ᠡᠷᠡᠬᠦᠯ ᠪᠡᠶ᠎ᠠ ● ᠰᠠᠷᠠᠭᠤᠯ ᠤᠬᠠᠭᠠᠨ
ᠨᠡᠶᠢᠲᠡᠯᠡᠭᠰᠡᠨ ᠴᠠᠭ᠄
2021/7/6
       — ︽ᠡᠷᠡᠭᠦᠯ ᠮᠡᠨᠳᠦ︾ ᠶᠢ ᠵᠠᠯᠠᠭᠤᠴᠤᠳ ᠤᠨ ᠠᠮᠢᠳᠤᠷᠠᠯ ᠤᠨ ᠪᠠᠷᠢᠮᠵᠢᠶ᠎ᠠ ᠪᠠ ᠬᠥᠭᠡᠭᠡᠴᠡᠯᠳᠦᠯ ᠪᠣᠯᠭᠠᠬᠤ ᠳᠤᠬᠠᠢ ᠤᠴᠢᠷᠯᠠᠬᠤᠢ        ︽ᠰᠦᠨᠢ ᠶᠢᠨ 2 ᠴᠠᠭ ᠤᠨ ᠳᠡᠭᠷᠢ ᠶᠢ ᠣᠯᠵᠤ ᠬᠠᠷᠠᠭ᠎ᠠ ᠦᠭᠡᠶ ᠪᠣᠯ ᠵᠠᠯᠠᠭᠤ ᠬᠥᠮᠦᠨ ᠳᠤ ᠲᠤᠭᠠᠴᠢᠬᠳᠠᠬᠤ ᠦᠭᠡᠢ︾᠂ ᠡᠨᠡ ᠪᠣᠯ ᠬᠦᠬᠡᠬᠤᠲᠠ ᠶᠢᠨ 27 ᠨᠠᠰᠤᠲᠠᠶ ᠡᠮᠡᠭᠲᠡᠶ ᠠᠨᠢᠰ ︵ᠪᠤᠷᠤᠭᠤᠯᠠᠭᠰᠠᠨ ᠨᠡᠷ᠎ᠡ︶ ᠤᠨ ᠠᠮᠠᠨ ᠤᠩᠰᠢᠯᠭ᠎ᠠ ᠪᠣᠯᠤᠨ᠎ᠠ᠃ ᠠᠷᠪᠠᠨ ᠨᠠᠢᠮᠠᠨ ᠨᠠᠰᠤᠲᠠᠶ ᠳᠠᠭᠠᠨ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠪᠠᠨ ᠲᠡᠭᠦᠰᠦᠭᠰᠡᠨ ᠤ ᠳᠠᠷᠠᠭ᠎ᠠ᠂ ᠲᠡᠷᠡ ᠰᠦᠨᠢ ᠶᠢᠨ 2 ᠴᠠᠭ ᠠᠴᠠ ᠡᠮᠦᠨ᠎ᠡ ᠤᠨᠲᠠᠵᠤ ᠥᠩᠭᠡᠷᠡᠭᠰᠡᠨ ᠦᠭᠡᠢ᠂ ᠰᠦᠯᠵᠢᠶᠡᠨ ᠳᠤ ᠭᠠᠷᠬᠤ᠂ ᠵᠦᠴᠦᠭᠡ ᠦᠵᠡᠬᠦ᠂ ᠡᠯ᠎ᠡ ᠶᠠᠷᠢᠶᠠᠨ ᠤ ᠲᠠᠪᠴᠠᠩ ᠢᠶᠠᠷ ᠲᠤᠭᠤᠷᠢᠵᠦ ᠪᠢᠴᠢᠭᠡᠰᠤ ᠦᠯᠡᠳᠡᠭᠡᠬᠦ ᠁ ᠰᠥᠨᠢ ᠶᠢᠨ ᠭᠦᠨ ᠤ ᠨᠠᠮ ᠵᠢᠮ ᠴᠠᠭ ᠮᠥᠴᠡ ᠪᠣᠯᠭᠠᠨ ᠨᠢ ᠴᠦᠮ ᠲᠡᠭᠦᠨ ᠤ ᠥᠪᠡᠷ ᠤᠨ ᠬᠢᠨᠢ ᠪᠠᠶᠠᠷᠯᠠᠨ ᠬᠥᠭᠡᠷᠦᠯᠳᠦᠬᠦ ᠴᠠᠭ ᠮᠥᠴᠡ ᠪᠣᠯᠤᠨ᠎ᠠ᠃ 10 ᠵᠢᠯ ᠰᠥᠨᠢᠵᠢᠨ ᠰᠠᠭᠤᠭᠰᠠᠨ ᠤ ᠳᠠᠷᠠᠭ᠎ᠠ᠂ ᠲᠡᠭᠦᠨ ᠤ ᠪᠡᠶ᠎ᠡ ᠨᠢ ᠲᠠᠰᠤᠷᠠᠯᠲᠠ ᠦᠭᠡᠢ ᠰᠡᠷᠡᠮᠵᠢ ᠶᠢᠨ ᠳᠣᠬᠢᠶ᠎ᠠ ᠥᠭᠭᠦᠯ᠎ᠡ᠄ ᠡᠬᠢᠯᠡᠩᠭᠦᠳᠡ ᠪᠠᠨ ᠬᠠᠶᠠ ᠵᠠᠷᠢᠮ ᠳᠠᠭᠠᠨ ᠲᠠᠮᠢᠷᠳᠠᠵᠤ ᠪᠠᠶᠢᠭᠰᠠᠨ ᠢᠶᠠᠨ ᠰᠡᠭᠦᠯᠳᠡᠵᠦ ᠢᠷᠡᠭᠡᠳ ᠪᠡᠶ ᠎ᠡ ᠮᠠᠬᠠᠪᠤᠳ ᠤᠨ ᠬᠢᠨᠢ ᠡᠪᠡᠳᠴᠢᠨ ᠢ ᠡᠰᠡᠷᠭᠦᠴᠡᠬᠦ ᠴᠢᠳᠠᠪᠤᠷᠢ ᠨᠢ ᠠᠭᠠᠵᠢᠮ ᠢᠶᠠᠷ ᠰᠤᠯᠠᠷᠠᠵᠦ᠂ ᠣᠳᠣ ᠬᠠᠷᠢᠨ ᠨᠢᠭᠤᠷ ᠴᠢᠷᠠᠶ ᠳᠤᠨᠢ ᠥᠲᠡᠭᠦᠰ ᠤᠨ ᠲᠣᠯᠪᠤ ᠭᠠᠷᠤᠬᠰᠡᠨ ᠪᠠᠶᠢᠯ᠎ᠡ᠂ ᠡᠭᠦᠨ ᠠᠴᠠ ᠭᠠᠳᠠᠨ᠎ᠡ ᠪᠠᠰᠠ ᠲᠤᠯᠤᠭᠠᠢ ᠨᠢ ᠡᠷᠬᠢᠬᠦ᠂ ᠴᠢᠰᠤᠨ ᠳᠠᠷᠤᠯᠲᠠ ᠨᠢ ᠲᠤᠤᠷ᠎ᠠ ᠪᠤᠯᠬᠤ᠂ ᠤᠢᠷᠭᠦᠯᠵᠢ ᠤᠬᠰᠢᠬᠤ ᠮᠡᠲᠦ ᠶᠢᠨ ᠢᠯᠠᠷᠡᠯ ᠵᠦᠡᠭᠳᠡᠭᠡᠨ ᠭᠠᠷᠳᠠᠭ ᠪᠤᠯᠵᠠᠢ᠃        ᠬᠠᠪᠤᠷ ᠦᠡᠭᠭᠡᠷᠡᠵᠦ ᠵᠤᠨ ᠰᠠᠭᠠᠳᠠᠨ᠎ᠠ᠂ ᠡᠪᠡᠰᠤ ᠴᠡᠴᠡᠭ ᠳᠡᠯᠭᠡᠷᠡᠵᠦ ᠵᠤᠯᠭᠠᠷᠠᠨ᠎ᠠ᠂ ᠡᠳᠤᠷ ᠰᠦᠨᠢ ᠡᠬᠡᠯᠵᠢᠯᠡᠨ᠎ᠠ ᠁ ᠠᠮᠢᠳᠤ ᠪᠣᠳᠠᠰ ᠴᠢᠨᠠᠭᠰᠢᠯᠠᠪᠠᠯ ᠪᠠᠶᠢᠭᠠᠯᠢ ᠶᠢᠨ ᠲᠦᠮᠡᠨ ᠪᠣᠳᠠᠰ ᠤᠨ ᠠᠵᠢᠯᠯᠠᠭ᠎ᠠ ᠪᠦᠷ ᠲᠣᠭᠲᠠᠭᠰᠠᠨ ᠦᠶᠡᠯᠡᠯ ᠪᠠ ᠵᠢᠮ᠎ᠡ ᠶᠣᠰᠣ ᠪᠠᠷ ᠶᠠᠪᠤᠭᠳᠠᠵᠤ ᠪᠠᠶᠢᠳᠠᠭ᠃ ᠬᠡᠷᠪᠡ ᠬᠥᠮᠦᠰ ᠤᠷᠲᠦ ᠬᠤᠭᠤᠴᠠᠭ᠎ᠠ ᠪᠠᠷ ᠠᠮᠢᠳᠤ ᠪᠣᠳᠠᠰ ᠤᠨ ᠴᠠᠭ ᠢᠶᠠᠷ ᠠᠵᠢᠯᠯᠠᠵᠤ ᠠᠮᠠᠷᠠᠬᠤ ᠦᠭᠡᠢ ᠪᠤᠯᠪᠠᠯ ᠠᠵᠢᠯ ᠤᠨ ᠦᠷ᠎ᠡ ᠪᠦᠲᠦᠮᠵᠢ ᠪᠠ ᠠᠮᠢᠳᠤᠷᠠᠯ ᠤᠨ ᠴᠢᠨᠠᠷ ᠴᠢᠨᠰᠠᠭ᠎ᠠ ᠨᠢ ᠴᠦᠮ ᠮᠠᠰᠢ ᠳᠤᠤᠷ᠎ᠠ ᠪᠤᠯᠬᠤ ᠮᠥᠷᠲᠡᠭᠡᠨ ᠪᠠᠰᠠ ᠡᠯ᠎ᠡ ᠵᠦᠶ᠋ᠯ ᠤᠨ ᠡᠪᠡᠳᠴᠢᠨ ᠳᠤ ᠨᠡᠷᠪᠡᠭᠳᠡᠵᠦ ᠮᠡᠳᠡᠨ᠎ᠡ᠃ ᠭᠡᠬᠦ ᠳᠤ ᠤᠳᠤᠬᠠᠨ ᠳᠤ ᠮᠠᠰᠢ ᠣᠯᠠᠨ ᠵᠠᠯᠠᠭᠤᠴᠤᠳ ᠠᠨᠢᠰ ᠲᠠᠢ ᠠᠳᠠᠯᠢ ᠪᠠᠷ᠂ ᠡᠰᠡᠬᠦᠯ᠎ᠡ ᠠᠵᠢᠯ ᠤᠨ ᠳᠠᠷᠤᠭᠠᠰᠤ ᠬᠡᠲᠦ ᠬᠦᠨᠳᠤᠷᠦᠭᠰᠡᠨ ᠠᠴᠠ ᠪᠤᠯᠵᠦ ᠡᠷᠲᠡ ᠤᠨᠲᠠᠵᠤ ᠳᠡᠶᠢᠯᠬᠦ ᠥᠬᠡᠶ᠂ ᠡᠰᠡᠬᠦᠯ᠎ᠡ ᠵᠤᠭ᠎ᠠ ᠴᠡᠩᠭᠡᠯ ᠨᠢ ᠬᠡᠲᠦᠷᠬᠡᠶ ᠤᠯᠠᠳᠠᠭᠰᠠᠨ ᠠᠴᠠ ᠪᠤᠯᠵᠦ ᠡᠷᠲᠡ ᠤᠨᠲᠠᠬᠤ ᠲᠤᠷ᠎ᠠ ᠦᠭᠡᠢ᠂ ᠨᠦᠢᠷ ᠢᠶᠠᠨ ᠦᠷᠡᠭᠳᠡᠭᠦᠯᠵᠦ ᠪᠠᠶᠢᠭᠠᠳ ᠡᠳᠦᠷ ᠤᠨ ᠴᠠᠭ ᠢ ᠤᠷᠲᠤᠳᠬᠠᠳᠠᠭ᠂ ᠡᠨᠡ ᠨᠢ ᠬᠥᠮᠦᠰ ᠤᠨ ᠰᠡᠳᠬᠢᠯ ᠢ ᠵᠣᠪᠠᠭᠠᠮᠠᠷ ᠶᠠᠪᠤᠳᠠᠯ ᠪᠤᠯᠵᠦ ᠪᠠᠶᠢᠨ᠎ᠡ᠃ ᠦᠨᠡᠨ ᠳᠡᠭᠡᠨ᠂ ᠣᠷᠳᠣ ᠬᠤᠭᠤᠴᠠᠭ᠎ᠠ ᠪᠠᠷ ᠰᠥᠨᠢᠵᠢᠨ ᠰᠠᠭᠤᠬᠤ ᠨᠢ ᠵᠢᠰᠦ ᠦᠡᠭᠭᠡ ᠶᠢ ᠨᠦᠯᠦᠭᠡᠯᠡᠬᠦ ᠨᠠᠰᠤᠲᠠᠶᠢᠴᠤᠳ ᠤᠨ ᠲᠣᠯᠪᠤ ᠶᠢ ᠠᠮᠠᠷᠬᠠᠨ ᠪᠣᠶ ᠪᠣᠯᠭᠠᠬᠤ ᠪᠠᠷ ᠪᠠᠷᠠᠬᠤ ᠥᠬᠡᠶ᠂ ᠪᠠᠰᠠ ᠮᠠᠷᠢᠶᠠᠯᠠᠬᠤ᠂ ᠦᠰᠦ ᠤᠨᠠᠬᠤ᠂ ᠴᠡᠭᠡᠵᠢᠯᠡᠬᠦ ᠴᠢᠳᠠᠪᠤᠷᠢ ᠮᠠᠭᠤᠳᠠᠬᠤ᠂ ᠬᠠᠷᠠᠭ᠎ᠠ ᠮᠠᠭᠤᠳᠠᠬᠤ᠂ ᠨᠢᠳᠦ ᠬᠠᠲᠠᠬᠤ ᠵᠡᠷᠭᠡ ᠠᠷᠬᠠᠭ ᠵᠢᠴᠢ ᠵᠢᠷᠦᠬᠡ ᠲᠠᠷᠢᠬᠢᠨ ᠤ ᠴᠢᠰᠤᠨ ᠰᠤᠳᠠᠯ ᠤᠨ ᠡᠪᠡᠳᠴᠢᠨ ᠴᠢᠨᠠᠭᠰᠢᠯᠠᠨ ᠦᠲᠡᠯᠦᠭᠰᠡᠳ ᠤᠨ ᠮᠡᠨᠡᠭ ᠡᠪᠡᠳᠴᠢᠨ ᠤᠯᠬᠤ ᠲᠦᠭᠰᠢᠭᠦᠷᠢ ᠶᠢ ᠴᠤ ᠨᠡᠮᠡᠭᠳᠡᠭᠦᠯᠳᠡᠭ ᠠᠵᠢ᠃ ᠲᠡᠷᠡ ᠮᠥᠷᠲᠡᠭᠡᠨ ᠰᠥᠨᠢᠵᠢᠨ ᠰᠠᠭᠤᠬᠤ ᠨᠢ ᠵᠠᠯᠠᠭᠤ ᠬᠥᠮᠦᠨ ᠤ ᠭᠡᠨᠡᠳᠲᠡ ᠶᠢᠨ ᠦᠬᠦᠯ ᠤᠨ ᠭᠤᠷᠪᠠᠨ ᠶᠡᠭᠡ ᠰᠢᠵᠢᠮ ᠤᠨ ᠲᠦᠷᠦᠭᠦᠨ ᠳᠤ ᠵᠢᠬᠰᠠᠵᠦ᠂ ᠲᠡᠭᠦᠨ ᠤ ᠬᠤᠣᠷ ᠬᠥᠨᠥᠭᠡᠯ ᠨᠢ ᠰᠠᠨᠠᠭᠰᠠᠨ ᠠᠴᠠ ᠬᠤᠯᠠ ᠶᠡᠭᠡ ᠪᠠᠶᠢᠳᠠᠭ᠃ ᠡᠷᠡᠭᠦᠯ ᠪᠤᠰᠤ ᠠᠮᠢᠳᠤᠷᠠᠯ ᠤᠨ ᠳᠠᠳᠬᠠᠯ ᠠᠴᠠ ᠪᠣᠯᠵᠣ᠂ ᠵᠠᠯᠠᠭᠤᠴᠤᠳ ᠤᠨ ᠭᠡᠨᠡᠳᠲᠡ ᠶᠢᠨ ᠡᠪᠡᠳᠴᠢᠨ ᠤ ᠲᠤᠬᠠᠶ ᠰᠣᠨᠢᠨ ᠮᠡᠳᠡᠭᠡ ᠵᠥᠩᠳᠡᠭᠡᠨ ᠬᠠᠷᠠᠬᠳᠠᠳᠠᠭ ᠪᠤᠯᠪᠠ᠃        ᠨᠢᠭᠡ ᠲᠠᠯ᠎ᠠ ᠪᠠᠷ ᠡᠯ᠎ᠡ ᠵᠦᠢᠯ ᠤᠨ ᠰᠠᠶᠢᠨ ᠰᠠᠨᠠᠭᠠᠨ ᠤ ᠡᠭᠦᠳᠡᠨ ᠠᠴᠠ ᠰᠠᠨᠠᠭᠤᠯᠵᠦ ᠪᠤᠢ᠂ ᠠᠮᠢᠳᠤᠷᠠᠯ ᠤᠨ ᠠᠷᠭ᠎ᠠ ᠮᠠᠶ᠋ᠢᠭ ᠢ ᠪᠡᠶ᠎ᠡ ᠶᠢᠨ ᠳᠣᠲᠣᠭᠠᠳᠤ ᠶᠢᠨ ︽ᠴᠠᠭ ᠲᠡᠮᠳᠡᠭᠯᠡᠭᠦᠷ︾ ᠲᠠᠢ ᠡᠰᠡᠷᠭᠦᠴᠡᠯᠳᠦᠭᠦᠯᠵᠦ ᠪᠣᠯᠬᠤ ᠦᠭᠡᠢ︔ ᠨᠥᠭᠦᠭᠡ ᠲᠠᠯ᠎ᠠ ᠪᠠᠷ᠂ ᠴᠥᠭᠡᠨ ᠪᠤᠰᠤ ᠬᠥᠮᠦᠰ ᠮᠥᠨ ᠯᠡ ᠥᠪᠡᠷ ᠤᠨ ᠬᠢ ᠪᠠᠷ ᠢᠶᠠᠨ ᠬᠢᠵᠦ᠂ ᠠᠮᠢᠳᠤ ᠪᠣᠳᠠᠰ ᠤᠨ ᠴᠠᠭ ᠤᠨ ᠣᠷᠣᠰᠢᠬᠤ ᠶᠢ ᠬᠠᠶᠢᠬᠤᠷᠳᠠᠭ ᠥᠬᠡᠶ᠃ ᠥᠴᠦᠬᠡᠨ ᠴᠦ ᠳᠠᠪᠠᠭᠤᠯᠤᠯ ᠦᠭᠡᠶ ᠪᠠᠷ ᠬᠡᠯᠡᠪᠡᠯ᠂ ᠵᠠᠯᠠᠭᠤᠴᠤᠳ ᠡᠷᠡᠭᠦᠯ ᠮᠡᠨᠳᠦ ᠠᠮᠢᠳᠤᠷᠠᠯ ᠢ ᠣᠶᠢᠯᠠᠭᠠᠬᠤ ᠦᠭᠡᠶ ᠪᠠᠶᠢᠬᠤ ᠪᠣᠯ ᠨᠢᠭᠡᠨ ᠲᠦᠭᠡᠮᠡᠯ ᠴᠢᠨᠠᠷᠲᠠᠶ ᠠᠰᠠᠭᠤᠳᠠᠯ ᠪᠤᠯᠪᠠ᠄ ᠪᠤᠯᠪᠠᠰᠤᠷᠠᠯ ᠬᠦᠷᠦᠯᠴᠡᠬᠦ ᠦᠭᠡᠶ᠂ ᠨᠦᠢᠷ ᠬᠦᠷᠦᠯᠴᠡᠬᠦ ᠦᠭᠡᠶ᠂ ᠠᠵᠢᠯᠯᠠᠵᠤ ᠠᠮᠠᠷᠠᠬᠤ ᠨᠢ ᠵᠢᠮ᠎ᠡ ᠶᠣᠰᠣ ᠦᠭᠡᠶ᠂ ᠢᠳᠡᠵᠦ ᠤᠤᠭᠤᠬᠤ ᠨᠢ ᠵᠣᠬᠢᠰ ᠦᠭᠡᠶ᠂ ᠰᠥᠨᠢ ᠳᠦᠯᠢ ᠪᠠᠷ ᠠᠷᠢᠬᠢ ᠤᠤᠭᠤᠵᠦ ᠱᠤᠷᠤᠯᠭ᠎ᠠ ᠢᠳᠡᠬᠦ ᠵᠡᠷᠭᠡ ᠨᠢ ᠵᠠᠯᠠᠭᠤᠴᠤᠳ ᠤᠨ ᠠᠵᠢᠯᠯᠠᠵᠤ ᠠᠮᠠᠷᠠᠬᠤ ᠶᠢᠨ ᠬᠡᠪ ᠤᠨ ᠪᠠᠶᠢᠳᠠᠯ ᠪᠣᠯᠪᠡ᠂ ᠡᠶᠢᠮᠦᠷᠬᠦᠦ ᠠᠮᠢᠳᠤᠷᠠᠯ ᠨᠢ ᠦᠨᠡᠬᠡᠷ ︽ᠡᠷᠡᠭᠦᠯ ᠮᠡᠨᠳᠦ︾ ᠠᠴᠠ ᠵᠢᠭᠠᠬᠠᠨ ᠬᠤᠯᠠ ᠰᠢᠭ᠋ ᠪᠠᠶᠢᠨ᠎ᠠ᠃ᠵᠠᠯᠠᠭᠤᠴᠤᠳ ᠡᠷᠡᠭᠦᠯ ᠮᠡᠨᠲᠦ ᠠᠮᠢᠳᠤᠷᠠᠯ ᠤᠨ ᠲᠤᠬᠠᠢ ᠮᠡᠳᠡᠵᠦ ᠤᠢᠢᠯᠠᠭᠠᠬᠤ ᠨᠢ ᠴᠦᠬᠡᠨ ᠪᠠᠶᠢᠳᠠᠭ ᠨᠢ ᠬᠡᠯᠡᠯᠭᠡᠨ ᠦᠭᠡᠢ ᠮᠠᠰᠢ ᠤᠯᠠᠨ ᠡᠯᠧᠮᠧᠨ᠋ᠲ ᠤᠨ ᠶᠡᠷᠦᠩᠬᠡᠶᠢᠯᠡᠭᠰᠡᠨ ᠦᠢᠯᠡᠳᠦᠯ ᠤᠨ ᠦᠷ᠎ᠡ ᠳ᠋ᠦᠩ ᠮᠥᠨ᠂ ᠭᠡᠲᠡᠯ᠎ᠡ ᠡᠷᠡᠭᠦᠯ ᠮᠡᠨᠳᠦ ᠶᠢᠨ ᠬᠥᠮᠦᠵᠢᠯ ᠨᠢ ᠰᠢᠰᠲ᠋ᠧᠮᠵᠢᠵᠦ ᠴᠢᠳᠠᠭᠰᠠᠨ ᠦᠭᠡᠢ ᠨᠢ ᠵᠠᠶᠢᠯᠠᠭᠤᠯᠵᠤ ᠪᠣᠯᠤᠰᠢ ᠦᠭᠡᠢ ᠬᠠᠷᠢᠭᠤᠴᠠᠯᠭ᠎ᠠ ᠲᠠᠢ ᠶᠤᠮ᠃ ᠬᠠᠷᠠᠬᠠᠨ ᠪᠠᠭ᠎ᠠ ᠠᠴᠠ ᠨᠢ᠂ ᠭᠡᠷ ᠪᠦᠯᠢ ᠠᠴᠠ ᠪᠠᠨ ᠡᠬᠢᠯᠡᠵᠦ ᠠᠳᠬᠤᠭᠰᠠᠨ ᠥᠬᠡᠶ᠂ ᠡᠷᠡᠭᠦᠯ ᠮᠡᠨᠳᠦ ᠶᠢᠨ ᠲᠤᠬᠠᠶ ᠲᠠᠨᠢᠯᠲᠠ ᠶᠢᠨ ᠣᠯᠠᠩᠬᠢ ᠨᠢ ᠨᠢᠳᠦ ᠪᠠᠨ ᠬᠠᠮᠠᠭᠠᠯᠠᠬᠤ᠂ ᠮᠠᠷᠢᠶᠠᠯᠠᠬᠤ ᠶᠢ ᠬᠤᠷᠢᠬᠯᠠᠵᠤ᠂ ᠪᠡᠶ᠎ᠡ ᠶᠢᠨ ᠥᠨᠳᠥᠷ ᠢ ᠪᠠᠲᠤᠯᠠᠬᠤ ᠵᠡᠷᠭᠡ ᠭᠠᠳᠠᠷ᠂ ᠢᠯᠡ ᠴᠢᠨᠠᠷ ᠤᠨ ᠪᠠᠷᠢᠮᠵᠢᠶ᠎ᠠ ᠪᠠᠷ ᠬᠡᠮᠵᠢᠵᠦ᠂ ᠡᠷᠡᠭᠦᠯ ᠮᠡᠨᠳᠦ ᠶᠢᠨ ᠬᠥᠮᠦᠵᠢᠯ ᠤᠨ ᠭᠦᠨ ᠳᠠᠪᠬᠤᠷᠭ᠎ᠠ ᠶᠢᠨ ᠠᠰᠠᠭᠤᠳᠠᠯ ᠢ ᠬᠦᠨᠳᠡᠭᠰᠡᠨ ᠦᠭᠡᠢ᠂ ᠳᠠᠷᠤᠢ ᠡᠷᠡᠭᠦᠯ ᠮᠡᠨᠳᠦ ᠪᠣᠯ ᠨᠢᠭᠡ ᠵᠦᠢᠯ ᠤᠨ ᠠᠮᠢᠳᠤᠷᠠᠯ ᠤᠨ ᠠᠷᠭ᠎ᠠ ᠮᠠᠶ᠋ᠢᠭ ᠪᠤᠶᠤ ᠠᠮᠢᠳᠤᠷᠠᠯ ᠤᠨ ᠳᠠᠳᠬᠠᠯ ᠪᠤᠯᠤᠨ᠎ᠡ ᠭᠡᠰᠡᠡ ᠢ ᠮᠡᠳᠡᠭᠦᠯᠦᠭᠰᠡᠨ ᠦᠭᠡᠢ᠃ ᠳᠤᠮᠳᠠᠳᠤ ᠰᠤᠷᠭᠠᠭᠤᠯᠢ ᠶᠢᠨ ᠦᠶ᠎ᠡ ᠳᠤ᠂ ᠰᠤᠷᠭᠠᠭᠤᠯᠢ ᠪᠠ ᠰᠤᠷᠤᠭᠴᠢᠳ ᠤᠨ ᠤᠶᠤᠨ ᠴᠢᠳᠠᠯ ᠭᠤᠣᠯᠳᠠᠭᠤ ᠰᠢᠯᠭᠠᠯᠲᠠ ᠳᠤ ᠲᠥᠪᠯᠡᠷᠡᠵᠦ᠂ ᠡᠷᠡᠭᠦᠯ ᠴᠢᠭᠢᠷᠠᠭ ᠤᠨ ᠬᠥᠮᠦᠵᠢᠯ ᠤᠨ ᠲᠤᠬᠠᠢ ᠶᠡᠷᠦ ᠨᠢ ᠬᠠᠮᠢᠶᠠᠷᠬᠤ ᠵᠠᠪ ᠦᠭᠡᠢ ᠪᠤᠶᠤ ᠳᠥᠭᠦᠮᠬᠡᠨ ᠠᠷᠭᠠᠴᠠᠭᠠᠵᠤ᠂ ᠰᠤᠷᠤᠭᠴᠢᠳ ᠤᠨ ᠡᠷᠡᠭᠦᠯ ᠴᠢᠭᠢᠷᠠᠭ ᠤᠨ ᠤᠬᠠᠮᠰᠠᠷ ᠪᠠ ᠳᠠᠳᠬᠠᠯ ᠢ ᠬᠦᠷᠦᠯᠴᠡᠬᠦ ᠦᠭᠡᠢ ᠪᠣᠯᠭᠠᠳᠠᠭ᠃        ᠶᠡᠭᠡ ᠰᠤᠷᠭᠠᠭᠤᠯᠢ ᠳᠤ ᠣᠷᠣᠪᠠᠯ᠂ ᠡᠨᠡ ᠲᠠᠯ᠎ᠡ ᠶᠢᠨ ᠬᠢᠴᠢᠶᠡᠯ ᠢᠶᠠᠨ ᠰᠠᠶᠢᠲᠤᠷ ︽ᠨᠥᠬᠦᠵᠦ︾ ᠪᠣᠯᠤᠨ᠎ᠠ ᠭᠡᠵᠦ ᠨᠢᠭᠡ ᠪᠦᠯᠦᠭ ᠬᠦᠮᠦᠰ ᠦᠵᠡᠳᠡᠭ᠂ ᠭᠡᠪᠡᠴᠦ ᠠᠮᠢᠰᠬᠤᠬᠤ ᠵᠠᠪ ᠤᠯᠤᠬᠰᠡᠨ ᠤᠶᠤᠲᠠᠨ ᠨᠢᠭᠡ ᠯᠡ ᠲᠤᠤᠷ᠎ᠠ ︽ᠰᠤᠯᠠᠷᠠᠭᠤᠯᠵᠦ︾᠂ ᠬᠤᠷᠢᠭᠤᠯ ᠠᠴᠠ ᠪᠠᠨ ᠭᠠᠷᠤᠬᠰᠡᠨ ᠰᠢᠪᠠᠭᠤᠳ ᠰᠢᠭ᠋ ᠬᠢᠵᠠᠭᠠᠷᠯᠠᠵᠦ ᠬᠠᠮᠢᠶᠠᠷᠬᠤ ᠳᠤ ᠨᠡᠩ ᠬᠦᠴᠢᠷ ᠪᠤᠯᠳᠠᠭ᠃ ᠢᠯᠠᠩᠭᠤᠶ᠎ᠠ ᠰᠦᠯᠵᠢᠶᠡᠨ ᠤ ᠪᠠᠶᠢᠳᠠᠯ ᠬᠡᠴᠡᠭᠦᠦ ᠪᠠᠶᠢᠭ᠎ᠠ ᠪᠠᠶᠢᠳᠠᠯ ᠳᠤ᠂ ᠭᠠᠷ ᠤᠲᠠᠰᠤ ᠶᠢ ᠪᠡᠶ᠎ᠡ ᠠᠴᠠ ᠪᠠᠨ ᠤᠭᠳᠤ ᠰᠠᠯᠭᠠᠬᠤ ᠪᠠᠨ ᠪᠤᠯᠢᠵᠦ᠂ ᠲᠠᠮᠢᠷ ᠤᠨ ᠲᠠᠯᠠᠪᠠᠶ ᠳᠤ ᠣᠴᠢᠵᠦ ᠪᠡᠶ᠎ᠠ ᠮᠠᠬᠠᠪᠤᠳ ᠢᠶᠠᠨ ᠪᠤᠯᠪᠠᠰᠤᠷᠠᠭᠤᠯᠬᠤ ᠵᠡᠷᠭᠡ ᠪᠠᠶᠢᠳᠠᠯ ᠶᠠᠪᠤᠬᠤ ᠳᠤᠰᠤᠮ ᠴᠦᠬᠡᠨ ᠪᠤᠯᠵᠦ ᠪᠤᠢ᠃ ᠡᠭᠦᠨ ᠠᠴᠠ ᠭᠠᠳᠠᠨ᠎ᠠ᠂ ᠶᠡᠭᠡ ᠳᠡᠭᠡᠳᠦ ᠰᠤᠷᠭᠠᠭᠤᠯᠢ ᠶᠢᠨ ᠣᠯᠠᠩᠬᠢ ᠨᠢ ᠡᠷᠡᠭᠦᠯ ᠮᠡᠨᠳᠦ ᠶᠢᠨ ᠬᠥᠮᠦᠵᠢᠯ ᠤᠨ ᠠᠵᠢᠯ ᠢ ᠳᠡᠮᠡᠶ ᠴᠢᠬᠤᠯᠠᠴᠢᠯᠠᠬᠤ ᠥᠬᠡᠶ᠂ ᠣᠯᠠᠩᠬᠢ ᠰᠤᠷᠭᠠᠭᠤᠯᠢ ᠶᠢᠨ ᠳᠠᠷᠤᠮᠠᠯᠯᠠᠨ ᠲᠠᠷᠬᠠᠭᠠᠭᠰᠠᠨ ᠡᠯ᠎ᠡ ᠵᠦᠶ᠋ᠯ ᠤᠨ ᠪᠢᠴᠢᠭ ᠮᠠᠲ᠋ᠧᠷᠢᠶᠠᠯ ᠵᠢᠴᠢ ᠬᠥᠭᠵᠢᠯᠲᠡ ᠶᠢᠨ ᠲᠥᠯᠥᠪᠵᠢᠭᠦᠯᠭᠡ ᠶᠢ ᠤᠷᠪᠠᠭᠤᠯᠵᠤ ᠦᠵᠡᠪᠡᠯ᠂ ᠡᠷᠡᠭᠦᠯ ᠮᠡᠨᠳᠦ ᠶᠢᠨ ᠬᠥᠮᠦᠵᠢᠯ ᠢ ᠦᠨᠳᠦᠰᠦᠨ ᠳᠡᠭᠡᠨ ᠳᠤᠷᠠᠳᠤᠭᠰᠠᠨ ᠥᠬᠡᠶ᠂ ᠡᠷᠡᠭᠦᠯ ᠮᠡᠨᠳᠦ ᠶᠢᠨ ᠬᠥᠮᠦᠵᠢᠯ ᠤᠨ ᠤᠬᠠᠭᠤᠯᠭ᠎ᠠ ᠪᠠ ᠭᠤᠤᠯ ᠰᠡᠳᠦᠪᠲᠦ ᠠᠵᠢᠯᠯᠠᠭ᠎ᠠ ᠴᠦ ᠮᠠᠰᠢ ᠴᠦᠬᠡᠨ ᠪᠠᠶᠢᠳᠠᠭ᠃        ᠶᠠᠭ ᠡᠶᠢᠮᠦᠷᠬᠦᠦ ᠬᠦᠨᠳᠦ ᠬᠡᠴᠡᠭᠦᠦ ᠪᠠᠶᠢᠳᠠᠯ ᠳᠤ ᠰᠠᠭᠤᠷᠢᠯᠠᠵᠤ᠂ ︽︿ᠡᠷᠡᠭᠦᠯ ᠡᠩᠬᠡ ᠳᠤᠮᠳᠠᠳᠤ ᠤᠯᠤᠰ 2030 ︽ᠲᠥᠯᠥᠪᠵᠢᠭᠦᠯᠭᠡ ᠶᠢᠨ ᠬᠥᠲᠥᠯᠪᠦᠷᠢ︾ ᠶᠢᠨ ᠰᠤᠷᠭᠠᠭᠤᠯᠢ ᠶᠢᠨ ᠡᠷᠡᠭᠦᠯ ᠮᠡᠨᠲᠦ ᠶᠢᠨ ᠰᠤᠷᠭᠠᠨ ᠬᠥᠮᠦᠵᠢᠯ ᠳᠤ ᠳᠤᠷᠠᠳᠤᠭᠰᠠᠨ ᠠᠵᠢᠯ ᠤᠨ ᠱᠠᠭᠠᠷᠳᠠᠯᠭ᠎ᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠶᠡᠭᠡ ᠳᠡᠭᠡᠳᠦ ᠰᠤᠷᠭᠠᠭᠤᠯᠢ ᠶᠢᠨ ᠡᠷᠡᠭᠦᠯ ᠮᠡᠨᠲᠦ ᠰᠤᠷᠭᠠᠨ ᠬᠥᠮᠦᠵᠢᠯ ᠢ ᠴᠢᠩᠭᠠᠳᠬᠠᠨ᠂ ᠶᠡᠭᠡ ᠳᠡᠭᠡᠳᠦ ᠰᠤᠷᠭᠠᠭᠤᠯᠢ ᠶᠢᠨ ᠰᠤᠷᠤᠭᠴᠢᠳ ᠤᠨ ᠡᠷᠡᠭᠦᠯ ᠮᠡᠨᠲᠦ ᠶᠢᠨ ᠬᠡᠪ ᠪᠣᠯᠪᠠᠰᠤᠷᠠᠯ ᠪᠠ ᠪᠡᠶ᠎ᠡ ᠮᠠᠬᠠᠪᠣᠳ ᠤᠨ ᠡᠷᠡᠭᠦᠯ ᠮᠡᠨᠲᠦ ᠶᠢᠨ ᠬᠢᠷᠢ ᠲᠦᠪᠰᠢᠨ ᠢ ᠳᠡᠭᠡᠭᠰᠢᠯᠡᠭᠦᠯᠬᠦ ᠶᠢᠨ ᠲᠥᠯᠥᠭᠡ᠂ 2017 ᠣᠨ ᠳᠤ ᠰᠤᠷᠭᠠᠨ ᠬᠥᠮᠦᠵᠢᠯ ᠤᠨ ᠶᠠᠮᠤᠨ ᠠᠴᠠ ︽ᠡᠩ ᠤᠨ ᠶᠡᠭᠡ ᠳᠡᠭᠡᠳᠦ ᠰᠤᠷᠭᠠᠭᠤᠯᠢ ᠶᠢᠨ ᠡᠷᠡᠭᠦᠯ ᠮᠡᠨᠲᠦ ᠶᠢᠨ ᠬᠥᠮᠦᠵᠢᠯ ᠤᠨ ᠵᠢᠯᠣᠭᠤᠳᠬᠤ ᠬᠥᠲᠥᠯᠪᠦᠷᠢ︾ ᠶᠢ ᠳᠠᠷᠤᠮᠠᠯᠯᠠᠨ ᠲᠠᠷᠬᠠᠭᠠᠵᠤ᠂ ᠶᠡᠭᠡ ᠳᠡᠭᠡᠳᠦ ᠰᠤᠷᠭᠠᠭᠤᠯᠢ ᠶᠢᠨ ᠡᠷᠡᠭᠦᠯ ᠮᠡᠨᠲᠦ ᠶᠢᠨ ᠰᠤᠷᠭᠠᠨ ᠬᠥᠮᠦᠵᠢᠯ ᠤᠨ ᠦᠨᠳᠦᠰᠦᠨ ᠵᠠᠷᠴᠢᠮ ᠢ ᠲᠣᠳᠣᠷᠬᠠᠶᠢᠯᠠᠭᠰᠠᠨ ᠪᠥᠭᠡᠳ ᠪᠠᠰᠠ ᠡᠷᠡᠭᠦᠯ ᠮᠡᠨᠲᠦ ᠠᠮᠢᠳᠤᠷᠠᠯ ᠤᠨ ᠠᠷᠭ᠎ᠠ ᠮᠠᠶ᠋ᠢᠭ᠂ ᠡᠪᠡᠳᠴᠢᠨ ᠡᠮᠭᠡᠭ ᠢ ᠤᠷᠢᠳᠴᠢᠯᠠᠨ ᠰᠡᠷᠭᠡᠶᠢᠯᠡᠬᠦ᠂ ᠰᠡᠳᠬᠢᠴᠡ ᠶᠢᠨ ᠡᠷᠡᠭᠦᠯ ᠡᠩᠬᠡ ᠵᠡᠷᠭᠡ ᠲᠠᠯ᠎ᠠ ᠪᠠᠷ ᠪᠣᠳᠠᠲᠠᠶ ᠵᠢᠯᠣᠭᠤᠳᠣᠯᠭ᠎ᠠ ᠬᠢᠭᠰᠡᠨ ᠪᠠᠶᠢᠨ᠎ᠠ᠃        ︽ᠡᠳᠦᠷ ᠪᠦᠷᠢ ᠨᠢᠭᠡ ᠴᠠᠭ ᠪᠡᠶ᠎ᠡ ᠪᠠᠨ ᠪᠣᠯᠪᠠᠰᠤᠷᠠᠭᠤᠯᠵᠤ᠂ ᠨᠢᠭᠡ ᠨᠠᠰᠤ ᠪᠠᠷ ᠢᠶᠠᠨ ᠡᠷᠡᠭᠦᠯ ᠴᠢᠭᠢᠷᠠᠭ ᠠᠮᠢᠳᠤᠷᠠᠨ᠎ᠠ︾᠃ ᠰᠤᠷᠤᠭᠴᠢᠳ ᠲᠤ ᠡᠷᠡᠭᠦᠯ ᠴᠢᠭᠢᠷᠠᠭ ᠠᠮᠢᠳᠤᠷᠠᠯ ᠢ ᠵᠢᠭᠠᠵᠤ᠂ ᠰᠤᠷᠤᠭᠴᠢᠳ ᠤᠨ ᠪᠡᠶ᠎ᠡ ᠰᠡᠳᠬᠢᠯ ᠤᠨ ᠡᠷᠡᠭᠦᠯ ᠮᠡᠨᠳᠦ ᠶᠢ ᠠᠬᠢᠭᠤᠯᠤᠨ᠂ ᠰᠤᠷᠤᠭᠴᠢᠳ ᠤᠨ ᠡᠷᠡᠭᠦᠯ ᠮᠡᠨᠳᠦ ᠶᠢᠨ ᠬᠡᠪ ᠪᠣᠯᠪᠠᠰᠤᠷᠠᠯ ᠢ ᠳᠡᠭᠡᠭᠰᠢᠯᠡᠭᠦᠯᠵᠦ᠂ ︽ᠡᠷᠡᠭᠦᠯ ᠮᠡᠨᠳᠦ︾ ᠶᠢ ᠵᠠᠯᠠᠭᠤᠴᠤᠳ ᠤᠨ ᠠᠮᠢᠳᠤᠷᠠᠯ ᠤᠨ ᠪᠠᠷᠢᠮᠵᠢᠶ᠎ᠠ ᠪᠠ ᠬᠥᠭᠡᠭᠡᠴᠡᠯᠳᠦᠯ ᠪᠣᠯᠭᠠᠬᠤ ᠳᠤ ᠡᠭᠦᠷᠭᠡ ᠬᠦᠨᠳᠦ ᠵᠠᠮ ᠬᠤᠯᠠ ᠪᠠᠶᠢᠭᠰᠠᠭᠠᠷ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号