ᠨᠢᠯᠬ᠎ᠠ ᠬᠡᠤᠬᠡᠳ ᠲᠤ ᠰᠦᠨ ᠲᠠᠯᠬ᠎ᠠ ᠵᠢᠭᠤᠷᠠᠬᠤ ᠳᠤ ᠦᠷᠭᠦᠯᠵᠢ ᠲᠤᠬᠢᠶᠠᠯᠳᠤᠬᠤ ᠠᠳᠡᠭᠦᠷᠡᠯ
ᠨᠡᠶᠢᠲᠡᠯᠡᠭᠰᠡᠨ ᠴᠠᠭ᠄
2021/7/6
       ᠨᠢᠯᠬ᠎ᠠ ᠬᠡᠤᠬᠡᠳ ᠲᠤ ᠰᠦᠨ ᠲᠠᠯᠬ᠎ᠠ ᠵᠢᠭᠤᠷᠠᠵᠦ ᠦᠭᠬᠦ ᠳᠤ ᠲᠤᠤᠷᠠᠬᠢ ᠮᠡᠲᠦ ᠬᠡᠳᠦᠨ ᠲᠠᠯ᠎ᠡ ᠶᠢᠨ ᠠᠳᠡᠭᠦᠷᠡᠯ ᠢ ᠠᠩᠬᠠᠷᠬᠤ ᠴᠢᠬᠤᠯᠠᠲᠠᠢ᠄        ᠠᠳᠡᠭᠦᠷᠡᠯ ᠨᠢᠭᠡ᠄ ᠷᠠᠰᠢᠶᠠᠨ ᠤᠰᠤ᠂ ᠴᠡᠪᠡᠷ ᠤᠰᠤ ᠪᠠᠷ ᠰᠦᠨ ᠲᠠᠯᠬ᠎ᠠ ᠵᠢᠭᠤᠷᠠᠬᠤ ᠨᠢ ᠨᠡᠩ ᠰᠢᠮ᠎ᠡ ᠲᠡᠵᠢᠭᠡᠯ ᠲᠠᠢ ᠭᠡᠬᠦ        ᠨᠢᠯᠬ᠎ᠠ ᠬᠡᠤᠬᠡᠳ ᠲᠤ ᠰᠦᠨ ᠲᠠᠯᠬ᠎ᠠ ᠵᠢᠭᠤᠷᠠᠵᠦ ᠦᠭᠬᠦ ᠳᠡᠭᠡᠨ ᠴᠢᠳᠠᠬᠤ ᠶᠢᠨ ᠬᠢᠷᠢ ᠳᠤ ᠷᠠᠰᠢᠶᠠᠨ ᠤᠰᠦ᠂ ᠴᠡᠪᠡᠷ ᠤᠰᠤ ᠪᠠᠷ ᠵᠢᠭᠤᠷᠠᠬᠤ ᠦᠭᠡᠢ ᠪᠤᠯ ᠰᠠᠶᠢᠨ᠃ ᠷᠠᠰᠢᠶᠠᠨ ᠤᠰᠤᠨ ᠳᠠᠬᠢ ᠨᠡᠮᠡᠭᠰᠡᠨ ᠪᠢᠴᠢᠯ ᠡᠷᠦᠳᠡᠰᠦ ᠶᠢᠨ ᠡᠯᠧᠮᠧᠨ᠋ᠲ ᠨᠢ ᠲᠤᠮᠤᠴᠤᠤᠯ ᠢᠶᠠᠷ ᠪᠠᠷᠢᠮᠵᠢᠶ᠎ᠡ ᠪᠤᠯᠭᠠᠬᠰᠡᠨ ᠪᠤᠯᠬᠤᠷ᠂ ᠠᠭᠤᠯᠬᠤ ᠬᠡᠮᠵᠢᠶ᠎ᠡ ᠬᠢᠭᠡᠳ ᠬᠠᠷᠢᠴᠠᠯ ᠨᠢ ᠨᠢᠯᠬ᠎ᠠ ᠬᠡᠤᠬᠡᠳ ᠲᠤ ᠲᠤᠬᠢᠷᠠᠮᠵᠢ ᠦᠭᠡᠢ ᠪᠠᠶᠢᠵᠦ᠂ ᠨᠢᠯᠬ᠎ᠠ ᠬᠡᠤᠬᠡᠳ ᠤᠨ ᠪᠦᠭᠡᠷ᠎ᠡ ᠶᠢᠨ ᠳᠠᠷᠤᠭᠠᠰᠦ ᠶᠢ ᠨᠡᠮᠡᠭᠳᠡᠭᠦᠯᠳᠡᠭ︔ ᠴᠡᠪᠡᠷ ᠤᠰᠤ ᠨᠢ ᠡᠩ ᠤᠨ ᠤᠰᠤᠨ ᠳᠠᠬᠢ ᠬᠤᠯᠢᠰᠢ ᠶᠢ ᠠᠷᠢᠯᠭᠠᠬᠤ ᠶᠢᠨ ᠬᠠᠮᠲᠦ ᠮᠠᠰᠢ ᠤᠯᠠᠨ ᠪᠢᠴᠢᠯ ᠡᠯᠧᠮᠧᠨ᠋ᠲ ᠢ ᠴᠦ ᠠᠷᠢᠯᠭᠠᠳᠠᠭ᠂ ᠡᠶᠢᠮᠦ ᠠᠴᠠ ᠰᠦᠨ ᠲᠠᠯᠬ᠎ᠠ ᠵᠢᠭᠤᠷᠠᠬᠤ ᠳᠤ ᠬᠠᠮᠤᠭ ᠤᠨ ᠰᠠᠶᠢᠨ ᠨᠢ ᠪᠤᠴᠠᠯᠤᠬᠰᠡᠨ ᠤᠰᠤ ᠶᠢ ᠲᠤᠬᠢᠷᠠᠮᠵᠢᠲᠠᠢ ᠲᠤᠯᠠᠭᠠᠨ ᠤ ᠬᠡᠮᠵᠢᠶ᠎ᠡ ᠳᠤ ᠬᠦᠷᠲᠡᠯ᠎ᠡ ᠬᠦᠷᠦᠭᠡᠵᠦ ᠵᠢᠭᠤᠷᠠᠪᠠᠯ ᠵᠤᠬᠢᠨ᠎ᠡ᠃        ᠠᠳᠡᠭᠦᠷᠡᠯ ᠬᠤᠶᠠᠷᠭᠦᠢᠲᠡᠨ ᠰᠦ ᠶᠢ ᠤᠨᠤᠪᠴᠢᠲᠠᠢ ᠪᠤᠰᠦ ᠪᠠᠷ ᠬᠠᠯᠠᠭᠠᠵᠦ ᠤᠤᠭᠤᠯᠭᠠᠬᠤ        ᠵᠢᠭᠤᠷᠠᠵᠦ ᠪᠡᠯᠡᠬᠡᠨ ᠪᠤᠯᠭᠠᠬᠰᠡᠨ ᠰᠦᠨ ᠲᠠᠯᠬ᠎ᠠ ᠶᠢ ᠬᠡᠪ ᠤᠨ ᠲᠤᠯᠠᠭᠠᠨ ᠲᠤᠤᠷ᠎ᠠ 2 ᠴᠠᠭ ᠠᠴᠠ ᠢᠯᠡᠭᠦᠤ ᠬᠠᠳᠠᠭᠠᠯᠠᠬᠤ ᠦᠭᠡᠢ᠂ ᠬᠦᠯᠳᠡᠭᠡᠭᠦᠷ ᠲᠤ ᠬᠠᠳᠠᠭᠠᠯᠠᠪᠠᠯ 24 ᠴᠠᠭ ᠠᠴᠠ ᠬᠡᠲᠦᠷᠡᠭᠦᠯᠬᠦ ᠦᠭᠡᠢ ᠪᠠᠶᠢᠬᠤ ᠬᠡᠷᠡᠭᠲᠡᠢ᠃ ᠲᠤᠬᠢᠷᠠᠮᠵᠢᠲᠠᠢ ᠬᠤᠭᠤᠴᠠᠭᠠᠨ ᠳᠤ ᠬᠠᠳᠠᠭᠠᠯᠠᠬᠰᠡᠨ ᠰᠦ ᠶᠢ 45 ᠤᠷᠴᠢᠮ ᠪᠤᠯᠲᠠᠯ᠎ᠡ ᠬᠠᠯᠠᠭᠠᠵᠦ ᠨᠢᠯᠬ᠎ᠠ ᠬᠡᠤᠬᠡᠳ ᠲᠡᠭᠡᠨ ᠤᠤᠭᠤᠯᠭᠠᠪᠠᠯ ᠵᠤᠬᠢᠨ᠎ᠡ᠃ ᠬᠠᠷᠢᠨ ᠬᠦᠢᠳᠡᠨ ᠰᠦ ᠶᠢ ᠪᠤᠴᠠᠯᠭᠠᠬᠤ ᠪᠤᠶᠤ ᠰᠢᠭᠤᠳ ᠪᠤᠴᠠᠯᠭᠠᠬᠰᠡᠨ ᠤᠰᠤ ᠨᠡᠮᠡᠵᠦ ᠪᠤᠯᠬᠤ ᠦᠭᠡᠢ᠂ ᠡᠰᠡ ᠲᠡᠶᠢᠮᠦ ᠪᠤᠯ ᠰᠦᠨ ᠤ ᠰᠢᠮ᠎ᠡ ᠲᠡᠵᠢᠭᠡᠯ ᠢ ᠡᠪᠳᠡᠨ᠎ᠡ᠃        ᠠᠳᠡᠭᠦᠷᠡᠯ ᠭᠤᠷᠪᠠ᠄ ᠰᠦ ᠨᠢ ᠤᠯᠠᠮ ᠦᠳᠬᠡᠨ ᠪᠤᠯ ᠤᠯᠠᠮ ᠰᠠᠶᠢᠨ ᠬᠡᠬᠦ        ᠨᠢᠯᠬ᠎ᠠ ᠬᠡᠤᠬᠡᠳ ᠲᠤ ᠰᠦᠨ ᠲᠠᠯᠬ᠎ᠠ ᠵᠢᠭᠤᠷᠠᠵᠦ ᠤᠤᠭᠤᠯᠭᠠᠬᠤ ᠳᠤ᠂ ᠬᠤᠳᠠᠯᠳᠤᠨ ᠠᠪᠤᠬᠰᠡᠨ ᠰᠦᠨ ᠲᠠᠯᠬ᠎ᠠ ᠶᠢᠨ ᠲᠤᠳᠤᠷᠬᠠᠢᠢᠯᠠᠯᠲᠠ ᠪᠠᠷ ᠵᠢᠭᠤᠷᠠᠵᠦ᠂ ᠰᠦ ᠶᠢᠨ ᠦᠳᠭᠡᠴᠡ ᠨᠢ ᠤᠯᠠᠮ ᠦᠳᠬᠡᠨ ᠪᠤᠯ ᠤᠯᠠᠮ ᠰᠠᠶᠢᠨ ᠭᠡᠳᠡᠭ ᠢ ᠠᠩᠬᠠᠷᠬᠤ ᠬᠡᠷᠡᠭᠲᠡᠢ᠃ ᠨᠢᠯᠬ᠎ᠠ ᠬᠡᠤᠬᠡᠳ ᠢᠯᠠᠩᠭᠤᠶ᠎ᠡ ᠰᠠᠶᠢ ᠲᠦᠷᠦᠭᠰᠡᠨ ᠬᠡᠤᠬᠡᠳ ᠤᠨ ᠬᠤᠳᠤᠭᠤᠲᠦ ᠭᠡᠳᠡᠰᠦᠨ ᠤ ᠠᠵᠢᠯᠯᠠᠭ᠎ᠠ ᠨᠢ ᠭᠦᠢᠴᠡᠳ ᠪᠤᠶᠢᠵᠢᠭᠠᠲᠤᠢ ᠪᠤᠯᠬᠤᠷ ᠬᠡᠲᠦ ᠦᠳᠬᠡᠨ ᠰᠦ ᠤᠤᠭᠤᠪᠠᠯ ᠨᠢᠯᠬ᠎ᠠ ᠬᠡᠤᠬᠡᠳ ᠤᠨ ᠬᠤᠳᠤᠭᠤᠲᠦ ᠭᠡᠳᠡᠰᠦᠨ ᠤ ᠨᠡᠪᠴᠢᠯᠲᠡ ᠨᠢ ᠲᠠᠷᠤᠯᠲᠠ ᠪᠠᠨ ᠠᠯᠳᠠᠵᠦ᠂ ᠡᠴᠦᠰ ᠲᠡᠭᠡᠨ ᠨᠠᠷᠢᠨ ᠭᠡᠳᠡᠰᠦ ᠳᠤᠨᠢ ᠤᠰᠤ ᠪᠠ ᠰᠢᠮ᠎ᠡ ᠲᠡᠵᠢᠭᠡᠯ ᠲᠤᠲᠠᠬᠳᠠᠵᠦ᠂ ᠴᠢᠨᠠᠬᠰᠢᠯᠠᠨ ᠨᠠᠷᠢᠨ ᠭᠡᠳᠡᠰᠦ ᠦᠬᠦᠵᠢᠬᠦ ᠪᠠᠶᠢᠳᠠᠯ ᠢ ᠡᠭᠦᠰᠭᠡᠨ᠎ᠡ᠃        ᠠᠳᠡᠭᠦᠷᠡᠯ ᠲᠦᠷᠪᠡ᠄ ᠰᠦᠨ ᠲᠠᠯᠬ᠎ᠠ ᠵᠢᠭᠤᠷᠠᠬᠤ ᠳᠤ ᠤᠷᠢᠳ ᠢᠶᠠᠷ ᠰᠦᠨ ᠲᠠᠯᠬ᠎ᠠ ᠪᠠᠨ ᠬᠢᠬᠦ        ᠰᠦᠨ ᠲᠠᠯᠬ᠎ᠠ ᠵᠢᠭᠤᠷᠠᠬᠤ ᠳᠤ ᠤᠷᠢᠳ ᠢᠶᠠᠷ ᠤᠰᠦ ᠬᠢᠨ᠎ᠡ ᠤᠤ ᠡᠰᠡᠭᠦᠯ᠎ᠡ ᠰᠦᠨ ᠲᠠᠯᠬ᠎ᠠ ᠪᠠᠨ ᠬᠢᠨ᠎ᠡ ᠤᠤ︖ ᠤᠨᠤᠪᠴᠢᠲᠠᠢ ᠬᠢᠳᠡᠯ ᠨᠢ ᠤᠷᠢᠳ ᠢᠶᠠᠷ ᠤᠰᠦ ᠬᠢᠨ᠎ᠡ᠂ ᠢᠡᠭᠭᠢᠬᠦ ᠨᠢ ᠤᠰᠦ ᠬᠢᠭᠡᠳ ᠰᠦᠨ ᠲᠠᠯᠬ᠎ᠠ ᠶᠢᠨ ᠭᠡᠮ ᠬᠡᠮᠵᠢᠶ᠎ᠡ ᠨᠢ ᠪᠦᠷ ᠲᠤᠳᠤᠷᠬᠠᠢ ᠶᠤᠮ᠃ ᠬᠡᠷᠪᠡ ᠤᠷᠢᠳ ᠢᠶᠠᠷ ᠰᠦᠨ ᠲᠠᠯᠬ᠎ᠠ ᠬᠢᠵᠦ ᠲᠠᠷᠠᠭ᠎ᠠ ᠨᠢ ᠤᠰᠤ ᠨᠡᠮᠡᠪᠡᠯ᠂ ᠰᠦᠨ ᠲᠠᠯᠬ᠎ᠠ ᠨᠢ ᠨᠢᠭᠡᠨᠲᠡ ᠵᠤᠬᠢᠬᠤ ᠬᠡᠮᠵᠢᠶᠡᠨ ᠤ ᠡᠵᠡᠯᠡᠬᠦᠨ ᠢ ᠡᠵᠡᠯᠡᠭᠰᠡᠨ ᠪᠤᠯᠬᠤᠷ ᠨᠡᠮᠡᠬᠦ ᠤᠰᠤᠨ ᠤ ᠬᠡᠮᠵᠢᠶ᠎ᠡ ᠨᠢ ᠪᠠᠷᠢᠮᠵᠢᠶ᠎ᠡ ᠠᠴᠠ ᠪᠠᠭ᠎ᠠ ᠪᠤᠯᠵᠦ᠂ ᠡᠴᠦᠰ ᠲᠡᠭᠡᠨ ᠰᠦᠨ ᠲᠠᠯᠬ᠎ᠠ ᠶᠢᠨ ᠦᠳᠬᠡᠴᠡ ᠨᠢ ᠦᠨᠳᠦᠷ ᠪᠤᠯᠳᠠᠭ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号