ᠭᠤᠷᠪᠠ᠂ ᠲᠠᠷᠢᠶᠠᠨ ᠭᠠᠵᠠᠷ ᠢ ᠤᠷᠢᠳᠠᠪᠠᠷ ᠠᠰᠢᠭᠯᠠᠬᠤ ᠳᠡᠰ ᠳᠠᠷᠠᠭᠠᠯᠠᠯ ᠢ ᠲᠣᠳᠣᠷᠬᠠᠶᠢᠯᠠᠬᠤ ᠬᠡᠷᠡᠭᠲᠡᠶ | ᠲᠠᠷᠢᠶᠠᠨ ᠭᠠᠵᠠᠷ ᠲᠤ ᠣᠨᠴᠠᠭᠠᠢ ᠬᠠᠮᠠᠭᠠᠯᠠᠯᠲᠠ ᠪᠠ ᠬᠡᠷᠡᠭᠴᠡᠭᠡᠨ ᠤ ᠬᠠᠮᠢᠶᠠᠷᠤᠯᠲᠠ ᠶᠢ ᠬᠡᠷᠡᠭᠵᠢᠭᠦᠯᠵᠦ᠂ | ᠲᠠᠷᠢᠶᠠᠨ ᠭᠠᠵᠠᠷ ᠢ ᠣᠶᠢᠲᠤ ᠭᠠᠵᠠᠷ᠂ ᠴᠡᠴᠡᠷᠯᠢᠭ ᠵᠡᠷᠭᠡ ᠪᠤᠰᠤᠳ ᠲᠦᠷᠦᠯ ᠬᠡᠯᠪᠡᠷᠢ ᠶᠢᠨ ᠲᠠᠷᠢᠶᠠᠯᠠᠩ ᠳᠤ ᠬᠡᠷᠡᠭᠯᠡᠬᠦ | ᠭᠠᠵᠠᠷ ᠪᠣᠯᠭᠠᠨ ᠬᠤᠪᠢᠷᠠᠭᠤᠯᠬᠤ ᠶᠢ ᠴᠢᠩᠭ᠎ᠠ ᠬᠢᠵᠠᠭᠠᠷᠯᠠᠨ᠎ᠠ᠃ ᠡᠭᠦᠷᠢᠳᠡ ᠶᠢᠨ ᠦᠨᠳᠦᠰᠦᠨ ᠲᠠᠷᠢᠶᠠᠨ ᠭᠠᠵᠠᠷ ᠤᠨ | ᠣᠨᠴᠠᠭᠠᠢ ᠬᠠᠮᠠᠭᠠᠯᠠᠯᠲᠠ ᠶᠢᠨ ᠳᠦᠷᠢᠮ ᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠵᠤ᠂ ᠬᠠᠤᠯᠢ ᠶᠣᠰᠣᠭᠠᠷ ᠵᠠᠭᠠᠭᠯᠠᠨ | ᠲᠣᠭᠲᠠᠭᠠᠭᠰᠠᠨ ᠴᠢᠨᠠᠷ ᠰᠠᠶᠢᠲᠠᠢ ᠲᠠᠷᠢᠶᠠᠨ ᠭᠠᠵᠠᠷ ᠢ ᠠᠮᠤ ᠪᠤᠳᠠᠭᠠᠨ ᠤ ᠦᠢᠯᠡᠳᠪᠦᠷᠢᠯᠡᠯ ᠢ ᠬᠥᠭᠵᠢᠭᠦᠯᠬᠦ ᠳᠤ | ᠭᠤᠣᠯᠳᠠᠯᠭ᠎ᠠ ᠲᠠᠢ ᠬᠡᠷᠡᠭᠯᠡᠨ᠎ᠡ᠃ ᠡᠷᠳᠡᠨᠢ ᠰᠢᠰᠢ᠂ ᠪᠣᠭᠤᠳᠠᠶ᠂ ᠲᠤᠲᠤᠷᠭ᠎ᠠ ᠳᠠᠷᠢᠬᠤ ᠲᠠᠯᠠᠪᠠᠶ ᠶᠢ ᠭᠤᠤᠯᠳᠠᠯᠭ᠎ᠠ ᠲᠠᠢ | ᠪᠠᠲᠤᠯᠠᠵᠤ᠂ ᠵᠡᠭᠦᠨ ᠬᠤᠶᠢᠲᠤ ᠣᠷᠣᠨ ᠢ ᠬᠥᠭᠵᠢᠭᠦᠯᠦᠨ ᠮᠠᠨᠳᠤᠭᠤᠯᠬᠤ ᠲᠥᠯᠥᠪᠯᠡᠭᠡ ᠶᠢ ᠡᠮᠬᠢ ᠵᠢᠷᠤᠮ ᠲᠠᠢ | ᠬᠡᠷᠡᠭᠵᠢᠭᠦᠯᠵᠦ᠂ ᠲᠥᠮᠥᠰᠥ ᠳᠠᠷᠢᠬᠤ ᠲᠠᠯᠠᠪᠠᠶ ᠶᠢ ᠵᠣᠬᠢᠰᠲᠠᠶ ᠲᠦᠪᠰᠢᠨ ᠳᠤ ᠬᠦᠷᠲᠡᠯ᠎ᠡ ᠰᠡᠷᠭᠦᠭᠡᠬᠦ ᠶᠢ ᠠᠬᠢᠭᠤᠯᠤᠨ᠎ᠠ | ᠃ ᠡᠩ ᠤᠨ ᠲᠠᠷᠢᠶᠠᠨ ᠭᠠᠵᠠᠷ ᠢ ᠭᠤᠣᠯᠳᠠᠭᠤ ᠠᠮᠤ ᠪᠤᠳᠠᠭ᠎ᠠ᠂ ᠲᠤᠰᠤ᠂ ᠰᠢᠬᠢᠷ᠂ ᠢᠳᠡᠰᠢᠨ ᠨᠣᠭᠤᠭ᠎ᠠ ᠵᠡᠷᠭᠡ | ᠲᠠᠷᠢᠶᠠᠯᠠᠩ ᠤᠨ ᠪᠦᠲᠦᠭᠡᠭᠳᠡᠬᠦᠨ ᠵᠢᠴᠢ ᠲᠡᠵᠢᠭᠡᠯ ᠡᠪᠡᠰᠦ ᠲᠡᠵᠢᠭᠡᠯ ᠪᠣᠷᠳᠤᠭ᠎ᠠ ᠶᠢᠨ ᠦᠢᠯᠡᠳᠪᠦᠷᠢᠯᠡᠯ ᠳᠤ ᠬᠡᠷᠡᠭᠯᠡᠵᠦ | ᠂ ᠲᠠᠷᠢᠶᠠᠨ ᠭᠠᠵᠠᠷ ᠢ ᠤᠷᠢᠳᠠᠪᠠᠷ ᠠᠮᠤ ᠪᠤᠳᠠᠭ᠎ᠠ ᠪᠠ ᠢᠳᠡᠭᠡᠨ ᠤ ᠲᠠᠷᠢᠶᠠᠯᠠᠩ ᠤᠨ ᠪᠦᠲᠦᠭᠡᠭᠳᠡᠬᠦᠨ ᠤ | ᠦᠢᠯᠡᠳᠪᠦᠷᠢᠯᠡᠯ ᠢ ᠬᠠᠩᠭᠠᠭᠰᠠᠨ ᠰᠠᠭᠤᠷᠢᠨ ᠳᠡᠭᠡᠷ᠎ᠡ᠂ ᠢᠳᠡᠭᠡᠨ ᠤ ᠪᠤᠰᠤ ᠲᠠᠷᠢᠶᠠᠯᠠᠩ ᠤᠨ ᠪᠦᠲᠦᠭᠡᠭᠳᠡᠬᠦᠨ ᠤ | ᠦᠢᠯᠡᠳᠪᠦᠷᠢᠯᠡᠯ ᠳᠤ ᠵᠣᠬᠢᠰᠲᠠᠢ ᠬᠡᠷᠡᠭᠯᠡᠨ᠎ᠡ᠃ ᠵᠠᠬ᠎ᠠ ᠳᠡᠯᠭᠡᠭᠦᠷ ᠲᠤ ᠢᠯᠡᠷᠬᠡᠶ ᠦᠯᠡᠭᠦᠳᠡᠵᠦ ᠪᠠᠶᠢᠭ᠎ᠠ ᠢᠳᠡᠭᠡᠨ ᠤ | ᠪᠤᠰᠤ ᠲᠠᠷᠢᠶᠠᠯᠠᠩ ᠤᠨ ᠪᠦᠲᠦᠭᠡᠭᠳᠡᠬᠦᠨ ᠢ ᠢᠳᠡᠪᠬᠢᠲᠡᠶ ᠪᠠᠷ ᠬᠥᠲᠥᠯᠥᠨ ᠵᠢᠯᠣᠭᠤᠳᠴᠤ᠂ ᠡᠮᠬᠢ ᠵᠢᠷᠤᠮ ᠦᠭᠡᠶ | ᠬᠦᠭᠵᠢᠬᠦ ᠶᠢ ᠰᠡᠷᠭᠡᠶᠢᠯᠡᠨ ᠵᠤᠭᠰᠤᠭᠠᠬᠤ ᠬᠡᠷᠡᠭᠲᠡᠶ᠃ ︵ᠬᠤᠲᠠ ᠶᠢᠨ ᠲᠠᠷᠢᠶᠠᠯᠠᠩ ᠮᠠᠯ ᠠᠵᠤ ᠠᠬᠤᠢ ᠶᠢᠨ | ᠲᠣᠪᠴᠢᠶ᠎ᠠ᠂ ᠪᠠᠶᠢᠭᠠᠯᠢ ᠶᠢᠨ ᠡᠬᠢ ᠪᠠᠶᠠᠯᠢᠭ ᠤᠨ ᠲᠣᠪᠴᠢᠶ᠎ᠠ ᠡᠭᠦᠷᠭᠡ ᠬᠠᠷᠢᠭᠤᠴᠠᠯᠭ᠎ᠠ ᠶᠢᠨ ᠠᠵᠢᠯ ᠤᠨ ᠬᠤᠪᠢᠶᠠᠷᠢᠯᠠᠯ | ᠶᠣᠰᠣᠭᠠᠷ ᠬᠠᠷᠢᠭᠤᠴᠠᠨ᠎ᠠ︶᠃ | ᠳᠦᠷᠪᠡ᠂ ᠠᠮᠤ ᠪᠤᠳᠠᠭᠠᠨ ᠤ ᠦᠢᠯᠡᠳᠪᠦᠷᠢᠯᠡᠯ ᠤᠨ ᠴᠢᠳᠠᠮᠵᠢᠲᠤ ᠣᠷᠣᠨ ᠤ ᠬᠢᠨᠠᠯᠲᠠ ᠬᠠᠮᠢᠶᠠᠷᠤᠯᠲᠠ ᠶᠢ | ᠴᠢᠩᠭᠠᠳᠬᠠᠬᠤ ᠬᠡᠷᠡᠭᠲᠡᠶ | ᠥᠪᠡᠷᠲᠡᠭᠡᠨ ᠵᠠᠰᠠᠬᠤ ᠣᠷᠣᠨ ᠠᠴᠠ ᠪᠠᠭᠤᠯᠭᠠᠭᠰᠠᠨ 1498 ᠲᠦᠮᠡᠨ ᠮᠥ ︽ᠬᠤᠶᠠᠷ ᠣᠷᠣᠨ︾ ᠤ | ᠢᠯᠭᠠᠨ ᠲᠣᠭᠲᠠᠭᠠᠬᠤ ᠡᠭᠦᠷᠭᠡ ᠶᠢᠨ ᠶᠣᠰᠣᠭᠠᠷ᠂ ᠡᠯ᠎ᠡ ᠢᠯᠭᠠᠨ ᠲᠣᠭᠲᠠᠭᠠᠭᠰᠠᠨ ᠬᠤᠰᠢᠭᠤ ᠬᠤᠲᠠ ᠲᠣᠭᠤᠷᠢᠭ ᠨᠢ | ᠠᠮᠤ ᠪᠤᠳᠠᠭᠠᠨ ᠤ ᠦᠢᠯᠡᠳᠪᠦᠷᠢᠯᠡᠯ ᠤᠨ ᠴᠢᠳᠠᠮᠵᠢᠲᠦ ᠣᠷᠣᠨ ᠢ ᠲᠠᠷᠢᠶᠠᠨ ᠭᠠᠵᠠᠷ ᠲᠤ ᠨᠠᠶᠢᠳᠠᠪᠤᠷᠢᠵᠢᠭᠤᠯᠬᠤ ᠶᠢᠨ | ᠬᠠᠮᠲᠤ ᠬᠠᠷᠠᠯᠲᠠᠲᠤ ᠲᠠᠷᠢᠮᠠᠯ ᠳᠠᠷᠢᠬᠤ ᠶᠢ ᠬᠥᠲᠥᠯᠦᠨ ᠵᠢᠯᠣᠭᠤᠳᠴᠤ᠂ ᠠᠮᠤ ᠪᠤᠳᠠᠭ᠎ᠠ ᠳᠠᠷᠢᠬᠤ ᠲᠠᠯᠠᠪᠠᠶ ᠶᠢ | ᠪᠠᠭᠠᠰᠬᠠᠬᠤ ᠥᠬᠡᠶ᠂ ᠤᠨᠠᠯᠲᠠ ᠶᠢ ᠪᠠᠭᠤᠷᠠᠭᠤᠯᠬᠤ ᠥᠬᠡᠶ ᠪᠠᠶᠢᠬᠤ ᠶᠢ ᠦᠨᠡᠨ ᠬᠦ ᠪᠠᠲᠤᠯᠠᠵᠤ᠂ ᠠᠮᠤ ᠪᠤᠳᠠᠭᠠᠨ ᠤ | ᠶᠡᠷᠦᠩᠬᠡᠶᠢᠯᠡᠭᠰᠡᠨ ᠦᠢᠯᠡᠳᠪᠦᠷᠢᠯᠡᠯ ᠤᠨ ᠴᠢᠳᠠᠪᠤᠷᠢ ᠶᠢ ᠲᠠᠰᠤᠷᠠᠯᠲᠠ ᠥᠬᠡᠶ ᠪᠠᠬᠢᠵᠢᠭᠦᠯᠦᠨ ᠳᠡᠭᠡᠭᠰᠢᠯᠡᠭᠦᠯᠬᠦ ᠬᠡᠷᠡᠭᠲᠡᠶ᠃ | | ᠠᠮᠤ ᠪᠤᠳᠠᠭ᠎ᠠ ᠶᠢᠨ ᠦᠢᠯᠡᠳᠪᠦᠷᠢᠯᠡᠯ ᠤᠨ ᠴᠢᠳᠠᠮᠵᠢᠲᠦ ᠣᠷᠣᠨ ᠢ ᠢᠯᠭᠠᠨ ᠲᠣᠭᠲᠠᠭᠠᠭᠰᠠᠨ ᠪᠠᠶᠢᠳᠠᠯ ᠳᠤ | ᠴᠢᠭᠯᠡᠭᠦᠯᠦᠨ᠂ ᠬᠤᠯᠪᠤᠭᠳᠠᠯ ᠪᠥᠬᠦᠶ ᠰᠠᠯᠠᠭ᠎ᠠ ᠮᠥᠴᠢᠷ ᠤᠳ ︽ᠪᠤᠴᠠᠵᠤ ᠪᠠᠶᠢᠴᠠᠭᠠᠨ ᠦᠵᠡᠬᠦ︾ ᠠᠵᠢᠯ ᠢ ᠵᠣᠬᠢᠶᠠᠨ | ᠪᠠᠶᠢᠭᠤᠯᠤᠨ ᠥᠷᠨᠢᠭᠦᠯᠵᠦ᠂ ᠠᠮᠤ ᠪᠤᠳᠠᠭ᠎ᠠ ᠳᠠᠷᠢᠬᠤ ᠲᠠᠯᠠᠪᠠᠶ ᠨᠢ ᠶᠡᠭᠡ ᠪᠣᠯᠪᠠᠴᠤ ᠢᠯᠭᠠᠨ ᠲᠣᠭᠲᠠᠭᠠᠭᠰᠠᠨ | ᠲᠠᠯᠠᠪᠠᠶ ᠨᠢ ᠪᠠᠭ᠎ᠠ ᠪᠠᠶᠢᠭ᠎ᠠ ᠬᠤᠰᠢᠭᠤ ᠬᠤᠲᠠ ᠲᠣᠭᠤᠷᠢᠭ ᠢ ᠱᠠᠯᠠᠪᠳᠠᠭᠤᠯᠤᠨ ᠵᠢᠯᠣᠭᠤᠳᠴᠤ ᠪᠠᠶᠢᠭᠠᠳ | ᠨᠥᠬᠦᠪᠥᠷᠢᠯᠡᠨ ᠬᠤᠪᠢᠶᠠᠷᠢᠯᠠᠵᠤ᠂ ᠲᠠᠷᠢᠶᠠᠨ ᠭᠠᠵᠠᠷ ᠤᠨ ᠰᠢᠨᠵᠢ ᠴᠢᠨᠠᠷ ᠲᠤ ᠬᠤᠪᠢᠷᠠᠯᠲᠠ ᠭᠠᠷᠴᠤ᠂ ᠢᠯᠭᠠᠨ | ᠲᠣᠭᠲᠠᠭᠠᠬᠤ ᠪᠠᠷᠢᠮᠵᠢᠶ᠎ᠠ ᠳᠤ ᠨᠡᠶᠢᠴᠡᠬᠦ ᠥᠬᠡᠶ ᠭᠠᠵᠠᠷ ᠲᠠᠷᠢᠶ᠎ᠠ ᠶᠢ ᠬᠠᠰᠤᠵᠤ ᠬᠠᠶᠠᠬᠤ ᠶᠢᠨ ᠬᠠᠮᠲᠤ ᠴᠠᠭ | ᠲᠤᠬᠠᠶ ᠳᠤᠨᠢ ᠨᠥᠬᠦᠪᠥᠷᠢᠯᠡᠨ ᠬᠤᠪᠢᠶᠠᠷᠢᠯᠠᠬᠤ ᠬᠡᠷᠡᠭᠲᠡᠶ᠃ ᠠᠮᠤ ᠪᠤᠳᠠᠭᠠᠨ ᠤ ᠦᠢᠯᠡᠳᠪᠦᠷᠢᠯᠡᠯ ᠤᠨ ᠴᠢᠳᠠᠮᠵᠢᠲᠦ | ᠣᠷᠣᠨ ᠤ ᠬᠤᠪᠢᠶᠠᠷᠢᠯᠠᠨ ᠲᠤᠭᠲᠠᠭᠠᠭᠰᠠᠨ ᠭᠠᠵᠠᠷ᠂ ᠬᠠᠷᠠᠯᠲᠠᠲᠤ ᠲᠠᠷᠢᠮᠠᠯ ᠤᠨ ᠲᠠᠯᠠᠪᠠᠶ᠂ ᠠᠮᠤ ᠪᠤᠳᠠᠭᠠᠨ ᠤ | ᠤᠨᠠᠯᠲᠠ ᠵᠡᠷᠭᠡ ᠪᠠᠶᠢᠳᠠᠯ ᠢ ᠪᠦᠬᠦ ᠶᠠᠪᠤᠴᠠ ᠳᠤ ᠮᠥᠷᠳᠡᠵᠦ᠂ ᠬᠥᠳᠡᠯᠦᠩᠭᠦᠶ ᠬᠢᠨᠠᠨ ᠬᠡᠮᠵᠢᠬᠦ ᠬᠠᠮᠢᠶᠠᠷᠤᠯᠲᠠ ᠶᠢ | ᠴᠢᠩᠭ᠎ᠠ ᠨᠠᠶᠢᠳᠠᠪᠤᠷᠢᠵᠢᠭᠤᠯᠤᠨ᠎ᠠ᠃ | ᠡᠯ᠎ᠡ ᠬᠤᠰᠢᠭᠤ ᠬᠤᠲᠠ ᠲᠣᠭᠤᠷᠢᠭ ᠠᠮᠤ ᠪᠤᠳᠠᠭᠠᠨ ᠤ ᠦᠢᠯᠡᠳᠪᠦᠷᠢᠯᠡᠯ ᠤᠨ ᠴᠢᠳᠠᠮᠵᠢᠲᠦ ᠣᠷᠣᠨ ᠳᠤ | ᠳᠤᠷ᠎ᠠ ᠪᠠᠷ ᠢᠶᠠᠨ ᠲᠣᠬᠢᠷᠠᠭᠤᠯᠤᠯᠲᠠ ᠬᠢᠵᠦ ᠪᠣᠯᠬᠤ ᠥᠬᠡᠶ᠂ ᠠᠮᠤ ᠪᠤᠳᠠᠭᠠᠨ ᠤ ᠦᠢᠯᠡᠳᠪᠦᠷᠢᠯᠡᠯ ᠤᠨ ᠴᠢᠳᠠᠮᠵᠢᠲᠦ | ᠣᠷᠣᠨ ᠳᠤ ᠲᠣᠭᠲᠠᠭᠠᠯ ᠠᠴᠠ ᠵᠥᠷᠢᠴᠡᠨ ᠳᠠᠷᠢᠵᠤ ᠤᠷᠭᠤᠭᠤᠯᠬᠤ᠂ ᠲᠡᠵᠢᠭᠡᠨ ᠦᠷᠡᠵᠢᠭᠦᠯᠬᠦ ᠲᠥᠬᠦᠭᠡᠷᠦᠮᠵᠢ | ᠪᠠᠶᠢᠭᠤᠯᠵᠤ ᠪᠣᠯᠬᠤ ᠥᠬᠡᠶ᠂ ᠲᠣᠭᠲᠠᠭᠠᠯ ᠠᠴᠠ ᠵᠥᠷᠢᠴᠡᠨ ᠠᠮᠤ ᠪᠤᠳᠠᠭᠠᠨ ᠤ ᠦᠢᠯᠡᠳᠪᠦᠷᠢᠯᠡᠯ ᠤᠨ ᠴᠢᠳᠠᠮᠵᠢᠲᠦ | ᠣᠷᠣᠨ ᠢ ᠲᠠᠷᠢᠶᠠᠯᠠᠬᠤ ᠶᠢ ᠵᠣᠭᠰᠣᠭᠠᠵᠤ ᠣᠶ ᠰᠢᠭᠤᠶ ᠡᠪᠡᠰᠦ ᠪᠡᠯᠴᠢᠭᠡᠷ ᠢ ᠰᠡᠷᠭᠦᠭᠡᠬᠦ ᠬᠡᠪᠴᠢᠶᠡᠨ ᠳᠤ ᠣᠷᠣᠭᠤᠯᠵᠤ | ᠪᠣᠯᠬᠤ ᠥᠬᠡᠶ᠂ ᠠᠮᠤ ᠪᠤᠳᠠᠭᠠᠨ ᠤ ᠦᠢᠯᠡᠳᠪᠦᠷᠢᠯᠡᠯ ᠤᠨ ᠴᠢᠳᠠᠮᠵᠢᠲᠦ ᠣᠷᠣᠨ ᠳᠤ ᠪᠠᠷᠢᠮᠵᠢᠶ᠎ᠠ ᠠᠴᠠ ᠬᠡᠲᠦᠷᠡᠭᠦᠯᠦᠨ | ᠲᠠᠷᠢᠶᠠᠨ ᠭᠠᠵᠠᠷ ᠤᠨ ᠣᠶ ᠶᠢᠨ ᠲᠤᠤᠷ ᠪᠠᠶᠢᠭᠤᠯᠵᠤ ᠪᠣᠯᠬᠤ ᠥᠬᠡᠶ᠃ ︵ᠬᠤᠲᠠ ᠶᠢᠨ ᠲᠠᠷᠢᠶᠠᠯᠠᠩ ᠮᠠᠯ ᠠᠵᠤ | ᠠᠬᠤᠢ ᠶᠢᠨ ᠲᠣᠪᠴᠢᠶ᠎ᠠ᠂ ᠪᠠᠶᠢᠭᠠᠯᠢ ᠶᠢᠨ ᠡᠬᠢ ᠪᠠᠶᠠᠯᠢᠭ ᠤᠨ ᠲᠣᠪᠴᠢᠶ᠎ᠠ ᠡᠭᠦᠷᠭᠡ ᠬᠠᠷᠢᠭᠤᠴᠠᠯᠭ᠎ᠠ ᠶᠢᠨ ᠠᠵᠢᠯ ᠤᠨ | ᠬᠤᠪᠢᠶᠠᠷᠢᠯᠠᠯ ᠶᠣᠰᠣᠭᠠᠷ ᠬᠠᠷᠢᠭᠤᠴᠠᠨ᠎ᠠ︶᠃ | | |