ᠣᠷᠭᠤᠮᠠᠯ ᠤᠨ ᠳᠤᠰᠦ ᠦᠮᠡᠨ ᠡᠬᠦᠰᠭᠡᠨ᠎ᠡ ᠦᠦ︖
ᠨᠡᠶᠢᠲᠡᠯᠡᠭᠰᠡᠨ ᠴᠠᠭ᠄
2021/6/9
       ︽ᠣᠷᠭᠤᠮᠠᠯ ᠤᠨ ᠳᠤᠰᠦ ᠪᠠᠷ ᠬᠤᠭᠤᠯᠠ ᠪᠠᠵᠠᠭᠠᠪᠠᠯ ᠦᠮᠡᠨ ᠤᠯᠤᠨ᠎ᠠ︾ ᠭᠡᠬᠦ ᠵᠡᠷᠭᠡ ︽ᠰᠢᠨᠵᠢᠯᠡᠬᠦ ᠤᠬᠠᠭᠠᠨ ᠤ 10 ᠴᠤᠤᠷᠬᠠᠯ︾ ᠤᠤᠯ ᠵᠢᠬᠰᠠᠭᠠᠯᠲᠠ ᠳᠤ ᠵᠢᠬᠰᠠᠭᠠᠭᠲᠠᠵᠠᠢ᠃ ᠳᠡᠭᠡᠪᠡᠯ ᠣᠷᠭᠤᠮᠠᠯ ᠤᠨ ᠳᠤᠰᠦ ᠪᠠᠷ ᠬᠤᠭᠤᠯᠠ ᠪᠠᠵᠠᠭᠠᠪᠠᠯ ᠦᠨᠡᠭᠡᠷ ᠦᠮᠡᠨ ᠡᠪᠡᠳᠴᠢᠨ ᠤᠯᠤᠨ᠎ᠠ ᠤᠤ︖ ᠳᠤᠰᠬᠠᠢ ᠮᠡᠷᠭᠡᠵᠢᠯᠲᠠᠨ ᠬᠡᠯᠡᠬᠦ ᠳᠡᠭᠡᠨ᠂ ᠳᠤᠰᠤᠨ ᠢᠲᠡᠭᠡᠨ ᠤ ᠰᠠᠶᠢᠨ ᠮᠠᠭᠤ ᠶᠢ ᠦᠨᠡᠯᠡᠬᠦ ᠳᠤ ᠶᠡᠷᠦᠩᠬᠡᠢ ᠡᠯᠧᠮᠧᠨ᠋ᠲ ᠢ ᠪᠤᠲᠤᠯᠬᠢᠯᠠᠬᠤ ᠬᠡᠷᠡᠭᠲᠡᠢ᠂ ᠡᠬᠦᠨ ᠳᠤ ᠠᠲᠠᠭ ᠪᠠᠭ᠎ᠠ ᠳᠠᠭᠠᠨ ᠭᠤᠷᠪᠠᠨ ᠲᠠᠯ᠎ᠠ ᠶᠢ ᠪᠤᠲᠤᠯᠬᠢᠯᠠᠬᠤ ᠬᠡᠷᠡᠭᠲᠡᠢ᠄        ᠨᠢᠭᠡ ᠳᠤ᠂ ᠳᠤᠰᠤᠨ ᠤ ᠦᠭᠡᠬᠦᠨ ᠬᠦᠴᠢᠯ ᠤᠨ ᠪᠦᠷᠢᠯᠳᠦᠯ ᠪᠤᠯᠤᠨ ᠭᠯᠢᠼᠧᠷᠢᠨᠲᠤ ᠡᠰᠲ᠋ᠧᠷ ᠤᠨ ᠪᠦᠳᠦᠴᠠ ᠨᠢ ᠵᠤᠬᠢᠰᠳᠠᠢ ᠪᠠᠶᠢᠬᠤ ᠡᠰᠡᠬᠦ ᠶᠢ ᠦᠵᠡᠬᠦ ᠬᠡᠷᠡᠭᠲᠡᠢ︔        ᠬᠤᠶᠠᠷ ᠲᠤ᠂ ᠬᠦᠮᠦᠨ ᠤ ᠪᠡᠶ᠎ᠡ ᠶᠢᠨ ᠡᠷᠡᠬᠦᠯ ᠮᠠᠨᠳᠦ ᠳᠤ ᠳᠤᠰᠠᠳᠠᠢ ᠪᠠᠶᠢᠭᠠᠯᠢ ᠶᠢᠨ ᠪᠢᠴᠢᠯ ᠬᠡᠮᠵᠢᠶᠠᠨ ᠤ ᠰᠢᠮ᠎ᠡ ᠲᠡᠵᠢᠭᠡᠯ ᠤᠨ ᠠᠬᠤᠭᠤᠯᠤᠬᠲᠠᠴᠠ ᠶᠢ ᠦᠵᠡᠬᠦ ᠬᠡᠷᠡᠭᠲᠡᠢ︔        ᠭᠤᠷᠪᠠ ᠳᠤ᠂ ᠬᠦᠮᠦᠨ ᠤ ᠪᠡᠶ᠎ᠡ ᠳᠤ ᠬᠤᠤᠷᠲᠠᠢ ᠡᠳ᠋ ᠪᠠᠶᠢᠬᠤ ᠡᠰᠡᠬᠦ ᠶᠢ ᠦᠵᠡᠬᠦ ᠬᠡᠷᠡᠭᠲᠡᠢ᠃ ᠤᠤᠯ ᠮᠡᠲᠡᠭᠡᠯᠡᠯ ᠳᠤ ᠤᠷᠲᠤ ᠴᠠᠭ ᠢᠶᠠᠷ ᠬᠠᠭᠠᠷᠢᠵᠤ ᠪᠤᠴᠠᠯᠭᠠᠭᠰᠠᠨ ᠢᠲᠡᠰᠢᠨ ᠳᠤᠰᠤᠨ ᠤ ᠳᠤᠳᠤᠷᠠᠬᠢ ᠠᠯᠳᠧᠭᠢᠳ᠋ ᠪᠤᠲᠠᠰ ᠤᠨ ᠳᠤᠭ᠎ᠠ ᠬᠡᠮᠵᠢᠶ᠎ᠠ ᠪᠠᠷ ᠳᠤᠰᠤᠨ ᠤ ᠰᠠᠶᠢᠨ ᠮᠠᠭᠤ ᠶᠢ ᠦᠵᠡᠬᠦ ᠴᠤᠷ ᠤᠨ ᠭᠠᠭᠴᠠ ᠡᠯᠧᠮᠧᠨ᠋ᠲ ᠪᠤᠯᠭᠠᠭᠰᠠᠨ ᠨᠢ ᠨᠢᠮᠪᠠᠢ ᠪᠢᠰᠢ ᠪᠠᠶᠢᠨ᠎ᠠ᠃ ᠡᠬᠦᠨ ᠤ ᠵᠡᠷᠭᠡ ᠳᠤ ᠢᠲᠡᠰᠢᠨ ᠳᠤᠰᠤᠨ ᠤ ᠰᠢᠮ᠎ᠡ ᠲᠡᠵᠢᠭᠡᠯ ᠲᠠᠢ ᠪᠠᠶᠢᠬᠤ ᠡᠰᠡᠬᠦ ᠨᠢ ᠬᠤᠭᠤᠯᠠ ᠵᠠᠭᠤᠰᠢ ᠬᠢᠬᠦ ᠠᠷᠭ᠎ᠠ ᠮᠠᠶ᠋ᠢᠭ᠂ ᠬᠠᠯᠠᠭᠤᠨ ᠤ ᠬᠡᠮᠵᠢᠶ᠎ᠠ ᠪᠤᠯᠤᠨ ᠴᠠᠭ ᠵᠡᠷᠭᠡ ᠤᠯᠠᠨ ᠳᠠᠯ᠎ᠠ ᠶᠢᠨ ᠬᠦᠴᠦᠨ ᠵᠦᠢᠯ ᠳᠤ ᠨᠦᠯᠦᠭᠡᠯᠡᠭᠲᠡᠬᠦ ᠶᠤᠮ᠃ ᠳᠡᠶᠢᠮᠦ ᠠᠴᠠ ᠶᠠᠮᠠᠷᠪᠠ ᠢᠲᠡᠭᠡᠨ ᠤ ᠳᠤᠰᠦ ᠶᠢ ᠦᠨᠳᠦᠷ ᠬᠠᠯᠠᠭᠤᠨ ᠤ ᠨᠦᠬᠦᠴᠠᠯ ᠳᠤ ᠳᠠᠬᠢᠨ ᠲᠠᠪᠲᠠᠨ ᠬᠡᠷᠡᠭᠯᠡᠬᠦ ᠶᠢ ᠰᠠᠨᠠᠭᠠᠴᠢᠯᠠᠬᠤ ᠦᠭᠡᠢ᠃ ᠬᠠᠭᠠᠷᠢᠵᠤ ᠪᠤᠴᠠᠯᠭᠠᠬᠤ ᠳᠤ ᠬᠡᠷᠡᠭᠯᠡᠭᠰᠡᠨ ᠲᠤᠰᠤᠨ ᠳᠤ ᠠᠯᠳᠧᠭᠢᠳ᠋ ᠵᠡᠷᠭᠡ ᠬᠢᠮᠢ ᠶᠢᠨ ᠪᠤᠲᠠᠰ ᠡᠬᠦᠰᠴᠦ᠂ ᠳᠡᠬᠦᠨ ᠢ ᠤᠷᠲᠤ ᠬᠤᠭᠤᠴᠠᠭ᠎ᠠ ᠪᠠᠷ ᠢᠲᠡᠪᠡᠯ ᠬᠦᠮᠦᠨ ᠤ ᠪᠡᠶ᠎ᠡ ᠳᠤ ᠵᠤᠬᠢᠬᠤ ᠬᠦᠨᠦᠭᠡᠯ ᠤᠴᠠᠷᠠᠬᠤ ᠪᠤᠯᠤᠨ᠎ᠠ᠃ ᠳᠤᠰᠬᠠᠢ ᠮᠡᠷᠭᠡᠵᠢᠯᠲᠠᠨ ᠤ ᠦᠵᠡᠬᠦ ᠪᠠᠷ᠂ ᠤᠷᠭᠤᠮᠠᠯ ᠤᠨ ᠳᠤᠰᠦ ᠶᠢ ᠰᠢᠨᠵᠢᠯᠡᠬᠦ ᠤᠬᠠᠭᠠᠨᠴᠢ ᠪᠠᠷ ᠵᠦᠢ ᠵᠤᠬᠢᠰᠳᠠᠢ ᠢᠲᠡᠬᠦ ᠨᠢ ᠡᠩ ᠤᠨ ᠪᠠᠶᠢᠲᠠᠯ ᠳᠤ ᠬᠦᠮᠦᠨ ᠤ ᠪᠡᠶ᠎ᠡ ᠳᠤ ᠮᠠᠭᠤ ᠨᠦᠯᠦᠭᠡ ᠪᠤᠯᠬᠤ ᠦᠭᠡᠢ᠃        ᠡᠬᠦᠨ ᠠᠴᠠ ᠭᠠᠲᠠᠨ᠎ᠠ᠂ ᠳᠤᠮᠳᠠᠳᠦ ᠤᠯᠤᠰ ᠤᠨ ᠬᠦᠮᠦᠨ ᠤ ᠢᠲᠡᠭᠡᠨ ᠤᠮᠲᠠᠭᠠᠨ ᠤ ᠲᠠᠳᠬᠠᠯ᠂ ᠬᠤᠭᠤᠯᠠ ᠵᠠᠭᠤᠰᠢ ᠪᠠᠵᠠᠭᠠᠬᠤ ᠠᠷᠭ᠎ᠠ ᠮᠠᠶ᠋ᠢᠭ᠂ ᠬᠡᠷᠡᠭᠯᠡᠬᠦ ᠳᠤᠰᠦ ᠵᠡᠷᠭᠡ ᠨᠢ ᠪᠤᠰᠤᠳ ᠤᠯᠤᠰ ᠲᠠᠢ ᠵᠤᠬᠢᠬᠤ ᠢᠯᠭᠠᠭ᠎ᠠ ᠲᠠᠢ᠂ ᠶᠡᠷᠦᠩᠬᠡᠢ ᠳᠤᠨᠢ ᠠᠪᠴᠦ ᠦᠵᠡᠪᠡᠯ᠂ ᠬᠢᠲᠠᠳ ᠮᠠᠶ᠋ᠢᠭ ᠤᠨ ᠬᠤᠭᠤᠯᠠ ᠵᠠᠭᠤᠰᠢ ᠪᠤᠯ ᠡᠸᠦ᠋ᠷᠤᠫᠠ ᠬᠤᠭᠤᠯᠠ ᠵᠠᠭᠤᠰᠢ ᠠᠴᠠ ᠳᠦᠷᠦᠯ ᠵᠦᠢᠯ ᠢᠶᠠᠷ ᠤᠯᠠᠨ ᠪᠠᠶᠢᠲᠠᠭ᠂ ᠡᠸᠦ᠋ᠷᠤᠫᠠ ᠠᠮᠧᠷᠢᠺᠠ ᠶᠢᠨ ᠣᠯᠣᠰ ᠪᠤᠯ ᠬᠠᠭᠠᠷᠢᠬᠤ᠂ ᠳᠤᠰᠤᠨ ᠳᠤ ᠪᠤᠴᠠᠯᠭᠠᠬᠤ ᠪᠠᠷ ᠭᠤᠤᠯ ᠪᠤᠯᠭᠠᠲᠠᠭ᠂ ᠬᠢᠲᠠᠳ ᠬᠤᠭᠤᠯᠠ ᠪᠤᠯ ᠬᠠᠭᠤᠷᠬᠤ᠂ ᠵᠢᠩᠨᠡᠬᠦ᠂ ᠴᠢᠨᠠᠬᠤ ᠵᠡᠷᠭᠡ ᠤᠯᠠᠨ ᠵᠦᠢᠯ ᠪᠠᠶᠢᠲᠠᠭ᠂ ᠵᠢᠱᠢᠶᠠᠯᠠᠪᠠᠯ ᠳᠦᠷᠭᠡᠨ ᠬᠠᠭᠤᠷᠬᠤ᠂ ᠬᠠᠷᠠᠰᠦ ᠪᠠᠷ ᠵᠢᠩᠨᠡᠬᠦ ᠵᠡᠷᠭᠡ ᠠᠷᠭ᠎ᠠ ᠪᠠᠷ ᠬᠤᠭᠤᠯᠠ ᠵᠠᠭᠤᠰᠢ ᠪᠠᠵᠠᠭᠠᠪᠠᠯ ᠳᠤᠰᠤᠨ ᠤ ᠬᠠᠯᠠᠭᠤᠨ ᠤ ᠬᠡᠮᠵᠢᠶ᠎ᠠ ᠶᠡᠷᠦ ᠶᠢᠨ ᠪᠠᠶᠢᠲᠠᠯ ᠳᠤ ᠳᠡᠶᠢᠮᠦ ᠦᠨᠳᠦᠷ ᠬᠡᠮᠵᠢᠶᠠᠨ ᠳᠤ ᠬᠦᠷᠬᠦ ᠦᠭᠡᠢ ᠶᠤᠮ᠃
 
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠣᠢ ᠰᠢᠭᠤᠢ ᠪᠠ ᠨᠤᠲᠤᠭ ᠪᠡᠯᠴᠢᠭᠡᠷ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号