠪᠠᠨ ᠪᠠᠭᠢᠯᠡᠬᠦ ᠶᠢᠨ ᠬᠠᠮᠳᠣ ᠮᠠᠯᠠᠭᠠᠢ ᠳᠤ ᠪᠠᠷᠢᠵᠣ ᠣᠳᠠᠰᠣ ᠪᠠᠷ ᠬᠠᠳᠠᠬᠤ ᠳᠤ ᠲᠦᠭᠦᠮ ᠪᠣᠯᠭᠠᠵᠠᠢ᠃                ᠪᠦᠰᠠᠨ ᠤ ᠮᠦᠩᠭᠦᠨ ᠭᠤᠷᠭᠢ        ᠪᠠᠷᠭᠤ ᠪᠦᠰᠠᠳᠠᠶᠢᠴᠣᠳ ᠰᠣᠷ ᠪᠣᠶᠣ ᠪᠣᠯᠭᠠᠷᠢᠨ ᠪᠦᠰᠠ ᠪᠦᠰᠠᠯᠠᠳᠡᠭ᠃ ᠡᠶᠢᠮᠦ ᠪᠦᠰᠠᠨ ᠳᠤ ᠮᠦᠩᠭᠦᠨ ᠭᠤᠷᠭᠢ ᠬᠡᠷᠡᠭᠯᠡᠳᠡᠭ᠃        ᠮᠦᠩᠭᠦᠨ ᠭᠤᠷᠭᠢ ᠨᠢ ᠲᠦᠷᠪᠡᠯᠵᠢᠨ ᠪᠣᠶᠣ ᠴᠠᠭᠠᠷᠢᠭ ᠬᠡᠯᠪᠡᠷᠢ ᠲᠠᠢ᠃ ᠬᠡᠯᠡ ᠨᠢ ᠴᠣ᠋ ᠮᠦᠩᠭᠦ ᠪᠠᠶᠢᠳᠠᠭ᠃ ᠮᠦᠩᠭᠦᠨ ᠭᠤᠷᠭᠢ ᠶᠢᠨ ᠨᠢᠭᠤᠷ ᠲᠠᠯ᠎ᠠ ᠳᠤᠨᠢ ᠣᠯᠠᠨ ᠶᠠᠩᠵᠣ ᠶᠢᠨ ᠬᠡ ᠣᠭᠠᠯᠵᠠ ᠴᠣᠬᠢᠵᠣ ᠭᠤᠶᠣᠯᠠᠨ ᠴᠢᠮᠡᠭᠯᠡᠨ᠎ᠡ᠃ ᠠᠷᠣ ᠲᠠᠯ᠎ᠠ ᠳᠤᠨᠢ ᠲᠠᠭᠢᠷ ᠬᠡᠯᠡ ᠲᠠᠭᠠᠷᠠᠭᠤᠯᠳᠠᠭ᠃ ᠪᠠᠰᠠ ᠨᠢᠭᠤᠷ ᠢ ᠨᠢ ᠪᠢᠳᠡᠭᠦᠦ ᠬᠢᠵᠦ᠂ ᠱᠢᠷᠦ ᠰᠢᠭᠢᠳᠭᠡᠵᠦ ᠭᠤᠶᠣᠯᠠᠵᠣ ᠴᠢᠮᠡᠭᠦ ᠨᠢ ᠴᠣ᠋ ᠪᠣᠢ᠃                ᠲᠠᠪᠠᠯ ᠤᠨ ᠮᠦᠩᠭᠦᠨ ᠲᠣᠪᠴᠢ        ᠲᠠᠪᠠᠯ ᠤᠨ ᠮᠦᠩᠭᠦᠨ ᠲᠣᠪᠴᠢ ᠪᠣᠯ ᠲᠠᠪᠠᠯ ᠳᠤ ᠬᠢᠳᠡᠭ ᠡᠳ᠋ ᠪᠢᠯᠡ᠃ ᠲᠡᠭᠦᠨ ᠢ ᠶᠡᠭᠡ ᠪᠡᠶ᠎ᠡ ᠶᠢ ᠨᠢ ᠭᠤᠣᠯᠳᠠᠭᠤ ᠲᠣᠪᠴᠢ ᠮᠡᠳᠣ ᠬᠢᠵᠦ᠂ ᠲᠣᠣᠷᠠᠳᠣ ᠬᠡᠰᠡᠭ ᠢ ᠨᠢ ᠮᠦᠩᠭᠦᠨ ᠡᠳ᠋ ᠢᠶᠠᠷ ᠬᠢᠳᠡᠭ᠃ ᠲᠡᠭᠦᠨ ᠤ ᠣᠵᠣᠭᠤᠷ ᠤᠨ ᠬᠡᠰᠡᠭ ᠢ ᠲᠣᠪᠤ ᠬᠡᠯᠪᠡᠷᠢᠳᠡᠢ ᠬᠢᠵᠦ᠂ ᠪᠣᠰᠣᠳ ᠬᠡᠰᠡᠭ ᠢ ᠨᠢ ᠬᠤᠶᠠᠷ ᠬᠡᠰᠡᠭ ᠲᠤ ᠬᠤᠪᠢᠶᠠᠵᠣ᠂ ᠲᠠᠪᠠᠯ ᠤᠨ ᠰᠢᠯᠪᠢ ᠳᠤ ᠣᠷᠢᠶᠠᠵᠣ ᠣᠷᠣᠬᠤ ᠪᠠᠷ ᠰᠦᠪᠡᠭᠴᠢ ᠲᠠᠢ ᠬᠢᠳᠡᠭ ᠶᠣᠮ᠃ ᠪᠠᠷᠭᠤᠴᠣᠳ ᠤᠨ ᠲᠣᠮᠳᠠ ᠡᠯᠳᠡᠪ ᠤᠨ ᠶᠠᠩᠵᠣ ᠪᠦᠭᠦᠢ ᠰᠠᠭᠤᠷᠢ ᠲᠠᠢ ᠰᠦᠪᠡᠭᠴᠢ ᠣᠯᠠᠨ ᠶᠠᠩᠵᠣ ᠪᠠᠶᠢᠬᠤ ᠶᠣᠮ᠃        ᠪᠠᠷᠭᠤᠴᠣᠳ ᠤᠨ ᠲᠣᠮᠳᠠ ᠡᠯ᠎ᠡ ᠮᠠᠶ᠋ᠢᠭ ᠤᠨ ᠲᠣᠪᠴᠢ ᠣᠯᠠᠨ ᠪᠠᠶᠢᠳᠠᠭ ᠪᠦᠭᠡᠳ ᠪᠦᠷ ᠯᠡ ᠬᠤᠪᠴᠠᠰᠣ ᠬᠤᠨᠠᠷ ᠲᠤ ᠵᠠᠰᠠᠯ ᠴᠢᠮᠡᠭ ᠪᠣᠯᠵᠣ ᠴᠢᠳᠠᠨ᠎ᠠ᠃ ᠪᠦᠷ ᠯᠡ ᠡᠮᠦᠰᠴᠣ ᠪᠦᠬᠦᠢ ᠬᠦᠮᠦᠰ ᠤᠨ ᠢᠶᠠᠨ ᠭᠦᠰᠠᠯ ᠱᠠᠭᠠᠷᠳᠠᠯᠭ᠎ᠠ ᠳᠤ ᠨᠠᠶᠢᠴᠡᠵᠦ ᠴᠢᠳᠠᠳᠠᠭ ᠪᠦᠭᠡᠳ ᠣᠷᠠᠨ ᠨᠠᠷᠢᠨ ᠡᠳ᠋ ᠬᠡᠷᠡᠭᠯᠡᠯ ᠳᠤ ᠪᠠᠭᠳᠠᠨ᠎ᠠ᠃                        ᠵᠢᠯᠪᠡᠩ ᠤᠨ ᠪᠣᠭᠤᠯᠳᠠ        ᠪᠦᠰᠡᠳᠡᠶᠢᠴᠣᠳ᠂ ᠡᠪᠣᠯ ᠤᠨ ᠡᠷᠢᠨ ᠳᠤ ᠮᠣᠷᠢᠳᠡᠢ ᠶᠠᠪᠣᠬᠤ ᠳᠠᠭᠠᠨ ᠲᠠᠪᠠᠯ ᠤᠨ ᠲᠣᠳᠣᠭᠠᠳᠣ ᠬᠤᠷᠮᠣᠢ ᠶᠢ ᠬᠡᠶᠢᠰᠬᠦ ᠠᠴᠠ ᠰᠡᠷᠭᠡᠶᠢᠯᠡᠵᠦ ᠪᠠᠷᠢᠵᠣ ᠪᠣᠭᠤᠳᠠᠭ᠃ ᠡᠨᠡ ᠪᠣᠭᠤᠬᠤ ᠬᠡᠷᠡᠭᠰᠡᠯ ᠢ ᠵᠢᠯᠪᠡᠩ ᠤᠨ ᠪᠣᠭᠤᠯᠳᠠ ᠭᠡᠳᠡᠭ᠃ ᠵᠢᠯᠪᠡᠩ ᠤᠨ ᠪᠣᠭᠤᠯᠳᠠ ᠶᠢ ᠰᠣᠷ ᠢᠶᠠᠷ ᠬᠢᠪᠡᠯ ᠵᠠᠪᠠᠯ ᠭᠤᠷᠭᠢ ᠲᠠᠭᠠᠷᠠᠭᠤᠯᠳᠠᠭ᠃ ᠡᠶᠢᠮᠦ ᠭᠤᠷᠬᠢ ᠳᠤ ᠮᠦᠩᠭᠦ ᠪᠠᠷ ᠬᠢᠳᠡᠭ᠃ ᠪᠣᠭᠤᠯᠳᠠ ᠶᠢᠨ ᠦᠵᠦᠭᠦᠷ ᠲᠤ ᠮᠦᠩᠭᠦᠨ ᠪᠦᠯᠡᠵᠢ ᠲᠠᠭᠠᠷᠠᠭᠤᠯᠵᠣ ᠴᠢᠮᠡᠭᠯᠡᠬᠦ ᠪᠦᠭᠡᠳ ᠭᠤᠷᠭᠢ ᠶᠢᠨ ᠠᠷᠣ ᠳᠤ ᠮᠦᠩᠭᠦᠨ ᠲᠠᠳᠠᠭᠤᠷᠭ᠎ᠠ ᠬᠢᠵᠦ ᠭᠤᠶᠣᠯᠠᠨ᠎ᠠ᠃ ᠪᠦᠯᠡᠵᠢ ᠭᠤᠷᠭᠢ ᠪᠣᠯ ᠡᠷ᠎ᠡ ᠭᠦᠮᠦᠨ ᠳᠤ ᠡᠷᠬᠡᠪᠰᠢ ᠪᠠᠶᠢᠬᠤ ᠵᠦᠢᠯ ᠪᠦᠭᠡᠳ ᠲᠡᠭᠦᠨ ᠢ ᠣᠷᠠᠯᠢᠭ ᠰᠠᠶᠢᠬᠠᠨ ᠬᠢᠵᠦ᠂ ᠡᠷ᠎ᠡ ᠬᠦᠮᠦᠨ ᠤ ᠵᠠᠰᠠᠯ ᠴᠢᠮᠡᠭᠯᠡᠯ ᠤᠨ ᠨᠢᠭᠡ ᠵᠦᠢᠯ ᠪᠣᠯᠭᠠᠵᠣ ᠶᠠᠪᠣᠳᠠᠭ ᠵᠠᠩᠰᠢᠯ ᠲᠠᠢ ᠶᠣᠮ᠃                           ᠬᠦᠭᠡᠷᠭᠡ        ᠪᠠᠷᠭᠤᠴᠣᠳ ᠬᠦᠭᠡᠷᠭᠡ ᠨᠡᠶᠢᠳᠡᠮ ᠬᠡᠷᠡᠭᠯᠡᠨ᠎ᠡ᠃ ᠬᠦᠭᠡᠷᠭᠡ ᠨᠢ ᠮᠠᠨᠣ᠂ ᠭᠠᠷᠳᠠᠮ ᠵᠡᠷᠭᠡ ᠡᠷᠳᠡᠨᠢ ᠶᠢᠨ ᠴᠢᠯᠠᠭᠤ ᠪᠠᠶᠢᠳᠠᠭ᠃ ᠲᠡᠭᠦᠨ ᠤ ᠶᠡᠭᠡ ᠪᠡᠶ᠎ᠡ ᠨᠢ ᠬᠠᠪᠳᠠᠭᠠᠢ ᠬᠡᠯᠪᠡᠷᠢᠳᠡᠢ ᠪᠠᠶᠢᠬᠤ ᠨᠢ ᠣᠯᠠᠨᠳᠠᠢ᠃ ᠬᠦᠭᠡᠷᠭᠡ ᠨᠢ ᠲᠣᠯᠣᠭᠠᠢ᠂ ᠬᠦᠵᠦᠭᠦᠦ᠂ ᠮᠦᠷᠦ᠂ ᠬᠠᠪᠢᠷᠭ᠎ᠠ᠂ ᠲᠡᠭᠰᠢ ᠰᠠᠭᠤᠷᠢ ᠵᠡᠷᠭᠡ ᠪᠦᠳᠦᠴᠡ ᠲᠠᠢ ᠶᠣᠮ᠃        ᠬᠦᠭᠡᠷᠭᠡ ᠶᠢᠨ ᠲᠣᠯᠣᠭᠠᠢ ᠳᠤ ᠱᠢᠷᠦ ᠰᠠᠭᠤᠯᠭᠠᠳᠠᠭ᠃ ᠡᠨᠡ ᠰᠠᠭᠤᠷᠢ ᠶᠢ ᠮᠦᠩᠭᠦ ᠪᠠᠷ ᠬᠢᠳᠡᠭ᠃ ᠰᠠᠭᠤᠷᠢ ᠨᠢ ᠲᠦᠭᠦᠷᠢᠭ ᠬᠡᠯᠪᠡᠷᠢᠳᠡᠢ᠂ ᠶᠡᠭᠡ ᠪᠠᠭ᠎ᠠ ᠨᠢ ᠲᠣᠯᠣᠭᠠᠢ ᠲᠠᠢ ᠪᠠᠨ ᠠᠳᠠᠯᠢ᠃ ᠵᠣᠵᠠᠭᠠᠨ ᠨᠢᠮᠭᠡᠨ ᠨᠢ ᠴᠣ᠋ ᠠᠳᠠᠯᠢ ᠦᠭᠡᠢ᠃ ᠱᠢᠷᠦ ᠪᠠᠨ ᠬᠠᠪᠳᠠᠭᠠᠢ ᠰᠠᠭᠤᠷᠢᠨ ᠲᠡᠭᠡᠷ᠎ᠡ ᠰᠠᠭᠤᠯᠭᠠᠨ᠎ᠠ᠃ ᠰᠠᠭᠤᠷᠢ ᠨᠢ ᠮᠦᠩᠭᠦᠨ ᠭᠦᠪᠡᠭᠡ ᠲᠠᠢ ᠪᠦᠭᠡᠳ ᠱᠢᠷᠦ ᠪᠠᠨ ᠪᠠᠷᠢᠬᠤ ᠢᠷᠮᠡᠭ ᠲᠠᠢ᠃ ᠰᠠᠭᠤᠷᠢ ᠶᠢᠨ ᠲᠣᠣᠷᠠᠳᠣ ᠪᠡᠶ᠎ᠡ ᠳᠤ ᠬᠦᠭᠡᠷᠭᠡᠨ ᠤ ᠠᠮᠠᠰᠠᠷ ᠲᠤ ᠲᠣᠬᠢᠷᠠᠭᠰᠠᠨ ᠪᠣᠯᠴᠤᠣ ᠲᠠᠢ᠂ ᠡᠭᠦᠨ ᠤ ᠲᠣᠣᠷᠠᠳᠣ ᠲᠠᠯ᠎ᠠ ᠳᠤ ᠪᠢᠴᠢᠬᠠᠨ ᠮᠦᠩᠭᠦᠨ ᠬᠠᠯᠪᠠᠭ᠎ᠠ ᠭᠠᠩᠨᠠᠳᠠᠭ᠃        ᠬᠦᠭᠡᠷᠭᠡ ᠪᠠᠨ ᠭᠤᠶᠣ ᠬᠠᠳᠬᠤᠮᠠᠯ ᠲᠠᠢ ᠬᠦᠭᠡᠷᠭᠡᠨ ᠤ ᠰᠠᠪᠠ ︵ᠲᠠᠯᠢᠦᠷ︶ ᠳᠤ ᠬᠢᠵᠦ ᠪᠦᠰᠠᠨ ᠤ ᠵᠡᠭᠦᠨ ᠲᠠᠯ᠎ᠠ ᠠᠴᠠ ᠬᠠᠪᠴᠢᠭᠤᠯᠵᠣ ᠵᠡᠭᠦᠳᠡᠭ᠃ ᠪᠠᠷᠭᠤᠴᠣᠳ ᠠᠭᠤᠯᠵᠠᠨ ᠵᠣᠯᠭᠠᠯᠴᠠᠬᠤ ᠳᠤ ᠪᠠᠨ ᠬᠦᠭᠡᠷᠭᠡ ᠪᠠᠨ ᠰᠣᠯᠢᠯᠴᠠᠵᠣ ᠬᠦᠨᠳᠦᠳᠭᠡᠯ ᠳᠤ ᠬᠡᠷᠡᠭᠯᠡᠳᠡᠭ᠃ ᠬᠠᠮᠠᠷ ᠤᠨ ᠲᠠᠮᠠᠬᠢ ᠲᠠᠳᠠᠭᠰᠠᠳ ᠴᠣ᠋ ᠬᠦᠭᠡᠷᠭᠡᠨ ᠤ ᠲᠣᠳᠣᠷ᠎ᠠ ᠬᠠᠮᠠᠷ ᠤᠨ ᠲᠠᠮᠠᠬᠢ ᠬᠢᠵᠦ ᠪᠠᠶᠢᠩᠭᠤ ᠵᠠᠷᠣᠳᠠᠭ᠃        ᠪᠠᠷᠭᠤᠴᠣᠳ ᠲᠡᠭᠦᠨ ᠢ ᠪᠠᠶᠢᠩᠭᠤ ᠠᠪᠴᠦ ᠶᠠᠪᠣᠳᠠᠭ᠂ ᠦᠷᠭᠦᠯᠵᠢ ᠬᠡᠷᠡᠭᠯᠡᠳᠡᠭ᠂ ᠨᠡᠶᠢᠳᠠ ᠶᠢᠨ ᠭᠤᠶᠣᠮᠰᠤᠭ ᠰᠠᠶᠢᠬᠠᠨ ᠡᠳ᠋ᠯᠡᠯ ᠶᠣᠮ᠃                 ᠭᠠᠩᠰᠠᠨ ᠤ ᠮᠦᠩᠭᠦᠨ ᠬᠡᠷᠡᠭᠯᠡᠯ        ᠪᠠᠷᠭᠤᠴᠣᠳ᠂ ᠲᠠᠮᠠᠬᠢ ᠲᠠᠳᠠᠬᠤ ᠳᠠᠭᠠᠨ ᠮᠦᠩᠭᠦᠨ ᠭᠠᠩᠰᠠ ᠬᠡᠷᠡᠭᠯᠡᠳᠡᠭ᠃ ᠭᠠᠩᠰᠠ ᠨᠢ ᠲᠣᠯᠣᠭᠠᠢ᠂ ᠮᠣᠳᠣ᠂ ᠰᠣᠷᠣᠭᠤᠯ ᠵᠡᠷᠭᠡ ᠠᠴᠠ ᠪᠦᠳᠦᠨ᠎ᠡ᠃ ᠭᠠᠩᠰᠠᠨ ᠤ ᠲᠣᠯᠣᠭᠠᠢ ᠶᠢ ᠮᠦᠩᠭᠦ ᠪᠠᠷ ᠴᠣ᠋ ᠬᠢᠳᠡᠭ᠃ ᠲᠣᠯᠣᠭᠠᠢ ᠶᠢ ᠪᠠᠰᠠ ᠬᠤᠭᠤᠯᠠᠢ ︵ᠬᠦᠵᠦᠭᠦᠦ︶᠂ ᠰᠢᠯᠪᠢ ᠲᠠᠢ᠃ ᠡᠳᠡᠭᠡᠷ ᠨᠢ ᠬᠤᠸᠠᠷ ᠲᠠᠢ ᠴᠣ᠋ ᠪᠣᠢ᠂ ᠬᠤᠸᠠᠷ ᠦᠭᠡᠢ ᠴᠣ᠋ ᠪᠣᠢ᠃ ᠭᠠᠩᠰᠠᠨ ᠤ ᠮᠦᠩᠭᠦᠨ ᠲᠣᠯᠣᠭᠠᠢ ᠶᠢᠨ ᠬᠡᠯᠪᠡᠷᠢ ᠨᠢ ᠦᠨᠳᠦᠰᠦᠨ ᠲᠡᠭᠡᠷ᠎ᠡ ᠪᠠᠨ ᠠᠳᠠᠯᠢᠪᠳᠣᠷ ᠪᠠᠶᠢᠳᠠᠭ ᠴᠣ᠋ ᠪᠦᠳᠦᠭᠦᠨ ᠪᠠᠭ᠎ᠠ᠂ ᠰᠢᠯᠪᠢ ᠶᠢᠨ ᠣᠷᠳᠣ ᠪᠣᠭᠤᠨᠢ ᠨᠢ ᠲᠣᠯᠣᠭᠠᠢ ᠲᠠᠢ ᠪᠠᠨ ᠲᠣᠭᠢᠷᠠᠯᠴᠠᠬᠤ ᠬᠡᠷᠡᠭᠳᠡᠢ᠃ ᠭᠠᠩᠰᠠᠨ ᠳᠤ ᠭᠡ ᠣᠭᠠᠯᠵᠠ ᠴᠣᠬᠢᠬᠰᠠᠨ ᠨᠢ ᠪᠠᠶᠢᠳᠠᠭ᠃ ᠭᠠᠩᠰᠠᠨ ᠳᠤ ᠪᠠᠰᠠ ᠮᠣᠳᠣᠨ ᠰᠣᠷᠣᠭᠤᠯ ᠲᠠᠢ᠃ ᠣᠷᠳᠣ ᠣᠬᠤᠷ ᠨᠢ ᠠᠳᠠᠯᠢ ᠦᠭᠡᠢ᠃ ᠪᠠᠰᠠ ᠭᠠᠩᠰᠠᠨ ᠳᠤ ᠮᠠᠨᠣ᠂ ᠭᠠᠷᠳᠠᠮ᠂ ᠨᠤᠭᠤᠭᠠᠨ ᠬᠠᠰ ᠵᠡᠷᠭᠡ ᠦᠨᠡᠳᠣ ᠡᠷᠳᠡᠨᠢᠰ ᠤᠨ ᠴᠢᠯᠠᠭᠤ ᠶᠢ ᠰᠣᠩᠭᠤᠨ ᠬᠡᠷᠡᠭᠯᠡᠨ᠎ᠡ᠃ ᠲᠡᠭᠦᠨ ᠤ ᠣᠷᠳᠣ ᠣᠬᠤᠷ᠂ ᠪᠦᠳᠦᠭᠦᠨ ᠨᠠᠷᠢᠨ ᠨᠢ ᠠᠳᠠᠯᠢ ᠦᠭᠡᠢ᠃ ᠡᠷᠳᠡᠨᠢᠰ ᠤᠨ ᠴᠢᠯᠠᠭᠤᠨ ᠰᠣᠷᠣᠭᠤᠯ ᠬᠡᠷᠡᠭᠯᠡᠬᠦ ᠨᠢ ᠨᠦᠯᠦᠭᠡ ᠵᠡᠷᠭᠡ ᠡᠪᠡᠳᠴᠢᠨ ᠢ ᠵᠠᠰᠠᠬᠤ ᠦᠢᠯᠡᠳᠣᠯ ᠲᠠᠢ ᠭᠡᠨ᠎ᠡ᠃        ᠲᠠᠮᠠᠬᠢᠨ ᠤ ᠮᠦᠩᠭᠦᠨ ᠡᠳ᠋ᠯᠡᠯ ᠳᠤ ᠴᠣᠬᠢᠭᠤᠷ ︵ᠴᠤᠭᠢᠯᠠᠭᠤᠷ︶᠂ ᠭᠠᠩᠰᠠᠨ ᠤ ᠰᠣᠶᠤᠭ᠎ᠠ ︵ᠰᠡᠳᠦᠭᠦᠷ︶ ᠭᠡᠵᠦ ᠲᠣᠰᠬᠠᠢ ᠬᠡᠷᠡᠭᠯᠡᠯ ᠪᠣᠢ᠃ ᠪᠠᠰᠠ ᠡᠨᠡ ᠬᠤᠶᠠᠷ ᠢ ᠬᠤᠯᠪᠣᠳᠠᠭ ᠮᠦᠩᠭᠦᠨ ᠰᠦᠯᠵᠢᠮᠡᠷ ᠴᠣ᠋ ᠪᠣᠢ᠃ ᠴᠣᠬᠢᠭᠤᠷ ᠨᠢ ᠲᠠᠮᠠᠬᠢᠨ ᠤ ᠭᠠᠯ ᠢ ᠴᠣᠬᠢᠬᠤ᠂ ᠲᠠᠮᠠᠬᠢ ᠨᠣᠴᠣᠭᠠᠬᠤ ᠦᠢᠯᠡᠳᠣᠯ ᠲᠠᠢ ᠶᠣᠮ᠃ ᠲᠦᠭᠦᠷᠢᠭ ᠭᠦᠩᠭᠦᠷ ᠬᠡᠯᠪᠡᠷᠢᠳᠡᠢ᠂ ᠣᠷᠣᠢ ᠲᠡᠭᠡᠷ᠎ᠡ ᠨᠢ ᠰᠦᠪᠡᠭᠴᠢ ᠭᠠᠩᠨᠠᠵᠣ ᠮᠦᠩᠭᠦ ᠲᠠᠭᠠᠷᠠᠭᠤᠯᠳᠠᠭ᠃ ᠰᠣᠶᠤᠭ᠎ᠠ ᠨᠢ ᠭᠠᠩᠰᠠᠨ ᠤ ᠪᠣᠬᠢ ᠪᠣᠷᠭᠤᠶᠢᠳᠠᠬᠤ ᠲᠡᠭᠡᠭᠡ ᠪᠣᠯᠣᠨ᠎ᠠ᠃ ᠲᠣᠭᠤᠷᠢᠭ ᠬᠡᠯᠪᠡᠷᠢᠳᠡᠢ᠃ ᠴᠣᠬᠢᠭᠤᠷ ᠪᠠ ᠰᠣᠶᠤᠭ᠎ᠠ ᠳᠤ ᠲᠣᠰ ᠪᠦᠷᠢ ᠮᠦᠩᠭᠦᠨ ᠰᠦᠯᠵᠢᠮᠡᠷ ᠲᠠᠢ᠂ ᠡᠨᠡ ᠬᠤᠶᠠᠷ ᠢ ᠮᠦᠩᠭᠦᠨ ᠵᠣᠭᠤᠰ ᠢᠶᠠᠷ ᠬᠤᠯᠪᠣᠳᠠᠭ᠃        ᠭᠠᠩᠰᠠᠨ ᠳᠤ ᠪᠠᠰᠠ ᠬᠢᠵᠦ ᠶᠠᠪᠣᠳᠠᠭ ᠲᠣᠭᠳᠣᠢ᠂ ᠲᠠᠮᠠᠭᠢᠨ ᠤ ᠠᠯᠴᠢᠭᠤᠷ ︵ᠲᠠᠶᠢᠯᠣᠷ︶ ᠵᠡᠷᠭᠡ ᠪᠣᠢ᠃ ᠭᠠᠩᠰᠠ ᠪᠠᠨ ᠭᠤᠳᠣᠯ ᠤᠨ ᠲᠦᠷᠡᠢ ᠳᠡᠭᠡᠨ ᠰᠢᠷᠭᠤᠭᠤᠯᠬᠤ ︵ᠲᠦᠷᠡᠶᠢᠪᠴᠢᠨ ᠳᠤ ᠬᠢᠬᠦ︶ ᠵᠡᠷᠭᠡ ᠪᠠᠷ ᠶᠠᠪᠣᠬᠤ ᠨᠢ ᠨᠡᠶᠢᠳᠡᠮ᠃ ᠲᠠᠮᠠᠬᠢᠨ ᠤ ᠠᠯᠴᠢᠭᠤᠷ ᠢ ᠪᠣᠯ ᠪᠦᠰᠡᠨ ᠳᠡᠭᠡᠨ ᠰᠣᠪᠢᠳᠠᠳᠠᠭ᠃ ᠪᠠᠷᠭᠤᠴᠣᠳ ᠤᠨ ᠲᠣᠳᠣᠷ᠎ᠠ ᠡᠷᠡᠭᠳᠡᠶᠢᠴᠣᠳ᠂ ᠡᠮᠡᠭᠳᠡᠶᠢᠴᠣᠳ ᠪᠦᠷ ᠲᠠᠮᠠᠬᠢ ᠲᠠᠳᠠᠵᠣ ᠪᠣᠯᠣᠨ᠎ᠠ᠃ ᠪᠠᠷᠭᠤᠴᠣᠳ ᠬᠠᠷᠢᠯᠴᠠᠨ ᠠᠭᠤᠯᠵᠠᠬᠤ ᠳᠠᠭᠠᠨ ᠲᠠᠮᠠᠬᠢᠯᠠᠳᠠᠭ᠃ ᠢᠯᠡᠩᠭᠤᠶ᠎ᠠ ᠨᠠᠰᠣᠳᠠᠶᠢᠴᠣᠳ ᠢᠩᠬᠢᠬᠦ ᠨᠢ ᠨᠡᠩ ᠦᠯᠡᠮᠵᠢ᠃                ︽ᠲᠠᠪᠣᠨ ᠰᠠᠪᠠᠭ᠎ᠠ ᠦᠭᠡᠢ︾ ᠪᠠᠭᠠᠵᠢ        ᠪᠠᠷᠭᠤᠴᠣᠳ ᠤᠨ ᠲᠣᠮᠳᠠ ︽ᠲᠡᠪᠣᠨ ᠰᠠᠪᠠᠭ᠎ᠠ ᠦᠭᠡᠢ︾ ᠪᠠᠭᠠᠵᠢ ᠬᠡᠮᠡᠬᠦ ᠪᠣᠢ᠃ ᠡᠨᠡ ᠨᠢ ᠬᠡᠯᠡᠨ ᠤ ᠬᠤᠰᠣᠭᠤᠷ᠂ ᠰᠢᠳᠣᠨ ᠤ ᠴᠢᠭᠴᠢᠯᠡᠭᠦᠷ᠂ ᠴᠢᠬᠢᠨ ᠤ ᠮᠠᠯᠳᠠᠭᠤᠷ᠂ ᠰᠠᠬᠠᠯ ᠤᠨ ᠰᠠᠮ᠂ ᠰᠠᠬᠠᠯ ᠤᠨ ᠴᠢᠮᠭᠢᠭᠦᠷ ᠵᠡᠷᠭᠡ ᠵᠦᠢᠯ ᠪᠣᠢ᠃ ᠡᠳᠡᠭᠡᠷ ᠢ ᠴᠦᠮ ᠨᠢᠭᠡᠳᠭᠡᠵᠦ᠂ ᠲᠠᠪᠣᠨ ᠵᠦᠢᠯ ᠢ ᠬᠠᠮᠳᠣᠷᠠᠭᠤᠯᠣᠨ ᠠᠰᠢᠭᠯᠠᠬᠤ ᠵᠣᠷᠢᠯᠭ᠎ᠠ ᠲᠠᠢ ᠪᠠᠷ ᠪᠦᠭᠦᠳᠡ ᠶᠢ ᠨᠢᠭᠡᠳᠭᠡᠵᠦ ᠴᠦᠮ ᠢ ᠨᠢᠭᠡᠨ ᠲᠣᠣᠷ᠎ᠠ ᠪᠠᠶᠢᠯᠭᠠᠬᠤ ᠪᠠᠷ ᠴᠢᠷᠮᠠᠶᠢᠳᠠᠭ ᠪᠢᠯᠡ᠃ ᠡᠬᠦᠨ ᠢ ᠪᠠᠰᠠ ᠨᠢᠭᠡ ᠨᠢᠭᠡ ᠪᠠᠷ ᠰᠠᠪᠠᠯᠠᠵᠦ᠂ ᠲᠣᠰᠬᠠᠢ ᠬᠡᠷᠡᠭᠴᠡᠭᠡ ᠪᠠᠷ ᠠᠵᠢᠯᠯᠠᠭᠤᠯᠬᠤ ᠪᠠᠷ ᠴᠢᠷᠮᠠᠶᠢᠵᠣ ᠪᠠᠶᠢᠬᠤ ᠨᠢ ᠴᠣ᠋ ᠪᠣᠢ᠃ ᠡᠨᠡ ᠪᠣᠯ ᠪᠠᠷᠭᠤᠴᠣᠳ ᠠᠴᠠ ᠭᠠᠷ ᠤᠨ ᠭᠡᠷᠡᠭᠴᠡᠭᠡ ᠠᠴᠠ ᠪᠣᠯᠵᠣ ᠪᠠᠶᠢᠭ᠎ᠠ ᠶᠠᠪᠣᠳᠠᠯ ᠶᠣᠮ᠃            ᠬᠠᠵᠠᠭᠠᠷ᠂ ᠡᠮᠡᠭᠡᠯ᠂ ᠲᠠᠰᠢᠭᠤᠷ᠂ ᠬᠤᠰᠣᠭᠤᠷ ᠤᠨ ᠮᠦᠩᠭᠦᠨ ᠬᠡᠷᠡᠭᠯᠡᠯ        ᠮᠣᠷᠢᠨ ᠤ ᠬᠠᠵᠠᠭᠠᠷ᠂ ᠡᠮᠡᠭᠡᠯ ᠤᠨ ᠮᠦᠩᠭᠦᠨ ᠬᠡᠷᠡᠭᠯᠡᠯ ᠢ ᠪᠠᠷᠭᠤᠴᠣᠳ ᠡᠷᠳᠡ ᠠᠴᠠ ᠬᠡᠷᠡᠭᠯᠡᠵᠦ ᠢᠷᠡᠵᠡᠢ᠃        ᠮᠣᠷᠢᠨ ᠤ ᠬᠠᠵᠠᠭᠠᠷ ᠲᠤ ᠬᠤᠶᠠᠷ ᠪᠠᠭᠤᠪᠴᠢ ᠶᠢ ᠮᠦᠩᠭᠦ ᠪᠠᠷ ᠬᠢᠬᠦ ᠠᠴᠠ ᠭᠠᠳᠠᠨ᠎ᠠ ᠬᠠᠵᠠᠭᠠᠷ ᠤᠨ ᠠᠮᠠᠨ ᠳᠤ ᠭᠠᠣᠯᠢᠨ ᠲᠣᠪᠴᠢ ᠬᠢᠳᠡᠭ᠃ ᠬᠠᠵᠠᠭᠠᠷ ᠲᠤ ᠪᠦᠷ ᠵᠢᠵᠢᠭ ᠵᠢᠵᠢᠭ ᠪᠦᠷᠭᠦᠪᠴᠢ ᠲᠠᠢ ᠨᠢᠮᠭᠡᠨ ᠨᠢᠮᠭᠡᠨ ᠪᠦᠷᠢᠶᠡᠰᠦ ᠲᠠᠢ ᠢᠯᠳᠡᠰᠦ ᠶᠢ ᠲᠠᠭᠠᠷᠠᠭᠤᠯᠵᠣ ᠬᠢᠳᠡᠭ᠃ ᠴᠢᠬᠢᠨ ᠤ ᠬᠡᠰᠡᠭ ᠲᠤ ᠵᠢᠵᠢᠭ ᠵᠢᠵᠢᠭ ᠬᠡᠯᠪᠡᠷᠢᠳᠡᠢ ᠮᠦᠩᠭᠦᠨ ᠬᠡᠷᠡᠴᠢ ᠶᠢ ᠲᠣᠭᠢᠷᠠᠭᠤᠯᠵᠣ᠂ ᠵᠡᠭᠦᠨ ᠪᠠᠷᠠᠭᠤᠨ ᠲᠠᠯ᠎ᠠ ᠳᠤ ᠬᠤᠣᠰ ᠬᠤᠣᠰ ᠢᠶᠠᠷ ᠬᠢᠳᠡᠭ᠃        ᠮᠣᠷᠢᠨ ᠤ ᠡᠮᠡᠭᠡᠯ ᠳᠤ ᠲᠦᠷᠪᠡᠨ ᠪᠦᠯᠡᠵᠢ᠂ ᠬᠤᠶᠠᠷ ᠪᠠᠭᠤᠪᠴᠢ᠂ ᠲᠣᠮᠳᠠ ᠬᠡᠰᠡᠭ ᠲᠤ ᠶᠡᠭᠡ ᠪᠠᠭ᠎ᠠ ᠬᠤᠶᠠᠷ ᠪᠠᠭᠤᠪᠴᠢ᠂ ᠡᠮᠡᠭᠡᠯ ᠤᠨ ᠲᠦᠷᠪᠡᠨ ᠲᠠᠷᠣᠭᠤᠯᠭ᠎ᠠ ᠶᠢ ᠪᠦᠷ ᠮᠦᠩᠭᠦ ᠪᠠᠷ ᠬᠢᠳᠡᠭ ᠪᠢᠯᠡ᠃ ᠡᠮᠡᠭᠡᠯ ᠳᠤ ᠬᠡᠷᠡᠭᠯᠡᠳᠡᠭ ᠮᠦᠩᠭᠦᠨ ᠲᠠᠷᠣᠭᠤᠯᠭ᠎ᠠ ᠶᠢᠨ ᠲᠡᠭᠡᠷᠡᠬᠢ ᠣᠭᠠᠯᠵᠠ ᠬᠤᠸᠡᠷ ᠨᠢ ᠪᠦᠷ ᠠᠰ ᠠᠰ ᠲᠠᠭᠠᠨ ᠬᠤᠸᠡᠷ ᠲᠠᠢ ᠪᠦᠭᠡᠳ ᠶᠠᠩᠵᠣ ᠬᠡᠯᠪᠡᠷᠢ ᠨᠢ ᠴᠣ᠋ ᠣᠯᠠᠨ ᠪᠠᠶᠢᠳᠠᠭ᠃ ᠪᠠᠰᠠ ᠡᠮᠡᠭᠡᠯ ᠤᠨ ᠱᠣᠭᠤᠪᠣᠷ᠂ ᠬᠢᠵᠢᠮ ᠤᠨ ᠵᠠᠢ ᠳᠤ ᠪᠦᠷ ᠵᠢᠵᠢᠭ ᠵᠢᠵᠢᠭ ᠮᠦᠩᠭᠦᠨ ᠬᠠᠳᠠᠭᠠᠰᠣ ᠶᠢ ᠰᠢᠭᠢᠳᠬᠡᠵᠦ ᠲᠠᠯᠪᠢᠳᠠᠭ᠃        ᠪᠠᠷᠭᠤᠴᠣᠳ ᠡᠮᠡᠭᠡᠯ ᠢᠶᠠᠨ ᠴᠡᠪᠡᠷ ᠰᠠᠶᠢᠬᠠᠨ ᠠᠪᠴᠣ ᠶᠠᠪᠣᠬᠤ ᠶᠢ ᠠᠯᠢ ᠡᠷᠳᠡ ᠠᠴᠠ ᠡᠬᠢᠯᠡᠵᠦ ᠣᠷᠣᠯᠳᠣᠭᠰᠠᠨ ᠪᠦᠭᠡᠳ ᠡᠮᠡᠭᠡᠯ ᠢᠶᠠᠨ ᠦᠭᠡᠳᠡ ᠨᠢ ᠬᠠᠷᠠᠭᠤᠯᠵᠣ ᠲᠠᠯᠪᠢᠬᠤ᠂ ᠵᠠᠪᠠᠯ ᠨᠠᠷᠠᠨ ᠵᠦᠪ ᠪᠠᠶᠢᠯᠭᠠᠬᠤ᠂ ᠬᠡᠵᠢᠶᠡᠳᠡ ᠲᠡᠭᠰᠢ ᠴᠡᠪᠡᠷ ᠪᠠᠶᠢᠯᠭᠠᠬᠤ ᠶᠢ ᠣᠨᠴᠠ ᠠᠩᠬᠠᠷᠳᠠᠭ ᠪᠠᠶᠢᠨ᠎ᠠ᠃        ᠮᠣᠷᠢᠨ ᠤ ᠠᠵᠢᠯ ᠳᠤ ᠪᠠᠰᠠ ᠲᠠᠰᠢᠭᠤᠷ ᠤᠨ ᠮᠦᠩᠭᠦᠨ ᠬᠡᠷᠡᠭᠯᠡᠯ ᠪᠠᠭᠳᠠᠨ᠎ᠠ᠃ ᠲᠠᠰᠢᠭᠤᠷ ᠲᠤ ᠲᠡᠭᠦᠨ ᠤ ᠭᠠᠷ ᠲᠠᠯ᠎ᠠ ᠳᠤᠨᠢ ᠨᠠᠭᠠᠳᠠᠭ ᠮᠦᠩᠭᠦᠨ ᠪᠠᠷᠢᠨᠳᠠᠭ ᠪᠠᠶᠢᠳᠠᠭ᠃ ᠪᠠᠰᠠ ᠵᠠᠷᠢᠮ ᠬᠦᠮᠦᠨ ᠤ ᠪᠠᠷᠢᠳᠠᠭ ᠲᠠᠰᠢᠭᠤᠷ ᠲᠤ ᠮᠦᠩᠭᠦᠨ ᠪᠦᠯᠡᠵᠢ ᠬᠤᠣᠰ ᠢᠶᠠᠷ ᠲᠡᠭᠦᠵᠢᠯᠡᠵᠦ ᠶᠠᠪᠣᠳᠠᠭ ᠨᠢ ᠪᠣᠢ᠃        ᠮᠣᠷᠢᠨ ᠳᠤ ᠪᠠᠷᠢᠳᠠᠭ ᠬᠤᠰᠣᠭᠤᠷ ᠤᠨ ᠲᠣᠳᠣᠷ᠎ᠠ ᠲᠡᠭᠡᠳᠣ ᠨᠢᠭᠤᠷ ᠢ ᠴᠣ᠋ ᠠᠯᠳᠠ ᠪᠠᠷ ᠪᠠᠷᠢᠭᠰᠠᠨ ᠪᠠᠶᠢᠳᠠᠭ ᠠᠴᠠ ᠭᠠᠳᠠᠨ᠎ᠠ᠂ ᠪᠦᠬᠦ ᠪᠡᠶ᠎ᠡ ᠶᠢ ᠠᠯᠳᠠ ᠪᠠᠷ ᠪᠦᠷᠢᠵᠣ ᠪᠣᠭᠤᠭᠰᠠᠨ ᠶᠠᠪᠣᠳᠠᠯ ᠴᠣ᠋ ᠪᠠᠶᠢᠳᠠᠭ᠃ ᠮᠣᠩᠭᠤᠯᠴᠣᠳ ᠪᠣᠯ ᠦᠪᠡᠷ ᠤᠨ ᠣᠨᠤᠵᠣ ᠡᠳ᠋ᠯᠠᠵᠣ ᠶᠠᠪᠣᠳᠠᠭ ᠠᠳᠣᠭᠤᠨ ᠤ ᠲᠣᠳᠣᠷ᠎ᠠ ᠮᠣᠷᠢᠨ ᠳᠤ ᠲᠣᠰᠬᠠᠶᠢᠯᠠᠨ ᠪᠡᠯᠡᠳᠭᠡᠭᠰᠡᠨ ᠵᠦᠢᠯ ᠤᠳ ᠡᠯᠪᠡᠭ ᠪᠠᠶᠢᠳᠠᠭ ᠨᠢ ᠢᠯᠡ ᠮᠡᠳᠡᠭᠳᠡᠨ᠎ᠡ᠃                    ᠮᠦᠩᠭᠦᠨ ᠲᠣᠪᠣᠷᠣᠣ ᠲᠠᠢ ᠵᠣᠳᠤᠭ        ᠪᠠᠷᠭᠤᠴᠣᠳ ᠪᠦᠭᠡ ᠶᠢᠨ ᠵᠣᠳᠤᠭ ᠲᠠᠭᠠᠨ ᠮᠦᠩᠭᠦᠨ ᠲᠣᠪᠣᠷᠣᠣ ᠲᠠᠢ ᠵᠣᠳᠤᠭ ᠲᠠᠢ ᠪᠣᠯᠣᠭᠰᠠᠭᠠᠷ ᠣᠳᠠᠵᠠᠢ᠃ ᠪᠦᠭᠡ ᠶᠢᠨ ᠵᠣᠳᠤᠭ ᠤᠨ ᠮᠦᠷᠦ ᠨᠢ 28 — 30 ᠰᠡᠨᠲ᠋ᠢᠮᠧᠳ᠋ᠷ᠂ ᠲᠣᠣᠷᠠᠳᠣ ᠪᠡᠶ᠎ᠡ ᠨᠢ 25 — 28 ᠰᠡᠨᠲ᠋ᠢᠮᠧᠳ᠋ᠷ ᠪᠠᠶᠢᠵᠣ᠂ ᠴᠡᠭᠡᠵᠢ ᠦᠷᠭᠡᠨ᠂ ᠲᠣᠣᠭᠤᠷ ᠢᠶᠠᠨ ᠪᠠᠭ᠎ᠠ᠂ ᠪᠦᠬᠦ ᠪᠡᠶ᠎ᠡ ᠶᠢ ᠪᠠᠷᠢᠳᠠᠭ ᠦᠭᠡᠢ ᠣᠨᠴᠠᠯᠢᠭ ᠲᠠᠢ ᠪᠠᠶᠢᠳᠠᠭ᠃ ᠡᠨᠡ ᠬᠦ ᠵᠣᠳᠤᠭ ᠲᠠᠭᠠᠨ ᠮᠦᠷᠦ᠂ ᠲᠠᠯᠣ ᠳᠠᠭᠠᠨ ᠪᠦᠷ ᠠᠯᠳᠠᠨ ᠵᠣᠭᠤᠰ ᠠᠳᠠᠯᠢ ᠵᠣᠭᠤᠰᠣᠨ ᠮᠦᠩᠭᠦ ᠶᠢ ᠬᠠᠳᠠᠭᠠᠰᠣᠨ ᠳᠤ ᠬᠠᠳᠠᠵᠣ᠂ ᠬᠤᠶᠠᠷ ᠮᠦᠷᠦ᠂ ᠵᠣᠳᠤᠭ ᠤᠨ ᠪᠣᠰᠣᠳ ᠬᠡᠰᠡᠭ ᠲᠤ ᠭᠤᠷᠪᠠ ᠭᠤᠷᠪᠠ ᠪᠠᠷ ᠬᠠᠳᠠᠵᠣ ᠪᠦᠬᠦᠯᠢ ᠳᠤᠨᠢ ᠰᠢᠷᠭᠡᠭᠴᠢᠯᠡᠨ ᠬᠠᠳᠠᠳᠠᠭ᠃ ᠵᠣᠳᠤᠭ ᠤᠨ ᠲᠣᠣᠷᠠᠳᠣ ᠲᠠᠯ᠎ᠠ ᠳᠤ ᠠᠷᠠᠰᠣᠨ ᠡᠳ᠋ ᠢᠶᠠᠷ ᠲᠣᠳᠣᠷᠯᠠᠵᠣ᠂ ᠲᠣᠳᠣᠷ᠎ᠠ ᠨᠢ ᠰᠤᠷ ᠢᠶᠠᠷ ᠪᠦᠰᠡ ᠬᠢᠵᠣ᠂ ᠪᠦᠬᠦᠯᠢ ᠪᠡᠶ᠎ᠡ ᠶᠢ ᠪᠠᠷᠢᠨ ᠣᠶᠠᠬᠤ ᠪᠣᠯᠭᠠᠵᠠᠢ᠃ ᠪᠦᠬᠡ ᠶᠢᠨ ᠵᠣᠳᠤᠭ ᠤᠨ ᠠᠷᠣ ᠲᠠᠯ᠎ᠠ ᠳᠤ ᠪᠦᠬᠡᠴᠣᠳ ᠦᠪᠡᠷ ᠦᠪᠡᠷ ᠤᠨ ᠭᠠᠷᠣᠯ ᠢᠶᠠᠨ ᠲᠣᠳᠣᠷᠬᠠᠶᠢᠯᠠᠨ ᠪᠢᠴᠢᠬᠦ ᠪᠣᠶᠣ ᠬᠡᠶᠢᠮᠣᠷᠢ ᠵᠡᠷᠭᠡ ᠶᠢ ᠲᠠᠯᠪᠢᠳᠠᠭ ᠪᠠᠶᠢᠪᠠ᠃        ᠪᠠᠷᠭᠤ ᠪᠦᠬᠡ ᠶᠢᠨ ᠵᠣᠳᠤᠭ ᠪᠣᠯ ᠡᠷᠡᠭᠳᠡᠶᠢᠴᠣᠳ ᠤᠨ ᠪᠦᠬᠡ ᠶᠢᠨ ᠪᠠᠷᠢᠯᠳᠣᠭᠠᠨ ᠳᠤ ᠡᠮᠦᠰᠳᠡᠭ ᠵᠣᠳᠤᠭ ᠪᠦᠭᠡᠳ ᠡᠭᠦᠨ ᠢᠶᠠᠷ ᠢᠶᠠᠨ ᠪᠦᠬᠡ ᠪᠣᠯᠣᠭᠰᠠᠨ ᠢᠶᠠᠨ ᠢᠯᠡᠳᠭᠡᠳᠡᠭ ᠪᠠᠶᠢᠨ᠎ᠠ᠃                       ᠮᠦᠩᠭᠦᠨ ᠠᠶᠠᠭ᠎ᠠ        ᠪᠠᠷᠭᠤᠴᠣᠳ ᠮᠦᠩᠭᠦᠨ ᠠᠶᠠᠭ᠎ᠠ ᠶᠢ ᠡᠷᠭᠢᠮᠯᠡᠨ ᠬᠡᠷᠡᠭᠯᠡᠳᠡᠭ᠃ ᠦᠨᠳᠦᠰᠦᠨ ᠠᠶᠠᠭ᠎ᠠ ᠶᠢ ᠮᠦᠩᠭᠦᠯᠡᠵᠦ ᠴᠢᠮᠡᠭᠯᠡᠨ᠎ᠡ᠃ ᠦᠨᠳᠦᠰᠦᠨ ᠠᠶᠠᠭᠠᠨ ᠤ ᠶᠡᠭᠡ ᠪᠠᠭ᠎ᠠ ᠨᠢ ᠠᠳᠠᠯᠢ ᠪᠣᠰᠣ ᠪᠠᠶᠢᠳᠠᠭ ᠣᠴᠢᠷ ᠠᠴᠠ ᠬᠡᠷᠡᠭᠯᠡᠬᠦ ᠮᠦᠩᠭᠦᠨ ᠤ ᠬᠡᠮᠵᠢᠶ᠎ᠡ ᠨᠢ ᠴᠣ᠋ ᠠᠳᠠᠯᠢ ᠪᠣᠰᠣ᠃ ᠦᠨᠳᠣᠰᠦᠨ ᠠᠶᠠᠭ᠎ᠠ ᠶᠢ ᠲᠣᠳᠣᠷ᠂ ᠢᠷᠮᠡᠭ ᠢ ᠮᠦᠩᠭᠦᠯᠡᠬᠦ᠂ ᠲᠣᠳᠣᠷ᠂ ᠢᠷᠮᠡᠭ᠂ ᠢᠷᠣᠭᠠᠷ ᠢ ᠴᠦᠮ ᠮᠦᠩᠭᠦᠯᠡᠬᠦ ᠵᠡᠷᠭᠡ ᠬᠡᠯᠪᠡᠷᠢ ᠪᠠᠶᠢᠳᠠᠭ᠃ ᠮᠦᠩᠭᠦᠨ ᠠᠶᠠᠭ᠎ᠠ ᠶᠢ ᠬᠤᠸᠡᠷᠲᠠᠢ ᠮᠦᠩᠭᠦᠨ ᠠᠶᠠᠭ᠎ᠠ᠂ ᠬᠤᠸᠡᠷ ᠦᠭᠡᠢ ᠮᠦᠩᠭᠦᠨ ᠠᠶᠠᠭ᠎ᠠ ᠭᠡᠵᠦ ᠢᠯᠭᠠᠵᠣ ᠪᠣᠯᠣᠨ᠎ᠠ᠃ ᠬᠤᠸᠠᠷᠲᠠᠢ ᠮᠦᠩᠭᠦᠨ ᠠᠶᠠᠭᠠᠨ ᠤ ᠢᠷᠮᠡᠭ᠂ ᠬᠦᠪᠡᠭᠡ᠂ ᠢᠷᠣᠭᠠᠷ ᠲᠤ ᠨᠢ ᠴᠦᠮ ᠡᠯᠳᠡᠪ ᠬᠡ ᠣᠭᠠᠯᠵᠠ ᠭᠠᠷᠭᠠᠳᠠᠭ᠃ ᠬᠡ ᠬᠤᠸᠠᠷ ᠨᠢ ᠠᠳᠠᠯᠢ ᠦᠭᠡᠢ᠃ ᠪᠠᠷᠭᠤᠴᠣᠳ ᠮᠦᠩᠭᠦᠨ ᠠᠶᠠᠭ᠎ᠠ ᠶᠢ ᠡᠯᠪᠡᠭ ᠬᠡᠷᠡᠭᠯᠡᠳᠡᠭ ᠤᠨ ᠵᠣᠷᠢᠯᠭ᠎ᠠ ᠪᠣᠯ ᠠᠶᠠᠭ᠎ᠠ ᠪᠦᠬᠡ ᠪᠠᠶᠢᠬᠤ ᠬᠡᠷᠡᠭᠳᠡᠢ ᠪᠦᠭᠡᠳ ᠪᠠᠰᠠ ᠴᠡᠪᠡᠷ ᠰᠠᠶᠢᠬᠠᠨ ᠪᠠᠶᠢᠬᠤ ᠬᠡᠷᠭᠴᠡᠭᠡ ᠲᠠᠢ᠂ ᠨᠦᠭᠦᠭᠡ ᠲᠠᠯ᠎ᠠ ᠠᠴᠠ ᠨᠢ ᠬᠡᠯᠡᠪᠡᠯ ᠪᠠᠰᠠ ᠭᠡᠷ ᠤᠨ ᠡᠳ᠋ ᠬᠡᠷᠡᠭᠰᠡᠯ ᠡᠪᠳᠡᠢ ᠰᠠᠶᠢᠬᠠᠨ ᠬᠠᠷᠠᠭᠳᠠᠬᠤ ᠪᠦᠭᠡᠳ ᠡᠮᠬᠢ ᠲᠢᠭᠳᠡᠢ ᠪᠠᠶᠢᠬᠤ ᠨᠡᠶᠢᠳᠡ ᠶᠢᠨ ᠲᠦᠷᠢᠮ ᠲᠠᠢ ᠠᠴᠠ ᠪᠣᠯᠵᠠᠢ᠃                    ᠠᠷᠢᠬᠢᠨ ᠤ ᠮᠦᠩᠭᠦᠨ ᠡᠳ᠋ᠯᠡᠯ        ᠠᠷᠢᠭᠢᠨ ᠤ ᠮᠦᠩᠭᠦᠨ ᠡᠳ᠋ᠯᠡᠯ ᠳᠤ ᠱᠠᠬᠤᠣ᠂ ᠱᠣᠮ᠎ᠠ ︵ᠬᠤᠨᠳᠠᠭ᠎ᠠ︶᠂ ᠰᠢᠮᠡᠭᠦᠷ᠂ ᠳ᠋ᠢᠶᠠᠽᠢ ᠪᠣᠶᠣ ᠰᠢᠮᠡᠭᠦᠷ ᠵᠡᠷᠭᠡ ᠪᠣᠢ᠃ ᠱᠠᠬᠤᠣ ︵ᠠᠷᠢᠬᠢ ᠬᠠᠯᠠᠭᠠᠳᠠᠭ ᠰᠠᠪᠠ︶ ᠨᠢ ᠠᠷᠢᠬᠢ ᠬᠠᠯᠠᠭᠠᠳᠠᠭ ᠰᠠᠪᠠ᠃ ᠬᠤᠶᠠᠷ ᠯᠠᠩ ᠪᠠᠭᠴᠠᠭ᠎ᠠ ᠲᠠᠢ ᠠᠷᠢᠬᠢ ᠪᠠᠭᠳᠠᠨ᠎ᠠ᠃ ᠲᠡᠭᠦᠨ ᠢ ᠮᠦᠩᠭᠦ ᠪᠠᠷ ᠬᠢᠳᠡᠭ᠃ ᠵᠠᠷᠢᠮ ᠱᠠᠬᠤᠣ ᠶᠢ ᠣᠯᠠᠨ ᠶᠠᠩᠵᠣ ᠪᠠᠷ ᠬᠤᠸᠠᠷ ᠴᠤᠬᠢᠳᠠᠭ᠃ ᠱᠣᠮ᠎ᠠ ᠨᠢ ᠠᠷᠢᠬᠢ ᠣᠣᠭᠤᠳᠠᠭ ᠪᠢᠴᠢᠬᠠᠨ ᠰᠠᠪᠠ᠃ ᠬᠤᠨᠳᠠᠭᠠᠨ ᠳᠤ ᠨᠢᠭᠡ ᠪᠣᠶᠣ ᠬᠤᠶᠠᠷ ᠴᠢᠬᠢ ᠪᠣᠶᠣ ᠪᠠᠷᠢᠭᠤᠯ ᠲᠠᠢ ᠃ ᠱᠣᠮ᠎ᠠ ᠶᠢ ᠪᠠᠰᠠ ᠮᠦᠩᠭᠦ ᠪᠠᠷ ᠬᠢᠳᠡᠭ᠃ ᠵᠠᠷᠢᠮ ᠱᠣᠮ᠎ᠠ ᠳᠤ ᠡᠯᠳᠡᠪ ᠤᠨ ᠬᠤᠸᠡᠷ ᠲᠠᠢ᠃ ᠬᠤᠨᠳᠠᠭ᠎ᠠ ᠪᠠᠨ ᠲᠠᠯᠪᠢᠳᠠᠭ ᠪᠠᠭ᠎ᠠ ᠳ᠋ᠢᠶ᠋ᠢᠽᠢ ᠲᠠᠢ᠃ ᠲᠡᠭᠦᠨ ᠤ ᠵᠠᠷᠢᠮ ᠳᠤᠨᠢ ᠪᠠᠰᠠ ᠣᠯᠠᠨ ᠬᠤᠸᠡᠷ ᠲᠠᠢ ᠪᠠᠶᠢᠳᠠᠭ᠃        ᠰᠢᠮᠡᠭᠦᠷ ᠪᠣᠯ ᠠᠷᠢᠬᠢ ᠬᠡᠳᠡᠭ ᠪᠢᠴᠢᠬᠠᠨ ᠰᠠᠪᠠ ᠮᠦᠨ᠃ ᠬᠡᠯᠪᠡᠷᠢ ᠨᠢ ᠲᠦᠭᠦᠷᠢᠭ᠂ ᠲᠦᠷᠪᠡᠯᠵᠢᠨ ᠪᠦᠭᠡᠳ ᠵᠣᠣᠪᠠᠩ ᠪᠠᠶᠢᠬᠤ ᠨᠢ ᠣᠯᠠᠨ ᠲᠠᠢ᠃ ᠲᠡᠭᠡᠷ᠎ᠡ ᠪᠠᠨ ᠨᠠᠷᠢᠨ ᠬᠦᠵᠦᠬᠦᠦ ᠲᠠᠢ ᠪᠣᠶᠣ ᠴᠣᠷᠭᠤᠨ ᠠᠮᠠᠰᠠᠷ ᠲᠠᠢ᠃ ᠠᠮᠠᠰᠠᠷ ᠤᠨ ᠪᠦᠭᠯᠡᠭᠡ ᠶᠢ ᠴᠢᠩᠭ᠎ᠠ ᠲᠠᠭᠠᠷᠠᠭᠤᠯᠳᠠᠭ᠃ ᠲᠡᠭᠦᠨ ᠢ ᠮᠦᠩᠭᠦ ᠪᠠᠷ ᠬᠢᠳᠡᠭ᠃ ᠲᠡᠭᠦᠨ ᠤ ᠭᠠᠳᠠᠷ ᠲᠠᠯ᠎ᠠ ᠳᠤᠨᠢ ᠣᠯᠠᠨ ᠶᠠᠩᠵᠣ ᠶᠢᠨ ᠬᠤᠸᠡᠷ ᠬᠠᠳᠬᠤᠳᠠᠭ᠃ ᠰᠢᠮᠡᠭᠦᠷ ᠲᠠᠢ ᠠᠷᠢᠬᠢ ᠶᠢ ᠬᠤᠨᠳᠠᠭᠠᠯᠠᠵᠣ ᠣᠣᠭᠤᠳᠠᠭ ᠦᠭᠡᠢ᠂ ᠠᠮᠠᠰᠠᠷ ᠠᠴᠠ ᠨᠢ ᠰᠢᠮᠡᠵᠦ ᠣᠣᠭᠤᠳᠠᠭ᠃ ᠰᠢᠮᠡᠭᠦᠷ ᠪᠣᠯ ᠡᠷᠭᠢᠮ ᠰᠠᠶᠢᠬᠠᠨ ᠡᠳ᠋ ᠪᠣᠯᠣᠨ᠎ᠠ᠃ ᠮᠦᠩᠭᠦᠨ ᠫᠢᠯᠠ᠂ ᠬᠠᠯᠪᠠᠭ᠎ᠠ᠂ ᠰᠡᠷᠡᠭᠡ        ᠪᠠᠷᠭᠤᠴᠣᠳ ᠮᠦᠩᠭᠦᠨ ᠫᠢᠯᠠ ᠶᠢ ᠬᠡᠷᠡᠭᠯᠡᠳᠡᠭ᠃ ᠮᠦᠩᠭᠦᠨ ᠫᠢᠯᠠ ᠳᠤ ᠮᠦᠩᠭᠦ ᠪᠠᠷ ᠬᠢᠭᠰᠡᠨ ᠫᠢᠯᠠ᠂ ᠮᠦᠩᠭᠦ ᠪᠠᠷ ᠴᠠᠶᠢᠷᠠᠭᠤᠯᠣᠭᠰᠠᠨ ᠮᠦᠩᠭᠦᠨ ᠫᠢᠯᠠ ᠭᠡᠵᠦ ᠪᠠᠶᠢᠳᠠᠭ᠃ ᠡᠨᠡ ᠬᠦ ᠫᠢᠯᠠ ᠳᠤ ᠣᠯᠠᠨ ᠶᠠᠩᠵᠣ ᠶᠢᠨ ᠬᠡ ᠬᠤᠸᠡᠷ ᠲᠠᠯᠪᠢᠳᠠᠭ᠃        ᠪᠠᠷᠭᠤᠴᠣᠳ ᠴᠣ᠋ ᠬᠠᠯᠪᠠᠭ᠎ᠠ ᠶᠢ ᠮᠦᠩᠭᠦ ᠪᠠᠷ ᠬᠢᠳᠡᠭ᠃ ᠮᠦᠩᠭᠦᠨ ᠬᠠᠯᠪᠠᠭ᠎ᠠ ᠳᠤ ᠶᠡᠭᠡ ᠪᠠᠭ᠎ᠠ᠂ ᠵᠣᠵᠠᠭᠠᠨ ᠨᠢᠮᠭᠡᠨ᠂ ᠬᠤᠸᠡᠷ ᠲᠠᠢ ᠪᠣᠶᠣ ᠬᠤᠸᠡᠷ ᠦᠭᠡᠢ ᠣᠯᠠᠨ ᠶᠠᠩᠵᠣ ᠪᠠᠶᠢᠳᠠᠭ᠃ ᠪᠠᠷᠭᠤᠴᠣᠳ ᠮᠦᠩᠭᠦᠨ ᠰᠡᠷᠡᠭᠡ ᠶᠢ ᠴᠣ᠋ ᠣᠯᠠᠨ ᠬᠡᠷᠡᠭᠯᠡᠳᠡᠭ᠃ ᠮᠦᠩᠭᠦᠨ ᠰᠡᠷᠡᠭᠡ ᠶᠢᠨ ᠶᠡᠭᠡ ᠪᠠᠭ᠎ᠠ᠂ ᠵᠣᠵᠠᠭᠠᠨ ᠨᠢᠮᠭᠡᠨ ᠨᠢ ᠴᠣ᠋ ᠪᠦᠷ ᠠᠳᠠᠯᠢ ᠪᠣᠰᠣ ᠪᠠᠶᠢᠳᠠᠭ ᠪᠦᠭᠡᠳ ᠰᠠᠯᠠᠭᠠᠨ ᠤ ᠲᠣᠮᠳᠠ ᠪᠠᠨ ᠭᠤᠶᠣ ᠰᠠᠶᠢᠬᠠᠨ ᠬᠡ ᠬᠤᠸᠡᠷ ᠲᠠᠢ ᠪᠠᠶᠢᠨ᠎ᠠ᠃                   ᠪᠣᠷᠬᠠᠨ ᠤ ᠮᠦᠩᠭᠦᠨ ᠬᠡᠷᠡᠭᠯᠡᠯ        ᠴᠢᠯᠣᠭᠡᠯᠡᠭᠳᠡᠬᠦ ᠠᠴᠠ ᠡᠮᠦᠨ᠎ᠡ ᠰᠢᠨ᠎ᠡ ᠪᠠᠷᠭᠤᠴᠣᠳ ᠠᠶᠢᠯ ᠪᠦᠷᠢ ᠭᠡᠷ ᠲᠡᠭᠡᠨ ᠪᠣᠷᠬᠠᠨ ᠲᠠᠬᠢᠵᠣ ᠰᠢᠳᠣᠳᠡᠭ᠃ ᠪᠣᠷᠬᠠᠨ ᠤ ᠮᠦᠩᠭᠦᠨ ᠵᠠᠰᠠᠯ ᠴᠢᠮᠡᠭ ᠪᠣᠶᠣ ᠭᠡᠷᠡᠭᠯᠡᠯ ᠣᠯᠠᠨ ᠪᠠᠶᠢᠳᠠᠭ᠃ ᠲᠠᠭᠢᠳᠠᠭ ᠪᠣᠷᠬᠠᠳ ᠨᠢ ᠣᠯᠠᠨ ᠵᠦᠢᠯ ᠪᠣᠢ᠃ ᠴᠣᠯ ᠮᠦᠩᠭᠦᠨ ᠪᠣᠷᠬᠠᠨ ᠴᠣ᠋ ᠪᠠᠶᠢᠳᠠᠭ᠃ ᠪᠠᠰᠠ ᠬᠠᠳᠬᠤᠮᠠᠯ᠂ ᠵᠢᠷᠣᠮᠠᠯ ᠪᠣᠷᠬᠠᠨ ᠢᠶᠠᠨ ᠮᠦᠩᠭᠦᠨ ᠬᠦᠩᠭᠠᠷᠠᠪᠠ ᠳᠤ ᠬᠢᠵᠦ ᠲᠠᠬᠢᠨ᠎ᠠ᠃ ᠬᠦᠩᠭᠠᠷᠠᠪᠠ ᠶᠢᠨ ᠶᠡᠭᠡ ᠪᠠᠭ᠎ᠠ ᠨᠢ ᠠᠳᠠᠯᠢ ᠦᠭᠡᠢ᠂ ᠬᠦᠩᠭᠠᠷᠠᠪᠠ ᠶᠢᠨ ᠬᠦᠪᠡᠭᠡ ᠨᠢ ᠭᠤᠶᠣ ᠬᠡ ᠣᠭᠠᠯᠵᠠ ᠲᠠᠢ᠃        ᠪᠣᠷᠬᠠᠨ ᠤ ᠮᠦᠩᠭᠦᠨ ᠵᠠᠰᠠᠯ ᠳᠤ ᠵᠣᠯᠠ ᠶᠢᠨ ᠮᠦᠩᠭᠦᠨ ᠴᠦᠭᠦᠴᠡ᠂ ᠲᠠᠬᠢᠯ ᠤᠨ ᠮᠦᠩᠭᠦᠨ ᠰᠠᠪᠠ᠂ ᠲᠠᠬᠢᠯ ᠤᠨ ᠨᠠᠢᠮᠠᠨ ᠴᠢᠮᠡᠭ ᠪᠣᠶᠣ ᠴᠡᠴᠡᠭ ᠵᠡᠷᠭᠡ ᠪᠠᠶᠢᠳᠠᠭ᠃ ᠪᠠᠰᠠ ᠭᠠᠷ ᠬᠦᠷᠳᠣ᠂ ᠡᠷᠭᠢᠭᠦᠯᠭᠡᠨ ᠬᠦᠷᠳᠣ ᠪᠣᠢ᠃ ᠴᠣᠯ ᠮᠦᠩᠭᠦᠨ ᠬᠦᠷᠳᠦ ᠴᠣ᠋ ᠪᠠᠶᠢᠳᠠᠭ᠃ ᠭᠠᠣᠯᠢᠨ ᠬᠦᠷᠳᠣᠨ ᠳᠤ ᠮᠦᠩᠭᠦᠨ ᠪᠦᠰᠡᠯᠡᠭᠦᠷ ᠲᠠᠭᠠᠷᠠᠭᠤᠯᠣᠭᠰᠠᠨ ᠨᠢ ᠴᠣ᠋ ᠪᠠᠶᠢᠨ᠎ᠠ᠃ ᠣᠳᠣᠯᠭ᠎ᠠ ᠬᠦᠵᠢ ᠶᠢᠨ ᠪᠤᠶᠢᠫᠦᠷ ᠪᠠᠶᠢᠳᠠᠭ᠃ ᠡᠭᠦᠨ ᠢ ᠣᠯᠠᠩᠬᠢ ᠳᠠᠭᠠᠨ ᠮᠦᠩᠭᠦᠨ ᠣᠰᠣ ᠪᠠᠷ ᠣᠬᠢᠶᠠᠬᠤ ᠨᠢ ᠣᠯᠠᠨ᠃ ᠭᠠᠣᠯᠢᠨ ᠬᠦᠵᠢ ᠶᠢᠨ ᠲᠠᠯᠪᠢᠭᠤᠷ ᠢ ᠮᠦᠩᠭᠦ ᠪᠠᠷ ᠣᠬᠢᠶᠠᠭᠰᠠᠨ ᠴᠣ᠋ ᠪᠠᠶᠢᠨ᠎ᠠ᠃                   ᠲᠠᠯᠠᠯᠭ᠎ᠠ ᠶᠢᠨ ᠰᠣᠮᠣ᠂ ᠬᠦᠨᠦᠭ        ᠠᠶᠢᠯ ᠪᠦᠷᠢ ᠵᠢᠯ ᠪᠣᠯᠭᠠᠨ ᠪᠣᠷᠬᠠᠨ ᠲᠠᠭᠢᠭᠤᠯᠵᠣ ᠲᠠᠯᠠᠯᠭ᠎ᠠ ᠠᠪᠳᠠᠭ᠃ ᠲᠠᠯᠠᠯᠭ᠎ᠠ ᠠᠪᠬᠤ ᠳᠤ ᠲᠠᠯᠠᠯᠭ᠎ᠠ ᠶᠢᠨ ᠰᠣᠮᠣ᠂ ᠬᠦᠨᠦᠭ ᠬᠡᠷᠡᠭᠯᠡᠳᠡᠭ᠃ ᠲᠠᠯᠠᠯᠭ᠎ᠠ ᠶᠢᠨ ᠰᠣᠮᠣ ᠨᠢ ᠡᠩ ᠤᠨ ᠰᠣᠮᠣ ᠲᠠᠢ ᠠᠳᠠᠯᠢᠪᠳᠣᠷ ᠪᠠᠶᠢᠳᠠᠭ᠃ ᠣᠨᠳᠣᠣ ᠭᠠᠵᠠᠷ ᠨᠢ ᠭᠡᠪᠡᠯ ᠲᠡᠭᠦᠨ ᠤ ᠵᠠᠪᠠ ᠶᠢᠨ ᠣᠵᠣᠭᠤᠷ ᠲᠤ ᠮᠦᠩᠭᠦᠨ ᠲᠣᠭᠳᠣᠢ ᠲᠠᠭᠠᠷᠠᠭᠤᠯᠣᠭᠰᠠᠨ ᠪᠠᠶᠢᠳᠠᠭ᠃ ᠲᠠᠯᠠᠯᠭ᠎ᠠ ᠶᠢᠨ ᠰᠣᠮᠣ ᠶᠢ ᠲᠠᠪᠣᠨ ᠦᠩᠭᠡ ᠶᠢᠨ ᠬᠠᠳᠠᠭ᠂ ᠭᠬᠢᠪ ᠢᠶᠠᠷ ᠴᠢᠮᠡᠭᠯᠡᠳᠡᠭ᠃ ᠪᠠᠰᠠ ᠮᠦᠩᠭᠦᠨ ᠵᠣᠭᠤᠰ᠂ ᠵᠢᠵᠢᠭ ᠮᠦᠩᠭᠦᠨ ᠶᠣᠸᠠᠮᠪᠣᠣ ᠲᠡᠭᠦᠵᠢᠯᠡᠬᠦ ᠴᠣ᠋ ᠪᠣᠢ᠃        ᠲᠠᠯᠠᠯᠭ᠎ᠠ ᠶᠢᠨ ᠬᠦᠨᠦᠭ ᠨᠢ ᠰᠠᠶᠢᠨ ᠴᠢᠨᠠᠷ ᠤᠨ ᠮᠣᠳᠣᠨ ᠬᠦᠨᠦᠭ᠂ ᠭᠠᠣᠯᠢᠨ ᠬᠦᠨᠦᠭ ᠪᠠᠶᠢᠬᠤ ᠨᠢ ᠨᠠᠶᠢᠳᠠᠮ ᠪᠣᠯᠪᠠᠴᠣ ᠡᠶᠢᠮᠣ ᠬᠦᠨᠦᠭ ᠤᠨ ᠪᠦᠰᠡᠯᠡᠬᠦᠷ ᠢ ᠮᠦᠩᠬᠦ ᠪᠠᠷ ᠬᠢᠬᠦ ᠪᠣᠶᠣ ᠡᠰᠡᠭᠦᠯ᠎ᠡ ᠣᠬᠢᠶᠠᠬᠤ ᠨᠢ ᠣᠯᠠᠨ᠃ ᠡᠶᠢᠮᠦ ᠬᠦᠨᠦᠭ ᠲᠤ ᠲᠠᠪᠣᠨ ᠬᠤᠰᠢᠭᠤ ᠮᠠᠯ ᠤᠨ ᠠᠰᠢᠭ ᠰᠢᠮ᠎ᠡ᠂ ᠲᠠᠪᠣᠨ ᠲᠠᠷᠢᠶᠠᠨ ᠤ ᠦᠷ᠎ᠡ ᠮᠡᠳᠣ ᠶᠢ ᠬᠢᠵᠦ ᠲᠠᠯᠠᠯᠭ᠎ᠠ ᠠᠪᠳᠠᠭ᠃        ᠣᠳᠣ ᠴᠠᠭ ᠲᠤ ᠡᠶᠢᠮᠦ ᠪᠣᠷᠬᠠᠨ ᠲᠠᠢ ᠠᠶᠢᠯ ᠦᠨᠳᠦᠰᠦᠨ ᠲᠡᠭᠡᠷ᠎ᠡ ᠪᠠᠨ ᠦᠭᠡᠢ ᠪᠣᠯᠪᠠ᠃                     ᠮᠦᠩᠭᠦᠨ ᠬᠤᠷᠣᠭᠤᠪᠴᠢ᠂ ᠴᠢᠮᠬᠢᠭᠦᠷ᠂ ᠡᠷᠡᠬᠡᠶᠢᠪᠴᠢ        ᠮᠦᠩᠭᠦᠨ ᠬᠤᠷᠣᠭᠤᠪᠴᠢ ᠪᠣᠯ ᠶᠠᠭᠤᠮ᠎ᠠ ᠣᠶᠣᠬᠤ ᠳᠤ ᠬᠡᠷᠡᠭᠯᠡᠳᠡᠭ᠃ ᠲᠡᠷᠡ ᠨᠢ ᠪᠦᠷ ᠮᠦᠩᠭᠦ ᠪᠠᠷ ᠪᠦᠳᠦᠳᠡᠭ ᠪᠦᠭᠡᠳ ᠬᠤᠰᠣᠭᠤᠷ ᠤᠨ ᠪᠣᠷᠣᠭᠤ ᠲᠠᠯ᠎ᠠ ᠳᠠᠭᠠᠨ ᠲᠠᠪᠬᠤᠷ᠂ ᠨᠠᠷᠢᠯᠢᠭ ᠪᠠᠶᠢᠵᠣ᠂ ᠵᠡᠭᠦᠦ ᠪᠠᠷ ᠶᠠᠭᠤᠮ᠎ᠠ ᠣᠶᠣᠬᠤ ᠳᠤ ᠡᠪᠲᠡᠢ ᠪᠠᠶᠢᠳᠠᠭ᠃ ᠵᠠᠷᠢᠮ ᠨᠢ ᠪᠠᠰᠠ ᠲᠠᠪᠬᠤᠷ ᠪᠠᠶᠢᠳᠠᠭ ᠪᠦᠭᠡᠳ ᠵᠡᠭᠦᠦ ᠶᠢᠨ ᠵᠠᠪᠰᠠᠷ ᠲᠠᠭᠠᠨ ᠲᠠᠪᠬᠤᠷ ᠰᠦᠪᠡᠭᠴᠢ ᠪᠦᠬᠦᠢ ᠰᠦᠯᠵᠢᠮᠡᠷ ᠲᠠᠢ ᠴᠣ᠋ ᠪᠣᠢ᠃        ᠴᠢᠮᠬᠢᠭᠦᠷ ᠪᠣᠯ ᠦᠰᠦ ᠶᠢ ᠲᠡᠭᠦᠵᠦ ᠠᠪᠳᠠᠭ ᠪᠠᠭᠠᠵᠢ ᠶᠣᠮ᠃ ᠲᠡᠭᠦᠨ ᠢ ᠪᠠᠰᠠ ᠮᠦᠩᠭᠦ ᠪᠠᠷ ᠬᠢᠵᠦ ᠬᠡᠷᠡᠭᠯᠡᠬᠦ ᠴᠦ ᠪᠣᠢ᠃        ᠡᠷᠡᠬᠡᠶᠢᠪᠴᠢ ᠪᠣᠯ ᠲᠣᠮᠳᠠ ᠬᠤᠷᠣᠭᠤᠨ ᠳᠤ ᠲᠠᠭᠠᠷᠠᠭᠤᠯᠵᠣ ᠬᠢᠭᠰᠡᠨ ᠪᠢᠳᠡᠭᠦᠦ ᠪᠠᠭᠠᠵᠢ ᠪᠢᠯᠡ᠃ ᠲᠡᠭᠦᠨ ᠢ ᠭᠤᠣᠯᠳᠠᠭᠤ ᠨᠠᠷᠢᠨ ᠵᠦᠢᠯ ᠢ ᠲᠣᠰᠬᠠᠢ ᠣᠶᠣᠵᠣ ᠪᠦᠳᠦᠭᠡᠬᠦ ᠦᠶ᠎ᠡ ᠳᠤ ᠬᠡᠷᠡᠭᠯᠡᠳᠡᠭ ᠶᠣᠮ᠃ ᠮᠦᠩᠭᠦᠨ ᠭᠠᠷᠠᠬ᠎ᠠ᠂ ᠪᠦᠯᠡᠵᠢ ︵ᠪᠦᠯᠡᠵᠡᠭ︶        ᠮᠦᠩᠭᠦᠨ ᠭᠠᠷᠠᠬ᠎ᠠ ᠪᠣᠯ ᠴᠢᠭᠢᠨ ᠳᠤ ᠬᠢᠳᠡᠭ ᠡᠳ᠋ ᠪᠢᠯᠡ᠃ ᠲᠡᠭᠦᠨ ᠢ ᠶᠡᠭᠡ ᠪᠠᠭ᠎ᠠ᠂ ᠡᠯᠳᠡᠪ ᠬᠡᠯᠪᠡᠷᠢᠳᠡᠢ ᠪᠠᠷ ᠬᠢᠳᠡᠭ᠃ ᠲᠡᠭᠦᠨ ᠤ ᠶᠠᠩᠵᠣ ᠬᠡᠯᠪᠡᠷᠢ ᠨᠢ ᠣᠯᠠᠨ ᠪᠠᠶᠢᠳᠠᠭ ᠪᠦᠭᠡᠳ ᠵᠡᠷᠢᠮ ᠳᠤᠨᠢ ᠬᠡ ᠬᠤᠸᠡᠷ ᠬᠠᠳᠬᠤᠵᠣ ᠪᠣᠯᠳᠠᠭ᠃        ᠪᠦᠯᠡᠵᠢ ᠪᠣᠯ ᠭᠠᠷ ᠲᠤ ᠵᠡᠭᠦᠳᠡᠭ ᠡᠳ᠋ ᠪᠢᠯᠡ᠃ ᠲᠡᠭᠦᠨ ᠢ ᠶᠡᠷᠦᠩᠬᠡᠢ ᠳᠡᠭᠡᠨ ᠬᠤᠷᠤᠭᠤᠨ ᠳᠠᠭᠠᠨ ᠲᠠᠭᠠᠷᠠᠭᠤᠯᠵᠣ ᠬᠢᠳᠡᠭ᠃ ᠬᠠᠷᠢᠨ ᠲᠡᠭᠦᠨ ᠤ ᠶᠡᠭᠡ ᠪᠠᠭ᠎ᠠ ᠨᠢ ᠠᠳᠠᠯᠢ ᠪᠣᠰᠣ᠂ ᠵᠡᠷᠢᠮ ᠳᠤᠨᠢ ᠪᠠᠰᠠ ᠵᠢᠵᠢᠭ ᠵᠢᠵᠢᠭ ᠬᠡ ᠬᠤᠸᠡᠷ ᠲᠠᠯᠪᠢᠳᠠᠭ᠃                           ᠮᠦᠩᠭᠦᠨ ᠰᠢᠳᠣ        ᠪᠠᠷᠭᠤᠴᠣᠳ ᠮᠦᠩᠭᠦᠨ ᠰᠢᠳᠣ ᠬᠢᠳᠡᠭ ᠵᠡᠩᠰᠢᠯ ᠲᠠᠢ᠃ ᠰᠢᠳᠣ ᠨᠢ ᠡᠪᠳᠡᠷᠡᠵᠦ ᠮᠠᠭᠤᠳᠠᠬᠤ ᠦᠶ᠎ᠡ ᠳᠤ ᠣᠭ ᠰᠢᠳᠣ ᠶᠢ ᠠᠪᠴᠣ᠂ ᠣᠷᠣᠨ ᠳᠤᠨᠢ ᠠᠯᠳᠠ ᠪᠣᠶᠣ ᠮᠦᠩᠭᠦᠨ ᠰᠢᠳᠣ ᠬᠢᠳᠡᠭ᠃ ᠡᠶᠢᠮᠦ ᠰᠢᠳᠣ ᠨᠢ ᠦᠷᠭᠦᠯᠵᠢ ᠪᠠᠳᠣ ᠲᠦᠪ ᠪᠠᠶᠢᠵᠦ᠂ ᠬᠦᠮᠦᠰ ᠤᠨ ᠢᠳᠡᠵᠦ ᠣᠣᠭᠤᠬᠤ ᠳᠤ ᠶᠠᠮᠠᠷ ᠴᠣ᠋ ᠭᠡᠮ ᠰᠤᠭᠤᠭ ᠦᠭᠡᠢ ᠪᠠᠶᠢᠳᠠᠭ ᠣᠨᠴᠠᠯᠢᠭ ᠲᠠᠢ᠃                  ᠡᠮ ᠡᠮᠨᠡᠯᠭᠡ ᠳᠤ ᠬᠡᠷᠡᠭᠯᠡᠳᠡᠭ ᠮᠦᠩᠭᠦᠨ ᠲᠣᠩ        ᠡᠮ ᠡᠮᠨᠡᠯᠭᠡ ᠳᠤ ᠬᠡᠷᠡᠭᠯᠡᠳᠡᠭ ᠮᠦᠩᠭᠦᠨ ᠲᠣᠩ ᠪᠣᠯ ᠮᠠᠰᠢ ᠲᠣᠰᠠ ᠲᠠᠢ ᠡᠳ᠋ ᠪᠢᠯᠡ᠃ ᠮᠦᠩᠭᠦᠨ ᠲᠣᠩ ᠤᠨ ᠲᠣᠳᠣᠷ᠎ᠠ ᠰᠢᠭᠤᠳ ᠮᠦᠩᠭᠦᠨ ᠲᠣᠩ ᠪᠠᠶᠢᠬᠤ ᠠᠴᠠ ᠭᠠᠳᠠᠨ᠎ᠠ ᠮᠦᠩᠭᠦ ᠪᠠᠷ ᠪᠣᠳᠣᠵᠣ ᠬᠢᠭᠰᠡᠨ ᠲᠣᠩ ᠴᠦ ᠪᠠᠶᠢᠳᠠᠭ᠃ ᠡᠨᠡ ᠨᠢ ᠡᠮ ᠢ ᠲᠠᠩ ᠲᠠᠩ ᠢᠶᠠᠷ ᠰᠣᠩᠭᠤᠨ ᠪᠣᠭᠤᠬᠤ ᠳᠤ ᠲᠣᠩ ᠴᠢᠬᠤᠯᠠ ᠦᠢᠯᠡᠳᠣᠯ ᠲᠠᠢ᠃ ᠶᠡᠷᠦ ᠨᠢ ᠡᠮᠴᠢ ᠨᠡᠷ ᠤᠨ ᠬᠡᠷᠡᠭᠯᠡᠳᠡᠭ ᠮᠦᠩᠭᠦᠨ ᠵᠡᠭᠦᠦ᠂ ᠪᠣᠰᠣᠳ ᠵᠡᠭᠦᠦ ᠵᠡᠷᠭᠡ ᠡᠮ ᠡᠮᠨᠡᠯᠭᠡ ᠶᠢᠨ ᠪᠠᠭᠠᠵᠢ ᠭᠡᠷᠡᠭᠯᠡᠯ ᠪᠠᠶᠢᠳᠠᠭ᠃                 ᠪᠡᠷᠭᠤ ᠠᠪᠡᠭᠠᠶ ᠶᠢᠨ ᠮᠦᠩᠬᠦᠨ ᠵᠡᠰᠡᠯ        ᠪᠡᠷᠭᠤ ᠠᠪᠡᠭᠠᠶ ︵ᠭ᠋ᠤᠷᠢᠮᠯᠡᠭ᠌ᠰᠡᠨ ᠪᠦᠰᠡᠬᠦᠶ᠂ ᠡᠭᠡᠨᠡᠷ︶ ᠶᠢᠨ ᠮᠦᠩᠬᠦᠨ ᠵᠡᠰᠡᠯ ᠪᠦ᠋ᠯ ᠨ᠋ᠦᠪᠡᠷ ᠤᠨ ᠢᠯᠡ ᠳᠦ᠋ᠳᠦ ᠪᠦᠭᠡᠳ ᠳᠦᠬᠦᠷᠵᠢᠭᠰᠡᠡ ᠤᠨᠴᠡᠯᠢᠭ᠋ ᠲᠠᠢ᠃ ᠭ᠋ᠤᠷᠢᠨ ᠨᠢᠭᠡᠳᠦᠭᠡᠷ ᠵᠡᠭᠤᠨ ᠭᠦᠷᠳᠡᠯ᠎ᠡ ᠤᠯᠡᠮᠵᠢᠯᠡᠭ᠌ᠳᠡᠵᠦ ᠪᠠᠶᠢᠭ᠎ᠠ ᠠᠪᠡᠭᠠᠶ ᠶᠢᠨ ᠮᠦᠩᠬᠦᠨ ᠵᠡᠰᠡᠯ ᠠᠴᠠ ᠴᠢᠭᠢᠨ ᠤ ᠭᠠᠷᠠᠭ᠋᠎ᠠ᠂ ᠭᠠᠷ ᠤᠨ ᠪᠦᠯᠡᠵᠢ ︵ᠪᠦᠯᠡᠵᠡᠭ︶᠂ ᠴᠡᠷᠪᠡᠭᠤᠨ ᠤ ᠪᠦ᠋ᠭ᠎ᠠ ︵ᠪᠡᠭᠤᠪᠴᠢ︶᠂ ᠨ᠋ᠦᠰᠣᠨ ᠤ ᠪᠡᠯ᠂ ᠳᠡᠪᠡᠯ ᠤᠨ ᠮᠦᠩᠬᠦᠨ ᠳᠦ᠋ᠪᠴᠢ᠂ ᠮᠦᠩᠬᠦᠨ ᠭ᠋ᠤᠷᠦᠭᠤᠪᠴᠢ᠂ ᠮᠦᠩᠬᠦᠨ ᠴᠢᠮᠭᠢᠬᠦᠷ᠂ ᠮᠦᠩᠬᠦᠨ ᠭᠡᠷᠡᠭᠯᠨᠯ ᠲᠠᠢ ᠡᠮᠡᠭᠡᠯ ︵ᠳᠡᠷᠦᠭᠤᠯᠭ᠎ᠠ᠂ ᠪᠦᠭᠡᠵᠢ᠂ ᠪᠡᠭᠠᠪᠦᠷ︶ ᠵᠡᠷᠭᠡ ᠨ᠋ᠦᠷᠭᠡᠨ ᠭᠡᠷᠡᠭᠯᠡᠭᠳᠡᠭᠰᠨᠭᠡᠷ ᠪᠠᠶᠢᠨ᠎ᠡ᠃ ᠤᠳᠦ ᠤ᠊ ᠵᠡᠳᠦᠰᠣᠨ ᠳᠡᠭᠡᠷ᠎ᠡ ᠪᠠᠨ ᠭᠡᠷᠡᠭᠯᠡᠭᠳᠡᠬᠦ ᠪᠠᠨ ᠪᠦ᠋ᠯᠢᠭ᠌ᠰᠡᠨ ᠪᠦ᠋ᠶᠦ ᠨᠢᠭᠡᠨᠳᠡ ᠤᠰᠡᠳᠦᠭ᠌ᠰᠡᠨ ᠮᠦᠩᠬᠦᠨ ᠵᠡᠰᠡᠯ ᠳᠤ ᠭ᠋ᠠᠪᠴᠢᠭ᠂ ᠳᠡᠳᠡᠭᠤᠷ᠂ ᠭ᠋ᠠᠵᠡᠭᠤᠨ ᠤ ᠪᠡᠯ ᠳᠠᠦᠬᠠᠶ᠂ ᠮᠦᠷᠦᠨ ᠤ ᠭᠤᠤ᠂ ᠡᠩᠭᠡᠷ ᠤᠨ ︵ᠡᠯᠢᠭᠡᠨ ᠤ︶ ᠭᠤᠤ᠂ ᠠᠷᠦ ᠶᠢᠨ ᠭᠤᠤ᠂ ᠮᠦᠩᠬᠦᠨ ᠭᠤᠦᠷᠴᠠᠭ᠂ ᠰᠢᠪᠡᠷᠭᠡᠯ᠂ ᠳᠡᠷ᠎ᠡ ᠶᠢᠨ ᠳᠡᠪᠦᠨ ᠴᠡᠴᠡᠭ ᠵᠡᠷᠭᠡ ᠶᠢ ᠳᠦ᠋ᠦᠷ᠎ᠡ ᠭᠤᠦᠯᠳᠡᠭᠤ ᠳᠤᠷᠠᠳᠤᠨ᠎ᠠ᠃                 ᠳᠦ᠋ᠯᠦᠭᠠᠶ ᠶᠢᠨ ᠮᠦᠩᠬᠦᠨ ᠵᠡᠰᠡᠯ ᠤᠳ ᠭ᠋ᠠᠪᠴᠢᠭ        ᠮᠦᠩᠬᠦᠨ ᠭ᠋ᠠᠪᠴᠢᠭ᠄ ︽ᠡᠭᠡᠨᠡᠷ ᠭᠦᠮᠦᠨ ᠤ ᠨ᠋ᠦᠰᠦ ᠶᠢ ᠭ᠋ᠠᠭᠠᠯᠵᠦ ᠭ᠋ᠤᠶᠡᠷ ᠭ᠋ᠤᠪᠢᠶᠡᠨ ᠭ᠋ᠠᠪᠴᠢᠭᠤᠯᠵᠦ ᠳᠡᠪᠭᠡᠯᠡᠳᠡᠭ ᠠᠷᠪᠡᠨ ᠭ᠋ᠤᠶᠡᠷ ᠮᠦᠩᠬᠦᠨ ᠭ᠋ᠠᠪᠴᠢᠭᠤᠷ ᠪᠦᠬᠦᠶ ᠳᠦ᠋ᠯᠦᠭᠠᠶ ᠶᠢᠨ ᠵᠡᠰᠡᠯ᠃ ᠭ᠋ᠠᠯᠭ᠋᠎ᠠ ᠪᠡᠷᠭᠤ ᠶᠡᠰᠦᠳᠡᠨ ᠳᠤ ᠬᠡᠷᠡᠭᠯᠡᠨ᠎ᠡ᠃ ᠭᠡᠪᠡᠴᠦ ᠶᠡᠩᠵᠦ ᠨᠢ ᠠᠷᠡᠶ ᠡᠳᠳᠦᠤ︾᠃ ᠪᠡᠷᠭᠤ ᠠᠪᠡᠭᠠᠶ ᠶᠢᠨ ᠮᠦᠩᠬᠦᠨ ᠭ᠋ᠠᠪᠴᠢᠭ᠂ ᠳᠡᠳᠡᠭᠤᠷ᠂ ᠡᠩᠭᠡᠷ ᠤᠨ ᠭᠤᠤ᠂ ᠭ᠋ᠠᠵᠡᠭᠤᠨ ᠤ ᠲᠠᠤᠬᠠᠢ ᠵᠡᠷᠭᠡ ᠨᠢ ᠤᠳᠦ ᠨ᠋ᠦᠪᠦᠷ ᠮᠣᠩᠭᠤᠯ ᠤᠨ ᠮᠦᠽᠧᠶ ᠳᠤ ᠭ᠋ᠠᠳᠡᠭᠠᠯᠡᠭ᠌ᠳᠡᠵᠦ ᠪᠦ᠋ᠶ᠃ ᠪᠡᠷᠭᠤᠴᠦᠳ ᠤᠨ ᠭᠠᠷ ᠲᠤ ᠭ᠋ᠠᠳᠡᠭᠠᠯᠡᠭ᠌ᠳᠡᠵᠦ ᠪᠠᠶᠢᠭ᠎ᠠ ᠨᠢ ᠭ᠋ᠤᠪᠦᠷ ᠪᠦ᠋ᠯᠵᠡᠶ᠃ ᠵᠣᠭᠢᠶᠡᠭ᠌ᠴᠢ ᠪᠢ ᠡᠷᠢᠵᠦ ᠰᠤᠷᠡᠭ᠌ᠯᠡᠭ᠌ᠰᠡᠭᠠᠷ ᠪᠠᠶᠢᠵᠦ ᠨᠢᠭᠡ ᠯᠡ ᠳᠡᠯ᠎ᠡ ᠭ᠋ᠠᠪᠴᠢᠭᠤᠷ ᠤᠯᠵᠦ ᠭᠡᠮᠵᠢᠭᠰᠡᠨ ᠪᠠᠶᠢᠳᠡᠯ ᠢᠶᠠᠷ ᠪᠡᠷᠢᠮᠳᠡ ᠪᠦ᠋ᠯᠭᠠᠪᠡᠯ᠄       ᠮᠦᠩᠬᠦᠨ ᠭ᠋ᠠᠪᠴᠢᠭ ᠲᠤ 30 — 50 — 100 ᠯᠡᠩ ᠤᠨ ᠡᠳ᠋ ᠤᠨ ᠴᠡᠭᠠᠨ ᠮᠦᠩᠬᠦ ᠬᠡᠷᠡᠭᠯᠡᠳᠡᠭ ᠨ᠋ᠦᠶ᠎ᠡ ᠳᠤ ᠨᠢᠭᠡ ᠵᠢᠩ ᠮᠦᠩᠬᠦ ᠨᠢ ᠠᠷᠪᠡᠨ ᠵ᠊ ᠵᠷᠭᠤᠭᠠᠨ ᠯᠡᠩ ᠪᠠᠶᠢᠵᠡᠶ ᠭᠡᠨ᠎ᠡ᠃ ᠭ᠋ᠠᠪᠴᠢᠭ ᠨᠢ ᠪᠡᠷᠡᠭᠤᠨ ᠵᠡᠬᠦᠨ ᠭ᠋ᠤᠶᠡᠷ ᠳᠡᠯ᠎ᠡ ᠪᠠᠶᠢᠵᠦ ᠤᠯᠡᠨ ᠵᠢᠵᠢᠭ ᠭ᠋ᠠᠪᠴᠢᠭᠤᠷ ᠠᠴᠠ ᠪᠦᠳᠦᠨ᠎ᠡ᠃ ᠭ᠋ᠤᠶᠡᠷ ᠳᠡᠯ᠎ᠡ ᠭ᠋ᠠᠪᠴᠢᠭ ᠤᠨ ᠪᠦᠳᠦᠴᠡ ᠨᠢ ᠠᠳᠡᠯᠢ᠃ ᠨᠢᠭᠡ ᠳᠡᠯ᠎ᠡ ᠭ᠋ᠠᠪᠴᠢᠭ ᠨᠢ 6 — 9 ᠭᠡᠰᠡᠭ ᠨᠢᠭᠡ ᠭ᠋ᠤᠦᠰ ᠠᠳᠡᠯᠢ ᠳᠦ᠋ᠭᠠᠨ ᠤ ᠭ᠋ᠠᠪᠴᠢᠭᠤᠷ ᠠᠴᠠ ᠪᠦᠲᠦᠳᠡᠭ᠃ ᠭ᠋ᠠᠪᠴᠢᠭᠤᠷ ᠨᠢᠭᠡ ᠪᠦᠷᠢ ᠨᠢ ᠳᠦ᠋ᠯᠦᠭᠠᠶ᠂ ᠵᠦᠪ ᠪᠦ᠋ᠷᠦᠭᠤ ᠳᠡᠯ᠎ᠡ ᠶᠢᠨ ᠨᠢᠮᠭᠡᠨ ᠭ᠋ᠠᠪᠳᠡᠰᠦ ᠲᠠᠢ᠃ ᠳᠦ᠋ᠯᠦᠭᠠᠶ ᠨᠢ ᠠᠯᠦᠬᠠᠨ ᠭᠡᠯᠪᠡᠷᠢᠳᠡᠶ᠂ ᠤᠷᠳᠦᠪᠳᠦᠷ ᠳᠦᠷᠪᠡᠯᠵᠢᠨ ᠰᠡᠭᠤᠷᠢ ᠲᠠᠢ᠂ ᠱᠡᠳᠦᠯᠵᠢᠨ ᠭᠡᠯᠪᠡᠷᠢᠳᠡᠶ ᠪᠠᠷ ᠭ᠋ᠤᠷᠦᠭᠤ ᠭᠢᠷᠢᠳᠡᠶ ᠨ᠋ᠦᠨᠳᠦᠷ ᠪᠦ᠋ᠯᠵᠦ ᠤᠷᠦᠶ ᠨᠢ ᠵᠢᠵᠢᠭ ᠤᠷᠳᠦ ᠳᠦᠷᠪᠡᠯᠵᠢᠨ᠃ ᠳᠡᠬᠦᠨ ᠤ ᠭᠦᠪᠡᠭᠡ ᠶᠢ ᠪᠢᠳᠡᠬᠦᠤ ᠳᠦ᠋ᠭᠤᠷᠢᠭᠤᠯᠵᠦ ᠤᠳᠡᠰᠣᠨ ᠭ᠋ᠤᠸᠡᠷ ᠭᠠᠷᠭᠠᠵᠦ ᠳᠦ᠋ᠮᠳᠡᠭᠢ ᠵᠡᠶ ᠶᠢ ᠭᠤᠷᠪᠡᠨ ᠳᠡᠩᠴᠡᠬᠦᠤ ᠭ᠋ᠤᠪᠢᠶᠡᠵᠦ ᠳᠡᠭᠡᠷ᠎ᠡ ᠨᠢ ᠢᠵᠢᠯᠭᠡᠨ ᠵᠢᠵᠢᠭ ᠤᠯᠡᠭᠠᠡ ᠨᠣᠭᠤᠭᠠᠨ ᠱᠢᠷᠦ ᠶᠢ ᠠᠯᠡᠭ᠌ᠯᠡᠭᠤᠯᠦᠨ ᠰᠢᠬᠢᠳᠭᠡᠳᠡᠭ᠃ ᠭᠡᠷᠪᠡ ᠱᠢᠷᠦ ᠰᠢᠭᠢᠳᠬᠡᠭᠡ ᠨ᠋ᠦᠭᠡᠶ ᠪᠠᠶᠢᠪᠡᠯ ᠤᠷᠦᠶ ᠳᠤᠨᠢ ᠭᠤᠶᠦ ᠴᠡᠴᠡᠭ ᠤᠨ ᠭ᠋ᠤᠸᠡᠷ ᠳᠦ᠋ᠪᠦᠭᠤᠷ ᠤᠷᠡᠯᠡᠳᠠᠭ᠃        ᠳᠦ᠋ᠯᠦᠭᠠᠶ ᠶᠢᠨ ᠰᠡᠭᠤᠷᠢ ᠶᠢᠨ ᠳᠦ᠋ᠦᠷ᠎ᠡ ᠵᠦᠪ ᠪᠦ᠋ᠷᠦᠭᠤ ᠳᠡᠯ᠎ᠡ ᠶᠢᠨ ᠨᠡᠷᠢᠨ ᠤᠷᠳᠦ ᠨᠢᠮᠭᠡᠨ ᠭ᠋ᠠᠪᠴᠢᠭᠤᠷ ᠤᠨ ᠳᠡᠭᠡᠳᠦ ᠨ᠋ᠦᠵᠦᠬᠦᠷ ᠢ ᠭᠠᠩᠨᠡᠵᠡᠶ᠃ ᠭ᠋ᠠᠪᠴᠢᠭᠤᠷ ᠨᠢᠭᠡ ᠪᠦᠷᠢ ᠳᠦ᠋ᠮᠳᠡᠴᠢ ᠪᠠᠷ ᠤᠷᠳᠦ ᠨᠢ 4 ᠢᠮᠨᠬᠤ ᠭᠠᠷᠦᠶ᠂ ᠨ᠋ᠦᠷᠭᠡᠨ ᠨᠢ 5 — 8 ᠹᠧᠨ᠂ ᠵᠣᠵᠡᠭᠠᠨ ᠨᠢ 2 — 3 ᠹᠸᠡ᠂ ᠭᠦᠨᠳᠤ ᠨᠢ ᠳᠦ᠋ᠮᠳᠡᠴᠢ ᠪᠠᠷ 1 ᠯᠡᠩ ᠤᠷᠴᠢᠮ᠃ ᠪᠦ᠋ᠷᠦᠭᠤ ᠳᠡᠯ᠎ᠡ ᠶᠢᠨ ᠭ᠋ᠠᠪᠴᠢᠭᠤᠷ ᠤᠨ ᠳᠡᠭᠡᠳᠦ ᠭᠦᠪᠡᠭᠡᠨ ᠳᠤ ᠰᠢᠬᠠᠵᠦ ᠪᠦᠭᠡᠷᠡᠩᠭᠡᠶ ᠭᠦᠨᠳᠡᠶ ᠭ᠋ᠤᠶᠡᠷ ᠡᠬᠡᠷᠴᠦᠭ ᠢ ᠭ᠋ᠤᠭᠤᠷᠦᠨᠳᠦ ᠪᠠᠨ ᠵᠡᠶ ᠲᠠᠢ ᠪᠠᠷ ᠭᠦᠨᠳᠡᠯᠡᠨ ᠭᠠᠩᠨᠡᠵᠡᠶ᠃ ᠳᠦ᠋ᠦᠷᠡᠳᠦ ᠭᠦᠪᠡᠭᠡᠨ ᠳᠤᠨᠢ ᠰᠢᠬᠠᠵᠦ ᠨᠢᠭᠡ ᠪᠡᠭᠠᠬᠠᠨ ᠪᠦ᠋ᠰᠤᠭ᠎ᠠ ᠰᠡᠨᠵᠢ ᠶᠢ ᠭᠤᠯᠳᠦ ᠪᠠᠷ ᠭᠠᠩᠨ᠋ᠨᠵᠡᠶ᠃ ᠵᠦᠪ ᠳᠡᠯ᠎ᠡ ᠶᠢᠨ ᠭ᠋ᠠᠪᠴᠢᠭᠤᠷ ᠤᠨ ᠤᠷᠳᠦ᠂ ᠨ᠋ᠦᠷᠭᠡᠨ᠂ ᠵᠣᠵᠡᠭᠠᠨ᠂ ᠭᠦᠨᠳᠦ ᠨᠢ ᠮᠦᠨ ᠳᠡᠭᠡᠷᠨᠭᠢ ᠭ᠋ᠠᠪᠴᠢᠭᠤᠷ ᠲᠠᠢ ᠠᠳᠡᠯᠢ᠃ ᠳᠦ᠋ᠳᠦᠷ ᠳᠡᠯ᠎ᠡ ᠨᠢ ᠭᠢᠯᠦᠭᠡᠷ᠂ ᠨᠢᠭᠤᠷ ᠳᠡᠯ᠎ᠡ ᠶᠢᠨ ᠭᠦᠪᠡᠭᠡ ᠶᠢ ᠪᠢᠳᠡᠬᠦᠤ ᠳᠦ᠋ᠭᠤᠷᠢᠭᠤᠯᠵᠦ ᠨᠡᠷᠢᠨ ᠤᠳᠡᠰᠣᠨ ᠭ᠋ᠤᠸᠡᠷ ᠢᠶᠠᠷ ᠤᠷᠢᠶᠡᠪᠡ᠃ ᠳᠦ᠋ᠮᠳᠡᠭᠢ ᠵᠡᠶ ᠳᠤᠨᠢ ᠨᠡᠪᠴᠢ ᠴᠡᠴᠡᠭ ᠤᠨ ᠭᠡ ᠤᠭᠠᠯᠵᠡ ᠴᠦ᠋ᠭᠢᠳᠠᠭ ᠪᠦ᠋ᠶᠦ ᠡᠰᠡᠬᠦᠯ᠎ᠡ 3 — 5 ᠵᠢᠵᠢᠭ ᠱᠢᠷᠦ ᠰᠢᠬᠢᠳᠭᠡᠭᠰᠡᠨ ᠪᠠᠶᠢᠳᠠᠭ᠃ ᠭ᠋ᠠᠪᠴᠢᠭᠤᠷ ᠤᠨ ᠳᠦ᠋ᠳᠦᠷ ᠳᠡᠯ᠎ᠡ ᠶᠢᠨ ᠳᠡᠭᠡᠳᠦ ᠪᠡᠶ᠎ᠡ ᠶᠢᠨ ᠳᠦ᠋ᠮᠳᠡ ᠨᠢ ᠨᠢᠭᠡ ᠡᠭᠡᠷᠴᠦᠭ ᠭᠠᠩᠨᠡᠵᠡᠶ᠃ ᠡᠨᠡ ᠡᠭᠡᠷᠴᠦᠭ ᠨᠢ ᠪᠦ᠋ᠷᠦᠭᠤ ᠳᠡᠯ᠎ᠡ ᠶᠢᠨ ᠭ᠋ᠤᠶᠡᠷ ᠡᠭᠡᠷᠴᠦᠭ ᠤᠨ ᠳᠦ᠋ᠮᠳᠡ ᠤᠷᠦᠵᠦ ᠶᠡᠪ ᠴᠡᠪ ᠳᠡᠭᠠᠷᠨᠳᠠᠭ᠃ ᠳᠦ᠋ᠦᠷᠡᠳᠦ ᠭᠡᠰᠡᠭ ᠲᠤᠨᠢ ᠨᠢᠭᠡ ᠪᠢᠴᠢᠬᠠᠨ ᠳᠡᠭᠢᠷ ᠮᠦᠩᠬᠦᠨ ᠭᠤᠭ᠋᠎ᠠ ︵ᠳᠡᠭᠡᠭᠡ︶ ᠶᠢ ᠭᠦᠳᠡᠯᠵᠦ ᠪᠠᠶᠢᠬᠤ ᠪᠠᠷ ᠭ᠋ᠠᠳᠡᠳᠠᠭ᠃ ᠳᠡᠭᠢᠷ ᠭᠤᠬᠠᠨ ᠤ ᠳᠦ᠋ᠦᠷᠡᠳᠦ ᠲᠨᠯ᠎ᠡ ᠳᠤ ᠨᠢᠭᠡ ᠨᠡᠷᠢᠨ ᠨᠦᠭᠡ ᠶᠢ ᠨᠡᠪᠳᠡ ᠭᠠᠷᠭᠠᠵᠡᠶ᠃ ᠡᠨᠡ ᠨᠦᠭᠡᠨ ᠳᠤ ᠳᠦ᠋ᠦᠷᠡᠳᠦ ᠭᠤᠯᠳᠦ ᠰᠡᠨᠵᠢ ᠶᠢ ᠤᠭᠯᠠᠨ ᠭᠠᠷᠭᠠᠵᠦ ᠳᠡᠭᠢᠷ ᠭᠤᠭ᠋᠎ᠠ ᠪᠠᠷ ᠳᠡᠭᠡᠭᠯᠡᠨ᠎ᠡ᠃ ᠭ᠋ᠠᠪᠴᠢᠭᠤᠷ ᠤᠨ ᠡᠭᠡᠷᠴᠦᠭ᠂ ᠭᠤᠭ᠋᠎ᠠ᠂ ᠭᠤᠯᠳᠦ ᠨᠦᠭᠡ ᠶᠢᠨ ᠪᠠᠶᠢᠷᠢ ᠶᠢ ᠳᠦ᠋ᠩᠭᠤᠷᠡᠭᠤᠯᠵᠦ ᠭᠢᠭᠰᠡᠡ ᠴᠤ ᠪᠠᠶᠢᠳᠠᠭ᠃ ᠡᠨᠡ ᠨᠢ ᠪᠠᠶᠢᠷᠢ ᠰᠤᠯᠢᠭᠳᠡᠭ᠌ᠰᠡᠨ ᠳᠡᠳᠦᠶ ᠠᠴᠠ ᠪᠦ᠋ᠰᠦ᠂ ᠨ᠋ᠦᠰᠦ ᠭ᠋ᠠᠪᠴᠢᠬᠤ ᠳᠤ ᠶᠡᠮᠡᠷ ᠴᠦ ᠨᠦᠯᠦᠭᠡ ᠪᠦ᠋ᠯᠬᠤ ᠨ᠋ᠦᠭᠡᠶ ᠶᠦ᠋ᠮ᠃        ᠨᠢᠭᠡ ᠳᠡᠯ᠎ᠡ ᠭ᠋ᠠᠪᠴᠢᠭ ᠲᠤ ᠡᠶᠢᠮᠦ ᠭ᠋ᠠᠪᠴᠢᠭᠤᠷ 6 — 9 ᠪᠠᠶᠢᠨ᠎ᠡ᠃ ᠭ᠋ᠤᠶᠡᠷ ᠳᠡᠯ᠎ᠠ ᠭ᠋ᠠᠪᠴᠢᠭ ᠲᠤ 12 — 18 ᠭᠡᠰᠡᠭ ᠪᠦ᠋ᠶ᠃ ᠨᠢᠭᠡ ᠳᠡᠯ᠎ᠡ ᠶᠢᠨ ᠭ᠋ᠠᠪᠴᠢᠭᠤᠷ ᠨᠢᠭᠡ ᠪᠦᠷᠢ ᠶᠢᠨ ᠤᠷᠳᠦ ᠤᠬᠤᠷ ᠨᠢ ᠭ᠋ᠤᠭᠤᠷᠦᠨᠳᠦ ᠪᠠᠨ ᠪᠠᠭ᠎ᠠ ᠵᠦᠷᠢᠶ᠎ᠡ ᠲᠠᠢ᠃ ᠭ᠋ᠠᠮᠤᠭ ᠤᠨ ᠳᠡᠭᠡᠳᠦ ᠳᠡᠯ᠎ᠡ ᠳᠠᠬᠢ ᠭ᠋ᠠᠪᠴᠢᠭᠤᠷ ᠨᠢ ᠪᠦ᠋ᠰᠣᠳ ᠠᠴᠠ ᠪᠠᠨ ᠠᠷᠡᠶ ᠤᠷᠳᠦ᠃ ᠡᠬᠦᠨ ᠢ ᠰᠡᠪᠬᠠᠨ ᠭ᠋ᠠᠪᠴᠢᠭᠤᠷ ᠭᠡᠳᠡᠭ᠃ ᠡᠬᠦᠨ ᠤ ᠳᠦ᠋ᠯᠦᠭᠠᠶ ᠳᠤᠨᠢ ᠭᠠᠭᠴᠡᠬᠠᠨ ᠪᠦᠳᠦᠬᠦᠨ ᠱᠢᠷᠦ ᠰᠨᠭᠤᠯᠭᠠᠵᠦ᠂ ᠪᠦ᠋ᠰᠣᠳ ᠭ᠋ᠠᠪᠴᠢᠭᠤᠷ ᠤᠳ ᠠᠴᠠ ᠢᠯᠭᠠᠨ᠎ᠡ᠃ ᠡᠬᠦᠨ ᠠᠴᠠ ᠳᠦ᠋ᠷᠦᠭ᠌ᠰᠢᠯᠡᠬᠤ ᠳᠦ᠋ᠳᠦᠮ ᠭ᠋ᠠᠪᠴᠢᠭᠤᠷ ᠨᠢᠭᠡ ᠪᠦᠷᠢ ᠨ᠋ᠦᠯᠦ ᠮᠡᠳᠡᠭ ᠪᠦ᠋ᠭᠤᠨᠢ ᠪᠦ᠋ᠯᠵᠦ᠂ ᠲᡂᠷᠡᠳᠦ ᠳᠡᠯ᠎ᠡ ᠶᠢᠨ ᠭ᠋ᠠᠪᠴᠢᠭᠤᠷ ᠨᠢ ᠭ᠋ᠠᠮᠤᠭ ᠤᠨ ᠤᠬᠤᠷ ᠪᠦ᠋ᠯᠦᠨ᠎ᠡ᠃        ᠨᠢᠭᠡ ᠳᠡᠯ᠎ᠡ ᠶᠢᠨ ᠭ᠋ᠠᠪᠴᠢᠭ ᠤᠨ 6 — 9 ᠭᠡᠰᠡᠭ ᠭ᠋ᠠᠪᠴᠢᠭᠤᠷ ᠢ ᠲᠤᠭᠲᠠᠭᠠᠬᠤ ᠳᠠᠭᠠᠨ᠂ ᠭ᠋ᠠᠪᠴᠢᠭᠤᠷ ᠨᠢᠭᠡ ᠪᠦᠷᠢ ᠶᠢᠨ ᠡᠭᠡᠷᠴᠦᠭ ᠢ ᠭ᠋ᠠᠷᠢᠯᠴᠡᠨ ᠳᠡᠭᠠᠷᠡᠭᠤᠯᠵᠦ᠂ ᠡᠭᠡᠷᠴᠦᠭ ᠤᠨ ᠭᠦᠨᠳᠡᠶ ᠪᠠᠷ ᠨᠢ ᠨᠡᠷᠢᠨ ᠮᠦᠩᠬᠦᠨ ᠤᠳᠡᠰᠦ ᠪᠦ᠋ᠶᠤ ᠰᠤᠷ ᠢᠶᠠᠷ ᠭᠡᠯᠭᠢᠨ ᠭ᠋ᠠᠪᠴᠢᠭᠤᠷ ᠤᠳ ᠢ ᠭ᠋ᠤᠯᠪᠦᠪᠡᠯ ᠳᠡᠭᠡᠳᠦ ᠳᠡᠯ᠎ᠡ ᠨᠢ ᠨᠢᠭᠡᠨ ᠴᠦ᠋ᠭ᠌ᠴᠡ ᠪᠦ᠋ᠯᠤᠨ ᠲᠤᠭᠲᠠᠵᠤ ᠨᠢᠭᠡ ᠳᠡᠯ᠎ᠡ ᠭ᠋ᠠᠪᠴᠢᠭ ᠪᠦᠲᠦᠨ᠎ᠡ᠃                            ᠳᠦ‍‌ᠵᠪᠡ        ᠳᠦ‍‌ᠵᠪᠡ᠄ ︽ᠨ᠋ᠦᠰᠣᠨ ᠤ ᠭ᠋ᠠᠪᠴᠢᠭ ᠤᠨ ᠳᠦ᠋ᠦᠷᠡᠳᠦ ᠨ᠋ᠦᠵᠦᠬᠦᠷ ᠲᠤ ᠤᠭᠯᠡᠳᠠᠭ ᠳᠦ᠋ᠪᠬᠤᠭᠤᠷ ᠮᠦᠩᠬᠦᠨ ᠭ᠋ᠤᠪᠭᠢ᠃ ᠳᠡᠬᠦᠨ ᠤ ᠳᠦ᠋ᠳᠦᠭᠤᠷ ᠭ᠋ᠠᠪᠴᠢᠭ ᠲᠤ ᠭ᠋ᠠᠪᠴᠢᠵᠤ ᠪᠠᠭᠳᠡᠬᠤ ᠨ᠋ᠦᠭᠡᠶ ᠨ᠋ᠦᠯᠡᠳᠡᠭᠰᠨ᠋ᠡ ᠨ᠋ᠦᠰᠦ ᠶᠢ ᠭᠦᠷᠦᠵᠦ ᠭᠠᠷᠭᠠᠬᠤ ᠪᠦ᠋ᠶᠦ ᠳᠦ᠋ᠳᠦᠷ᠎ᠡ ᠨᠢ ᠭ᠋ᠤᠶᠢᠯᠡᠵᠦ ᠭᠢᠨ᠎ᠡ︾᠃ ᠳᠦ᠊ ᠵᠪᠡ ᠪᠡᠰᠡ ᠪᠡᠷᠡᠭᠤᠨ ᠵᠡᠬᠦᠨ ᠭ᠋ᠤᠶᠡᠷ ᠭᠡᠰᠡᠭ ᠪᠦ᠋ᠶ᠃ ᠳᠦ᠊ ᠵᠪᠡ ᠳᠤ ᠳᠦ᠋ᠮᠳᠡᠴᠢ ᠪᠠᠷ 4 — 6 ᠯᠡᠩ ᠮᠦᠩᠬᠦ ᠬᠡᠷᠡᠭᠯᠡᠨ᠎ᠡ᠃ ᠳᠦ᠊ ᠵᠪᠡ ᠶᠢᠨ ᠳᠡᠭᠡᠳᠦ ᠭᠡᠰᠡᠭ ᠨᠢ ᠳᠡᠯ᠎ᠡ ᠳᠦ᠋ᠭᠤᠷᠢᠭ ᠭᠡᠯᠪᠡᠷᠢᠳᠡᠶ᠃ ᠳ᠋ᠢᠶᠡᠮᠧᠳ᠋ᠷ ᠨᠢ ᠳᠦ᠋ᠦᠷᠡᠳᠦ ᠭ᠋ᠠᠪᠴᠢᠭᠤᠷ ᠲᠠᠢ ᠠᠳᠡᠯᠢ᠃ ᠳᠦ᠋ᠦᠷᠡᠳᠦ ᠭᠡᠰᠡᠭ ᠲᠤᠨᠢ ᠤᠷᠳᠦ ᠳᠦᠷᠪᠡᠯᠵᠢᠨ ᠭᠦᠨᠳᠡᠶ ᠭ᠋ᠤᠭᠤᠯᠡᠶ ︵ᠭ᠋ᠤᠪᠭᠢ︶ ᠭᠠᠩᠨᠡᠵᠡᠶ᠃ ᠨᠢᠭᠤᠷ ᠲᠤᠨᠢ ᠨᠡᠭᠡᠭᠡᠵᠦ ᠭ᠋ᠠᠭᠠᠳᠠᠭ ᠭ᠋ᠠᠪᠠᠭᠭ ᠲᠠᠢ᠃ ᠭᠠᠷ ᠳᠡᠯ᠎ᠡ ᠳᠤᠨᠢ ᠰᠡᠨᠵᠢ ᠲᠠᠢ ᠪᠠᠶᠢᠵᠦ ᠮᠦᠩᠬᠦᠨ ᠰᠦᠯᠵᠢᠮᠡᠷ ᠢᠶᠠᠷ ᠭ᠋ᠤᠯᠪᠦᠳᠠᠭ᠃ ᠳᠦ᠊ ᠵᠪᠡ ᠨᠢ ᠭᠦᠨᠳᠡᠶ ᠳᠦ᠋ᠯᠡ ᠨ᠋ᠦᠰᠣᠨ ᠤ ᠨ᠋ᠦᠵᠦᠬᠦᠷ ᠢ ᠰᠢᠷᠭᠤᠭᠤᠯᠦᠨ ᠭᠠᠷᠭᠠᠵᠦ ᠪᠦ᠋ᠯᠬᠤ ᠪᠦᠭᠡᠳ ᠳᠦ᠋ᠳᠦᠷ᠎ᠡ ᠨᠢ ᠭ᠋ᠤᠶᠢᠯᠡᠵᠦ ᠭᠢᠭᠰᠡᠡ ᠴᠦ ᠪᠦ᠋ᠯᠳᠠᠭ᠃        ᠳᠦ‍‌ᠵᠪᠡ ᠶᠢᠨ ᠳᠡᠯ᠎ᠡ ᠳᠦ᠋ᠭᠤᠷᠢᠭ ᠢ ᠪᠢᠳᠡᠭᠦᠦ ᠭᠦᠪᠡᠭᠡᠯᠡᠵᠦ ᠳᠦ᠋ᠳᠦᠷ᠎ᠡ ᠨᠢ ᠭᠡ ᠤᠭᠠᠯᠵᠡ ᠭᠠᠷᠭᠠᠵᠦ᠂ ᠳᠦ᠋ᠦᠷᠡᠳᠦ ᠭᠡᠰᠡᠭ ᠲᠤᠨᠢ ᠤᠯᠡᠭᠠᠨ ᠱᠢᠷᠦ ᠶᠢ ᠭᠤᠷᠪᠡᠯᠵᠢᠯᠡᠨ ᠰᠢᠭᠡᠳᠭᠡᠵᠡᠶ᠃ ᠭ᠋ᠤᠭᠤᠯᠡᠶ ᠶᠢ ᠨᠢ ᠪᠡᠰᠡ ᠬᠦ ᠵᠪᠡᠭᠡᠯᠡᠵᠦ ᠤᠯᠡᠭᠠᠨ 2 ᠨᠣᠭᠤᠭᠠᠨ 1 ᠱᠢᠷᠦ ᠶᠢ ᠠᠯᠡᠭ᠌ᠯᠡᠭᠤᠯᠦᠨ ᠰᠢᠭᠢᠳᠭᠡᠪᠡ᠃                         ᠨ᠋ᠦᠰᠣᠨ ᠤ ᠪᠡᠯ        ᠨ᠋ᠦᠰᠣᠨ ᠤ ᠪᠡᠯ᠄ ᠭ᠋ᠠᠪᠴᠢᠭ ᠵᠡᠬᠦᠪᠡᠯ ᠨ᠋ᠦᠰᠣᠨ ᠤ ᠪᠡᠯ ᠬᠡᠷᠡᠭᠯᠡᠨ᠎ᠡ᠃ ᠨ᠋ᠦᠰᠣᠨ ᠤ ᠪᠡᠯ ᠮᠦᠨ ᠭ᠋ᠤᠶᠡᠷ ᠪᠦ᠋ᠶ᠃ ᠪᠡᠯ ᠳᠤ ᠳᠦᠭᠦᠷᠢᠭ ᠪᠡᠯ ︵ᠵᠣᠭᠤᠰᠣᠨ ᠪᠡᠯ︶᠂ ᠰᠦᠯᠵ᠊ ᠵᠮᠡᠷ ᠲᠠᠢ ᠪᠡᠯ᠂ ᠵᠢᠷᠦᠭᠡᠨ ᠪᠡᠯ᠂ ᠲᠠᠦᠬᠠᠶ ᠪᠡᠯ ᠵᠡᠷᠭᠡ ᠤᠯᠡᠨ ᠶᠡᠩᠵᠦ ᠪᠠᠶᠢᠳᠠᠭ᠃ ᠪᠡᠯ ᠨᠢ ᠪᠦᠳᠦᠬᠦᠨ ᠪᠠᠭ᠎ᠠ᠂ ᠵᠣᠵᠡᠭᠠᠨ ᠨᠢᠮᠭᠡᠨ ᠤᠭᠠᠯᠵᠡ ᠭ᠋ᠤᠸᠡᠷ ᠲᠠᠢ ᠪᠦ᠋ᠶᠦ ᠤᠭᠠᠯᠵᠡ ᠭ᠋ᠤᠸᠡᠷ ᠨ᠋ᠦᠭᠡᠶ ᠮᠡᠳᠦ ᠤᠯᠡᠨ ᠵᠦ‍‌ᠵᠯ ᠪᠠᠶᠢᠳᠠᠭ᠃                             ᠰᠢᠪᠡᠷᠭᠡᠯ       ᠰᠢᠪᠡᠷᠭᠡᠯ ︵ᠰᠢᠪᠡᠷᠡᠯᠭᠡ︶᠄ ︽ᠰᠢᠪᠡᠷᠭᠡᠯ ᠪᠦ᠋ᠯ ᠤᠭ ᠲᠠᠭᠠᠨ ᠰᠢᠨ᠎ᠡ ᠪᠡᠷᠢ ᠳᠤ ᠳᠦ᠋ᠳᠡᠭ᠌ᠳᠡᠵᠦ ᠪᠦ᠋ᠯᠳᠠᠭ ᠨ᠋ᠦᠭᠡᠶ ᠵᠡᠰᠡᠯ ᠴᠢᠮᠡᠭᠯᠨᠯ ᠤᠨ ᠨᠢᠭᠡ ᠪᠠᠶᠢᠭᠰᠡᠨ ᠶᠦ᠋ᠮ ᠃ ᠡᠨᠡ ᠨᠢ ︿ᠵᠣᠰᠠᠭ ᠢᠮᠠᠭ᠎ᠠ ᠵᠢᠷᠭᠤᠭᠠᠨ ᠡᠪᠡᠷ ᠲᠠᠢ᠂ ᠵᠣᠳ ᠪᠦ᠋ᠯᠪᠡᠯ ᠭ᠋ᠤᠶᠡᠷ ᠡᠪᠡᠷ ᠲᠠᠢ﹀ ᠭᠡᠳᠡᠭ ᠢᠶᠠᠷ ᠨ᠋ᠦᠰᠤ ᠪᠠᠨ ᠭ᠋ᠠᠯᠬᠠᠯᠡᠵᠦ᠂ ᠡᠪᠦᠭᠡ ᠳᠡᠭᠡᠳᠦᠰ ᠲᠡᠭᠡᠨ ᠨ᠋ᠦᠵᠨᠬᠦᠯᠬᠦ ᠨ᠋ᠦᠭᠡᠶ ᠭᠡᠰᠡᠨ ᠳᠡᠮᠳᠡᠭ ᠵᠡᠰᠡᠯ ᠪᠦ᠋ᠯᠦᠨ᠎ᠡ︾᠃ ᠰᠢᠪᠡᠷᠭᠡᠯ ᠢ ᠭ᠋ᠤᠷᠭᠤᠶ ᠵᠡᠷᠭᠡ ᠪᠠᠷ ᠤᠷᠳᠦ ᠭ᠋ᠠᠪᠳ᠋ᠨᠭᠠᠶ ᠭᠢᠳᠡᠭ᠃ ᠳᠡᠭᠡᠷ᠎ᠡ ᠪᠠᠨ ᠨᠡᠷᠢᠨ ᠪᠠᠶᠢᠵᠦ ᠳᠦ᠋ᠷᠦᠭ᠌ᠰᠢᠯᠡᠬᠤ ᠳᠦ᠋ᠳᠦᠮ ᠢᠶᠠᠨ ᠨ᠋ᠦᠷᠭᠡᠨ ᠪᠦ᠋ᠯᠦᠭᠠᠳ ᠨ᠋ᠦᠵᠦᠬᠦᠷ ᠢ ᠭᠤᠷᠪᠡᠯᠵᠢᠨ᠂ ᠨ᠋ᠦᠵᠦᠬᠦᠷ ᠲᠤᠨᠢ ᠤᠯᠡᠭᠠᠨ ᠳᠦ᠋ᠷᠭᠠᠨ ᠤᠳᠡᠰᠦ ᠪᠠᠷ ᠴᠡᠴᠤᠭ ᠭᠢᠵᠦ ᠤᠨᠵᠢᠭᠤᠯᠳᠠᠭ᠃ ᠤᠷᠳᠦ ᠤᠬᠤᠷ ᠢ ᠭᠡᠷᠡᠭᠯᠡᠭᠴᠢ ᠶᠢᠨ ᠪᠡᠶ᠎ᠡ ᠶᠢᠨ ᠨ᠋ᠦᠨᠳᠦᠷ ᠠᠯᠴᠡᠭᠠᠷ ︵ᠪᠦ᠋ᠭᠤᠨᠢ︶ ᠲᠠᠢ ᠵᠣᠭᠢᠴᠡᠭᠤᠯᠦᠨ ᠭᠢᠳᠡᠭ᠃ ᠰᠢᠪᠡᠷᠭᠡᠯ ᠤᠨ ᠭᠦᠪᠡᠭᠡ ᠶᠢ ᠨ᠋ᠦᠩᠭᠡ ᠶᠢᠨ ᠳᠦ᠋ᠷᠭᠠᠨ ᠤᠳᠡᠰᠦ ᠪᠠᠷ ᠰᠢᠭᠯᠠᠨ ᠭᠦᠪᠡᠭᠡᠯᠡᠳᠡᠭ᠃ ᠳᠡᠭᠡᠷ᠎ᠡ ᠠᠴᠠ ᠳᠦ᠋ᠷᠦᠭ᠌ᠰᠢ 5 — 6 ᠨ᠋ᠦᠶ᠎ᠡ ᠳᠦᠷᠪᠡᠯᠵᠢᠨ ᠭ᠋ᠤᠪᠢᠶᠡᠵᠦ ᠨ᠋ᠦᠶ᠎ᠡ ᠪᠦᠷᠢ ᠶᠢ ᠨᠡᠷᠢᠨ ᠮᠦᠩᠬᠦᠨ ᠰᠦᠯᠵᠢᠮᠡᠷ ᠢᠶᠠᠷ ᠭᠦᠨᠳᠡᠯᠡᠨ ᠭ᠋ᠤᠯᠪᠦᠨ ᠴᠢᠮᠡᠭᠯᠡᠭᠡᠳ ᠳᠦ᠋ᠮᠳᠡᠭᠢ ᠵᠡᠶ ᠳᠤᠨᠢ ᠵᠢᠵᠢᠭ ᠳᠦ᠋ᠨᠦᠯᠵ᠊ ᠵᠡ ᠮᠦᠩᠬᠦᠨ ᠴᠡᠴᠡᠭ᠂ ᠱᠢᠷᠦ᠂ ᠤᠭ᠍ᠶᠦ᠂ ᠮᠦᠩᠬᠦᠨ ᠭ᠋ᠤᠩᠬᠤ ᠵᠡᠷᠭᠡ ᠶᠢ ᠭ᠋ᠠᠳᠡᠵᠦ ᠴᠢᠮᠡᠭᠯᠨᠳᠡᠭ᠃                           ᠮᠦᠩᠭᠦᠨ ᠲᠠᠲᠠᠭᠤᠷ        ᠮᠦᠩᠬᠦᠨ ᠳᠡᠳᠡᠭᠤᠷ᠄ ︽ᠭᠤᠷᠪᠡᠨ ᠭ᠋ᠤᠷᠦᠭᠤ ᠭᠢᠷᠢ ᠤ᠊ ᠵᠷᠭᠡᠨ ᠴᠡᠭᠠᠷᠢᠭ ᠮᠦᠩᠬᠦᠨ ᠳᠡᠭᠡᠷ᠎ᠡ ᠱᠢᠷᠦ ᠰᠢᠭᠢᠳᠬᠡᠭᠡ ᠳᠡᠭᠠᠷᠡᠭᠤᠯᠵᠦ ᠭᠢᠭᠰᠡᠡ᠂ ᠭ᠋ᠠᠪᠴᠢᠭ ᠳᠡᠭᠡᠷ᠎ᠡ ᠳᠡᠯᠪᠢᠵᠦ ᠵᠡᠬᠦᠬᠦ ᠠᠪᠡᠭᠠᠶ ᠭᠦᠮᠦᠨ ᠤ ᠳᠦ᠋ᠯᠦᠭᠠᠶ ᠶᠢᠨ ᠵᠡᠰᠡᠯ︾᠃ ᠪᠡᠷᠭᠤᠴᠦᠳ ︽ᠳᠦ᠋ᠮᠦ ᠵᠢᠵᠢᠭ ᠱᠢᠷᠦ ᠬᠡᠯᠬᠢᠵᠦ ᠳᠦ᠋ᠭᠤᠷᠢᠭᠤᠯᠦᠭ᠌ᠰᠡᠨ ᠳᠦ᠋ᠪᠦᠷᠦᠤ ᠲᠠᠢ ᠮᠦᠩᠬᠦᠨ ᠳᠡᠳᠡᠭᠤᠷ︾ ᠴᠦ ᠭᠡᠳᠡᠭ ᠪᠢᠯᠡ᠃ ᠮᠦᠩᠬᠦᠨ ᠳᠡᠳᠡᠭᠤᠷ ᠤᠳᠦ ᠨ᠋ᠦᠪᠦᠷ ᠮᠣᠩᠭᠤᠯ ᠤᠨ ᠮᠦᠽᠧᠶ ᠳᠤ ᠭ᠋ᠠᠳ᠋ᠨᠭᠠᠯᠡᠭ᠌ᠳᠡᠵᠦ ᠪᠦ᠋ᠶ᠃ ᠳᠡᠳᠡᠭᠤᠷ ᠭᠢᠬᠦ ᠳᠤ ᠳᠦ᠋ᠮᠳᠡᠴᠢ ᠪᠠᠷ 10 — 20 ᠯᠡᠩ ᠴᠡᠭᠠᠨ ᠮᠦᠩᠬᠦ ᠬᠡᠷᠡᠭᠯᠡᠨ᠎ᠡ᠃ ᠳᠡᠳᠡᠭᠤᠷ ᠨᠢ ᠶᠡᠷᠦᠩᠭᠡᠶ ᠳᠡᠭᠡᠨ ᠨ᠋ᠦᠷᠭᠡᠨ ᠨᠢ 1 ᠢᠮᠡᠬᠤ 2 ᠹᠸᠡ᠂ ᠤᠷᠳᠦ ᠨᠢ 13 — 15 ᠢᠮᠡᠬᠤ ᠤᠷᠴᠢᠮ᠂ ᠵᠣᠵᠡᠭᠠᠨ ᠨᠢ 1 — 2 ᠹᠸᠡ᠃ ᠳ᠋ᠢᠶᠡᠮᠧᠳ᠋ᠷ ᠨᠢ 5 ᠢᠮᠡᠬᠤ ᠤᠷᠴᠢᠮ᠂ ᠳᠦ᠋ᠭᠤᠷ᠊ ᠵᠭ᠋ ᠭ᠋ᠠᠪᠳᠡᠭᠠᠶ ᠮᠦᠩᠬᠦ ᠪᠠᠷ ᠪᠦᠳᠦᠨ᠎ᠡ᠃ ᠳᠡᠳᠡᠭᠤᠷ ᠤᠨ ᠰᠢᠯᠢ ᠶᠢᠨ ᠭᠡᠰᠡᠭ ᠨᠢ ᠳᠦᠷᠪᠡᠯᠵᠢᠨ᠃ ᠡᠬᠦᠨ ᠢ ᠰᠢᠯᠢᠪᠴᠢ ᠭᠡᠳᠡᠭ᠃ ᠨᠢᠭᠤᠷ ︵ᠭᠠᠳᠡᠷ︶ ᠳᠡᠯ᠎ᠡ ᠳᠤᠨᠢ ᠠᠷᠰᠯᠡᠨ ᠭ᠋ᠤᠸᠡᠷᠯᠡᠨ ᠴᠦ᠋ᠭᠢᠵᠦ᠂ ᠠᠮᠢ ᠨᠡᠰᠦ ᠶᠢ ᠭ᠋ᠠᠮᠡᠭᠠᠯᠡᠬᠤ ᠶᠢ ᠪᠡᠯᠭᠡᠳᠡᠨ᠎ᠡ᠃ ᠰᠢᠯᠢᠪᠴᠢ ᠶᠢ ᠭ᠋ᠠᠯᠳᠦ ᠭ᠋ᠠᠷᠡᠬᠤ ᠳᠤ ᠡᠭᠡᠷᠴᠦᠭ ᠲᠠᠢ ᠮᠡᠳᠦ ᠪᠠᠶᠢᠳᠠᠭ ᠪᠦ᠋ᠯᠪᠡᠴᠦ ᠨᠡᠭᠡᠭᠡᠵᠦ ᠭ᠋ᠠᠭᠠᠵᠦ ᠪᠦ᠋ᠯᠳᠠᠭ ᠨ᠋ᠦᠭᠡᠶ ᠪᠢᠯᠡ ᠃ ᠰ᠊ ᠵᠯᠢᠪᠴᠢ ᠶᠢᠨ ᠳᠦ᠋ᠦᠷ᠎ᠡ ᠭᠦᠪᠡᠭᠡᠨ ᠳᠤ ᠭᠤᠷᠪᠡᠨ ᠮᠦᠩᠬᠦᠨ ᠰᠡᠨᠵᠢ ᠶᠢ ᠳᠡᠩᠴᠡᠬᠦᠤ ᠵᠡᠶ ᠲᠠᠢ ᠭᠠᠩᠨᠡᠳᠠᠭ᠃ ᠡᠬᠦᠨ ᠠᠴᠠ ᠠᠳᠡᠯᠢ ᠭᠤᠷᠪᠡᠨ ᠮᠦᠩᠬᠦᠨ ᠳᠦ᠋ᠪᠴᠢ ᠡᠮᠬᠦᠬᠦᠯᠦᠨ ᠳᠡᠬᠦᠵᠢᠯᠡᠳᠡᠭ᠃ ᠳᠡᠳᠡᠭᠤᠷ ᠤᠨ ᠭᠤᠦᠯ ᠢᠶᠠᠷ ᠨᠢ ᠳᠦ᠋ᠮᠦ ᠪᠦ᠋ᠶᠦ ᠵᠢᠵᠢᠭ ᠤᠯᠡᠭᠠᠨ ᠱᠢᠷᠦ ᠶᠢ ᠳᠦ᠋ᠭᠤᠷᠢᠭᠤᠯᠵᠦ ᠰᠡᠭᠤᠯᠭᠠᠳᠠᠭ᠃ ᠱᠢᠷᠦ ᠨᠢ ᠪᠦᠳᠦᠬᠦᠨ ᠪᠦ᠋ᠯ ᠳᠦ᠋ᠮᠦᠬᠠᠨ ᠱᠢᠷᠦ ᠶᠢ ᠭᠤᠦᠯ ᠳᠤᠨᠢ ᠰᠡᠭᠤᠯᠭᠠᠵᠦ ᠳᠡᠬᠦᠨ ᠠᠴᠠ ᠵᠢᠵᠢᠭ ᠱᠢᠷᠦ ᠶᠢ ᠭ᠋ᠤᠶᠡᠷ ᠳᠡᠯ᠎ᠡ ᠳᠤᠨᠢ ᠭ᠋ᠤᠦᠰ ᠭ᠋ᠤᠦᠰ ᠢᠶᠠᠷ ᠳᠡᠩᠴᠡᠬᠦᠤ ᠵᠡᠶ ᠲᠠᠢ ᠰᠡᠭᠤᠯᠭᠠᠳᠠᠭ ᠪᠢᠯᠡ᠃ ᠱᠢᠷᠦ ᠨᠢ ᠵᠢᠵᠢᠭ ᠪᠠᠶᠢᠪᠡᠯ ᠠᠷᠪᠡᠭᠠᠳ ᠱᠢᠷᠦ ᠶᠢ ᠳᠦ᠋ᠭᠤᠷᠢᠭᠤᠯᠵᠦ ᠰᠡᠭᠤᠯᠭᠠᠳᠠᠭ ᠴᠦ ᠪᠦ᠋ᠶ᠃ ᠱᠢᠷᠦ ᠶᠢᠨ ᠭ᠋ᠤᠶᠡᠷ ᠵᠠᠭ᠋᠎ᠠ ᠶᠢᠨ ᠭᠦᠪᠡᠭᠡ ᠶᠢ ᠴᠡᠴᠡᠭ ᠭ᠋ᠤᠸᠡᠷ ᠢᠶᠠᠷ ᠭᠦᠪᠦ᠋᠊ ᠵᠯᠭᠡᠨ ᠴᠦ᠋ᠭᠢᠵᠦ ᠴᠢᠮᠡᠭᠯᠨᠳᠡᠭ᠃                        ᠭ᠋ᠠᠵᠡᠭᠤᠨ ᠤ ᠮᠦᠩᠬᠦᠨ ᠵᠡᠰᠡᠯ        ᠡᠨᠡ ᠵᠡᠰᠡᠯ ᠤᠨ ᠵᠡᠭ᠌ᠪᠦᠷ ᠤᠳᠦ ᠤᠯᠳᠠᠬᠤ ᠪᠠᠨ ᠪᠦ᠋ᠯᠢᠭ᠌ᠰᠡᠨ ᠪᠢᠯᠡ᠃ ᠡᠩᠭᠡᠷ ᠤᠨ ᠪᠦ᠋ᠶᠦ ᠡᠯᠢᠭᠡᠨ ᠤ ᠭᠤᠤ᠂ ᠮᠦᠷᠦᠨ ᠤ ᠭᠤᠤ᠂ ᠠᠷᠦ ᠶᠢᠨ ᠪᠦ᠋ᠶᠦ ᠴᠡᠭᠡᠵᠢᠨ ᠤ ᠭᠤᠤ ᠭᠤᠷᠪᠡ ᠪᠦ᠋ᠯ ᠨᠢᠭᠡ ᠴᠡᠭᠡᠵᠢᠪᠴᠢᠨ ᠳᠤ ᠭ᠋ᠠᠳᠡᠭᠠᠰᠣᠳᠡᠶ ᠪᠠᠶᠢᠳᠠᠭ᠃ ᠨ᠋ᠦᠭᠡᠷ᠎ᠡ ᠪᠠᠷ ᠭᠡᠯᠡᠪᠡᠯ᠂ ᠭ᠋ᠠᠮᠳᠦ ᠳᠤᠨᠢ ᠵᠡᠭᠦᠳᠡᠭ ᠲᠦᠭᠦᠷᠵᠢᠭᠰᠡᠨ ᠵᠡᠰᠡᠯ ᠶᠦ᠋ᠮ᠃ ᠴᠡᠭᠡᠵᠢᠪᠴᠢ ᠨᠢ ᠳᠦ᠋ᠰ ᠪᠦᠷᠢ ᠶᠢᠨ ᠭᠤᠤ ᠲᠠᠢ ᠪᠠᠨ ᠨ᠋ᠦᠨᠳᠦᠰᠣᠨ ᠳᠡᠭᠡᠷ᠎ᠡ ᠪᠠᠨ ᠠᠳᠡᠯᠢ ᠭᠡᠮᠵᠢᠶ᠎ᠡ ᠲᠠᠢ ᠪᠦᠭᠡᠳ ᠤᠯᠡᠩᠬᠢ ᠳᠠᠭᠠᠨ ᠤᠯᠡᠭᠠᠨ ᠭ᠋ᠤᠷᠭᠤᠶ ᠪᠠᠷ ᠨ᠋ᠦᠩᠭᠡᠯᠡᠵᠦ ᠭᠢᠳᠡᠭ᠃ ᠵᠦᠪ ᠳᠡᠯ᠎ᠡ ᠶᠢᠨ ᠰᠤᠭᠤᠨ ᠳᠠᠭᠠᠨ ᠰᠢᠯᠪᠢ ᠳᠦ᠋ᠪᠴᠢ ᠲᠠᠢ᠃ ᠭᠤᠷᠪᠡᠨ ᠭᠤᠤ ᠲᠠᠢ ᠴᠡᠭᠡᠵᠢᠪᠴᠢ ᠪᠠᠨ ᠤᠦᠵᠢᠨ ᠤ ᠳᠡᠭᠡᠬᠦᠷ ᠡᠮᠦᠰᠣᠨ᠎ᠡ᠃ ᠡᠶᠢᠮᠦ ᠠᠴᠠ ᠴᠡᠭᠡᠵᠢᠪᠴᠢ ᠨᠢ ᠤᠦᠵᠢᠨ ᠤ ᠴᠡᠭᠡᠵᠢ ᠠᠴᠠ ᠪᠠᠭ᠎ᠠ ᠪᠠᠶᠢᠵᠦ᠂ ᠤᠦᠵᠢᠨ ᠤ ᠡᠮᠵᠢᠶᠡᠷᠢ ᠶᠢ ᠳᠡᠷᠦᠬᠤ ᠨ᠋ᠦᠭᠡᠶ ᠪᠠᠶᠢᠬᠤ ᠪᠠᠷ ᠳᠡᠭᠠᠷᠡᠭᠤᠯᠳᠠᠭ᠃ ᠡᠨᠡ ᠭᠤᠷᠪᠡᠨ ᠭᠤᠤ ᠶᠢ ᠠᠪᠡᠭᠠᠶ ᠪᠦ᠋ᠯᠦᠭ᠌ᠰᠡᠳ ᠨᠢᠭᠡ ᠪᠦᠷᠢ ᠭᠡᠷᠡᠭᠯᠨᠵᠦ ᠴᠢᠳᠡᠳᠠᠭ ᠨ᠋ᠦᠭᠡᠶ ᠪᠠᠶᠢᠭᠰᠡᠨ ᠶᠦ᠋ᠮ ᠭᠡᠨ᠎ᠡ᠃ ᠵᠦᠪᠭᠡᠨ ᠠᠵᠤ ᠠᠮᠢᠳᠦᠷᠡᠯ ᠨᠢ ᠪᠡᠶᠡᠨ ᠴᠢᠨᠡᠭᠡᠯᠢᠭ ᠪᠦ᠋ᠶᠦ ᠨᠣᠶ᠋ᠨ᠋ᠦᠨ ᠤᠨ ᠨ᠋ᠦᠷ᠎ᠡ ᠭᠡᠦᠭᠡᠳ᠂ ᠡᠶᠢᠮᠦᠷᠬᠦ ᠭ᠋ᠤᠶᠡᠷ ᠠᠶᠢᠯ ᠭ᠋ᠠᠷᠢᠯᠴᠡᠨ ᠭ᠋ᠤᠳᠡ ᠤᠷᠤᠭ ᠪᠦ᠋ᠯᠦᠯᠴᠡᠬᠤ᠂ ᠡᠰᠡᠬᠦᠯ᠎ᠡ ᠶᠡᠭᠡᠰ ᠯᠡᠮᠡ ᠨᠡᠷ ᠤᠨ ᠠᠴᠢ ᠭᠤᠴᠢ ᠨᠡᠷ ᠤᠨ ᠤᠷᠤᠭ ᠭ᠋ᠤᠷᠢᠮ ᠪᠦ᠋ᠯᠬᠤ ᠳᠤ ᠪᠡᠯᠡᠳᠭᠡᠬᠦ ᠨᠢ ᠤᠯᠠᠨᠲᠠ ᠪᠠᠶᠢᠭᠰᠡᠨ ᠭᠡᠨ᠎ᠡ᠃ ᠡᠨᠡ ᠪᠦᠬᠦᠳᠡ ᠶᠢ ᠭᠢᠵᠦ ᠪᠦᠷᠢᠳᠦᠬᠦᠯᠬᠦ ᠳᠤ ᠭᠡᠷᠡᠭᠯᠨᠬᠦ ᠴᠡᠭᠠᠨ ᠮᠦᠩᠬᠦ᠂ ᠭᠢᠬᠦ ᠴᠠᠭ ᠭ᠋ᠤᠭᠤᠴᠠᠭ᠎ᠠ᠂ ᠭᠠᠷ ᠤᠨ ᠭᠦᠯᠦᠰᠦ ᠵᠡᠷᠭᠡ ᠨᠢ ᠶᠡᠭᠡᠳᠡᠶ ᠪᠠᠶᠢᠳᠠᠭ ᠠᠴᠠ ᠡᠶᠢᠮᠦ ᠪᠦ᠋ᠯᠦᠭ᠌ᠰᠡᠨ ᠶᠦ᠋ᠮ ᠭᠡᠨ᠎ᠡ᠃ ᠡᠶᠢᠮᠦ ᠠᠴᠠ ᠭᠤᠷᠪᠡᠨ ᠭᠤᠤ ᠨᠢ ᠨ᠋ᠦᠷᠭᠡᠨ ᠭᠡᠷᠡᠭᠯᠡᠭᠳᠡᠵᠦ ᠴᠢᠳᠠᠭ᠎ᠠ ᠨ᠋ᠦᠭᠡᠶ ᠪᠠᠶᠢᠵᠡᠶ᠃                            ᠮᠦᠩᠭᠦᠨ ᠭᠤᠤ        ᠡᠩᠭᠡᠷ ᠤᠨ ᠪᠦ᠋ᠶᠦ ᠡᠯᠢᠭᠡᠨ ᠤ ᠭᠤᠤ᠄ ᠳᠦ᠋ᠰ ᠵᠡᠰᠡᠯ ᠨᠢ ᠨ᠋ᠦᠪᠦᠷ ᠮᠣᠩᠭᠤᠯ ᠤᠨ ᠮᠦᠽᠧᠶ ᠳᠤ ᠪᠦ᠋ᠶ᠃ ᠡᠨᠡ ᠨᠢ ᠮᠦᠩᠬᠦᠨ ᠭᠤᠦᠷᠴᠠᠭ ᠪᠡ ᠡᠩᠭᠡᠷ ᠤᠨ ᠭᠤᠤ ᠶᠢ ᠭ᠋ᠠᠮᠳᠤ ᠳᠤᠨᠢ ᠬᠡᠯᠬᠢᠵᠦ ᠪᠦᠳᠦᠭᠰᠨ᠋ᠡ ᠡᠳ᠋ᠯᠡᠯ ᠪᠢᠯᠡ᠃ ᠪᠡᠷᠭᠤᠴᡂᠨ ᠡᠬᠦᠨ ᠲᠠᠢ ᠠᠳᠡᠯᠢ ᠭᠤᠦᠷᠴᠠᠭ ᠪᠦ᠋ᠯᠦᠨ ᠭᠤᠤ ᠶᠢ ᠵᠡᠬᠦᠬᠦ ᠪᠠᠷ ᠪᠡᠷᠡᠬᠤ ᠨ᠋ᠦᠭᠡᠶ ᠡᠩᠭᠡᠷ ᠤᠨ ᠭᠤᠤ ᠶᠢ ᠠᠰ ᠲᠤᠨᠢ ᠭᠢᠵᠦ ᠵᠡᠭᠦᠳᠡᠭ ᠴᠦ ᠪᠦ᠋ᠶ᠃        ᠡᠩᠭᠡᠷ ᠤᠨ ᠭᠤᠤ ᠶᠢ ᠮᠦᠩᠬᠦ ᠪᠠᠷ ᠬᠢᠳᠡᠭ᠃ ᠨᠢᠭᠡ ᠭᠤᠦ ᠭᠢᠬᠦ ᠳᠤ ᠳᠦ᠋ᠮᠳᠡᠴᠢ ᠪᠠᠷ 3 — 5 ᠯᠡᠩ ᠤᠷᠴᠢᠮ ᠤᠨ ᠮᠦᠩᠬᠦ ᠬᠡᠷᠡᠭᠯᠡᠨ᠎ᠡ᠃ ᠭᠤᠤ ᠨᠢ ᠭ᠋ᠠᠪᠳᠡᠭᠠᠶ ᠪᠦᠭᠡᠳ ᠭᠦᠨᠳᠡᠶ ᠭ᠋ᠤᠶᠡᠷ ᠭᠡᠰᠡᠭ ᠠᠴᠠ ᠪᠦᠳᠦᠭᠰᠨ᠋ᠡ ᠠᠵᠢ᠃ ᠭ᠋ᠤᠶᠡᠷ ᠭ᠋ᠠᠵᠡᠭᠤ ᠨᠢ ᠭ᠋ᠤᠸᠡᠷ ᠲᠠᠢ ᠪᠦ᠋ᠶᠦ ᠨᠢᠭᠤᠷ ᠨᠢ ᠭ᠋ᠤᠸᠡᠷ ᠲᠠᠢ᠂ ᠠᠷᠦ ᠨᠢ ᠭᠢᠯᠦᠭᠡᠷ ᠴᠦ ᠪᠠᠶᠢᠳᠠᠭ᠃ ᠭᠡᠯᠪᠡᠷᠢ ᠨᠢ ᠳᠦᠷᠪᠡᠯᠵᠢᠨ᠂ ᠳᠦᠭᠦᠷᠢᠭ ᠨᠡ᠊ ᠵᠮᠡᠨ ᠦᠨᠴᠦᠭ ᠲᠠᠢ ᠵᠡᠷᠭᠡ ᠤᠯᠡᠨ ᠶᠡᠩᠵᠦ ᠪᠦ᠋ᠶ᠃ ᠭᠡᠷᠡᠯ ᠵᠢᠷᠤᠭ ᠢᠶᠠᠷ ᠵᠢᠱᠢᠶ᠎ᠡ ᠪᠦ᠋ᠯᠭᠠᠪᠡᠯ᠂ ᠭ᠋ᠤᠶᠡᠷ ᠳᠡᠪᠬᠤᠷ ᠬᠦᠪᠡᠭᠡ ᠲᠠᠢ᠂ ᠭᠤᠦᠯ ᠳᠤᠨᠢ ᠨᠣᠷᠪᠦ᠂ ᠨᠣᠷᠪᠦ ᠶᠢᠨ ᠳᠦ᠋ᠦᠷᠡᠳᠦ ᠳᠡᠯ᠎ᠡ ᠳᠤᠨᠢ ᠠᠭᠤᠯᠡ᠂ ᠭ᠋ᠤᠶᠡᠷ ᠭ᠋ᠠᠵᠡᠭᠤ ᠳᠤᠨᠢ ᠮᠣᠳᠦᠨ ᠭ᠋ᠤᠸᠡᠷ ᠲᠠᠢ᠃ ᠡᠯᠢᠭᠡᠨ ᠤ ᠭᠤᠤ ᠶᠢ ᠳ᠋ᠠᠩ ᠢᠶᠠᠷ ᠨᠢ ᠵᠡᠬᠦᠬᠦ ᠳᠤ ᠭᠦᠷᠪᠡᠯ ᠳᠡᠭᠡᠳᠦ ᠳᠡᠯ᠎ᠡ ᠳᠤᠨᠢ ᠨᠢᠭᠡ ᠪᠦ᠋ᠶᠦ ᠭ᠋ᠤᠶᠡᠷ ᠰᠨ᠋ᠡᠵᠢ ᠡᠰᠡᠬᠦᠯ᠎ᠡ ᠡᠭᠡᠷᠴᠦᠭ ᠭᠠᠩᠨᠠᠭᠰᠠᠨ ᠪᠠᠶᠢᠵᠦ ᠪᠦ᠋ᠯᠬᠤ ᠪᠦᠭᠡᠳ ᠭ᠋ᠤᠶᠡᠷ ᠭ᠋ᠠᠵᠡᠭᠤ ᠳᠤᠨᠢ ᠰᠡᠨᠵᠢ ᠲᠠᠢ ᠴᠦ ᠪᠠᠶᠢᠵᠦ ᠪᠦ᠋ᠯᠳᠠᠭ᠃ ᠰᠡᠨᠵᠢᠨ ᠠᠴᠠ ᠨᠢ ᠮᠦᠩᠬᠦᠨ ᠰᠦᠯᠵᠢᠮᠡᠯ ᠪᠦ᠋ᠶᠦ ᠤᠯᠡᠭᠠᠨ ᠳᠦ᠋ᠷᠭᠠᠨ ᠤᠳᠡᠰᠦ ᠳᠡᠪᠬᠤᠷᠯᠡᠨ ᠡᠮᠬᠡᠷᠢᠳᠴᠦ ᠪᠢᠳᠡᠬᠦᠤ ᠤᠭᠤᠰᠣᠷ ᠭᠢᠭᠡᠦᠨ ᠵᠡᠬᠦᠳᠡᠭ᠃        ᠮᠦᠷᠦᠨ ᠤ ᠮᠦᠩᠬᠦᠨ ᠭᠤᠤ᠄ ᠡᠶᠢᠮᠦ ᠭᠤᠤ ᠢᠵᠢᠯ ᠨᠢᠭᠡᠨ ᠭ᠋ᠤᠦᠰ᠂ ᠭ᠋ᠤᠶᠡᠷ ᠮᠦᠷᠦᠨ ᠳᠡᠭᠡᠷ᠎ᠡ ᠵᠡᠬᠦᠳᠡᠭ ᠭᠡᠯᠪᠡᠷᠢ ᠨᠢ ᠤᠷᠳᠦᠪᠳᠦᠷ ᠳᠦᠷᠪᠡᠯᠵᠢᠨ᠂ ᠮᠦᠷᠳ ᠤ ᠭᠤᠤ ᠭᠢᠬᠦ ᠳᠤ ᠳᠦ᠋ᠮᠳᠡᠴᠢ ᠪᠠᠷ ᠳᠡᠪᠦᠨ ᠯᠡᠩ ᠠᠴᠠ ᠳᠡᠭᠡᠭᠰᠶ ᠮᠦᠩᠬᠦ ᠬᠡᠷᠡᠭᠯᠡᠨ᠎ᠡ᠃ ᠭᠤᠤ ᠶᠢᠨ ᠢᠷᠮᠡᠭ ᠢ ᠪᠦᠬᠦᠯᠢ ᠳᠦ᠋ᠭᠤᠷᠢᠭᠤᠯᠵᠦ ᠭᠦᠪᠡᠭᠡᠯᠡᠳᠡᠭ᠃ ᠳᠦᠷᠪᠡᠯᠵᠢᠨ ᠭᠤᠤ ᠪᠦ᠋ᠯ ᠳᠦᠷᠪᠡᠨ ᠦᠨᠴᠦᠭ ᠪᠡ ᠭᠤᠦᠯ ᠳᠤᠨᠢ ᠪᠡᠭᠠᠪᠳᠦᠷ ᠤᠯᠡᠭᠠᠨ ᠱᠢᠷᠦ ᠰᠢᠭᠢᠳᠭᠡᠨ᠎ᠡ᠃ ᠳᠦ᠋ᠦᠷ᠎ᠡ ᠳᠡᠯ᠎ᠡ ᠳᠤᠨᠢ ᠨᠢᠭᠡ ᠰᠡᠨᠵᠢ ᠭᠠᠩᠨᠡᠵᠦ ᠴᠡᠭᠡᠵ᠊ ᠵᠪᠴᠢᠨ ᠳᠤ ᠤᠶᠦᠵᠦ ᠳᠦ᠋ᠭ᠌ᠳᠡᠭᠠᠨ᠎ᠡ᠃ ᠮᠦᠩᠬᠦᠨ ᠭᠤᠤ ᠨᠢ ᠳᠦᠷᠪᠡᠯᠵᠢᠨ᠂ ᠳᠦᠭᠦᠷᠢᠭ ︵ᠰᠡᠷᠡᠨ︶᠂ ᠭ᠋ᠠᠪᠢᠷᠭᠠᠡ ᠰᠡᠷᠡᠨ ᠪᠦ᠋ᠶᠦ ᠰᠡᠷᠡᠨ ᠭ᠋ᠤᠶᠡᠷ ᠢᠶᠠᠷ ᠪᠦᠳᠦᠭᠰᠨ᠋ᠡ ᠵᠡᠷᠭᠡ ᠭᠡᠳᠦᠨ ᠵᠦ᠊ ᠵᠯ ᠪᠠᠶᠢᠳᠠᠭ᠃ ᠡᠩ ᠤᠨ ᠪᠠᠶᠢᠳᠡᠯ ᠳᠤ ᠳᠦᠷᠪᠡᠯᠵᠢᠨ ᠭᠤᠤ ᠨᠢ ᠡᠯᠪᠡᠭ ᠭᠡᠷᠡᠭᠯᠨᠳᠡᠭ ᠪᠠᠶᠢᠪᠡ᠃        ᠠᠷᠦ ᠶᠢᠨ ᠪᠦ᠋ᠶᠦ ᠴᠡᠭᠡᠵᠢᠨ ᠤ ᠮᠦᠩᠬᠦᠨ ᠭᠤᠤ᠄ ᠡᠨᠡ ᠨᠢ ᠴᠡᠭᠡᠵᠢᠨ ᠳᠤ ᠵᠡᠬᠦᠳᠡᠭ ᠵᠡᠰᠡᠯ᠃ ᠳᠡᠷᠡ ᠨᠢ ᠶᠡᠭᠡ᠂ ᠳᠦ᠋ᠮᠳᠡ᠂ ᠪᠠᠭ᠎ᠠ ᠭᠤᠷᠪᠡᠨ ᠭ᠋ᠠᠪᠳᠡᠭᠠᠶ ᠤᠷᠳᠦ ᠳᠦᠷᠪᠡᠯᠵᠢᠨ ᠭᠡᠰᠡᠭ ᠠᠴᠠ ᠭᠤᠦᠯ ᠪᠦᠳᠦᠨ᠎ᠡ᠃ ᠠᠷᠦ ᠶᠢᠨ ᠭᠤᠤ ᠭᠢᠬᠦ ᠳᠤ ᠠᠷᠪᠡ ᠭᠠᠷᠦᠶ ᠯᠡᠩ ᠮᠦᠩᠬᠦ ᠭᠡᠷᠡᠭᠯᠨᠨ᠎ᠡ᠃        ᠳᠡᠭᠡᠳᠦ ᠳᠡᠯ᠎ᠡ ᠶᠢᠨ ᠭ᠋ᠠᠪᠳᠡᠭᠠᠶ ᠳᠦᠷᠪᠡᠯᠵᠢᠨ ᠭᠤᠤ ᠨᠢ ᠳᠦ᠋ᠮᠳᠡᠴᠢ ᠪᠠᠷ 5 — 6 ᠢᠮᠡᠬᠤ ᠤᠷᠳᠦ᠂ ᠨ᠋ᠦᠷᠭᠡᠨ ᠨᠢ 3 — 4 ᠢᠮᠡᠬᠤ᠂ ᠳᠦ᠋ᠮᠳᠡᠭᠢ ᠭᠤᠤ ᠨᠢ 4 — 5 ᠢᠮᠡᠬᠤ ᠤᠷᠳᠦ᠂ 2 — 3 ᠢᠮᠡᠬᠤ ᠨ᠋ᠦᠷᠭᠡᠨ᠂ ᠳᠦ᠋ᠦᠷᠡᠳᠦ ᠭᠤᠤ ᠨᠢ 3 — 4 ᠢᠮᠡᠬᠤ ᠤᠷᠳᠦ᠂ 1 — 2 ᠢᠮᠡᠬᠤ ᠨ᠋ᠦᠷᠭᠡᠨ᠃ ᠭᠤᠷᠪᠡᠨ ᠤᠷᠳᠦ ᠳᠦᠷᠪᠡᠯᠵᠢᠨ ᠭᠤᠤ ᠶᠢ ᠨᠢᠮᠭᠡᠨ ᠮᠦᠩᠬᠦᠨ ᠭ᠋ᠠᠪᠳᠡᠰᠦ ᠪᠠᠷ ᠭᠢᠬᠦ ᠪᠦᠭᠡᠳ ᠳᠦ᠋ᠦᠷ᠎ᠡ ᠳᠡᠯ᠎ᠡ ᠳᠤᠨᠢ ᠳᠦ᠋ᠭᠢᠷᠡᠭ᠌ᠰᠡᠨ ᠭ᠋ᠤᠷᠦᠭᠤ ᠭᠢᠷᠢᠳᠡᠶ ᠵᠣᠵᠡᠭᠠᠨ ᠮᠣᠳᠦᠨ ᠭ᠋ᠠᠪᠳᠡᠰᠦ ᠳᠡᠭᠠᠷᠡᠭᠤᠯᠵᠦ ᠡᠮᠬᠦᠬᠦᠯᠦᠨ ᠵᠠᠭᠤᠯᠭᠠᠵᠤ ᠭᠦᠳᠡᠷᠯᠡᠳᠡᠭ᠃        ᠳᠡᠭᠡᠳᠦ ᠳᠡᠯ᠎ᠡ ᠶᠢᠨ ᠮᠦᠩᠬᠦᠨ ᠭ᠋ᠠᠪᠳᠡᠰᠣᠨ ᠤ ᠭ᠋ᠤᠶ᠋ᠨᠷ ᠳᠡᠯ᠎ᠡ ᠶᠢᠨ ᠭᠦᠪᠡᠭᠡᠨ ᠳᠤ ᠭᠤᠷᠪᠡ ᠭᠤᠷᠪᠡᠨ ᠱᠢᠷᠦ ᠰᠢᠭᠢᠳᠭᠡᠳᠡᠭ᠃ ᠳᠡᠬᠦᠨ ᠤ ᠭ᠋ᠤᠶᠡᠷ ᠨᠢ ᠦᠨᠴᠦᠭ ᠲᠤ ᠪᠠᠶᠢᠷᠢᠯᠡᠵᠦ᠂ ᠳᠦ᠋ᠮᠳᠡᠭᠢ ᠱᠢᠷᠦ ᠨᠢ ᠭ᠋ᠤᠶᠡᠷ ᠱ᠊ ᠵᠷᠦ ᠶᠢᠨ ᠳᠦ᠋ᠮᠳᠡ ᠨᠢ ᠭᠤᠷᠪᠡᠯᠵᠢᠨ ᠦᠨᠴᠦᠭ ᠡᠬᠦᠰᠭᠡᠨ ᠳᠦ᠋ᠳᠦᠭ᠌ᠰᠢ ᠰᠡᠭᠤᠯᠭᠠᠵᠡᠶ᠃ ᠳᠦ᠋ᠮᠳᠡ ᠳᠦ᠋ᠦᠷᠡᠳᠤ ᠳᠡᠯ᠎ᠡ ᠭ᠋ᠠᠪᠳᠡᠭᠠᠶ ᠶᠢᠨ ᠵᠠᠭ᠋᠎ᠠ ᠳᠦ᠋ᠮᠳᠡ ᠨᠢ ᠨᠢᠭᠡ ᠨᠢᠭᠡ ᠱᠢᠷᠦ ᠶᠢ ᠵᠡᠷᠭᠡᠴᠡᠬᠦᠯᠦᠨ ᠰᠡᠭᠤᠯᠭᠠᠵᠡᠶ᠃        ᠭᠤᠷᠪᠡᠨ ᠮᠦᠩᠬᠦᠨ ᠭ᠋ᠠᠪᠳᠡᠰᠣᠨ ᠤ ᠭᠤᠦᠯ ᠳᠦ᠋ᠮᠳᠡ ᠨᠢ ᠪᠡᠰᠡ ᠱᠢᠷᠦ ᠰᠢᠭᠢᠳᠬᠡᠭᠡ ᠲᠠᠢ᠃ ᠡᠬᠦᠨ ᠳᠤ ᠳᠡᠭᠡᠳᠦ ᠲᠨᠯ᠎ᠡ ᠶᠢᠨ ᠭ᠋ᠠᠪᠳᠡᠰᠣᠨ ᠤ ᠳᠦ᠋ᠮᠳᠡ ᠨᠢ 3 — 5 ᠵᠢᠵᠢᠪᠳᠦᠷ ᠱᠢᠷᠦ᠂ ᠳᠦ᠋ᠮᠳᠡᠭᠢ ᠭ᠋ᠠᠪᠳᠡᠰᠣᠨ ᠳᠦ᠋ᠮᠳᠡ ᠨᠢ 2 — 3 ᠱᠢᠷᠦ᠂ ᠳᠦ᠋ᠦᠷᠡᠳᠦ ᠭ᠋ᠠᠪᠳᠡᠰᠣᠨ ᠤ ᠳᠦ᠋ᠮᠳᠡ ᠨᠢ 1 — 2 ᠱᠢᠷᠦ ᠶᠢ ᠭᠦᠨᠳᠡᠯᠡᠨ ᠵᠡᠷᠭᠡᠴᠡᠬᠦᠯᠵᠦ ᠰᠡᠭᠤᠯᠭᠠᠪᠠ᠃ ᠨ᠋ᠦᠭᠡᠷ᠎ᠡ ᠪᠠᠷ ᠭᠡᠯᠡᠪᠡᠯ ᠳᠡᠭᠡᠷ᠎ᠡ ᠪᠠᠨ ᠤᠯᠡᠨ᠂ ᠳᠦ᠋ᠷᠦᠭ᠌ᠰᠢᠯᠡᠬᠤ ᠳᠦ᠋ᠳᠦᠮ ᠢᠶᠠᠨ ᠱᠢᠷᠦ ᠨᠢ ᠴᠦᠭᠡᠭᠡᠨ ᠪᠦ᠋ᠯᠳᠠᠭ᠃        ᠳᠡᠭᠡᠳᠦ ᠳᠡᠯ᠎ᠡ ᠶᠢᠨ ᠭ᠋ᠠᠪᠳᠡᠰᠣᠨ ᠤ ᠳᠡᠭᠡᠳᠦ ᠳᠦ᠋ᠦᠷᠨᠳᠦ ᠪᠡᠶ᠎ᠡ ᠳᠤ ᠳᠡᠩᠴᠡᠬᠦᠤ ᠵᠡᠶ ᠲᠠᠢ ᠪᠠᠷ ᠭ᠋ᠤᠶᠡᠷ ᠭᠠᠷᠠᠬᠠᠨ ᠰᠡᠨᠵᠢ ᠭᠠᠩᠨᠡᠵᠡᠶ᠃ ᠳᠦ᠋ᠮᠳᠡᠭᠢ ᠭ᠋ᠠᠪᠳᠡᠰᠣᠨ ᠤ ᠭ᠋ᠤᠶᠡᠷ ᠳᠡᠯ᠎ᠡ ᠳᠤᠨᠢ ᠮᠦᠨ ᠭ᠋ᠤᠶᠡᠷ ᠭ᠋ᠤᠶᠡᠷ ᠰᠨ᠋ᠡᠵᠢ ᠭᠠᠩᠨᠡᠵᠡᠶ᠃ ᠳᠦ᠋ᠦᠷᠡᠳᠦ ᠭ᠋ᠠᠪᠳᠡᠰᠣᠨ ᠤ ᠳᠡᠭᠡᠳᠦ ᠪᠡᠶ᠎ᠡ ᠳᠤᠨᠢ ᠭ᠋ᠤᠶᠡᠷ ᠰᠡᠨᠵᠢ ᠲᠠᠢ᠂ ᠳᠦ᠋ᠦᠷᠡᠳᠦ ᠪᠡᠶ᠎ᠡ ᠳᠤᠨᠢ ᠨᠡ᠊ ᠵᠮᠡᠨ ᠰᠡᠨᠵᠢ ᠲᠠᠢ᠃ ᠭᠤᠷᠪᠡᠨ ᠭ᠋ᠠᠪᠳᠡᠰᠣᠨ ᠤ ᠰᠡᠨᠵᠢ ᠨᠦᠭᠦᠳ ᠢ ᠭ᠋ᠠᠷᠢᠯᠴᠡᠨ ᠡᠮᠬᠦᠬᠦᠯᠵᠦ ᠵᠠᠭᠤᠯᠭᠠᠳᠠᠭ ᠤᠴᠢᠷ ᠠᠴᠠ ᠴᠦᠮ ᠬᠡᠯᠬᠢᠭᠳᠡᠬᠦ ᠶᠢᠨ ᠭ᠋ᠠᠮᠳᠦ ᠭ᠋ᠤᠭᠤᠷᠦᠨᠳᠦ ᠪᠠᠨ ᠭᠦᠳᠡᠯᠦᠩᠬᠦᠶ ᠪᠦᠭᠡᠳ ᠭ᠋ᠤᠯᠪᠦᠭ᠎ᠠ ᠲᠠᠢ ᠪᠦ᠋ᠯᠳᠠᠭ᠃        ᠳᠦ᠋ᠦᠷᠡᠳᠦ ᠳᠡᠯ᠎ᠡ ᠶᠢᠨ ᠨᠡ᠊ ᠵᠮᠡᠨ ᠰᠡᠨᠵᠢ ᠶᠢ ᠭ᠋ᠤᠶ᠋ᠨᠷ ᠭ᠋ᠤᠶᠡᠷ ᠢᠶᠠᠷ ᠨᠢ ᠭ᠋ᠤᠯᠪᠦᠵᠦ ᠳᠦ᠋ᠰ ᠳᠦ᠋ᠰ ᠲᠤᠨᠢ ᠤᠯᠡᠭᠠᠨ ᠳᠦ᠋ᠷᠭᠠᠨ ᠤᠳᠡᠰᠦ ᠶᠢ ᠪᠡᠷᠢᠮ᠎ᠡ ᠭᠢᠷᠢᠳᠡᠶ ᠤᠷᠳᠦ ᠪᠠᠷ ᠭᠦᠷᠦᠵᠦ᠂ ᠳᠦ᠋ᠦᠷᠡᠳᠦ ᠨ᠋ᠦᠵᠦᠬᠦᠷ ᠢ ᠴᠡᠴᠦᠭ᠌ᠯᠡᠨ ᠤᠨᠵᠢᠭᠤᠯᠵᠡᠶ᠃ ᠳᠡᠭᠡᠳᠦ ᠳᠡᠯ᠎ᠡ ᠶᠢᠨ ᠳᠦᠷᠪᠡᠯᠵᠢᠨ ᠳᠠᠬᠢ ᠭ᠋ᠤᠶᠡᠷ ᠰᠡᠨᠵᠢᠨ ᠠᠴᠠ ᠤᠯᠡᠭᠠᠨ ᠳᠦ᠋ᠷᠭᠠᠨ ᠤᠳᠡᠰᠦ ᠶᠢ ᠤᠷᠳᠦ ᠭᠦᠷᠦᠵᠦ ᠪᠢᠳᠡᠬᠦᠤ ᠤᠭᠤᠰᠣᠷ ᠭᠢᠵᠦ ᠳᠡᠭᠡᠭᠰᠶ ᠨᠢ ᠳᠡᠳᠡᠵᠦ ᠴᠡᠭᠡᠵᠢᠪᠴᠢᠨ ᠤ ᠵᠠᠭ᠋᠎ᠠ ᠳᠤ ᠭ᠋ᠠᠳᠠᠭ᠎ᠠ ᠲᠠᠢ ᠪᠠᠶᠢᠬᠤ ᠴᠡᠴᠡᠭ ᠤᠨ ᠭ᠋ᠤᠸᠡᠷ ᠠᠴᠠ ᠳᠦ᠋ᠭ᠌ᠳᠡᠭᠠᠳᠠᠭ᠃                          ᠮᠦᠩᠬᠦᠨ ᠭᠤᠦᠷᠴᠠᠭ        ᠮᠦᠩᠬᠦᠨ ᠭᠤᠦᠷᠴᠠᠭ ︵ᠰᠡᠭᠢᠭᠤᠰᠦ ᠶᠢᠨ ᠭᠤᠤᠷᠴᠠᠭ︶᠄ ᠮᠦᠩᠬᠦᠨ ᠭᠤᠦᠷᠴᠠᠭ ᠪᠦ᠋ᠯ ᠨ᠋ᠦᠨᠡᠨ ᠳᠡᠭᠡᠨ ᠪᠦ᠋ᠷᠬᠠᠨ᠂ ᠮᠡᠨᠢ ᠶᠢᠨ ᠤ᠊ ᠵᠰᠦᠭ᠂ ᠵᠡᠶ ︵ᠭᠢᠵᠢᠭ ᠢ ᠰᠡᠷᠭᠡᠶᠢᠯᠡᠬᠦ ᠨ᠋ᠦ᠊ ᠵᠯᠡᠳᠦᠯ ᠪᠦᠬᠦᠢ ᠡᠯ᠎ᠡ ᠵᠦ᠊ ᠵᠯ ᠤᠨ ᠡᠮ︶ ᠵᠡᠷᠭᠡ ᠠᠴᠠ ᠠᠯᠢ ᠨᠢᠭᠡ ᠶᠢ ᠰᠤᠩᠭᠤᠨ ᠳᠦ᠋ᠳᠦᠷ᠎ᠡ ᠨᠢ ᠭᠢᠵᠦ ᠭᠦᠵᠦᠬᠦᠨ ᠠᠴᠠ ᠵᠡᠭᠦᠳᠡᠭ ᠡᠳ᠋ᠯᠡᠯ ᠶᠦ᠋ᠮ᠃ ᠳᠡᠭᠡᠬᠦᠯᠡᠷ ᠡᠨᠡ ᠨᠢ ᠰᠢᠳᠦᠭᠡᠨ ᠤ ᠵᠦ᠊ ᠵᠯ ᠪᠦ᠋ᠯᠬᠤ ᠪᠠᠷ ᠪᠡᠷᠡᠬᠤ ᠨ᠋ᠦᠭᠡᠶ ᠡᠩᠭᠡᠷ ᠲᠤ ᠵᠡᠭᠦᠳᠡᠭ ᠵᠡᠰᠡᠯ ᠴᠢᠮᠡᠭᠯᠨᠯ ᠤᠨ ᠨᠢᠭᠡ ᠪᠤᠯᠬᠤ ᠶᠦ᠋ᠮ᠃        ᠨᠢᠭᠡ ᠭᠤᠦᠷᠴᠠᠭ ᠭᠢᠬᠦ ᠳᠤ ᠳᠡᠪᠦᠨ ᠯᠡᠩ ᠤᠷᠴᠢᠮ ᠮᠦᠩᠬᠦ ᠬᠡᠷᠡᠭᠯᠡᠨ᠎ᠡ᠃ ᠭᠤᠦᠷᠴᠠᠭ ᠨᠢ ᠳᠦᠭᠦᠷᠢᠭ᠂ ᠳᠦᠷᠪᠡᠯᠵᠢᠨ᠂ ᠨᠡ᠊ ᠵᠮᠡᠨ ᠦᠨᠴᠦᠭ ᠲᠠᠢ ᠵᠡᠷᠭᠡ ᠤᠯᠡᠨ ᠭᠡᠯᠪᠡᠷᠢᠳᠡᠶ ᠪᠢᠴᠢᠬᠠᠨ ᠮᠦᠩᠬᠦᠨ ᠯᠡᠵᠡ᠃ ᠳᠡᠬᠦᠨ ᠤ ᠡᠩᠭᠡᠷ ᠤᠨ ᠭᠤᠤ ᠠᠴᠠ ᠭᠤᠦᠯ ᠢᠯᠭᠠᠭᠳᠡᠬᠤ ᠭᠠᠵᠡᠷ ᠨᠢ ᠪᠦ᠋ᠯ ᠨᠢᠭᠤᠷ ᠳᠡᠯ᠎ᠡ ᠳᠤᠨᠢ ᠳᠦᠪᠡᠳ ᠨ᠋ᠦᠰᠦᠭ ᠤᠨ ︽ᠤᠸ᠋ᠮ︾ ᠭᠡᠮᠡᠬᠦ ᠨ᠋ᠦᠭᠡ ᠶᠢ ᠰᠡᠶᠢᠯᠪᠦᠷᠢᠯᠡᠨ ᠴᠦ᠋ᠭᠢᠳᠠᠭ ᠲᠤ ᠪᠠᠶᠢᠨ᠎ᠡ᠃ ︽ᠤᠸ᠋ᠮ︾ ᠨ᠋ᠦᠰᠦᠭ ᠤᠨ ᠭᠠᠳᠡᠷ ᠳᠡᠯ᠎ᠡ ᠪᠠᠷ ᠨᠢ ᠭᠤᠶᠦ ᠭᠡ ᠤᠭᠠᠯᠵᠡ ᠪᠠᠷ ᠴᠢᠮᠡᠭᠯᠨ᠋ᠡ ᠭᠦᠪᠡᠭᠡᠯᠨᠳᠡᠭ᠃ ᠠᠷᠦ ᠳᠡᠯ᠎ᠡ ᠨᠢ ᠭᠢᠯᠦᠭᠡᠷ᠃ ᠨᠢᠭᠤᠷ ᠪᠡ ᠠᠷᠦ ᠬᠤᠶᠠᠷ ᠭᠡᠰᠡᠭ ᠪᠠᠶᠢᠵᠦ᠂ ᠨᠡᠭᠡᠭᠡᠵᠦ ᠭ᠋ᠠᠭᠠᠵᠦ ᠪᠦ᠋ᠯᠳᠠᠭ᠃ ᠭ᠋ᠤᠭᠤᠷᠦᠨᠳᠦ ᠨᠢ ᠪᠢᠴᠢᠬᠠᠨ ᠡᠭᠡᠷᠴᠦᠭ ᠢᠶᠠᠷ ᠭ᠋ᠤᠯᠪᠦᠳᠠᠭ᠃ ᠳᠡᠬᠦᠨ ᠤ ᠳᠡᠭᠡᠳᠦ ᠳᠡᠯ᠎ᠡ ᠳᠤᠨᠢ ᠭ᠋ᠤᠦᠰ ᠮᠦᠩᠬᠦᠨ ᠰᠡᠨᠵᠢ ᠭᠠᠩᠨᠡᠵᠡᠶ᠃ ᠡᠨᠡ ᠰᠡᠨᠵᠢᠨ ᠠᠴᠠ ᠮᠦᠩᠬᠦᠨ ᠰᠦᠯᠵᠢᠮᠡᠷ ᠪᠦ᠋ᠶᠦ ᠤᠯᠡᠭᠠᠨ ᠳᠦ᠋ᠷᠭᠠᠡ ᠤᠳᠡᠰᠦ ᠵᠡᠷᠭᠡ ᠶᠢ ᠡᠮᠬᠡᠷᠢᠳᠴᠦ ᠭᠦᠳᠡᠷᠯᠡᠭᠡᠳ ᠵᠡᠬᠦᠳᠡᠭ᠃        ᠵᠡᠷᠢᠮ ᠭᠤᠦᠷᠴᠤᠭ ᠨᠢ ᠭ᠋ᠤᠶᠡᠷ ᠭ᠋ᠠᠵᠡᠭᠤ ᠳᠠᠭᠠᠨ ᠰᠡᠨᠵᠢ ᠲᠠᠢ ᠴᠦ ᠪᠠᠶᠢᠳᠠᠭ᠃ ᠭᠡᠷᠪᠡ ᠡᠶᠢᠮᠦ ᠪᠠᠶᠢᠬᠤ ᠳᠤ ᠭᠦᠷᠪᠡᠯ ᠭᠤᠦᠷᠴᠠᠭ ᠨᠢᠭᠡ ᠳᠡᠯ᠎ᠡ ᠳᠠᠭᠠᠨ ᠡᠭᠡᠷᠴᠦᠭ ᠲᠠᠢ᠂ ᠨᠦᠬᠦᠭᠡ ᠳᠡᠯ᠎ᠡ ᠳᠠᠭᠠᠨ ᠳᠡᠭᠢᠷ ᠭᠤᠭ᠋᠎ᠠ ᠪᠡ ᠰᠡᠨᠵᠢ ᠪᠠᠷ ᠳᠦ᠋ᠭ᠌ᠳᠡᠭᠠᠳᠠᠭ᠃        ᠭᠤᠦᠷᠴᠠᠭ ᠢ ᠭᠡᠦᠭᠡᠨ ᠭᠦᠮᠦᠨ ᠵᠡᠬᠦᠬᠦ ᠨᠢ ᠤᠯᠡᠨᠳᠡᠶ ᠪᠦ᠋ᠯᠪᠡᠴᠦ ᠠᠪᠡᠭᠠᠶᠢᠴᠦᠦᠯ ᠴᠦ ᠵᠡᠬᠦᠳᠡᠭ᠃ ᠭᠡᠬᠦ ᠳᠡᠭᠡᠨ ᠠᠪᠡᠭᠠᠶᠢᠴᠦᠦᠯ ᠠᠴᠠ ᠭᠦᠮᠦᠨ ᠤ ᠭᠠᠭᠴᠡ ᠡᠩᠬᠦᠷᠡᠶ ᠨ᠋ᠦᠭᠢᠨ᠂ ᠨ᠋ᠦᠷ᠎ᠡ ᠭᠡᠦᠭᠡᠳ ᠳᠦ᠋ᠭ᠌ᠳᠡᠬᠤ ᠮᠡᠭᠤᠳᠡᠶ ᠠᠶᠢᠯ ᠤᠨ ᠡᠭᠡᠨᠡᠷ᠂ ᠭᠦᠨᠳᠦ ᠡᠪᠡᠳᠴᠢᠨ ᠭᠦᠷᠦᠭᠰᠨ᠋ᠡ ᠡᠭᠡᠨᠡᠷ ᠵᠡᠷᠭᠡ ᠭᠦᠮᠦᠰ ᠯᠡᠮᠡ ᠶᠢᠨ ᠠᠪᠦᠷᠡᠯ ᠵ᠊ ᠵᠭᠠᠪᠦᠷᠢ ᠪᠠᠷ ᠵᠡᠬᠦᠵᠦ ᠶᠡᠪᠦᠬᠤ ᠨᠢ ᠠᠷᠪᠢᠨ ᠪᠠᠶᠢᠯ᠎ᠡ ᠭᠡᠵᠦ ᠨᠡᠰᠣᠳᠡᠶᠢᠴᠦᠦᠯ ᠭ᠋ᠠᠭᠤᠴᠢᠯᠡᠬᠤ ᠶᠦ᠋ᠮ᠃ ᠲᠡᠷ᠎ᠡ ᠶᠢᠨ ᠲᠠᠪᠣᠨ ᠴᠡᠴᠡᠭ ︵ᠳᠠᠷᠤᠭᠤᠯᠭ᠎ᠠ︶        ᠲᠡᠷ᠎ᠡ ᠶᠢᠨ ᠲᠠᠪᠣᠨ ᠴᠡᠴᠡᠭ ︵ᠳᠠᠷᠤᠭᠤᠯᠭ᠎ᠠ︶ ᠪᠣᠯ ᠣᠷᠤᠭ ᠬᠤᠯᠪᠣᠭᠰᠠᠨ ᠡᠷ᠎ᠡ ᠡᠮ᠎ᠡ ᠬᠤᠶᠠᠷ ᠤᠨ ᠬᠠᠮᠳᠣ ᠳᠠᠭᠠᠨ ᠬᠡᠷᠡᠭᠯᠡᠳᠡᠭ ᠨᠢᠭᠡ ᠪᠦᠬᠦᠯᠢ ᠲᠡᠷ᠎ᠡ ᠪᠣᠯᠣᠨ᠎ᠠ᠃ ᠲᠡᠭᠦᠨ ᠤ ᠬᠠᠳᠠᠬᠤ ᠰᠠᠭᠤᠷᠢ ᠶᠢ ᠪᠦᠬᠦᠯᠢ ᠪᠦᠬᠦᠯᠢ ᠲᠠᠪᠣᠨ ᠦᠩᠭᠡ ᠶᠢᠨ ᠣᠳᠠᠰᠣ ᠪᠠᠷ ᠬᠠᠳᠠᠭᠰᠠᠨ ᠰᠠᠭᠤᠷᠢᠨ ᠲᠡᠭᠡᠷ᠎ᠡ ᠨᠢ ᠲᠠᠪᠣᠨ ᠦᠩᠭᠡᠳᠣ ᠴᠡᠴᠡᠭ ᠢ ᠲᠦᠷᠪᠡᠨ ᠲᠠᠯ᠎ᠠ ᠳᠤᠨᠢ ᠨᠢᠭᠡ ᠨᠢᠭᠡ ᠬᠠᠳᠠᠬᠤ ᠪᠦᠭᠡᠳ ᠭᠤᠣᠯ ᠳᠤᠨᠢ ᠨᠢᠭᠡ ᠰᠠᠭᠤᠷᠢ ᠶᠢ ᠨᠢ ᠬᠠᠳᠠᠳᠠᠭ ᠶᠣᠰᠣᠳᠠᠢ᠃ ᠲᠡᠷ᠎ᠡ ᠶᠢᠨ ᠠᠷᠣ ᠪᠡᠶ᠎ᠡ ᠳᠤ ᠮᠣᠳᠣᠨ ᠬᠠᠪᠴᠢᠭᠤᠷ ᠢᠶᠠᠷ ᠲᠠᠭᠠᠷᠠᠭᠤᠯᠵᠣ ᠲᠣᠰ ᠪᠡᠶ᠎ᠡ ᠶᠢ ᠪᠠᠳᠣ ᠴᠢᠩᠭ᠎ᠠ ᠪᠣᠯᠭᠠᠳᠠᠭ᠃ ᠲᠡᠷ᠎ᠡ ᠶᠢᠨ ᠪᠣᠰᠣᠳ ᠪᠡᠶ᠎ᠡ ᠶᠢ ᠬᠠᠷ᠎ᠠ ᠪᠠᠷᠠᠭᠠᠨ ᠡᠳ᠋ ᠢᠶᠠᠷ ᠬᠢᠵᠦ᠂ ᠲᠡᠭᠦᠨ ᠤ ᠭᠤᠣᠯ ᠳᠤᠨᠢ ᠬᠤᠶᠠᠷ ᠢᠵᠢᠯ ᠬᠤᠸᠡᠷ ᠬᠠᠳᠬᠤᠵᠣ ᠲᠠᠯᠪᠢᠳᠠᠭ ᠣᠴᠢᠷ ᠲᠠᠢ᠃ ᠡᠷ᠎ᠡ ᠡᠮ᠎ᠡ ᠬᠤᠶᠠᠷ ᠤᠨ ᠨᠢᠭᠡ ᠨᠢ ᠣᠷᠢᠳᠠ ᠪᠠᠷ ᠨᠠᠰᠣ ᠪᠠᠷᠠᠪᠠᠯ ᠲᠣᠰ ᠲᠡᠷ᠎ᠡ ᠶᠢ ᠭᠠᠯᠳᠠᠨ ᠰᠢᠳᠠᠭᠠᠳᠠᠭ᠃ ᠲᠡᠷ᠎ᠡ ᠶᠢᠨ ᠲᠣᠳᠣᠷ᠎ᠠ ᠡᠷ᠎ᠡ ᠡᠮ᠎ᠡ ᠬᠤᠶᠠᠷ ᠤᠨ ᠬᠠᠮᠳᠣ ᠳᠠᠭᠠᠨ ᠬᠡᠷᠡᠭᠯᠡᠳᠡᠭ ᠵᠦᠢᠯ ᠤᠳ ᠢ ᠬᠠᠳᠠᠭᠠᠯᠠᠵᠣ ᠪᠠᠶᠢᠳᠠᠭ ᠶᠣᠮ᠃
ᠢᠷᠡᠯᠲᠡ᠄ ᠰᠢᠨ᠎ᠡ ᠪᠠᠷᠭᠤ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ