ᠬᠠᠷᠢ ᠬᠦᠷᠦᠨ ᠠᠴᠠ ᠢᠯᠡᠬᠡᠭᠰᠡᠨ ᠬᠠᠶᠢᠷ᠎ᠠ ᠶᠢᠨ ᠪᠡᠯᠡᠭ
ᠨᠡᠶᠢᠲᠡᠯᠡᠭᠰᠡᠨ ᠴᠠᠭ᠄
2021/4/9
        ᠬᠠᠷᠢ ᠬᠦᠷᠦᠨ ᠠᠴᠠ ᠢᠯᠡᠬᠡᠭᠰᠡᠨ ᠬᠠᠶᠢᠷ᠎ᠠ ᠶᠢᠨ ᠪᠡᠯᠡᠭ                — ᠶᠠᠫᠤᠨ ᠳᠤ ᠠᠮᠢᠳᠤᠷᠠᠭ᠎ᠠ ᠮᠠᠵᠢᠠᠠᠰᠦ᠋ᠷᠦᠩ ᠤᠨ ᠦᠢᠯᠡ ᠠᠵᠢᠯᠯᠠᠭ᠎ᠠ ᠶᠢ ᠲᠠᠮᠳᠡᠭᠯᠡᠪᠡ            ᠬᠦᠮᠦᠨ ᠬᠡᠭᠴᠢ ᠲᠦᠷᠦᠵᠤ ᠦᠰᠦᠭᠰᠡᠨ ᠡᠬᠡ ᠤᠷᠤᠨ ᠲᠠᠢ ᠪᠠᠨ ᠡᠯᠢᠬᠡ ᠵᠢᠷᠦᠬᠡ ᠪᠠᠷ ᠢᠶᠠᠨ ᠬᠤᠯᠪᠤᠭ᠎ᠠ ᠲᠠᠢ ᠪᠠᠶᠢᠳᠠᠭ᠃ ᠡᠯᠢᠬᠡᠨ ᠬᠠᠶᠢᠷᠠᠲᠤ ᠡᠬᠡ ᠤᠷᠤᠨ ᠨᠢ ᠬᠦᠴᠢᠷ ᠪᠡᠷᠬᠡᠰᠢᠶᠡᠯ ᠳᠤ ᠲᠤᠯᠭᠠᠷᠠᠬᠤ ᠳᠤ ᠬᠡᠨ ᠴᠤ ᠭᠡᠰᠡᠨ ᠦᠪᠡᠷ ᠤᠨ ᠦᠴᠦᠬᠡᠨ ᠬᠤᠪᠢ ᠨᠡᠮᠡᠷᠢ ᠪᠠᠨ ᠦᠵᠡᠬᠦᠯᠬᠦ ᠶᠢ ᠵᠤᠷᠢᠳᠠᠭ᠃ ᠬᠠᠯᠳᠠᠪᠤᠷᠢᠲᠤ ᠬᠢᠵᠢᠭ ᠢ ᠰᠡᠷᠬᠡᠶᠢᠯᠡᠨ ᠡᠵᠡᠮᠳᠡᠬᠦ ᠠᠵᠢᠯ ᠪᠠᠴᠢᠮ ᠶᠠᠭᠠᠷᠠᠯᠳᠠᠢ ᠶᠠᠪᠤᠭᠳᠠᠵᠤ ᠪᠠᠶᠢᠭ᠎ᠠ ᠦᠶ᠎ᠡ ᠳᠤ᠂ ᠰᠢᠨ᠎ᠡ ᠪᠠᠷᠭᠤ ᠵᠡᠬᠦᠨ ᠬᠤᠰᠢᠭᠤᠨ ᠤ ᠴᠠᠭᠠᠨ ᠪᠠᠯᠭᠠᠰᠤ ᠶᠢᠨ ᠵᠠᠰᠠᠭ ᠤᠨ ᠤᠷᠳᠤᠨ ᠨᠢ ᠬᠠᠷᠢ ᠬᠦᠷᠦᠨ ᠠᠴᠠ ᠢᠯᠡᠬᠡᠭᠰᠡᠨ ᠬᠠᠶᠢᠷ᠎ᠠ ᠶᠢᠨ ᠭᠤᠪᠢᠭᠤᠯᠭ᠎ᠠ ᠶᠢ ᠲᠤᠰᠤᠯ᠎ᠠ᠃ ᠡᠨᠡ ᠨᠢ ᠲᠠᠷᠤᠢ ᠶᠠᠫᠤᠨ ᠤ ᠲᠤᠤᠺᠢᠤ᠋ ᠬᠤᠳᠠᠨ ᠳᠤ ᠠᠵᠢᠯᠯᠠᠵᠤ ᠠᠮᠢᠳᠤᠷᠠᠵᠤ ᠪᠠᠶᠢᠭ᠎ᠠ ᠮᠠᠵᠢᠭᠰᠦ᠋ᠷᠦᠩ ᠤᠨ ᠬᠢᠵᠢᠭ ᠢ ᠰᠡᠷᠬᠡᠶᠢᠯᠡᠬᠦ ᠠᠵᠢᠯ ᠳᠤ ᠬᠠᠨᠳᠢᠪᠯᠬᠠᠰᠠᠨ 200 ᠠᠮᠠᠪᠴᠢ ᠪᠠᠶᠢᠯ᠎ᠠ᠃
           ᠮᠠᠵᠢᠭᠰᠦ᠋ᠷᠦᠩ ᠪᠤᠯ ᠴᠠᠭᠠᠨ ᠪᠠᠯᠭᠠᠰᠤ ᠶᠢᠨ ᠪᠠᠶ᠋ᠬᠠᠭᠤᠯᠠ ᠭᠠᠴᠠᠭᠠᠨ ᠤ ᠵᠠᠯᠠᠭᠤ ᠨᠠᠮ ᠤᠨ ᠬᠡᠰᠢᠬᠦᠨ ᠪᠠᠶᠢᠵᠤ᠂ ᠲᠡᠷᠡ 2008 ᠤᠨ ᠳᠤ ᠶᠠᠫᠤᠨ ᠤᠯᠤᠰ ᠲᠤ ᠭᠠᠷᠴᠤ᠂ 2012 ᠤᠨ ᠳᠤ ᠶᠠᠫᠤᠨ ᠤ ᠨᠢᠭᠠᠲ᠋ᠠ ᠠᠵᠤ ᠠᠬᠤᠶᠢᠯᠠᠯ ᠤᠨ ᠶᠡᠭᠡ ᠰᠤᠷᠭᠠᠭᠤᠯᠢ ᠶᠢᠨ ᠠᠵᠤ ᠠᠬᠤᠢ ᠶᠢᠨ ᠰᠠᠯᠪᠤᠷᠢ ᠠᠴᠠ ᠲᠡᠬᠦᠰᠦᠨ᠂ ᠤᠳᠤ ᠲᠤᠤᠺᠢᠤ᠋ ᠶᠢᠨ ᠶᠦᠯᠢᠨ ᠺᠤᠮᠫᠠᠨᠢ ᠳᠤ ᠪᠠᠭᠰᠢ ᠶᠢᠨ ᠠᠯᠳᠠᠷ ᠢ ᠲᠡᠬᠡᠵᠢᠯᠡᠵᠤ᠂ ᠲᠤᠮᠳᠠᠲᠤ ᠤᠯᠤᠰ ᠠᠴᠠ ᠶᠠᠫᠤᠨ ᠳᠤ ᠰᠤᠷᠤᠯᠴᠠᠬᠤ ᠪᠠ ᠠᠵᠢᠯᠯᠠᠬᠤ ᠬᠦᠮᠦᠰ ᠲᠤ ᠶᠠᠫᠤᠨ ᠬᠡᠯᠡ ᠵᠢᠭᠠᠨ᠂ ᠲᠡᠳᠡᠨ ᠳᠤ ᠶᠠᠫᠤᠨ ᠳᠤ ᠭᠠᠷᠬᠤ ᠭᠠᠷᠳᠠᠮ ᠬᠢᠬᠦ᠂ ᠶᠠᠫᠤᠨ ᠳᠤ ᠠᠵᠢᠯ ᠲᠠᠨᠢᠯᠴᠠᠭᠤᠯᠬᠤ ᠵᠡᠷᠬᠡ ᠴᠢᠬᠤᠯᠠ ᠪᠦᠬᠦᠢ ᠵᠢᠭᠤᠴᠢᠯᠠᠭᠤᠷ ᠤᠨ ᠠᠵᠢᠯ ᠢ ᠭᠤᠤᠯᠯᠠᠨ ᠬᠠᠷᠢᠭᠤᠴᠠᠵᠤ ᠪᠠᠶᠢᠨ᠎ᠠ᠃ ᠤᠳᠤᠬᠠᠨ ᠳᠤ᠂ ᠪᠦᠬᠦ ᠤᠯᠤᠰ ᠤᠨ ᠬᠡᠪᠴᠢᠶᠡᠨ ᠳᠤ ᠮᠠᠵᠢᠭᠰᠦ᠋ᠷᠦᠩ ᠤᠨ ᠲᠠᠨᠢᠯᠴᠠᠭᠤᠯᠭ᠎ᠠ ᠪᠠᠷ ᠶᠠᠫᠤᠨ ᠳᠤ ᠭᠠᠷᠤᠭᠰᠠᠨ ᠤᠶᠤᠳᠠᠳ ᠴᠦᠬᠡᠨ ᠪᠤᠰᠤ ᠪᠠᠶᠢᠵᠤ᠂ ᠡᠳᠡᠬᠡᠷ ᠤᠶᠤᠳᠠᠳ ᠲᠤ ᠶᠠᠫᠤᠨ ᠤ ᠲᠠᠪᠰᠢᠠᠠᠰᠠᠨ ᠰᠤᠶᠤᠯ᠂ ᠰᠤᠷᠭᠠᠨ ᠬᠦᠮᠦᠵᠢᠯ᠂ ᠶᠤᠰᠤ ᠰᠤᠷᠳᠠᠬᠤᠨ ᠢ ᠰᠤᠷᠤᠯᠴᠠᠬᠤ ᠵᠠᠪᠰᠢᠶᠡᠨ ᠤᠯᠭᠤᠨ᠂ ᠬᠠᠷᠢ ᠬᠦᠷᠦᠨ ᠳᠤ ᠠᠵᠢᠯᠯᠠᠵᠤ ᠠᠮᠢᠳᠤᠷᠠᠬᠤ ᠲᠤᠬᠢᠲᠠᠢ ᠤᠷᠴᠢᠨ ᠢ ᠬᠠᠨᠭ᠍ᠭᠠᠵᠤ ᠦᠭᠪᠡ᠃
           ᠠᠵᠢᠯ ᠠᠮᠢᠳᠤᠷᠠᠯ ᠤᠨ ᠬᠠᠷᠠᠭᠠᠨ ᠠᠴᠠ ᠪᠤᠯᠵᠤ᠂ ᠬᠡᠳᠦᠨ ᠵᠢᠯ ᠬᠠᠷᠢ ᠬᠦᠷᠦᠨ ᠳᠤ ᠰᠢᠨᠡᠯᠡᠭᠰᠡᠨ ᠮᠠᠵᠢᠭᠰᠦ᠋ᠷᠦᠩ ᠡᠨᠡ ᠵᠢᠯ ᠤᠨ ᠴᠠᠭᠠᠨ ᠰᠠᠷ᠎ᠠ ᠪᠠᠷ ᠲᠦᠷᠦᠯ ᠰᠠᠳᠤᠨ ᠲᠠᠢ ᠪᠠᠨ ᠴᠤᠭ ᠪᠠᠶᠠᠷ ᠬᠦᠷ ᠲᠠᠢ ᠰᠢᠨᠡᠯᠡᠬᠦ ᠪᠠᠷ ᠤᠯᠤᠰ ᠲᠤ ᠪᠠᠨ ᠪᠤᠴᠠᠵᠤ ᠢᠷᠡᠭᠰᠡᠨ ᠶᠤᠮ᠃ ᠬᠡᠪᠡᠴᠤ ᠬᠠᠯᠳᠠᠪᠤᠷᠢᠲᠤ ᠡᠪᠡᠳᠴᠢᠨ ᠲᠡᠯᠬᠡᠷᠡᠭᠰᠡᠨ ᠠᠴᠠ ᠲᠦᠷᠦᠯ ᠰᠠᠳᠤᠨ ᠲᠠᠢ ᠪᠠᠨ ᠠᠭᠤᠯᠵᠡᠨ ᠵᠤᠯᠭᠠᠵᠤ ᠴᠢᠳᠠᠭᠰᠠᠨ ᠦᠬᠡᠢ᠃ ᠲᠠᠷᠠ ᠪᠠᠯᠭᠠᠰᠤ ᠪᠠ ᠭᠠᠴᠠᠭᠠᠨ ᠤ ᠬᠢᠵᠢᠭ ᠢ ᠰᠡᠷᠬᠡᠶᠢᠯᠡᠨ ᠡᠵᠡᠮᠳᠡᠬᠦ ᠠᠵᠢᠯ ᠤᠨ ᠲᠤᠭᠤᠶᠢᠯᠡᠩ ᠤᠨ ᠬᠦᠮᠦᠰ ᠲᠠᠢ ᠬᠠᠮᠵᠢᠯᠴᠡᠨ᠂ ᠡᠳᠤᠷ ᠪᠦᠷᠢ ᠪᠠᠶ᠎ᠡ ᠶᠢᠨ ᠲᠤᠯᠠᠭᠠᠨ ᠤ ᠬᠡᠮᠵᠢᠶ᠎ᠡ ᠪᠠᠨ ᠮᠡᠳᠡᠬᠦᠯᠵᠤ᠂ ᠬᠡᠷ ᠠᠴᠠ ᠪᠠᠨ ᠭᠠᠷᠬᠤ ᠦᠬᠡᠢ ᠲᠤᠰᠠᠭᠠᠷ ᠠᠵᠢᠭᠯᠠᠯᠲᠠ ᠬᠢᠯ᠎ᠠ᠃
           ︽ᠮᠠᠨ ᠤ ᠭᠠᠴᠠᠭ᠎ᠠ ᠪᠠ ᠪᠠᠯᠭᠠᠰᠤᠨ ᠠᠴᠠ ᠬᠠᠯᠳᠠᠪᠤᠷᠢᠲᠤ ᠬᠢᠵᠢᠭ ᠢ ᠰᠡᠷᠬᠡᠶᠢᠯᠡᠨ ᠡᠵᠡᠮᠳᠡᠬᠦ ᠠᠵᠢᠯ ᠢ ᠴᠢᠬᠤᠯᠠᠴᠢᠯᠠᠨ᠂ ᠪᠦᠬᠦ ᠬᠦᠴᠦᠨ ᠢᠶᠠᠷ ᠢᠶᠠᠨ ᠭᠠᠪᠰᠢᠭᠠᠶᠢᠯᠠᠵᠤ ᠪᠠᠶᠢᠭ᠎ᠠ ᠶᠢ ᠦᠪᠡᠷ ᠤᠨ ᠪᠡᠶ᠎ᠡ ᠪᠠᠷ ᠢᠶᠠᠨ ᠬᠠᠷᠠᠯ᠎ᠠ᠂ ᠲᠠᠳᠠ ᠠᠷᠠᠳ ᠤᠯᠠᠨ ᠤ ᠪᠠᠨ ᠡᠷᠡᠬᠦᠯ ᠮᠡᠨᠲᠤ ᠶᠢᠨ ᠲᠦᠯᠦᠬᠡ ᠶᠠᠳᠠᠷᠠᠯ ᠵᠦᠳᠡᠷᠡᠯ ᠢᠶᠠᠨ ᠬᠠᠶᠢᠬᠤᠷᠤᠯ ᠦᠬᠡᠢ ᠴᠢᠷᠮᠡᠶᠢᠵᠤ ᠶᠠᠪᠤᠨ᠎ᠠ᠃ ᠬᠢᠵᠢᠭ ᠢ ᠰᠡᠷᠬᠡᠶᠢᠯᠡᠬᠦ ᠠᠵᠢᠯ ᠬᠦᠴᠢᠷᠲᠡᠢ᠂ ᠪᠠᠶᠢᠴᠠᠭᠠᠯᠲᠠ ᠶᠢᠨ ᠴᠢᠭ ᠤᠨ ᠨᠦᠬᠦᠴᠡᠯ ᠪᠠᠷᠤᠭᠲᠠᠢ᠂ ᠳᠠᠳᠠᠨ ᠳᠤ ᠠᠮᠠᠪᠴᠢ᠂ ᠠᠷᠢᠭᠤᠳᠬᠠᠯ ᠤᠨ ᠪᠤᠳᠠᠰ ᠶᠡᠬᠡᠪᠡᠷ ᠲᠤᠳᠠᠭᠳᠠᠵᠤ ᠪᠠᠶᠢᠭ᠎ᠠ ᠶᠢ ᠴᠤ ᠮᠡᠳᠡᠯ᠎ᠡ᠃ ᠪᠢ ᠶᠠᠫᠤᠨ ᠳᠤ ᠬᠠᠷᠢᠭᠰᠠᠨ ᠤ ᠪᠠᠨ ᠳᠠᠷᠠᠭ᠎ᠠ ᠦᠴᠦᠬᠡᠨ ᠰᠡᠳᠬᠢᠯ ᠢᠶᠠᠨ ᠢᠯᠡᠳᠬᠡᠨ᠂ ᠦᠯᠦᠬᠡᠢ ᠨᠤᠲᠤᠭ ᠲᠤ ᠪᠠᠨ ᠪᠠᠭ᠎ᠠ ᠴᠤ ᠬᠡᠰᠡᠨ ᠨᠡᠮᠡᠷᠢ ᠪᠤᠯᠬᠤ ᠶᠢ ᠵᠤᠷᠢᠯ᠎ᠡ᠃ ᠡᠬᠡ ᠤᠷᠤᠨ ᠮᠢᠨᠢ ᠡᠷᠲᠡᠬᠡᠨ ᠠᠮᠤᠷ ᠠᠮᠤᠭᠤᠯᠠᠩ ᠪᠤᠯᠤᠭᠠᠰᠠᠢ︕ ︾ ᠬᠡᠵᠤ ᠮᠠᠵᠢᠭᠰᠦ᠋ᠷᠦᠩ ᠶᠠᠷᠢᠵᠤ ᠪᠠᠶᠢᠯ᠎ᠠ᠃
           ᠮᠠᠵᠢᠭᠰᠦ᠋ᠷᠦᠩ ᠮᠡᠲᠤ ᠬᠠᠷᠢ ᠬᠦᠷᠦᠨ ᠳᠤ ᠠᠵᠢᠯᠯᠠᠵᠤ ᠠᠮᠢᠳᠤᠷᠠᠭ᠎ᠠ ᠬᠦᠮᠦᠰ ᠤᠨ ᠡᠬᠡ ᠤᠷᠤᠨ ᠢᠶᠠᠨ ᠬᠡᠰᠡᠨ ᠨᠢᠩᠵᠢᠨ ᠰᠡᠳᠬᠢᠯ ᠤᠨ ᠲᠡᠮᠵᠢᠯᠡᠭᠡ ᠪᠠᠷ ᠪᠦᠬᠦ ᠤᠯᠤᠰ ᠢᠶᠠᠷ ᠢᠶᠠᠨ ᠬᠠᠯᠳᠠᠪᠤᠷᠢᠲᠤ ᠬᠢᠵᠢᠭ ᠢ ᠢᠯᠡᠨ ᠲᠠᠪᠠᠵᠤ᠂ ᠢᠷᠡᠬᠦ ᠮᠠᠷᠭᠠᠰᠢ ᠶᠢᠨ ᠨᠡᠷᠡᠨ ᠤᠯᠠᠮ ᠲᠤᠶᠠᠭᠠᠷᠠᠨ ᠮᠠᠨᠳᠤᠨ᠂ ᠬᠦᠮᠦᠨ ᠠᠷᠠᠳ ᠤᠨ ᠰᠡᠳᠬᠢᠯ ᠲᠠᠨᠢᠬᠦᠨ ᠪᠤᠯᠬᠤ ᠨᠢ ᠯᠠᠪᠲᠠᠢ︕
 
ᠢᠷᠡᠯᠲᠡ᠄ ᠰᠢᠨ᠎ᠡ ᠪᠠᠷᠭᠤ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号